ᠵᠢᠦ᠋ᠳᠣ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠦ᠋ᠳᠣ᠋

ᠵᠢᠦ᠋ᠳᠣ᠋ ᠪᠤᠶᠤ ᠵᠤᠤᠳᠣ ᠪᠥᠬᠡ (柔道) ᠨᠢ 1882 ᠣᠨ ᠳᠤ ᠺᠠᠨᠤᠤ᠋ ᠵᠢᠭᠤᠷᠤᠤ᠋ (嘉納治五郎) ᠠᠩᠬᠠᠯᠠᠨ ᠵᠣᠬᠢᠶᠠᠭᠰᠠᠨ ᠶᠠᠫᠣᠨ ᠤ ᠴᠡᠷᠢᠭ᠂ ᠪᠠᠶᠢᠯᠳᠤᠭᠠᠨ ᠤ ᠤᠷᠠᠯᠢᠭ ᠤᠨ ᠨᠢᠭᠡ ᠶᠤᠮ᠃ ᠪᠡᠶ᠎ᠡ ᠬᠠᠮᠠᠭᠠᠯᠠᠬᠤ ᠤᠷᠠᠯᠢᠭ ᠪᠣᠯᠤᠨ ᠰᠫᠣᠷᠲ ᠤᠨ ᠲᠥᠷᠥᠯ ᠴᠤ ᠪᠣᠯᠳᠠᠭ᠃

ᠬᠣᠶᠠᠷ ᠬᠦᠮᠦᠨ ᠬᠣᠭᠣᠷᠣᠨᠳᠣ ᠪᠠᠨ ᠵᠣᠯᠭᠠᠨ᠂ ᠮᠡᠬᠡ ᠬᠢᠯᠴᠡᠨ ᠥᠷᠢᠰᠦᠯᠳᠦᠭᠴᠢ ᠪᠡᠨ ᠠᠷᠤ ᠨᠢᠷᠤᠭᠤ ᠪᠠᠷ ᠨᠢ ᠤᠨᠠᠭᠠᠬᠤ ᠡᠰᠡᠪᠡᠯ ᠬᠡᠪᠲᠡᠭᠡ ᠪᠠᠷᠢᠯᠳᠤᠭᠠᠨ ᠳᠤ ᠲᠣᠭᠲᠠᠭᠠᠭᠰᠠᠨ ᠬᠤᠭᠤᠴᠠᠭᠠᠨ ᠠᠴᠠ ᠳᠡᠭᠡᠭᠰᠢ ᠬᠤᠭᠤᠴᠠᠭᠠᠨ ᠳᠤ ᠴᠡᠪᠡᠷ ᠳᠠᠷᠤᠵᠤ ᠴᠢᠳᠠᠪᠠᠯ ᠢᠯᠠᠯᠲᠠ ᠤᠯᠳᠠᠭ᠃

ᠵᠢᠦ᠋ᠳᠣ᠋ ᠳᠤ "ᠥᠷᠢᠰᠦᠯᠳᠥᠭᠴᠢ ᠶᠢᠨ ᠢᠶᠡᠨ ᠬᠦᠴᠦ ᠶᠢ ᠠᠰᠢᠭᠯᠠᠨ ᠢᠯᠠᠯᠲᠠ ᠳᠤ ᠬᠦᠷᠬᠦ" (柔よく剛を制す) ᠭᠡᠰᠡᠨ ᠳᠣᠲᠣᠭᠠᠳᠤ ᠰᠡᠳᠬᠢᠯᠭᠡ ᠶᠢ ᠴᠢᠬᠤᠯᠠᠴᠢᠯᠠᠨ ᠦᠵᠡᠳᠡᠭ᠃

ᠦᠨᠳᠦᠰᠦᠨ ᠤᠬᠠᠭᠳᠠᠬᠤᠨ ᠨᠢ:

 • ᠪᠢ᠂ ᠴᠢ᠂ ᠪᠥᠭᠥᠳᠡᠭᠡᠷ ᠢᠶᠡᠨ ᠰᠠᠶᠢᠨ ᠰᠠᠶᠢᠬᠠᠨ - "ᠥᠷᠢᠰᠦᠯᠳᠦᠭᠴᠢᠳ ᠳᠤ ᠪᠠᠨ ᠬᠠᠨᠳᠤᠵᠤ ᠲᠠᠯᠠᠷᠬᠠᠯ᠂ ᠬᠦᠨᠳᠦᠳᠬᠡᠯ ᠦᠵᠡᠭᠦᠯᠵᠦ ᠬᠣᠭᠣᠷᠣᠨᠳᠣ ᠪᠠᠨ ᠢᠲᠡᠭᠡᠯᠴᠡᠭᠰᠡᠨ ᠦ ᠦᠨᠳᠦᠰᠦᠨ ᠳᠡᠭᠡᠷ᠎ᠡ ᠪᠤᠰᠤᠳ ᠤᠨ ᠲᠥᠯᠦᠭᠡ ᠬᠢ ᠰᠡᠳᠬᠢᠯ ᠢ ᠥᠪᠡᠷᠲᠡᠭᠡᠨ ᠲᠥᠯᠦᠪᠰᠢᠭᠦᠯᠦᠨ᠂ ᠵᠥᠪᠬᠡᠨ ᠥᠪᠡᠷ ᠢᠶᠡᠨ ᠪᠢᠰᠢ ᠪᠤᠰᠤᠳ ᠬᠦᠮᠦᠰ ᠲᠦ ᠴᠤ ᠭᠡᠰᠡᠨ ᠰᠠᠶᠢᠨ ᠰᠠᠶᠢᠬᠠᠨ ᠪᠠᠶᠢᠬᠤ ᠣᠷᠴᠢᠨ ᠪᠦᠷᠢᠳᠦᠭᠦᠯᠦᠶ᠎ᠡ"
 • ᠪᠦᠬᠦ ᠴᠢᠳᠠᠯ᠎ ᠶᠢᠡᠨ ᠰᠠᠶᠢᠨ ᠰᠠᠶᠢᠬᠠᠨ ᠤ ᠲᠥᠯᠥᠭᠡ - "ᠥᠪᠡᠷ ᠦᠨ ᠢᠶᠡᠨ ᠪᠦᠬᠦ ᠬᠦᠴᠦᠨ ᠴᠢᠳᠠᠯ ᠢ ᠠᠰᠢᠭᠯᠠᠨ ᠪᠦᠬᠦ ᠨᠡᠶᠢᠲᠡ ᠨᠡᠶᠢᠭᠡᠮ ᠤᠨ ᠲᠥᠯᠥᠭᠡ ᠰᠠᠶᠢᠨ ᠦᠢᠯᠡᠰ ᠪᠦᠲᠦᠭᠡᠶ᠎ᠡ"᠃

ᠳᠠᠩ ᠭᠠᠭᠴᠠ ᠢᠯᠠᠯᠲᠠ ᠳᠤ ᠬᠦᠷᠬᠦ ᠶᠢᠨ ᠲᠤᠯᠠᠳᠠ ᠪᠠᠰᠠ ᠥᠪᠡᠷ ᠦᠨ ᠢᠶᠡᠨ ᠳᠣᠲᠣᠭᠠᠳᠤ ᠰᠡᠳᠬᠢᠯ ᠢ ᠴᠤ ᠭᠡᠰᠡᠨ ᠴᠢᠩᠭᠠᠯᠠᠬᠤ ᠵᠣᠷᠢᠯᠭ᠎ᠠ ᠲᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠦᠱᠤ (柔术) ᠡᠴᠡ ᠵᠢᠦ᠋ᠳᠣ᠋ ᠬᠦᠷᠲᠡᠯ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠨᠤᠤ᠋ ᠵᠢᠭᠤᠷᠤᠤ᠋

12 ᠍ ᠳᠦᠭᠡᠷ ᠵᠠᠭᠤᠨ ᠠᠴᠠ ᠡᠬᠢᠯᠡᠭᠡᠳ ᠶᠠᠫᠣᠨ ᠤ ᠰᠠᠮᠤᠷᠠᠢ ᠨᠠᠷ ᠤᠨ ᠳᠤᠮᠳᠠ ᠷᠦᠱᠤ ᠬᠡᠮᠡᠬᠦ ᠲᠤᠯᠤᠯᠳᠤᠭᠠᠨ ᠤ ᠤᠷᠠᠯᠢᠭ ᠥᠷᠭᠡᠨ ᠳᠡᠯᠭᠡᠷᠡᠭᠰᠡᠨ ᠪᠠᠶᠢᠨ᠎ᠠ᠃ ᠷᠦᠱᠤ ᠡᠴᠡ ᠨᠡᠶᠢᠲᠡ ᠳᠦ ᠪᠡᠨ 100 ᠭᠠᠷᠤᠢ ᠲᠤᠯᠤᠯᠳᠤᠭᠠᠨ ᠤ ᠤᠷᠠᠯᠢᠭ ᠤᠨ ᠤᠷᠤᠰᠬᠠᠯ ᠪᠤᠢ ᠪᠣᠯᠤᠭᠰᠠᠨ ᠭᠡᠳᠡᠭ᠃

ᠮᠡᠶᠢᠵᠢ ᠶᠢᠨ ᠰᠢᠨᠡᠴᠢᠯᠡᠯᠲᠠ ᠭᠠᠷᠤᠭᠰᠠᠨ ᠠᠴᠠ ᠬᠣᠶᠢᠰᠢ ᠷᠦᠱᠤ ᠢᠶᠡᠷ ᠬᠢᠴᠢᠶᠡᠯᠯᠡᠳᠡᠭ ᠬᠦᠮᠦᠰ ᠪᠠᠭᠠᠰᠴᠤ ᠢᠷᠡᠭᠰᠡᠨ ᠶᠤᠮ᠃ ᠡᠨᠡ ᠦᠶ᠎ᠡ ᠳᠦ 1882 ᠣᠨ ᠳᠤ ᠺᠠᠨᠤᠤ᠋ ᠵᠢᠭᠤᠷᠤᠤ᠋ ᠨᠢ ᠬᠡᠪᠲᠡᠭᠡ ᠪᠠᠷᠢᠯᠳᠤᠭᠠᠨ ᠪᠣᠯᠤᠨ ᠠᠲ᠋ᠧᠮᠢᠸᠠᠽᠠ(当身技) ᠭᠣᠣᠯᠯᠠᠳᠠᠭ ᠲᠢᠶᠠᠨᠵᠢᠨᠰᠢᠨᠶᠥᠦᠷᠢᠶᠦᠦ᠋(天神真楊流)᠂ ᠪᠣᠰᠤᠭ᠎ᠠ ᠪᠠᠷᠢᠯᠳᠤᠭᠠᠨ ᠭᠣᠣᠯᠯᠠᠳᠠᠭ ᠺᠢᠲ᠋ᠥᠥᠷᠢᠶᠦᠦ᠋ (起倒流) ᠬᠡᠮᠡᠬᠦ ᠷᠦᠱᠤ ᠶᠢᠨ 2 ᠤᠷᠤᠰᠬᠠᠯ ᠳᠡᠭᠡᠷ᠎ᠡ ᠲᠤᠯᠭᠠᠭᠤᠷᠢᠯᠠᠨ᠂ ᠥᠪᠡᠷ ᠦᠨ ᠢᠶᠡᠨ ᠺᠢᠲ᠋ᠣᠣ ᠶᠢᠨ ᠲᠤᠷᠰᠢᠯᠭ᠎ᠠ ᠠᠴᠠ "ᠲᠡᠩᠴᠡᠪᠦᠷᠢ ᠠᠯᠳᠠᠭᠳᠠᠭᠤᠯᠬᠤ" ᠴᠢᠳᠠᠪᠤᠷᠢ ᠶᠢᠨ ᠲᠠᠯ᠎ᠠ ᠪᠠᠷ ᠨᠠᠷᠢᠨ ᠪᠣᠯᠪᠠᠰᠤᠷᠠᠭᠤᠯᠵᠤ᠂ ᠭᠢᠮᠨᠡᠰᠲ᠋ᠢᠺ(ᠪᠡᠶ ᠡ ᠶᠢᠨ ᠲᠠᠮᠢᠷ)᠂ ᠪᠡᠶ᠎ᠡ ᠭᠠᠯᠪᠠᠷᠵᠢᠭᠤᠯᠤᠯᠲᠠ᠂ ᠪᠡᠶ᠎ᠡ ᠪᠢᠯᠳᠠᠷᠵᠢᠭᠤᠯᠤᠯᠲᠠ᠂ ᠲᠤᠯᠤᠯᠳᠤᠭᠠᠨ ᠤ ᠤᠷᠠᠯᠢᠭ ᠪᠣᠯᠭᠠᠨ᠂ ᠬᠦᠮᠦᠨ ᠢ ᠪᠣᠯᠪᠠᠰᠤᠷᠠᠭᠤᠯᠵᠤ ᠬᠥᠭᠵᠢᠭᠦᠯᠬᠦ ᠲᠠᠮᠢᠷ ᠪᠤᠯᠭᠠᠵᠤ "ᠵᠢᠦ᠋ᠳᠣ᠋" ᠬᠡᠮᠡᠨ ᠨᠡᠷᠡᠯᠡᠨ᠂ ᠬᠠᠭᠤᠴᠢᠨ ᠲᠣᠤᠺᠢᠣ᠋ ᠍ ᠶᠢᠨ ᠱᠢᠲ᠋ᠠᠶ᠎ᠠ (下谷区) ᠳᠡᠭᠦᠷᠭᠡ ᠳᠦ ᠤᠷᠤᠰᠢᠬᠤ ᠡᠢᠱᠣ ᠰᠦᠮ᠎ᠡ ᠳᠤ ᠺᠣᠣᠳᠣᠺᠠᠨ (講道館) ᠢ ᠪᠠᠶᠢᠭᠤᠯᠤᠭᠰᠠᠨ ᠪᠠᠶᠢᠨ᠎ᠠ᠃

ᠺᠣᠣᠳᠣᠺᠠᠨ ᠨᠢ ᠷᠦᠱᠤ ᠶᠢᠨ ᠤᠷᠤᠰᠬᠠᠯ ᠳᠤᠮᠳᠠ ᠴᠥᠭᠡᠩᠬᠢ ᠪᠠᠶᠢᠭᠰᠠᠨ᠃ ᠺᠣᠣᠳᠣᠺᠠᠨ ᠤ 4 ᠡᠵᠡᠨ ᠨᠢᠭᠡ ᠪᠣᠯᠬᠤ ᠽᠠᠶᠢᠭᠤᠤ᠋ ᠰᠢᠷᠤᠤ᠋ ᠨᠢ ᠶᠠᠫᠣᠨ ᠤ ᠴᠠᠭᠳᠠᠭ᠎ᠠ ᠶᠢᠨ ᠶᠡᠷᠦᠩᠬᠡᠢ ᠭᠠᠵᠠᠷ ᠤᠨ ᠲᠤᠯᠤᠯᠳᠤᠭᠠᠨ ᠤ ᠤᠷᠠᠯᠢᠭ ᠤᠨ ᠲᠡᠮᠡᠴᠡᠭᠡᠨ ᠳᠦ ᠠᠪᠤᠷᠭᠤ ᠪᠣᠯᠤᠭᠰᠠᠨ ᠢᠶᠠᠷ ᠣᠷᠣᠨ ᠳᠠᠶᠠᠭᠠᠷ ᠺᠣᠣᠳᠣᠺᠠᠨ ᠵᠢᠦ᠋ᠳᠣ᠋ ᠍ ᠶᠢ ᠬᠦᠯᠢᠶᠡᠨ ᠵᠥᠪᠰᠢᠶᠡᠷᠡᠭᠰᠡᠨ ᠶᠤᠮ᠃

ᠳᠡᠯᠡᠬᠡᠢ ᠳᠠᠬᠢᠨ ᠳᠤ ᠲᠠᠷᠬᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠦ᠋ᠳᠣ᠋ ᠨᠢ 1964 ᠣᠨ ᠤ ᠲᠣᠤᠺᠢᠣ᠋ ᠍ ᠶᠢᠨ ᠵᠤᠨ ᠤ ᠣᠯᠢᠮᠫᠢᠺ ᠳᠤ ᠠᠯᠪᠠᠨ ᠶᠣᠰᠣᠨ ᠤ ᠲᠡᠮᠡᠴᠡᠭᠡᠨ ᠦ ᠲᠥᠷᠥᠯ ᠪᠣᠯᠤᠨ ᠣᠷᠣᠭᠰᠠᠨ ᠶᠤᠮ᠃ ᠡᠮᠡᠭᠲᠡᠶᠢᠴᠦᠳ ᠦᠨ ᠲᠥᠷᠥᠯ ᠨᠢ 1988 ᠣᠨ ᠤ ᠰᠡᠭᠦᠯ ᠤᠨ ᠵᠤᠨ ᠤ ᠣᠯᠢᠮᠫᠢᠺ ᠳᠤ ᠨᠡᠭᠡᠭᠡᠯᠲᠡ ᠲᠡᠢ ᠲᠥᠷᠥᠯ᠂ 1992 ᠣᠨ ᠤ ᠪᠷᠡᠽᠸᠯ ᠤᠨ ᠵᠤᠨ ᠤ ᠣᠯᠢᠮᠫᠢᠺ ᠳᠤ ᠠᠯᠪᠠᠨ ᠶᠣᠰᠣᠨ ᠤ ᠲᠥᠷᠥᠯ ᠪᠣᠯᠤᠭᠰᠠᠨ᠃ ᠳᠡᠯᠡᠬᠡᠢ ᠶᠢᠨ ᠵᠢᠦ᠋ᠳᠣ᠋ ᠍ ᠶᠢᠨ ᠬᠣᠯᠪᠣᠭᠠᠨ ᠳᠤ ᠨᠡᠶᠢᠲᠡ 187 ᠤᠯᠤᠰ ᠣᠷᠣᠨ ᠪᠠᠭᠲᠠᠳᠠᠭ ᠪᠠ ᠲᠥᠪ ᠨᠢ ᠰᠤᠤᠯ (首尔) ᠳᠤ ᠪᠠᠶᠢᠳᠠᠭ᠃

ᠮᠡᠬᠡ ᠶᠢᠨ ᠲᠥᠷᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠣᠳᠣᠺᠠᠨ ᠵᠢᠦ᠋ᠳᠣ᠋ ᠍ ᠳᠤ "ᠰᠢᠳᠡᠯᠲᠡ"(投技)᠂ "ᠳᠠᠷᠤᠯᠲᠠ" (固技)᠂ "ᠠᠲ᠋ᠧᠮᠢᠸᠠᠽᠠ" (当身技) ᠭᠡᠰᠡᠨ 3 ᠲᠥᠷᠥᠯ ᠦᠨ ᠮᠡᠬᠡ ᠪᠠᠶᠢᠳᠠᠭ᠃ ᠮᠥᠨ ᠺᠠᠲ᠋ᠠ ᠪᠣᠯᠤᠨ ᠷᠠᠨᠳᠣᠷᠢ ᠭᠡᠵᠦ ᠪᠤᠢ᠃ ᠺᠠᠨ᠎ᠠ ᠨᠢ "ᠠᠲ᠋ᠧᠮᠢᠸᠠᠽᠠ" ‍ ᠲᠥᠷᠥᠯ ᠦᠨ ᠮᠡᠬᠡ ᠶᠢ ᠠᠶᠤᠯᠲᠠᠢ ᠬᠡᠮᠡᠨ ᠲᠡᠮᠡᠴᠡᠭᠡᠨ ᠤ ᠦᠶ᠎ᠡ ᠳᠦ "ᠰᠢᠳᠡᠯᠲᠡ"᠂ "ᠳᠠᠷᠤᠯᠲᠠ" ᠲᠥᠷᠥᠯ ᠦᠨ ᠮᠡᠬᠡ ᠶᠢ ᠯᠠ ᠬᠡᠷᠡᠭᠯᠡᠬᠦ ᠪᠣᠯᠤᠭᠰᠠᠨ᠃

ᠲᠡᠶᠢᠮᠦ ᠡᠴᠡ ᠴᠤ ᠵᠢᠦ᠋ᠳᠣ᠋ ᠨᠢ ᠠᠶᠤᠯ ᠪᠠᠭ᠎ᠠ ᠲᠠᠢ ᠰᠫᠣᠷᠲ ᠤᠨ ᠲᠥᠷᠥᠯ ᠬᠡᠮᠡᠭᠳᠡᠨ ᠳᠡᠯᠡᠬᠡᠢ ᠳᠠᠬᠢᠨ ᠳᠤ ᠥᠷᠭᠡᠨ ᠲᠠᠷᠬᠠᠭᠰᠠᠨ ᠪᠠᠶᠢᠨ᠎ᠠ᠃

"ᠠᠲ᠋ᠧᠮᠢᠸᠠᠽᠠ" ᠲᠥᠷᠥᠯ ᠦᠨ ᠮᠡᠬᠡ ᠨᠢ ᠣᠷᠴᠢᠨ ᠦᠶ᠎ᠡ ᠳᠦ ᠵᠡᠷᠭᠡᠯᠡᠯ ᠨᠡᠮᠡᠬᠦ ᠦᠶ᠎ᠡ ᠶᠢᠨ ᠰᠢᠯᠭᠠᠯᠲᠠᠨ ᠳᠤ ᠬᠦᠷᠲᠡᠯ᠎ᠡ ᠬᠡᠷᠡᠭᠯᠡᠭᠳᠡᠬᠦ ᠨᠢ ᠬᠣᠪᠣᠷ ᠪᠣᠯᠤᠭᠰᠠᠨ ᠤᠴᠢᠷ ᠵᠢᠦ᠋ᠳᠣ᠋ ᠍ ᠪᠠᠷ ᠬᠢᠴᠢᠶᠡᠯᠯᠡᠳᠡᠭ ᠬᠦᠮᠦᠨ ᠴᠤ ᠮᠡᠳᠡᠬᠦ ᠦᠭᠡᠢ ᠪᠠᠶᠢᠬᠤ ᠨᠢ ᠶᠡᠬᠡ᠃ ᠮᠥᠨ ᠲᠡᠭᠦᠨᠴᠢᠯᠡᠨ ᠵᠢᠭᠠᠵᠤ ᠰᠤᠷᠭᠠᠬᠤ ᠳᠠᠰᠬᠠᠯᠵᠢᠭᠤᠯᠤᠭᠴᠢ ᠪᠠᠶᠢᠬᠤ ᠦᠭᠡᠢ ᠪᠠᠶᠢᠭ᠎ᠠ ᠨᠢ ᠪᠣᠳᠠᠲᠤ ᠪᠠᠶᠢᠳᠠᠯ ᠶᠤᠮ᠃

ᠵᠡᠷᠭᠡ ᠶᠢᠨ ᠲᠤᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠦ᠋ᠳᠣ᠋ ᠍ ᠶᠢᠨ ᠴᠣᠯᠠ ᠵᠡᠷᠭᠡᠯᠡᠯ ᠨᠢ ᠰᠢᠤᠳᠠᠨ(初段) ᠡᠴᠡ ᠳ᠋ᠠᠨ(段)ᠨᠢ ᠨᠡᠮᠡᠭᠳᠡᠵᠤ ᠵᠡᠷᠭᠡᠯᠡᠯ ᠨᠢ ᠥᠭᠰᠡᠳᠡᠭ᠃ ᠳ᠋ᠠᠨ ᠨᠢ ᠢᠭᠣ (囲碁)᠂ ᠱᠣᠭᠢ (将棋) (ᠶᠠᠫᠣᠨ ᠦᠨᠳᠦᠰᠦᠨ ᠦ ᠰᠢᠲᠠᠷ᠎ᠠ) ᠍ ᠳᠦ ᠬᠡᠷᠡᠭᠯᠡᠭᠳᠡᠳᠡᠭ ᠪᠠᠶᠢᠭᠰᠠᠨ ᠢ ᠺᠠᠨᠤᠤ᠋ ᠵᠢᠭᠤᠷᠤᠤ᠋ ᠨᠢ ᠠᠩᠬᠠᠯᠠᠨ ᠲᠤᠯᠤᠯᠳᠤᠭᠠᠨ ᠤ ᠤᠷᠠᠯᠢᠭ ᠤᠨ ᠵᠡᠷᠭᠡᠯᠡᠯ ᠳᠦ ᠬᠡᠷᠡᠭᠯᠡᠭᠰᠡᠨ ᠪᠠᠶᠢᠨ᠎ᠠ᠃ ᠣᠷᠴᠢᠨ ᠦᠶ᠎ᠡ ᠳᠦ ᠺᠸᠨᠳᠣ᠋ (剣道)᠂ ᠺᠠᠷᠠᠲ᠋ᠸᠳᠤ᠋ (空手道) ᠵᠡᠷᠭᠡ ᠳᠦ ᠬᠡᠷᠡᠭᠯᠡᠭᠳᠡᠵᠦ ᠪᠠᠶᠢᠭ᠎ᠠ ᠨᠢ ᠵᠢᠦ᠋ᠳᠣ᠋ ᠍ ᠠᠴᠠ ᠡᠬᠢᠯᠡᠯ ᠲᠡᠢ ᠶᠤᠮ᠃

1 ᠍ ᠳᠦᠭᠡᠷ ᠳᠡᠰ ᠨᠢ ᠬᠠᠷ᠎ᠠ ᠪᠦᠰ ᠭᠡᠳᠡᠭ ᠢᠶᠡᠷ ᠨᠡᠶᠢᠲᠡ ᠳᠦ ᠲᠠᠷᠬᠠᠭᠰᠠᠨ᠃ ᠳᠡᠭᠡᠷ᠎ᠡ ᠦᠶ᠎ᠡ ᠪᠡᠨ ᠡᠴᠡ ᠵᠢᠦ᠋ᠳᠣ᠋ ᠍ ᠶᠢᠨ ᠪᠥᠰᠡ ᠶᠢ ᠤᠬᠢᠶᠠᠳᠠᠭ ᠦᠭᠡᠢ ᠪᠠᠶᠢᠭᠰᠠᠨ ᠠᠴᠠ ᠪᠡᠯᠡᠳᠬᠡᠯ ᠰᠤᠷᠭᠠᠭᠤᠯᠢᠯᠲᠠ ᠬᠢᠭᠰᠡᠭᠡᠷ ᠤᠳᠠᠬᠤ ᠲᠤᠰᠤᠮ ᠪᠥᠰ ᠨᠢ ᠬᠠᠷ᠎ᠠ ᠪᠣᠯᠵᠤ ᠢᠷᠡᠳᠡᠭ ᠡᠴᠡ ᠬᠠᠷ᠎ᠠ ᠪᠦᠰ ᠨᠢ ᠲᠤᠬᠠᠢ ᠶᠢᠨ ᠬᠦᠮᠦᠨ ᠦ ᠬᠦᠴᠦ ᠴᠢᠳᠠᠯ᠂ ᠴᠢᠳᠠᠪᠤᠷᠢ ᠶᠢᠨ ᠢᠯᠡᠷᠬᠡᠶᠢᠯᠡᠯ ᠪᠣᠯᠤᠭᠰᠠᠨ ᠪᠠᠶᠢᠨ᠎ᠠ᠃

※ 6 ᠍ ᠳᠦᠭᠡᠷ ᠳ᠋ᠠᠨ ᠠᠴᠠ ᠳᠡᠭᠡᠭᠰᠢᠬᠢ ᠨᠢ ᠬᠠᠷ᠎ᠠ ᠪᠥᠰᠡ ᠪᠡᠷ ᠢᠶᠡᠨ ᠪᠠᠶᠢᠭᠰᠠᠨ ᠴᠤ ᠪᠣᠯᠤᠨ᠎ᠠ᠃
※ ᠡᠮᠡᠭᠲᠡᠶᠢᠴᠦᠳ ᠨᠢ ᠶᠠᠫᠣᠨ ᠳᠣᠲᠣᠷ᠎ᠠ ᠪᠠᠨ ᠪᠣᠯ ᠪᠥᠰᠡ ᠨᠢ ᠭᠣᠣᠯ ᠢᠶᠠᠷ ᠶᠢᠡᠨ 1/5 ᠬᠡᠮᠵᠢᠶᠡᠨ ᠦ ᠥᠷᠭᠡᠨ ᠲᠡᠢ ᠴᠠᠭᠠᠨ ᠵᠢᠷᠤᠭᠠᠰᠤ ᠲᠠᠢ ᠪᠠᠶᠢᠳᠠᠭ᠃ ᠣᠯᠠᠨ ᠤᠯᠤᠰ ᠤᠨ ᠳᠦᠷᠢᠮ ᠳᠦ ᠪᠣᠯ ᠡᠷᠡᠭᠲᠡᠢ ᠡᠮᠡᠭᠲᠡᠢ ᠢᠵᠢᠯᠬᠡᠨ᠃

ᠨᠡᠶᠢᠲᠡ ᠳᠦ 10 ᠍ ᠳᠦᠭᠡᠷ ᠳ᠋ᠠᠨ ᠨᠢ ᠬᠠᠮᠤᠭ ᠤᠨ ᠳᠡᠭᠡᠳᠦ ᠳ᠋ᠠᠨ ᠭᠡᠵᠦ ᠶᠠᠷᠢᠭᠳᠠᠳᠠᠭ ᠴᠤ᠂ ᠵᠢᠦ᠋ᠳᠣ᠋ ᠍ ᠶᠢ ᠦᠨᠳᠤᠰᠤᠯᠡᠭᠴᠢ ᠺᠠᠨᠤᠤ᠋ ᠵᠢᠭᠤᠷᠤᠤ᠋ ᠨᠢ "ᠵᠢᠦ᠋ᠳᠣ᠋" ᠬᠡᠮᠡᠬᠦ ᠨᠣᠮ ᠳᠤ ᠪᠠᠨ "1 ᠍ ᠳᠦᠭᠡᠷ ᠳ᠋ᠠᠨ ᠠᠴᠠ ᠠᠬᠢᠭᠤᠯᠤᠭᠰᠠᠭᠠᠷ 10 ᠍ ᠳᠦᠭᠡᠷ ᠳ᠋ᠠᠨ ᠬᠦᠷᠴᠦ᠂ ᠴᠢᠨᠠᠭᠰᠢᠳᠠ ᠤᠯᠠᠮ ᠬᠦᠴᠦᠷᠬᠡᠭᠵᠢᠨ ᠳᠡᠭᠡᠭᠰᠢᠯᠡᠵᠦ ᠪᠠᠶᠢᠪᠠᠯ 11᠂ 12 ᠍ ᠳᠦᠭᠡᠷ ᠳ᠋ᠠᠨ ᠪᠣᠯᠵᠤ ᠪᠣᠯᠤᠨ᠎ᠠ" ᠭᠡᠵᠦ ᠳᠡᠭᠡᠳᠦ ᠬᠢᠵᠠᠭᠠᠷ ᠵᠢᠭᠠᠭ᠎ᠠ ᠦᠭᠡᠢ ᠪᠠᠶᠢᠳᠠᠭ᠃ ᠭᠡᠪᠡᠴᠦ ᠬᠠᠷᠠᠬᠠᠨ ᠲᠡᠶᠢᠮᠦ ᠲᠣᠬᠢᠶᠠᠯᠳᠤᠯ ᠭᠠᠷᠤᠭ᠎ᠠ ᠦᠭᠡᠢ ᠪᠠᠶᠢᠭ᠎ᠠ᠃
2006 ᠣᠨ ᠬᠦᠷᠲᠡᠯ᠎ᠡ ᠺᠣᠣᠳᠣᠺᠠᠨ ᠵᠢᠦ᠋ᠳᠣ᠋ ᠍ ᠶᠢᠨ 10 ᠍ ᠳᠦᠭᠡᠷ ᠳ᠋ᠠᠨ ᠲᠠᠢ 15 ᠵᠢᠦ᠋ᠳᠣᠴᠢᠳ ᠪᠠᠶᠢᠳᠠᠭ᠃ 10 ᠍ ᠳᠦᠭᠡᠷ ᠳ᠋ᠠᠨ ᠠᠪᠤᠭᠰᠠᠨ ᠳᠠᠷᠠᠭᠠᠯᠠᠯ ᠢᠶᠠᠷ ᠨᠢ ᠵᠢᠭ᠌ᠰᠠᠭᠠᠪᠠᠯ:
1935 ᠤᠨ ᠳᠤ᠂ ᠢᠮᠠᠰᠢᠲ᠋ᠠ ᠶᠣᠰᠢᠼᠡᠭᠦ᠂ 1937 ᠤᠨ  ᠳᠤ᠂ ᠢᠰᠤᠭᠠᠢ ᠬᠠᠵᠢᠮᠡ᠂ ᠨᠠᠭᠠᠣᠺᠠ ᠱᠶᠦᠡᠴᠢ᠂ 1945 ᠤᠨ ᠳᠤ᠂ ᠮᠢᠹᠦᠨ᠎ᠡ ᠺᠶᠦᠵᠣ᠂ ᠢᠢᠰᠺᠠ ᠺᠥᠩᠴᠠᠪᠦᠷ ᠢᠶᠠᠨ᠂ ᠰᠠᠮᠷᠠ ᠺᠠᠢᠴᠢᠷ ᠢᠶᠠᠨ᠂ ᠲᠠᠪᠠᠲ᠋ᠠ ᠱᠣᠣᠲ᠋ᠠᠷ ᠢᠶᠠᠨ᠂ ᠣᠺᠠᠨ᠎ᠠ ᠶᠣᠰᠢᠲ᠋ᠠᠷ ᠢᠶᠠᠨ᠂ ᠱᠣᠣᠷᠢᠺᠠ ᠮᠠᠼᠲ᠋ᠠᠷ ᠢᠶᠠᠨ᠂ ᠨᠠᠺᠠᠨ᠎ᠠ ᠱᠣᠣᠵᠣ᠂ ᠺᠥᠷᠠᠬᠠᠷᠠ ᠲᠠᠮᠢ ᠪᠠᠨ᠂ 1984 ᠤᠨ  ᠳᠤ᠂ ᠺᠣᠲ᠋ᠠᠨᠢ ᠰᠦᠮᠡᠶᠤᠶᠢᠺᠢ᠂ 2006 ᠤᠨ ᠳᠤ᠂ ᠲᠠᠶᠢᠭᠣ ᠲᠠᠰᠢᠷᠠᠭ᠎ᠠ᠂ ᠠᠪ ᠢᠴᠢᠷ ᠢᠶᠠᠨ᠂ ᠣ ᠠᠴᠠᠸᠠ ᠶᠣᠰᠢᠮᠢ ᠨᠠᠷᠠ ᠶᠤᠮ᠃
ᠮᠥᠨ ᠣᠯᠠᠨ ᠤᠯᠤᠰ ᠤᠨ ᠵᠢᠦ᠋ᠳᠣ᠋ ᠍ ᠶᠢᠨ ᠬᠣᠯᠪᠣᠭᠠᠨ ᠤ 10 ᠍ ᠳᠦᠭᠡᠷ ᠳ᠋ᠠᠨ ᠲᠠᠢ ᠵᠢᠦ᠋ᠳᠣᠴᠢᠳ ᠨᠢ ᠠᠨᠲᠠᠨ ᠭᠡᠰᠢᠨ᠋ᠺ(ᠬᠣᠯᠠᠨᠳ᠋)᠂ ᠴᠢᠷᠠᠯᠽ ᠫᠠᠯᠮᠧᠷ(ᠠᠩᠭᠯᠢ) ᠬᠤᠶᠠᠭᠤᠯᠠ ᠯᠠ ᠶᠤᠮ᠃ ᠡᠮᠡᠭᠲᠡᠶᠢᠴᠦᠳ ᠡᠴᠡ 10 ᠍ ᠳᠦᠭᠡᠷ ᠳ᠋ᠠᠨ ᠲᠠᠢ ᠬᠦᠮᠦᠨ ᠬᠠᠷᠠᠬᠠᠨ ᠪᠠᠶᠢᠬᠤ ᠦᠭᠡᠢ᠃ 9 ᠍ ᠳᠦᠭᠡᠷ ᠳ᠋ᠠᠨ ᠲᠠᠢ ᠹᠦᠺᠥᠳᠠ ᠺ ᠡᠴᠢᠺᠣ᠂ ᠲᠡᠭᠦᠨ ᠦ ᠳᠠᠷᠠᠭ᠎ᠠ 8 ᠍ ᠳᠦᠭᠡᠷ ᠳ᠋ᠠᠨ ᠲᠠᠢ ᠨᠢᠪᠣᠰᠢ ᠬᠠᠷᠺᠣ ᠨᠠᠷ ᠯᠠ ᠪᠠᠶᠢᠭ᠎ᠠ᠃

ᠳᠦᠷᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠣᠳᠣᠺᠠᠨ ᠤ ᠰᠢᠭᠦᠯᠲᠡ ᠶᠢᠨ ᠳᠦᠷᠢᠮ᠂ ᠣᠯᠠᠨ ᠤᠯᠤᠰ ᠤᠨ ᠵᠢᠦ᠋ᠳᠣ᠋ ᠍ ᠶᠢᠨ ᠬᠣᠯᠪᠣᠭᠠᠨ ᠤ ᠰᠢᠭᠦᠯᠲᠡ ᠶᠢᠨ ᠳᠦᠷᠢᠮ ᠭᠡᠰᠡᠨ 2 ᠳᠦᠷᠢᠮ ᠪᠤᠢ᠃

 • ᠲᠡᠮᠡᠴᠡᠭᠡᠨ ᠦ ᠳᠡᠪᠵᠢᠶ᠎ᠡ ᠨᠢ 8m×8m᠂ 10m×10m ᠬᠦᠷᠲᠡᠯᠡᠬᠢ ᠬᠡᠮᠵᠢᠶ᠎ᠡ ᠲᠡᠢ ᠲᠠᠲᠠᠮᠢ (畳) ᠪᠠᠶᠢᠨ᠎ᠠ᠃ *ᠺᠣᠣᠳᠣᠺᠠᠨ ᠤ ᠳᠦᠷᠢᠮ ᠦᠨ ᠳᠠᠭᠠᠤ ᠪᠣᠯ 67 ᠲᠦᠷᠦᠯ᠂ ᠣᠯᠠᠨ ᠤᠯᠤᠰ ᠤᠨ ᠵᠢᠦ᠋ᠳᠣ᠋ ᠍ ᠶᠢᠨ ᠬᠣᠯᠪᠣᠭᠠᠨ ᠤ ᠳᠦᠷᠢᠮ ᠦᠨ ᠳᠠᠭᠠᠤ ᠪᠣᠯ 66 ᠲᠥᠷᠥᠯ ᠦᠨ "ᠰᠢᠳᠡᠯᠲᠡ" ᠶᠢᠨ ᠮᠡᠬᠡ᠂ 29 ᠲᠥᠷᠥᠯ ᠦᠨ (2 ᠯᠠ ᠠᠳᠠᠯᠢᠬᠠᠨ) "ᠳᠠᠷᠤᠯᠲᠠ" ᠍ ᠦᠨ ᠮᠡᠬᠡ ᠶᠢ ᠠᠰᠢᠭᠯᠠᠨ ᠢᠯᠠᠯᠲᠠ ᠶᠢᠨ ᠲᠥᠯᠥᠭᠡ ᠲᠡᠮᠡᠴᠡᠯᠳᠦᠳᠡᠭ᠃
 • ᠲᠡᠮᠡᠴᠡᠭᠡᠨ ᠨᠢ ᠵᠢᠭᠠᠭᠳᠠᠭᠰᠠᠨ ᠬᠤᠭᠤᠴᠠᠭᠠᠨ ᠤ ᠳᠣᠲᠣᠷ᠎ᠠ ᠶᠠᠪᠤᠭᠳᠠᠵᠤ ᠪᠠᠷᠢᠯᠳᠤᠭᠠᠨ ᠢ ᠭᠠᠷ ᠲᠤ ᠪᠠᠨ ᠠᠪᠤᠭᠰᠠᠨ ᠬᠦᠮᠦᠨ ᠨᠢ ᠢᠯᠠᠬᠤ ᠪᠠ ᠬᠡᠨ ᠨᠢᠭᠡ ᠨᠢ "ᠢᠫᠫᠣᠨ(ᠴᠡᠪᠡᠷ ᠢᠯᠠᠯᠲᠠ)" ᠠᠪᠤᠭᠰᠠᠨ ᠲᠣᠬᠢᠶᠠᠯᠳᠤᠯ ᠳᠤ ᠲᠡᠮᠡᠴᠡᠭᠡᠨ ᠰᠢᠭᠤᠳ ᠳᠠᠭᠤᠰᠤᠨ᠎ᠠ᠃
 • ᠬᠡᠷᠪᠡ ᠬᠡᠨ ᠨᠢᠭᠡ ᠨᠢ ᠲᠡᠷᠢᠭᠦᠯᠡᠬᠦ ᠣᠨᠣᠭ᠎ᠠ ᠠᠪᠤᠭ᠎ᠠ ᠦᠭᠡᠢ ᠪᠠᠶᠢᠭ᠎ᠠ ᠲᠣᠬᠢᠶᠠᠯᠳᠤᠯ ᠳᠤ ᠨᠡᠮᠡᠯᠲᠡ ᠴᠠᠭ ᠰᠤᠩᠭᠠᠨ ᠪᠠᠷᠢᠯᠳᠤᠵᠤ ᠬᠡᠨ ᠲᠦᠷᠦᠭᠦᠯᠡᠵᠦ ᠣᠨᠣᠭ᠎ᠠ ᠠᠪᠤᠭᠰᠠᠨ(ᠠᠯᠲᠠᠨ ᠣᠨᠣᠭᠠᠨ ᠤ ᠳᠦᠷᠢᠮ) ᠨᠢ ᠢᠯᠠᠳᠠᠭ᠃ ᠲᠡᠭᠡᠭᠡᠳ ᠴᠤ ᠬᠡᠨ ᠨᠢ ᠴᠤ ᠢᠯᠠᠵᠤ ᠴᠢᠳᠠᠬᠤ ᠦᠭᠡᠢ ᠲᠣᠬᠢᠶᠠᠯᠳᠤᠯ ᠳᠤ ᠰᠢᠭᠦᠭᠴᠢ ᠶᠢᠨ ᠰᠢᠢᠳᠪᠦᠷᠢ ᠪᠡᠷ ᠢᠯᠠᠭᠴᠢ ᠶᠢ ᠲᠣᠳᠣᠷᠠᠭᠤᠯᠳᠠᠭ᠃
 • ᠲᠤᠬᠠᠢ ᠶᠢᠨ ᠲᠡᠮᠡᠴᠡᠭᠡᠨ ᠦ ᠳᠦᠷᠢᠮ ᠡᠴᠡ ᠬᠠᠮᠢᠶᠠᠷᠴᠤ ᠬᠠᠶᠢᠨᠴᠠᠭᠤᠯᠬᠤ ᠴᠤ ᠲᠣᠬᠢᠶᠠᠯᠳᠤᠯ ᠪᠠᠶᠢᠳᠠᠭ᠃

ᠣᠯᠢᠮᠫᠢᠺ ᠵᠡᠷᠭᠡ ᠲᠣᠮᠣᠬᠠᠨ ᠲᠡᠮᠡᠴᠡᠭᠡᠨ ᠨᠦᠭᠦᠳ ᠲᠦ 5 ᠮᠢᠨᠦ᠋ᠲ ᠪᠠᠷᠢᠯᠳᠤᠳᠠᠭ᠃

ᠳᠠᠭᠠᠬᠤ ᠪᠠᠷᠢᠯᠳᠤᠭᠠᠨ ᠤ ᠲᠤᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠢᠮᠫᠢᠺ ᠪᠣᠯᠤᠨ ᠵᠢᠦ᠋ᠳᠤ᠋ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠵᠡᠷᠭᠡ ᠳᠦ 3 ᠍ ᠳᠦᠭᠡᠷ ᠪᠠᠶᠢᠷᠢ ᠶᠢᠨ ᠲᠥᠯᠦᠭᠡᠬᠢ ᠪᠠᠷᠢᠯᠳᠤᠭᠠᠨ ᠭᠠᠷᠭᠠᠬᠤ ᠶᠢᠨ ᠲᠤᠯᠠᠳᠠ ᠳᠠᠭᠠᠬᠤ ᠪᠠᠷᠢᠯᠳᠤᠭᠠᠨ ᠢ ᠪᠤᠢ ᠪᠣᠯᠭᠠᠳᠠᠭ᠃ ᠡᠭᠦᠨ ᠳᠦ ᠨᠢ ᠰᠢᠪᠲᠤᠷᠭ᠎ᠠ ᠶᠢᠨ ᠪᠠᠷᠢᠯᠳᠤᠭᠠᠨ ᠳᠤ ᠢᠯᠠᠭᠳᠠᠭᠰᠠᠨ ᠪᠥᠬᠡᠴᠦᠳ ᠳᠤᠮᠳᠠ ᠠᠴᠠ ᠰᠢᠪᠦᠭᠡ ᠶᠢᠨ 4 ᠍ ᠳᠦ ᠦᠯᠡᠳᠡᠭᠰᠡᠨ ᠪᠥᠬᠡᠴᠦᠳ ᠲᠡᠢ ᠪᠠᠷᠢᠯᠳᠤᠭᠰᠠᠨ ᠪᠥᠬᠡᠴᠦᠳ ᠨᠢ ᠪᠠᠷᠢᠯᠳᠤᠳᠠᠭ ᠶᠤᠮ᠃

ᠰᠢᠳᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠷᠢᠰᠦᠯᠳᠦᠭᠴᠢ ᠪᠡᠨ ᠬᠦᠴᠦ ᠬᠤᠷᠳᠤ ᠶᠢᠨ ᠬᠤᠪᠢ ᠳᠤ ᠢᠯᠡᠳᠲᠡ ᠳᠠᠪᠠᠭᠤᠲᠠᠢ ᠪᠠᠷ ᠰᠢᠳᠡᠵᠦ᠂ ᠠᠷᠤ ᠨᠢᠷᠤᠭᠤᠨ ᠤ ᠠᠯᠢ ᠪᠣᠯᠬᠤ ᠶᠡᠬᠡ ᠲᠠᠯᠠᠪᠠᠢ ᠶᠢ ᠲᠠᠲᠠᠮᠢ ᠳᠤ ᠬᠦᠷᠭᠡᠭᠰᠡᠨ ᠪᠣᠯ "ᠢᠫᠫᠣᠨ" (ᠴᠡᠪᠡᠷ ᠢᠯᠠᠯᠲᠠ) ᠪᠣᠯᠳᠠᠭ᠃ ᠠᠷᠠᠢ ᠢᠫᠫᠣᠨ ᠭᠡᠵᠦ ᠲᠣᠭᠠᠴᠠᠬᠤ ᠪᠠᠷ ᠪᠢᠰᠢ ᠪᠣᠯ "ᠸᠠᠽᠠᠠᠷᠢ" (技あり)᠂ ᠲᠡᠭᠦᠨ ᠦ ᠳᠠᠷᠠᠭ᠎ᠠ "ᠶᠦᠺᠣ" (有效) ᠶᠤᠮ᠃ ᠸᠠᠽᠠᠠᠷᠢ 2 ᠤᠳᠠᠭ᠎ᠠ ᠠᠪᠤᠭᠰᠠᠨ ᠲᠣᠬᠢᠶᠠᠯᠳᠤᠯ ᠳᠤ ᠢᠫᠫᠣᠨ ᠪᠣᠯᠳᠠᠭ᠃

ᠶᠦᠺᠣ ᠢᠶᠠᠨ ᠨᠢ ᠬᠡᠳᠦ ᠴᠤ ᠠᠪᠤᠭᠰᠠᠨ ᠳᠡᠭᠡᠳᠦ ᠦᠨᠡᠯᠡᠭᠡᠨ ᠳᠦ ᠪᠡᠨ ᠰᠢᠯᠵᠢᠬᠦ ᠦᠭᠡᠢ᠃

ᠳᠠᠷᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠠᠨ ᠤᠯᠤᠰ ᠤᠨ ᠳᠦᠷᠢᠮ ᠳᠦ ᠥᠷᠢᠰᠦᠯᠳᠦᠭᠴᠢ ᠶᠢᠨ ᠢᠶᠡᠨ ᠨᠢᠷᠤᠭᠤ᠂ 2 ᠳᠠᠯᠠ ᠶᠢ ᠬᠣᠶᠠᠭᠤᠯᠠᠨ ᠢ ᠨᠢ ᠡᠰᠡᠪᠡᠯ ᠨᠢᠭᠡ ᠶᠢ ᠨᠢ ᠳᠡᠪᠵᠢᠶᠠᠨ ᠳᠦ ᠬᠦᠷᠬᠦ ᠪᠡᠷ ᠳᠠᠷᠤᠵᠤ᠂ ᠥᠷᠢᠰᠦᠯᠳᠦᠭᠴᠢ ᠶᠢᠨ ᠢᠶᠡᠨ ᠬᠥᠯ ᠳᠦ ᠪᠡᠶ᠎ᠡ ᠡᠰᠡᠪᠡᠯ ᠬᠥᠯ ᠢᠶᠡᠨ ᠬᠠᠪᠴᠢᠭᠤᠯᠤᠭᠳᠠᠭ᠎ᠠ ᠦᠭᠡᠢ ᠨᠥᠬᠥᠴᠡᠯ ᠳᠦ 25 ᠰᠧᠺᠦᠶᠨᠳ᠋ ᠪᠣᠯᠪᠠᠯ "ᠴᠡᠪᠡᠷ ᠢᠯᠠᠯᠲᠠ - ᠢᠫᠫᠣᠨ"᠂ 20-25 ᠰᠧᠺᠦᠶᠨᠳ᠋ ᠪᠣᠯ "ᠸᠠᠽᠠᠠᠷᠢ"᠂ 15-20 ᠰᠧᠺᠦᠶᠨᠳ᠋ ᠪᠣᠯ "ᠶᠦᠺᠣ" ᠭᠡᠰᠡᠨ ᠦᠨᠡᠯᠡᠭᠡ ᠠᠪᠳᠠᠭ᠃ ᠭᠡᠪᠡᠴᠦ ᠺᠣᠣᠳᠣᠺᠠᠨ ᠵᠢᠦ᠋ᠳᠣ᠋ ᠶᠢᠨ ᠳᠦᠷᠢᠮ ᠨᠢ ᠠᠷᠠᠢ ᠬᠠᠲᠠᠭᠤ ᠪᠤᠶᠤ 30 ᠰᠧᠺᠦᠶᠨᠳ᠋ ᠨᠢ ᠢᠫᠫᠣᠨ᠂ 25-30 ᠬᠣᠭᠣᠷᠣᠨᠳᠣ ᠪᠣᠯ "ᠸᠠᠽᠠᠠᠷᠢ"᠂ 20-25 ᠰᠧᠺᠦᠶᠨᠳ᠋ ᠪᠣᠯ "ᠶᠦᠺᠣ" ᠠᠪᠳᠠᠭ᠃

ᠪᠣᠭᠣᠬᠤ ᠮᠡᠬᠡ ᠪᠣᠯᠤᠨ ᠥᠴᠢᠬᠦ ᠮᠡᠬᠡ ᠳᠤ ᠥᠷᠢᠰᠦᠯᠳᠦᠭᠴᠢ ᠨᠢ ᠪᠠᠭᠤᠵᠤ ᠥᠭᠭᠦᠭᠰᠡᠨ ᠢᠶᠡᠨ ᠢᠯᠡᠷᠬᠡᠶᠢᠯᠡᠵᠦ ᠰᠢᠭᠦᠭᠴᠢᠳ ᠲᠤ ᠣᠶᠢᠯᠠᠭᠠᠭᠳᠠᠬᠤ ᠪᠠᠷ ᠳᠡᠪᠵᠢᠶ᠎ᠡ ᠶᠢ ᠡᠰᠡᠪᠡᠯ ᠥᠷᠢᠰᠦᠯᠳᠦᠭᠴᠢ ᠪᠡᠨ 2-3 ᠤᠳᠠᠭ᠎ᠠ ᠴᠣᠬᠢᠪᠠᠯ(ᠮᠠᠲᠤᠲᠠ (参った) - ᠶᠠᠫᠣᠨ ᠢᠶᠠᠷ ᠪᠠᠭᠤᠵᠤ ᠥᠭᠭᠦᠶ᠎ᠡ ᠭᠡᠰᠡᠨ ᠦᠭᠡ) ᠴᠡᠪᠡᠷ ᠢᠯᠠᠯᠲᠠ ᠪᠣᠯᠳᠠᠭ᠃

ᠥᠴᠢᠬᠦ ᠮᠡᠬᠡ ᠶᠢᠨ ᠬᠤᠪᠢ ᠳᠤ ᠪᠠᠭᠤᠵᠤ ᠥᠭᠭᠦᠭᠰᠡᠨ ᠢᠶᠡᠨ ᠢᠯᠡᠷᠬᠡᠶᠢᠯᠡᠬᠦ ᠨᠢ ᠲᠤᠬᠠᠢ ᠶᠢᠨ ᠲᠠᠮᠢᠷᠴᠢᠨ ᠤ ᠡᠷᠬᠡ ᠪᠥᠭᠡᠳ ᠲᠣᠬᠣᠢ᠂ ᠮᠥᠷᠦᠨ ᠳᠦ ᠪᠡᠨ ᠬᠦᠨᠳᠦ ᠭᠡᠮᠲᠦᠯ ᠠᠪᠤᠭᠰᠠᠨ ᠴᠤ ᠢᠯᠠᠬᠤ ᠢᠲᠡᠭᠡᠯ ᠲᠡᠢ ᠪᠠᠶᠢᠭ᠎ᠠ ᠪᠣᠯ "ᠮᠠᠲᠤᠲᠠ" ᠬᠢᠬᠦ ᠦᠭᠡᠢ ᠪᠠᠶᠢᠭᠰᠠᠨ ᠴᠤ ᠪᠣᠯᠤᠨ᠎ᠠ᠃ ᠭᠡᠪᠡᠴᠦ ᠡᠨᠡ ᠨᠢ ᠴᠢᠨᠠᠭᠰᠢᠳᠠ ᠪᠠᠷᠢᠯᠳᠤᠵᠤ ᠴᠢᠳᠠᠬᠤ ᠦᠭᠡᠢ ᠪᠣᠯᠬᠤ ᠮᠠᠭᠠᠳᠯᠠᠯ ᠥᠨᠳᠥᠷ ᠲᠤᠯᠠ ᠬᠢᠬᠦ ᠦᠭᠡᠢ ᠪᠠᠶᠢᠬᠤ ᠶᠢ ᠵᠥᠪᠯᠡᠵᠦ ᠪᠠᠶᠢᠨ᠎ᠠ᠃

ᠪᠣᠭᠣᠬᠤ ᠮᠡᠬᠡ ᠳᠤ ᠥᠷᠢᠰᠦᠯᠳᠦᠭᠴᠢ ᠨᠢ ᠤᠬᠠᠭᠠᠨ ᠠᠯᠳᠠᠭᠰᠠᠨ ᠪᠣᠯ ᠴᠡᠪᠡᠷ ᠢᠯᠠᠯᠲᠠ ᠪᠣᠯᠳᠠᠭ᠃ ᠬᠡᠷᠪᠡ ᠥᠷᠢᠰᠦᠯᠳᠦᠭᠴᠢ ᠨᠢ ᠨᠠᠰᠤ ᠪᠠᠷᠠᠭᠰᠠᠨ ᠪᠣᠯ "ᠶᠦᠺᠣ" ᠦᠨᠡᠯᠡᠭᠡ ᠠᠪᠤᠨ᠎ᠠ᠃
ᠬᠥᠳᠡᠭᠡ ᠣᠷᠣᠨ ᠨᠤᠲᠤᠭ ᠤᠨ ᠪᠠᠷᠢᠯᠳᠤᠭᠠᠨ ᠪᠣᠯᠤᠨ ᠪᠠᠭ᠎ᠠ ᠨᠠᠰᠤᠨ ᠤ ᠲᠦᠪᠰᠢᠨ ᠳᠦ ᠪᠣᠭᠣᠬᠤ ᠮᠡᠬᠡ ᠪᠣᠯᠤᠨ ᠥᠴᠢᠬᠦ ᠮᠡᠬᠡ ᠨᠢ ᠪᠦᠷᠢᠨ ᠪᠠᠶᠢᠳᠠᠯ ᠢᠶᠠᠷ ᠣᠷᠣᠭᠰᠠᠨ ᠪᠠᠶᠢᠪᠠᠯ ᠥᠷᠢᠰᠦᠯᠳᠦᠭᠴᠢ ᠨᠢ "ᠮᠠᠲᠤᠲᠠ" ᠬᠢᠭᠡ ᠦᠭᠡᠢ ᠪᠠᠶᠢᠭᠰᠠᠨ ᠴᠤ ᠠᠶᠤᠯ ᠦᠭᠡᠢ ᠪᠠᠶᠢᠳᠠᠯ ᠢ ᠬᠠᠷᠠᠭᠠᠯᠵᠠᠨ ᠦᠵᠡᠵᠦ ᠴᠡᠪᠡᠷ ᠢᠯᠠᠯᠲᠠ ᠶᠢ ᠥᠭᠳᠡᠭ᠃

ᠳᠤᠮᠳᠠ ᠰᠤᠷᠭᠠᠭᠤᠯᠢ ᠶᠢᠨ ᠰᠤᠷᠤᠭᠴᠢ ᠨᠠᠷ ᠨᠢ ᠥᠴᠢᠬᠦ ᠮᠡᠬᠡ ᠪᠣᠯᠤᠨ ᠭᠤᠷᠪᠠᠨ ᠲᠠᠯ᠎ᠠ ᠳᠤ ᠢᠶᠠᠷ ᠪᠣᠭᠣᠬᠤ ᠮᠡᠬᠡ ᠬᠢᠬᠦ ᠨᠢ ᠬᠣᠷᠢᠭ᠎ ᠠ ᠲᠠᠢ᠃ ᠪᠠᠭ᠎ᠠ ᠰᠤᠷᠭᠠᠭᠤᠯᠢ ᠶᠢᠨ ᠰᠤᠷᠤᠭᠴᠢ ᠨᠠᠷ ᠨᠢ ᠥᠴᠢᠬᠦ ᠪᠣᠯᠤᠨ ᠪᠣᠭᠣᠬᠤ ᠮᠡᠬᠡ ᠠᠯᠢ ᠠᠯᠢ ᠨᠢ ᠬᠣᠷᠢᠭ᠎ ᠠ ᠲᠠᠢ᠃

1997 ᠍ ᠪᠣᠰᠤᠭ᠎ᠠ ᠪᠠᠷᠢᠯᠳᠤᠭᠠᠨ

 • 1924 ᠣᠨ: ᠬᠡᠪᠲᠡᠭᠡ ᠪᠠᠷᠢᠯᠳᠤᠭᠠᠨ ᠳᠤ ᠬᠦᠴᠤ  ᠪᠡᠷ ᠲᠠᠲᠠᠨ ᠣᠷᠣᠬᠤ ᠶᠢ ᠬᠤᠷᠢᠭᠯᠠᠪᠠ
 • 1929 ᠣᠨ: ᠡᠵᠡᠨ ᠬᠠᠭᠠᠨ ᠤ ᠨᠡᠷᠡᠮᠵᠢᠲᠦ ᠵᠢᠦ᠋ᠳᠣ᠋ ᠍ ᠶᠢᠨ ᠲᠡᠮᠡᠴᠡᠭᠡᠨ ᠳᠦ ᠰᠢᠨ᠎ᠡ ᠪᠡᠷ ᠰᠢᠭᠦᠭᠴᠢ ᠨᠢ 3 ᠬᠦᠮᠦᠨ ᠪᠠᠶᠢᠬᠤ᠂ ᠲᠥᠷᠬᠥ ᠪᠠᠶᠢᠳᠠᠯ᠂ ᠶᠣᠰᠣ ᠵᠠᠶ᠋ᠢᠭ᠂ ᠠᠷᠭ᠎ᠠ ᠲᠧᠭᠨᠢᠭ ᠵᠡᠷᠭᠡ ᠳᠦ ᠰᠠᠭᠤᠷᠢᠯᠠᠭᠰᠠᠨ " ᠪᠠᠷᠢᠯᠳᠤᠭᠠᠨ ᠤ ᠡᠷᠬᠡ ᠶᠢ ᠭᠠᠷ ᠲᠤ ᠪᠠᠨ ᠠᠪᠴᠤ ᠶᠠᠪᠤᠭᠰᠠᠨ ᠤᠴᠢᠷ ᠢᠯᠠᠬᠤ" ᠭᠡᠰᠡᠨ ᠦᠨᠡᠯᠡᠭᠡ ᠨᠡᠮᠡᠭᠳᠡᠭᠰᠡᠨ᠃
 • 1951 ᠣᠨ: ᠺᠣᠣᠳᠣᠺᠠᠨ ᠵᠢᠦ᠋ᠳᠣ᠋ ᠍ ᠶᠢᠨ ᠲᠡᠮᠡᠴᠡᠭᠡᠨ ᠢ ᠰᠢᠭᠦᠬᠦ ᠳᠦᠷᠢᠮ
 • 1955 ᠣᠨ: ᠺᠣᠣᠳᠣᠺᠠᠨ ᠵᠢᠦ᠋ᠳᠣ᠋ ᠍ ᠶᠢᠨ ᠲᠡᠮᠡᠴᠡᠭᠡᠨ ᠢ ᠰᠢᠭᠦᠬᠦ ᠰᠢᠨᠡᠴᠢᠯᠡᠭᠰᠡᠨ ᠳᠦᠷᠢᠮ᠂ "ᠸᠠᠽᠠᠠᠷᠢ" ᠠᠪᠤᠭᠰᠠᠨ ᠤ ᠳᠠᠷᠠᠭᠠᠬᠢ "ᠳᠠᠷᠤᠯᠲᠠ" ᠨᠢ 25 ᠰᠸᠺᠦ᠋ᠨᠲ ᠪᠠᠶᠢᠬᠤ ᠭᠡᠬᠦ ᠮᠡᠲᠦ
 • 1961 ᠣᠨ: ᠣᠯᠠᠨ ᠤᠯᠤᠰ ᠤᠨ ᠵᠢᠦ᠋ᠳᠣ᠋ ᠍ ᠶᠢᠨ ᠬᠣᠯᠪᠣᠭᠠᠨ ᠤ ᠵᠢᠩ ᠢᠶᠡᠷ ᠪᠠᠷᠢᠯᠳᠤᠬᠤ ᠰᠢᠰᠲ᠋ᠧᠮ᠃ 4 ᠵᠢᠩ
 • 1967 ᠣᠨ: ᠣᠯᠠᠨ ᠤᠯᠤᠰ ᠤᠨ ᠵᠢᠦ᠋ᠳᠣ᠋ ᠍ ᠶᠢᠨ ᠬᠣᠯᠪᠣᠭᠠᠨ ᠤ ᠳᠦᠷᠢᠮ ᠵᠣᠬᠢᠶᠠᠭᠳᠠᠪᠠ᠃ ᠣᠯᠠᠨ ᠤᠯᠤᠰ ᠤᠨ ᠵᠢᠦ᠋ᠳᠣ᠋ ᠶᠢᠨ ᠬᠣᠯᠪᠣᠭ᠎ᠠ ᠦᠨ 6 ᠵᠢᠩ ᠦᠨ ᠰᠢᠰᠲ᠋ᠧᠮ
 • 1976 ᠣᠨ: ᠵᠤᠨ ᠤ ᠣᠯᠢᠮᠫᠢᠺ ᠤᠨ ᠵᠢᠦ᠋ᠳᠣ᠋ ᠍ ᠶᠢᠨ ᠲᠥᠷᠥᠯ ᠳᠦ "ᠺᠢᠶᠠᠨᠺᠠ" ᠦᠨᠡᠯᠡᠭᠡ ᠶᠢ ᠬᠡᠷᠡᠭᠯᠡᠪᠡ᠃
 • 1977 ᠣᠨ: ᠣᠯᠠᠨ ᠤᠯᠤᠰ ᠤᠨ ᠵᠢᠦ᠋ᠳᠣ᠋ ᠶᠢᠨ ᠬᠣᠯᠪᠣᠭ᠎ᠠ ᠶᠢᠨ 8 ᠵᠢᠩ ᠦᠨ ᠰᠢᠰᠲ᠋ᠧᠮ ᠲ᠋ᠡᠢ ᠪᠣᠯᠤᠭᠰᠠᠨ᠃
 • 1982 ᠣᠨ: ᠺᠣᠣᠳᠣᠺᠠᠨ ᠵᠢᠦ᠋ᠳᠣ᠋ ᠍ ᠶᠢᠨ ᠲᠡᠮᠡᠴᠡᠭᠡᠨ ᠢ ᠰᠢᠭᠦᠬᠦ ᠳᠦᠷᠢᠮ᠂ ᠪᠠᠭ᠎ᠠ ᠨᠠᠰᠤᠨ ᠤ ᠬᠢᠨ ᠳᠤ ᠵᠣᠷᠢᠭᠤᠯᠤᠭᠰᠠᠨ ᠳᠦᠷᠢᠮ
 • 1997 ᠣᠨ: ᠣᠯᠠᠨ ᠤᠯᠤᠰ ᠤᠨ ᠵᠢᠦ᠋ᠳᠣ᠋ ᠶᠢᠨ ᠬᠣᠯᠪᠣᠭᠠᠨ ᠤ ᠶᠡᠷᠦᠩᠬᠡᠢ ᠬᠤᠷᠠᠯ ᠢᠶᠠᠷ ᠥᠩᠭᠡᠲᠦ ᠡᠮᠦᠰᠬᠡᠯ ᠬᠡᠷᠡᠭᠯᠡᠵᠦ ᠪᠣᠯᠬᠤ ᠶᠢ ᠵᠥᠪᠰᠢᠶᠡᠷᠡᠭᠰᠡᠨ᠃

ᠺᠣᠣᠳᠣᠺᠠᠨ ᠵᠢᠦ᠋ᠳᠣ᠋[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠫᠣᠨ ᠤᠯᠤᠰ ᠠᠴᠠ ᠭᠠᠷᠤᠯ ᠲᠠᠢ ᠵᠢᠦ᠋ᠳᠣ᠋ ᠍ ᠶᠢ ᠺᠠᠨᠤᠤ᠋ ᠵᠢᠭᠤᠷᠤᠤ᠋ ᠨᠢ ᠺᠣᠣᠳᠣᠺᠠᠨ ᠬᠡᠮᠡᠬᠦ ᠨᠡᠷ᠎ᠡ ᠲᠡᠢ ᠥᠷᠭᠦᠭᠡᠨ ᠳᠦ ᠠᠩᠬᠠᠯᠠᠨ ᠬᠢᠴᠢᠶᠡᠯᠯᠡᠭᠦᠯᠵᠦ ᠡᠬᠢᠯᠡᠭᠦᠯᠦᠭᠰᠡᠨ ᠪᠠᠶᠢᠨ᠎ᠠ᠃ ᠲᠡᠶᠢᠮᠦ ᠡᠴᠡ ᠵᠢᠦ᠋ᠳᠣ᠋ ᠨᠢ ᠶᠠᠫᠣᠨ ᠳᠤ ᠢᠯᠠᠩᠭᠤᠶ᠎ᠠ ᠺᠣᠣᠳᠣᠺᠠᠨ ᠵᠢᠦ᠋ᠳᠣ᠋ ᠭᠡᠵᠦ ᠨᠡᠷᠡᠯᠡᠭᠳᠡᠬᠦ ᠲᠣᠬᠢᠶᠠᠯᠳᠤᠯ ᠪᠤᠢ᠃ ᠭᠣᠣᠯᠴᠢᠯᠠᠨ ᠶᠠᠫᠣᠨ ᠳᠣᠲᠣᠷ᠎ᠠ ᠬᠡᠷᠡᠭᠯᠡᠳᠡᠭ ᠳᠦᠷᠢᠮ ᠪᠠᠶᠢᠳᠠᠭ ᠵᠡᠷᠭᠡ ᠡᠴᠡ ᠢᠩᠭᠢᠵᠦ ᠢᠯᠭᠠᠵᠤ ᠨᠡᠷᠡᠯᠡᠬᠦ ᠨᠢ ᠶᠡᠬᠡ᠃ ᠵᠢᠷ ᠦᠨ ᠵᠢᠦ᠋ᠳᠣ᠋ ᠴᠤ ᠭᠡᠵᠦ ᠣᠶᠢᠯᠠᠭᠠᠵᠤ ᠪᠣᠯᠤᠨ᠎ᠠ᠃

ᠡᠮᠦᠰᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠰᠬᠡᠯ  ᠢ ᠵᠢᠦ᠋ᠳᠣᠭᠢ (᠍柔道着) ᠭᠡᠵᠤ ᠨᠡᠷᠡᠯᠳᠡᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠵᠢᠦ᠋ᠳᠣ᠋&oldid=471397》 ᠍  ᠡᠴᠡ ᠠᠪᠤᠭᠰᠠᠨ

ᠪᠢᠴᠢᠭᠡᠰᠦ