ᠴᠣᠶᠢᠪᠠᠯᠰᠠᠩ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠣᠶᠢᠪᠠᠯᠰᠠᠩ ᠬᠣᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠰᠤᠮᠤ
ᠬᠡᠷᠡᠯᠦᠨ ᠭᠣᠣᠯ ᠳᠡᠭᠡᠭᠦᠷᠬᠢ ᠭᠦᠭᠦᠷᠭᠡ (1972 ᠣᠨ)

ᠴᠣᠶᠢᠪᠠᠯᠰᠠᠩ
ᠮᠣᠩᠭᠣᠯ ᠣᠷᠣᠨ ᠳᠠᠬᠢ ᠴᠣᠶᠢᠪᠠᠯᠰᠠᠩ ᠬᠣᠲᠠ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠳᠣᠷᠣᠨᠠᠲᠤ ᠠᠶᠢᠮᠠᠭ
ᠳ᠋ᠣᠣ ᠳᠤ ᠨᠤᠲᠤᠭ ᠲᠣᠭᠤᠷ᠎ᠠ ᠳ᠋ᠤᠭᠠᠷᠯᠠᠭᠰᠠᠨ 10 ᠪᠠᠭ
ᠭᠠᠵᠠᠷ ᠨᠤᠲᠤᠭ 281 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 747 ᠮ
ᠬᠦᠮᠦᠨ ᠠᠮᠠ (2014) 41,923 ᠬᠦᠮᠦᠨ
ᠠᠷᠠᠳ ᠲᠦᠮᠡᠨ ᠦᠨᠳᠦᠰᠦᠨ ᠳᠦ ᠪᠡᠨ ᠮᠣᠩᠭᠣᠯ ᠦᠨᠳᠦᠰᠦᠲᠡᠨ.
ᠡᠭᠦᠨ ᠳᠦ ᠬᠠᠯᠬ᠎ᠠᠪᠤᠷᠢᠶᠠᠳᠪᠠᠷᠭᠤ
ᠦᠵᠦᠮᠦᠴᠢᠨ ᠶᠠᠰᠤᠲᠠᠨ ᠵᠣᠩᠬᠢᠯᠠᠳᠠᠭ᠃
ᠨᠤᠲᠤᠭ ᠤᠨ ᠣᠯᠠᠨ ᠴᠣᠶᠢᠪᠠᠯᠰᠠᠩ ᠤᠨ ᠬᠢᠨ
ᠬᠡᠷᠡᠯᠦᠨ ᠰᠤᠮᠤ ᠶᠢᠨ ᠬᠢᠨ
ᠴᠠᠭ ᠤᠨ ᠪᠥᠰᠡ ᠴᠣᠶᠢᠪᠠᠯᠰᠠᠩ ᠤᠨ ᠴᠠᠭ (ГЦ+8)
ᠤᠲᠠᠰᠤᠨ ᠳ᠋ᠣᠭᠠᠷ (+976) 158
ᠰᠢᠤᠳᠠᠨ ᠳᠤᠭᠠᠷ 21060
ᠴᠠᠬᠢᠮ ᠭᠠᠵᠠᠷ kherlen.dd.gov.mn
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠴᠣᠶᠢᠪᠠᠯᠰᠠᠩ
ᠪᠠᠶᠠᠨ᠋ᠲᠦᠮᠡᠨ →,
ᠪᠤᠯᠠᠭᠠᠨ
ᠡᠨᠡ ᠬᠣᠲᠠ ᠶᠢ ᠪᠤᠰᠤᠳ ᠴᠣᠶᠢᠪᠠᠯᠰᠠᠩ ᠠᠴᠠ ᠢᠯᠭᠠᠨ ᠲᠠᠨᠢᠭᠠᠷᠠᠢ

ᠴᠣᠶᠢᠪᠠᠯᠰᠠᠩ (ᠴᠣᠶᠢᠪᠠᠯᠰᠠᠩ, 1941 ᠣᠨ ᠠᠴᠠ ᠡᠮᠦᠨ᠎ᠡ ᠪᠠᠶᠠᠨ᠋ᠲᠦᠮᠡᠨ) — ᠮᠣᠩᠭᠣᠯ ᠤᠯᠤᠰ ᠤᠨ ᠨᠠᠷᠠᠨ ᠮᠠᠨᠳᠤᠬᠤ ᠵᠦᠭ ᠦᠨ ᠬᠢᠵᠠᠭᠠᠷ ᠳᠣᠷᠣᠨᠠᠲᠤ ᠠᠶᠢᠮᠠᠭ ᠤᠨ ᠵᠠᠰᠠᠭ ᠵᠠᠬᠢᠷᠭᠠᠨ ᠤ ᠲᠥᠪ᠂ 4 ᠲᠦᠮᠡ ᠭᠠᠷᠤᠢ ᠬᠦᠮᠦᠨ ᠠᠮᠠ ᠲᠠᠢ ᠬᠣᠲᠠ. ᠡᠨᠡ ᠦᠵᠡᠭᠦᠯᠦᠯᠲᠡ ᠪᠡᠷ ᠤᠯᠤᠰ ᠲᠤ ᠪᠠᠨ ᠤᠯᠠᠭᠠᠨᠪᠠᠭᠠᠲᠤᠷ᠂ ᠳᠠᠷᠬᠠᠨ᠂ ᠡᠷᠳᠡᠨᠢᠲᠦ ᠬᠣᠲᠠ ᠨᠤᠭᠤᠳ ᠤᠨ ᠳᠠᠷᠠᠭ᠎ᠠ ᠤᠷᠤᠬᠤ ᠮᠣᠩᠭᠣᠯ ᠤᠯᠤᠰ ᠤᠨ ᠲᠣᠮᠣᠬᠠᠨ ᠬᠣᠲᠠ᠃ ᠠᠶᠢᠮᠠᠭ ᠤᠨ ᠨᠡᠶᠢᠲᠡ ᠬᠦᠮᠦᠨ ᠠᠮᠠ ᠳᠤ ᠠᠶᠢᠮᠠᠭ ᠤᠨ ᠲᠥᠪ ᠦᠨ ᠬᠦᠮᠦᠨ ᠠᠮᠠ ᠶᠢ ᠬᠠᠷᠢᠴᠠᠭᠤᠯᠤᠭᠰᠠᠨ ᠪᠠᠶᠢᠳᠠᠯ ᠢᠶᠠᠷ ᠢᠶᠠᠨ ᠬᠠᠮᠤᠭ ᠤᠨ ᠲᠣᠮᠣ ᠳᠤ ᠤᠷᠤᠬᠤ ᠪᠥᠭᠡᠳ ᠡᠨᠡ ᠦᠵᠡᠭᠦᠯᠦᠯᠲᠡ 55,9 ᠬᠤᠪᠢ ᠳᠤ ᠬᠦᠷᠴᠦ ᠪᠤᠰᠤᠳ ᠠᠶᠢᠮᠠᠭ ᠠᠴᠠ ᠬᠣᠯᠠ ᠲᠠᠰᠤᠷᠠᠳᠠᠭ ᠪᠠᠶᠢᠨ᠎ᠠ᠃ ᠡᠭᠦᠨ ᠦ ᠰᠢᠯᠲᠠᠭᠠᠨ ᠨᠢ᠂ ᠰᠣᠴᠢᠶᠠᠯᠢᠮ ᠤᠨ ᠦᠶᠡᠰ ᠵᠣᠩᠬᠢᠯᠠᠬᠤ ᠰᠠᠯᠪᠤᠷᠢ ᠪᠠᠷ ᠨᠢ ᠮᠣᠩᠭᠣᠯ ᠤᠯᠤᠰ ᠢ 'ᠮᠠᠯ ᠠᠵᠤ ᠠᠬᠤᠢ - ᠠᠵᠤ ᠦᠢᠯᠡᠳᠪᠦᠷᠢ ᠶᠢᠨ ᠣᠷᠣᠨ' ᠭᠡᠵᠦ ᠪᠠᠶᠢᠬᠤ ᠳᠤ ᠳᠣᠷᠣᠨᠠᠲᠤ ᠠᠶᠢᠮᠠᠭ ᠭᠠᠭᠴᠠᠭᠠᠷ ᠢᠶᠠᠨ 'ᠠᠵᠤ ᠦᠢᠯᠡᠳᠪᠦᠷᠢ - ᠮᠠᠯ ᠠᠵᠤ ᠠᠬᠤᠢ ᠶᠢᠨ' ᠠᠶᠢᠮᠠᠭ ᠭᠡᠵᠦ ᠨᠡᠷᠡᠯᠡᠭᠳᠡᠲᠡᠯ᠎ᠡ ᠪᠡᠨ ᠥᠨᠳᠥᠷ ᠬᠥᠭᠵᠢᠭᠰᠡᠨ ᠦᠢᠯᠡᠳᠪᠦᠷᠢ ᠶᠢᠨ ᠰᠠᠯᠪᠤᠷᠢ ᠲᠠᠢ ᠬᠣᠯᠪᠣᠭ᠎ᠠ ᠲᠠᠢ᠃ ᠡᠭᠦᠨ ᠦ ᠵᠢᠱᠢᠶ᠎ᠡ ᠭᠡᠪᠡᠯ᠂ ᠤᠯᠤᠰ ᠲᠤ ᠪᠠᠨ ᠲᠣᠮᠣ ᠪᠥᠭᠡᠳ ᠬᠣᠪᠣᠷ ᠦᠢᠯᠡᠳᠪᠦᠷᠢ ᠪᠣᠯᠬᠤ ᠮᠢᠬ᠎ᠠ ᠺᠣᠮᠪᠢᠨᠠᠲ᠂ ᠬᠡᠪᠢᠰᠦᠨ ᠦ ᠦᠢᠯᠡᠳᠪᠦᠷᠢ᠂ ᠰᠢᠯᠢᠺᠠᠲ ᠲᠣᠭᠣᠰᠬᠠᠨ ᠤ ᠦᠢᠯᠡᠳᠪᠦᠷᠢ᠂ ᠨᠣᠣᠰᠣ ᠤᠬᠢᠶᠠᠬᠤ ᠦᠢᠯᠡᠳᠪᠦᠷᠢ ᠵᠡᠷᠭᠡ ᠪᠠᠶᠢᠯ᠎ᠠ᠃ ᠮᠥᠨ ᠠᠶᠢᠮᠠᠭ ᠤᠨ ᠲᠥᠪ ᠦᠳ ᠡᠴᠡ ᠴᠣᠷ ᠭᠠᠭᠴᠠ ᠥᠪᠡᠷ ᠦᠨ ᠭᠡᠰᠡᠨ ᠴᠠᠬᠢᠯᠭᠠᠨ ᠳᠤᠯᠠᠭᠠᠨ ᠤ ᠦᠢᠯᠡᠳᠪᠦᠷᠢᠯᠡᠭᠴᠢ ᠲᠡᠢ ᠨᠢ ᠪᠥᠭᠡᠳ ᠡᠨᠡ ᠡᠭᠦᠷᠭᠡ ᠶᠢ 1968 ᠣᠨ ᠳᠤ ᠪᠠᠶᠢᠭᠤᠯᠤᠭᠳᠠᠭᠰᠠᠨ ᠴᠣᠶᠢᠪᠠᠯᠰᠠᠩ ᠬᠣᠲᠠ ᠶᠢᠨ ᠳᠤᠯᠠᠭᠠᠨ ᠤ ᠴᠠᠬᠢᠯᠭᠠᠨ ᠰᠲ᠋ᠠᠨᠼ ᠭᠦᠢᠴᠡᠳᠭᠡᠳᠡᠭ᠃ ᠤᠭ ᠰᠲ᠋ᠠᠨᠼᠢ ᠠᠴᠠ ᠬᠥᠷᠰᠢ ᠰᠦᠬᠡᠪᠠᠭᠠᠲᠤᠷ ᠠᠶᠢᠮᠠᠭ ᠢ ᠡᠷᠴᠢᠮ ᠬᠦᠴᠦ ᠪᠡᠷ ᠬᠠᠩᠭᠠᠭᠠᠳ ᠵᠣᠭᠰᠣᠬᠤ ᠦᠭᠡᠢ ᠲᠥᠪ ᠦᠨ ᠡᠷᠴᠢᠮ ᠰᠢᠰᠲ᠋ᠧᠮ ᠳᠦ ᠴᠤ ᠬᠣᠯᠪᠣᠭᠳᠠᠵᠤ ᠡᠨᠧᠷᠭᠢ ᠪᠣᠯᠤᠮᠵᠢ ᠲᠠᠢ ᠪᠠᠶᠢᠭ᠎ᠠ᠃ ᠪᠤᠰᠤᠳ ᠠᠶᠢᠮᠠᠭ ᠤᠨ ᠲᠥᠪ᠂ ᠰᠤᠮᠤᠳ ᠲᠠᠢ ᠬᠠᠷᠢᠴᠠᠭᠤᠯᠬᠤ ᠳᠤ ᠵᠣᠬᠢᠮᠵᠢ ᠦᠭᠡᠢ ᠴᠤ ᠭᠡᠰᠡᠨ ᠵᠠᠰᠠᠭ ᠵᠠᠬᠢᠷᠭ᠎ᠠ ᠳᠤ ᠨᠤᠲᠤᠭ ᠤᠨ ᠬᠤᠪᠢ ᠳᠤ ᠠᠯᠪᠠᠨ ᠬᠡᠷᠡᠭ ᠲᠦ ᠬᠡᠷᠡᠯᠦᠨ (ᠬᠡᠷᠦᠯᠦᠨ) ᠰᠤᠮᠤ ᠭᠡᠵᠦ ᠪᠢᠴᠢᠭᠳᠡᠨ᠎ᠡ᠃

ᠲᠣᠪᠴᠢ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬ᠎ᠠ 1821 ᠣᠨ ᠳᠤ ᠬᠠᠯᠬ᠎ᠠ ᠍ ᠤᠨ ᠰᠡᠴᠡᠨ ᠬᠠᠨᠢ ᠤᠳᠤᠮ ᠤᠨ ᠮᠢᠵᠦᠦᠷᠳᠣᠷᠵᠢ ᠪᠡᠶᠢᠰᠡ ᠶᠢᠨ ᠰᠠᠨᠠᠭᠠᠴᠢᠯᠠᠭ᠎ᠠ ᠪᠠᠷ ᠱᠠᠰᠢᠨ ᠨᠣᠮ ᠤᠨ ᠵᠢᠱᠢᠶ ᠡ ᠪᠣᠯᠤᠨ ᠬᠣᠰᠢᠭᠤ ᠲᠠᠮᠠᠭ᠎ᠠ ᠶᠢᠨ ᠭᠠᠵᠠᠷ ᠪᠦᠬᠦᠢ ᠰᠠᠭᠤᠷᠢᠨ ᠢ ᠡᠨᠳᠡ ᠪᠠᠷᠢᠵᠤ ᠪᠠᠶᠢᠭᠤᠯᠤᠭᠰᠠᠨ᠃ 1923 ᠣᠨ ᠳᠤ ᠪᠠᠶᠠᠨ᠋ᠲᠦᠮᠡᠨ ᠬᠠᠨ ᠠᠭᠤᠯᠠ ᠶᠢᠨ ᠬᠣᠰᠢᠭᠤᠨ ᠤ ᠲᠥᠪ᠂ 1931 ᠣᠨ ᠠᠴᠠ ᠳᠣᠷᠣᠨᠠᠲᠤ ᠠᠶᠢᠮᠠᠭ ᠤᠨ ᠲᠥᠪ ᠰᠠᠭᠤᠷᠢᠨ ᠪᠣᠯᠵᠠᠢ᠃ ᠤᠯᠠᠮ ᠢᠶᠠᠷ ᠪᠠᠶᠠᠨ᠋ᠲᠦᠮᠡᠨ 1938 ᠣᠨ ᠳᠤ ᠬᠣᠲᠠ ᠶᠢᠨ ᠵᠡᠷᠭᠡ ᠣᠯᠵᠤ᠂ 1941 ᠣᠨ ᠠᠴᠠ ᠨᠠᠮ᠂ ᠲᠥᠷᠥ ᠶᠢᠨ ᠲᠡᠷᠢᠭᠦᠨ ᠦ ᠨᠡᠷ᠎ᠡ ᠪᠡᠷ 《ᠴᠣᠶᠢᠪᠠᠯᠰᠠᠩ》 ᠬᠡᠮᠡᠨ ᠲᠣᠭᠲᠠᠭᠰᠠᠨ᠃[1]

ᠭᠠᠵᠠᠷ ᠵᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠶᠢᠪᠠᠯᠰᠠᠩ ᠬᠣᠲᠠ ᠤᠯᠤᠰ ᠤᠨ ᠨᠡᠶᠢᠰᠯᠡᠯ ᠤᠯᠠᠭᠠᠨᠪᠠᠭᠠᠲᠤᠷ ᠠᠴᠠ 655 ᠺᠢᠯᠣᠮᠧᠲ᠋ᠷ ᠵᠠᠶᠢᠲᠠᠢ᠃ 2015 ᠣᠨ ᠳᠤ ᠪᠠᠭᠳᠠᠵᠣ ᠦᠯᠡᠳᠡᠭᠰᠡᠨ 100 ᠣᠷᠴᠢᠮ km ᠶᠢ ᠨᠢ ᠪᠠᠷᠢᠵᠤ ᠳᠠᠭᠤᠰᠬ᠎ᠠ ᠬᠢ ᠪᠠᠷ ᠲᠥᠯᠥᠪᠯᠡᠭᠳᠡᠭᠰᠡᠨ ᠬᠠᠷ᠎ᠠ ᠵᠠᠮ ᠢᠶᠠᠷ ᠨᠡᠶᠢᠰᠯᠡᠯ ᠲᠡᠢ ᠬᠣᠯᠪᠣᠭᠳᠠᠳᠠᠭ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠶᠢᠪᠠᠯᠰᠠᠩ ᠤᠨ ᠣᠷᠣᠰᠢᠨ ᠰᠠᠭᠤᠭᠴᠢ ᠶᠢᠨ ᠲᠣᠭ᠎ᠠ (1994-2009)[2][3]
ᠣᠨ 1994 2000 2003 2006 2009
ᠬᠦᠮᠦᠨ ᠦ ᠲᠣᠭ᠎ᠠ 45,490 41,714 36,142 39,500 40,439

ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1956 ᠣᠨ ᠳᠤ ᠪᠠᠶᠢᠭᠤᠯᠤᠭᠳᠠᠭᠰᠠᠨ ᠴᠣᠶᠢᠪᠠᠯᠰᠠᠩ ᠨᠢᠰᠬᠦ ᠪᠠᠭᠤᠳᠠᠯ (COQ/ZMCD) ᠨᠢ 1 ᠨᠢᠰᠬᠦ ᠵᠤᠷᠪᠤᠰ ᠲᠠᠢ ᠪᠥᠭᠡᠳ ᠤᠯᠠᠭᠠᠨᠪᠠᠭᠠᠲᠤᠷ ᠷᠤ ᠪᠠᠶᠢᠩᠭᠤ ᠶᠢᠨ ᠨᠢᠰᠦᠯᠭᠡ ᠲᠡᠢ᠃

ᠡᠨᠳᠡ ᠲᠦᠷᠦᠭᠰᠡᠨ ᠬᠦᠮᠦᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠪᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ