ᠶᠸᠮᠸᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
10:02, 14 ᠬᠤᠶᠠᠳᠤᠭᠠᠷ ᠰᠠᠷ᠎ᠠ 2016- ᠶᠢᠨ ᠪᠠᠢᠢᠳᠠᠯ ᠶᠢᠡᠷ ᠬᠢ Baiyin (ᠶᠠᠷᠢᠶ᠎ᠠ | ᠬᠤᠪᠢ ᠨᠡᠮᠡᠷᠢ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠶᠸᠮᠸᠨ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: "Allah, al-Watan, at-Thawra, al-Wehda"
"ᠪᠤᠷᠬᠠᠨ᠂ ᠦᠨᠳᠦᠰᠦᠲᠡᠨ᠂ ᠬᠤᠪᠢᠰᠬᠠᠯ᠂ ᠡᠪ ᠨᠢᠭᠡᠳᠦᠯ"
ᠲᠥᠷᠥ ᠵᠠᠰᠠᠭ ᠪᠦᠭᠦᠳᠡ ᠨᠠᠶᠢᠷᠠᠮᠳᠠᠬᠤ ᠤᠯᠤᠰ
 -  ᠶᠡᠷᠦᠩᠬᠡᠶᠢᠯᠡᠭᠴᠢ ᠮᠤᠬᠤᠮ ᠢᠶ᠎ᠡ ᠳᠦ ᠠᠯᠢ ᠠᠯᠢ-ᠬᠤᠰᠢ
 -  ᠳᠡᠳ᠋ ᠶᠡᠷᠦᠩᠬᠡᠶᠢᠯᠡᠭᠴᠢ ᠠᠪ ᠲᠤ ᠠᠯᠢ-ᠷᠠᠪ ᠮᠠᠩᠰᠢᠷ ᠠᠯᠢ-ᠬᠠᠳᠢᠮ
 -  ᠶᠡᠷᠦᠩᠬᠡᠢ ᠰᠠᠶᠢᠳ ᠠᠯᠢ ᠮᠣᠬᠣᠮ ᠢᠶ᠎ᠡ ᠳᠦ ᠮᠤᠵᠢᠷ
 -  ᠭᠠᠳᠠᠷᠭᠤ ᠶᠢᠨ ᠤᠰᠤ (%) 0
ᠬᠦᠮᠦᠨ ᠠᠮᠠ
 -  ᠲᠣᠭᠠᠴᠠᠭ᠎ᠠ () 23,013,376[1] 
 -  ᠲᠣᠭᠠᠯᠠᠯᠭ᠎ᠠ () 22,230,531 
ᠬᠡᠦᠬᠡᠳ ᠦᠨ ᠬᠥᠭᠵᠢᠯ ᠦᠨ ᠢᠨᠳᠧᠺᠰ  0.508 (153)
ᠮᠥᠩᠭᠥᠨ ᠦ ᠨᠢᠭᠡᠴᠡ ᠶᠸᠮᠸᠨ ᠷᠢᠠᠯ )
ᠴᠠᠭ ᠤᠨ ᠪᠥᠰᠡ +3
ᠤᠲᠠᠰᠤᠨ ᠤ ᠲᠣᠮᠢᠶ᠎ᠠ 967

ᠶᠸᠮᠸᠨ ᠨᠢ ᠠᠷᠠᠪ ᠤᠨ ᠬᠣᠶᠢᠭ ᠲᠤ ᠤᠷᠤᠰᠢᠬᠤ ᠤᠯᠤᠰ ᠶᠤᠮ᠃ ᠠᠯᠪᠠᠨ ᠶᠣᠰᠣᠨ ᠤ ᠨᠡᠷ᠎ᠡ ᠨᠢ ᠪᠦᠭᠦᠳᠡ ᠨᠠᠶᠢᠷᠠᠮᠳᠠᠬᠤ ᠶᠸᠮᠸᠨ ᠤᠯᠤᠰ. ᠨᠡᠶᠢᠰᠯᠡᠯ ᠨᠢ ᠰᠠᠨᠠ. ᠰᠤᠤᠳᠢ ᠠᠷᠠᠪᠣᠮᠠᠨ ᠤᠯᠤᠰ ᠤᠳ ᠲᠠᠢ ᠭᠠᠵᠠᠷ ᠢᠶᠠᠷ ᠬᠢᠯᠢᠯᠡᠨ᠎ᠡ᠃

ᠨᠡᠷᠡᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠪᠠᠨ ᠶᠣᠰᠣᠨ ᠤ ᠨᠡᠷ᠎ᠡ ᠨᠢ الجمهوريّة اليمنية (ᠯᠠᠲ᠋ᠢᠨ ᠦᠰᠦᠭ ᠲᠦ ᠪᠠᠭᠤᠯᠭᠠᠪᠠᠯ᠂ al-Jumhuriya al-Yamaniya).

ᠠᠩᠭᠯᠢ ᠬᠡᠯᠡᠡᠭᠡᠷᠬᠡ ᠠᠯᠪᠠᠨ ᠶᠣᠰᠣᠨ ᠤ ᠨᠡᠷ᠎ᠡ ᠨᠢ Republic of Yemen.

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠪ ᠤᠨ ᠬᠣᠶᠢᠭᠡᠶᠢᠨ ᠪᠠᠷᠠᠭᠤᠨ ᠡᠮᠦᠨᠡᠲᠦ ᠬᠡᠰᠡᠭ ᠲᠦ᠂ ᠬᠣᠶᠢᠳᠤ ᠥᠷᠭᠡᠷᠢᠭ ᠦᠨ 12-20 ᠬᠡᠮ ᠦᠨ ᠬᠣᠭᠣᠷᠣᠨᠳᠣ ᠣᠷᠣᠰᠢᠨ᠎ᠠ᠃ ᠤᠯᠠᠭᠠᠨ ᠲᠡᠩᠭᠢᠰᠠᠳᠧᠨ ᠤ ᠪᠤᠯᠤᠨᠠᠷᠠᠪ ᠤᠨ ᠲᠡᠩᠭᠢᠰᠡᠶᠢᠨ ᠡᠷᠭᠢ ᠳᠡᠭᠡᠷ᠎ᠡ ᠪᠠᠶᠢᠬᠤ ᠪᠥᠭᠡᠳ ᠬᠣᠶᠢᠳᠤ ᠲᠠᠯ᠎ᠠ ᠪᠠᠷ ᠢᠶᠠᠨ ᠰᠤᠤᠳᠢ ᠠᠷᠠᠪ᠂ ᠵᠡᠭᠦᠨ ᠲᠠᠯ᠎ᠠ ᠪᠠᠷ ᠢᠶᠠᠨ ᠣᠮᠠᠨ ᠤᠯᠤᠰ ᠲᠠᠢ ᠭᠠᠵᠠᠷ ᠢᠶᠠᠷ᠂ ᠰᠣᠮᠠᠯᠢᠢ ᠠ ᠤᠯᠤᠰ ᠲᠠᠢ ᠤᠰᠤ ᠪᠠᠷ ᠬᠢᠯᠢᠯᠡᠨ᠎ᠡ᠃ ᠡᠬᠡ ᠭᠠᠵᠠᠷ ᠤᠨ ᠬᠡᠰᠡᠭ ᠡᠴᠡ ᠭᠠᠳᠠᠨ᠎ᠠ ᠰᠣᠮᠠᠯᠢᠢ ᠠ ᠍ ᠶᠢᠨ ᠡᠷᠭᠢ ᠳᠦ ᠣᠶᠢᠷᠠᠯᠴᠠᠭ᠎ᠠ᠂ ᠡᠨᠡᠳᠬᠡᠭ ᠦᠨ ᠳᠠᠯᠠᠢᠰᠣᠺᠣᠲᠷᠠ ᠠᠷᠠᠯ (3625km²) ᠵᠡᠷᠭᠡ ᠨᠢ ᠲᠤᠰ ᠤᠯᠤᠰ ᠤᠨ ᠬᠠᠷᠢᠶᠠᠨ ᠳᠤ ᠪᠠᠶᠢᠳᠠᠭ᠃ ᠶᠸᠮᠸᠨ ᠤ ᠭᠠᠵᠠᠷ ᠨᠤᠲᠤᠭ ᠤᠨ ᠬᠡᠮᠵᠢᠶ᠎ᠡ ᠨᠢ 528 ᠮᠢᠩᠭᠠᠨ km² ᠣᠷᠴᠢᠮ ᠪᠣᠯᠤᠨ᠎ᠠ᠃

ᠪᠦᠭᠦᠳᠡ ᠨᠠᠶᠢᠷᠠᠮᠳᠠᠬᠤ ᠶᠸᠮᠸᠨ ᠤᠯᠤᠰ᠂ ᠲᠡᠭᠦᠨ ᠦ ᠲᠣᠮᠣ ᠬᠣᠲᠠ ᠨᠤᠭᠤᠳ

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠸᠮᠸᠨ ᠨᠢ ᠠᠷᠠᠪ ᠤᠨ ᠣᠷᠣᠨ ᠨᠤᠭᠤᠳ ᠳᠣᠲᠣᠷ᠎ᠠ ᠠᠴᠠ ᠪᠦᠭᠦᠳᠡ ᠨᠠᠶᠢᠷᠠᠮᠳᠠᠬᠤ ᠵᠠᠰᠠᠭᠯᠠᠯᠲᠠᠢ ᠴᠣᠷ ᠭᠠᠭᠴᠠ ᠤᠯᠤᠰ ᠶᠤᠮ᠃ ᠣᠳᠣ ᠶᠢᠨ ᠦᠨᠳᠦᠰᠦᠨ ᠬᠠᠤᠯᠢ ᠨᠢ 1991 ᠣᠨ ᠳᠤ ᠪᠠᠲᠤᠯᠠᠭᠳᠠᠵᠤ᠂ 1994, 2001 ᠣᠨ ᠨᠤᠭᠤᠳ ᠲᠤ ᠨᠡᠮᠡᠯᠲᠡ ᠥᠭᠡᠷᠡᠴᠢᠯᠡᠯᠲᠡ ᠣᠷᠣᠭᠤᠯᠤᠭᠰᠠᠨ ᠢᠶᠠᠷ ᠮᠥᠷᠳᠡᠭᠳᠡᠵᠦ ᠪᠤᠢ᠃

ᠲᠥᠷᠥ ᠶᠢᠨ ᠲᠡᠷᠢᠭᠦᠨ ᠪᠣᠯᠬᠤ ᠶᠡᠷᠦᠩᠬᠡᠶᠢᠯᠡᠭᠴᠢ ᠨᠢ ᠠᠷᠠᠳ ᠲᠦᠮᠡᠨ ᠡᠴᠡ ᠰᠢᠭᠤᠳ ᠰᠠᠨᠠᠯ ᠬᠤᠷᠢᠶᠠᠯᠲᠠ ᠪᠠᠷ ᠰᠣᠩᠭᠣᠭᠳᠠᠳᠠᠭ ᠪᠥᠭᠡᠳ ᠪᠦᠷᠢᠨ ᠡᠷᠬᠡ ᠶᠢᠨ ᠬᠤᠭᠤᠴᠠᠭ᠎ᠠ ᠨᠢ 7 ᠵᠢᠯ᠂ ᠨᠢᠭᠡ ᠬᠦᠮᠦᠨ 2 ᠤᠳᠠᠭ᠎ᠠ ᠯᠠ ᠰᠣᠩᠭᠣᠭᠳᠠᠬᠤ ᠡᠷᠬᠡ ᠲᠡᠢ᠃ ᠶᠡᠷᠦᠩᠬᠡᠶᠢᠯᠡᠭᠴᠢ ᠶᠢᠨ ᠡᠷᠬᠡ ᠨᠢ ᠬᠠᠷᠢᠴᠠᠩᠭᠤᠢ ᠥᠷᠭᠡᠨ ᠪᠥᠭᠡᠳ ᠳᠡᠳ᠋ ᠶᠡᠷᠦᠩᠬᠡᠶᠢᠯᠡᠭᠴᠢᠶᠡᠷᠦᠩᠬᠡᠢ ᠰᠠᠶᠢᠳ ᠍ ᠢ ᠶᠡᠷᠦᠩᠬᠡᠶᠢᠯᠡᠭᠴᠢ ᠲᠣᠮᠢᠯᠠᠳᠠᠭ᠃

ᠵᠠᠰᠠᠭ ᠤᠨ ᠭᠠᠵᠠᠷ ᠤᠨ ᠭᠡᠰᠢᠭᠦᠳ ᠢ ᠴᠤ ᠶᠡᠷᠦᠩᠬᠡᠢ ᠰᠠᠶᠢᠳ ᠤᠨ ᠰᠠᠨᠠᠯ ᠢ ᠦᠨᠳᠦᠰᠦᠯᠡᠨ᠂ ᠶᠡᠷᠦᠩᠬᠡᠶᠢᠯᠡᠭᠴᠢ ᠲᠣᠮᠢᠯᠠᠨ᠎ᠠ᠃

ᠫᠠᠷᠯᠠᠮᠧᠨᠲ ᠨᠢ ᠬᠣᠶᠠᠷ ᠲᠠᠩᠬᠢᠮ ᠲᠠᠢ ᠪᠥᠭᠡᠳ 111 ᠰᠠᠭᠤᠳᠠᠯ ᠪᠦᠬᠦᠢ ᠵᠥᠪᠯᠡᠬᠢ ᠨᠦᠭᠦᠳ ᠦᠨ ᠲᠠᠩᠬᠢᠮ ᠪᠠ 301 ᠰᠠᠭᠤᠳᠠᠯ ᠪᠦᠬᠦᠢ ᠲᠥᠯᠥᠭᠡᠯᠡᠭᠴᠢᠳ ᠦᠨ ᠲᠠᠩᠬᠢᠮᠠ ᠠᠴᠠ ᠪᠥᠷᠢᠳᠦᠨ᠎ᠡ᠃ ᠵᠥᠪᠯᠡᠬᠢ ᠨᠦᠭᠦᠳ ᠦᠨ ᠲᠠᠩᠬᠢᠮ ᠤᠨ ᠪᠦᠬᠦ ᠭᠡᠰᠢᠭᠦᠨ ᠢ ᠶᠡᠷᠦᠩᠬᠡᠶᠢᠯᠡᠭᠴᠢ ᠲᠣᠮᠢᠯᠠᠳᠠᠭ᠃ ᠬᠠᠷᠢᠨ ᠲᠥᠯᠥᠭᠡᠯᠡᠭᠴᠢᠳ ᠦᠨ ᠲᠠᠩᠬᠢᠮ ᠤᠨ ᠭᠡᠰᠢᠭᠦᠳ ᠨᠢ ᠪᠦᠬᠦ ᠠᠷᠠᠳ ᠲᠦᠮᠡᠨ ᠦ ᠰᠢᠭᠤᠳ ᠰᠣᠩᠭᠣᠭᠤᠯᠢ ᠪᠠᠷ 6 ᠵᠢᠯ ᠦᠨ ᠬᠤᠭᠤᠴᠠᠭ᠎ᠠ ᠲᠠᠢ ᠰᠣᠩᠭᠣᠭᠳᠠᠳᠠᠭ᠃ ᠵᠥᠪᠯᠡᠬᠢ ᠨᠦᠭᠦᠳ ᠦᠨ ᠲᠠᠩᠬᠢᠮ ᠨᠢ ᠬᠠᠭᠤᠯ ᠲᠣᠭᠲᠠᠭᠠᠬᠤ ᠡᠷᠬᠡ ᠮᠡᠳᠡᠯ ᠦᠭᠡᠢ ᠪᠥᠭᠡᠳ ᠶᠡᠷᠦᠩᠬᠡᠶᠢᠯᠡᠭᠴᠢ ᠶᠢᠨ ᠪᠣᠳᠣᠯᠭ᠎ᠠ ᠳᠤ ᠵᠥᠪᠯᠡᠬᠦ ᠡᠭᠦᠷᠭᠡ ᠲᠡᠢ ᠪᠠᠶᠢᠭᠤᠯᠤᠯᠭ᠎ᠠ ᠲᠡᠳᠦᠢ ᠲᠤᠯᠠ ᠲᠤᠰ ᠤᠯᠤᠰ ᠢ ᠦᠨᠳᠦᠰᠦᠨ ᠳᠦ ᠪᠡᠨ ᠨᠢᠭᠡ ᠲᠠᠩᠬᠢᠮ ᠳᠤ ᠫᠠᠷᠠᠯᠮᠧᠨᠲ ᠲᠠᠢ ᠭᠡᠵᠦ ᠬᠡᠯᠡᠵᠦ ᠴᠤ ᠪᠣᠯᠬᠤ ᠶᠤᠮ᠃

ᠤᠯᠤᠰ ᠲᠥᠷᠥ ᠶᠢᠨ ᠭᠣᠣᠯᠯᠠᠬᠤ ᠨᠠᠮ ᠤᠳ ᠨᠢ ᠬᠠᠭᠤᠴᠢᠨ ᠬᠣᠶᠢᠳᠤ ᠶᠸᠮᠸᠨᠢᠢ ᠡᠷᠬᠡ ᠪᠠᠷᠢᠭᠴᠢ ᠨᠠᠮ ᠪᠠᠶᠢᠭᠰᠠᠨ᠂ ᠣᠳᠣ ᠶᠢᠨ ᠶᠡᠷᠦᠩᠬᠡᠶᠢᠯᠡᠭᠴᠢ ᠠᠯᠢ ᠠᠪᠳᠤᠯᠠᠯ ᠰᠠᠯᠧᠬᠠᠭᠡᠶᠢᠨ ᠤᠳᠤᠷᠢᠳᠥᠳᠠᠭ ᠪᠦᠬᠦ ᠠᠷᠠᠳ ᠲᠦᠮᠡᠨ ᠦ ᠵᠥᠪᠯᠡᠯ᠂ ᠬᠠᠭᠤᠴᠢᠨ ᠡᠮᠦᠨᠡᠲᠦ ᠶᠸᠮᠸᠨᠢᠢ ᠲᠥᠷᠥ ᠶᠢᠨ ᠡᠷᠬᠡ ᠶᠢ ᠪᠠᠷᠢᠵᠤ ᠪᠠᠶᠢᠭᠰᠠᠨ ᠶᠸᠮᠸᠨ ᠦ ᠰᠣᠴᠢᠶᠠᠯᠢᠰᠲᠤ ᠨᠠᠮ᠂ ᠮᠥᠨ ᠶᠸᠮᠸᠨ ᠦ ᠬᠤᠪᠢᠰᠬᠠᠯᠲᠤ ᠬᠣᠯᠪᠣᠭ᠎ᠠ ᠪᠣᠯᠤᠨ᠎ᠠ᠃

ᠠᠷᠠᠳᠴᠢᠯᠠᠭᠰᠠᠨ ᠤᠯᠤᠰ ᠪᠣᠯᠬᠤ ᠶᠢᠨ ᠬᠤᠪᠢ ᠳᠤ ᠡᠮᠡᠭᠲᠡᠶᠢᠴᠦᠳ ᠲᠦ ᠴᠤ ᠰᠣᠩᠭᠣᠭᠤᠯᠢ ᠶᠢᠨ ᠡᠷᠬᠡ ᠪᠠᠶᠢᠳᠠᠭ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡ ᠬᠦᠨᠳᠦ ᠨᠣᠭᠳᠠᠬᠤ ДНБ ᠨᠢ 2003 ᠣᠨ ᠤ ᠪᠠᠶᠢᠳᠠᠯ ᠢᠶᠠᠷ 800 ᠠᠮᠠ᠃ᠳ᠋ᠣᠯᠯᠠᠷ ᠪᠠᠶᠢᠭ᠎ᠠ ᠨᠢ ᠬᠥᠷᠰᠢ ᠣᠷᠣᠨ ᠨᠤᠭᠤᠳ ᠲᠠᠢ ᠪᠠᠨ ᠬᠠᠷᠢᠴᠠᠭᠤᠯᠬᠤ ᠳᠤ ᠲᠤᠩ ᠪᠠᠭ᠎ᠠ ᠬᠡᠮᠵᠢᠶ᠎ᠡ ᠶᠤᠮ᠃ᠴᠢᠯᠠᠭᠣᠨ ᠲᠣᠰᠣ ᠣᠯᠪᠤᠷᠢᠯᠠᠵᠤ᠂ ᠭᠠᠳᠠᠭᠠᠳᠤ ᠬᠤᠳᠠᠯᠳᠤᠭ᠎ᠠᠨ ᠤ ᠣᠷᠣᠯᠭ᠎ᠠ ᠨᠢ ᠥᠰᠬᠦ ᠬᠠᠨᠳᠤᠯᠭ᠎ᠠ ᠲᠠᠢ ᠪᠠᠶᠢᠭ᠎ᠠ ᠴᠤ ᠲᠡᠭᠦᠨ ᠦ ᠶᠡᠬᠡᠩᠬᠢ ᠨᠢ ᠬᠦᠨᠡᠰᠦᠨ ᠦ ᠪᠠᠷ᠎ᠠ ᠪᠣᠯᠤᠨ ᠮᠠᠰᠢᠨ ᠲᠧᠭᠨᠢᠭ ᠵᠡᠷᠭᠡ ᠶᠢᠨ ᠢᠮᠫᠣᠷᠲᠣᠨ ᠳᠤ ᠵᠠᠷᠤᠴᠠᠭᠤᠯᠤᠭᠳᠠᠳᠠᠭ᠃ ᠺᠣᠹᠧᠨ ᠤ ᠲᠠᠷᠢᠶᠠᠯᠠᠯᠲᠠ ᠪᠠᠷ ᠢᠶᠠᠨ ᠠᠯᠳᠠᠷᠲᠠᠢ ᠪᠥᠭᠡᠳ ᠮᠣᠺᠠ ᠺᠣᠹᠧ ᠬᠡᠮᠡᠬᠦ ᠺᠣᠹᠧᠨ ᠤ ᠲᠥᠷᠥᠯ ᠨᠢ ᠲᠤᠰ ᠤᠯᠤᠰ ᠤᠨ ᠡᠮᠦᠨᠡᠲᠦ ᠬᠡᠰᠡᠭ ᠲᠦ ᠤᠷᠤᠰᠢᠬᠤ ᠳᠠᠯᠠᠢ ᠶᠢᠨ ᠡᠷᠭᠢ ᠶᠢᠨ ᠬᠣᠲᠠ ᠶᠢᠨ ᠨᠡᠷ᠎ᠡ ᠶᠤᠮ᠃ ᠭᠡᠪᠡᠴᠦ ᠲᠤᠰ ᠤᠯᠤᠰ ᠤᠨ ᠭᠠᠵᠠᠷ ᠨᠤᠲᠤᠭ ᠨᠢ ᠪᠠᠷᠤᠭ ᠪᠦᠬᠦᠯᠢ ᠳᠦ ᠪᠡᠨ ᠴᠥᠯᠡᠶᠢᠨ ᠪᠥᠰᠡ ᠳᠦ ᠪᠠᠶᠢᠷᠢᠯᠠᠳᠠᠭ ᠲᠤᠯᠠ ᠭᠠᠵᠠᠷ ᠲᠠᠷᠢᠶᠠᠯᠠᠩ ᠡᠷᠬᠢᠯᠡᠬᠦ ᠪᠣᠯᠤᠮᠵᠢ ᠦᠭᠡᠢ ᠪᠥᠭᠡᠳ ᠢᠷᠭᠡᠳ ᠨᠢ ᠡᠷᠲᠡ ᠳᠡᠭᠡᠷ᠎ᠡ ᠦᠶᠡᠰ ᠨᠡᠭᠦᠳᠡᠯ ᠦᠨ ᠮᠠᠯ ᠠᠵᠤ ᠠᠬᠤᠢ ᠡᠷᠬᠢᠯᠡᠨ ᠠᠮᠢ ᠵᠢᠭᠤᠵᠤ ᠢᠷᠡᠵᠡᠢ᠃ ᠮᠥᠨ ᠵᠢᠭᠠᠰᠤ ᠠᠩᠨᠠᠭᠤᠷ ᠬᠠᠷᠢᠴᠠᠩᠭᠤᠢ ᠬᠥᠭᠵᠢᠭᠰᠡᠨ᠃ ᠠᠵᠢᠯᠭᠦᠶᠢᠳᠡᠯ ᠦᠨ ᠬᠤᠪᠢ 35% (2003 ᠣᠨ ᠤ ᠲᠣᠭᠠᠯᠠᠯᠭ᠎ᠠ). ᠰᠡᠭᠦᠯ ᠦᠨ ᠵᠢᠯ ᠤᠨᠳ ᠲᠤ ᠭᠠᠵᠠᠷ ᠤᠨ ᠲᠣᠰᠤᠨ ᠤ ᠣᠯᠪᠤᠷᠢᠯᠠᠯᠲᠠ ᠶᠢᠨ ᠦᠷ᠎ᠡ ᠳ᠋ᠦᠩ ᠳᠦ ᠡᠷᠡᠰ ᠬᠥᠭᠵᠢᠵᠦ ᠪᠤᠢ ᠬᠥᠷᠰᠢ ᠣᠷᠣᠨ ᠪᠣᠯᠬᠤ ᠰᠤᠤᠳᠢ ᠠᠷᠠᠪ ᠷᠤ ᠭᠠᠷᠴᠤ ᠠᠵᠢᠯᠯᠠᠭᠰᠠᠳ ᠤᠨ ᠲᠣᠭ᠎ᠠ ᠣᠯᠠᠰᠢᠷᠠᠵᠤ ᠪᠤᠢ᠃

2007 ᠣᠨ ᠳᠤ ᠲᠤᠰ ᠤᠯᠤᠰ ᠲᠤ ᠰᠢᠲᠠᠳᠠᠭ ᠬᠡᠢᠨ ᠣᠷᠳᠣ ᠣᠯᠳᠠᠭᠰᠠᠨ ᠪᠠᠶᠢᠨ᠎ᠠ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1994 ᠣᠨ ᠤ ᠪᠠᠶᠢᠳᠠᠯ ᠢᠶᠠᠷ ᠬᠦᠮᠦᠨ ᠠᠮᠠ ᠨᠢ 12 ᠰᠠᠶ᠎ᠠ 670 ᠮᠢᠩᠭ᠎ᠠ ᠣᠷᠴᠢᠮ᠂ ᠡᠭᠦᠨ ᠡᠴᠡ ᠠᠷᠠᠪ ᠦᠨᠳᠦᠰᠦᠲᠡᠨ 98 ᠬᠤᠪᠢ ᠶᠢ ᠡᠵᠡᠯᠡᠨ᠎ᠡ᠃ ᠬᠦᠮᠦᠨ ᠠᠮᠠ ᠨᠢ ᠠᠷᠠᠪ ᠬᠡᠯᠡᠡᠭᠡᠷᠡ ᠶᠠᠷᠢᠯᠴᠠᠬᠤ ᠪᠥᠭᠡᠳ ᠪᠠᠷᠤᠭ ᠪᠦᠭᠦᠳᠡ ᠢᠰᠯᠠᠮ ᠍ ᠤᠨ ᠱᠠᠰᠢᠨ ᠰᠢᠲᠦᠳᠡᠭ᠃

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠰᠯᠠᠮ ᠤᠨ ᠱᠠᠰᠢᠨ ᠲᠠᠢ ᠤᠯᠤᠰ ᠲᠤᠯᠠ ᠠᠵᠤ ᠠᠮᠢᠳᠤᠷᠠᠯ ᠳᠤ ᠨᠢ ᠲᠤᠰᠠ ᠱᠠᠰᠢᠨ ᠤ ᠨᠥᠯᠥᠭᠡ ᠦᠯᠡᠮᠵᠢ ᠶᠡᠬᠡ᠃

ᠡᠷᠡᠴᠦᠳ ᠨᠢ ᠪᠥᠰᠡᠨ ᠳᠦ ᠪᠡᠨ ᠬᠠᠪᠢᠷᠭᠠᠨ ᠰᠠᠷᠠᠨ ᠤ ᠬᠡᠯᠪᠡᠷᠢᠲᠡᠢ ᠪᠣᠭᠣᠨᠢ ᠬᠢᠲᠤᠭ᠎ᠠ ᠬᠠᠪᠴᠢᠭᠤᠯᠵᠤ ᠶᠠᠪᠤᠳᠠᠭ᠃ ᠤᠭ ᠬᠢᠲᠤᠭ᠎ᠠ ᠨᠢ ᠲᠤᠬᠠᠢ ᠶᠢᠨ ᠬᠦᠮᠦᠨ ᠦ ᠤᠳᠤᠮ ᠤᠭᠰᠠᠭ᠎ᠠ᠂ ᠬᠥᠷᠥᠩᠭᠡ ᠴᠢᠨᠦᠭᠡᠭ ᠢᠯᠡᠳᠬᠡᠳᠡᠭ ᠪᠠᠶᠢᠨ᠎ᠠ᠃ ᠡᠳ᠋ᠯᠡᠵᠦ ᠬᠡᠷᠡᠭᠯᠡᠬᠦ ᠡᠴᠡ ᠪᠡᠨ ᠢᠯᠡᠭᠦᠦ ᠭᠣᠶᠣᠯ ᠴᠢᠮᠡᠭᠯᠡᠯ ᠦᠨ ᠵᠣᠷᠢᠭᠤᠯᠤᠯᠲᠠ ᠲᠠᠢᠲᠤᠯᠠ ᠢᠷᠯᠡᠭᠡ ᠦᠭᠡᠢ ᠪᠠᠶᠢᠬᠤ ᠨᠢ ᠣᠯᠠᠨᠲᠠ᠃ ᠬᠣᠲᠠ ᠰᠠᠭᠤᠷᠢᠨ ᠭᠠᠵᠠᠷ ᠲᠤ ᠺᠣᠰᠲ᠋ᠢᠶᠦ᠋ᠮ ᠫᠢᠳ᠋ᠵᠠᠺ ᠲᠠᠢ ᠡᠷᠡᠴᠦᠳ ᠬᠠᠷᠠᠭᠳᠠᠬᠤ ᠪᠣᠯᠪᠠᠴᠤ ᠭᠡᠷ ᠲᠦ ᠪᠡᠨ ᠥᠪᠡᠷ ᠦᠨ ᠭᠡᠰᠡᠨ ᠬᠤᠲᠤᠭ ᠲᠠᠢ ᠪᠠᠶᠢᠳᠠᠭ᠃ ᠡᠮᠡᠭᠲᠡᠶᠢᠴᠦᠳ ᠨᠢ ᠱᠠᠰᠢᠨ ᠤ ᠶᠣᠰᠣ ᠵᠠᠩᠰᠢᠯ ᠤᠨ ᠳᠠᠭᠠᠤ ᠦᠰᠦ᠂ ᠨᠡᠭᠦᠷᠢ ᠪᠡᠨ ᠠᠯᠴᠢᠭᠤᠷ ᠢᠶᠠᠷ ᠬᠠᠯᠬᠠᠯᠠᠵᠤ᠂ ᠪᠦᠬᠦ ᠪᠡᠶ᠎ᠡ ᠪᠡᠨ ᠪᠦᠷᠬᠡᠭᠰᠡᠨ ᠬᠤᠪᠴᠠᠰᠤ ᠡᠮᠥᠰᠬᠦ ᠪᠣᠯᠪᠠᠴᠤ ᠰᠤᠤᠳᠢ ᠠᠷᠠᠪ ᠵᠡᠷᠭᠡ ᠣᠷᠣᠨ ᠠᠴᠠ ᠢᠯᠭᠠᠭ᠎ᠠ ᠲᠠᠢ ᠨᠢ ᠬᠠᠤᠯᠢ ᠪᠠᠷ ᠲᠣᠭᠲᠠᠭᠠᠭᠰᠠᠨ ᠵᠦᠢᠯ ᠪᠢᠰᠢ ᠶᠤᠮ᠃

ᠬᠡᠦᠬᠡᠳ ᠦᠳ ᠦᠨ 50% ᠣᠷᠴᠢᠮ ᠨᠢ ᠯᠠ ᠰᠤᠷᠭᠠᠭᠤᠯᠢ ᠳᠤ ᠬᠠᠮᠤᠷᠤᠭᠳᠠᠳᠠᠭ᠃

ᠡᠳᠦᠭᠡ ᠳᠡᠯᠡᠬᠡᠢ ᠳᠡᠭᠡᠷᠡᠬᠢ ᠬᠠᠮᠤᠭ ᠤᠨ ᠡᠷᠲᠡᠨ ᠦ ᠬᠣᠲᠠ ᠭᠡᠭᠳᠡᠳᠡᠭ ᠰᠠᠨᠠ ᠬᠣᠲᠠ ᠶᠢᠨ ᠬᠠᠭᠤᠴᠢᠨ ᠳᠦᠭᠦᠷᠭᠡ ᠨᠦᠭᠦᠳ ᠨᠢ ᠳᠡᠯᠡᠬᠡᠢ ᠶᠢᠨ ᠥᠪ ᠳᠤ ᠪᠦᠷᠢᠳᠬᠡᠭᠳᠡᠭᠰᠡᠨ ᠪᠠᠶᠢᠳᠠᠭ᠃

ᠪᠠᠶᠠᠷ ᠤᠨ ᠡᠳᠦᠷ ᠦᠳ
ᠡᠳᠦᠷ ᠨᠡᠷᠡ ᠠᠷᠠᠪ ᠬᠡᠯᠡᠨ ᠦ ᠨᠡᠷ᠎ᠡ ᠲᠠᠶᠢᠯᠪᠤᠷᠢ
1 ᠰᠠᠷ᠎ᠠ ᠶᠢᠨ 1 ᠰᠢᠨ᠎ᠡ ᠵᠢᠯ    
5 ᠰᠠᠷ᠎ᠠ ᠶᠢᠨ 22 ᠨᠢᠭᠡᠳᠦᠭᠰᠡᠨ ᠤᠯᠤᠰ ᠤᠨ ᠡᠳᠦᠷ   1990 ᠣᠨ ᠤ ᠡᠨᠡ ᠡᠳᠦᠷ ᠬᠣᠶᠢᠳᠤ᠂ ᠡᠮᠦᠨᠡᠲᠦ ᠶᠸᠮᠸᠨ ᠤᠯᠤᠰ ᠤᠳ ᠨᠢᠭᠡᠳᠴᠡᠢ᠃
7 ᠰᠠᠷ᠎ᠠ ᠶᠢᠨ 7 Unity Factory Day    
9 ᠰᠠᠷ᠎ᠠ ᠶᠢᠨ 26 1962 ᠣᠨ ᠤ ᠬᠤᠪᠢᠰᠬᠠᠯ ᠤᠨ ᠡᠳᠦᠷ    
10 ᠰᠠᠷ᠎ᠠ ᠶᠢᠨ 14 ᠦᠨᠳᠦᠰᠦᠨ ᠦ ᠡᠳᠦᠷ    
ᠬᠢᠵᠢᠷ ᠦᠨ ᠲᠣᠭᠠᠯᠠᠯ ᠤᠨ 1 ᠰᠠᠷ᠎ᠠ ᠶᠢᠨ 1 ᠢᠰᠯᠠᠮ ᠤᠨ ᠰᠢᠨ᠎ᠡ ᠵᠢᠯ Muharram
ᠬᠢᠵᠢᠷ ᠦᠨ ᠲᠣᠭᠠᠯᠠᠯ ᠤᠨ 10 ᠰᠠᠷ᠎ᠠ ᠶᠢᠨ 1 ᠢᠢ ᠳᠦ ᠠᠯᠠ-ᠹᠢ ᠳᠤ - ᠮᠠᠴᠠᠭ ᠤᠨ ᠰᠠᠷ᠎ᠠ ᠶᠢᠨ ᠰᠡᠭᠦᠯᠴᠢ ᠶᠢᠨ ᠡᠳᠦᠷ ᠦᠨ ᠪᠠᠶᠠᠷ Eid al-Fit
ᠬᠢᠵᠢᠷ ᠦᠨ ᠲᠣᠭᠠᠯᠠᠯ ᠤᠨ 12 ᠰᠠᠷ᠎ᠠ ᠶᠢᠨ 10 ᠢᠢ ᠳᠦ ᠠᠯᠠ-ᠠᠳᠬᠠ - ᠡᠷᠭᠦᠯ ᠦᠨ ᠪᠠᠶᠠᠷ) Eid al-Adha

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠸᠮᠸᠨ ᠦ ᠵᠠᠰᠠᠭ ᠵᠠᠬᠢᠷᠭᠠᠨ ᠤ ᠬᠤᠪᠢᠶᠠᠷᠢ(ᠠᠩᠭᠯᠢ ᠴᠠᠭᠠᠨ ᠲᠣᠯᠣᠭᠠᠢ ᠶᠢᠨ ᠳᠠᠷᠠᠭᠠᠯᠠᠯ ᠢᠶᠠᠷ)
  1. Abyan
  2. 'Adan
  3. Ad Dali'
  4. Al Bayda'
  5. Al Hudaydah
  6. Al Jawf
  7. Al Mahri
  8. Al Mahwit
  9. 'Amran
  10. Dhamar
  11. Hadramaout
  12. Hajjah
  13. Ibb
  14. Lahij
  15. Ma'rib
  16. Sa'dah
  17. Sanaa
  18. Shabwah
  19. Ta'izz
  • Sana'a (ᠨᠡᠶᠢᠰᠯᠡᠯ) ※2004 ᠣᠨ ᠤ 1 ᠰᠠᠷ᠎ᠠ ᠳᠤ ᠵᠠᠰᠠᠭ ᠵᠠᠬᠢᠷᠭᠠᠨ ᠤ ᠨᠢᠭᠡᠴᠡ ᠪᠣᠯᠤᠭᠰᠠᠨ᠃ ᠭᠠᠵᠠᠷ ᠤᠨ ᠵᠢᠷᠤᠭ ᠲᠤ ᠲᠡᠮᠳᠡᠭᠯᠡᠭᠳᠡᠭᠡ ᠦᠭᠡᠢ᠃
  • Raymah ※2004 ᠣᠨ ᠤ 1 ᠰᠠᠷ᠎ᠠ ᠳᠤ ᠵᠠᠰᠠᠭ ᠵᠠᠬᠢᠷᠭᠠᠨ ᠤ ᠨᠢᠭᠡᠴᠡ ᠪᠣᠯᠤᠭᠰᠠᠨ᠃ ᠭᠠᠵᠠᠷ ᠤᠨ ᠵᠢᠷᠤᠭ ᠲᠤ ᠲᠡᠮᠳᠡᠭᠯᠡᠭᠳᠡᠭᠡ ᠦᠭᠡᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠶᠸᠮᠸᠨ»

ᠵᠠᠭᠪᠤᠷ:Wikitravel

http://wiki.uhaan.com/index.php?title=ᠶᠸᠮᠸᠨ&oldid=459154》 ᠍  ᠡᠴᠡ ᠠᠪᠤᠭᠰᠠᠨ

ᠪᠢᠴᠢᠭᠡᠰᠦ