ᠾᠦᠩᠨᠦ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
10:41, 22 ᠨᠠᠢᠮᠠᠳᠤᠭᠠᠷ ᠰᠠᠷ᠎ᠠ 2016- ᠶᠢᠨ ᠪᠠᠢᠢᠳᠠᠯ ᠶᠢᠡᠷ ᠬᠢ Zrdl2014 (ᠶᠠᠷᠢᠶ᠎ᠠ | ᠬᠤᠪᠢ ᠨᠡᠮᠡᠷᠢ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ
ᠾᠦᠩᠨᠦ ᠤᠯᠤᠰ
ᠾᠦᠩᠨᠦ
ᠬᠠᠭᠠᠨᠲᠤ ᠤᠯᠤᠰ
 ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 209 ᠤᠨ– ᠨᠡᠶᠢᠲᠡ ᠶᠢᠨ ᠤᠨ ᠲᠤᠭᠠᠯᠠᠯ ᠤᠨ 93/156 ᠤᠨ?
ᠨᠡᠶᠢᠰᠯᠡᠯ Not specified
ᠬᠡᠯᠡ ᠠᠶᠠᠯᠭᠤ ᠮᠣᠩᠭᠣᠯ ᠬᠡᠯᠡ
ᠱᠠᠰᠢᠨ ᠰᠢᠲᠦᠯᠭᠡ ᠪᠥᠭᠡ
ᠲᠥᠷᠥ ᠵᠠᠰᠠᠭ ᠬᠠᠭᠠᠨᠲᠤ ᠵᠠᠰᠠᠭ
ᠲᠡᠦᠬᠡ
 - ᠾᠦᠩᠨᠦ ᠶᠢᠨ ᠮᠣᠳᠣᠨ ᠱᠠᠨᠦᠢ ᠪᠣᠯᠪᠠ  ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 209 ᠤᠨ
 - ᠪᠠᠶᠢᠳᠦᠨ ᠤ ᠲᠤᠯᠤᠯᠳᠤᠭᠠᠨ  ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 200 ᠤᠨ
 - ᠡᠮᠦᠨᠡᠲᠦ ᠾᠦᠩᠨᠦ ᠮᠥᠬᠥᠪᠡ  ᠨᠡᠶᠢᠲᠡ ᠶᠢᠨ ᠤᠨ ᠲᠤᠭᠠᠯᠠᠯ ᠤᠨ 215 ᠤᠨ
 - Disestablished
Today part of Flag of Mongolia.svg ᠮᠣᠩᠭᠣᠯ
Flag of Kazakhstan.svg ᠬᠠᠰᠠᠭᠰᠲ᠋ᠠᠨ
Flag of Kyrgyzstan.svg Kyrgyzstan
Flag of Russia.svg ᠣᠷᠣᠰ
Flag of the People's Republic of China.svg ᠬᠢᠲᠠᠳ
ᠾᠦᠩᠨᠦ
ᠾᠦᠩᠨᠦ
ᠾᠦᠩᠨᠦ ᠭᠦᠷᠦᠨ ᠦ ᠭᠠᠵᠠᠷ ᠨᠤᠲᠤᠭ᠂ ᠮᠠᠨ ᠤ ᠡᠷᠡᠨ ᠦ ᠡᠮᠦᠨ᠎ᠡ 250 ᠤᠨ ᠤ ᠣᠷᠴᠢᠮ
ᠮᠠᠨ ᠤ ᠡᠷᠡᠨ ᠦ 1 ᠤᠨ

ᠾᠦᠩᠨᠦ ᠭᠦᠷᠦᠨ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 209 – ᠨᠡᠶᠢᠲᠡ ᠶᠢᠨ ᠤᠨ ᠲᠤᠭᠠᠯᠠᠯ ᠤᠨ 93 (156?) ᠤᠨ ᠳᠤ ᠣᠷᠣᠰᠢᠵᠤ ᠪᠠᠶᠢᠭᠰᠠᠨ ᠮᠣᠩᠭᠣᠯᠴᠤᠳ ᠤᠨ ᠤᠯᠤᠰ ᠶᠤᠮ᠃

ᠬᠦᠴᠦᠷᠬᠡᠭᠵᠢᠯ ᠪᠠ ᠲᠡᠦᠬᠡ᠂ ᠭᠠᠳᠠᠭᠠᠳᠤ ᠬᠠᠷᠢᠯᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠦᠩᠨᠦ ᠤᠯᠤᠰ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 209 ᠤᠨ ᠳᠤ ᠪᠠᠶᠢᠭᠤᠯᠤᠭᠳᠠᠵᠠᠢ᠃ ᠭᠡᠪᠡᠴᠦ ᠲᠡᠭᠦᠨ ᠡᠴᠡ ᠡᠮᠦᠨ᠎ᠡ ᠮᠣᠳᠣᠨᠢ ᠬᠠᠭᠠᠨ ᠤ ᠡᠴᠢᠭᠡ ᠲᠦᠮᠡᠨ ᠱᠠᠨᠦᠢ ᠭᠡᠬᠦ ᠮᠡᠲᠦ ᠬᠡᠳᠦ ᠬᠡᠳᠦᠨ ᠱᠠᠨᠦᠢ ᠪᠠᠶᠢᠭᠰᠠᠨ ᠭᠡᠵᠦ ᠦᠵᠡᠳᠡᠭ᠃ ᠥᠭᠡᠷ᠎ᠡ ᠪᠡᠷ ᠬᠡᠯᠡᠪᠡᠯ ᠾᠦᠩᠨᠦ ᠶᠢᠨ ᠲᠥᠷᠥᠳᠦ ᠶᠣᠰᠣᠨ ᠤ ᠲᠡᠦᠬᠡ ᠪᠦᠷ ᠡᠷᠲᠡᠨ ᠦ ᠤᠯᠠᠮᠵᠢᠯᠠᠯ ᠲᠠᠢ ᠶᠤᠮ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 198 ᠤᠨ ᠳᠤ ᠬᠠᠨ ᠣᠯᠣᠰᠲᠠᠢ ᠨᠠᠶᠢᠷᠠᠮᠳᠠᠯ ᠤᠨ ᠭᠡᠷ᠎ᠡ ᠪᠠᠶᠢᠭᠤᠯᠵᠤ 50 ᠵᠢᠯ ᠦᠨ ᠲᠤᠷᠰᠢ ᠠᠯᠲᠠ ᠮᠥᠩᠭᠥ᠂ ᠲᠠᠷᠢᠶ᠎ᠠ ᠪᠠᠷ ᠠᠯᠪᠠ ᠠᠪᠴᠤ ᠪᠠᠶᠢᠭᠰᠠᠨ ᠪᠦᠭᠡᠳ ᠲᠣᠷᠭᠠᠨ ᠵᠠᠮ ᠢ ᠬᠢᠨᠠᠯᠲᠠᠨ ᠳᠤ ᠪᠠᠨ ᠪᠠᠶᠢᠯᠭᠠᠭᠰᠠᠨ ᠶᠤᠮ᠃ ᠾᠦᠩᠨᠦ ᠭᠦᠷᠦᠨ ᠨᠢ ᠮᠣᠩᠭᠣᠯ ᠨᠤᠲᠤᠭ ᠳ᠋ᠠᠬᠢ ᠠᠩᠬᠠᠨ ᠤ ᠲᠥᠷᠥᠳᠦ ᠤᠯᠤᠰ ᠪᠥᠭᠡᠳ ᠬᠠᠮᠤᠭ ᠤᠨ ᠠᠩᠬᠠᠨ ᠤ ᠲᠥᠷᠥ ᠶᠢᠨ ᠵᠠᠬᠢᠷᠭ᠎ᠠ ᠶᠢ ᠪᠤᠢ ᠪᠣᠯᠭᠠᠭᠰᠠᠨ ᠶᠤᠮ᠃ ᠠᠯᠪᠠᠨ ᠶᠣᠰᠣᠭᠠᠷ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 209 ᠤᠨ ᠠᠴᠠ ᠪᠤᠶᠤ ᠮᠣᠳᠣᠨ ᠱᠠᠨᠤᠢ ᠬᠠᠭᠠᠨ ᠣᠷᠣ ᠰᠠᠭᠤᠭᠰᠠᠨ ᠠᠴᠠ ᠡᠨᠡ ᠭᠦᠷᠦᠨ ᠦ ᠤᠨ ᠲᠣᠭᠠᠯᠠᠯ ᠢ ᠲᠣᠭᠠᠴᠠᠳᠠᠭ᠃ ᠡᠷᠲᠡᠨ ᠦ ᠲᠥᠷᠥᠳᠦ ᠤᠯᠤᠰ ᠤᠳ ᠤᠨ ᠨᠢᠭᠡ ᠳᠦ ᠵᠦᠢ ᠶᠣᠰᠣᠭᠠᠷ ᠣᠷᠣᠭᠤᠯᠳᠠᠭ᠃ᠡᠨᠡ ᠦᠶ᠎ᠡ ᠳᠦ ᠾᠦᠩᠨᠦ ᠭᠦᠷᠦᠨ ᠬᠦᠴᠦᠷᠬᠡᠭᠵᠢᠯᠲᠡ ᠶᠢᠨ ᠢᠶᠡᠨ ᠲᠤᠶᠢᠯ ᠳᠤ ᠬᠦᠷᠴᠦ ᠤᠮᠠᠷᠠᠳᠤ ᠳᠤ ᠪᠠᠶᠢᠭᠠᠯ ᠨᠠᠭᠤᠷ᠂ ᠡᠮᠦᠨᠡᠰᠢ ᠪᠠᠨ ᠬᠢᠲᠠᠳ ᠤᠨ ᠴᠠᠭᠠᠨ ᠬᠡᠷᠡᠮ᠂ ᠪᠠᠷᠠᠭᠤᠨᠰᠢ ᠪᠠᠨ ᠲᠦᠷᠺᠧᠰᠲᠠᠨ᠂ ᠵᠡᠭᠦᠨ ᠲᠡᠰᠢ ᠪᠠᠨ ᠣᠳᠣ ᠶᠢᠨ ᠣᠷᠳᠣᠰ ᠬᠦᠷᠲᠡᠯᠡᠬᠢ ᠥᠷᠭᠡᠨ ᠠᠭᠤᠳᠠᠮ ᠨᠤᠲᠤᠭ ᠢ ᠡᠷᠬᠡᠰᠢᠶᠡᠯ ᠳᠦ ᠪᠡᠨ ᠣᠷᠣᠭᠤᠯᠵᠤ ᠴᠢᠳᠠᠭᠰᠠᠨ ᠶᠤᠮ᠃ ᠣᠳᠣ ᠶᠢᠨ ᠳᠤᠮᠳᠠᠳᠤ ᠤᠯᠤᠰ ᠤᠨ ᠨᠤᠲᠤᠭ ᠲᠤ ᠲᠡᠷᠡ ᠦᠶ᠎ᠡ ᠳᠦ ᠰᠢᠨ᠎ᠡ ᠪᠡᠷ ᠡᠭᠦᠰᠦᠭᠰᠡᠨ ᠬᠠᠨ ᠣᠯᠣᠰ ᠮᠣᠳᠣᠨ ᠱᠠᠨᠦᠢ ᠳᠤ ᠠᠯᠪᠠ ᠭᠤᠪᠴᠢᠭᠤᠷ ᠪᠠᠷᠢᠵᠤ ᠪᠠᠶᠢᠭᠰᠠᠨ ᠲᠡᠳᠦᠢ ᠦᠭᠡᠢ ᠬᠠᠭᠠᠨ ᠤ ᠤᠷᠤᠭ ᠤᠨ ᠭᠦᠨᠵᠢ ᠶᠢ ᠲᠡᠭᠦᠨ ᠳᠦ ᠬᠠᠲᠤᠨ (ᠶᠠᠨᠵᠢ) ᠪᠣᠯᠭᠠᠨ ᠥᠭᠴᠦ ᠪᠠᠶᠢᠵᠠᠢ᠃ ᠾᠦᠩᠨᠦᠴᠦᠳ ᠪᠠᠶᠢᠯᠳᠤᠭᠠᠨ ᠤ ᠠᠷᠭ᠎ ᠠ ᠬᠡᠯᠪᠡᠷᠢ ᠳᠤ ᠪᠠᠨ ᠣᠳᠣ ᠶᠢᠨ ᠲᠤᠰᠬᠠᠢ ᠠᠯᠪᠠᠳ ᠤᠨ ᠨᠢᠭᠤᠴᠠ ᠠᠷᠭ᠎ᠠ ᠶᠢ ᠬᠡᠷᠡᠭᠯᠡᠵᠦ ᠪᠠᠶᠢᠭᠰᠠᠨ ᠨᠢ ᠰᠣᠨᠢᠷᠬᠠᠯ ᠲᠠᠲᠠᠳᠠᠭ᠃ ᠮᠣᠳᠣᠨ ᠱᠠᠨᠦᠢ ᠬᠠᠨ ᠣᠯᠣᠰ ᠠᠴᠠ ᠢᠷᠡᠭᠰᠡᠨ ᠡᠯᠴᠢ ᠳᠦ ᠥᠪᠡᠷ ᠦᠨ ᠠᠷᠮᠢ ᠶᠢ ᠦᠵᠡᠭᠦᠯᠬᠦ ᠳᠦ ᠪᠡᠨ ᠵᠥᠪᠬᠡᠨ ᠰᠤᠯᠠ ᠳᠣᠷᠣᠢ ᠪᠣᠯᠤᠨ ᠬᠥᠭᠰᠢᠨ ᠨᠠᠰᠤᠲᠠᠢ ᠬᠦᠮᠦᠰ ᠢᠶᠡᠨ ᠬᠠᠷᠠᠭᠤᠯᠤᠭᠠᠳ ᠶᠠᠪᠤᠭᠤᠯᠤᠭᠰᠠᠨ ᠵᠢᠱᠢᠶ᠎ᠡ ᠪᠤᠢ᠃ ᠡᠭᠦᠨ ᠳᠦ ᠨᠢ ᠬᠠᠭᠤᠷᠲᠠᠭᠰᠠᠨ ᠬᠠᠨ ᠣᠯᠣᠰ ᠤᠨ ᠡᠯᠴᠢ ᠾᠦᠩᠨᠦ ᠶᠢᠨ ᠴᠡᠷᠢᠭ ᠦᠨ ᠬᠦᠴᠦ ᠶᠢ ᠪᠠᠰᠤᠮᠵᠢᠯᠠᠨ ᠦᠵᠡᠵᠦ ᠳᠠᠶᠢᠨ ᠵᠠᠷᠯᠠᠭᠰᠠᠨ ᠪᠣᠯᠪᠠᠴᠤ ᠲᠤᠰ ᠤᠯᠤᠰ ᠤᠨ ᠴᠡᠷᠢᠭ ᠾᠦᠩᠨᠦ ᠶᠢᠨ ᠴᠡᠷᠢᠭ ᠲᠦ ᠪᠤᠳᠠ ᠴᠣᠬᠢᠭᠤᠯᠵᠤ ᠪᠠᠶᠢᠵᠠᠢ᠃ ᠮᠣᠳᠣᠨ ᠱᠠᠨᠦᠢ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 174 ᠤᠨ ᠳᠤ ᠲᠠᠭᠠᠯᠠᠯ ᠪᠣᠯᠤᠭᠰᠠᠨ ᠠᠴᠠ ᠬᠣᠶᠢᠰᠢ 100 ᠭᠠᠷᠤᠢ ᠵᠢᠯ ᠾᠦᠩᠨᠦᠴᠤᠳ ᠲᠥᠪ ᠠᠽᠢᠶ᠎ᠠ ᠳᠤ ᠨᠣᠶᠠᠷᠬᠠᠭᠰᠠᠨ ᠬᠡᠪ ᠢᠶᠡᠷ ᠪᠠᠶᠢᠪᠠ᠃ ᠨᠡᠶᠢᠲᠡ ᠶᠢᠨ ᠤᠨ ᠲᠤᠭᠠᠯᠠᠯ ᠤᠨ ᠡᠬᠢᠨ᠂ ᠨᠡᠶᠢᠲᠡ ᠶᠢᠨ ᠤᠨ ᠲᠤᠭᠠᠯᠠᠯ ᠤᠨ ᠡᠮᠦᠨᠡᠬᠢ ᠲᠣᠭᠠᠯᠠᠯ ᠤᠨ ᠰᠡᠭᠦᠯ ᠦᠶ᠎ᠡ ᠳᠦ ᠾᠦᠩᠨᠦ ᠭᠦᠷᠦᠨ ᠳᠣᠲᠣᠭᠠᠳᠤ ᠶᠢᠨ ᠲᠡᠷᠰᠯᠡᠯᠳᠦᠭᠡᠨ᠂ ᠭᠠᠳᠠᠭᠠᠳᠤ ᠶᠢᠨ ᠳᠠᠭᠠᠷᠢᠯᠲᠠ ᠳᠣᠪᠲᠣᠯᠭᠠᠨ ᠤ ᠨᠥᠯᠥᠭᠡ ᠪᠡᠷ ᠤᠮᠠᠷᠠᠳᠤ᠂ ᠡᠮᠦᠨᠡᠲᠦ ᠭᠡᠰᠡᠨ ᠬᠣᠶᠠᠷ ᠬᠡᠰᠡᠭ ᠲᠦ ᠬᠤᠪᠢᠶᠠᠭᠳᠠᠵᠤ᠂ ᠡᠮᠦᠨᠡᠲᠦ ᠨᠢ ᠬᠠᠨ ᠣᠯᠣᠰ ᠲᠤ ᠲᠤᠳᠠᠭᠠᠷ᠎ᠠ ᠣᠷᠣᠵᠤ᠂ ᠥᠪᠡᠷ ᠬᠣᠭᠣᠷᠣᠨᠳᠣ ᠪᠠᠨ ᠳᠠᠶᠢᠲᠤᠬᠤ ᠪᠣᠯᠤᠭᠰᠠᠨ ᠪᠠᠶᠢᠨ᠎ᠠ᠃ ᠣᠳᠣ ᠶᠢᠨ ᠮᠣᠩᠭᠣᠯ ᠤᠨ ᠨᠤᠲᠤᠭ ᠳᠡᠭᠡᠷ᠎ᠡ ᠪᠠᠶᠢᠭᠰᠠᠨ ᠡᠮᠦᠨᠡᠲᠦ ᠾᠦᠩᠨᠦ ᠨᠠᠷ ᠤᠮᠠᠷᠠᠳᠤ ᠶᠢᠨ ᠬᠢᠨ ᠢ ᠪᠠᠨ ᠤᠳᠠᠭ᠎ᠠ ᠳᠠᠷᠠᠭ᠎ᠠ ᠬᠢᠶᠠᠷ ᠴᠣᠬᠢᠵᠤ᠂ ᠬᠠᠨ ᠣᠯᠣᠰ ᠤᠨ ᠨᠥᠮᠥᠷᠢ ᠨᠥᠭᠡᠯᠭᠡ ᠳᠦ ᠣᠷᠣᠰᠢᠵᠤ ᠪᠠᠶᠢᠭᠰᠠᠨ ᠴᠤ ᠵᠢᠯ ᠢᠷᠡᠬᠦ ᠲᠤᠲᠤᠮ ᠳᠣᠷᠣᠶᠢᠲᠠᠭᠰᠠᠭᠠᠷ ᠨᠡᠶᠢᠲᠡ ᠶᠢᠨ ᠤᠨ ᠲᠤᠭᠠᠯᠠᠯ ᠤᠨ I ᠵᠠᠭᠤᠨ ᠳᠤ ᠳᠤᠩᠬᠤ ᠨᠠᠷ ᠤᠨ ᠡᠷᠬᠡᠰᠢᠶᠡᠯ ᠳᠦ ᠣᠷᠣᠭᠰᠠᠨ ᠢᠶᠠᠷ ᠳᠠᠭᠤᠰᠪᠤᠷᠢ ᠪᠣᠯᠤᠭᠰᠠᠨ ᠶᠤᠮ᠃ᠾᠦᠩᠨᠦ ᠶᠢᠨ ᠱᠠᠨᠦᠢ ᠥᠷᠯᠥᠭᠡ ᠨᠠᠷᠠᠨ ᠳᠤ᠂ ᠡᠳᠦᠷ ᠲᠩᠷᠢ ᠳᠦ᠂ ᠦᠳᠡᠰᠢ ᠰᠠᠷᠠᠨ ᠳᠤ ᠮᠥᠷᠭᠦᠳᠡᠭ ᠪᠠᠶᠢᠭᠰᠠᠨ ᠭᠡᠳᠡᠭ᠃ ᠲᠤᠬᠠᠢ ᠶᠢᠨ ᠦᠶ᠎ᠡ ᠳᠦ ᠲᠩᠷᠢ ᠰᠢᠲᠦᠯᠭᠡ ᠾᠦᠩᠨᠦ ᠶᠢᠨ ᠲᠥᠷᠥ ᠶᠢᠨ ᠱᠠᠰᠢᠨ ᠪᠣᠯᠵᠤ ᠪᠠᠶᠢᠪᠠ᠃ ᠬᠥᠷᠰᠢ ᠳᠤᠩᠬᠤ ᠨᠠᠷ ᠮᠣᠳᠣᠨᠢ ᠬᠠᠮᠢᠭ᠎ᠠ ᠠᠴᠠ ᠰᠠᠶᠢᠨ ᠮᠣᠷᠢ᠂ ᠬᠠᠲᠤᠨ ᠢᠶᠠᠨ ᠥᠭᠬᠦ ᠶᠢ ᠱᠠᠭᠠᠷᠳᠠᠬᠤ ᠳᠤ ᠡᠪ ᠢ ᠡᠷᠬᠢᠮᠯᠡᠵᠦ ᠱᠠᠭᠠᠷᠳᠠᠯᠭ᠎ᠠ ᠶᠢ ᠨᠢ ᠪᠡᠶᠡᠯᠡᠭᠦᠯᠵᠦ ᠪᠠᠶᠢᠭᠰᠠᠨ ᠴᠤ ᠬᠦᠮᠦᠨ ᠨᠤᠲᠤᠭᠯᠠᠳᠠᠭ ᠦᠭᠡᠢ ᠬᠢᠯᠢ ᠶᠢᠨ ᠵᠤᠷᠪᠤᠰ ᠭᠠᠵᠠᠷ ᠢ ᠥᠭᠬᠦ ᠶᠢ ᠱᠠᠭᠠᠷᠳᠠᠬᠤ ᠳᠤ ᠲᠡᠷᠡ "ᠭᠠᠵᠠᠷ ᠪᠣᠯ ᠲᠥᠷᠥ ᠶᠢᠨ ᠦᠨᠳᠦᠰᠦ" ᠬᠡᠮᠡᠨ ᠰᠢᠭᠤᠳ ᠴᠡᠷᠢᠭ ᠬᠥᠳᠡᠯᠭᠡᠨ ᠬᠢᠯᠢ ᠪᠡᠨ ᠬᠠᠮᠠᠭᠠᠯᠠᠵᠤ ᠪᠠᠶᠢᠵᠠᠢ᠃ ᠾᠦᠩᠨᠦ ᠶᠢᠨ ᠵᠠᠬᠢᠷᠭᠠᠨ ᠳᠤ ᠪᠠᠶᠢᠭᠰᠠᠨ ᠳ᠋ᠢᠩᠯᠢᠨᠢᠴᠦᠳ I ᠵᠠᠭᠤᠨ ᠤ ᠳᠤᠮᠳᠠᠭᠤᠷ ᠭᠠᠨᠰᠤ ᠮᠤᠵᠢ ᠤᠷᠤᠭᠤ ᠨᠡᠭᠦᠭᠰᠡᠨ ᠪᠠᠶᠢᠳᠠᠭ ᠪᠥᠭᠡᠳ ᠵᠠᠷᠢᠮ ᠨᠢ ᠰᠢᠶᠨᠨᠪᠢ ᠶᠢᠨ ᠪᠦᠷᠢᠯᠳᠦᠬᠦᠨ ᠳᠦ ᠣᠷᠣᠵᠤ ᠪᠤᠰᠤᠳ ᠨᠢ ᠲᠦᠷᠢᠭᠳᠡ ᠠᠭᠤᠰᠴᠠᠢ᠃

ᠾᠦᠩᠨᠦᠴᠤᠳ ᠤᠨ ᠠᠶᠢᠮᠠᠭ ᠤᠨ ᠬᠣᠯᠪᠣᠭᠠᠨ ᠳᠤ ᠠᠵᠤ ᠠᠬᠤᠢ ᠶᠢᠨ ᠬᠡᠯᠪᠡᠷᠢ ᠨᠢ ᠪᠦᠳᠦᠭᠦᠨ ᠪᠠᠭᠠᠷᠠᠭ ᠪᠠᠶᠢᠪᠠ᠃ ᠾᠦᠩᠨᠦᠴᠤᠳ ᠨᠡᠭᠦᠨ ᠠᠵᠤ ᠲᠥᠷᠦᠵᠦ ᠮᠠᠯ ᠠᠵᠤ ᠠᠬᠤᠢ ᠡᠷᠬᠢᠯᠡᠳᠡᠭ ᠪᠠᠶᠢᠭᠰᠠᠨ ᠲᠤᠯᠠ ᠭᠠᠵᠠᠷ ᠲᠠᠷᠢᠶᠠᠯᠠᠩ ᠢ ᠣᠭᠲᠣ ᠮᠡᠳᠡᠳᠡᠭ ᠦᠭᠡᠢ ᠪᠠᠶᠢᠭᠰᠠᠨ ᠭᠡᠵᠦ ᠰᠤᠷᠪᠤᠯᠵᠢ ᠪᠢᠴᠢᠭ ᠦᠳ ᠲᠦ ᠲᠡᠮᠳᠡᠭᠯᠡᠭᠰᠡᠨ ᠪᠠᠶᠢᠳᠠᠭ᠃ ᠠᠶᠢᠮᠠᠭ ᠪᠦᠷᠢ ᠶᠢᠨ ᠨᠡᠭᠦᠵᠦ ᠪᠠᠭᠤᠬᠤ ᠨᠤᠲᠤᠭ ᠨᠢ ᠪᠠᠭᠴᠠᠭ᠎ᠠ ᠲᠣᠶᠢᠮᠣ ᠲᠠᠢ ᠪᠠᠶᠢᠵᠠᠢ᠃ ᠾᠦᠩᠨᠦᠴᠤᠳ ᠦᠬᠡᠷ ᠪᠣᠭ ᠮᠠᠯ ᠣᠯᠠᠨ ᠲᠠᠢ᠂ ᠵᠠᠷᠢᠮ ᠨᠢ ᠲᠡᠮᠡᠭᠡ᠂ ᠡᠯᠵᠢᠭᠡ᠂ ᠠᠳᠤᠭᠤ ᠦᠷᠡᠵᠢᠭᠦᠯᠳᠡᠭ ᠪᠠᠶᠢᠭᠰᠠᠨ ᠪᠠᠶᠢᠨ᠎ᠠ᠃ ᠬᠤᠪᠴᠠᠰᠤ ᠬᠦᠨᠡᠰᠦᠨ ᠦ ᠬᠡᠷᠡᠭᠯᠡᠭᠡ ᠶᠢ ᠮᠠᠯ ᠠᠵᠤ ᠠᠬᠤᠢ ᠠᠴᠠ ᠭᠠᠷᠳᠠᠭ ᠵᠦᠢᠯ ᠢᠶᠡᠷ ᠦᠨᠳᠦᠰᠦᠨ ᠳᠦ ᠨᠢ ᠵᠠᠯᠭᠠᠭᠤᠯᠵᠤ᠂ ᠦᠷ᠎ᠡ ᠲᠠᠷᠢᠶᠠᠨ ᠤ ᠪᠦᠲᠦᠭᠡᠭᠳᠡᠬᠦᠨ᠂ ᠭᠠᠷ ᠦᠢᠯᠡᠳᠪᠦᠷᠢ ᠶᠢᠨ ᠡᠳ᠋ ᠡᠳ᠋ᠯᠡᠯ᠂ ᠠᠶᠢᠮᠠᠭ ᠤᠨ ᠰᠤᠷᠪᠤᠯᠵᠢᠲᠠᠨ ᠤ ᠭᠣᠶᠣᠯ ᠴᠢᠮᠡᠭ ᠦᠨ ᠶᠠᠭᠤᠮᠠᠰ ᠢ ᠰᠠᠭᠤᠷᠢᠰᠢᠮᠠᠯ ᠬᠥᠷᠰᠢ ᠣᠷᠣᠨ᠂ ᠭᠣᠣᠯ ᠲᠥᠯᠥᠪ ᠬᠢᠲᠠᠳ ᠣᠷᠣᠨ ᠠᠴᠠ ᠠᠪᠳᠠᠭ ᠪᠠᠶᠢᠵᠠᠢ᠃ ᠪᠢᠴᠢᠭ ᠦᠰᠦᠭ ᠪᠤᠢ ᠪᠣᠯᠬᠤ ᠶᠠᠪᠤᠳᠠᠯ ᠦᠢᠯᠡᠳᠪᠦᠷᠢᠯᠡᠯ ᠦᠨ ᠬᠥᠭᠵᠢᠵᠦ᠂ ᠠᠩᠭᠢ ᠭᠠᠷᠴᠤ ᠤᠯᠤᠰ ᠲᠥᠷᠥ ᠪᠡᠬᠢᠵᠢᠬᠦ ᠲᠡᠢ ᠢᠮᠠᠭᠲᠠ ᠬᠣᠯᠪᠣᠭ᠎ᠠ ᠲᠠᠢ ᠪᠠᠶᠢᠳᠠᠭ᠃ ᠭᠡᠲᠡᠯ᠎ᠡ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 3 ᠳ᠋ᠤᠭᠠᠷ ᠵᠠᠭᠤᠨ ᠤ ᠾᠦᠩᠨᠦᠴᠤᠳ ᠲᠤ ᠪᠢᠴᠢᠭ ᠦᠰᠦᠭ ᠪᠠᠶᠢᠬᠤ ᠦᠭᠡᠢ ᠪᠠᠶᠢᠭᠰᠠᠨ ᠨᠢ ᠲᠡᠷᠡ ᠦᠶ᠎ᠡ ᠳᠦ ᠾᠦᠩᠨᠦᠴᠤᠳ ᠠᠩᠭᠢ ᠬᠥᠭᠵᠢᠭᠰᠡᠨ ᠨᠡᠶᠢᠭᠡᠮ᠂ ᠭᠦᠢᠴᠡᠳ ᠪᠥᠷᠢᠯᠳᠦᠨ ᠲᠣᠭᠲᠠᠭᠰᠠᠨ ᠤᠯᠤᠰ ᠲᠥᠷᠥ ᠲᠡᠢ ᠪᠠᠶᠢᠭ᠎ᠠ ᠦᠭᠡᠢ ᠶᠢ ᠭᠡᠷᠡᠴᠢᠯᠡᠵᠦ ᠪᠠᠶᠢᠨ᠎ᠠ᠃ ᠠᠩᠬᠠᠨ ᠤ ᠬᠦᠢ ᠨᠢᠭᠡᠳᠦᠯ ᠦᠨ ᠬᠠᠷᠢᠴᠠᠭᠠᠨ ᠠᠴᠠ ᠠᠩᠭᠢᠲᠤ ᠨᠡᠶᠢᠭᠡᠮ ᠳᠦ ᠰᠢᠯᠵᠢᠭᠰᠡᠨ ᠴᠠᠭ ᠤᠨ ᠨᠡᠶᠢᠭᠡᠮ ᠤᠨ ᠬᠥᠭᠵᠢᠯ ᠦᠨ ᠱᠠᠲᠤᠨ ᠳᠤ ᠪᠠᠶᠢᠭᠰᠠᠨ ᠾᠦᠩᠨᠦᠴᠤᠳ ᠲᠤ ᠳᠠᠶᠢᠨ ᠪᠠᠶᠢᠯᠳᠤᠭᠠᠨ ᠨᠢ ᠪᠠᠶᠢᠩᠭᠤ ᠶᠢᠨ ᠠᠵᠢᠯ ᠨᠢ ᠪᠠᠶᠢᠵᠠᠢ᠃ ᠡᠨᠡ ᠪᠣᠯ ᠭᠠᠭᠴᠠᠬᠦ ᠾᠦᠩᠨᠦ ᠨᠠᠷ ᠲᠤ ᠴᠤ ᠬᠠᠮᠢᠶᠠᠲᠠᠢ ᠪᠤᠰᠤ᠂ ᠬᠥᠭᠵᠢᠯ ᠦᠨ ᠲᠡᠶᠢᠮᠦ ᠱᠠᠲᠤᠨ ᠳᠤ ᠪᠠᠶᠢᠭᠰᠠᠨ ᠪᠤᠰᠤᠳ ᠠᠶᠢᠮᠠᠭ ᠲᠤ ᠴᠤ ᠡᠶᠢᠮᠦ ᠰᠢᠨᠵᠢ ᠢᠯᠡᠷᠡᠳᠡᠭ ᠪᠠᠶᠢᠭᠰᠠᠨ ᠶᠤᠮ᠃ ᠾᠦᠩᠨᠦᠴᠤᠳ ᠤᠨ ᠮᠣᠳᠣᠨ ᠱᠠᠨᠦᠢ᠂ ᠲᠡᠭᠦᠨ ᠦ ᠬᠣᠶᠢᠴᠢ ᠶᠢ ᠵᠠᠯᠭᠠᠭᠰᠠᠳ ᠬᠥᠷᠰᠢ ᠣᠷᠣᠨ ᠨᠤᠭᠤᠳ ᠲᠠᠢ ᠪᠠᠨ ᠦᠷᠭᠦᠯᠵᠢ ᠳᠠᠶᠢᠲᠤᠳᠠᠭ ᠪᠠᠶᠢᠵᠠᠢ᠃ ᠮᠣᠳᠣᠨ ᠱᠠᠨᠤᠢ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 209 ᠤᠨ ᠳᠤ ᠳᠤᠩᠬᠤ ᠠᠶᠢᠮᠠᠭ ᠤᠳ ᠢ ᠭᠡᠨᠡᠳᠲᠡ ᠳᠣᠪᠲᠣᠯᠵᠤ ᠳᠡᠶᠢᠯᠦᠭᠡᠳ᠂ ᠭᠠᠵᠠᠷ ᠨᠤᠲᠤᠭ ᠬᠦᠮᠦᠨ ᠬᠥᠷᠥᠩᠭᠡ ᠶᠢ ᠨᠢ ᠲᠦᠷᠢᠮᠡᠭᠡᠶᠢᠯᠡᠨ ᠠᠪᠴᠠᠢ᠃ ᠨᠢᠭᠡ ᠬᠡᠰᠡᠭ ᠳᠤᠩᠬᠤ ᠨᠠᠷ ᠮᠣᠳᠣᠨ ᠱᠠᠨᠤᠢ ᠳᠤ ᠵᠠᠬᠢᠷᠤᠭᠳᠠᠬᠤ ᠪᠣᠯᠵᠤ ᠂ ᠲᠡᠭᠦᠨ ᠳᠦ ᠵᠠᠬᠢᠷᠤᠭᠳᠠᠬᠤ ᠦᠭᠡᠢ ᠭᠡᠰᠡᠨ ᠨᠥᠭᠥᠭᠡ ᠬᠡᠰᠡᠭ ᠳᠤᠩᠬᠤ ᠨᠠᠷ ᠨᠢ ᠬᠣᠶᠢᠳᠤ ᠵᠦᠭ ᠲᠤ ᠵᠢᠭᠤᠲᠠᠵᠤ᠂ ᠣᠨᠣᠨ᠂ ᠬᠡᠷᠯᠤᠨ᠂ ᠡᠷᠭᠦᠨ᠎ᠡ ᠮᠥᠷᠡᠨ ᠦ ᠭᠠᠵᠠᠷ ᠢ ᠡᠵᠡᠯᠡᠨ ᠰᠠᠭᠤᠵᠠᠢ᠃ ᠳᠤᠩᠬᠤ ᠶᠢᠨ ᠣᠯᠠᠩᠬᠢ ᠨᠢ ᠯᠢᠶᠤᠤ ᠾᠸ ᠭᠤᠤᠯ᠂ ᠯᠤᠤᠬ᠎ᠠ ᠶᠢᠨ ᠭᠣᠣᠯ ᠤᠨ ᠡᠬᠢᠨ ᠳᠦ ᠰᠢᠯᠵᠢᠨ ᠨᠡᠭᠦᠪᠡ᠃ ᠮᠣᠳᠣᠨ ᠱᠠᠨᠤᠢ ᠴᠢᠨᠠᠭᠰᠢᠳᠠ ᠪᠠᠨ ᠪᠠᠷᠠᠭᠤᠨ ᠵᠦᠭ ᠲᠤ ᠶᠠᠴᠵᠢ ᠠᠶᠢᠮᠠᠭ ᠢ ᠪᠤᠲᠠ ᠴᠣᠬᠢᠵᠤ᠂ ᠡᠮᠦᠨ᠎ᠡ ᠵᠦᠭ ᠤᠨ ᠣᠷᠳᠣᠰ ᠢᠶᠠᠷ ᠨᠤᠲᠤᠭᠯᠠᠭᠰᠠᠨ ᠠᠶᠢᠮᠠᠭ ᠤᠳ ᠢ ᠡᠵᠡᠯᠡᠨ ᠪᠦᠷ ᠴᠢᠨ ᠤᠯᠤᠰ ᠤᠨ(ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 246-207 ᠤᠨ ᠤ) ᠦᠶ᠎ᠡ ᠳᠦ ᠬᠢᠲᠠᠳ ᠤᠨ ᠵᠠᠩᠵᠤᠨ ᠮᠧᠩ ᠲᠢᠶᠠᠨ ᠦ᠂ ᠾᠦᠩᠨᠦ ᠨᠠᠷ ᠠᠴᠠ ᠪᠤᠯᠢᠶᠠᠨ ᠠᠪᠤᠭᠰᠠᠨ ᠭᠠᠵᠠᠷ ᠢ ᠡᠷᠭᠢᠭᠦᠯᠦᠨ ᠠᠪᠤᠭᠠᠳ᠂ ᠬᠣᠶᠢᠳᠤ ᠵᠦᠭ ᠦᠨ ᠬᠡᠳᠦ ᠬᠡᠳᠦᠨ ᠠᠶᠢᠮᠠᠭ ᠢ ᠡᠵᠡᠯᠡᠨ ᠠᠪᠴᠠᠢ᠃ ᠾᠦᠩᠨᠦ ᠨᠠᠷ ᠤᠨ ᠪᠠᠶᠢᠨ ᠪᠠᠶᠢᠨ ᠳᠠᠶᠢᠲᠤᠵᠤ ᠪᠠᠶᠢᠭᠰᠠᠨ ᠣᠯᠠᠨ ᠳᠠᠶᠢᠨ ᠨᠢ ᠦᠶ᠎ᠡ ᠵᠠᠯᠭᠠᠳᠠᠭ ᠰᠤᠷᠪᠤᠯᠵᠢᠲᠠᠨ ᠢᠯᠭᠠᠷᠠᠨ ᠭᠠᠷᠴᠤ ᠡᠷᠬᠡ ᠮᠡᠳᠡᠯ ᠢᠶᠡᠨ ᠪᠤᠯᠢᠶᠠᠯᠴᠠᠯᠳᠤᠨ᠂ ᠡᠷᠬᠡ ᠮᠡᠳᠡᠯ ᠢᠶᠡᠨ ᠪᠦᠬᠦ ᠠᠶᠢᠮᠠᠭ ᠤᠨ ᠡᠰᠡᠷᠬᠦ ᠲᠠᠯᠪᠢᠬᠤ ᠳᠤ ᠲᠣᠮᠣ ᠡᠭᠦᠷᠭᠡ ᠲᠡᠢ ᠪᠠᠶᠢᠵᠠᠢ᠃ ᠮᠣᠳᠣᠨ ᠱᠠᠨᠤᠢ ᠶᠢᠨ ᠦᠶ᠎ᠡ ᠳᠦ ᠾᠦᠩᠨᠦᠴᠤᠳ ᠤᠨ ᠠᠶᠢᠮᠠᠭ ᠤᠨ ᠬᠣᠯᠪᠣᠭ᠎ᠠ ᠨᠢ ᠥᠷᠭᠡᠨ ᠠᠭᠤᠳᠠᠮ ᠨᠤᠲᠤᠭ ᠢ ᠡᠵᠡᠯᠡᠵᠦ ᠮᠠᠰᠢ ᠬᠦᠴᠦᠷᠬᠡᠭ ᠦᠨ ᠲᠤᠶᠢᠯ ᠳᠤ ᠬᠦᠷᠴᠡᠢ᠃ ᠾᠦᠩᠨᠦᠴᠤᠳ ᠤᠨ ᠨᠤᠲᠤᠭ ᠤᠨ ᠬᠢᠯᠢ ᠨᠢ ᠪᠠᠷᠠᠭᠤᠨ ᠵᠦᠭ ᠲᠤ ᠳᠣᠷᠣᠨᠠᠲᠤ-ᠲᠦᠷᠺᠧᠰᠲᠠᠨ ᠤ ᠬᠣᠲᠠ ᠤᠯᠤᠰ ᠤᠳ᠂ ᠵᠡᠭᠦᠨ ᠵᠦᠭ ᠲᠤ ᠳᠤᠩᠬᠤ ᠠᠶᠢᠮᠠᠭ ᠤᠳ ᠨᠤᠲᠤᠭᠯᠠᠵᠤ ᠪᠠᠶᠢᠭᠰᠠᠨ ᠯᠢᠶᠤᠤ ᠾᠸ ᠭᠤᠤᠯ ᠤᠨ ᠡᠬᠢᠨ ᠤ ᠭᠠᠵᠠᠷ᠂ ᠡᠮᠦᠨ᠎ᠡ ᠵᠦᠭ ᠲᠤ ᠬᠢᠲᠠᠳ(ᠣᠳᠣ ᠶᠢᠨ ᠱᠠᠨᠰᠢ᠂ ᠣᠷᠳᠣᠰ) ᠤᠨ ᠨᠤᠲᠤᠭ ᠪᠥᠭᠡᠳ ᠬᠢᠲᠠᠳ ᠾᠦᠩᠨᠦ ᠨᠠᠷ ᠤᠨ ᠬᠢᠯᠢ ᠨᠢ ᠲᠦᠮᠡᠨ ᠭᠠᠵᠠᠷ ᠤᠨ ᠴᠠᠭᠠᠨ ᠬᠡᠷᠡᠮ ᠳᠠᠭᠠᠤ ᠪᠠᠶᠢᠵᠤ᠂ ᠬᠣᠶᠢᠳᠤ ᠵᠦᠭ ᠲᠤ ᠾᠦᠩᠨᠦ ᠨᠠᠷ ᠤᠨ ᠨᠤᠲᠤᠭ ᠪᠠᠶᠢᠭᠠᠯ ᠨᠠᠭᠤᠷ ᠬᠦᠷᠴᠦ ᠪᠠᠶᠢᠯ᠎ᠠ᠃ ᠳᠠᠶᠢᠨ ᠬᠢᠵᠦ ᠨᠤᠲᠤᠭ ᠢᠶᠠᠨ ᠲᠡᠯᠡᠵᠦ ᠥᠷᠭᠡᠳᠬᠡᠭᠰᠡᠨ ᠾᠦᠩᠨᠦ ᠨᠠᠷ ᠤᠨ ᠠᠮᠵᠢᠯᠲᠠᠨ ᠳᠤ ᠨᠢᠭᠡ ᠲᠠᠯ᠎ᠠ ᠪᠠᠷ ᠪᠤᠰᠤᠳ ᠨᠡᠭᠦᠳᠡᠯᠴᠢᠳ ᠤᠨ ᠨᠡᠯᠢᠶᠡᠳ ᠰᠤᠯᠠ ᠳᠣᠷᠣᠢ ᠪᠠᠶᠢᠭᠰᠠᠨ ᠭᠠᠳᠠᠭᠠᠳᠤ ᠵᠣᠬᠢᠮᠵᠢᠲᠠᠢ ᠨᠥᠬᠥᠴᠡᠯ᠂ ᠬᠢᠲᠠᠳ ᠣᠷᠣᠨ ᠳ᠋ᠠᠬᠢ ᠳᠠᠵᠢᠨ ᠬᠢᠮᠤᠷᠠᠯ ᠶᠡᠬᠡ ᠲᠡᠢ ᠪᠠᠶᠢᠭᠰᠠᠨ ᠢᠶᠠᠷ ᠲᠡᠶᠢᠮᠦ ᠵᠠᠪᠰᠢᠶᠠᠨ ᠨᠡᠭᠡᠭᠡᠭᠳᠡᠵᠦ᠂ ᠨᠥᠭᠥᠭᠡ ᠲᠠᠯ᠎ᠠ ᠪᠠᠷ ᠲᠡᠷᠡ ᠠᠮᠵᠢᠯᠲᠠᠨ ᠳᠤ ᠾᠦᠩᠨᠦᠴᠤᠳ ᠨᠠᠷ ᠡᠷᠲᠡᠨ ᠦ ᠬᠣᠷᠧᠽᠮ ᠤᠳ ᠤᠨ ᠵᠢᠱᠢᠶ᠎ᠡ ᠪᠡᠷ ᠬᠦᠨᠳᠦ ᠵᠡᠷ ᠵᠡᠪᠰᠡᠭᠲᠦ ᠮᠣᠷᠢᠨ ᠴᠡᠷᠢᠭ ᠬᠡᠷᠡᠭᠯᠡᠬᠦ ᠪᠣᠯᠵᠤ ᠪᠠᠰᠠ ᠾᠦᠩᠨᠦᠴᠤᠳ ᠤᠨ ᠴᠡᠷᠢᠭ ᠠᠶᠢᠮᠠᠭ ᠤᠨ ᠪᠠᠶᠢᠭᠤᠯᠤᠯᠲᠠ ᠲᠤᠰᠠ ᠳᠥᠬᠥᠮ ᠪᠣᠯᠵᠠᠢ᠃ ᠵᠡᠷ ᠵᠡᠪᠰᠡᠭ ᠲᠦ ᠭᠠᠷᠤᠭᠰᠠᠨ ᠰᠢᠨ᠎ᠡ ᠵᠦᠢᠯ ᠨᠢ ᠴᠢᠩᠭ᠎ ᠠ ᠪᠠᠲᠤ ᠪᠡᠭᠲᠡᠷ ᠬᠤᠶᠠᠭ ᠢ ᠬᠦᠮᠦᠨ ᠮᠣᠷᠢ ᠬᠣᠶᠠᠷ ᠲᠤ ᠬᠡᠷᠡᠭᠯᠡᠵᠦ᠂ ᠪᠠᠰᠠ ᠮᠣᠷᠢᠨ ᠠᠴᠠ ᠭᠢᠨᠵᠢ ᠪᠡᠷ ᠲᠣᠷᠭᠣᠭᠰᠠᠨ ᠳᠣᠪᠲᠣᠯᠬᠤ ᠤᠷᠲᠤ ᠵᠢᠳᠠ ᠬᠡᠷᠡᠭᠯᠡᠭᠰᠡᠨ ᠶᠠᠪᠤᠳᠠᠯ ᠮᠥᠨ᠃ ᠾᠦᠩᠨᠦᠴᠤᠳ ᠤᠨ ᠬᠣᠯᠪᠣᠭᠠᠨ ᠤ ᠴᠡᠷᠢᠭ ᠠᠶᠢᠮᠠᠭ ᠤᠨ ᠪᠠᠶᠢᠭᠤᠯᠤᠯᠲᠠ ᠨᠢ ᠳᠡᠭᠡᠷ᠎ᠡ ᠵᠢᠭᠠᠭᠰᠠᠨ ᠶᠣᠰᠣᠭᠠᠷ ᠪᠦᠬᠦ ᠠᠶᠢᠮᠠᠭ ᠢᠶᠠᠨ ᠪᠠᠶᠢᠯᠳᠤᠭᠠᠨ ᠤ ᠨᠢᠭᠡᠴᠡ᠂ ᠠᠷᠪᠠᠨ᠂ ᠵᠠᠭᠤᠨ᠂ ᠮᠢᠩᠭᠠᠨ᠂ ᠲᠦᠮᠡᠨ ᠭᠡᠳᠡᠭ ᠬᠤᠪᠢᠶᠠᠷᠢ ᠪᠠᠷ ᠬᠤᠪᠢᠶᠠᠵᠤ᠂ ᠴᠡᠷᠢᠭ ᠦᠨ ᠰᠤᠷᠭᠠᠭᠤᠯᠢ ᠦᠷᠭᠦᠯᠵᠢ ᠬᠢᠯᠭᠡᠳᠡᠭ ᠪᠠᠶᠢᠵᠠᠢ᠃ ᠲᠡᠶᠢᠮᠦ ᠪᠠᠶᠢᠭᠤᠯᠤᠮᠵᠢ ᠨᠢ ᠴᠡᠷᠢᠭ ᠦᠨ ᠬᠦᠴᠦ ᠵᠤᠵᠠᠭᠠᠳᠬᠠᠬᠤ ᠪᠡᠯᠡᠳᠬᠡᠯ ᠲᠡᠢ ᠪᠣᠯᠵᠤ᠂ ᠠᠶᠢᠮᠠᠭ ᠤᠨ ᠪᠦᠬᠦ ᠡᠷᠡᠴᠦᠳ ᠢ ᠪᠠᠶᠢᠩᠭᠤ ᠶᠢᠨ ᠴᠡᠷᠢᠭ ᠪᠣᠯᠭᠠᠭᠰᠠᠨ ᠭᠡᠰᠡᠨ ᠦᠭᠡ ᠶᠤᠮ᠃ ᠮᠣᠳᠣᠨ ᠱᠠᠨᠦᠢ ᠶᠢᠨ ᠪᠠᠶᠢᠯᠳᠤᠨ ᠳᠠᠭᠠᠭᠤᠯᠤᠯ ᠤᠨ ᠤᠯᠠᠮ ᠠᠴᠠ ᠾᠦᠩᠨᠦᠴᠤᠳ ᠤᠨ ᠠᠶᠢᠮᠠᠭ ᠤᠨ ᠬᠣᠯᠪᠣᠭ᠎ᠠ ᠨᠢ ᠮᠣᠩᠭᠣᠯ᠂ ᠬᠠᠮᠨᠢᠭᠠᠠ᠂ ᠲᠶᠦᠷᠺ ᠭᠠᠷᠤᠯ ᠤᠨ ᠡᠯᠳᠡᠪ ᠠᠶᠢᠮᠠᠭ ᠢ ᠬᠠᠮᠤᠷᠤᠨ ᠪᠠᠭᠲᠠᠭᠠᠵᠠᠢ᠃ ᠡᠮᠦᠨ᠎ᠡ ᠵᠦᠭ ᠲᠤ ᠾᠦᠩᠨᠦᠴᠤᠳ ᠤᠨ ᠵᠠᠬᠢᠷᠭᠠᠨ ᠳᠤ ᠨᠢᠭᠡ ᠬᠡᠰᠡᠭ ᠬᠢᠲᠠᠳ ᠬᠦᠮᠦᠨ ᠪᠠᠶᠢᠵᠠᠢ᠃ ᠾᠦᠩᠨᠦᠴᠤᠳ ᠤᠨ ᠦᠷᠭᠦᠯᠵᠢ ᠶᠢᠨ ᠳᠣᠪᠲᠣᠯᠭᠠᠨ ᠳᠤ ᠡᠷᠡᠰᠳᠡᠨ ᠨᠡᠷᠪᠡᠭᠳᠡᠭᠰᠡᠨ ᠬᠢᠲᠠᠳ ᠤᠨ ᠬᠠᠨ ᠤᠯᠤᠰ ᠾᠦᠩᠨᠦᠴᠤᠳ ᠢ ᠠᠷᠭᠠᠳᠠᠵᠤ ᠦᠶ᠎ᠡ ᠦᠶ᠎ᠡ ᠪᠡᠯᠡᠭ ᠰᠡᠯᠲᠡ ᠪᠠᠷᠢᠳᠠᠭ ᠪᠠᠶᠢᠭᠰᠠᠨ ᠨᠢ ᠨᠢᠭᠡ ᠶᠣᠰᠣᠨ ᠤ ᠠᠯᠪᠠ ᠪᠠᠶᠢᠭᠰᠠᠨ ᠭᠡᠳᠡᠭ᠃ ᠮᠣᠳᠣᠨ ᠱᠠᠨᠦᠢ ᠶᠢ ᠨᠠᠰᠤ ᠪᠠᠷᠠᠭᠰᠠᠨ ᠠᠴᠠ ᠬᠣᠶᠢᠰᠢ (ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ174 ᠤᠨ ᠳᠤ) ᠳᠠᠷᠠᠭᠠᠴᠢ ᠶᠢᠨ ᠱᠠᠨᠦᠢ ᠨᠠᠷ ᠤᠨ ᠴᠠᠭ ᠲᠤ 100 ᠭᠠᠷᠤᠢ ᠵᠢᠯ ᠳᠤ ᠾᠦᠩᠨᠦᠴᠤᠳ ᠤᠨ ᠬᠣᠯᠪᠣᠭᠠᠨ ᠤ ᠳᠣᠲᠣᠭᠠᠳᠤ ᠠᠶᠢᠮᠠᠭ ᠤᠳ ᠬᠣᠭᠣᠷᠣᠨᠳᠣ ᠪᠠᠨ ᠲᠤᠯᠤᠯᠳᠤᠵᠤ ᠪᠠᠰᠠ ᠬᠢᠲᠠᠳ ᠲᠠᠢ ᠲᠡᠮᠡᠴᠡᠯᠳᠦᠵᠦ ᠪᠠᠶᠢᠯ᠎ᠠ᠃ ᠬᠢᠲᠠᠳ ᠲᠤ ᠬᠠᠷᠢᠶᠠᠯᠠᠭᠳᠠᠵᠤ ᠳᠤᠩᠬᠤ ᠶᠢᠨ ᠤᠬᠤ᠎ᠠ ᠶᠢᠨᠦ᠂ ᠰᠢᠶᠠᠨᠪᠢ ᠠᠶᠢᠮᠠᠭ ᠲᠠᠢ ᠲᠡᠮᠡᠴᠡᠯᠳᠦᠨ ᠬᠦᠴᠦ ᠨᠢ ᠰᠤᠯᠠᠷᠠᠭᠰᠠᠨ ᠥᠪᠥᠷ ᠾᠦᠩᠨᠦᠴᠤᠳ ᠮᠣᠩᠭᠣᠯ ᠨᠤᠲᠤᠭ ᠲᠤ ᠰᠠᠭᠤᠭᠰᠠᠭᠠᠷ ᠪᠠᠶᠢᠵᠠᠢ᠃ᠥᠪᠥᠷ ᠾᠦᠩᠨᠦᠴᠤᠳ ᠨᠡᠶᠢᠲᠡ ᠶᠢᠨ ᠤᠨ ᠲᠤᠭᠠᠯᠠᠯ ᠤᠨ 215 ᠤᠨ ᠬᠦᠷᠲᠡᠯ᠎ᠡ ᠮᠣᠩᠭᠣᠯ ᠣᠷᠣᠨ ᠳᠤ ᠮᠡᠳᠡᠭᠳᠡᠬᠦᠶᠢᠴᠡ ᠤᠯᠤᠰ ᠲᠥᠷᠥ ᠶᠢᠨ ᠳᠦᠷᠢᠮ ᠭᠦᠢᠴᠡᠳᠭᠡᠵᠦ ᠪᠠᠶᠢᠭᠠᠳ ᠲᠡᠭᠦᠨ ᠦ ᠳᠠᠷᠠᠭᠠᠴᠢ ᠪᠠᠷ ᠥᠪᠥᠷ ᠾᠦᠩᠨᠦᠴᠤᠳ ᠤᠨ ᠨᠢᠭᠡ ᠬᠡᠰᠡᠭ ᠨᠢ ᠪᠤᠰᠤᠳ ᠠᠶᠢᠮᠠᠭ ᠤᠨ ᠳᠤᠮᠳᠠ ᠰᠢᠩᠭᠡᠵᠦ ᠨᠥᠭᠥᠭᠡ ᠬᠡᠰᠡᠭ ᠨᠢ ᠤᠮᠠᠷᠠᠳᠤ ᠬᠢᠲᠠᠳ ᠤᠨ ᠵᠦᠭ ᠲᠤ ᠨᠡᠭᠦᠨ ᠰᠢᠯᠵᠢᠵᠦ ᠠᠭᠠᠵᠢᠮ ᠢᠶᠠᠷ ᠠᠭᠤᠰᠤᠨ ᠰᠢᠩᠭᠡᠵᠡᠢ᠃ ᠨᠡᠶᠢᠲᠡ ᠶᠢᠨ ᠤᠨ ᠲᠤᠭᠠᠯᠠᠯ ᠤᠨ 4-5 ᠳ᠋ᠤᠭᠠᠷ ᠵᠠᠭᠤᠨ ᠳᠤ ᠬᠣᠯᠪᠣᠭᠳᠠᠬᠤ ᠨᠠᠩᠭᠢᠶᠠᠳ ᠤᠨ ᠲᠡᠦᠬᠡ ᠱᠠᠰᠳᠢᠷ ᠲᠤ ᠲᠡᠮᠳᠡᠭᠯᠡᠭᠳᠡᠭᠰᠡᠨ ᠢᠶᠡᠷ ᠥᠪᠥᠷ ᠾᠦᠩᠨᠤᠴᠤᠳ ᠤᠨ ᠦᠷ᠎ᠡ ᠰᠠᠳᠤ ᠨᠢᠭᠡ ᠪᠤᠰᠤ ᠤᠳᠠᠭ᠎ᠠ ᠪᠣᠰᠤᠯᠭ᠎ᠠ ᠰᠠᠮᠠᠭᠤᠨ ᠡᠭᠦᠰᠬᠡᠵᠤ᠂ ᠨᠠᠩᠭᠢᠶᠠᠳ ᠤᠨ ᠰᠦᠢ ᠤᠯᠤᠰ ᠤᠨ ᠬᠠᠭᠠᠨ ᠰᠢᠷᠡᠭᠡ ᠶᠢ ᠠᠨ-ᠯᠤ᠋ ᠍ ᠱᠠᠩ ᠬᠡᠮᠡᠬᠦ ᠬᠦᠮᠦᠨ ᠤᠭᠰᠠᠭᠠᠨ ᠤ ᠡᠲᠡᠭᠡᠳ ᠪᠤᠯᠢᠶᠠᠵᠤ ᠬᠠᠭᠠᠨ ᠰᠠᠭᠤᠪᠠ ᠬᠡᠮᠡᠨ ᠳᠤᠷᠠᠳᠤᠭᠰᠠᠨ ᠪᠠᠶᠢᠳᠠᠭ ᠪᠠᠶᠢᠨ᠎ᠠ᠃

ᠾᠦᠩᠨᠦᠴᠦᠳ ᠦᠨ ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠦᠩᠨᠦ ᠶᠢᠨ ᠲᠤᠬᠠᠢ ᠳᠡᠯᠭᠡᠷᠡᠩᠭᠦᠢ ᠮᠡᠳᠡᠭᠡ ᠭᠠᠷᠬᠤ ᠪᠣᠯᠤᠭᠰᠠᠨ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 4-3 ᠳ᠋ᠤᠭᠠᠷ ᠵᠠᠭᠤᠨ ᠤ ᠦᠶ᠎ᠡ ᠪᠥᠭᠡᠳ ᠲᠡᠷᠡ ᠦᠶ᠎ᠡ ᠳᠦ ᠬᠢᠲᠠᠳ ᠤᠨ ᠬᠣᠶᠢᠳᠤ ᠬᠢᠵᠠᠭᠠᠷ ᠲᠤ ᠾᠦᠩᠨᠦ᠂ ᠳᠤᠩᠬᠤ ᠭᠡᠳᠡᠭ ᠠᠶᠢᠮᠠᠭ ᠤᠨ ᠬᠣᠶᠠᠷ ᠬᠣᠯᠪᠣᠭ᠎ᠠ ᠪᠦᠷᠢᠯᠳᠦᠵᠡᠢ᠃ᠾᠦᠩᠨᠦ ᠨᠠᠷ ᠤᠨ ᠠᠶᠢᠮᠠᠭ ᠤᠨ ᠬᠣᠯᠪᠣᠭ᠎ᠠ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 3 ᠍ᠳ᠋ᠤᠭᠠᠷ ᠵᠠᠭᠤᠨ ᠤ ᠡᠴᠦᠰ ᠦᠨ ᠠᠷᠪᠠᠨ ᠤᠨ ᠳᠤ ᠨᠡᠯᠢᠶᠡᠳ ᠬᠦᠴᠦ ᠶᠢ ᠣᠯᠤᠭᠰᠠᠨ ᠨᠢ ᠠᠷᠠᠳ ᠤᠨ ᠪᠣᠰᠤᠯᠭ᠎ᠠ ᠭᠠᠷᠴᠠᠭᠠᠵᠤ ᠰᠤᠷᠪᠤᠯᠵᠢᠲᠠᠨ ᠤ ᠪᠦᠯᠦᠭ ᠦᠳ ᠵᠠᠰᠠᠭ ᠤᠨ ᠡᠷᠬᠡ ᠶᠢᠨ ᠲᠥᠯᠥᠭᠡ ᠬᠣᠭᠣᠷᠣᠨᠳᠣ ᠪᠠᠨ ᠲᠡᠮᠡᠴᠡᠯᠳᠦᠵᠦ ᠪᠠᠶᠢᠭᠰᠠᠨ ᠬᠦᠴᠦᠷᠬᠡᠭ ᠬᠥᠷᠰᠢ ᠬᠢᠲᠠᠳ ᠣᠷᠣᠨ ᠢ ᠰᠤᠯᠠᠷᠠᠭᠤᠯᠤᠭᠰᠠᠨ ᠶᠠᠪᠤᠳᠠᠯ ᠨᠢ ᠲᠡᠭᠦᠨ ᠳᠦ ᠵᠠᠷᠢᠮ ᠲᠠᠯ᠎ᠠ ᠪᠠᠷ ᠳᠥᠬᠥᠮ ᠪᠣᠯᠵᠠᠢ᠃ ᠲᠡᠷᠡ ᠦᠶ᠎ᠡ ᠳᠦ ᠪᠥᠷᠢᠯᠳᠦᠨ ᠪᠠᠶᠢᠭᠰᠠᠨ ᠾᠦᠩᠨᠦ ᠨᠠᠷ ᠤᠨ ᠨᠡᠶᠢᠭᠡᠮ ᠤᠨ ᠪᠠᠶᠢᠭᠤᠯᠤᠯ ᠨᠢ ᠠᠩᠬᠠᠨ ᠤ ᠬᠦᠢ ᠨᠢᠭᠡᠳᠦᠯ ᠡᠴᠡ ᠨᠡᠶᠢᠭᠡᠮ ᠤᠨ ᠪᠠᠶᠢᠭᠤᠯᠤᠯ ᠳᠤ ᠰᠢᠯᠵᠢᠨ ᠪᠦᠬᠦᠢ ᠦᠶ᠎ᠡ ᠪᠠᠶᠢᠵᠠᠢ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 6-5 ᠍ᠳ᠋ᠤᠭᠠᠷ ᠵᠠᠭᠤᠨ ᠳᠤ ᠬᠠᠮᠢᠶᠠᠷᠤᠭᠳᠠᠬᠤ ᠾᠦᠩᠨᠦ ᠵᠢᠨ ᠡᠪᠦᠭᠡ ᠰᠤᠶᠤᠯ ᠱᠠᠨ ᠰᠢᠾᠸᠪᠸᠢᠱᠠᠨᠰᠢ ᠮᠤᠵᠢ᠂ ᠥᠪᠥᠷ ᠮᠣᠩᠭᠣᠯ᠂ ᠮᠥᠨ ᠯᠢᠶᠤᠤᠨᠢᠩ ᠤᠨ ᠵᠠᠷᠢᠮ ᠬᠡᠰᠡᠭ ᠲᠦ ᠲᠠᠷᠬᠠᠭᠰᠠᠨ ᠪᠠᠶᠢᠨ᠎ᠠ᠃[1] ᠾᠦᠩᠨᠦᠴᠦᠳ ᠠᠩᠬ᠎ᠠ ᠣᠷᠳᠣᠰ᠂ ᠥᠪᠥᠷ ᠮᠣᠩᠭᠣᠯ ᠤᠨ ᠪᠠᠷᠠᠭᠤᠨ ᠬᠡᠰᠡᠭ ᠲᠦ ᠲᠥᠪᠯᠡᠷᠡᠨ ᠰᠠᠭᠤᠵᠤ ᠪᠠᠶᠢᠭᠠᠳ ᠾᠦᠩᠨᠦ ᠤᠯᠤᠰ ᠪᠠᠶᠢᠭᠤᠯᠤᠭᠳᠠᠬᠤ ᠦᠶ᠎ᠡ ᠳᠦ ᠣᠳᠣ ᠶᠢᠨ ᠮᠣᠩᠭᠣᠯ ᠤᠨ ᠨᠤᠲᠤᠭ ᠢ ᠵᠠᠬᠢᠷᠭᠠᠨ ᠳᠤ ᠪᠠᠨ ᠣᠷᠣᠭᠤᠯᠵᠤ ᠰᠠᠭᠤᠷᠢᠰᠢᠬᠤ ᠪᠣᠯᠵᠠᠢ᠃ ᠵᠠᠷᠢᠮ ᠰᠤᠳᠤᠯᠤᠭᠠᠴᠢᠳ ᠳᠥᠷᠪᠡᠯᠵᠢᠨ ᠪᠤᠯᠠᠰᠢ ᠤ ᠬᠦᠮᠦᠰ ᠢ ᠾᠦᠩᠨᠦ ᠶᠢᠨ ᠰᠢᠭᠤᠳ ᠡᠪᠦᠭᠡ ᠪᠢᠰᠢ ᠭᠡᠳᠡᠭ᠃ ᠾᠦᠩᠨᠦ ᠶᠢᠨ ᠰᠤᠶᠤᠯ ᠰᠺᠢᠹ ᠰᠠᠷᠮᠠᠲ᠋ᠢ ᠶᠢᠨ ᠬᠢ ᠲᠠᠢ ᠲᠥᠰᠲᠡᠢ ᠴᠤ ᠥᠪᠡᠷ ᠦᠨ ᠣᠨᠴᠠᠯᠢᠭ ᠲᠠᠢ᠃

ᠵᠠᠰᠠᠭ ᠵᠠᠬᠢᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠦᠩᠨᠦᠴᠤᠳ ᠤᠨ ᠠᠶᠢᠮᠠᠭ ᠤᠨ ᠪᠠᠶᠢᠭᠤᠯᠤᠯᠲᠠ ᠶᠢᠨ ᠤᠯᠤᠰ ᠲᠥᠷᠥ ᠶᠢᠨ ᠬᠡᠯᠪᠡᠷᠢ ᠨᠢ ᠬᠣᠵᠢᠮ ᠪᠣᠯᠲᠠᠯ᠎ᠠ ᠪᠤᠶᠤ ᠾᠦᠩᠨᠦᠴᠤᠳ ᠤᠨ ᠬᠦᠴᠦᠷᠬᠡᠭ ᠴᠢᠳᠠᠯ ᠨᠡᠶᠢᠲᠡ ᠶᠢᠨ ᠤᠨ ᠲᠤᠭᠠᠯᠠᠯ ᠤᠨ 1 ᠳ᠋ᠦᠭᠡᠷ ᠵᠠᠭᠤᠨ ᠤ ᠦᠶ᠎ᠡ ᠳᠦ ᠳᠤᠷᠤᠶᠢᠲᠠᠬᠤ ᠬᠦᠷᠲᠡᠯ᠎ᠡ ᠬᠡᠪ ᠢᠶᠡᠷ ᠪᠠᠶᠢᠭᠰᠠᠨ ᠴᠡᠷᠢᠭ ᠦᠨ ᠠᠷᠠᠳᠴᠢᠯᠠᠯ ᠶᠤᠮ᠃ 《ᠴᠡᠷᠢᠭ ᠦᠨ ᠠᠷᠠᠳᠴᠢᠯᠠᠯ》ᠪᠠᠶᠢᠭᠤᠯᠤᠯ ᠤᠯᠤᠰ ᠲᠥᠷᠥ ᠲᠣᠭᠲᠠᠭᠠᠬᠤ ᠪᠤᠶᠤ ᠠᠩᠭᠢᠲᠤ ᠨᠡᠶᠢᠭᠡᠮ ᠲᠣᠭᠲᠠᠬᠤ ᠶᠢᠨ ᠰᠢᠭᠤᠳ ᠤᠭᠲᠤᠭᠤᠯ ᠨᠢ ᠪᠣᠯᠳᠠᠭ ᠶᠤᠮ᠃ ᠾᠦᠩᠨᠦᠴᠤᠳ ᠤᠨ ᠡᠷᠬᠡ ᠮᠡᠳᠡᠯ ᠨᠢ ᠦᠶ᠎ᠡ ᠤᠯᠠᠷᠢᠨ ᠲᠤᠬᠠᠢ ᠶᠢᠨ ᠨᠢᠭᠡᠨ ᠣᠪᠣᠭᠲᠤ ᠳᠤ ᠪᠠᠲᠤ ᠣᠷᠣᠰᠢᠨ᠂ ᠡᠴᠢᠭᠡ ᠡᠴᠡ ᠬᠦᠦ ᠳᠦ ᠨᠢ ᠰᠢᠯᠵᠢᠭᠦᠯᠳᠡᠭ ᠪᠠᠶᠢᠵᠠᠢ᠃ ᠠᠶᠢᠮᠠᠭ ᠤᠨ ᠬᠣᠯᠪᠣᠭᠠᠨ ᠤ ᠲᠡᠷᠢᠭᠦᠨ ᠳᠦ ᠡᠵᠡᠨ ᠱᠠᠨᠦᠢ ᠪᠠᠶᠢᠵᠤ ᠪᠠᠶᠢᠭᠠᠳ᠂ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 3 ᠳ᠋ᠤᠭᠠᠷ ᠵᠠᠭᠤᠨ ᠤ ᠦᠶᠡᠰ ᠲᠡᠭᠦᠨ ᠢ ᠠᠶᠢᠮᠠᠭ ᠪᠤᠶᠤ ᠵᠣᠩᠬᠢᠯᠠᠭᠴᠢᠳ ᠤᠨ ᠵᠥᠪᠯᠡᠯ ᠢᠶᠡᠷ ᠰᠣᠩᠭᠣᠬᠤ ᠪᠠᠨ ᠨᠢᠭᠡᠨᠲᠡ ᠪᠣᠯᠢᠭᠰᠠᠨ ᠪᠠᠶᠢᠵᠠᠢ᠃ ᠠᠶᠢᠮᠠᠭ ᠤᠨ ᠰᠤᠷᠪᠤᠯᠵᠢᠲᠠᠨ ᠨᠣᠶᠠᠳ ᠢᠯᠭᠠᠷᠠᠨ ᠭᠠᠷᠴᠤ ᠵᠣᠩᠬᠢᠯᠠᠭᠴᠢᠳ ᠤᠨ ᠵᠥᠪᠯᠡᠯ ᠪᠠᠶᠢᠭᠰᠠᠭᠠᠷ ᠪᠣᠯᠪᠠᠴᠤ ᠰᠢᠢᠳᠪᠦᠷᠢ ᠲᠡᠢ ᠠᠯᠬᠤᠮ ᠬᠢᠳᠡᠭ ᠦᠭᠡᠢ ᠪᠠᠶᠢᠪᠠ᠃ ᠥᠪᠡᠷ ᠦᠨ ᠡᠴᠢᠭᠡ ᠲᠦᠮᠡᠨ ᠱᠠᠨᠦᠢ ᠶᠢ ᠠᠯᠠᠵᠤ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 209 ᠤᠨ ᠳᠤ ᠵᠠᠰᠠᠭ ᠤᠨ ᠡᠷᠬᠡ ᠶᠢ ᠪᠤᠯᠢᠶᠠᠨ ᠠᠪᠤᠭᠰᠠᠨ ᠮᠣᠳᠣᠨ ᠱᠠᠨᠦᠢ ᠵᠣᠩᠬᠢᠯᠠᠭᠴᠢᠳ ᠠᠴᠠ ᠵᠥᠪᠯᠡᠭᠡ ᠠᠪᠳᠠᠭ ᠪᠠᠶᠢᠭᠰᠠᠨ ᠪᠣᠯᠪᠠᠴᠤ ᠵᠠᠷᠢᠮ ᠳᠤ ᠪᠠᠨ ᠲᠡᠳᠡᠨ ᠢ ᠲᠣᠭᠤᠳᠠᠭ ᠦᠭᠡᠢ ᠪᠡᠷ ᠦᠯᠦ ᠪᠠᠷᠠᠨ᠂ ᠬᠡᠷᠪᠡ ᠵᠣᠩᠬᠢᠯᠠᠭᠴᠢᠳ ᠲᠡᠭᠦᠨ ᠤ ᠰᠠᠨᠠᠯ ᠢ ᠨᠢ ᠡᠰᠡ ᠵᠥᠪᠰᠢᠶᠡᠷᠡᠪᠡᠯ《ᠲᠣᠯᠣᠭᠠᠢ ᠶᠢ ᠨᠢ ᠠᠪ》 ᠭᠡᠵᠦ ᠲᠤᠰᠢᠶᠠᠳᠠᠭ ᠪᠠᠶᠢᠵᠠᠢ᠃ ᠮᠣᠳᠣᠨ ᠱᠠᠨᠦᠢ ᠬᠠᠭᠠᠨ ᠰᠢᠷᠡᠭᠡᠨ ᠳᠦ ᠰᠠᠭᠤᠭᠰᠠᠨ ᠤ ᠪᠠᠨ ᠳᠠᠷᠠᠭ᠎ᠠ ᠦᠭᠡᠷᠡᠴᠢᠯᠡᠯᠲᠡ ᠬᠢᠵᠦ ᠲᠡᠭᠦᠪᠡᠷ ᠢᠶᠡᠨ ᠾᠦᠩᠨᠦᠴᠤᠳ ᠤᠨ ᠰᠤᠷᠪᠤᠯᠵᠢᠲᠠᠨ ᠤ ᠦᠶ᠎ᠡ ᠤᠯᠠᠷᠢᠬᠤ ᠡᠷᠬᠡ ᠮᠡᠳᠡᠯ ᠢ ᠪᠡᠬᠢᠵᠢᠭᠦᠯᠵᠡᠢ᠃ ᠾᠦᠩᠨᠦᠴᠤᠳ ᠤᠨ ᠮᠡᠳᠡᠯ ᠳᠦ ᠣᠷᠣᠭᠰᠠᠨ ᠭᠠᠵᠠᠷ ᠨᠤᠲᠤᠭ ᠢ ᠭᠤᠷᠪᠠ ᠬᠤᠪᠢᠶᠠᠵᠤ᠂ ᠨᠢᠭᠡ ᠬᠡᠰᠡᠭ ᠨᠢ ᠮᠣᠳᠣᠨ ᠱᠠᠨᠦᠢ ᠶᠢᠨ ᠬᠠᠷᠢᠶᠠᠲᠤ ᠨᠠᠷ ᠤᠨ ᠨᠤᠲᠤᠭ ᠪᠣᠯᠵᠤ᠂ ᠨᠥᠭᠥᠭᠡ ᠬᠣᠶᠠᠷ ᠬᠡᠰᠡᠭ ᠨᠢ ᠵᠡᠭᠦᠨ ᠪᠠᠷᠠᠭᠤᠨ ᠡᠲᠡᠭᠡᠳ ᠦᠨ ᠨᠣᠶᠠᠳ: ᠵᠢᠺᠢ ᠸᠠᠩ᠂ ᠯᠤᠯ ᠸᠠᠩ ᠨᠠᠷ ᠤᠨ ᠲᠡᠷᠢᠭᠦᠯᠡᠭᠰᠡᠨ ᠭᠠᠵᠠᠷ ᠪᠣᠯᠵᠠᠢ᠃ ᠵᠡᠭᠦᠨ ᠡᠲᠡᠭᠡᠳ ᠰᠣᠯᠣᠭᠠᠢ ᠲᠠᠯ᠎ᠠ ᠪᠠᠨ ᠠᠬᠠᠮᠠᠳ ᠲᠠᠯ᠎ᠠ ᠭᠡᠵᠦ ᠦᠵᠡᠳᠡᠭ ᠪᠠᠶᠢᠵᠠᠢ᠃ ᠶᠡᠷᠦ ᠨᠢ ᠱᠠᠨᠦᠢ ᠶᠢᠨ ᠰᠢᠷᠡᠭᠡ ᠵᠠᠯᠭᠠᠮᠵᠢᠯᠠᠭᠴᠢ ᠨᠢ ᠵᠡᠭᠦᠨ ᠡᠲᠡᠭᠡᠳ ᠦᠨ ᠵᠢᠺᠢ ᠸᠠᠩ ᠪᠠᠶᠢᠳᠠᠭ ᠪᠠᠶᠢᠵᠠᠢ᠃ ᠲᠡᠷᠡ ᠬᠣᠶᠠᠷ ᠸᠠᠩ ᠡᠯᠳᠡᠪ ᠴᠣᠯᠠ ᠲᠠᠢ ᠦᠶ᠎ᠡ ᠵᠠᠯᠭᠠᠮᠵᠢᠯᠠᠳᠠᠭ ᠵᠣᠩᠬᠢᠯᠠᠭᠴᠢ ᠲᠦᠮᠡᠨ ᠦ ᠨᠣᠶᠠᠳ ᠢ ᠵᠠᠬᠢᠷᠳᠠᠭ ᠪᠠᠶᠢᠵᠠᠢ᠃ ᠲᠡᠶᠢᠮᠦ ᠵᠣᠩᠬᠢᠯᠠᠭᠴᠢ 24 ᠪᠠᠶᠢᠭᠰᠠᠨ ᠤ ᠲᠤᠰ ᠪᠦᠷᠢ ᠨᠢ ᠨᠢᠭᠡ ᠲᠦᠮᠡᠨ ᠮᠣᠷᠢᠲᠤ ᠴᠡᠷᠢᠭ ᠲᠡᠢ ᠪᠠᠶᠢᠵᠠᠢ᠃ ᠲᠦᠮᠡᠨ ᠦ ᠨᠣᠶᠠᠳ᠂ ᠮᠢᠩᠭᠠᠲᠤ᠂ ᠵᠠᠭᠤᠲᠤ᠂ ᠠᠷᠪᠠᠲᠤ ᠶᠢᠨ ᠳᠠᠷᠤᠭ᠎ᠠ ᠨᠠᠷ ᠢ ᠲᠣᠮᠢᠯᠠᠨ ᠵᠠᠬᠢᠷᠬᠤ᠂ ᠲᠤᠰᠢᠶᠠᠬᠤ ᠬᠡᠷᠡᠭ ᠢᠶᠡᠨ ᠭᠦᠢᠴᠡᠳᠭᠡᠳᠡᠭ ᠪᠠᠶᠢᠪᠠ᠃

ᠾᠦᠩᠨᠦᠴᠤᠳ ᠤᠨ ᠶᠡᠬᠡ ᠰᠤᠷᠪᠤᠯᠵᠢᠲᠤ ᠣᠪᠤᠭ: ᠬᠤᠶᠠᠨᠢ᠂ ᠯᠠᠨᠢ᠂ ᠬᠣᠵᠢᠮ ᠭᠠᠷᠤᠭᠰᠠᠨ ᠰᠦᠢᠪᠦ᠋ ᠵᠡᠷᠭᠡ ᠭᠤᠷᠪᠠ ᠪᠠᠶᠢᠵᠠᠢ᠃ ᠲᠡᠳᠡᠭᠡᠷ ᠣᠪᠤᠭ ᠠᠴᠠ ᠦᠶ᠎ᠡ ᠵᠠᠯᠭᠠᠮᠵᠢᠯᠠᠳᠠᠭ ᠨᠣᠶᠠᠳ᠂ ᠴᠡᠷᠢᠭ ᠦᠨ ᠲᠣᠮᠣ ᠳᠠᠷᠤᠭ᠎ᠠ ᠳᠡᠪᠰᠢᠨ ᠭᠠᠷᠳᠠᠭ ᠪᠠᠶᠢᠯ᠎ᠠ᠃ ᠾᠦᠩᠨᠦᠴᠤᠳ ᠤᠨ ᠰᠤᠷᠪᠤᠯᠵᠢᠲᠠᠨ ᠤ ᠡᠷᠬᠡ ᠮᠡᠳᠡᠯ ᠦᠶ᠎ᠡ ᠵᠠᠯᠭᠠᠳᠠᠭ ᠪᠠᠶᠢᠭᠰᠠᠨ ᠨᠢ ᠣᠪᠤᠭ ᠠᠶᠢᠮᠠᠭ ᠤᠨ ᠬᠠᠷᠢᠯᠴᠠᠭ᠎ᠠ ᠵᠠᠳᠠᠷᠠᠵᠤ ᠠᠩᠭᠢᠲᠤ ᠨᠡᠶᠢᠭᠡᠮ ᠳᠦ ᠰᠢᠯᠵᠢᠨ ᠪᠦᠬᠦᠢ ᠶᠢᠨ ᠲᠡᠮᠳᠡᠭ ᠪᠢᠯᠡ᠃ ᠾᠦᠩᠨᠦ ᠭᠦᠷᠦᠨ ᠦ ᠵᠠᠰᠠᠭ ᠵᠠᠬᠢᠷᠭᠠᠨ ᠳᠤ ᠰᠢᠭᠦᠨ ᠲᠠᠰᠤᠯᠬᠤ ᠡᠷᠬᠡ ᠶᠢ ᠪᠠᠷᠠᠭᠤᠨ᠂ ᠵᠡᠭᠦᠨ ᠭᠤᠳᠤᠬᠤ ᠬᠡᠮᠡᠬᠦ ᠲᠤᠰᠢᠶᠠᠯᠲᠠᠨ ᠠᠵᠢᠯᠯᠠᠵᠤ ᠪᠠᠶᠢᠭᠰᠠᠨ ᠪᠠᠶᠢᠨ᠎ᠠ᠃ ᠾᠦᠩᠨᠦ ᠶᠢᠨ ᠬᠠᠮᠤᠭ ᠤᠨ ᠳᠤᠣᠷᠠᠳᠤ ᠲᠤᠰᠢᠶᠠᠯ ᠨᠢ ᠴᠧᠢᠴᠢᠶᠤ ᠬᠡᠮᠡᠬᠦ ᠵᠢᠵᠢᠭ ᠠᠯᠪᠠ ᠶᠢᠨ ᠲᠤᠰᠢᠶᠠᠯ ᠪᠠᠶᠢᠭᠰᠠᠨ ᠪᠥᠭᠡᠳ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 166 ᠴᠧᠢᠴᠢᠶᠤ ᠬᠡᠮᠡᠬᠦ ᠠᠯᠪᠠᠨ ᠲᠤᠰᠢᠶᠠᠯᠲᠠᠳ ᠬᠠᠨ ᠣᠯᠣᠰ ᠲᠤ ᠣᠴᠢᠵᠤ ᠪᠠᠶᠢᠵᠠᠢ᠃

ᠳᠤᠷᠤᠶᠢᠲᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭ ᠤᠨ ᠠᠶᠠᠰ ᠢᠶᠠᠷ ᠾᠦᠩᠨᠦ ᠳᠣᠲᠣᠷ᠎ᠠ ᠪᠠᠨ ᠬᠠᠭᠠᠷᠠᠨ᠂ ᠡᠮᠦᠨᠡᠲᠦ᠂ ᠤᠮᠠᠷᠠᠳᠤ ᠭᠡᠵᠦ ᠬᠤᠪᠢᠶᠠᠭᠳᠠᠬᠤ ᠳᠤ ᠬᠠᠨ ᠤᠯᠤᠰ ᠤᠮᠠᠷᠠᠲᠤ ᠾᠦᠩᠨᠦ ᠶᠢᠨ ᠵᠢᠵᠢᠭ ᠱᠠᠨᠦᠢ ᠶᠢ ᠪᠤᠲᠠ ᠴᠣᠬᠢᠭᠰᠠᠨ ᠢᠶᠠᠷ ᠪᠠᠷᠠᠭᠤᠨ ᠾᠦᠩᠨᠦᠴᠤᠳ ᠥᠷᠥᠨᠡᠲᠦ ᠤᠷᠤᠭᠤ ᠨᠡᠭᠦᠳᠡᠯᠯᠡᠬᠦ ᠡᠬᠢᠯᠡᠯ ᠢ ᠲᠠᠯᠪᠢᠭᠰᠠᠨ ᠪᠠᠶᠢᠨ᠎ᠠ᠃ ᠬᠠᠨ ᠭᠦᠷᠦᠨ ᠡᠭᠦᠨ ᠡᠴᠡ ᠴᠠᠰᠢ ᠳᠠᠪᠰᠢᠭ᠎ᠠ ᠦᠭᠡᠢ ᠪᠢᠯᠡ᠃ ᠡᠷᠲᠡᠨ ᠦ ᠬᠢᠲᠠᠳ ᠤᠨ ᠰᠣᠩᠭᠣᠳᠠᠭ ᠵᠣᠬᠢᠶᠠᠯ ᠤᠨ ᠨᠢᠭᠡ ᠠᠯᠳᠠᠷ ᠲᠠᠢ ᠴᠠᠢ ᠸᠠᠩᠵᠢ ᠭᠦᠨᠵᠢ ᠶᠢᠨ 《ᠾᠦᠩᠨᠦ ᠶᠢᠨ ᠮᠣᠳᠣᠨ ᠴᠤᠭᠤᠷ》 12 ᠱᠠᠲᠤ ᠰᠢᠯᠦᠭ ᠦᠨ ᠲᠡᠦᠬᠡ ᠡᠮᠦᠨᠡᠲᠦ ᠾᠦᠩᠨᠦ ᠬᠠᠨ ᠭᠦᠷᠦᠨ ᠦ ᠮᠡᠳᠡᠯ ᠳᠦ ᠣᠷᠣᠭᠰᠠᠨ ᠴᠤ ᠠᠯᠲᠠᠢ-ᠲᠠᠷᠪᠠᠭᠠᠲᠠᠢ ᠳᠤ ᠦᠯᠡᠳᠡᠭᠰᠡᠨ ᠪᠠᠷᠠᠭᠤᠨ ᠾᠦᠩᠨᠦᠴᠤᠳ ᠬᠥᠬᠡᠨᠠᠭᠤᠷ ᠲᠤ ᠪᠡᠬᠢᠵᠢᠭᠰᠡᠨ ᠬᠢᠲᠠᠳ ᠤᠨ ᠪᠡᠬᠢᠯᠡᠯᠲᠡ ᠶᠢ ᠦᠶ᠎ᠡ ᠦᠶ᠎ᠡ ᠠᠮᠵᠢᠯᠲᠠ ᠲᠠᠢ ᠤᠤᠯᠭᠠᠯᠠᠵᠤ ᠪᠠᠶᠢᠭᠰᠠᠨ ᠢ ᠨᠣᠲᠠᠯᠠᠳᠠᠭ ᠶᠤᠮ᠃ ᠯᠠᠨᠵᠢᠭᠤ ᠶᠢᠨ ᠪᠡᠬᠢᠯᠡᠯᠲᠡ ᠶᠢᠨ ᠵᠠᠬᠢᠷᠤᠭᠴᠢ ᠶᠢᠨ ᠥᠬᠢᠨ ᠢ ᠨᠢᠭᠡᠨ ᠤᠳᠠᠭ᠎ᠠ ᠶᠢᠨ ᠳᠣᠪᠲᠣᠯᠭᠠᠨ ᠢᠶᠠᠷ ᠾᠦᠩᠨᠦ ᠶᠢᠨ ᠵᠢᠵᠢᠭ ᠨᠣᠶᠠᠨ ᠣᠯᠵᠯᠠᠵᠠᠢ᠃ ᠲᠡᠷᠡ ᠬᠡᠦᠬᠡᠨ ᠠᠪᠤ ᠨᠢ ᠪᠠᠷᠢᠴᠠᠭ᠎ᠠ ᠲᠥᠯᠦᠵᠦ ᠰᠤᠯᠠᠯᠠᠲᠠᠯ᠎ᠠ ᠾᠦᠩᠨᠦᠴᠤᠳ ᠦᠨ ᠳᠤᠮᠳᠠ 12 ᠵᠢᠯ ᠠᠮᠢᠳᠤᠷᠠᠭᠰᠠᠨ ᠪᠥᠭᠡᠳ 《ᠨᠠᠮ ᠭᠦᠮ ᠰᠥᠨᠢ ᠪᠡᠷ ᠢᠳᠡᠭᠡᠯᠡᠭᠰᠡᠨ ᠠᠷᠠᠰᠤᠨ ᠤ ᠡᠬᠡᠭᠦᠨ ᠦᠨᠦᠷ ᠲᠡᠢ ᠬᠥᠨᠵᠢᠯᠡ ᠳᠦ ᠪᠡᠨ ᠰᠢᠷᠭᠤᠨ᠂ ᠢᠯᠡ ᠭᠠᠯ ᠤᠨ ᠳᠡᠷᠭᠡᠳᠡ ᠴᠤᠭᠯᠠᠭᠰᠠᠨ ᠾᠦᠩᠨᠦᠴᠤᠳ ᠦᠨ ᠮᠣᠳᠣᠨ ᠴᠤᠭᠤᠷ ᠤᠢ ᠲᠠᠢ ᠡᠭᠡᠰᠢᠭᠯᠡᠬᠦ ᠶᠢ ᠰᠣᠨᠣᠰᠤᠨ ᠥᠩᠭᠡᠷᠡᠭᠡᠭᠰᠡᠨ 12 ᠵᠢᠯ ᠦᠨ ᠢᠶᠡᠨ ᠲᠤᠬᠠᠢ ᠪᠢᠴᠢᠭᠰᠡᠨ ᠪᠠᠶᠢᠳᠠᠭ᠃ ᠲᠡᠷᠡ ᠾᠦᠩᠨᠦ ᠨᠣᠶᠠᠨ ᠳᠤ ᠬᠣᠶᠠᠷ ᠬᠦᠦ ᠲᠥᠷᠦᠵᠦ ᠥᠭᠭᠦᠭᠰᠡᠨ ᠪᠥᠭᠡᠳ ᠬᠡᠦᠬᠡᠳ ᠦᠳ ᠨᠢ ᠡᠵᠢ ᠲᠡᠢ ᠪᠡᠨ ᠪᠤᠰᠤ ᠠᠪᠤ ᠲᠠᠢ ᠪᠠᠨ ᠦᠯᠡᠳᠡᠵᠡᠢ᠃

ᠬᠢᠲᠠᠳ ᠤᠳ ᠡᠰᠡᠪᠡᠯ ᠨᠡᠭᠦᠳᠡᠯᠴᠢᠳ ᠬᠥᠬᠡᠨᠠᠭᠤᠷ ᠲᠤ ᠨᠢᠭᠡ ᠯᠠ ᠪᠡᠬᠢᠵᠢᠭᠰᠡᠨ ᠪᠣᠯ ᠪᠠᠷᠠᠭᠤᠨ ᠲᠠᠯ᠎ᠠ ᠪᠠᠨ ᠠᠯᠤᠰ ᠪᠡᠬᠢᠯᠡᠵᠦ ᠴᠢᠳᠠᠳᠠᠭ ᠨᠢ ᠭᠧᠣᠫᠣᠯᠢᠲ᠋ᠢᠺ(Geopolitically) ᠤᠨ ᠬᠤᠪᠢ ᠳᠤ ᠨᠣᠲᠠᠯᠠᠭᠳᠠᠭᠰᠠᠨ ᠪᠢᠯᠡ᠃ ᠲᠠᠩ ᠭᠦᠷᠦᠨ ᠦ ᠦᠶ᠎ᠡ ᠶᠢᠨ ᠭᠠᠶᠢᠬᠠᠮᠰᠢᠭᠲᠤ ᠢᠷᠠᠭᠤ ᠨᠠᠶᠢᠷᠠᠭᠴᠢ ᠯᠢ ᠪᠠᠶ ᠶᠢᠨ ᠶᠡᠬᠡ ᠠᠯᠳᠠᠷᠰᠢᠭᠰᠠᠨ 《ᠬᠥᠬᠡ ᠨᠠᠭᠤᠷ ᠤᠨ ᠡᠷᠭᠢ ᠳᠦ ᠰᠠᠷ᠎ᠠ ᠬᠠᠷᠠᠨ ᠭᠡᠶᠦᠷᠴᠦ᠂ ᠳᠠᠶᠢᠨ ᠳᠤ ᠶᠠᠪᠤᠭᠠᠳ ᠡᠷᠭᠢᠵᠦ ᠢᠷᠡᠬᠦ ᠦᠭᠡᠢ ᠨᠥᠬᠥᠷ ᠢᠶᠡᠨ ᠬᠦᠯᠢᠶᠡᠭᠰᠡᠨ ᠪᠦᠰᠡᠭᠦᠢ ᠶᠢᠨ ᠲᠤᠬᠠᠢ》 ᠤᠶᠠᠩᠭ᠎ᠠ ᠶᠢᠨ ᠰᠢᠯᠦᠭ ᠪᠤᠢ᠃ᠥᠷᠦᠮᠴᠢ ᠡᠴᠡ 120 ᠣᠷᠴᠢᠮ ᠺᠢᠯᠣᠮᠧᠲ᠋ᠷ ᠵᠠᠶᠢᠲᠠᠢ ᠲᠦᠷᠫᠠᠨ ᠤ ᠬᠥᠨᠳᠡᠢ ᠳᠤ ᠪᠠᠶᠢᠳᠠᠭ ᠣᠳᠣ ᠵᠢᠬᠡ ᠭᠡᠵᠦ ᠨᠡᠷᠡᠯᠡᠭᠰᠡᠨ ᠵᠢᠵᠢᠭ ᠭᠣᠣᠯ ᠤᠨ ᠰᠢᠷ᠎ᠠ ᠰᠢᠪᠠᠷ ᠢᠶᠠᠷ ᠪᠦᠲᠦᠭᠰᠡᠨ ᠠᠷᠠᠯ ᠳᠤ ᠪᠠᠶᠢᠭᠰᠠᠨ 3500 ᠴᠡᠷᠢᠭ ᠭᠠᠷᠭᠠᠬᠤ ᠴᠢᠳᠠᠯ ᠲᠠᠢ ᠭᠦᠰᠢ ᠬᠡᠮᠡᠬᠦ ᠵᠢᠵᠢᠭ᠍ᠭᠡᠨ ᠤᠯᠤᠰ ᠢ ᠡᠷᠬᠡᠰᠢᠶᠡᠯ ᠳᠦ ᠪᠡᠨ ᠠᠪᠬᠤ ᠶᠢᠨ ᠲᠤᠯᠠᠳᠠ ᠬᠠᠨ ᠭᠦᠷᠦᠨ᠂ ᠾᠦᠩᠨᠦ ᠭᠦᠷᠦᠨ ᠲᠡᠢ ᠬᠣᠶᠠᠷ ᠵᠠᠭᠤᠨ ᠵᠢᠯ ᠥᠷᠢᠰᠦᠯᠳᠦᠭᠰᠡᠨ ᠶᠤᠮ᠃ ᠬᠢᠲᠠᠳ ᠤᠨ ᠠᠷᠮᠢ ᠳᠠᠪᠰᠢᠬᠤ ᠳᠤ ᠾᠦᠩᠨᠦᠴᠤᠳ ᠴᠥᠯ ᠳᠤᠮᠳᠠᠭᠤᠷ ᠤᠰᠤ ᠦᠭᠡᠢ ᠭᠠᠵᠠᠷ ᠤᠷᠤᠭᠤ ᠳᠠᠭᠠᠭᠤᠯᠤᠨ ᠤᠬᠤᠷᠢᠭᠠᠳ ᠪᠥᠰᠡᠯᠡᠨ ᠬᠢᠳᠤᠳᠠᠭ ᠪᠠᠶᠢᠵᠠᠢ᠃ ᠾᠦᠩᠨᠦᠴᠤᠳ ᠭᠠᠷᠳᠠᠨ ᠲᠤᠯᠤᠯᠳᠤᠭᠠᠨ ᠳᠤ ᠣᠷᠣᠯ ᠦᠭᠡᠢ ᠬᠤᠯᠠᠭᠤᠷ ᠪᠥᠰᠡᠯᠡᠨ ᠳᠠᠪᠬᠢᠬᠤ ᠵᠠᠭᠤᠷ᠎ᠠ ᠬᠣᠯᠠ ᠲᠤᠰᠬᠠᠯ ᠲᠠᠢ ᠨᠤᠮᠤ ᠪᠠᠷ ᠬᠠᠷᠪᠤᠨ ᠴᠥᠭᠡᠷᠡᠭᠦᠯᠦᠭᠰᠡᠭᠡᠷ ᠲᠤᠶᠢᠯᠳᠠᠭᠤᠯᠤᠨ ᠢᠯᠠᠳᠠᠭ ᠪᠠᠶᠢᠪᠠ᠃ ᠬᠠᠨ ᠭᠦᠷᠦᠨ ᠦ ᠴᠡᠷᠢᠭ ᠬᠦᠨᠡᠰᠦ᠂ ᠤᠰᠤ ᠪᠠᠨ ᠪᠠᠷᠠᠬᠤ ᠳᠤ ᠾᠦᠩᠨᠦᠴᠤᠳ ᠦᠨ ᠬᠠᠷᠪᠤᠭᠰᠠᠨ ᠰᠤᠮᠤ ᠶᠢ ᠡᠷᠭᠢᠭᠦᠯᠦᠨ ᠬᠠᠷᠪᠤᠬᠤ ᠪᠠ ᠮᠣᠷᠢᠳ ᠡᠵᠡᠨ ᠦᠭᠡᠢ ᠬᠤᠯᠵᠢᠨ ᠣᠳᠬᠤ ᠨᠢ ᠣᠯᠠᠨ ᠴᠤ ᠡᠴᠦᠰ ᠲᠦ ᠪᠠᠨ ᠬᠢᠲᠠᠳ ᠤᠳ ᠦᠬᠦᠵᠦ ᠳᠠᠭᠤᠰᠳᠠᠭ ᠪᠠᠶᠢᠪᠠ᠃ᠡᠨᠡ ᠠᠷᠭ᠎ᠠ ᠬᠡᠯᠪᠡᠷᠢ ᠨᠢ1455 ᠤᠨ ᠳᠤ ᠲᠦᠮᠠᠭ ᠤᠨ ᠬᠥᠨᠳᠡᠢ ᠳᠤ ᠮᠢᠩ ᠤᠯᠤᠰ ᠤᠨ ᠢᠩᠵᠤᠨ ᠬᠠᠭᠠᠨ ᠢ ᠣᠯᠵᠠᠯᠠᠬᠤ ᠳᠤ ᠬᠦᠷᠲᠡᠯ᠎ᠡ ᠦᠷ᠎ᠡ ᠳ᠋ᠦᠩ ᠲᠡᠢ ᠬᠡᠷᠡᠭᠵᠢᠵᠦ ᠪᠠᠶᠢᠭᠰᠠᠨ ᠪᠢᠯᠡ᠃ ᠬᠠᠭᠠᠨ ᠮᠣᠩᠭᠣᠯ ᠡᠬᠡᠨᠡᠷ ᠠᠪᠴᠤ᠂ ᠲᠠᠪᠤ ᠭᠡᠵᠢᠭᠡ ᠲᠠᠯᠪᠢᠵᠤ᠂ ᠬᠣᠨᠢ ᠬᠠᠷᠢᠭᠤᠯᠳᠠᠭ ᠪᠠᠶᠢᠪᠠ᠃ ᠬᠣᠨᠢ ᠬᠠᠷᠢᠭᠤᠯᠬᠤ ᠭᠡᠰᠡᠨ ᠡᠴᠡ ᠾᠦᠩᠨᠦᠴᠦᠳ ᠲᠦ ᠬᠠᠭᠤᠷᠲᠠᠨ ᠮᠥᠷᠳᠡᠨ ᠬᠥᠭᠡᠭᠰᠡᠭᠡᠷ ᠤᠰᠤ ᠦᠭᠡᠢ ᠴᠥᠯ ᠳᠦ ᠪᠦᠰᠡᠯᠡᠭᠳᠡᠭᠰᠡᠨ ᠬᠢᠲᠠᠳ ᠤᠨ ᠫᠣᠨᠤ ᠵᠠᠩᠵᠤᠨ ᠥᠪᠡᠷ ᠢᠶᠡᠨ ᠤᠰᠤ ᠬᠠᠶᠢᠵᠤ ᠶᠠᠪᠤᠭᠠᠳ ᠾᠦᠩᠨᠦᠴᠤᠳ ᠲᠦ ᠣᠯᠵᠠᠯᠠᠭᠳᠠᠵᠤ᠂ ᠬᠠᠷᠢᠨ ᠱᠠᠨᠦᠢ ᠲᠡᠭᠦᠨ ᠢ ᠠᠯᠠᠭᠰᠠᠨ ᠦᠭᠡᠢ᠂ ᠠᠪᠢᠶᠠᠰ ᠴᠢᠳᠠᠪᠤᠷᠢ ᠲᠠᠢ ᠵᠠᠩᠵᠤᠨ ᠢ ᠬᠠᠺᠠᠰ ᠤᠨ ᠵᠠᠬᠢᠷᠤᠭᠴᠢ ᠪᠠᠷ ᠲᠣᠮᠢᠯᠠᠭᠰᠠᠨ ᠪᠠᠶᠢᠳᠠᠭ᠃ ᠬᠠᠷᠢᠨ ᠲᠡᠭᠦᠨ ᠦ ᠠᠬ᠎ᠠ ᠰᠤᠯᠠ ᠡᠷ᠎ᠡ ᠪᠠᠶᠢᠵᠠᠢ᠃ ᠾᠦᠩᠨᠦ ᠳᠦ ᠣᠯᠵᠠᠯᠠᠭᠳᠠᠭᠠᠳ ᠬᠣᠨᠢ ᠬᠠᠷᠢᠭᠤᠯᠤᠨ ᠶᠠᠳᠠᠷᠴᠤ ᠶᠠᠪᠤᠬᠤ ᠳᠤ ᠪᠠᠨ ᠰᠢᠪᠠᠭᠤ ᠲᠡᠵᠢᠭᠡᠵᠦ ᠳᠡᠭᠦᠦ ᠳᠦ ᠪᠡᠨ ᠵᠠᠬᠢᠶ᠎ᠠ ᠢᠯᠡᠭᠡᠬᠦ ᠶᠢ ᠣᠷᠣᠯᠳᠤᠳᠠᠭ ᠪᠠᠶᠢᠭᠰᠠᠨ ᠴᠤ ᠾᠦᠩᠨᠦᠴᠤᠳ ᠲᠠᠩᠨᠠᠪᠠ ᠬᠡᠮᠡᠨ ᠬᠠᠷᠠᠳᠠᠵᠤ᠂ ᠵᠠᠬᠢᠭ᠎ᠠ ᠶᠢ ᠨᠢ ᠣᠯᠵᠠᠯᠠᠬᠤ ᠶᠢᠨ ᠲᠤᠯᠠᠳᠠ ᠰᠢᠪᠠᠭᠤᠳ ᠢ ᠨᠢ ᠬᠠᠷᠪᠤᠭᠠᠳ ᠠᠯᠠᠴᠢᠬᠠᠳᠠᠭ ᠪᠠᠶᠢᠭᠰᠠᠨ ᠭᠤᠨᠢᠭᠲᠤ ᠲᠡᠦᠬᠡ ᠶᠢ ᠦᠭᠦᠯᠡᠭᠰᠡᠨ ᠰᠢᠯᠦᠭ ᠮᠥᠨ ᠯᠠ ᠬᠢᠲᠠᠳ ᠤᠨ ᠰᠣᠩᠭᠣᠳᠠᠭ ᠵᠣᠬᠢᠶᠠᠯ ᠳᠤ ᠭᠠᠷᠳᠠᠭ᠃ᠣᠯᠠᠨ ᠵᠠᠭᠤᠨ ᠤ ᠲᠤᠯᠤᠯᠳᠤᠭᠠᠨ ᠳᠤ ᠡᠴᠦᠰ ᠲᠦ ᠬᠢᠲᠠᠳ ᠤᠳ ᠢᠯᠠᠵᠤ᠂ ᠫᠣᠨᠣ ᠾᠦᠩᠨᠦ ᠳᠦ ᠦᠨᠡᠨᠴᠢ ᠪᠠᠶᠢᠵᠤ᠂ ᠵᠣᠷᠢᠭᠲᠤ ᠬᠠᠶᠠᠰ (ᠬᠠᠺᠠᠰᠺᠢᠷᠭᠢᠰ ᠤᠨ ᠡᠪᠦᠭᠡ) ᠢ ᠳᠠᠭᠠᠭᠤᠯᠤᠨ ᠬᠠᠨ ᠭᠦᠷᠦᠨ ᠦ ᠡᠰᠡᠷᠬᠦ ᠲᠤᠯᠤᠯᠳᠤᠭᠠᠳ ᠳᠠᠬᠢᠨ ᠢᠯᠠᠭᠳᠠᠭᠰᠠᠨ ᠶᠤᠮ᠃ ᠬᠢᠲᠠᠳ ᠤᠳ ᠭᠦᠰᠢ ᠬᠠᠭᠠᠨᠲᠤ ᠤᠯᠤᠰ ᠤᠨ ᠴᠧᠱᠢ ᠬᠡᠮᠡᠨ ᠨᠡᠷᠡᠯᠡᠵᠡᠢ᠃ ᠡᠭᠦᠨ ᠦ ᠳᠠᠷᠠᠭ᠎ᠠ ᠬᠢᠲᠠᠳ ᠤᠳ ᠪᠠᠶᠢᠯᠳᠣᠬᠣ ᠪᠣᠳᠣᠯᠭ᠎ᠠ ᠶᠢᠨ ᠠᠰᠢᠭᠲᠠᠢ ᠪᠠᠶᠢᠷᠢᠰᠢᠯ ᠣᠯᠵᠤ ᠠᠪᠴᠠᠢ᠃ ᠳᠣᠷᠣᠨ᠎ᠠ ᠶᠢᠨ ᠭᠧᠷᠣᠳᠣᠳ ᠭᠡᠭᠳᠡᠳᠡᠭ ᠠᠯᠳᠠᠷᠲᠤ ᠠᠶᠠᠯᠠᠭᠴᠢ ᠰᠤᠮᠠᠴᠢᠨ ᠬᠦᠮᠦᠨ ᠭᠦᠷᠦᠨ ᠦ ᠪᠠᠷᠠᠭᠤᠨ ᠡᠲᠡᠭᠡᠳ ᠲᠦ ᠪᠠᠶᠢᠷᠢᠯᠠᠳᠠᠭ ᠬᠦᠴᠦᠷᠬᠡᠭ ᠭᠦᠷᠦᠨ ᠢ ᠬᠠᠶᠢᠬᠤ ᠭᠡᠵᠦ ᠭᠠᠷᠤᠭᠠᠳ ᠾᠦᠩᠨᠦᠴᠤᠳ ᠲᠦ ᠣᠯᠵᠠᠯᠠᠭᠳᠠᠨ 12 ᠵᠢᠯ ᠪᠣᠯᠤᠭᠰᠠᠨ ᠶᠤᠮ᠃ ᠲᠡᠭᠡᠭᠡᠳ ᠣᠷᠭᠣᠵᠤ ᠷᠤᠮᠠ ᠬᠦᠷᠲᠡᠯ ᠡ ᠡᠠᠶᠠᠯᠬᠤ ᠳᠤ ᠪᠠᠨ ᠭᠠᠵᠠᠷ ᠤᠨ ᠵᠢᠷᠤᠭ ᠦᠢᠯᠡᠳᠦᠭᠰᠡᠨ ᠨᠢ ᠣᠷᠴᠢᠨ ᠦᠶ᠎ᠡ ᠶᠢᠨ ᠭᠠᠵᠠᠷ ᠤᠨ ᠵᠢᠷᠤᠭ ᠲᠠᠢ ᠲᠤᠩ ᠣᠶᠢᠷᠠᠯᠴᠠᠭ᠎ᠠ ᠪᠠᠶᠢᠳᠠᠭ᠃ ᠨᠠᠩᠭᠢᠶᠠᠳᠴᠤᠳ 3000 ᠵᠢᠯ ᠣᠷᠣᠰᠢᠨ ᠲᠣᠭᠲᠠᠨᠢᠬᠤ ᠳᠤ ᠪᠠᠨ ᠬᠢᠵᠠᠭᠠᠷᠳᠠᠮᠠᠯ ᠣᠷᠣᠨ ᠵᠠᠢ ᠳᠤ ᠯᠠ ᠲᠦᠷ ᠬᠦᠴᠦᠷᠬᠡᠭᠵᠢᠬᠦ ᠴᠢᠳᠠᠯ ᠲᠠᠢ ᠪᠠᠨ ᠬᠠᠷᠠᠭᠤᠯᠵᠠᠢ᠃ᠲᠦᠷᠫᠠᠨ ᠳᠤ ᠪᠡᠬᠢᠵᠢᠭᠰᠡᠨ ᠬᠢᠲᠠᠳ ᠤᠳ ᠾᠦᠩᠨᠦᠴᠤᠳ ᠦᠨ ᠪᠠᠷᠠᠭᠤᠨ ᠵᠦᠭ ᠦᠨ ᠤᠯᠤᠰ ᠤᠳ ᠲᠠᠢ ᠬᠠᠷᠢᠯᠴᠠᠬᠤ ᠵᠠᠮ ᠢ ᠲᠠᠰᠤᠯᠵᠠᠢ᠃ ᠨᠠᠩᠭᠢᠶᠠᠳ ᠤᠨ ᠬᠠᠭᠠᠳ ᠤ ᠤᠳᠠᠭᠠᠨ ᠵᠢᠯ ᠦᠷᠭᠦᠯᠵᠢᠯᠡᠭᠰᠡᠨ ᠬᠤᠳᠬᠤᠨ ᠦᠢᠮᠡᠭᠦᠯᠬᠦ ᠪᠣᠳᠣᠯᠭ᠎ᠠ ᠶᠢᠨ ᠦᠷ᠎ᠡ ᠳ᠋ᠦᠩ ᠳᠦ ᠳᠣᠲᠣᠭᠠᠳᠤ ᠶᠢᠨ ᠵᠥᠷᠢᠴᠡᠯ ᠡᠴᠡ ᠪᠣᠯᠵᠤ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ I ᠵᠠᠭᠤᠨ ᠪᠤᠯᠬᠤ ᠳᠦ ᠾᠦᠩᠨᠦᠴᠦᠳ ᠶᠡᠬᠡᠳᠡ ᠰᠤᠯᠠᠳᠠᠭᠰᠠᠨ ᠪᠠᠶᠢᠯ᠎ᠠ᠃ ᠠᠷᠤ ᠾᠦᠩᠨᠦ ᠶᠢᠨ ᠵᠢᠵᠢᠭ ᠱᠠᠨᠦᠢ ᠳᠤ ᠲᠤᠰᠠᠯᠠᠭᠤᠯᠬᠤ ᠪᠠᠷ ᠪᠠᠷᠠᠭᠤᠨ ᠵᠦᠭ ᠲᠤ ᠬᠢᠭᠰᠡᠨ ᠳᠠᠶᠢᠨ ᠤ ᠪᠠᠨ ᠶᠠᠪᠤᠴᠠ ᠳᠤ ᠺᠷᠠᠰ ᠤᠨ ᠭᠤᠷᠪᠠ ᠶᠢᠨ ᠬᠣᠯᠪᠣᠭᠠᠨ ᠠᠴᠠ ᠣᠯᠵᠯᠠᠭᠰᠠᠨ ᠯᠧᠭᠢᠶᠠᠨ ᠢ ᠢᠯᠡᠭᠡᠭᠰᠡᠨ ᠪᠠᠶᠢᠳᠠᠭ ᠶᠤᠮ᠃ᠡᠭᠦᠨ ᠢ ᠪᠠᠲᠤᠯᠠᠬᠤ ᠡᠬᠢ ᠰᠤᠷᠪᠤᠯᠵᠢ ᠶᠢᠨ ᠮᠡᠳᠡᠭᠡ ᠨᠢ ᠬᠠᠨ ᠱᠤ ᠳᠦ ᠲᠡᠮᠳᠡᠭᠯᠡᠭᠳᠡᠭᠰᠡᠨ 《 ᠾᠦᠩᠨᠦᠴᠦᠳ ᠲᠡᠢ ᠬᠢᠭᠰᠡᠨ ᠲᠤᠯᠤᠯᠳᠤᠭᠠᠨ ᠳᠤ ᠲᠡᠳᠡᠨ ᠦ ᠴᠡᠷᠢᠭ ᠦᠨ ᠪᠦᠷᠢᠯᠳᠦᠬᠦᠨ ᠳᠦ ᠥᠨᠳᠥᠷ ᠬᠠᠮᠠᠷ᠂ ᠬᠣᠩᠭᠣᠷ ᠰᠢᠷᠭᠠᠯ ᠦᠰᠦᠲᠡᠢ ᠬᠠᠷᠢ ᠬᠦᠮᠦᠰ ᠥᠨᠳᠥᠷ ᠪᠠᠮᠪᠣᠢ ᠪᠠᠷ ᠢᠶᠠᠨ ᠵᠢᠭᠠᠰᠤᠨ ᠤ ᠬᠠᠶᠢᠷᠰᠤ᠂ ᠶᠠᠰᠤᠲᠤ ᠮᠡᠯᠡᠬᠡᠢ ᠶᠢᠨ ᠬᠡᠯᠪᠡᠷᠢ ᠭᠠᠷᠭᠠᠨ ᠲᠤᠯᠤᠯᠳᠤᠵᠤ ᠪᠠᠶᠢᠭᠰᠠᠨ》 ᠡᠨᠡ ᠶᠠᠪᠤᠳᠠᠯ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 30 ᠤᠨ ᠳᠤ ᠪᠣᠯᠵᠠᠢ᠃ ᠵᠢᠵᠢᠭ ᠱᠠᠨᠦᠢ ᠶᠢᠨ ᠪᠡᠬᠢᠯᠡᠯᠲᠡ ᠶᠢ ᠬᠠᠮᠠᠭᠠᠯᠠᠵᠤ ᠪᠠᠶᠢᠭᠰᠠᠨ ᠷᠣᠮᠠᠴᠤᠳ ᠲᠣᠮᠣ ᠳᠥᠷᠪᠡᠯᠵᠢᠨ ᠪᠠᠮᠪᠠᠢ ᠶᠢ ᠪᠠᠨ ᠥᠷᠭᠡᠨ᠂ ᠪᠣᠭᠣᠨᠢ ᠵᠢᠳᠠ ᠪᠠᠨ ᠰᠤᠩᠭᠠᠨ ᠳᠣᠪᠲᠣᠯᠬᠤ ᠳᠤ ᠬᠢᠲᠠᠳ ᠤᠳ ᠥᠪᠥᠷ ᠾᠦᠩᠨᠦ ᠨᠠᠷ ᠲᠠᠢ ᠬᠦᠴᠦ ᠬᠠᠪᠰᠤᠷᠤᠨ ᠬᠠᠲᠠᠭᠤ ᠬᠣᠯᠬᠢᠪᠴᠢ ᠨᠤᠮᠤ ᠪᠠᠷ ᠨᠢᠭᠲᠠ ᠵᠢᠭᠰᠠᠭᠠᠯ ᠢ ᠨᠢ ᠰᠠᠷᠨᠢᠭᠤᠯᠤᠭᠠᠳ ᠮᠣᠷᠢᠲᠤ ᠴᠡᠷᠢᠭ ᠢᠶᠡᠷ ᠬᠢᠳᠤᠴᠢᠬᠠᠭᠰᠠᠨ ᠪᠠᠶᠢᠳᠠᠭ ᠶᠤᠮ᠃ ᠵᠢᠵᠢᠭ ᠱᠠᠨᠦᠢ ᠪᠠᠭᠤᠵᠤ ᠥᠭᠭᠦᠯ ᠦᠭᠡᠢ ᠲᠤᠯᠤᠯᠳᠤᠭᠰᠠᠭᠠᠷ ᠠᠯᠠᠭᠤᠯᠤᠭᠰᠠᠨ ᠪᠠ ᠾᠦᠩᠨᠦᠴᠤᠳ ᠳᠤᠮᠳᠠᠳᠤ ᠠᠽᠢᠶ᠎ᠠ ᠶᠢᠨ ᠭᠦᠨ ᠤᠷᠤᠭᠤ ᠤᠬᠤᠷᠢᠨ ᠵᠢᠭᠤᠲᠠᠭᠰᠠᠨ ᠪᠠᠶᠢᠨ᠎ᠠ᠃

ᠾᠦᠩᠨᠦ ᠭᠦᠷᠦᠨ ᠦ ᠵᠠᠬᠢᠷᠭᠠᠨ ᠳᠤ ᠪᠠᠶᠢᠭᠰᠠᠨ᠂ ᠳᠤᠩᠬᠤ ᠨᠠᠷ ᠪᠤᠶᠤ ᠰᠢᠶᠠᠨᠪᠢ ᠨᠠᠷ ᠬᠠᠨ ᠤᠯᠤᠰ ᠲᠠᠢ ᠬᠣᠯᠪᠣᠭ᠎ᠠ ᠲᠣᠭᠲᠠᠭᠠᠪᠠ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 48 ᠤᠨ ᠳᠤ ᠬᠠᠭᠠᠨ ᠰᠢᠷᠡᠭᠡᠨ ᠦ ᠲᠥᠯᠦᠭᠡᠨ ᠤ ᠲᠡᠮᠡᠴᠡᠯ ᠭᠠᠷᠴᠤ ᠠᠷᠤ᠂ ᠥᠪᠥᠷ ᠭᠡᠵᠦ 2 ᠬᠤᠪᠢᠶᠠᠭᠳᠠᠨ ᠡᠮᠦᠨᠡᠲᠦ ᠬᠡᠰᠡᠭ ᠬᠠᠨ ᠤᠯᠤᠰ ᠤᠨ ᠬᠠᠷᠢᠶᠠᠲᠤ ᠪᠣᠯᠪᠠ᠃ ᠭᠠᠳᠠᠭᠠᠳᠤ ᠶᠢᠨ ᠤᠯᠤᠰ ᠤᠳ ᠳᠣᠪᠲᠣᠯᠤᠭᠰᠠᠨ ᠨᠡᠶᠢᠲᠡ ᠶᠢᠨ ᠤᠨ ᠲᠤᠭᠠᠯᠠᠯ ᠤᠨ 85᠂ 87 ᠤᠨ ᠳᠤ ᠰᠢᠶᠠᠨᠪᠢ ᠠᠶᠢᠮᠠᠭ ᠠᠷᠤ ᠾᠦᠩᠨᠦ ᠨᠠᠷ ᠢ ᠪᠤᠲᠠ ᠨᠢᠷᠭᠡᠭᠰᠡᠨ ᠤᠴᠢᠷ ᠲᠡᠳᠡ ᠳᠠᠬᠢᠨ ᠰᠡᠬᠡᠵᠦ ᠴᠢᠳᠠᠭ᠎ᠠ ᠦᠭᠡᠢ ᠶᠤᠮ᠃ ᠦᠪᠦᠷ ᠾᠦᠩᠨᠤ ᠬᠢᠲᠠᠳ ᠴᠡᠷᠢᠭ ᠲᠡᠢ ᠬᠦᠴᠦ ᠬᠠᠪᠰᠤᠷᠤᠨ ᠠᠷᠤ ᠾᠦᠩᠨᠦ ᠨᠠᠷ ᠢ ᠬᠡᠳᠦ ᠬᠡᠳᠦᠨ ᠤᠳᠠᠭ᠎ᠠ ᠬᠠᠪᠴᠢᠨ ᠲᠤᠯᠵᠤ ᠲᠡᠳᠡᠨ ᠢ ᠪᠤᠲᠠ ᠴᠣᠬᠢᠵᠠᠢ᠃ ᠠᠷᠤ ᠾᠦᠩᠨᠦᠴᠤᠳ ᠨᠡᠶᠢᠲᠡ ᠶᠢᠨ ᠤᠨ ᠲᠤᠭᠠᠯᠠᠯ ᠤᠨ 93 ᠤᠨ ᠳᠤ ᠠᠶᠢᠮᠠᠭ ᠤᠨ ᠪᠡᠶ᠎ᠡ ᠳᠠᠭᠠᠭᠰᠠᠨ ᠨᠢᠭᠡᠳᠦᠯ ᠪᠣᠯᠤᠨ ᠲᠣᠭᠲᠠᠬᠤ ᠪᠠᠨ ᠪᠣᠯᠢᠵᠤ ᠨᠢᠭᠡ ᠬᠡᠰᠡᠭ ᠨᠢ ᠬᠢᠳᠤᠭᠤᠯᠵᠤ᠂ ᠠᠮᠢ ᠭᠠᠷᠤᠭᠰᠠᠨ ᠨᠢᠭᠡ ᠪᠤᠮ ᠭᠠᠷᠤᠢ ᠡᠷᠦᠬᠡ ᠠᠶᠢᠯ᠂ ᠰᠢᠶᠠᠨᠪᠢ ᠠᠶᠢᠮᠠᠭ ᠲᠤ ᠨᠢᠭᠡᠳᠴᠦ ᠲᠡᠳᠡᠨ ᠦ ᠠᠶᠢᠮᠠᠭ ᠤᠨ ᠨᠡᠷ᠎ᠡ ᠲᠡᠢ ᠪᠣᠯᠵᠠᠢ᠃ᠨᠠᠩᠭᠢᠶᠠᠳᠴᠤᠳ 3000 ᠵᠢᠯ ᠤᠨ ᠲᠤᠷᠰᠢ ᠨᠡᠭᠦᠳᠡᠯᠴᠢᠳ ᠲᠡᠢ ᠲᠡᠮᠡᠴᠡᠬᠦ ᠳᠦ ᠪᠡᠨ ᠬᠢᠵᠠᠭᠠᠷᠳᠠᠮᠠᠯ ᠣᠷᠣᠨ ᠵᠠᠢ ᠳᠤ ᠯᠠ ᠲᠦᠷ ᠬᠦᠴᠦᠷᠬᠡᠭᠵᠢᠬᠦ ᠴᠢᠳᠠᠯ ᠲᠠᠢ ᠪᠠᠨ ᠬᠠᠷᠠᠭᠤᠯᠵᠠᠢ᠃ ᠲᠦᠷᠫᠠᠨ ᠳᠤ ᠪᠡᠬᠢᠵᠢᠭᠰᠡᠨ ᠬᠢᠲᠠᠳ ᠤᠳ ᠾᠦᠩᠨᠦᠴᠤᠳ ᠦᠨ ᠪᠠᠷᠠᠭᠤᠨ ᠵᠦᠭ ᠦᠨ ᠤᠯᠤᠰ ᠤᠳ ᠲᠠᠢ ᠬᠠᠷᠢᠯᠴᠠᠬᠤ ᠵᠠᠮ ᠢ ᠲᠠᠰᠤᠯᠠᠭᠠᠳ ᠨᠠᠩᠭᠢᠶᠠᠳ ᠤᠨ ᠬᠠᠭᠠᠳ ᠤ ᠤᠳᠠᠭᠠᠨ ᠵᠢᠯ ᠦᠷᠭᠦᠯᠵᠢᠯᠡᠭᠰᠡᠨ ᠬᠤᠳᠬᠤᠨ ᠦᠢᠮᠡᠭᠦᠯᠬᠦ ᠪᠣᠳᠣᠯᠭ᠎ᠠ ᠶᠢᠨ ᠦᠷ᠎ᠡ ᠳ᠋ᠦᠩ ᠳᠦ ᠳᠣᠲᠣᠭᠠᠳᠤ ᠶᠢᠨ ᠵᠥᠷᠢᠴᠡᠯ ᠡᠴᠡ ᠪᠣᠯᠵᠤ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ I ᠵᠠᠭᠤᠨ ᠪᠤᠯᠬᠤ ᠳᠦ ᠾᠦᠩᠨᠦᠴᠦᠳ ᠶᠡᠬᠡᠳᠡ ᠰᠤᠯᠠᠳᠠᠭᠰᠠᠨ ᠪᠠᠶᠢᠯ᠎ᠠ᠃ ᠡᠮᠦᠨᠡᠲᠦ ᠶᠢᠨ ᠬᠢᠨ ᠳᠦ ᠪᠡᠨ ᠪᠤᠲᠠ ᠴᠣᠬᠢᠭᠳᠠᠨ ᠣᠯᠠᠨ ᠬᠡᠰᠡᠭ ᠪᠣᠯᠵᠤ ᠲᠠᠷᠠᠵᠤ ᠪᠤᠲᠠᠷᠠᠨ᠂ ᠬᠥᠭᠡᠭᠡᠭᠳᠡᠨ ᠨᠡᠭᠦᠳᠡᠯᠯᠡᠭᠰᠡᠨ ᠪᠠ ᠲᠡᠳᠡ ᠣᠳᠣ ᠶᠢᠨ ᠧᠦ᠋ᠷᠣᠫᠠ ᠳᠤ ᠬᠦᠷᠴᠦ ᠣᠴᠢᠭᠰᠠᠨ ᠺᠠᠩ ᠢᠶᠤᠶᠢ ᠠᠶᠢᠮᠠᠭ ᠲᠠᠢ ᠬᠣᠯᠪᠣᠭ᠎ᠠ ᠲᠣᠭᠲᠠᠭᠠᠨ ᠬᠡᠰᠡᠭ ᠵᠠᠭᠤᠷ᠎ᠠ ᠬᠦᠴᠦᠷᠬᠡᠭᠵᠢᠵᠦ ᠥᠷᠥᠨ᠎ᠡ ᠳᠠᠬᠢᠨ ᠳᠤ ᠨᠣᠶᠠᠷᠬᠠᠯ ᠢᠶᠠᠨ ᠲᠣᠭᠲᠠᠭᠠᠵᠤ ᠪᠠᠶᠢᠪᠠ᠃

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠬᠣᠪᠳᠣ ᠶᠢᠨ ᠲᠠᠬᠢᠯᠲᠤ ᠶᠢᠨ ᠬᠣᠲᠣᠭᠣᠷ ᠤᠨ ᠾᠦᠩᠨᠦ ᠢᠵᠠᠭᠤᠷᠲᠠᠨ ᠤ THL-64 ᠪᠤᠯᠠᠰᠢᠨ ᠠᠴᠠ ᠣᠯᠳᠠᠭᠰᠠᠨ ᠠᠯᠲᠠᠨ ᠨᠠᠷᠠ ᠰᠠᠷᠠ ᠲᠠᠢ ᠰᠦᠯᠳᠡ[2][3]
ᠾᠦᠩᠨᠦ ᠶᠢᠨ ᠠᠯᠲᠠᠨ ᠨᠠᠷᠠ ᠰᠠᠷᠠ ᠲᠠᠢ ᠰᠦᠯᠳᠡ᠂ ᠲᠠᠬᠢᠯ ᠤᠨ ᠬᠣᠲᠣᠭᠣᠷ

ᠾᠦᠩᠨᠦᠴᠦᠳ ᠥᠷᠯᠥᠭᠡ ᠨᠠᠷᠠᠨ ᠳᠤ᠂ ᠦᠳᠡᠰᠢ ᠰᠠᠷᠠᠨ ᠳᠤ ᠮᠥᠷᠭᠦᠳᠡᠭ ᠪᠠᠶᠢᠪᠠ᠃ ᠮᠣᠩᠭᠣᠯᠴᠤᠳ ᠤᠨ ᠨᠠᠷᠠ᠂ ᠰᠠᠷᠠ᠂ ᠭᠠᠯ ᠤᠨ ᠳᠦᠷᠰᠦ ᠲᠡᠢ ᠰᠦᠯᠳᠡ ᠾᠦᠩᠨᠦ ᠡᠴᠡ ᠡᠬᠢ ᠲᠡᠢ ᠪᠥᠭᠡᠳ ᠾᠦᠩᠨᠦ ᠶᠢᠨ ᠰᠦᠯᠳᠡ ᠮᠣᠩᠭᠣᠯ ᠤᠯᠤᠰ ᠤᠨ ᠲᠥᠷᠥ ᠶᠢᠨ ᠳᠠᠯᠪᠠᠭ᠎ᠠᠮᠣᠩᠭᠣᠯ ᠤᠯᠤᠰ ᠤᠨ ᠲᠥᠷᠥ ᠶᠢᠨ ᠰᠦᠯᠳᠡᠰᠣᠶᠣᠮᠪᠣ ᠳᠤ ᠬᠠᠳᠠᠭᠠᠯᠠᠭᠳᠠᠨ ᠤᠯᠠᠮᠵᠢᠯᠠᠭᠳᠠᠵᠠᠢ᠃ ᠲᠡᠮᠦᠷ ᠪᠣᠯᠤᠨ ᠠᠯᠲᠠ ᠪᠠᠷ ᠬᠢᠭᠳᠡᠭᠰᠡᠨ ᠨᠠᠷᠠ᠂ ᠰᠠᠷᠠᠨ ᠤ ᠳᠦᠷᠰᠦ ᠲᠡᠢ ᠰᠦᠯᠳᠡ ᠬᠡᠨᠲᠡᠢ ᠶᠢᠨ ᠳᠤᠭᠤᠷᠯᠢᠭ ᠨᠠᠷᠠᠰᠤ᠂ ᠬᠣᠪᠳᠣ ᠶᠢᠨ ᠮᠥᠩᠬᠡᠬᠠᠶᠢᠷᠬᠠᠨ ᠤ ᠱᠣᠮᠪᠤᠤᠵᠠ ᠶᠢᠨ ᠪᠡᠯᠴᠢᠷ᠂ ᠬᠣᠪᠳᠣ ᠶᠢᠨ ᠲᠠᠬᠢᠯᠲᠤ ᠶᠢᠨ ᠬᠣᠲᠣᠭᠣᠷ[2] [3] ᠵᠡᠷᠭᠡ ᠬᠡᠳᠦ ᠬᠡᠳᠦᠨ ᠭᠠᠵᠠᠷ ᠠᠴᠠ ᠣᠯᠳᠠᠭᠰᠠᠨ ᠨᠢ ᠮᠣᠩᠭᠣᠯ ᠤᠨ ᠦᠨᠳᠦᠰᠦᠨ ᠦ ᠲᠡᠦᠬᠡ ᠶᠢᠨ ᠮᠦᠽᠧᠢ ᠶᠢᠨ ᠡᠷᠲᠡᠨ ᠦ ᠲᠡᠦᠬᠡ ᠶᠢᠨ ᠬᠡᠰᠡᠭ ᠲᠦ ᠬᠠᠳᠠᠭᠠᠯᠠᠭᠳᠠᠵᠤ ᠪᠠᠶᠢᠨ᠎ᠠ᠃ ᠡᠨᠡ ᠰᠦᠯᠳᠡ ᠥᠭᠡᠷ᠎ᠡ ᠤᠯᠤᠰ᠂ ᠦᠨᠳᠦᠰᠦᠲᠡᠨ ᠳᠦ ᠪᠠᠶᠢᠳᠠᠭ ᠦᠭᠡᠢ᠃

ᠮᠣᠩᠭᠣᠯ ᠳᠤ ᠲᠠᠷᠬᠠᠭᠰᠠᠨ ᠵᠠᠷᠢᠮ ᠪᠤᠭᠤᠨ ᠴᠢᠯᠠᠭᠤ ᠤ ᠳᠡᠭᠡᠳᠦ ᠬᠡᠰᠡᠭ ᠲᠦ ᠨᠠᠷᠠ ᠰᠠᠷᠠ ᠪᠠᠶᠢᠳᠠᠭ᠃[4] ᠨᠠᠷᠠ᠂ ᠰᠠᠷᠠ᠂ ᠭᠠᠯ ᠤᠨ ᠳᠦᠷᠰᠦ ᠲᠡᠢ ᠰᠦᠯᠳᠡ ᠲᠥᠪ ᠠᠽᠢᠶ᠎ᠠ ᠶᠢᠨ ᠨᠡᠭᠦᠳᠡᠯᠴᠢᠳ ᠡᠴᠡ ᠰᠠᠭᠤᠷᠢᠰᠢᠮᠠᠯ ᠨᠠᠩᠭᠢᠶᠠᠳ ᠵᠡᠷᠭᠡ ᠤᠯᠤᠰ ᠲᠤ ᠳᠡᠯᠭᠡᠷᠡᠭᠰᠡᠨ ᠭᠡᠵᠦ ᠲᠡᠦᠬᠡ ᠰᠤᠳᠤᠷ ᠲᠤ ᠪᠢᠴᠢᠭᠳᠡᠵᠡᠢ᠃[4]  ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 3 - ᠨᠢᠭᠤᠴᠠ ᠲᠣᠪᠴᠢᠶ᠎ᠠ 2 ᠵᠠᠭᠤᠨ ᠬᠦᠷᠲᠡᠯᠡᠬᠢ ᠬᠤᠭᠤᠴᠠᠭᠠᠨ ᠳᠤ ᠲᠥᠪ ᠠᠽᠢᠶ᠎ᠠ ᠶᠢᠨ ᠥᠷᠭᠡᠨ ᠠᠭᠤᠳᠠᠮ ᠲᠠᠯ᠎ᠠ ᠨᠤᠲᠤᠭ ᠲᠤ ᠾᠦᠩᠨᠦᠴᠤᠳ ᠨᠡᠭᠦᠳᠡᠯᠯᠡᠨ ᠠᠮᠢᠳᠤᠷᠠᠵᠤ᠂ ᠲᠥᠷᠥ ᠤᠯᠤᠰ ᠢᠶᠠᠨ ᠴᠣᠭᠴᠠᠯᠠᠨ ᠪᠠᠶᠢᠭᠰᠠᠨ ᠤ ᠨᠣᠲᠠᠯᠠᠭ᠎ᠠ ᠬᠠᠭᠤᠴᠢ ᠳᠤᠷᠠᠰᠬᠠᠯ ᠤᠳ ᠾᠦᠩᠨᠦ ᠶᠢᠨ ᠦᠨᠳᠦᠰᠦᠨ ᠨᠤᠲᠤᠭ ᠪᠣᠯᠬᠤ ᠮᠣᠩᠭᠣᠯ ᠤᠯᠤᠰ᠂ ᠣᠷᠣᠰ ᠤᠨ ᠬᠣᠯᠪᠣᠭᠠᠨ ᠤ ᠤᠯᠤᠰ ᠤᠨ ᠥᠪᠥᠷ ᠪᠠᠶᠢᠭᠠᠯ᠂ ᠲᠤᠸᠠ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠥᠪᠥᠷ ᠮᠣᠩᠭᠣᠯ᠂ ᠰᠢᠨᠵᠢᠶᠠᠩ ᠤᠶᠢᠭᠤᠷ ᠤᠨ ᠥᠪᠡᠷᠲᠡᠭᠡᠨ ᠵᠠᠰᠠᠬᠤ ᠣᠷᠣᠨ᠂ ᠭᠠᠨᠰᠤ᠂ ᠬᠥᠬᠡᠨᠠᠭᠤᠷ ᠮᠤᠵᠢ ᠶᠢᠨ ᠨᠤᠲᠤᠭ ᠠᠴᠠ ᠣᠯᠳᠠᠳᠠᠭ᠃ ᠾᠦᠩᠨᠦ ᠶᠢᠨ ᠬᠠᠭᠤᠴᠢ ᠳᠤᠷᠠᠰᠬᠠᠯ ᠢ ᠪᠤᠯᠠᠰᠢ ᠣᠷᠣᠰᠢᠭᠤᠯᠭ᠎ᠠ ᠶᠢᠨ ᠳᠤᠷᠠᠰᠬᠠᠯ᠂ ᠬᠣᠲᠠ ᠰᠠᠭᠤᠷᠢᠨ᠂ ᠬᠠᠳᠠᠨ ᠤ ᠵᠢᠷᠤᠭ ᠬᠡᠮᠡᠨ ᠠᠩᠭᠢᠯᠠᠨ ᠦᠵᠡᠳᠡᠭ ᠶᠤᠮ᠃ ᠮᠣᠩᠭᠣᠯ ᠤᠯᠤᠰ ᠍ ᠤᠨ ᠨᠤᠲᠤᠭ ᠳᠡᠪᠢᠰᠬᠡᠷ ᠲᠦ ᠾᠦᠩᠨᠦ ᠶᠢᠨ ᠦᠶ᠎ᠡ ᠶᠢᠨ ᠲᠡᠦᠬᠡ ᠰᠤᠶᠤᠯ ᠤᠨ ᠣᠯᠠᠨ ᠳᠤᠷᠠᠰᠬᠠᠯ ᠪᠠᠶᠢᠳᠠᠭ᠃ ᠡᠭᠦᠨ ᠡᠴᠡ ᠬᠠᠮᠤᠭ ᠤᠨ ᠠᠴᠢ ᠬᠣᠯᠪᠣᠭᠳᠠᠯ ᠲᠠᠢ ᠨᠢ ᠨᠣᠶᠠᠨ ᠠᠭᠤᠯᠠ ᠶᠢᠨ ᠪᠤᠯᠠᠰᠢᠨᠤᠭᠤᠳ ᠪᠢᠯᠡ᠃ ᠨᠣᠶᠠᠨ ᠠᠭᠤᠯᠠ ᠶᠢᠨ ᠪᠤᠯᠠᠰᠢ ᠶᠢ 1925 ᠤᠨ ᠳᠤ ᠣᠷᠣᠰ ᠤᠨ ᠡᠷᠳᠡᠮᠲᠡᠨ ᠺᠣᠽᠣᠯᠣᠸ ᠤᠨ ᠡᠺᠰᠫᠧᠳᠢᠼᠢ ᠨᠡᠭᠡᠭᠡᠵᠦ ᠤᠬᠠᠭᠰᠠᠨ ᠪᠠᠶᠢᠨ᠎ᠠ᠃ ᠨᠣᠶᠠᠨ ᠠᠭᠤᠯᠠ ᠶᠢᠨ ᠪᠤᠯᠠᠰᠢ ᠨᠢ 20 ᠳ᠋ᠤᠭᠠᠷ ᠵᠠᠭᠤᠨ ᠤ ᠳᠡᠯᠡᠬᠡᠢ ᠶᠢᠨ ᠬᠠᠭᠤᠴᠢ ᠰᠤᠳᠤᠯᠤᠯ ᠤᠨ ᠰᠢᠨᠵᠢᠯᠡᠬᠦ ᠤᠬᠠᠭᠠᠨ ᠤ ᠬᠠᠮᠤᠭ ᠤᠨ ᠲᠣᠮᠣ ᠨᠡᠭᠡᠭᠡᠯᠲᠡ ᠨᠦᠭᠦᠳ ᠦᠨ ᠨᠢᠭᠡ ᠳᠦ ᠲᠣᠭᠠᠴᠠᠭᠳᠠᠳᠠᠭ᠃

ᠡᠨᠡ ᠮᠠᠯᠲᠠᠯᠲᠠ ᠪᠠᠷ ᠨᠣᠶᠠᠨ ᠠᠭᠤᠯᠠ ᠶᠢᠨ ᠪᠤᠯᠠᠰᠢ ᠨᠤᠭᠤᠳ ᠤᠨ ᠨᠢᠭᠡ ᠨᠢ ᠡᠮᠦᠨᠡᠲᠦ ᠾᠦᠩᠨᠦ ᠤᠯᠤᠰ ᠤᠨ ᠱᠠᠨᠦᠢ ᠦᠵᠦᠯᠡᠨ ᠤ ᠪᠤᠯᠠᠰᠢ ᠪᠣᠯᠬᠤ ᠶᠢ ᠲᠣᠳᠣᠷᠬᠠᠶᠢᠯᠠᠵᠤ᠂ ᠲᠡᠭᠦᠨ ᠡᠴᠡ ᠣᠯᠳᠠᠭᠰᠠᠨ ᠣᠯᠳᠠᠪᠤᠷᠢ ᠨᠤᠭᠤᠳ ᠢ ᠵᠥᠪᠯᠡᠯᠲᠦ ᠬᠣᠯᠪᠣᠭᠠᠲᠤ ᠤᠯᠤᠰ ᠤᠷᠤᠭᠤ ᠵᠥᠭᠡᠭᠡᠨ ᠠᠪᠠᠴᠢᠭᠰᠠᠨ ᠪᠠᠶᠢᠨ᠎ᠠ᠃ ᠡᠨᠳᠡ ᠡᠴᠡ ᠣᠯᠳᠠᠭᠰᠠᠨ ᠣᠯᠳᠠᠪᠤᠷᠢ ᠨᠤᠭᠤᠳ ᠭᠡᠪᠡᠯ ᠾᠦᠩᠨᠦ ᠶᠢᠨ ᠦᠶ᠎ᠡ ᠶᠢᠨ ᠰᠢᠷᠢᠮᠡᠯ ᠬᠡᠪᠢᠰ ᠪᠥᠭᠡᠳ ᠡᠨᠡᠬᠦ ᠭᠠᠶᠢᠬᠠᠮᠰᠢᠭᠲᠠᠢ ᠪᠦᠲᠦᠭᠡᠯ ᠨᠢ ᠣᠳᠣ ᠣᠷᠣᠰ ᠤᠨ ᠬᠣᠯᠪᠣᠭᠠᠨ ᠤ ᠤᠯᠤᠰ ᠳᠦ ᠪᠠᠶᠢᠭ᠎ᠠ ᠪᠥᠭᠡᠳ ᠳᠡᠯᠡᠬᠡᠢ ᠶᠢᠨ ᠲᠡᠦᠬᠡ ᠶᠢᠨ ᠣᠯᠠᠨ ᠪᠦᠲᠦᠭᠡᠯ ᠳᠦ ᠾᠦᠩᠨᠦ ᠶᠢᠨ ᠦᠶ᠎ᠡ ᠶᠢᠨ ᠭᠠᠶᠢᠬᠠᠮᠰᠢᠭᠲᠤ ᠣᠯᠳᠠᠪᠤᠷᠢ ᠭᠡᠵᠦ ᠲᠡᠮᠳᠡᠭᠯᠡᠭᠳᠡᠨ ᠪᠠᠶᠢᠳᠠᠭ᠃ ᠡᠭᠦᠨ ᠡᠴᠡ ᠴᠢᠬᠤᠯᠠ ᠣᠯᠳᠠᠪᠤᠷᠢ ᠨᠢ ᠮᠠᠯᠲᠠᠭᠰᠠᠨ ᠪᠤᠯᠠᠰᠢᠨ ᠠᠴᠠ ᠡᠮᠦᠨᠡᠲᠦ ᠾᠦᠩᠨᠦ ᠶᠢᠨ ᠱᠠᠨᠦᠢ ᠦᠵᠦᠯᠡᠨ ᠤ ᠭᠠᠪᠠᠯᠠ ᠶᠢᠨ ᠶᠠᠰᠤ ᠣᠯᠳᠠᠭᠰᠠᠨ ᠪᠥᠭᠡᠳ ᠡᠨᠡᠬᠦ ᠴᠢᠬᠤᠯᠠ ᠣᠯᠳᠠᠪᠤᠷᠢ ᠮᠣᠩᠭᠣᠯ ᠤᠯᠤᠰ ᠤᠨ ᠲᠡᠦᠬᠡ ᠶᠢᠨ ᠮᠦᠽᠧᠢ ᠳᠦ ᠦᠵᠡᠮᠦᠷᠢ ᠪᠣᠯᠤᠨ ᠪᠠᠶᠢᠵᠤ ᠪᠠᠶᠢᠨ᠎ᠠ᠃ ᠡᠨᠡᠬᠦ ᠭᠠᠪᠠᠯᠠ ᠶᠢᠨ ᠶᠠᠰᠤ ᠪᠦᠬᠦᠢ ᠪᠤᠩᠬᠤᠨ ᠢ ᠦᠵᠦᠯᠡᠨ ᠱᠠᠨᠦᠢ ᠶᠢᠨ ᠬᠢ ᠪᠣᠯᠬᠤ ᠶᠢ ᠲᠡᠷᠡᠭᠦ ᠱᠠᠭᠠᠵᠠᠩ ᠳᠤᠷᠠᠰᠬᠠᠯ ᠪᠣᠯᠭᠠᠨ ᠦᠢᠯᠡᠳᠦᠭᠰᠡᠨ ᠬᠢᠲᠠᠳ ᠸᠠᠭᠠᠷᠴᠢᠨ ᠤ ᠠᠶᠠᠭᠠᠨ ᠤ ᠳᠡᠭᠡᠷᠡᠬᠢ ᠪᠢᠴᠢᠭᠡᠰᠦ ᠪᠡᠷ ᠲᠣᠭᠲᠠᠭᠠᠭᠰᠠᠨ ᠪᠠᠶᠢᠨ᠎ᠠ᠃ ᠡᠨᠡ ᠪᠤᠯᠠᠰᠢᠨ ᠠᠴᠠ ᠣᠯᠳᠠᠭᠰᠠᠨ ᠪᠤᠰᠤᠳ ᠠᠯᠲᠠ ᠮᠥᠩᠭᠥ ᠤ ᠡᠳ᠋ᠯᠡᠯ ᠦᠳ ᠪᠦᠭᠦᠳᠡ ᠣᠷᠣᠰ ᠤᠨ ᠬᠣᠯᠪᠣᠭᠠᠨ ᠤ ᠤᠯᠤᠰ ᠳᠦ ᠪᠠᠶᠢᠨ᠎ᠠ᠃

ᠬᠠᠭᠤᠴᠢ ᠰᠤᠳᠤᠯᠭ᠎ᠠ᠂ ᠰᠤᠷᠪᠤᠯᠵᠢ ᠪᠢᠴᠢᠭ ᠦᠨ ᠮᠡᠳᠡᠭᠡ ᠪᠡᠷ ᠾᠢᠦᠩᠨᠦ ᠪᠤᠯᠤᠨ ᠮᠣᠩᠭᠣᠯᠴᠤᠳ ᠨᠢ ᠰᠤᠶᠤᠯ ᠤᠨ ᠬᠤᠪᠢ ᠳᠤ ᠢᠵᠢᠯ ᠪᠣᠯᠬᠤ ᠶᠢ ᠲᠣᠭᠲᠠᠭᠠᠵᠠᠢ᠃ ᠲᠤᠬᠠᠶᠢᠯᠠᠪᠠᠯ ᠾᠢᠦᠩᠨᠦ᠂ ᠮᠣᠩᠭᠣᠯ᠂ ᠰᠺᠢᠹ ᠴᠦᠦᠳᠦ ᠭᠡᠷ ᠲᠡᠷᠭᠡ ᠬᠡᠷᠡᠭᠯᠡᠳᠡᠭ ᠪᠠᠶᠢᠭᠰᠠᠨ ᠪᠣᠯ ᠲᠦᠷᠦᠭ ᠦᠳ ᠲᠦ ᠭᠡᠷ ᠲᠡᠷᠭᠡ ᠣᠭᠲᠣ ᠪᠠᠶᠢᠭ᠎ᠠ ᠦᠭᠡᠢ᠃[5] ᠮᠥᠨ ᠾᠦᠩᠨᠦᠴᠦᠳ ᠤᠷᠲᠤ ᠶᠢᠨ ᠳᠠᠭᠤᠤ ᠳᠠᠭᠤᠯᠠᠳᠠᠭ ᠪᠠᠶᠢᠪᠠ᠃ ᠤᠷᠲᠤ ᠶᠢᠨ ᠳᠠᠭᠤᠤ 2000 ᠵᠢᠯ ᠦᠨ ᠲᠡᠦᠬᠡ ᠲᠡᠢ [6] ᠪᠠ ᠾᠦᠩᠨᠦᠴᠦᠳ ᠤᠷᠲᠤ ᠶᠢᠨ ᠳᠠᠭᠤᠤ ᠳᠠᠭᠤᠯᠠᠵᠤ ᠡᠬᠢᠯᠡᠭᠰᠡᠨ ᠲᠤᠬᠠᠢ ᠬᠢᠲᠠᠳ ᠤᠨ "ᠸᠡᠢ ᠤᠯᠤᠰ ᠤᠨ ᠰᠤᠳᠤᠷ" ᠲᠦ ᠪᠢᠴᠢᠭᠰᠡᠨ ᠪᠠᠶᠢᠳᠠᠭ᠃[7] ᠡᠨᠡ ᠳᠠᠭᠤᠤ ᠨᠢ ᠴᠢᠨᠣ᠎ᠠ ᠤᠯᠢᠬᠤ ᠲᠠᠢ ᠲᠥᠰᠲᠡᠢ ᠰᠣᠨᠣᠰᠤᠭᠳᠠᠳᠠᠭ ᠭᠡᠵᠦ ᠬᠢᠲᠠᠳ ᠰᠤᠷᠪᠤᠯᠵᠢ ᠳᠤ ᠲᠡᠮᠳᠡᠭᠯᠡᠵᠡᠢ᠃

ᠭᠧᠨᠧᠲ᠋ᠢᠭ ᠤᠨ ᠰᠤᠳᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠦᠩᠨᠦ ᠪᠣᠯᠤᠨ ᠮᠣᠩᠭᠣᠯᠴᠤᠳ ᠤᠨ ᠭᠠᠷᠤᠯ ᠡᠭᠦᠰᠦᠯ᠂ ᠬᠣᠭᠣᠷᠣᠨᠳᠣ ᠶᠢᠨ ᠬᠣᠯᠪᠣᠭ᠎ᠠ ᠶᠢ ᠲᠣᠭᠲᠠᠭᠠᠬᠤ ᠵᠣᠷᠢᠯᠭ᠎ᠠ ᠪᠠᠷ ᠵᠠᠷᠢᠮ ᠭᠧᠨᠧᠲ᠋ᠢᠭ(ᠤᠳᠤᠮᠯᠠᠯ ᠤᠨ ᠤᠬᠠᠭᠠᠨ) ᠤᠨ ᠰᠤᠳᠤᠯᠭᠠᠨ ᠨᠤᠭᠤᠳ ᠢ ᠬᠢᠭᠰᠡᠨ ᠪᠠᠶᠢᠨ᠎ᠠ᠃ ᠾᠦᠩᠨᠦ ᠶᠢᠨ 62 ᠪᠣᠳᠠᠭᠠᠯᠢ ᠶᠢᠨ ᠶᠠᠰᠤᠨ ᠠᠴᠠ ᠶᠠᠩᠵᠤ ᠠᠪᠴᠤ᠂ ᠡᠷᠲᠡᠨ ᠦ ᠳᠧᠽᠣᠺᠰᠢᠷᠢᠪᠨᠢᠺᠯᠧᠢᠨ ᠦ ᠬᠦᠴᠢᠯ ᠢᠯᠭᠠᠨ ᠠᠪᠴᠤ ᠭᠧᠨᠧᠲ᠋ᠢᠭ ᠥᠭᠭᠥᠭᠳᠡᠯ ᠢ ᠰᠢᠨᠵᠢᠯᠡᠬᠦ ᠳᠦ ᠡᠳᠡᠭᠡᠷ ᠳᠡᠭᠡᠵᠢ ᠶᠢᠨ 89 ᠬᠤᠪᠢ ᠨᠢ ᠠᠽᠢᠶ᠎ᠠ ᠶᠢᠨ ᠬᠠᠫᠯᠣᠭᠷᠦᠶᠢᠫ ᠲᠦ (ᠠ᠂ B4b᠂ C᠂ D4᠂ D5 ᠪᠤᠶᠤ D5a᠂ F1b) ᠬᠠᠮᠢᠶᠠᠷᠴᠤ᠂ 11 ᠬᠤᠪᠢ ᠨᠢ ᠧᠦ᠋ᠷᠣᠫᠠ ᠶᠢᠨ ᠬᠠᠫᠯᠣᠭᠷᠦᠶᠢᠫ ᠲᠦ ᠬᠠᠮᠢᠶᠠᠷᠴᠤ (U2᠂ U5a1a᠂ J1) ᠪᠠᠶᠢᠭᠰᠠᠨ ᠨᠢ ᠾᠦᠩᠨᠦ ᠨᠠᠷ ᠤᠨ ᠳᠡᠶᠢᠯᠦᠩᠬᠢ ᠨᠢ ᠮᠣᠩᠭᠣᠯᠵᠢᠭᠤ ᠲᠥᠷᠬᠥᠲᠡᠨ ᠪᠠᠶᠢᠭᠰᠠᠨ ᠢ ᠬᠠᠷᠠᠭᠤᠯᠬᠤ ᠪᠠᠲᠤ ᠲᠠᠢ ᠪᠠᠷᠢᠮᠲᠠ ᠶᠤᠮ᠃ ᠮᠥᠨ ᠡᠭ ᠦᠨ ᠭᠣᠣᠯ ᠤᠨ ᠾᠦᠩᠨᠦ ᠶᠢᠨ ᠪᠤᠯᠠᠰᠢᠨ ᠤ ᠪᠣᠳᠠᠭᠠᠯᠢ ᠪᠣᠯᠤᠨ ᠣᠷᠴᠢᠨ ᠦᠶ᠎ᠡ ᠶᠢᠨ ᠮᠣᠩᠭᠣᠯ ᠬᠦᠩ ᠳᠦ ᠬᠢᠭᠰᠡᠨ ᠳᠧᠽᠣᠺᠰᠢᠷᠢᠪᠨᠢᠺᠯᠧᠢᠨ ᠦ ᠬᠦᠴᠢᠯ ᠦᠨ ᠰᠤᠳᠤᠯᠭ᠎ᠠ ᠪᠠᠷ ᠡᠬᠡ ᠶᠢᠨ ᠲᠠᠯ᠎ᠠ ᠠᠴᠠ ᠤᠳᠤᠮᠰᠢᠳᠠᠭ ᠪᠤᠶᠤ ᠳᠧᠽᠣᠺᠰᠢᠷᠢᠪᠨᠢᠺᠯᠧᠢᠨ ᠦ ᠬᠦᠴᠢᠯ ᠦᠨ 9 ᠬᠠᠫᠯᠣᠭᠷᠦᠶᠢᠫ ᠲᠦ ᠪᠣᠯᠤᠨ SNP ᠍ ᠶᠢᠨ 27 ᠬᠠᠫᠯᠣᠭᠷᠦᠶᠢᠫ ᠢᠶᠡᠷ ᠡᠨᠡ ᠨᠤᠲᠤᠭ ᠤᠨ ᠾᠦᠩᠨᠦ ᠪᠣᠯᠤᠨ ᠮᠣᠩᠭᠣᠯ ᠤᠨ ᠣᠷᠴᠢᠨ ᠦᠶ᠎ᠡ ᠶᠢᠨ ᠬᠦᠮᠦᠨ ᠠᠮᠠ ᠬᠣᠭᠣᠷᠣᠨᠳᠣ ᠪᠠᠨ ᠢᠵᠢᠯ ᠪᠠᠶᠢᠨ᠎ᠠ ᠭᠡᠰᠡᠨ ᠳ᠋ᠦᠩᠨᠡᠯᠲᠡ ᠭᠠᠷᠴᠠᠢ᠃ [8] ᠮᠥᠨ ᠪᠠᠷᠠᠭᠤᠨ ᠮᠣᠩᠭᠣᠯ ᠤᠨ ᠾᠦᠩᠨᠦᠴᠦᠳ ᠡᠴᠡ 6᠂ ᠲᠥᠪ ᠮᠣᠩᠭᠣᠯ ᠤᠨ ᠾᠦᠩᠨᠦᠴᠦᠳ ᠡᠴᠡ 11 ᠬᠠᠫᠯᠣᠭᠷᠦᠶᠢᠫ ᠢᠯᠡᠷᠡᠭᠦᠯᠦᠭᠰᠡᠨ ᠡᠴᠡ A᠂D5᠂ M9᠂ M ᠬᠠᠫᠯᠣᠭᠷᠦᠶᠢᠫ ᠵᠥᠪᠬᠡᠨ ᠲᠥᠪ ᠮᠣᠩᠭᠣᠯ ᠤᠨ ᠾᠦᠩᠨᠦᠴᠦᠳ ᠲᠦ ᠢᠯᠡᠷᠡᠵᠦ᠂ ᠪᠤᠰᠤᠳ ᠪᠥᠰᠡ ᠨᠤᠲᠤᠭ ᠲᠤ ᠲᠣᠬᠢᠶᠠᠯᠳᠤᠬᠤ ᠦᠭᠡᠢ ᠪᠠᠶᠢᠨ᠎ᠠ᠃ [9]

ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠦᠭ ᠣᠨᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠺᠣᠽᠧᠸ ᠤᠧ ᠴᠢᠸᠢᠯᠢᠰᠠᠼᠢᠢ ᠼᠧᠨᠲᠷᠠᠯᠨᠨᠠᠢ ᠠᠽᠢᠶ᠎ᠠ ᠸ ᠲᠠᠷ ᠲᠤ ᠬᠢ ᠯᠠ᠃ ᠨ᠃ ᠭᠤᠮᠢᠯᠧᠸᠠ
  2. 2.0 2.1 Elite Xiongnu Burials at the Periphery
  3. 3.0 3.1 Xiongnu Archaeology]
  4. 4.0 4.1 ᠬᠦᠷᠡᠯᠡᠶᠢᠨ ᠦᠶ᠎ᠡ mongolian-history-social.blogspot.com
  5. ᠨ᠃ᠰᠡᠷ-ᠣᠳᠵᠠᠪ᠂ ᠮᠣᠩᠭᠣᠯ ᠤᠨ ᠡᠷᠲᠡᠨ ᠦ ᠲᠡᠦᠬᠡ᠃1977
  6. Mongolian traditional folk song UNESCO.org
  7. Book of Wei, (Volume 113)
  8. Christine Keyser-Tracqui, Erik Crubezy, Horolma Pamzsab, Tibor Varga and Bertrand Iudes 2006
  9. ᠮᠣᠩᠭᠣᠯ-ᠰᠣᠯᠣᠩᠭᠣᠰ ᠤᠨ ᠬᠠᠮᠲᠤᠷᠠᠭᠰᠠᠨ ᠰᠤᠳᠤᠯᠭ᠎ᠠ᠃ ᠳ᠋ᠣᠺᠲ᠋ᠣᠷᠠᠨᠲ ᠭ᠃ᡀᠠᠭᠸᠠᠰᠦ᠋ᠷᠦᠩ ᠦᠨ ᠠᠵᠢᠯ᠃ 2008 ᠤᠨ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ