ᠺᠠᠷᠢᠮ ᠠᠪᠳᠤᠯ ᠵᠠᠪᠪᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠺᠠᠷᠢᠮ ᠠᠪᠳᠤᠯ ᠵᠠᠪᠪᠤᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:Infobox ᠮᠡᠷᠭᠡᠵᠢᠯ ᠦᠨ ᠰᠠᠭᠰᠤᠨ ᠪᠥᠮᠪᠥᠭᠴᠢ

ᠨᠡᠷ᠎ᠡ: ᠺᠠᠷᠢᠮ ᠠᠪᠳᠤᠯ ᠵᠠᠪᠪᠤᠷ ᠲᠦᠷᠦᠭᠰᠡᠨ: 04/16/47 ᠨᠶᠤ ᠢᠣᠷᠺ ᠠᠬᠠᠯᠠᠬᠤ ᠰᠤᠷᠭᠠᠭᠤᠯᠢ: ᠫᠣᠦ᠋ ᠍ ᠪᠡᠷ ᠮᠧᠮᠣᠷᠠᠯ (ᠨᠶᠤ ᠢᠣᠷᠺ) ᠺᠣᠯᠯᠧᠵᠢ: УКЛА ᠳ᠋ᠷᠠᠹᠲᠤᠯᠠᠭᠳᠠᠭᠰᠠᠨ: ᠮᠢᠯᠦᠶᠢᠺᠢ ᠪᠠᠺᠰᠲ (1969) ᠰᠢᠯᠵᠢᠯᠲᠡ: 06/16/75 ᠍ ᠳᠦ ЛАЛ ᠍ ᠳᠦ ᠥᠨᠳᠥᠷ: 213 ᠰᠮ; ᠵᠢᠩ: 121 ᠺᠭ᠃ ᠱᠠᠩᠨᠠᠯ : ᠨᠡᠶᠢᠰᠮᠢᠲ ᠦᠨ ᠰᠠᠭᠰᠤᠨ ᠪᠥᠮᠪᠥᠭᠡ ᠶᠢᠨ ᠠᠯᠳᠠᠷ ᠤᠨ ᠲᠡᠩᠬᠢᠮ (1995); NBA ᠍ ᠦᠨ ᠠᠪᠤᠷᠭᠤ (1971, '80, '82, '85, '87, '88); ᠤᠯᠠᠷᠢᠯ ᠤᠨ ᠦᠨ᠎ᠡ ᠴᠡᠨ᠎ᠡ ᠲᠡᠢ ᠲᠣᠭᠯᠠᠭᠴᠢ (1971, '72, '74, '76, '77, '80); 2 ᠤᠳᠠᠭ᠎ᠠ ᠠᠪᠤᠷᠭᠤ ᠶᠢᠨ ᠲᠣᠭᠯᠠᠯᠲᠠ ᠶᠢᠨ МВП: 10 ᠤᠳᠠᠭ᠎ᠠ ᠪᠦᠬᠦ NBA ᠍ ᠦᠨ 1 ᠍ ᠳᠦᠭᠡᠷ ᠪᠠᠭ ᠲᠤ;5 ᠤᠳᠠᠭ᠎ᠠ 2 ᠍ ᠳᠦᠭᠡᠷ ᠪᠠᠭ ᠲᠤ ; 5 ᠤᠳᠠᠭ᠎ᠠ ᠨᠪᠠᠭ ᠤᠨ ᠬᠠᠮᠠᠭᠠᠯᠠᠯᠲᠠ ᠶᠢᠨ 1 ᠍ ᠳᠦᠭᠡᠷ ᠪᠠᠭ ᠲᠤ; 6 ᠤᠳᠠᠭ᠎ᠠ ᠬᠠᠮᠠᠭᠠᠯᠠᠯᠲᠠ ᠶᠢᠨ 2- ᠪᠠᠭ ᠲᠤ ; 19 ᠤᠳᠠᠭ᠎ᠠ ᠪᠦᠬᠦ ᠣᠳᠣᠳ ᠤᠨ ᠲᠣᠭᠯᠠᠭᠴᠢ ᠪᠠᠷ ᠰᠢᠯᠭᠠᠷᠴᠢ; NBA ᠍ ᠦᠨ ᠲᠡᠦᠬᠡᠨ 50 ᠲᠣᠭᠯᠠᠭᠴᠢ ᠶᠢᠨ ᠨᠢᠭᠡ (1996).

ТЭрээр 1989 ᠣᠨ ᠳᠤ 42 ᠨᠠᠰᠤᠨ ᠳᠤ ᠪᠠᠨ ᠵᠣᠳᠣᠭ ᠲᠠᠶᠢᠯᠤᠭᠰᠠᠨ ᠶᠤᠮ᠃ ᠣᠳᠣ ᠪᠠᠷ NBA ᠍ ᠳᠦ ᠲᠡᠭᠦᠨ ᠰᠢᠭ ᠣᠯᠠᠨ ᠣᠨᠣᠭ᠎ᠠ ᠠᠪᠴᠤ᠂ ᠬᠠᠭᠠᠯᠲᠠ ᠲᠠᠯᠪᠢᠵᠤ ᠮᠥᠨ МВП, ᠪᠦᠬᠦ ᠣᠳᠣᠳ ᠤᠨ ᠲᠣᠭᠯᠠᠯᠲᠠ᠂ ᠤᠯᠠᠷᠢᠯ ᠤᠨ ᠲᠣᠭᠯᠠᠯᠲᠠᠨ ᠳᠤ ᠣᠷᠣᠯᠴᠠᠭᠰᠠᠨ ᠬᠦᠮᠦᠨ ᠪᠠᠶᠢᠬᠤ ᠦᠭᠡᠢ᠃ ᠮᠥᠨ ᠲᠡᠷᠡ 9 ᠤᠳᠠᠭ᠎ᠠ ᠤᠯᠠᠷᠢᠯ ᠤᠨ ᠲᠣᠭᠯᠠᠯᠲᠠᠨ ᠳᠤ᠂ 7 ᠤᠳᠠᠭ᠎ᠠ ᠪᠦᠬᠦ ᠣᠳᠣᠳ ᠤᠨ ᠲᠣᠭᠯᠠᠯᠲᠠᠨ ᠳᠤ ᠷᠧᠺᠣᠷᠳ᠋ ᠲᠣᠭᠲᠠᠭᠠᠭᠰᠠᠨ᠃ ᠲᠡᠭᠦᠨ ᠦ ᠳᠠᠯᠠᠯᠬᠤ ᠰᠢᠳᠡᠯᠲᠡ ᠨᠢ ᠨᠡᠷ᠎ᠡ ᠶᠢᠨ ᠬᠠᠭᠤᠳᠠᠰᠤ ᠨᠢ ᠪᠣᠯᠳᠠᠭ᠃

ᠪᠢᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠭᠦᠨ ᠦ ᠵᠢᠩᠬᠢᠨᠢ ᠨᠡᠷ᠎ᠡ ᠨᠢ ᠪᠠᠭ᠎ᠠ ᠹᠧᠷᠳᠢᠨ᠎ᠠ ᠳᠤ ᠯᠶᠢᠰ ᠠᠯᠴᠢᠨᠳᠣᠷ ᠭᠡᠳᠡᠭ ᠪᠥᠭᠡᠳ ᠪᠠᠭ᠎ᠠ ᠠᠴᠠ ᠪᠠᠨ ᠲᠡᠷᠡ ᠪᠡᠷ ᠰᠠᠭᠰᠤ ᠲᠣᠭᠯᠠᠵᠤ ᠡᠬᠢᠯᠡᠭᠰᠡᠨ ᠪᠥᠭᠡᠳ УКЛА ᠍ ᠳᠦ 1967 ᠣᠨ ᠳᠤ ᠣᠷᠣᠵᠤ ᠲᠡᠷᠡ ᠵᠢᠯ ᠳᠤ ᠪᠡᠨ ᠰᠢᠯᠢᠳᠡᠭ ᠲᠣᠭᠯᠠᠭᠴᠢ ᠶᠢᠨ ᠱᠠᠩᠨᠠᠯ ᠢ ᠬᠦᠷᠲᠡᠭᠰᠡᠨ ᠪᠠᠶᠢᠨ᠎ᠠ᠃ ᠮᠥᠨ ᠲᠡᠷᠡᠪᠡᠷ УКЛА ᠍ ᠢ 3 ᠵᠢᠯ ᠳᠠᠷᠠᠭᠠᠯᠠᠯᠠᠨ ᠠᠪᠤᠷᠭᠤ ᠴᠣᠯᠠ ᠠᠪᠬᠤ ᠳᠤ ᠲᠤᠰᠠᠯᠠᠵᠠᠢ᠃ 1969 ᠣᠨ ᠳᠤ ᠮᠢᠯᠦᠶᠢᠺᠢ ᠪᠠᠺᠰ ᠳ᠋ᠷᠠᠹᠲ ᠤᠨ 1 ᠍ ᠳᠦᠭᠡᠷ ᠲᠣᠭᠣᠷᠢᠭ ᠤᠨ 1 ᠍ ᠳᠦᠭᠡᠷ ᠺ᠃ᠠ᠃ᠵᠠᠪᠪᠤᠷ ᠢ ᠰᠣᠩᠭᠣᠭᠰᠠᠨ ᠨᠢ ᠰᠢᠨ᠎ᠡ ᠦᠶ᠎ᠡ ᠶᠢᠨ ᠰᠢᠯᠢᠳᠡᠭ ᠲᠥᠪ ᠦᠨ ᠲᠣᠭᠯᠠᠭᠴᠢ ᠪᠠᠶᠢᠭᠰᠠᠨ ᠶᠤᠮ᠃ ᠲᠡᠷᠡ ᠦᠶ᠎ᠡ ᠳᠦ ᠪᠢᠯ ᠷᠠᠰᠰᠧᠯ ᠵᠣᠳᠣᠭ ᠢᠶᠠᠨ ᠲᠠᠶᠢᠯᠵᠤ ᠤ᠃ᠴᠡᠮᠪᠡᠷᠢᠯᠡᠢ ᠶᠢᠨ ᠬᠠᠷᠢᠵᠤ ᠪᠠᠶᠢᠭᠰᠠᠨ ᠦᠶ᠎ᠡ ᠶᠤᠮ᠃ ᠲᠡᠷᠡ ᠵᠢᠯ ᠳᠤ ᠪᠡᠨ БАкс 56-26 ᠭᠡᠰᠡᠨ ᠦᠵᠡᠭᠦᠯᠦᠯᠲᠡ ᠲᠡᠢ ᠪᠡᠷ ᠵᠡᠭᠦᠨ ᠪᠥᠰᠡ ᠶᠢᠨ 2 ᠍ ᠳᠦ ᠪᠢᠴᠢᠭᠳᠡᠵᠦ ᠺ᠃ᠠ᠃ᠵᠠᠪᠪᠤᠷ 28,8 ᠣᠨᠣᠭ᠎ᠠ ᠪᠠᠷ ᠯᠢᠭ ᠦᠨ 1 ᠍ ᠳᠦ᠂ 14,5 ᠰᠠᠮ ᠯᠢᠭ ᠦᠨ 3 ᠍ ᠳᠦ ᠣᠷᠣᠵᠤ ᠰᠢᠯᠢᠳᠡᠭ ᠵᠠᠯᠠᠭᠤ ᠲᠣᠭᠯᠠᠭᠴᠢ ᠶᠢᠨ ᠱᠠᠩᠨᠠᠯ ᠢ ᠬᠦᠷᠢᠲᠦᠵᠡᠢ᠃

ᠳᠠᠷᠠᠭ᠎ᠠ ᠵᠢᠯ БАкс ᠠᠪᠤᠷᠭᠤ ᠶᠢᠨ ᠲᠥᠯᠥᠭᠡ ᠵᠢᠳᠬᠦᠬᠦ ᠪᠡᠷ Cincinnati Royals /ᠰᠠᠺᠷᠠᠮᠧᠨᠲ᠋ᠣ ᠺᠢᠨᠭᠰ/ ᠪᠠᠭ᠎ᠠ ᠠᠴᠠ 31 ᠨᠠᠰᠤᠲᠠᠢ ᠣᠰᠺᠠᠷ ᠷᠣᠪᠧᠷᠲᠣᠰᠣᠨ ᠢ ᠡᠯᠰᠡᠭᠦᠯᠵᠦ ᠬᠦᠴᠦ ᠪᠡᠨ ᠵᠤᠵᠠᠭᠠᠳᠬᠠᠭᠰᠠᠨ ᠶᠤᠮ᠃ 1970-71 ᠣᠨ ᠤ ᠤᠯᠠᠷᠢᠯ ᠳᠤ ᠪᠠᠺᠰ ᠯᠢᠭ ᠦᠨ ᠰᠢᠯᠢᠳᠡᠭ ᠠᠮᠵᠢᠯᠲᠠ ᠪᠣᠯᠬᠤ 66-16 ᠡᠭᠦᠨ ᠡᠴᠡ 20 ᠍ ᠢ ᠨᠢ ᠳᠠᠷᠠᠭᠠᠯᠠᠯᠵᠤ ᠬᠣᠵᠢᠵᠤ ᠤᠯᠠᠷᠢᠯ ᠤᠨ МВП ᠍ ᠢ ᠵᠠᠪᠪᠤᠷ 31,6 ᠣᠨᠣᠭ᠎ᠠ 16 ᠰᠠᠮ ᠭᠡᠰᠡᠨ ᠦᠵᠡᠭᠦᠯᠦᠯᠲᠡ ᠲᠡᠢ ᠪᠡᠷ ᠬᠦᠷᠲᠡᠵᠦ ᠫᠣᠯᠢᠺᠠᠷᠫᠣᠪ ᠳᠦ ᠪᠠᠯᠲᠤᠮᠣᠷ ᠪᠤᠯᠠᠯᠠ ᠳᠤᠰ /ᠸᠠᠰᠢᠩᠲ᠋ᠣᠨ ᠸᠢᠽᠠᠷᠳᠠᠰ/ ᠍ ᠢ ᠬᠣᠵᠢᠵᠤ NBA ᠍ ᠦᠨ ᠠᠪᠤᠷᠭᠤ ᠪᠣᠯᠵᠤ ᠹᠢᠨᠠᠯ ᠤᠨ МВП ᠍ ᠢ ᠮᠥᠨ ᠵᠠᠪᠪᠤᠷ ᠠᠪᠴᠠᠢ᠃ 1971-72 ᠣᠨ ᠤ ᠤᠯᠠᠷᠢᠯ ᠡᠬᠢᠯᠡᠬᠦ ᠡᠴᠡ ᠡᠮᠦᠨ᠎ᠡ ᠵᠠᠪᠪᠤᠷ ᠺᠠᠲ᠋ᠣᠯᠢᠭ ᠱᠠᠰᠢᠨ ᠠᠴᠠ ᠢᠰᠯᠠᠮ ᠱᠠᠰᠢᠨ ᠲᠠᠢ ᠪᠣᠯᠵᠤ ᠹᠧᠷᠳᠢᠨ᠎ᠠ ᠳᠤ ᠯᠶᠢᠰ ᠠᠯᠴᠢᠨᠳᠣᠷ ᠭᠡᠳᠡᠭ ᠨᠡᠷ᠎ᠡ ᠪᠡᠨ ᠰᠣᠯᠢᠵᠤ ᠺᠠᠷᠢᠮ ᠠᠪᠳᠤᠯ ᠵᠠᠪᠪᠤᠷ ᠭᠡᠳᠡᠭ ᠨᠡᠷ᠎ᠡ ᠲᠡᠢ ᠪᠣᠯᠵᠠᠢ᠃ ᠡᠨᠡ ᠨᠢ ᠬᠦᠴᠦᠷᠬᠡᠭ᠂ ᠠᠭᠤᠵᠢᠮ ᠰᠡᠳᠬᠢᠯ ᠲᠡᠢ ᠵᠠᠷᠤᠴᠠ ᠭᠡᠰᠡᠨ ᠤᠳᠬ᠎ᠠ ᠲᠠᠢ᠃

ᠡᠨᠡ ᠤᠯᠠᠷᠢᠯ ᠳᠤ ᠲᠡᠷᠡ ᠪᠡᠷ 34,8 ᠣᠨᠣᠭ᠎ᠠ ᠪᠠᠷ ᠤᠯᠠᠷᠢᠯ ᠢ ᠲᠡᠷᠢᠭᠦᠯᠡᠵᠦ МВП ᠪᠣᠯᠤᠭᠰᠠᠨ ᠪᠠᠶᠢᠨ᠎ᠠ᠃ БАᠭ ᠨᠢ ᠳ᠋ᠢᠸᠢᠽᠢᠦᠩ ᠢᠶᠠᠨ ᠲᠡᠷᠢᠭᠦᠯᠡᠭᠰᠡᠨ NBA ᠍ ᠳᠦ ᠲᠦᠷᠦᠭᠦᠯᠡᠵᠦ ᠴᠢᠳᠠᠭ᠎ᠠ ᠦᠭᠡᠢ ᠶᠤᠮ᠃ ᠳᠠᠷᠠᠭ᠎ᠠ ᠵᠢᠯ ᠲᠡᠷᠡ ᠪᠡᠷ 3 ᠤᠳᠤᠭ᠎ᠠ ᠪᠠᠨ МВП ᠪᠣᠯᠤᠭᠰᠠᠨ ᠨᠢ ᠯᠢᠭᠢ ᠳᠦ ᠣᠷᠣᠵᠤ ᠢᠷᠡᠭᠡᠳ 5 ᠵᠢᠯ ᠪᠣᠯᠬᠤ ᠳᠤ ᠪᠠᠨ ᠲᠡᠭᠦᠨ ᠦ 3 ᠳᠠᠬᠢ МВП ᠨᠢ ᠪᠣᠯᠵᠠᠢ᠃ ᠲᠡᠷᠡ ᠵᠢᠯ ᠢᠶᠡᠨ NBA ᠍ ᠦᠨ ᠹᠢᠨᠠᠯ ᠳᠤ ᠪᠣᠰᠲᠠᠩ ᠤᠨ ᠡᠰᠡᠷᠬᠦ ᠲᠡᠶᠢᠮᠦ ᠴᠤ ᠬᠦᠴᠢᠲᠡᠢ ᠡᠰᠡᠷᠭᠦᠴᠡᠯ ᠦᠵᠡᠭᠦᠯᠵᠦ ᠴᠢᠳᠠᠭ᠎ᠠ ᠦᠭᠡᠢ ᠶᠤᠮ᠃ ᠳᠠᠷᠠᠭ᠎ᠠ ᠵᠢᠯ ᠳᠤ ᠣ᠃ᠷᠣᠪᠧᠷᠲᠤᠭᠰᠠᠨ ᠵᠣᠳᠣᠭ ᠲᠠᠶᠢᠯᠵᠤ ᠲᠡᠳᠡ ᠪᠦᠰ ᠲᠦ ᠪᠡᠨ ᠳᠥᠩᠭᠡᠵᠢ 8 ᠍ ᠳᠦᠭᠡᠷ ᠫᠣᠯᠢᠺᠠᠷᠫᠣᠪ ᠳᠦ ᠣᠷᠣᠭᠰᠠᠨ ᠪᠠᠶᠢᠨ᠎ᠠ᠃ ᠡᠨᠡ ᠪᠦᠬᠦᠨ ᠳᠦ ᠰᠡᠳᠬᠢᠯ ᠳᠤᠮᠳᠠᠭᠤᠷ ᠪᠠᠶᠢᠭᠰᠠᠨ ᠵᠠᠪᠪᠤᠷ ᠨᠶᠤ ᠢᠣᠷᠺ ᠪᠣᠯᠤᠨ ᠯᠣᠰ ᠠᠨᠵᠧᠯᠧᠰ 2 ᠍ ᠦᠨ ᠠᠯᠢ ᠨᠢᠭᠡ ᠪᠠᠭ ᠲᠤ ᠨᠢ ᠰᠣᠯᠢᠭᠳᠠᠵᠤ ᠣᠴᠢᠬᠤ ᠶᠢ ᠬᠦᠰᠡᠪᠡ᠃ ᠲᠡᠭᠦᠨ ᠦ ᠬᠦᠰᠡᠯᠲᠡ ᠶᠢ ᠪᠠᠭ ᠤᠨ ᠮᠧᠨᠧᠵᠧᠷ ᠤᠡᠢ ᠶᠢᠨ ᠡᠮᠪᠷᠢ ᠶᠣᠰᠣᠭᠠᠷ ᠪᠣᠯᠭᠠᠵᠤ ЛА ᠍ ᠲᠠᠢ ᠵᠢᠨᠢ ᠪᠠᠷ ᠪᠷᠢᠳᠢᠵᠢᠮᠡᠨ᠂ ᠳᠡᠢᠪ ᠮᠠᠶᠢᠷᠰ᠂ ᠡᠯᠮᠣᠷ ᠰᠮᠢᠲ᠂ ᠪᠷᠠᠢ ᠶᠢᠨ ᠸᠢᠨᠲ᠋ᠧᠷᠰ ᠢᠶᠡᠷ ᠰᠣᠯᠢᠵᠠᠢ᠃ ЛА ᠍ ᠳᠦ ᠣᠴᠢᠭᠰᠠᠨ ᠵᠢᠯ ᠳᠤ ᠪᠡᠨ ᠲᠡᠷᠡ ᠪᠡᠷ 27,7 ᠣᠨᠣᠭ᠎ᠠ 16,6 ᠰᠠᠮ ᠦᠵᠡᠭᠦᠯᠵᠦ ᠳᠠᠬᠢᠨ МВП ᠍ ᠦᠨ ᠱᠠᠩᠨᠠᠯ ᠢ ᠬᠦᠷᠲᠡᠭᠰᠡᠨ ᠪᠠᠶᠢᠨ᠎ᠠ᠃

ᠳᠠᠷᠠᠭ᠎ᠠ ᠵᠢᠯ ᠨᠢ NBA ᠍ ᠦᠨ ᠳᠣᠮᠣᠭᠲᠤ ᠲᠣᠭᠯᠠᠭᠴᠢ ᠵ᠃ᠤᠧᠰᠲ ᠳᠠᠰᠬᠠᠯᠵᠢᠭᠤᠯᠤᠭᠴᠢ ᠪᠠᠷ ᠢᠷᠡᠵᠦ 53-29 ᠬᠣᠵᠢᠵᠤ NBA ᠍ ᠢ ᠲᠡᠷᠢᠭᠦᠯᠡᠭᠰᠡᠨ ᠪᠣᠯ ᠵᠠᠪᠪᠤᠷ 26,2 ᠣᠨᠣᠭ᠎ᠠ 13,3 ᠰᠠᠮ 3,1 ᠪᠯᠣᠺ ᠭᠡᠰᠡᠨ ᠦᠵᠡᠭᠦᠯᠦᠯᠲᠡ ᠪᠡᠷ ᠥᠪᠡᠷ ᠦᠨ 5 ᠳᠠᠬᠢ МВП ᠍ ᠢ ᠬᠦᠷᠲᠡᠵᠦ ᠪ᠃ᠷᠠᠰᠰᠦᠯ ᠦᠨ ᠠᠮᠵᠢᠯᠲᠠ ᠲᠠᠢ ᠵᠡᠷᠭᠡᠴᠡᠬᠦ ᠪᠣᠯᠵᠠᠢ᠃ ᠭᠡᠪᠡᠴᠦ ᠺᠣᠨᠹᠷᠧᠨᠼ ᠤᠨ ᠠᠪᠤᠷᠭᠤ ᠶᠢᠨ ᠲᠥᠯᠥᠭᠡ ᠫᠤᠷᠲᠯᠢᠨᠳ᠋ ᠍ ᠲᠡᠢ ᠲᠣᠭᠯᠠᠵᠤ ᠬᠣᠵᠢᠭᠳᠠᠵᠠᠢ᠃ 1977-78 ᠣᠨ ᠤ ᠤᠯᠠᠷᠢᠯ ᠳᠤ ᠲᠡᠷᠡᠪᠡᠷ ᠬᠠᠭᠤᠴᠢᠨ ᠪᠠᠭ ᠤᠨ ᠢᠶᠠᠨ ᠡᠰᠡᠷᠬᠦ ᠲᠣᠭᠯᠠᠵᠤ ᠪᠠᠶᠢᠬᠤ ᠳᠤ ᠪᠠᠨ ᠭᠠᠷ ᠢᠶᠠᠨ ᠬᠤᠭᠤᠯᠤᠭᠰᠠᠨ ᠪᠠᠶᠢᠨ᠎ᠠ᠃ 1979 ᠣᠨ ᠳᠤ ЛА ᠢᠦᠲ᠋ᠠ ᠵᠠᠽᠽ ᠠᠴᠠ ᠳ᠋ᠷᠠᠹᠲ ᠤᠨ ᠡᠬᠢᠨ ᠦ ᠡᠷᠬᠡ ᠶᠢᠨ ᠠᠪᠤᠭᠰᠠᠨ ᠪᠥᠭᠡᠳ ᠲᠡᠳᠡ ᠳ᠋ᠷᠠᠹᠲ ᠤᠨ ᠨᠢᠭᠡ ᠪᠡᠷ ᠮᠡᠴᠢᠭᠠᠨ ᠤ ᠶᠡᠬᠡ ᠰᠤᠷᠭᠠᠭᠤᠯᠢ ᠶᠢᠨ ᠵᠠᠯᠠᠭᠤ ᠣᠳᠣ ᠬᠣᠯᠪᠣᠭᠴᠢ ᠡᠷᠪᠢᠨ ᠵᠣᠩᠰᠣᠨ ᠵᠤᠨᠢᠶᠠᠷ ᠢ ᠠᠪᠤᠭᠰᠠᠨ ᠪᠠᠶᠢᠨ᠎ᠠ᠃ ᠲᠡᠷᠡ ᠵᠢᠯ ᠳᠤ ᠪᠡᠨ ᠲᠡᠳᠡ 60 ᠬᠣᠵᠢᠯ ᠠᠪᠴᠤ ᠵᠠᠪᠪᠤᠷ /24,8 ᠣᠨᠣᠭ᠎ᠠ 10,8 ᠰᠠᠮ/ 6 ᠳᠠᠬᠢ МВПᠭ ᠠᠪᠴᠠᠢ᠃ ᠠᠪᠤᠷᠭᠤ ᠶᠢᠨ ᠲᠥᠯᠦᠭᠡᠬᠢ ᠴᠤᠪᠤᠷᠠᠯ ᠤᠨ 5 ᠳᠠᠬᠤ ᠲᠣᠭᠯᠠᠯᠲᠠᠨ ᠳᠡᠭᠡᠷ᠎ᠡ ᠵᠠᠪᠪᠤᠷ 40 ᠣᠨᠣᠭ᠎ᠠ ᠠᠪᠴᠤ ᠪᠠᠭ ᠢᠶᠠᠨ ᠬᠣᠵᠢᠯ ᠳᠤ ᠬᠦᠷᠭᠡᠭᠰᠡᠨ ᠪᠣᠯᠪᠠᠴᠤ ᠲᠡᠷᠡ ᠪᠡᠷ ᠱᠠᠭ᠎ᠠ ᠶᠢ ᠪᠠᠨ ᠭᠡᠮᠲᠦᠵᠦ 6 ᠳᠠᠬᠢ ᠲᠣᠭᠯᠠᠯᠲᠠᠨ ᠳᠤ ᠣᠷᠣᠯᠴᠠᠵᠤ ᠴᠢᠳᠠᠬᠤ ᠪᠠᠷ ᠦᠭᠡᠢ ᠪᠣᠯᠵᠠᠢ᠃ ᠭᠡᠪᠡᠴᠦ ᠲᠡᠷᠡ ᠲᠣᠭᠯᠠᠯᠲᠠᠨ ᠳᠡᠭᠡᠷ᠎ᠡ 20 ᠨᠠᠰᠤᠲᠠᠢ ᠵᠠᠯᠠᠭᠤ ᠲᠣᠭᠯᠠᠭᠴᠢ ᠮᠡᠵᠢᠺ ᠵᠣᠩᠰᠣᠨ 40 ᠣᠨᠣᠭ᠎ᠠ 15 ᠰᠠᠮ 7 ᠳᠠᠮ ᠯ ᠳᠦ ᠥᠭᠴᠦ ᠪᠠᠭ᠎ᠠ ᠪᠠᠨ ᠠᠪᠤᠷᠭᠤ ᠪᠣᠯᠭᠠᠭᠰᠠᠨ ᠲᠡᠳᠦᠢ ᠦᠭᠡᠢ ᠹᠢᠨᠠᠯ ᠤᠨ МВП ᠭᠡᠳᠡᠭ ᠴᠣᠯᠠ ᠶᠢ ᠠᠩᠬ᠎ᠠ ᠤᠳᠠᠭ᠎ᠠ ᠬᠦᠷᠢᠲᠦᠵᠡᠢ᠃

ᠳᠠᠷᠤᠭ᠎ᠠ ᠶᠢᠨ 6 ᠤᠯᠠᠷᠢᠯ ᠳᠤ ᠲᠡᠷᠡᠪᠡᠷ ᠳᠤᠮᠳᠠᠴᠢ ᠪᠠᠷ 20 ᠣᠨᠣᠭ᠎ᠠ ᠠᠪᠴᠤ ᠲᠠᠯᠠᠪᠠᠢ ᠳᠡᠭᠡᠷ᠎ᠡ 32-36 ᠮᠢᠨᠦ᠋ᠲ ᠭᠠᠷᠴᠤ ᠪᠠᠶᠢᠭᠰᠠᠨ ᠪᠥᠭᠡᠳ ᠬᠠᠷᠢᠨ ᠰᠠᠮ ᠠᠪᠤᠯᠲᠠ ᠨᠢ 6 ᠪᠣᠯᠲᠠᠯ᠎ᠠ ᠪᠠᠨ ᠪᠠᠭᠤᠭᠰᠠᠨ ᠪᠠᠶᠢᠨ᠎ᠠ᠃ ᠭᠡᠪᠡᠴᠦ ᠡᠨᠡ ᠦᠵᠡᠭᠦᠯᠦᠯᠲᠡ ᠨᠢ 33 ᠭᠠᠷᠴᠤ ᠶᠠᠪᠤᠭ᠎ᠠ ᠲᠣᠭᠯᠠᠭᠴᠢᠳ ᠠᠬᠠᠳᠤᠭᠰᠠᠨ ᠦᠵᠡᠭᠦᠯᠦᠯᠲᠡ ᠪᠠᠶᠢᠯ᠎ᠠ᠃ ᠲᠡᠷᠡ ᠪᠡᠷ ᠢᠭ ᠪᠣᠯᠤᠨ ᠵᠣᠳᠣᠭᠠᠨ ᠤ ᠤᠷᠠᠯᠢᠭ ᠢᠶᠠᠷ ᠬᠢᠴᠢᠶᠡᠯᠯᠡᠳᠡᠭ ᠪᠠᠶᠢᠭᠰᠠᠨ ᠨᠢ ᠲᠡᠭᠦᠨ ᠳᠦ ᠨᠥᠯᠦᠭᠡᠯᠡᠳᠡᠭ ᠪᠠᠶᠢᠭᠰᠠᠨ ᠪᠠᠶᠢᠨ᠎ᠠ᠃ 1984 ᠣᠨ ᠤ 4 ᠰᠠᠷ᠎ᠠ ᠶᠢᠨ 5 ᠍ ᠳᠦ ᠢᠦᠲ᠋ᠠ ᠲᠠᠢ ᠲᠣᠭᠯᠠᠭᠰᠠᠨ ᠲᠣᠭᠯᠠᠯᠲᠠ ᠶᠢᠨ ᠦᠶ᠎ᠡ ᠪᠡᠷ ᠮ᠃ᠵᠣᠩᠰᠣᠨ ᠤ ᠳᠠᠮᠵᠢᠭᠤᠯᠤᠯᠲᠠ ᠪᠠᠷ ᠥᠪᠡᠷ ᠦᠨ ᠠᠯᠳᠠᠷᠲᠤ ᠳᠠᠯᠠᠯᠬᠤ ᠰᠢᠳᠡᠯᠲᠡ ᠪᠡᠷ ᠠᠪᠤᠭᠰᠠᠨ ᠣᠨᠣᠭ᠎ᠠ ᠨᠢ ᠲᠡᠭᠦᠨ ᠦ 31,420 ᠪᠣᠯᠵᠤ ᠤ᠃ ᠴᠡᠮᠪᠡᠷᠢᠯᠡᠢ ᠶᠢᠨ ᠦ ᠷᠧᠺᠣᠷᠳ᠋ ᠍ ᠢ ᠡᠪᠳᠡᠭᠰᠡᠨ ᠶᠤᠮ᠃ ЛА 1979-89 ᠣᠨ ᠤ ᠬᠣᠭᠣᠷᠣᠨᠳᠣ 8 ᠤᠳᠠᠭ᠎ᠠ NBA ᠍ ᠦᠨ ᠹᠢᠨᠠᠯ ᠳᠤ ᠦᠯᠡᠳᠡᠵᠦ᠂ 5 ᠤᠳᠠᠭ᠎ᠠ ᠠᠪᠤᠷᠭᠤ ᠪᠣᠯᠵᠠᠢ᠃

1985 ᠣᠨ ᠳᠤ 38 ᠨᠠᠰᠤᠨ ᠳᠤ ᠪᠠᠨ ᠠᠪᠤᠷᠭᠤ ᠶᠢᠨ ᠲᠥᠯᠥᠭᠡ ᠪᠣᠰᠲᠠᠩ ᠤᠨ ᠡᠰᠡᠷᠬᠦ ᠬᠢᠭᠰᠡᠨ 1 ᠳ᠋ᠡᠬᠢ ᠲᠣᠭᠯᠠᠯᠲᠠᠨ ᠳᠤ ᠵᠠᠪᠪᠤᠷ 12 ᠣᠨᠣᠭ᠎ᠠ 3 ᠰᠠᠮ ᠠᠪᠤᠭᠰᠠᠨ ᠪᠠᠶᠢᠨ᠎ᠠ᠃ ᠡᠨᠡ ᠲᠣᠭᠯᠠᠯᠲᠠᠨ ᠳᠤ ᠪᠣᠰᠲᠠᠨ ЛА ᠍ ᠢ 148-114 ᠨᠣᠮᠧᠷᠮᠧᠷ ᠬᠠᠷᠢᠴᠠᠭ᠎ᠠ ᠲᠠᠢ ᠪᠠᠷ ᠪᠤᠲᠠ ᠨᠢᠷᠭᠡᠵᠡᠢ᠃ ᠲᠣᠭᠯᠠᠯᠲᠠ ᠶᠢᠨ ᠳᠠᠷᠠᠭ᠎ᠠ ᠵᠠᠪᠪᠤᠷ ᠲᠣᠭᠯᠠᠯᠲᠠ ᠶᠢᠨ ᠪᠢᠴᠢᠯᠭᠡ ᠶᠢ ᠳᠠᠬᠢᠨ ᠳᠠᠬᠢᠨ ᠦᠵᠡᠵᠦ ᠪᠡᠯᠡᠳᠬᠡᠯ ᠢᠶᠡᠨ ᠬᠢᠭᠰᠡᠨ ᠪᠠᠶᠢᠨ᠎ᠠ᠃ 2 ᠳᠠᠬᠢ ᠲᠣᠭᠯᠠᠯᠲᠠᠨ ᠳᠤ ᠵᠠᠪᠪᠤᠷ 30 ᠣᠨᠣᠭ᠎ᠠ 17 ᠰᠠᠮ 8 ᠳᠠᠮ 3 ᠪᠯᠣᠺ ᠬᠢᠵᠦ 109-102 ᠨᠣᠮᠧᠷᠮᠧᠷ ᠬᠠᠷᠢᠴᠠᠭ᠎ᠠ ᠲᠠᠢ ᠪᠠᠷ ᠪᠣᠰᠲᠠᠨ ᠢ ᠬᠣᠵᠢᠵᠠᠢ᠃ ᠡᠨᠡ ᠴᠤᠪᠤᠷᠠᠯ ᠤᠳ ᠲᠤ ᠵᠠᠪᠪᠤᠷ 30,2 ᠣᠨᠣᠭ᠎ᠠ 11,3 ᠰᠠᠮ 6,5 ᠳᠠᠮ 2,0 ᠪᠯᠣᠺ ᠦᠵᠡᠭᠦᠯᠵᠦ ᠹᠢᠨᠠᠯ ᠤᠨ МВП ᠍ ᠢ ᠨᠡᠷ᠎ᠡ ᠲᠥᠷᠥ ᠲᠡᠢ ᠪᠡᠷ ᠬᠦᠷᠲᠡᠭᠰᠡᠨ ᠶᠤᠮ᠃ 40 ᠨᠠᠰᠤᠨ ᠳᠤ ᠪᠠᠨ ᠲᠡᠷᠡ ᠪᠡᠷ ЛА ᠍ ᠲᠠᠢ ᠳᠠᠬᠢᠨ 2 ᠵᠢᠯ ᠦᠨ ᠭᠡᠷ᠎ᠡ ᠶᠢ ᠪᠠᠶᠢᠭᠤᠯᠤᠭᠰᠠᠨ ᠪᠠᠶᠢᠨ᠎ᠠ᠃

1988-89 ᠣᠨ ᠤ ᠠᠪᠤᠷᠭᠤ ᠶᠢᠨ ᠲᠥᠯᠦᠭᠡᠬᠢ ᠲᠣᠭᠯᠠᠯᠲᠠᠨ ᠳᠤ ᠳ᠋ᠧᠲ᠋ᠷᠣᠢᠲ ᠤᠨ ᠡᠰᠡᠷᠬᠦ 3 ᠳᠠᠬᠢ ᠲᠣᠭᠯᠠᠯᠲᠠᠨ ᠳᠤ 24 ᠣᠨᠣᠭ᠎ᠠ 13 ᠰᠠᠮ ᠠᠪᠤᠭᠰᠠᠨ ᠪᠠᠶᠢᠨ᠎ᠠ᠃ ᠭᠡᠪᠡᠴᠦ ЛА ᠍ ᠦᠨ ᠮ᠃ᠵᠣᠩᠰᠣᠨ᠂ ᠪ᠃ᠰᠺᠣᠲ᠋ᠲ ᠨᠠᠷ ᠭᠡᠮᠲᠦᠯ ᠲᠡᠢ ᠪᠠᠶᠢᠭᠰᠠᠨ ᠪᠥᠭᠡᠳ ᠲᠡᠷᠡ ᠪᠡᠷ ᠥᠪᠡᠷ ᠦᠨ ᠬᠠᠮᠤᠭ ᠤᠨ ᠰᠡᠭᠦᠯ ᠦᠨ ᠲᠣᠭᠯᠠᠯᠲᠠᠨ ᠳᠤ ᠪᠠᠨ 7 ᠣᠨᠣᠭ᠎ᠠ 3 ᠰᠠᠮ ᠠᠪᠤᠭᠰᠠᠨ ᠪᠠᠶᠢᠨ᠎ᠠ᠃ ᠲᠡᠷᠡ ᠤᠯᠠᠷᠢᠯ ᠳᠤ ᠪᠠᠨ ᠲᠡᠷᠡ ᠪᠡᠷ ᠥᠪᠡᠷ ᠦᠨ ᠬᠠᠮᠤᠭ ᠤᠨ ᠮᠠᠭᠤ ᠦᠵᠡᠭᠦᠯᠦᠯᠲᠡ ᠪᠣᠯᠬᠤ 10,1 ᠣᠨᠣᠭ᠎ᠠ ᠠᠪᠴᠤ ᠪᠠᠶᠢᠴᠠᠢ᠃ ᠲᠡᠭᠦᠨ ᠦ ᠵᠣᠳᠣᠭ ᠲᠠᠶᠢᠯᠤᠭᠰᠠᠨ ᠶᠠᠪᠤᠳᠠᠯ ᠨᠢ NBA ᠍ ᠦᠨ 1 ᠡᠷᠡᠨ ᠦ ᠲᠡᠭᠦᠰᠬᠡᠯ ᠪᠣᠯᠤᠭᠰᠠᠨ ᠶᠤᠮ . ᠲᠡᠷᠡᠪᠡᠷ 787 ᠲᠣᠭᠯᠠᠯᠲᠠ ᠳᠠᠷᠠᠭᠠᠯᠠᠯᠠᠨ 2 ᠣᠷᠣᠨ ᠲᠠᠢ ᠣᠨᠣᠭ᠎ᠠ ᠠᠪᠴᠤ ᠪᠠᠶᠢᠴᠠᠢ᠃

ᠲᠡᠭᠦᠨ ᠦ ᠺᠠᠷᠢᠶᠡᠷ ᠳᠠᠬᠢ ᠦᠵᠡᠭᠦᠯᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡ ᠪᠡᠷ 1560 ᠲᠣᠭᠯᠠᠯᠲᠠᠨ ᠳᠤ ᠣᠷᠣᠯᠴᠠᠵᠤ 38,387 ᠣᠨᠣᠭ᠎ᠠ /24,6/ 17,440 ᠰᠠᠮ ᠪᠥᠮ ᠠᠪᠤᠯᠲᠠ /11,2/ 5,660 ᠳᠠᠮ ᠯ ᠳᠦ /3,6/ 1,160 ᠪᠥᠮ ᠲᠠᠰ /0,7/ 3,189 ᠪᠯᠣᠺ /2,0/ ᠳᠤᠮᠳᠠ ᠠᠴᠠ 55,9%ᠲᠠᠢ ᠳᠣᠪᠲᠣᠯᠵᠤ ᠪᠠᠶᠢᠴᠠᠢ᠃

ᠲᠡᠭᠦᠨ ᠦ ᠷᠧᠺᠣᠷᠳ᠋ ᠍ ᠤᠳ ᠠᠴᠠ:[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠤᠭ ᠤᠨ ᠶᠡᠬᠡ ᠣᠨᠣᠭ᠎ᠠ - 38,387 ᠬᠠᠮᠤᠭ ᠤᠨ ᠶᠡᠬᠡ ᠮᠢᠨᠦ᠋ᠲ ᠲᠠᠯᠠᠪᠠᠢ ᠳᠤ ᠥᠩᠭᠡᠷᠤᠯᠦᠭᠰᠡᠨ (57,446) ᠬᠠᠮᠤᠭ ᠤᠨ ᠶᠡᠬᠡ ᠳᠣᠪᠲᠣᠯᠭ᠎ᠠ ᠠᠮᠵᠢᠯᠲᠠ ᠲᠠᠢ ᠪᠣᠯᠭᠠᠭᠰᠠᠨ (15,837) ᠬᠠᠮᠤᠭ ᠤᠨ ᠶᠡᠬᠡ ᠳᠣᠪᠲᠣᠯᠤᠭᠰᠠᠨ (28,307) ᠬᠠᠮᠤᠭ ᠤᠨ ᠣᠯᠠᠨ ᠤᠳᠠᠭ᠎ᠠ ᠪᠦᠬᠦ ᠣᠳᠣᠳ ᠰᠣᠩᠭᠣᠭᠳᠠᠭᠰᠠᠨ (19) ᠬᠠᠮᠤᠭ ᠤᠨ ᠣᠯᠠᠨ ᠤᠳᠠᠭ᠎ᠠ ᠪᠦᠬᠦ ᠣᠳᠣᠳ ᠤᠨ ᠲᠣᠭᠯᠠᠯᠲᠠᠨ ᠳᠤ ᠣᠷᠣᠯᠴᠠᠭᠰᠠᠨ (18) ᠬᠠᠮᠤᠭ ᠤᠨ ᠣᠯᠠᠨ ᠫᠣᠯᠢᠺᠠᠷᠫᠣᠪ ᠦᠨ ᠲᠣᠭᠯᠠᠯᠲᠠᠨ ᠳᠤ ᠣᠷᠣᠯᠴᠠᠭᠰᠠᠨ (237)

ᠵᠠᠭᠪᠤᠷ:ᠬᠤᠷᠢᠶᠠᠩᠭᠤᠢ ᠬᠦᠰᠦᠨᠦᠭ ᠲᠦ ᠵᠠᠭᠪᠤᠷ:NBA ᠍ ᠦᠨ ᠳ᠋ᠷᠠᠹᠲ ᠢ ᠲᠡᠷᠢᠭᠦᠯᠡᠭᠴᠢᠳ

ᠵᠠᠭᠪᠤᠷ:NBA ᠍ ᠦᠨ ᠤᠯᠠᠷᠢᠯ ᠤᠨ MVP

ᠪᠢᠴᠢᠭᠡᠰᠦ