ᠴᠤᠸᠠᠰ ᠶᠠᠰᠤᠲᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠤᠸᠠᠰ ᠶᠠᠰᠤᠲᠠᠨ
I Y Yakovlev.jpg
ᠴᠤᠸᠠᠰ ᠰᠣᠶᠣᠨ ᠭᠡᠭᠡᠷᠡᠭᠦᠯᠦᠭᠴᠢ ᠢᠸᠠᠩ ᠶᠠᠺᠣᠸᠯᠸ
ᠪᠦᠭᠦᠳᠡ ᠲᠣᠭ᠎ᠠ
1.5 ᠰᠠᠶ᠎ᠠ
ᠲᠥᠪᠯᠡᠷᠡᠭᠰᠡᠨ ᠭᠠᠵᠠᠷ ᠣᠷᠣᠨ
ᠣᠷᠣᠰ ᠣᠷᠣᠰ ᠬᠣᠯᠪᠣᠭᠠᠨ ᠤ ᠤᠯᠤᠰ (2010 ᠣᠨ)[1]   1,435,872
Flag of Kazakhstan.svg ᠬᠠᠰᠠᠭᠰᠲ᠋ᠠᠨ 22,305 [2]
Flag of Ukraine.svg ᠦᠺᠷᠠᠶᠢᠨ 10,593 [3]
Flag of Uzbekistan.svg ᠦᠽᠪᠧᠺᠢᠰᠲᠠᠨ 10,074 [4]
Flag of Turkmenistan.svg ᠲᠦᠺᠮᠧᠨᠢᠰᠲᠠᠨ 2,281 [5]
Flag of Belarus.svg ᠴᠠᠭᠠᠨ ᠤᠷᠤᠰ 2,242 [6]
Flag of Moldova.svg ᠮᠣᠯᠳᠤᠪᠠ 1,204 [7]
ᠬᠡᠯᠡ ᠠᠶᠠᠯᠭᠤ

ᠴᠤᠸᠠᠰ ᠬᠡᠯᠡ
ᠣᠷᠣᠰ ᠬᠡᠯᠡ (ᠬᠣᠶᠠᠳᠠᠭᠴᠢ ᠬᠡᠯᠡ)

ᠱᠠᠰᠢᠨ ᠰᠢᠲᠦᠯᠭᠡ

ᠾᠷᠢᠰᠲ᠋ᠦ᠋ᠰ (ᠦᠨᠡᠨ ᠠᠯᠳᠠᠷᠲᠠᠨ ᠤ ᠱᠠᠰᠢᠨ)

ᠲᠥᠷᠥᠯ ᠠᠷᠠᠳ ᠲᠦᠮᠡᠨ

ᠪᠤᠰᠤᠳ ᠲᠦᠷᠦᠭ ᠬᠡᠯᠡᠲᠡᠨ

ᠲᠣᠭᠠᠨ ᠤ ᠣᠯᠠᠨ ᠢᠶᠠᠷ ᠦᠨᠳᠦᠰᠦᠲᠡᠨ ᠰᠢᠨᠵᠢ ᠷᠦᠦ ᠨᠡᠯᠢᠶᠡᠳ ᠳᠥᠬᠦᠴᠢᠬᠡᠭᠰᠡᠨ 1.5 ᠰᠠᠶ᠎ᠠ ᠭᠠᠷᠤᠨ ᠴᠤᠸᠠᠰ ᠶᠠᠰᠤᠲᠠᠨ ᠤ (ᠬᠠᠯᠢᠮᠠᠭ ᠢᠶᠠᠷ ᠴᠤᠸᠠᠰ, ᠣᠯᠠᠨ ᠲᠣᠭᠠᠨ ᠳᠤ ᠴᠤᠸᠠᠰᠮᠤᠳ, ᠴᠤᠸᠠᠰ ᠤᠯᠤᠰ; ᠴᠤᠸᠠᠰᠢ ᠪᠠᠷ ᠴᠤăᠸᠠᠰ, ᠣᠯᠠᠨ ᠲᠣᠭᠠᠨ ᠳᠤ ᠴᠤăᠸᠠᠰᠰᠧᠮ, ᠴᠤăᠸᠠᠰ ᠬᠠᠯᠠăᠬĕ; ᠣᠷᠣᠰ ᠢᠶᠠᠷ ᠴᠤᠸᠠᠰ, ᠣᠯᠠᠨ ᠲᠣᠭᠠᠨ ᠳᠤ ᠴᠤᠸᠠᠰᠢ; ᠲᠠᠲ᠋ᠠᠷ ᠢᠶᠠᠷ ᠣᠯᠠᠨ ᠲᠣᠭᠠᠨ ᠳᠤ ᠴᠤᠸᠠᠱᠯᠠᠷ; ᠠᠩᠭᠯᠢ ᠪᠠᠷ ᠣᠯᠠᠨ ᠲᠣᠭᠠᠨ ᠳᠤ Chuvash people) 1.43 ᠰᠠᠶ᠎ᠠ ᠨᠢ ᠣᠷᠣᠰ ᠤᠯᠤᠰ ᠤᠨ ᠢᠷᠭᠡᠨ (2010 ᠣᠨ ᠤ ᠲᠣᠭᠠᠯᠠᠯᠭ᠎ᠠ ᠶᠢᠨ ᠳᠦᠩ) ᠪᠥᠭᠡᠳ ᠬᠠᠷᠢᠴᠠᠩᠭᠤᠢ ᠴᠥᠭᠡᠨ ᠬᠡᠰᠡᠭ ᠨᠢ ᠦᠽᠪᠧᠺᠢᠰᠲᠠᠨᠬᠠᠰᠠᠭᠰᠲ᠋ᠠᠨᠦᠺᠷᠠᠶᠢᠨ ᠭᠡᠬᠦ ᠮᠡᠲᠦ ᠣᠶᠢᠷ᠎ᠠ ᠬᠠᠪ ᠤᠨ ᠤᠯᠤᠰ ᠲᠤ ᠲᠠᠷᠬᠠᠢ ᠪᠤᠲᠠᠷᠬᠠᠢ ᠣᠷᠣᠰᠢᠨ ᠰᠠᠭᠤᠵᠤ ᠪᠠᠶᠢᠨ᠎ᠠ᠃ ᠴᠤᠸᠠᠰᠢ ᠨᠤᠭᠤᠳ ᠣᠷᠣᠰ ᠤᠨ ᠬᠣᠯᠪᠣᠭᠠᠨ ᠤ ᠨᠢᠭᠡᠴᠡ ᠥᠪᠡᠷ ᠦᠨ ᠭᠡᠬᠦ ᠴᠤᠸᠠᠰ ᠤᠯᠤᠰ ᠲᠤ ᠪᠠᠨ 815 ᠮᠢᠩᠭᠠᠭᠤᠯᠤᠭ᠎ᠠ (ᠣᠷᠣᠰ ᠤᠳ ᠠᠴᠠ ᠣᠯᠠᠨ ᠪᠤᠶᠤ ᠤᠯᠤᠰ ᠤᠨ ᠢᠶᠠᠨ 68%) ᠴᠤᠭᠯᠠᠭᠰᠠᠨ ᠪᠠᠶᠢᠳᠠᠭ ᠤᠨ ᠳᠡᠭᠡᠷ᠎ᠡ ᠬᠠᠶᠠᠭ᠎ᠠ ᠵᠠᠯᠭᠠᠭ᠎ᠠ ᠲᠠᠲᠠᠷᠠᠰᠤᠲᠠᠨᠪᠠᠰᠺᠣᠲᠣᠰᠲ᠋ᠠᠨ ᠳᠤ ᠲᠤᠰ ᠪᠦᠷᠢ ᠵᠤᠤ ᠵᠠᠭᠤᠨ ᠮᠢᠩᠭ᠎ᠠ ᠠᠮᠢᠳᠤᠷᠠᠳᠠᠭ᠃ ᠴᠤᠸᠠᠰ᠂ ᠣᠷᠣᠰ ᠬᠣᠣᠰ ᠬᠡᠯᠡ ᠲᠡᠢ᠃ ᠬᠡᠯᠡ ᠤᠭᠰᠠᠭ᠎ᠠ ᠪᠠᠷ ᠢᠶᠠᠨ ᠲᠦᠷᠦᠭ ᠲᠥᠷᠥᠯ ᠦᠨ ᠠᠷᠠᠳ ᠲᠦᠮᠡᠨ ᠦ (ᠲᠦᠷᠦᠭ ᠤᠭᠰᠠᠭᠠᠲᠠᠨ ᠤ᠂ ᠲᠦᠷᠦᠭ ᠬᠡᠯᠡᠲᠡᠨ ᠦ) ᠨᠢᠭᠡᠨ ᠪᠣᠯᠤᠨ᠎ᠠ᠃ ᠲᠡᠳᠡᠨ ᠦ ᠴᠤᠸᠠᠰ ᠬᠡᠯᠡ ᠪᠣᠯ ᠲᠦᠷᠦᠭ ᠲᠥᠷᠥᠯ ᠳᠣᠲᠣᠷ᠎ᠠ ᠪᠠᠨ ᠡᠷᠲᠡᠨ ᠦ ᠪᠤᠯᠭᠤᠷᠠᠬᠠᠵᠠᠷ ᠨᠠᠷ ᠤᠨ ᠬᠡᠯᠡ ᠶᠠᠷᠢᠭ᠎ᠠ ᠶᠢ ᠪᠠᠭᠲᠠᠭᠠᠳᠠᠭ ᠣᠭᠤᠷ ᠪᠦᠯᠦᠭ ᠦᠨ ᠥᠨᠥ ᠴᠠᠭ ᠲᠤ ᠣᠷᠣᠰᠢᠨ ᠪᠠᠶᠢᠭ᠎ᠠ ᠴᠣᠷ ᠤᠨ ᠭᠠᠭᠴᠠ ᠬᠡᠯᠡ ᠶᠤᠮ᠃ ᠣᠷᠣᠰ ᠤᠨ 2010 ᠣᠨ ᠤ ᠲᠣᠭᠠᠯᠠᠯᠭ᠎ᠠ ᠪᠠᠷ 1 ᠰᠠᠶ᠎ᠠ 152 ᠮᠢᠩᠭᠠᠨ ᠬᠦᠮᠦᠨ ᠴᠤᠸᠠᠰ ᠬᠡᠯᠡ ᠮᠡᠳᠡᠳᠡᠭ ᠭᠡᠵᠦ ᠮᠡᠳᠡᠭᠦᠯᠵᠡᠢ᠃ ᠴᠤᠸᠠᠰ ᠬᠦᠮᠦᠰ ᠦᠨ ᠣᠯᠠᠩᠬᠢ ᠨᠢ ᠧᠦ᠋ᠷᠣᠫᠠ (ᠺᠠᠸᠬᠠᠰ), ᠴᠥᠭᠡᠨ ᠬᠤᠪᠢ ᠨᠢ ᠠᠽᠢᠶ᠎ᠠ (ᠮᠣᠩᠭᠣᠯ) ᠲᠥᠷᠬᠥ ᠲᠡᠢ᠃ ᠳᠡᠶᠢᠯᠦᠩᠬᠢ ᠨᠢ ᠾᠷᠢᠰᠤᠰ ᠤᠨ ᠱᠠᠰᠢᠨ ᠰᠢᠲᠦᠳᠡᠭ ᠴᠤ ᠭᠡᠰᠡᠨ ᠰᠡᠭᠦᠯ ᠦᠨ ᠬᠡᠳᠦᠨ ᠵᠢᠯ ᠳᠤ ᠥᠪᠡᠷ ᠦᠨ ᠣᠨᠴᠠᠯᠢᠭ ᠲᠠᠢ ᠱᠠᠰᠢᠨ ᠰᠢᠲᠦᠯᠭᠡ ᠪᠡᠨ ᠳᠡᠭᠡᠳᠦᠯᠡᠨ ᠬᠥᠭᠵᠢᠭᠦᠯᠵᠦ ᠪᠠᠶᠢᠭ᠎ᠠ᠃

ᠡᠬᠡ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ