ᠸᠠᠰᠢᠩᠲ᠋ᠣᠨ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
«ᠸᠠᠰᠢᠩᠲ᠋ᠣᠨ» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠸᠠᠰᠢᠩᠲ᠋ᠣᠨ (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃
ᠸᠠᠰᠢᠩᠲ᠋ᠣᠨ᠂ ᠺᠣᠯᠤᠮᠪᠢᠶ ᠠ ᠶᠢᠨ ᠲᠣᠭᠣᠷᠢᠭ</br> Washington᠂ D.C.
ᠬᠣᠲᠠ ᠶᠢᠨ ᠵᠢᠷᠤᠭ</br>ᠸᠠᠰᠢᠩᠲ᠋ᠣᠨ ᠤ ᠬᠥᠰᠢᠶ᠎ᠡ ᠪᠠ ᠴᠠᠭᠠᠨ ᠣᠷᠳᠣᠨ</br>
ᠰᠦᠯᠳᠡ ᠲᠤᠭ
ᠰᠦᠯᠳᠡ ᠲᠡᠮᠳᠡᠭ
ᠲᠤᠭ ᠰᠦᠯᠳᠡ
ᠬᠣᠴᠢ ᠨᠡᠷ᠎ᠡ: "DC, The District"
ᠤᠷᠢᠶ᠎ᠠ: "Justitia Omnibus (ᠪᠦᠭᠦᠳᠡ ᠳᠦ ᠰᠢᠳᠤᠷᠭᠤ ᠪᠠᠶᠢᠳᠠᠯ)"

ᠸᠠᠰᠢᠩᠲ᠋ᠣᠨ᠂ ᠺᠣᠯᠤᠮᠪᠢᠶ ᠠ ᠶᠢᠨ ᠲᠣᠭᠣᠷᠢᠭ ᠍ ᠦᠨ ᠪᠠᠶᠢᠷᠢᠰᠢᠯ</br>ᠸᠢᠷᠵᠢᠨᠢᠶ ᠠ ᠪᠠᠨ᠂ ᠮᠡᠷᠢᠯᠢᠨ ᠳᠦ ᠮᠤᠵᠢᠭᠤᠳᠠ ᠲᠠᠢ ᠬᠠᠷᠢᠴᠠᠭᠤᠯᠤᠭᠰᠠᠨ ᠸᠠᠰᠢᠩᠲ᠋ᠣᠨ ᠤ ᠪᠠᠶᠢᠷᠢᠰᠢᠯ

ᠰᠣᠯᠪᠢᠴᠠᠯ: 38°53′42.4″N, 77°02′12.0″W
ᠤᠯᠤᠰ ᠠᠮᠧᠷᠢᠺᠠ ᠶᠢᠨ ᠨᠢᠭᠡᠳᠦᠭᠰᠡᠨ ᠤᠯᠤᠰ
ᠬᠣᠯᠪᠣᠭᠠᠨ ᠤ ᠲᠣᠭᠣᠷᠢᠭ ᠺᠣᠯᠤᠮᠪᠢᠶ ᠠ ᠶᠢᠨ ᠲᠣᠭᠣᠷᠢᠭ
ᠵᠠᠰᠠᠭᠯᠠᠯ  
 - ᠮᠡᠶᠢᠷ ᠠᠳᠠᠷᠢᠨ ᠹᠧᠨ᠋ᠲ᠋ᠢ
 - ᠺᠣᠯᠤᠮᠪᠢᠶ ᠠ ᠶᠢᠨ ᠲᠣᠭᠣᠷᠢᠭ ᠤᠨ ᠵᠥᠪᠯᠡᠯ ᠳᠠᠷᠤᠭ᠎ᠠ: ᠸᠢᠨᠰᠧᠨᠲ ᠭᠷᠡᠢ
ᠭᠠᠵᠠᠷ ᠨᠤᠲᠤᠭ  
 - ᠨᠡᠶᠢᠲᠡ 177.0 km²
ᠥᠨᠳᠥᠷ 0–125 m
ᠬᠦᠮᠦᠨ ᠠᠮᠠ  
 - ᠨᠡᠶᠢᠲᠡ (2007) 588,292
 - ᠨᠢᠭᠲᠠᠷᠠᠯ 3,481/km²
 - ᠬᠦᠢ ᠳᠡᠭᠦᠷᠭᠡ ᠶᠢᠨ ᠬᠠᠮᠲᠤ 5.30 ᠰᠠᠶ᠎ᠠ
ᠴᠠᠭ ᠤᠨ ᠪᠥᠰᠡ UTC-5
 - ᠵᠤᠨ   UTC-4
ᠴᠠᠬᠢᠮ ᠰᠦᠯᠵᠢᠶ᠎ᠡ: www.dc.gov

ᠸᠠᠰᠢᠩᠲ᠋ᠣᠨ (ᠠᠩᠭᠯᠢ ᠪᠠᠷ Washington) ᠪᠤᠶᠤ ᠺᠣᠯᠤᠮᠪᠢᠶ ᠠ ᠶᠢᠨ ᠲᠣᠭᠣᠷᠢᠭ (ᠠᠩᠭᠯᠢ ᠪᠠᠷ Washington District Of Columbia) ᠨᠢ 1790  ᠤᠨ ᠤ 7 ᠰᠠᠷ᠎ᠠ ᠶᠢᠨ 16 ᠍ ᠍ ᠍ ᠳᠦ ᠪᠠᠶᠢᠭᠤᠯᠤᠭᠳᠠᠭᠰᠠᠨ᠂ ᠠᠮᠧᠷᠢᠺᠠ ᠶᠢᠨ ᠨᠢᠭᠡᠳᠦᠭᠰᠡᠨ ᠤᠯᠤᠰ ᠍ ᠍ ᠍ ᠤᠨ ᠨᠡᠶᠢᠰᠯᠡᠯ ᠶᠤᠮ᠃ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠠᠩᠬᠠᠨ ᠤ ᠶᠡᠷᠦᠩᠬᠡᠶᠢᠯᠡᠭᠴᠢ ᠵᠣᠷᠵᠢ ᠸᠠᠰᠢᠩᠲ᠋ᠣᠨ ᠤ ᠨᠡᠷ᠎ᠡ ᠪᠡᠷ ᠨᠡᠷᠡᠯᠡᠭᠰᠡᠨ᠃ ᠺᠣᠯᠤᠮᠪᠢᠶ ᠠ ᠶᠢᠨ ᠲᠣᠭᠣᠷᠢᠭ ᠨᠢ ᠫᠣᠲ᠋ᠣᠮᠠᠺ ᠭᠣᠣᠯ ᠍ ᠤᠨ ᠬᠣᠶᠢᠳᠤ ᠡᠷᠭᠢ ᠳᠡᠭᠡᠷ᠎ᠡ ᠤᠷᠤᠰᠢᠬᠤ ᠪᠥᠭᠡᠳ ᠪᠠᠷᠠᠭᠤᠨ ᠡᠮᠦᠨᠡᠲᠦ ᠲᠠᠯ᠎ᠠ ᠪᠠᠷ ᠢᠶᠠᠨ ᠸᠢᠷᠵᠢᠨᠢᠶ ᠠ  ᠲᠠᠢ᠂ ᠪᠠᠷᠠᠭᠤᠨ ᠬᠣᠶᠢᠳᠤ᠂ ᠵᠡᠭᠦᠨ ᠬᠣᠶᠢᠳᠤ᠂ ᠵᠡᠭᠦᠨ ᠡᠮᠦᠨᠡᠲᠦ ᠲᠠᠯ᠎ᠠ ᠪᠠᠷ ᠢᠶᠠᠨ ᠮᠡᠷᠢᠯᠢᠨᠳᠧ(Maryland ) ᠮᠤᠵᠢ ᠲᠠᠢ ᠬᠢᠯᠢᠯᠡᠨ᠎ᠡ᠃ ᠲᠣᠭᠣᠷᠢᠭ ᠤᠨ ᠰᠠᠭᠤᠭᠠᠯᠢ ᠠᠷᠠᠳ  ᠤᠨ ᠬᠦᠮᠦᠨ ᠠᠮᠠ ᠨᠢ 58 ᠲᠦᠮᠡ 8292 ᠪᠣᠯᠪᠠᠴᠤ ᠠᠵᠢᠯ  ᠤᠨ 7 ᠬᠣᠨᠣᠭ ᠤᠳ ᠲᠤ ᠢᠷᠡᠵᠦ ᠠᠵᠢᠯᠯᠠᠬᠤ ᠬᠦᠮᠦᠰ ᠢ ᠨᠡᠮᠡᠬᠦ ᠳᠦ ᠵᠠᠭᠤᠨ ᠲᠦᠮᠡ ᠭᠠᠷᠤᠢ ᠳᠤ ᠬᠦᠷᠤᠨ᠎ᠡ᠃ ᠸᠠᠰᠢᠩᠲ᠋ᠣᠨ ᠤ ᠮᠧᠲ᠋ᠷᠣᠫᠣᠯᠢ ᠭᠠᠵᠠᠷ ᠨᠤᠲᠤᠭ ᠤᠨ (ᠪᠦᠷᠢᠯᠳᠦᠬᠦᠨ ᠳᠦ ᠨᠢ ᠺᠣᠯᠤᠨᠢ ᠵᠢᠨ ᠲᠣᠭᠣᠷᠢᠭ ᠣᠷᠣᠨ᠎ᠠ) ᠬᠦᠮᠦᠨ ᠠᠮᠠ ᠨᠢ 530 ᠲᠦᠮᠡ ᠪᠥᠭᠡᠳ ᠡᠨᠡ ᠨᠢ ᠤᠯᠤᠰ ᠲᠤ ᠪᠠᠨ ᠨᠶᠢᠮᠠᠳᠤᠭᠠᠷ ᠲᠤ ᠵᠢᠭᠰᠠᠳᠠᠭ᠃

ᠸᠠᠰᠢᠩᠲ᠋ᠣᠨ ᠳᠤ 172 ᠭᠠᠳᠠᠭᠠᠳᠤ ᠶᠢᠨ ᠡᠯᠴᠢᠨ ᠰᠠᠶᠢᠳ ᠤᠨ ᠶᠠᠮᠤᠨᠳᠡᠯᠡᠬᠡᠢ ᠶᠢᠨ ᠪᠠᠩᠬᠢᠠᠮᠧᠷᠢᠺᠠ ᠶᠢᠨ ᠣᠷᠣᠨ ᠨᠤᠭᠤᠳ ᠤᠨ ᠪᠠᠶᠢᠭᠤᠯᠤᠯᠭ᠎ᠠᠢᠨᠲ᠋ᠧᠷ-ᠠᠮᠧᠷᠢᠺᠠ ᠶᠢᠨ ᠬᠥᠭᠵᠢᠯ ᠦᠨ ᠪᠠᠩᠬᠢ ᠵᠡᠷᠭᠡ ᠣᠯᠠᠨ ᠪᠠᠶᠢᠭᠤᠯᠤᠯᠭ᠎ᠠ ᠨᠤᠭᠤᠳ ᠤᠨ ᠲᠥᠪ ᠦᠳ ᠪᠠᠶᠢᠷᠢᠯᠠᠨ᠎ᠠ᠃

ᠠᠮᠧᠷᠢᠺᠠ ᠶᠢᠨ ᠨᠢᠭᠡᠳᠦᠭᠰᠡᠨ ᠤᠯᠤᠰ ᠤᠨ ᠨᠡᠢᠬᠡᠮᠯᠢᠭ ᠨᠢ ᠸᠠᠰᠢᠩᠲ᠋ᠣᠨ ᠢ ᠰᠢᠭᠤᠳ᠂ ᠪᠦᠷᠢᠨ ᠵᠠᠬᠢᠷᠳᠠᠭ ᠪᠥᠭᠡᠳ ᠠᠷᠠᠳ ᠢᠷᠭᠡᠳ ᠨᠢ ᠥᠪᠡᠷᠰᠡᠳ ᠢ ᠪᠡᠨ ᠤᠳᠤᠷᠢᠳᠬᠤ ᠡᠷᠬᠡ ᠪᠠᠭᠠᠲᠠᠢ ᠶᠤᠮ᠃

ᠸᠠᠰᠢᠩᠲ᠋ᠣᠨ ᠤ ᠮᠣᠩᠭᠣᠯᠴᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠠᠰᠢᠩᠲ᠋ᠣᠨ ᠳᠤ ᠤᠷᠲᠤ ᠪᠣᠭᠣᠨᠢ ᠬᠤᠭᠤᠴᠠᠭ᠎ᠠ ᠪᠠᠷ ᠠᠵᠢᠯᠯᠠᠳᠠᠭ ᠪᠠ ᠴᠠᠭᠠᠴᠢᠯᠠᠭᠰᠠᠨ 5000 ᠭᠠᠷᠤᠢ ᠮᠣᠩᠭᠣᠯᠴᠤᠳ ᠠᠮᠢᠳᠤᠷᠠᠳᠠᠭ᠃ ᠸᠠᠰᠢᠩᠲ᠋ᠣᠨ ᠤ ᠮᠣᠩᠭᠣᠯᠴᠤᠳ ᠪᠦᠭᠦᠳᠡ ᠢᠳᠡᠪᠬᠢ ᠲᠡᠢ ᠪᠡᠷ ᠠᠮᠧᠷᠢᠺᠠ ᠶᠢᠨ ᠬᠥᠭᠵᠢᠯ ᠡᠴᠡ ᠰᠤᠷᠤᠯᠴᠠᠵᠤ ᠪᠣᠯᠪᠠᠰᠤᠷᠠᠯ ᠴᠢᠳᠠᠪᠤᠷᠢ ᠪᠠᠨ ᠳᠡᠭᠡᠭᠰᠢᠯᠡᠭᠦᠯᠦᠨ ᠠᠮᠧᠷᠢᠺᠠ ᠶᠢᠨ ᠡᠳᠦᠷ ᠲᠤᠲᠤᠮ ᠤᠨ ᠠᠮᠢᠳᠤᠷᠠᠯ ᠳᠤ ᠬᠥᠯ ᠨᠡᠶᠢᠯᠡᠭᠦᠯᠦᠨ ᠠᠵᠢᠯᠯᠠᠵᠤ ᠠᠮᠢᠳᠤᠷᠠᠵᠤ ᠮᠣᠩᠭᠣᠯ ᠤᠨ ᠪᠠ ᠠᠮᠧᠷᠢᠺᠠ ᠶᠢᠨ ᠬᠥᠭᠵᠢᠯ ᠢ ᠣᠶᠢᠷᠠᠲᠤᠭᠤᠯᠬᠤ ᠳᠤ ᠴᠢᠬᠤᠯᠠ ᠨᠥᠯᠥᠭᠡ ᠦᠵᠡᠭᠦᠯᠳᠡᠭ ᠶᠤᠮ᠃ ᠰᠡᠭᠦᠯ ᠦᠨ ᠵᠢᠯ   ᠤᠳ ᠲᠤ ᠮᠣᠩᠭᠣᠯᠴᠤᠳ ᠸᠠᠰᠢᠩᠲ᠋ᠣᠨ ᠳᠤ ᠮᠠᠰᠢᠨ ᠵᠠᠰᠠᠪᠤᠷᠢ ᠶᠢᠨ ᠦᠢᠯᠡᠴᠢᠯᠡᠭᠡ᠂ ᠴᠢᠯᠠᠭᠤᠨ ᠭᠣᠶᠣᠯ ᠴᠢᠮᠡᠭᠯᠡᠯ ᠦᠨ ᠦᠢᠯᠡᠳᠪᠦᠷᠢ᠂ ᠬᠤᠪᠢ ᠤᠨ ТВ᠂ ᠦᠯᠦ ᠬᠥᠳᠡᠯᠬᠦ ᠬᠥᠷᠥᠩᠭᠡ ᠶᠢᠨ ᠵᠢᠭᠤᠴᠢᠯᠠᠯ ᠵᠡᠷᠭᠡ ᠴᠥᠭᠡᠨ ᠦᠭᠡᠢ ᠰᠠᠯᠪᠤᠷᠢ ᠤᠳ ᠲᠤ ᠥᠪᠡᠷᠰᠡᠳ ᠦᠨ ᠠᠷᠠᠯᠵᠢᠶ ᠡ ᠪᠡᠨ ᠨᠡᠭᠡᠭᠡᠵᠦ ᠣᠯᠠᠨ ᠦᠨᠳᠦᠰᠦᠲᠡᠨ ᠦ ᠶᠡᠬᠡ ᠭᠦᠷᠦᠨ ᠳᠦ ᠥᠪᠡᠷᠰᠡᠳ ᠦᠨ ᠪᠠᠶᠢᠷᠢ ᠰᠠᠭᠤᠷᠢ ᠶᠢ ᠣᠯᠤᠭᠰᠠᠭᠠᠷ ᠪᠠᠶᠢᠨ᠎ᠠ᠃ ᠮᠥᠨ ᠠᠮᠧᠷᠢᠺᠠ ᠶᠢᠨ ᠣᠯᠠᠨ ᠲᠥᠷᠥᠯ ᠦᠨ ᠺᠣᠮᠫᠠᠨᠢ ᠨᠤᠭᠤᠳ᠂ ᠲᠥᠷᠥ ᠶᠢᠨ ᠪᠠᠶᠢᠭᠤᠯᠤᠯᠭ᠎ᠠ ᠨᠤᠭᠤᠳ ᠲᠤ ᠴᠢᠬᠤᠯᠠ ᠤᠳᠤᠷᠢᠳᠤᠯᠭ᠎ᠠ ᠶᠢᠨ ᠠᠯᠪᠠᠨ ᠲᠤᠰᠢᠶᠠᠯ ᠤᠳ ᠲᠤ ᠴᠤ ᠲᠡᠨᠳᠡᠬᠢ ᠶᠢᠨ ᠶᠡᠬᠡ ᠰᠤᠷᠭᠠᠭᠤᠯᠢ ᠶᠢ ᠠᠮᠵᠢᠯᠲᠠ ᠲᠠᠢ ᠲᠡᠭᠦᠰᠦᠭᠰᠡᠨ ᠮᠣᠩᠭᠣᠯᠴᠤᠳ ᠤᠴᠢᠵᠤ ᠠᠵᠢᠯᠯᠠᠳᠠᠭ ᠶᠤᠮ᠃


20120529164924125126402.jpg

ᠴᠠᠭᠠᠨ ᠤᠷᠳᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭᠠᠨ ᠤᠷᠳᠤᠨ(ᠠᠩᠭᠯᠢ ᠪᠠᠷ The White House) ᠬᠡᠵᠤ ᠠᠮᠧᠷᠢᠺᠡ ᠵᠢᠨ ᠶᠠᠷᠦᠨᠭᠬᠡᠢᠯᠡᠭᠴᠢ ᠵᠢᠨ ᠰᠠᠭᠤᠷᠢᠰᠢᠳᠠᠭ ᠤᠷᠳᠤᠨ ᠪᠡ ᠠᠯᠪᠠᠨ ᠬᠡᠷ ᠢ ᠵᠢᠭᠠᠳᠠᠭ᠃ ᠸᠠᠰᠢᠩᠲ᠋ᠣᠨ  ᠬᠤᠳᠠ ᠵᠢᠨ ᠫᠢᠨᠰᠧᠯᠸᠸᠢᠨᠢᠶᠠ ᠵᠡᠬᠡᠯᠢ (Pennsylvania Avenue) ᠵᠢᠨ 1600 ᠨᠤᠮᠧᠷ ᠲᠤ ᠪᠠᠢᠷᠢᠯᠠᠳᠠᠭ᠃ 1800 ᠤᠨ  ᠳᠤ ᠪᠠᠢᠭᠤᠯᠤᠭᠳᠠᠵᠤ᠂ 1812 ᠤᠨ  ᠤ ᠠᠨᠭᠬᠡᠯᠢ ᠡᠠᠮᠧᠷᠢᠺᠡ ᠵᠢᠨ ᠲᠠᠢᠨ  ᠳᠤ᠂ ᠠᠨᠭᠬᠡᠯᠢ ᠵᠢᠨ ᠴᠡᠷᠢᠭ ᠸᠠᠰᠢᠩᠲ᠋ᠣᠨ ᠬᠤᠳᠠ ᠵᠢ ᠡᠵᠡᠯᠡᠬᠡᠳ᠂ ᠡᠡᠮᠧᠷᠢᠺᠡ ᠵᠢᠨ ᠤᠯᠤᠰ  ᠤᠨ ᠬᠤᠷᠠᠯ  ᠤᠨ ᠶᠡᠬᠡ ᠠᠰᠠᠷ ᠪᠡ ᠶᠡᠷᠦᠨᠭᠬᠡᠯᠡᠭᠴᠢ ᠵᠢᠨ ᠤᠷᠳᠤ ᠵᠡᠷᠬᠡ ᠵᠢ ᠰᠢᠳᠠᠭᠠᠵᠡᠢ᠃ᠰᠡᠬᠦᠯᠡᠷ ᠨᠢ ᠶᠡᠬᠡ ᠭᠠᠯᠳᠠᠭᠰᠠᠨ ᠤᠷᠤᠮ ᠵᠢᠡᠨ ᠲᠠᠯᠳᠠᠯᠠᠬᠤ ᠵᠢᠨ ᠲᠦᠯᠦᠬᠡ 1814 ᠤᠨ  ᠳᠤ ᠶᠡᠷᠦᠨᠭᠬᠡᠢᠯᠡᠭᠴᠢ ᠵᠢᠨ ᠰᠠᠭᠤᠵᠤ ᠪᠠᠢᠭᠰᠠᠨ ᠤᠷᠳᠤ ᠵᠢ ᠴᠠᠭᠠᠨ ᠪᠤᠳᠤᠭ ᠵᠢᠡᠷ ᠰᠢᠷᠳᠡᠪᠡ᠃ 1902 ᠤᠨ  ᠳᠤ ᠶᠡᠷᠦᠨᠭᠬᠡᠢᠯᠡᠭᠴᠢ ᠷᠦᠰᠸᠸᠢᠯᠲ ( Theodore Roosevelt) ᠡᠴᠡ《ᠴᠠᠭᠠᠨ ᠤᠷᠳᠤᠨ》ᠬᠡᠵᠤ ᠨᠡᠷᠡᠯᠡᠵᠠᠢ᠃ ᠤᠳᠤᠬᠠᠨ  ᠳᠤ 《ᠴᠠᠭᠠᠨ ᠤᠷᠳᠤᠨ》 ᠬᠡᠪᠡᠯ ᠤᠯᠠᠨᠭᠬᠢ  ᠳᠠᠭᠠᠨ ᠠᠮᠧᠷᠢᠺᠡ ᠵᠢᠨ ᠵᠠᠰᠠᠭ  ᠤᠨ ᠤᠷᠳᠤᠨ ᠢ ᠵᠢᠭᠠᠳᠠᠭ᠃ 
20$ ᠴᠠᠭᠠᠰᠤᠨ ᠵᠤᠭᠤᠰ  ᠤᠨ ᠠᠷᠤ ᠲᠠᠯ ᠡ ᠵᠢᠨ ᠵᠢᠷᠤᠭ ᠨᠢ ᠲᠠᠷᠤᠢ 《ᠴᠠᠭᠠᠨ ᠤᠷᠳᠤᠨ》᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠸᠠᠰᠢᠩᠲ᠋ᠣᠨ ᠬᠣᠲᠠ

ᠪᠢᠴᠢᠭᠡᠰᠦ