打开主菜单

ᠳᠣᠯᠣᠭ᠎ᠠ ᠬᠣᠨᠣᠭ

ᠳᠣᠯᠣᠭ᠎ᠠ ᠬᠣᠨᠣᠭ ᠭᠡᠳᠡᠭ ᠨᠢ ᠠᠷᠭ᠎ᠠ ᠶᠢᠨ ᠲᠣᠭᠠᠯᠠᠯ ᠢᠶᠠᠷ ᠪᠦᠬᠦᠯᠢ ᠳᠣᠯᠣᠭᠠᠨ ᠬᠣᠨᠣᠭ (ᠡᠳᠦᠷ) ᠍ ᠦᠨ ᠨᠡᠷ᠎ᠡ ᠶᠤᠮ᠃ ᠨᠢᠭᠡ ᠵᠢᠯ ᠳᠤ 365.25 ᠬᠣᠨᠣᠭ ᠪᠠᠶᠢᠳᠠᠭ ᠭᠡᠪᠡᠯ ᠳᠤᠮᠳᠠᠴᠢ ᠪᠠᠷ 52 ᠳᠣᠯᠣᠭ᠎ᠠ ᠬᠣᠨᠣᠭ ᠠᠴᠠ ᠪᠦᠷᠢᠳᠳᠡᠭ᠃ ᠰᠣᠨᠢᠷᠬᠠᠯᠲᠠᠢ ᠨᠢ ᠮᠣᠩᠭᠣᠯᠴᠤᠳ ᠳᠣᠯᠣᠭ᠎ᠠ ᠬᠣᠨᠣᠭ ᠤᠨ ᠡᠳᠦᠷ ᠦᠳ ᠢ ᠲᠥᠪᠡᠳᠰᠠᠮᠭᠠᠷᠳᠢ ᠠᠴᠠ ᠭᠠᠷᠤᠯ ᠲᠠᠢ ᠨᠡᠷ᠎ᠡ ᠪᠡᠷ ᠶᠤᠮ ᠤᠤ ᠡᠰᠡᠪᠡᠯ ᠮᠣᠩᠭᠣᠯᠴᠢᠯᠠᠵᠤ ᠨᠡᠷᠡᠯᠡᠳᠡᠭ᠃ ᠳᠡᠶᠢᠯᠦᠩᠬᠢ ᠳᠦ ᠪᠡᠨ ᠲᠥᠪᠡᠳ ᠭᠠᠷᠤᠯᠲᠠᠢ ᠨᠡᠷ᠎ᠡ ᠪᠡᠷ ᠨᠡᠷᠡᠯᠡᠨ᠎ᠡ᠃

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠵᠢᠯ ᠤᠨᠳ ᠲᠤ ᠠᠵᠢᠯ ᠤᠨᠨ 5 ᠡᠳᠦᠷ , ᠬᠠᠭᠠᠰ ᠠᠵᠢᠯ ᠤᠨᠨ 1 ᠡᠳᠦᠷ᠂ ᠪᠦᠲᠦᠨ ᠠᠮᠠᠷᠠᠯᠲᠠ ᠶᠢᠨ 1 ᠡᠳᠦᠷ ᠪᠠᠶᠢᠭᠰᠠᠨ ᠠᠴᠠ ᠤᠯᠠᠮᠵᠢᠯᠠᠭᠠᠳ ᠡᠬᠢᠨ ᠦ 5 ᠡᠳᠦᠷ ᠢ "ᠠᠵᠢᠯ ᠤᠨᠨ ᠡᠳᠦᠷ ᠦᠳ", 6 ᠳᠠᠬᠢ ᠡᠳᠦᠷ ᠢ "ᠬᠠᠭᠠᠰ ᠰᠠᠶᠢᠨ ᠡᠳᠦᠷ", 7 ᠳᠠᠬᠤ ᠡᠳᠦᠷ ᠢ "ᠪᠦᠲᠦᠨ ᠰᠠᠶᠢᠨ ᠡᠳᠦᠷ" ᠭᠡᠬᠦ ᠠᠮᠠᠨ ᠶᠠᠷᠢᠶᠠᠨ ᠤ ᠤᠯᠠᠮᠵᠢᠯᠠᠯ ᠪᠤᠢ᠃

ᠳᠣᠯᠣᠭ᠎ᠠ ᠬᠣᠨᠣᠭ ᠤᠨ ᠡᠳᠦᠷ ᠦᠨ ᠨᠡᠷᠡᠰ
ᠳᠡᠰ ᠨᠡᠷ᠎ᠡ ᠲᠥᠪᠡᠳ ᠭᠠᠷᠤᠯᠲᠠᠢ ᠰᠠᠮᠭᠠᠷᠳᠢ ᠭᠠᠷᠤᠯ ᠲᠠᠢ ᠮᠣᠩᠭᠣᠯᠴᠢᠯᠠᠭᠰᠠᠨ
ᠨᠢᠭᠡ ᠳ᠋ᠡᠬᠢ ᠡᠳᠦᠷ (1) ᠳᠠᠪᠠᠭ᠎ᠠ ᠭᠠᠷᠠᠭ ᠰᠤᠮᠢᠶ᠎ᠠ ᠭᠠᠷᠠᠭ ᠰᠠᠷᠠᠨ ᠡᠳᠦᠷ
ᠬᠣᠶᠠᠷ ᠳ᠋ᠡᠬᠢ ᠡᠳᠦᠷ (2) ᠮᠢᠭᠮᠠᠷ ᠭᠠᠷᠠᠭ ᠠᠩᠭᠠᠷᠠᠭ ᠭᠠᠷᠠᠭ ᠭᠠᠯ ᠡᠳᠦᠷ
ᠭᠤᠷᠪᠠ ᠳᠠᠬᠢ ᠡᠳᠦᠷ (3) ᡀᠠᠭᠪᠠ ᠭᠠᠷᠠᠭ ᠪᠤᠳ ᠭᠠᠷᠠᠭ ᠤᠰᠤᠨ ᠡᠳᠦᠷ
ᠳᠥᠷᠪᠡ ᠳ᠋ᠡᠬᠢ ᠡᠳᠦᠷ (4) ᠫᠦᠷᠪᠦ ᠭᠠᠷᠠᠭ ᠪᠠᠷᠬᠠᠰᠪᠠᠳᠢ ᠭᠠᠷᠠᠭ ᠮᠣᠳᠣᠨ ᠡᠳᠦᠷ
ᠲᠠᠪᠤ ᠳᠠᠬᠢ ᠡᠳᠦᠷ (5) ᠪᠠᠰᠠᠩ ᠭᠠᠷᠠᠭ ᠱᠤᠭᠠᠷ᠎ᠠ ᠭᠠᠷᠠᠭ ᠲᠡᠮᠦᠷ ᠡᠳᠦᠷ
ᠬᠠᠭᠠᠰ ᠰᠠᠶᠢᠨ ᠡᠳᠦᠷ (6) ᠪᠢᠮᠪᠠ ᠭᠠᠷᠠᠭ ᠰᠠᠨᠢᠴᠠᠷ ᠭᠠᠷᠠᠭ ᠰᠢᠷᠤᠶᠢᠨ ᠡᠳᠦᠷ
ᠪᠦᠲᠦᠨ ᠰᠠᠶᠢᠨ ᠡᠳᠦᠷ (7) ᠨᠢᠮ᠎ᠠ ᠭᠠᠷᠠᠭ ᠠᠳ᠋ᠢᠶ᠎ᠠ ᠭᠠᠷᠠᠭ ᠨᠠᠷᠠᠨ ᠡᠳᠦᠷ