Timberland

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
09:04, 27 ᠲᠠᠪᠤᠳᠤᠭᠠᠷ ᠰᠠᠷ᠎ᠠ 2017- ᠶᠢᠨ ᠪᠠᠢᠢᠳᠠᠯ ᠶᠢᠡᠷ ᠬᠢ Chelmeg (ᠶᠠᠷᠢᠶ᠎ᠠ | ᠬᠤᠪᠢ ᠨᠡᠮᠡᠷᠢ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ

ᠥᠨᠥᠳᠥᠷ ᠳᠡᠯᠡᠬᠡᠢ ᠳᠡᠭᠡᠷ᠎ᠡ ᠣᠯᠠᠨ ᠬᠦᠮᠦᠨ ᠠᠯᠳᠠᠷᠲᠤ 《Timberland》 ᠲᠠᠮᠳᠡᠭ  ᠤᠨ ᠭᠤᠲᠤᠯ ᠢ ᠡᠮᠦᠰᠳᠡᠭ ᠪᠣᠯᠪᠠᠴᠤ᠂ ᠠᠩᠬ᠎ᠠ ᠬᠡᠨ ᠭᠡᠭᠴᠢ ᠬᠦᠮᠦᠨ ᠡᠨᠡᠬᠦ ᠭᠤᠲᠤᠯ ᠢ ᠵᠣᠬᠢᠶᠠᠨ ᠪᠦᠲᠦᠭᠡᠭᠰᠡᠨ ᠢ ᠰᠠᠶᠢᠨ ᠮᠡᠳᠡᠳᠡᠭ ᠦᠭᠡᠢ ᠪᠢᠯᠡ᠃ ᠲᠡᠭᠡᠪᠡᠯ ᠤᠺᠷᠠᠶᠢᠨ ᠤ ᠣᠳᠧᠰᠰᠠ ᠬᠣᠲᠠ  ᠳᠤ ᠠᠮᠢᠳᠤᠷᠠᠳᠠᠭ ᠡᠭᠡᠯ ᠵᠢᠷ ᠦᠨ ᠶᠧᠸᠷᠧᠢ᠂ ᠬᠦᠮᠦᠨ ᠲᠥᠷᠦᠯᠬᠢᠲᠡᠨ ᠦ ᠲᠡᠦᠬᠡ ᠶᠢ ᠥᠭᠡᠷᠡᠴᠢᠯᠡᠭᠰᠡᠨ ᠭᠠᠶᠢᠬᠠᠯᠲᠠᠢ ᠪᠦᠲᠦᠭᠡᠯ ᠢᠶᠡᠨ 1952  ᠤᠨ ᠳᠤ ᠬᠢᠵᠦ ᠪᠠᠶᠢᠵᠠᠢ᠃ ᠲᠡᠭᠦᠨ ᠢ ᠨᠠᠲᠤᠨ ᠱᠸᠠᠷᠴᠠ (Natan Schwartz) ᠭᠡᠳᠡᠭ᠃

212ea123eaaa5b8d968e91ced548acd4.jpg

 ᠨᠠᠲᠤᠨ ᠱᠸᠠᠷᠴᠠ ᠨᠢ ᠣᠳᠧᠰᠰᠠ (ᠦᠺᠷᠠᠶᠢᠨ ᠤ ᠭᠤᠷᠪᠠᠳᠠᠬᠢ ᠲᠣᠮᠣ ᠬᠣᠲᠠ) ᠬᠣᠲᠠ  ᠳᠤ ᠠᠮᠢᠳᠤᠷᠠᠳᠠᠭ ᠪᠠᠶᠢᠭᠰᠠᠨ ᠡᠭᠡᠯ ᠵᠢᠷ ᠦᠨ ᠶᠧᠸᠷᠧᠢ ᠭᠡᠷ ᠪᠦᠯᠢ ᠡᠴᠡ ᠭᠠᠷᠤᠯᠲᠠᠢ ᠨᠢᠭᠡᠨ ᠶᠤᠮ᠃ ᠲᠡᠭᠦᠨ ᠦ ᠠᠪᠤ ᠨᠢ ᠭᠤᠲᠤᠯᠴᠢᠨ ᠪᠠᠶᠢᠭᠰᠠᠨ ᠪᠥᠭᠡᠳ ᠳᠡᠯᠡᠬᠡᠢ ᠶᠢᠨ ᠨᠢᠭᠡᠳᠦᠭᠡᠷ ᠳᠠᠶᠢᠨ ᠤ ᠦᠶ᠎ᠡ ᠳᠦ ᠠᠮᠢᠳᠤᠷᠠᠯ ᠢᠶᠠᠨ ᠰᠠᠶᠢᠵᠢᠷᠠᠭᠤᠯᠬᠤ ᠵᠣᠷᠢᠯᠭ᠎ᠠ ᠪᠠᠷ ᠭᠡᠷ ᠪᠦᠯᠢ ᠶᠢᠨ ᠢᠶᠡᠨ ᠬᠠᠮᠲᠤ ᠠᠮᠧᠷᠢᠺᠠ ᠶᠢ ᠵᠣᠷᠢᠵᠠᠢ᠃ ᠲᠡᠳᠡ ᠪᠣᠰᠲ᠋ᠤᠨ ᠬᠣᠲᠠ  ᠳᠤ ᠲᠦᠪᠬᠢᠨᠠᠵᠤ᠂ ᠠᠮᠢᠳᠤᠷᠠᠬᠤ ᠪᠣᠯᠤᠭᠰᠠᠨ ᠪᠠᠶᠢᠨ᠎ᠠ᠃

1a2ede90d6cb31dba617008988480026.jpg

 ᠨᠠᠲᠤᠨ ᠲᠡᠷᠡ ᠦᠶ᠎ᠡ ᠳᠦ ᠳᠥᠩᠭᠡᠵᠢ 16 ᠨᠠᠰᠤᠲᠠᠢ ᠪᠠᠶᠢᠭᠰᠠᠨ ᠪᠥᠭᠡᠳ ᠠᠪᠤ ᠲᠠᠢ ᠪᠠᠨ ᠬᠠᠮᠲᠤ ᠠᠵᠢᠯᠯᠠᠬᠤ ᠪᠣᠯᠵᠠᠢ᠃ ᠡᠬᠢᠨ ᠳᠦ ᠪᠡᠨ ᠣᠶᠣᠵᠤ᠂ ᠪᠡᠯᠡᠨ ᠪᠣᠯᠭᠠᠭᠰᠠᠨ ᠭᠤᠲᠤᠯ  ᠳᠤ ᠤᠯᠠᠪᠴᠢ ᠳᠡᠪᠢᠰᠴᠦ᠂ ᠬᠡᠮᠵᠢᠶᠡᠨ ᠳᠦ ᠨᠢ ᠲᠣᠬᠢᠷᠠᠭᠤᠯᠤᠨ ᠠᠷᠠᠰᠤ ᠬᠤᠪᠢᠶᠠᠵᠤ ᠠᠪᠤ ᠶᠢᠨ ᠢᠶᠠᠨ ᠠᠵᠢᠯ ᠳᠤ ᠲᠤᠰᠠᠯᠠᠳᠠᠭ ᠪᠠᠶᠢᠪᠠ᠃ ᠡᠨᠡ ᠮᠥᠴᠡ ᠡᠴᠡ ᠪᠢᠴᠢᠬᠠᠨ ᠬᠦᠤ ᠶᠢᠨ ᠲᠣᠯᠣᠭᠠᠢ ᠳᠤ ᠥᠪᠡᠷ ᠦᠨ ᠭᠡᠰᠡᠨ ᠭᠤᠲᠤᠯ ᠤᠨ ᠦᠢᠯᠡᠳᠪᠦᠷᠢ ᠲᠡᠢ ᠪᠣᠯᠵᠤ᠂ ᠠᠷᠠᠯᠵᠢᠶ ᠡ ᠡᠬᠢᠯᠡᠭᠦᠯᠬᠦ ᠰᠠᠨᠠᠭ᠎ᠠ ᠲᠥᠷᠦᠵᠤ᠂ ᠣᠯᠤᠭᠰᠠᠨ ᠮᠥᠩᠭᠥ ᠪᠡᠨ ᠪᠠᠭ᠎ᠠ ᠪᠠᠭ᠎ᠠ ᠪᠠᠷ ᠬᠠᠳᠠᠭᠠᠯᠠᠬᠤ ᠪᠣᠯᠤᠭᠰᠠᠨ ᠠᠵᠢ᠃

E0d4a62a8ca34ec3801c9fdae85987d0.jpg

ᠲᠡᠭᠦᠨ ᠦ ᠬᠤᠪᠢ ᠳᠤ ᠰᠠᠶᠢᠨ ᠴᠢᠨᠠᠷ ᠤᠨ ᠭᠤᠲᠤᠯ ᠬᠢᠬᠦ ᠶᠢᠨ ᠲᠤᠯᠠᠳᠠ ᠠᠮᠢᠳᠤᠷᠠᠯ ᠤᠨ ᠢᠶᠠᠨ 50 ᠭᠠᠷᠤᠢ ᠵᠢᠯ ᠢ ᠵᠠᠷᠤᠴᠠᠭᠤᠯᠤᠭᠰᠠᠨ ᠪᠥᠭᠡᠳ ᠡᠨᠡ ᠬᠦᠰᠡᠯ ᠨᠢ ᠠᠩᠬ᠎ᠠ 1952  ᠤᠨ ᠳᠤ ᠪᠡᠶᠡᠯᠡᠭᠳᠡᠵᠦ᠂ ᠠᠩᠬᠠᠨ ᠤ 《Timberland》 ᠭᠤᠲᠤᠯ ᠢᠶᠠᠨ ᠬᠢᠭᠰᠡᠨ ᠶᠤᠮ᠃ ᠡᠭᠦᠨ ᠡᠴᠡ 3 ᠵᠢᠯ ᠦᠨ ᠳᠠᠷᠠᠭ᠎ᠠ (1955ᠤᠨ) ᠲᠡᠷᠡᠪᠡᠷ ᠬᠤᠪᠢ ᠵᠢᠨ ᠺᠣᠮᠫᠠᠨᠢ ᠪᠠᠨ ᠡᠭᠦᠰᠬᠡᠨ ᠪᠠᠶᠢᠭᠤᠯᠵᠤ᠂ ᠡᠷᠬᠡ ᠪᠡᠨ ᠪᠠᠳᠤᠵᠢᠭᠤᠯᠤᠨ ᠠᠪᠤᠭᠰᠠᠨ ᠪᠠᠶᠢᠨ᠎ᠠ᠃ ᠨᠠᠲᠤᠨ ᠳᠤ ᠲᠡᠭᠦᠨ ᠦ ᠬᠡᠦᠬᠡᠳ ᠦᠳ ᠲᠤᠰᠠᠯᠠᠵᠤ ᠪᠠᠶᠢᠭᠰᠠᠨ ᠪᠥᠭᠡᠳ ᠲᠡᠳᠡ ᠠᠮᠧᠷᠢᠺᠠ ᠶᠢᠨ ᠬᠠᠮᠤᠭ ᠤᠨ ᠰᠢᠯᠢᠳᠡᠭ ᠭᠤᠲᠤᠯ ᠢ ᠦᠢᠯᠡᠳᠪᠦᠷᠢᠯᠡᠬᠦ ᠪᠡᠷ ᠰᠡᠳᠬᠢᠯ ᠰᠢᠢᠳᠴᠠᠢ᠃ ᠲᠡᠷᠡᠬᠦ ᠭᠤᠲᠤᠯ ᠤᠨ ᠣᠨᠴᠠᠯᠢᠭ ᠨᠢ ᠬᠥᠯᠦᠨ ᠳᠦ ᠡᠪᠲᠡᠶ  ᠡᠴᠡ ᠭᠠᠳᠠᠨ᠎ᠠ᠂ ᠤᠰᠤᠨ ᠡᠴᠡ ᠠᠶᠤᠬᠤ ᠦᠬᠡᠢ ᠪᠠᠶᠢᠪᠠ᠃

ᠤᠳᠠᠯ ᠦᠭᠡᠢ ᠲᠡᠳᠡ ᠷᠧᠽᠢᠨᠡᠨ ᠤᠯᠠ ᠶᠢ ᠠᠷᠠᠰᠤᠨ ᠡᠳ᠋ᠯᠡᠯ ᠲᠡᠢ ᠬᠣᠣᠰᠯᠠᠭᠤᠯᠬᠤ ᠰᠠᠨᠠᠭ᠎ᠠ ᠶᠢ ᠣᠯᠤᠭᠰᠠᠨ ᠪᠥᠭᠡᠳ ᠡᠨᠡ ᠨᠢ ᠨᠡᠭᠡᠭᠡᠯᠲᠡ ᠪᠣᠯᠵᠤ ᠴᠢᠳᠠᠭᠰᠠᠨ ᠪᠠᠶᠢᠨ᠎ᠠ᠃ ᠡᠨᠡ ᠲᠥᠷᠦᠯ ᠦᠨ ᠮᠠᠲ᠋ᠧᠷᠢᠶᠠᠯ ᠲᠠᠢ ᠭᠤᠲᠤᠯ ᠡᠮᠦᠰᠦᠭᠰᠡᠨ ᠢᠶᠡᠷ ᠬᠦᠮᠦᠰ ᠰᠢᠪᠡᠷ ᠲᠤᠭᠤᠯᠬᠤ ᠳᠤ ᠶᠠᠮᠠᠷ ᠴᠤ ᠠᠰᠠᠭᠤᠳᠠᠯ ᠦᠭᠡᠢ ᠪᠣᠯᠵᠠᠢ᠃

ᠳᠠᠷᠠᠭ᠎ᠠ ᠨᠢ ᠲᠡᠳᠡ ᠬᠥᠪᠥᠩ ᠤᠲᠠᠰᠤ ᠠᠰᠢᠭᠯᠠᠬᠤ ᠶᠢᠨ ᠣᠷᠣᠨ ᠳᠤ ᠨᠢᠯᠣᠨ ᠮᠠᠲ᠋ᠧᠷᠢᠶᠠᠯ ᠠᠰᠢᠭᠯᠠᠵᠤ᠂ ᠦᠳᠡᠭᠡᠰᠦᠨ ᠦ ᠨᠦᠬᠡᠨ ᠳᠦ ᠲᠠᠪᠤᠤ ᠰᠠᠭᠤᠯᠭᠠᠵᠤ᠂ ᠦᠳᠡᠭᠡᠰᠦᠨ ᠦ ᠬᠢ ᠨᠢ ᠦᠵᠦᠭᠦᠷ ᠢ ᠲᠡᠮᠦᠷ ᠢᠶᠡᠷ ᠬᠢᠵᠦ᠂ ᠤᠰᠤ ᠨᠡᠪᠲᠡᠷᠡᠬᠦ ᠦᠭᠡᠢ ᠮᠠᠲ᠋ᠧᠷᠢᠶᠠᠯ ᠲᠠᠢ ᠪᠣᠯᠭᠠᠭᠰᠠᠨ ᠪᠠᠶᠢᠨ᠎ᠠ᠃

ᠲᠡᠳᠡ ᠭᠤᠲᠤᠯ ᠤᠨ ᠥᠩᠭᠡ ᠵᠢ ᠲᠡᠭᠡᠲᠡᠯ᠎ᠡ ᠪᠡᠨ ᠠᠩᠬᠠᠷᠤᠭ᠎ᠠ ᠦᠭᠡᠢ ᠪᠥᠭᠡᠳ ᠪᠠᠶᠢᠭᠠᠯᠢ ᠵᠢᠨ ᠰᠢᠷᠭᠠᠯ ᠥᠩᠭᠡ ᠶᠢ ᠰᠣᠩᠭᠣᠨ ᠠᠪᠴᠠᠢ᠃ ᠡᠨᠡ ᠨᠢ ᠴᠤ ᠦᠷ᠎ᠡ ᠳ᠋ᠦᠩ ᠲᠡᠢ ᠪᠠᠶᠢᠭᠰᠠᠨ ᠶᠤᠮ᠃ ᠥᠭᠡᠷ᠎ᠡ ᠪᠡᠷ ᠬᠡᠯᠡᠪᠡᠯ᠂ ᠪᠣᠬᠢᠷᠳᠠᠭᠰᠠᠨ ᠬᠡᠳᠦᠢ ᠴᠤ᠂ ᠴᠡᠪᠡᠷᠯᠡᠬᠦ ᠳᠦ ᠠᠮᠠᠷ ᠬᠢᠯᠪᠠᠷ ᠪᠠᠶᠢᠭᠰᠠᠨ ᠶᠤᠮ᠃ ᠲᠡᠭᠡᠭᠡᠳ ᠴᠤ ᠬᠦᠮᠦᠰ ᠰᠠᠶᠢᠨ ᠴᠢᠨᠠᠷ ᠤᠨ 《Timberland》 ᠭᠤᠲᠤᠯ ᠢ ᠰᠢᠷ᠎ᠠ ᠥᠩᠭᠡ ᠪᠡᠷ ᠨᠢ ᠲᠦᠯᠬᠢᠭᠦᠦ ᠮᠡᠳᠡᠳᠡᠭ ᠪᠢᠯᠡ᠃ ᠥᠨᠥᠳᠥᠷ 《Timberland》 ᠨᠡᠷᠡᠳᠤ ᠲᠡᠮᠳᠡᠭᠳᠤ ᠨᠢ ᠣᠯᠠᠨ ᠤᠯᠤᠰ ᠲᠤ ᠰᠠᠯᠪᠤᠷᠢ ᠪᠠᠨ ᠨᠡᠭᠡᠭᠡᠭᠰᠡᠨ᠂ ᠳᠠᠩ ᠭᠠᠭᠴᠠ ᠭᠤᠲᠤᠯ ᠠᠴᠠ ᠭᠠᠳᠠᠨ᠎ᠠ᠂ ᠬᠤᠪᠴᠠᠰᠤ ᠦᠢᠯᠡᠳᠪᠦᠷᠢᠯᠡᠳᠡᠭ ᠳᠡᠯᠡᠬᠡᠢ ᠶᠢᠨ ᠬᠡᠮᠵᠢᠶᠡᠨ ᠦ ᠠᠯᠳᠠᠷᠲᠠᠢ ᠨᠡᠷᠡᠳᠤ ᠲᠡᠮᠳᠡᠭᠳᠤ ᠪᠣᠯᠤᠭᠰᠠᠨ ᠲᠠᠢ ᠮᠠᠷᠭᠤᠬᠤ ᠬᠦᠮᠦᠨ ᠭᠠᠷᠬᠤ ᠦᠭᠡᠢ ᠪᠢᠵᠡ ᠡ᠃ ᠡᠨᠡᠬᠦ ᠺᠣᠮᠫᠠᠨᠢ ᠶᠢ ᠥᠨᠥᠳᠥᠷ ᠨᠠᠲᠤᠨ ᠱᠸᠠᠷᠴᠠ  ᠶᠢᠨ ᠠᠴᠢ ᠬᠦᠤ ᠵᠧᠹᠹᠷᠢ ᠱᠸᠠᠷᠴᠠ ᠤᠳᠤᠷᠢᠳᠴᠤ ᠪᠠᠶᠢᠭ᠎ᠠ ᠪᠥᠭᠡᠳ ᠡᠪᠦᠭᠡ ᠶᠢᠨ ᠢᠶᠡᠨ ᠠᠷᠠᠯᠵᠢᠶ ᠡ ᠵᠢ ᠠᠮᠵᠢᠯᠲᠠ ᠲᠠᠢ ᠦᠷᠭᠦᠯᠵᠢᠯᠡᠭᠦᠯᠦᠨ ᠠᠪᠴᠤ ᠶᠠᠪᠤᠵᠤ ᠪᠠᠶᠢᠭ᠎ᠠ ᠶᠤᠮ᠃

http://wiki.uhaan.com/index.php?title=Timberland&oldid=482197》 ᠍  ᠡᠴᠡ ᠠᠪᠤᠭᠰᠠᠨ

ᠪᠢᠴᠢᠭᠡᠰᠦ