ᠴᠡᠴᠡᠷᠯᠢᠭ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
"ᠴᠡᠴᠡᠷᠯᠢᠭ ᠬᠣᠲᠠ" ᠨᠢ ᠡᠨᠡ ᠬᠠᠭᠤᠳᠠᠰᠤᠨ ᠳᠤ ᠰᠢᠭᠤᠳ ᠬᠣᠯᠪᠣᠭᠳᠠᠵᠠᠢ᠃ ᠥᠭᠡᠷ᠎ᠡ ᠤᠳᠬ᠎ᠠ ᠶᠢ ᠦᠵᠡᠬᠦ ᠶᠢ ᠬᠦᠰᠡᠪᠡᠯ᠂ ᠴᠡᠴᠡᠷᠯᠢᠭ (ᠰᠠᠯᠠᠭ᠎ᠠ ᠤᠳᠬ᠎ᠠ) ᠍ ᠢ ᠦᠵᠡᠨ᠎ᠡ ᠦᠦ᠃
ᠴᠡᠴᠡᠷᠯᠢᠭ ᠬᠣᠲᠠ
ᠹᠠᠢᠢᠯ:ᠴᠡᠴᠡ ᠬᠠ ᠮᠪ 18.png
ᠰᠤᠮᠤ
ᠴᠡᠴᠡᠷᠯᠢᠭ ᠬᠣᠲᠠ
ᠤᠯᠤᠰ ᠣᠷᠣᠨ Flag of Mongolia.svg ᠮᠣᠩᠭᠣᠯ
ᠠᠶᠢᠮᠠᠭ Arhangai.gif ᠠᠷᠤᠬᠠᠩᠭᠠᠢ
ᠰᠤᠮᠤ ᠡᠷᠳᠡᠨᠢᠪᠤᠯᠭᠠᠨ
ᠪᠠᠭ (6) 1. ᠴᠠᠭᠠᠨᠳᠪᠠ
2. ᠠᠷᠰᠯᠠᠨᠴᠣᠬᠢᠶ᠎ᠠ
3. ᠴᠠᠭᠳᠠᠭᠤᠯ ᠳᠤ
4. ᠪᠣᠷᠲᠣᠯᠣᠭᠠᠢ
5. ᠨᠠᠷᠠᠨᠪᠤᠯᠠᠭ
6. ᠴᠠᠭᠠᠨᠳᠡᠯ
ᠭᠠᠵᠠᠷ ᠨᠤᠲᠤᠭ 536 км²
ᠬᠦᠮᠦᠨ ᠠᠮᠠ (ᠲᠣᠭᠠᠯᠠᠯ) 2010 ᠣᠨ ᠳᠤ 20,604 ᠬᠦᠮᠦᠨ [1]
ᠨᠤᠲᠤᠭ ᠤᠨ ᠣᠯᠠᠨ ᠴᠡᠴᠡᠷᠯᠢᠭ ᠦᠨ ᠬᠢᠨ᠂ ᠡᠷᠳᠡᠨᠢᠪᠤᠯᠭᠠᠨ ᠤ ᠬᠢᠨ
ᠡᠨᠡ ᠨᠢ ᠵᠥᠪᠬᠡᠨ ᠮᠣᠩᠭᠣᠯ ᠤᠯᠤᠰ ᠶᠢᠨ ᠰᠠᠭᠤᠷᠢᠨ ᠢᠷᠭᠡᠨ ᠦ ᠲᠣᠭ᠎ᠠ᠃ ᠡᠭᠦᠨ ᠳᠦ ᠭᠠᠳᠠᠭᠠᠳᠤ ᠶᠢᠨ ᠬᠠᠷᠢᠶᠠᠲᠤ ᠢᠷᠭᠡᠨ᠂ ᠭᠠᠳᠠᠭᠠᠳᠤ ᠳᠤ ᠣᠷᠣᠰᠢᠨ ᠰᠠᠭᠤᠭ᠎ᠠ ᠮᠣᠩᠭᠣᠯ ᠤᠯᠤᠰ ᠶᠢᠨ ᠢᠷᠭᠡᠨ ᠪᠠᠭᠠᠳᠤᠭ᠎ᠠ ᠦᠭᠡᠢ᠃
ᠮᠣᠩᠭᠣᠯ ᠤᠯᠤᠰ ᠤᠨ ᠠᠷᠤᠬᠠᠩᠭᠠᠢ ᠠᠶᠢᠮᠠᠭ ᠳᠠᠬᠢ
ᠡᠷᠳᠡᠨᠢᠪᠤᠯᠭᠠᠨ ᠰᠤᠮᠤ᠂ ᠲᠡᠭᠦᠨ ᠦ ᠲᠥᠪ ᠴᠡᠴᠡᠷᠯᠢᠭ ᠬᠣᠲᠠ
ᠴᠡᠴᠡᠷᠯᠢᠭ (ᠬᠤᠳᠤᠮ ᠮᠣᠩᠭᠣᠯ ᠢᠶᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠴᠡᠴᠢᠷᠯᠢᠭ) — ᠠᠷᠤᠬᠠᠩᠭᠠᠢ ᠠᠶᠢᠮᠠᠭ ᠤᠨ ᠲᠥᠪ᠃ ᠠᠷᠤᠬᠠᠩᠭᠠᠢ ᠠᠶᠢᠮᠠᠭ ᠤᠨ ᠡᠷᠳᠡᠨᠢᠪᠤᠯᠭᠠᠨ ᠰᠤᠮᠤ ᠨᠢ ᠬᠠᠩᠭᠠᠢ ᠨᠢᠷᠤᠭᠤᠨ ᠤ ᠣᠢ ᠮᠣᠳᠣ᠂ ᠭᠣᠣᠯ ᠮᠥᠷᠡᠨ᠂ ᠲᠥᠷᠥᠯ ᠪᠦᠷᠢ ᠶᠢᠨ ᠠᠨ ᠠᠮᠢᠲᠠᠨ ᠲᠠᠢ᠂ ᠴᠡᠴᠡᠭ᠂ ᠵᠢᠮᠢᠰ ᠳᠡᠯᠭᠡᠷᠡᠭᠰᠡᠨ ᠪᠠᠶᠢᠭᠠᠯᠢ ᠶᠢᠨ ᠭᠣᠸ᠎ᠠ ᠦᠵᠡᠰᠬᠦᠯᠡᠩ ᠪᠦᠷᠢᠳᠦᠮᠡᠯ ᠥᠨᠳᠥᠷ᠂ ᠰᠦᠷᠯᠢᠭ ᠳᠠᠷᠬᠠᠨ ᠴᠠᠭᠠᠵᠠᠲᠤ ᠪᠤᠯᠠᠭᠠᠨ ᠠᠭᠤᠯᠠ ᠶᠢᠨ ᠥᠪᠥᠷ ᠲᠦ᠂ ᠬᠣᠶᠢᠳᠤ᠂ ᠤᠷᠳᠤ ᠲᠠᠮᠢᠷ ᠤᠨ ᠭᠣᠣᠯ ᠤᠨ ᠳᠤᠮᠳᠠ ᠳᠠᠯᠠᠢ ᠶᠢᠨ ᠲᠦᠪᠰᠢᠨ ᠡᠴᠡ ᠳᠡᠭᠡᠭᠰᠢ 1695 ᠮᠧᠲ᠋ᠷ ᠦᠨ ᠥᠨᠳᠥᠷ ᠲᠦ ᠪᠤᠯᠠᠭᠠᠨ᠂ ᠶᠡᠬᠡᠲᠠᠮᠢᠷ᠂ ᠪᠠᠲᠤᠴᠡᠩᠭᠡᠯ᠂ ᠴᠡᠩᠬᠡᠷ ᠰᠤᠮᠤᠳ ᠲᠠᠢ ᠬᠢᠯᠢᠯᠡᠳᠡᠭ᠃ ᠡᠷᠳᠡᠨᠢᠪᠤᠯᠭᠠᠨ ᠰᠤᠮᠤ ᠨᠢ 6 ᠪᠠᠭ᠂ 5524 ᠡᠷᠦᠬᠡ᠂ 20338 ᠬᠦᠮᠦᠨ ᠠᠮᠠ ᠲᠠᠢ᠂ 74055 ᠲᠣᠯᠣᠭᠠᠢ ᠮᠠᠯ ᠲᠠᠢ /2011 ᠣᠨ ᠤ ᠪᠠᠶᠢᠳᠠᠯ ᠢᠶᠠᠷ/, ᠨᠡᠶᠢᠰᠯᠡᠯ ᠤᠯᠠᠭᠠᠨᠪᠠᠭᠠᠲᠤᠷ ᠬᠣᠲᠠ ᠠᠴᠠ ᠥᠷᠥᠨ᠎ᠡ ᠵᠦᠭ ᠲᠤ 480 ᠺᠢᠯᠣᠮᠧᠲ᠋ᠷ ᠵᠠᠢ ᠳᠤ ᠪᠠᠶᠢᠷᠢᠯᠠᠨ᠎ᠠ᠃

1922 ᠣᠨ ᠳᠤ ᠵᠠᠰᠠᠭ ᠵᠠᠬᠢᠷᠭᠠᠨ ᠤ ᠬᠤᠪᠢᠶᠠᠷᠢ ᠪᠠᠷ ᠠᠶᠢᠮᠠᠭ ᠤᠨ ᠴᠢᠭᠤᠯᠭᠠᠨ ᠳᠠᠷᠤᠭ᠎ᠠ ᠶᠢᠨ ᠵᠠᠬᠢᠷᠭ᠎ᠠ ᠶᠢ ᠴᠡᠴᠡᠷᠯᠢᠭ ᠮᠠᠨᠳᠤᠯ ᠠᠶᠢᠮᠠᠭ ᠤᠨ ᠶᠠᠮᠤ ᠪᠣᠯᠭᠠᠵᠤ᠂ ᠵᠠᠶ᠎ᠠ ᠶᠢᠨ ᠰᠢᠪ ᠢ ᠡᠷᠳᠡᠨᠢ ᠪᠤᠯᠠᠭᠠᠨ ᠠᠭᠤᠯᠠ ᠶᠢᠨ ᠬᠣᠰᠢᠭᠤ ᠪᠣᠯᠭᠠᠨ ᠥᠭᠡᠷᠡᠴᠢᠯᠡᠵᠦ ᠴᠡᠴᠡᠷᠯᠢᠭ ᠮᠠᠨᠳᠤᠯ ᠠᠶᠢᠮᠠᠭ ᠤᠨ ᠲᠥᠪ ᠨᠢ ᠪᠣᠯᠤᠭᠰᠠᠨ᠃ 1952 ᠣᠨ ᠳᠤ ᠪᠤᠯᠠᠭᠠᠨ ᠰᠤᠮᠤ ᠶᠢᠨ 7, 10, 11, 12 ᠳ᠋ᠤᠭᠠᠷ ᠪᠠᠭ ᠢ ᠨᠢᠭᠡᠳᠬᠡᠨ ᠬᠣᠷᠢᠶ᠎ᠠ᠂ ᠵᠠᠬᠢᠷᠭ᠎ᠠ ᠪᠤᠶᠤ ᠠᠶᠢᠮᠠᠭ ᠤᠨ ᠲᠥᠪ᠂ 1961 ᠣᠨ ᠳᠤ ᠴᠡᠴᠡᠷᠯᠢᠭ ᠬᠣᠲᠠ᠂ 1992 ᠣᠨ ᠳᠤ ᠡᠷᠳᠡᠨᠢᠪᠤᠯᠭᠠᠨ ᠰᠤᠮᠤ ᠪᠣᠯᠤᠨ ᠥᠭᠡᠷᠡᠴᠢᠯᠡᠨ ᠵᠣᠬᠢᠶᠠᠨ ᠪᠠᠶᠢᠭᠤᠯᠤᠭᠰᠠᠨ᠃ ᠴᠡᠴᠡᠷᠯᠢᠭ ᠬᠣᠲᠠ ᠨᠢ ᠶᠡᠷᠦᠩᠬᠡᠢ ᠪᠣᠯᠪᠠᠰᠤᠷᠠᠯ ᠤᠨ 7 ᠰᠤᠷᠭᠠᠭᠤᠯᠢ᠂ ᠬᠡᠦᠬᠡᠳ ᠦᠨ 7 ᠴᠡᠴᠡᠷᠯᠢᠭ ᠲᠡᠢ᠂ ᠲᠢᠶᠠᠲ᠋ᠷ᠂ ᠵᠣᠴᠢᠳ ᠪᠠᠭᠤᠳᠠᠯ᠂ ᠨᠢᠭᠡᠳᠦᠭᠰᠡᠨ ᠪᠣᠯᠤᠭᠠᠳ ᠬᠤᠪᠢ ᠤᠨ ᠬᠡᠪᠰᠢᠯ ᠦᠨ ᠡᠮᠨᠡᠯᠭᠡ᠂ ᠮᠣᠩᠭᠣᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠤᠯᠢ ᠶᠢᠨ ᠬᠠᠷᠢᠶ᠎ᠠ ᠪᠠᠭᠰᠢ ᠶᠢᠨ ᠰᠤᠷᠭᠠᠭᠤᠯᠢ᠂ ᠬᠤᠪᠢ ᠤᠨ ᠬᠡᠪᠰᠢᠯ ᠦᠨ ᠰᠤᠷᠭᠠᠭᠤᠯᠢ᠂ ᠮᠡᠷᠭᠡᠵᠢᠯ ᠦᠨ ᠰᠤᠷᠭᠠᠯᠲᠠ ᠦᠢᠯᠡᠳᠪᠦᠷᠢᠯᠡᠯ ᠦᠨ ᠲᠥᠪ ᠦᠳ ᠲᠡᠢ᠃ ᠭᠣᠣᠯ ᠦᠢᠯᠡᠳᠪᠦᠷᠢᠯᠡᠯ ᠨᠢ ᠰᠦ᠋ ᠴᠠᠭᠠᠨ ᠢᠳᠡᠭᠡ᠂ ᠮᠢᠬ᠎ᠠ ᠪᠣᠯᠪᠠᠰᠤᠷᠠᠭᠤᠯᠤᠯᠲᠠ᠂ ᠭᠤᠷᠢᠯᠠᠨ ᠪᠦᠲᠦᠭᠡᠭᠳᠡᠬᠦᠨ ᠵᠡᠷᠭᠡ ᠬᠦᠨᠡᠰᠦᠨ ᠦ ᠪᠣᠯᠪᠠᠷᠰᠤᠭᠤᠯᠤᠯᠲᠠ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠢᠮᠲᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ