ᠲᠦᠷᠦᠭ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠦᠷᠦᠭ ᠤᠯᠤᠰ
ᠬᠠᠭᠠᠨᠲᠤ ᠤᠯᠤᠰ
555–745
ᠨᠡᠶᠢᠰᠯᠡᠯ Not specified
ᠱᠠᠰᠢᠨ ᠰᠢᠲᠦᠯᠭᠡ ᠪᠥᠭᠡ
ᠲᠥᠷᠥ ᠵᠠᠰᠠᠭ ᠬᠠᠭᠠᠨᠲᠤ ᠵᠠᠰᠠᠭ
ᠲᠡᠦᠬᠡ
 - Established
 - Disestablished
Today part of Flag of Mongolia.svg ᠮᠣᠩᠭᠣᠯ
Flag of Kazakhstan.svg ᠬᠠᠰᠠᠭᠰᠲ᠋ᠠᠨ
Flag of Russia.svg ᠣᠷᠣᠰ
Flag of the People's Republic of China.svg ᠬᠢᠲᠠᠳ
Empire of the Kökturks.png
Tureg.png
ᠡᠬᠢᠨ ᠦᠶ᠎ᠡ ᠶᠢᠨ ᠲᠦᠷᠡᠭ ᠤᠯᠤᠰ᠂ 552-572 ᠣᠨ
ᠹᠠᠢᠢᠯ:ᠵᠡᠭᠦᠨ᠂ ᠪᠠᠷᠠᠭᠤᠨ ᠲᠦᠷᠦᠭ ᠦᠨ ᠬᠠᠭᠠᠨᠲᠤ ᠤᠯᠤᠰ᠂ ᠲᠥᠪᠡᠳ᠂ ᠰᠤᠢ ᠤᠯᠤᠰ (581–618).jpg
ᠵᠡᠭᠦᠨ᠂ ᠪᠠᠷᠠᠭᠤᠨ ᠲᠦᠷᠦᠭ ᠦᠨ ᠬᠠᠭᠠᠨᠲᠤ ᠤᠯᠤᠰ᠂ ᠲᠥᠪᠡᠳ᠂ ᠰᠤᠢ ᠤᠯᠤᠰ

ᠲᠦᠷᠦᠭ ᠦᠨ ᠬᠠᠭᠠᠨᠲᠤ ᠤᠯᠤᠰ ᠨᠢ (552-745) 552 ᠣᠨ ᠳᠤ ᠲᠦᠷᠦᠭ ᠠᠶᠢᠮᠠᠭ ᠤᠳ ᠨᠢᠷᠤᠨ ᠤᠯᠤᠰ ᠍ ᠢ ᠪᠤᠲᠠ ᠴᠣᠬᠢᠭᠰᠠᠨ ᠤ ᠳᠠᠷᠠᠭ᠎ᠠ ᠠᠯᠲᠠᠢ ᠶᠢᠨ ᠲᠦᠷᠦᠭ ᠦᠨ ᠤᠳᠤᠷᠢᠳᠤᠭᠴᠢ ᠪᠤᠮᠤᠨᠢ ᠲᠡᠷᠢᠭᠦᠯᠡᠭᠰᠡᠨ ᠲᠦᠷᠦᠭ ᠦᠨ ᠬᠠᠭᠠᠨᠲᠤ ᠤᠯᠤᠰ ᠪᠠᠶᠢᠭᠤᠯᠤᠭᠳᠠᠭᠰᠠᠨ ᠨᠢ ᠤᠳᠠᠯ ᠦᠭᠡᠢ ᠪᠠᠷᠠᠭᠤᠨ ᠲᠦᠷᠦᠭ ᠦᠨ ᠬᠠᠭᠠᠨᠲᠤ ᠤᠯᠤᠰ᠂ ᠵᠡᠭᠦᠨ ᠲᠦᠷᠦᠭ ᠦᠨ ᠬᠠᠭᠠᠨᠲᠤ ᠤᠯᠤᠰ ᠭᠡᠵᠦ ᠬᠣᠶᠠᠷ ᠬᠤᠪᠢᠶᠠᠭᠳᠠᠵᠠᠢ᠃ ᠵᠡᠭᠦᠨ ᠲᠦᠷᠦᠭ ᠦᠨ ᠬᠠᠭᠠᠨᠲᠤ ᠤᠯᠤᠰ 745 ᠣᠨ ᠳᠤ ᠤᠶᠢᠭᠤᠷ ᠤᠯᠤᠰᠠᠳᠠ ᠴᠣᠬᠢᠭᠳᠠᠬᠤ ᠬᠦᠷᠲᠡᠯ᠎ᠡ ᠮᠣᠩᠭᠣᠯ ᠳᠤ ᠣᠷᠣᠰᠢᠨ ᠲᠣᠭᠲᠠᠨᠢᠵᠤ ᠪᠠᠶᠢᠪᠠ᠃

ᠲᠦᠷᠦᠭ ᠠᠶᠢᠮᠠᠭ ᠤᠨ ᠵᠣᠩᠬᠢᠯᠠᠭᠴᠢ ᠪᠤᠮᠤᠨ ᠨᠢᠷᠤᠨ ᠤᠯᠤᠰ ᠍ ᠤᠨ ᠬᠠᠷᠢᠶᠠᠨ ᠳᠤ ᠪᠠᠶᠢᠭᠰᠠᠨ ᠣᠯᠠᠨ ᠣᠪᠤᠭ ᠠᠶᠢᠮᠠᠭ ᠢ ᠨᠢᠭᠡᠳᠬᠡᠵᠦ᠂ ᠪᠡᠶ᠎ᠡ ᠪᠡᠨ "ᠡᠯ᠎ᠡ" ᠬᠠᠭᠠᠨ ᠬᠡᠮᠡᠨ ᠡᠷᠭᠦᠮᠵᠢᠯᠡᠵᠡᠢ᠃ Tᠦᠷᠡᠭ ᠠᠶᠢᠮᠠᠭ ᠤᠳ ᠨᠢ ᠡᠷᠲᠡ ᠴᠠᠭ ᠲᠤ ᠾᠦᠩᠨᠦ ᠭᠦᠷᠦᠨ ᠦ ᠪᠦᠷᠢᠯᠳᠦᠬᠦᠨ ᠳᠦ ᠪᠠᠭᠲᠠᠳᠠᠭ ᠪᠠᠶᠢᠴᠠᠢ᠃ ᠲᠦᠷᠦᠭ ᠤᠯᠤᠰ ᠨᠢ ᠵᠠᠭᠤ ᠭᠠᠷᠤᠢ ᠵᠢᠯ ᠣᠷᠣᠰᠢᠨ ᠲᠣᠭᠲᠠᠨᠢᠵᠤ ᠪᠠᠶᠢᠭᠠᠳ ᠲᠠᠨ ᠤᠯᠤᠰ ᠍ ᠤᠨ ᠡᠷᠬᠡᠰᠢᠶᠡᠯ ᠨᠥᠯᠦᠭᠡᠨ ᠳᠦ ᠣᠷᠣᠵᠤ᠂ 50 ᠭᠠᠷᠤᠢ ᠵᠢᠯ ᠪᠣᠯᠵᠠᠢ᠃ ᠵᠢᠷᠭᠤᠳᠤᠭᠠᠷ ᠵᠠᠭᠤᠨ ᠤ ᠰᠡᠭᠦᠯᠴᠢ ᠪᠡᠷ ᠲᠦᠷᠦᠭ ᠦᠨ ᠢᠵᠠᠭᠤᠷᠲᠠᠨ ᠨᠤᠭᠤᠳ ᠺᠦ᠋ᠲᠤᠯᠤᠭᠲᠣᠨᠢᠶᠤᠶᠢᠺᠦᠶᠢᠺ ᠨᠠᠷ ᠢᠶᠠᠷ ᠤᠳᠤᠷᠢᠳᠤᠭᠤᠯᠤᠭᠰᠠᠨ ᠲᠣᠮᠣ ᠪᠣᠰᠤᠯᠭ᠎ᠠ ᠭᠠᠷᠴᠤ᠂ ᠲᠦᠷᠦᠭ ᠦᠨ ᠬᠠᠨᠲᠠ ᠤᠯᠤᠰ ᠢ ᠰᠡᠷᠭᠦᠭᠡᠨ ᠪᠠᠶᠢᠭᠤᠯᠤᠭᠰᠠᠨ ᠪᠠᠶᠢᠨ᠎ᠠ᠃ ᠲᠡᠷᠡ ᠴᠠᠭ ᠠᠴᠠ ᠬᠣᠶᠢᠰᠢ ᠲᠦᠷᠦᠭ ᠦᠨ ᠬᠠᠨᠲᠠ ᠤᠯᠤᠰ ᠲᠤᠰᠠᠭᠠᠷ ᠲᠣᠭᠲᠠᠨᠢᠯ ᠢᠶᠠᠨ ᠬᠠᠮᠠᠭᠠᠯᠠᠵᠤ᠂ ᠬᠢᠲᠠᠳ ᠤᠨ ᠲᠠᠨ ᠤᠯᠤᠰ ᠲᠠᠢ ᠥᠷᠢᠰᠦᠯᠳᠦᠨ ᠲᠡᠮᠡᠴᠡᠭᠰᠡᠭᠡᠷ ᠪᠠᠶᠢᠴᠠᠢ᠃ ᠭᠡᠪᠡᠴᠦ 745 ᠣᠨ ᠳᠤ ᠲᠦᠷᠦᠭ ᠤᠯᠤᠰ ᠤᠨ ᠳᠣᠲᠣᠭᠠᠳᠤ ᠬᠢᠮᠤᠷᠠᠯ ᠭᠦᠨᠵᠡᠭᠡᠶᠢᠷᠡᠭᠰᠡᠨ ᠦᠶ᠎ᠡ ᠪᠡᠷ ᠤᠶᠢᠭᠤᠷ ᠠᠶᠢᠮᠠᠭ ᠤᠳ ᠪᠣᠰᠤᠯᠭ᠎ᠠ ᠭᠠᠷᠭᠠᠵᠤ᠂ ᠲᠦᠷᠦᠭ ᠤᠯᠤᠰ ᠢ ᠮᠥᠬᠥᠭᠡᠵᠡᠢ᠃

ᠪᠤᠷᠢᠶᠠᠳ ᠤᠨ ᠰᠤᠳᠤᠯᠤᠭᠠᠴᠢ ᠱᠠᠪᠠᠯᠠᠪᠠ ᠲᠤᠭᠤᠶᠢ᠂ ᠲᠦᠷᠦᠭ ᠦᠳ ᠮᠥᠨ ᠠᠰᠢᠨ᠎ᠠ ᠣᠪᠤᠭ ᠨᠢ ᠠᠩᠬᠠᠨ ᠳᠤ ᠪᠠᠨ ᠮᠣᠩᠭᠣᠯᠴᠤᠳ ᠪᠠᠶᠢᠭᠰᠠᠨ ᠭᠡᠵᠦ ᠥᠪᠡᠷ ᠦᠨ ᠰᠤᠳᠤᠯᠭᠠᠨ ᠳᠤ ᠳᠤᠷᠢᠳᠠᠭᠰᠠᠨ ᠪᠠᠶᠢᠳᠠᠭ᠃[1] ᠱᠠᠪᠠᠯᠠᠪᠠ "ᠠᠰᠢᠨ᠎ᠠ" ᠨᠢ "ᠴᠢᠨᠣ᠎ᠠ", "ᠲᠤᠭᠤᠶᠢ", "ᠲᠤᠷᠤᠭ ᠲᠤ" ᠪᠤᠶᠤ "ᠲᠦᠷᠦᠭ" ᠨᠢ "ᠲᠦᠷᠭᠡᠨ" ᠭᠡᠰᠡᠨ ᠤᠳᠬ᠎ᠠ ᠲᠠᠢ ᠮᠣᠩᠭᠣᠯ ᠦᠭᠡ ᠭᠡᠵᠦ ᠲᠠᠶᠢᠯᠪᠤᠷᠢᠯᠠᠵᠠᠢ᠃ ᠲᠤᠷᠤᠭ ᠲᠤ ᠭᠡᠰᠡᠨ ᠦᠭᠡᠨ ᠦ "ᠤᠲᠤ" ᠳᠠᠭᠠᠪᠤᠷᠢ ᠪᠣᠯ ᠮᠣᠩᠭᠣᠯ ᠬᠡᠯᠡᠨ ᠦ "ᠤᠳ" ᠭᠡᠰᠡᠨ ᠣᠯᠠᠨ ᠲᠣᠭᠠᠨ ᠤ ᠳᠠᠭᠠᠪᠤᠷᠢ ᠶᠤᠮ᠃ ᠲᠦᠷᠦᠭ ᠦᠨ ᠬᠠᠭᠠᠨᠲᠤ ᠤᠯᠤᠰ ᠤᠨ ᠡᠬᠢᠨ ᠦ ᠬᠠᠭᠠᠨ ᠨᠢ ᠪᠤᠮᠤᠨ ᠭᠡᠰᠡᠨ ᠮᠣᠩᠭᠣᠯ ᠨᠡᠷ᠎ᠡ ᠲᠡᠢ ᠪᠠᠶᠢᠪᠠ᠃ ᠪᠤᠮᠤᠨ ᠨᠢ ᠡᠨᠡ ᠨᠡᠷᠡᠨ ᠡᠴᠡ ᠭᠠᠳᠠᠨ᠎ᠠ ᠲᠦᠮᠡᠨ ᠭᠡᠰᠡᠨ ᠮᠣᠩᠭᠣᠯ ᠨᠡᠷ᠎ᠡ ᠪᠡᠷ ᠲᠡᠮᠳᠡᠭᠯᠡᠭᠳᠡᠵᠦ ᠦᠯᠡᠳᠡᠭᠰᠡᠨ ᠪᠠᠶᠢᠳᠠᠭ ᠤᠴᠢᠷ ᠨᠢ ᠲᠡᠷᠡ ᠨᠢᠷᠤᠨ ᠤ ᠨᠢᠭᠡᠨ ᠲᠦᠮᠡᠲᠦ ᠶᠢ ᠵᠠᠬᠢᠷᠴᠢ ᠪᠠᠶᠢᠴᠠᠢ᠃ ᠲᠦᠷᠦᠭ ᠬᠡᠯᠡᠨ ᠳᠦ 10 000 ᠍ ᠢ "ᠣᠮ ᠮᠢᠩ ᠢᠶᠠ" ᠭᠡᠵᠦ ᠬᠡᠯᠡᠳᠡᠭ᠃[1] ᠱᠠᠪᠠᠯᠠᠪᠠ ᠲᠦᠷᠦᠭ ᠦᠨ 2 ᠳᠠᠬᠢ ᠬᠠᠭᠠᠨ ᠨᠢ ᠢᠰᠰᠢᠭ ᠪᠤᠶᠤ "ᠡᠴᠢᠭᠡ" ᠭᠡᠰᠡᠨ ᠮᠣᠩᠭᠣᠯ ᠨᠡᠷ᠎ᠡ ᠲᠡᠢ᠂ ᠲᠡᠭᠦᠨ ᠦ ᠺᠣᠯᠣ ᠬᠠᠨ ᠭᠡᠰᠡᠨ ᠴᠣᠯᠣᠨ ᠦ "ᠺᠣᠯᠣ" ᠭᠡᠰᠡᠨ ᠦᠭᠡ ᠨᠢ "ᠬᠣᠯᠠ" ᠭᠡᠰᠡᠨ ᠮᠣᠩᠭᠣᠯ ᠦᠭᠡ ᠪᠠᠶᠢᠵᠤ ᠪᠣᠯᠬᠤ ᠶᠤᠮ ᠭᠡᠵᠦ ᠦᠵᠡᠵᠡᠢ᠃ ᠲᠦᠷᠦᠭ ᠦᠨ ᠬᠠᠭᠠᠨᠲᠤ ᠤᠯᠤᠰ ᠢ ᠦᠨᠳᠦᠰᠦᠯᠡᠭᠰᠡᠨ ᠮᠣᠩᠭᠣᠯᠴᠤᠳ 7 ᠍ ᠳᠦᠭᠡᠷ ᠵᠠᠭᠤᠨ ᠳᠤ ᠠᠭᠤᠰᠴᠢ ᠲᠦᠷᠦᠭ ᠭᠡᠰᠡᠨ ᠨᠡᠷ᠎ᠡ ᠨᠢ ᠥᠭᠡᠷ᠎ᠡ ᠤᠭᠰᠠᠭᠠᠲᠠᠨ ᠤ ᠪᠤᠶᠤ ᠣᠳᠣ ᠶᠢᠨ ᠲᠦᠷᠦᠭ ᠦᠳ ᠦᠨ ᠨᠡᠷᠡ ᠪᠣᠯᠤᠨ ᠬᠤᠪᠢᠷᠠᠭᠰᠠᠨ ᠪᠠᠶᠢᠵᠤ ᠪᠣᠯᠬᠤ ᠶᠤᠮ᠃[1]

ᠲᠦᠷᠦᠭ ᠦᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠬᠠᠭᠠᠨᠲᠤ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬ᠎ᠠ 500 ᠡᠷᠦᠬᠡ ᠡᠴᠡ ᠪᠦᠷᠢᠳᠦᠭᠰᠡᠨ ᠠᠰᠢᠨ᠎ᠠᠴᠤᠤ ᠳᠤ ᠡᠷᠲᠡ ᠦᠶ᠎ᠡ ᠶᠢᠨ ᠲᠦᠷᠦᠭ ᠦᠳ ᠦᠨ ᠭᠣᠣᠯ ᠴᠥᠮ᠎ᠡ ᠪᠠᠶᠢᠪᠠ᠃ ᠲᠦᠷᠦᠭ ᠦᠳ ᠨᠢ ᠨᠢᠷᠤᠨ ᠤᠯᠤᠰᠠᠳᠠ ᠭᠣᠣᠯᠳᠠᠭᠤ ᠳᠠᠷᠬᠠᠳ ᠤᠨ ᠡᠭᠦᠷᠭᠡ ᠭᠦᠢᠴᠡᠳᠭᠡᠵᠦ ᠪᠠᠶᠢᠴᠠᠢ᠃ ᠲᠦᠷᠦᠭ ᠦᠨ ᠠᠬᠠᠯᠠᠭᠴᠢ ᠪᠤᠮᠤᠨ ᠥᠪᠡᠷ ᠦᠨ ᠳᠡᠭᠡᠳᠦ ᠡᠵᠡᠨ ᠪᠣᠯᠬᠤ ᠬᠠᠭᠠᠨ ᠳᠤ ᠪᠣᠰᠤᠯᠭ᠎ᠠ ᠶᠢ ᠳᠠᠷᠤᠬᠤ ᠳᠤ ᠨᠢ ᠲᠤᠰᠠᠯᠠᠭᠰᠠᠨ ᠪᠣᠯᠪᠠᠴᠤ ᠨᠢᠷᠤᠨᠴᠤᠳ ᠲᠡᠭᠦᠨ ᠦ ᠲᠤᠰᠠ ᠶᠢ ᠠᠯᠪᠠᠲᠤ ᠶᠢᠨ ᠭᠦᠢᠴᠡᠳᠭᠡᠬᠦ ᠡᠭᠦᠷᠭᠡ ᠬᠡᠮᠡᠨ ᠦᠵᠡᠵᠦ ᠨᠢᠷᠤᠨᠴᠤᠳ ᠲᠣᠭᠣᠮᠵᠢᠷ ᠦᠭᠡᠢ ᠬᠠᠨᠳᠤᠭᠰᠠᠨ ᠪᠠᠶᠢᠨ᠎ᠠ᠃ ᠡᠶᠢᠨᠬᠦᠦ ᠪᠤᠮᠤᠨ ᠥᠬᠢᠨ ᠲᠠᠢ ᠨᠢ ᠭᠡᠷᠯᠡᠵᠦ ᠴᠢᠳᠠᠭ᠎ᠠ ᠦᠭᠡᠢ ᠶᠢᠨ ᠢᠶᠡᠨ ᠲᠥᠯᠥᠭᠡ᠂ ᠨᠢᠷᠤᠨ ᠤ ᠳᠠᠶᠢᠰᠤᠨ ᠨᠤᠭᠤᠳ ᠲᠠᠢ ᠬᠣᠯᠪᠣᠭ᠎ᠠ ᠲᠣᠭᠲᠠᠭᠠᠵᠤ 552 ᠣᠨ ᠳᠤ ᠲᠡᠳᠡᠨ ᠦ ᠳᠠᠷᠤᠯᠠᠯ ᠢ ᠠᠪᠴᠤ ᠬᠠᠶᠠᠵᠤ ᠴᠢᠳᠠᠵᠠᠢ᠃ ᠲᠦᠷᠦᠭ ᠦᠨ ᠬᠣᠯᠪᠣᠭᠠᠲᠠᠨ ᠨᠤᠭᠤᠳ ᠠᠴᠠ ᠬᠣᠶᠢᠳᠤ ᠬᠢᠲᠠᠳ ᠲᠤ ᠣᠷᠣᠰᠢᠵᠤ ᠪᠠᠶᠢᠭᠰᠠᠨ ᠲᠣᠪᠠ ᠸᠡᠢ ᠤᠯᠤᠰ ᠴᠢᠬᠤᠯᠠ ᠡᠭᠦᠷᠭᠡ ᠭᠦᠢᠴᠡᠳᠭᠡᠭᠰᠡᠨ᠃ ᠪᠤᠮᠤᠨ ᠬᠠᠭᠠᠨ ᠬᠣᠶᠢᠳᠤ ᠬᠢᠲᠠᠳ ᠲᠤ ᠲᠣᠭᠲᠠᠵᠤ ᠪᠠᠶᠢᠭᠰᠠᠨ ᠪᠠᠷᠠᠭᠤᠨ ᠸᠡᠢ ᠤᠯᠤᠰ ᠍ ᠤᠨ ᠸᠡᠩᠤᠳᠢ ᠬᠠᠭᠠᠨ ᠤ ᠭᠦᠨᠵᠡ ᠶᠢ ᠠᠪᠴᠤ ᠤᠷᠤᠭ ᠤᠨ ᠬᠣᠯᠪᠣᠭ᠎ᠠ ᠲᠣᠭᠲᠠᠭᠠᠨ ᠭᠠᠳᠠᠭᠠᠳᠤ ᠪᠠᠶᠢᠳᠠᠯ ᠢᠶᠠᠨ ᠪᠡᠬᠢᠵᠢᠭᠦᠯᠵᠦ ᠠᠪᠤᠭᠰᠠᠨ ᠨᠢ ᠨᠢᠷᠤᠨ ᠤᠯᠤᠰ ᠢ ᠡᠪᠳᠡᠯᠡᠨ ᠪᠤᠲᠠᠷᠭᠠᠬᠤ ᠲᠠᠯ᠎ᠠ ᠪᠠᠷ ᠸᠡᠢ ᠤᠯᠤᠰ ᠤᠨ ᠪᠠᠷᠢᠮᠲᠠᠯᠠᠵᠤ ᠢᠷᠡᠭᠰᠡᠨ ᠪᠣᠳᠣᠯᠭ᠎ᠠ ᠲᠠᠢ ᠶᠠᠪ ᠴᠠᠪ ᠨᠡᠶᠢᠴᠡᠨ᠂ ᠳᠠᠶᠢᠨ ᠳᠤ ᠠᠮᠵᠢᠯᠲᠠ ᠤᠯᠬᠤ ᠲᠠᠭᠠᠲᠠᠢ ᠨᠥᠬᠥᠴᠡᠯ ᠢ ᠪᠦᠷᠢᠳᠦᠭᠦᠯᠵᠡᠢ᠃ ᠢᠩᠭᠢᠭᠡᠳ 552 ᠣᠨ ᠳᠤ ᠪᠤᠮᠤᠨ᠂ ᠨᠢᠷᠤᠨ ᠤ ᠡᠰᠡᠷᠬᠦ ᠠᠶᠠᠨ ᠳᠠᠶᠢᠨ ᠳᠤ ᠮᠣᠷᠳᠠᠵᠤ ᠲᠡᠳᠡᠨ ᠦ ᠴᠡᠷᠢᠭ ᠦᠨ ᠬᠦᠴᠦ ᠶᠢ ᠬᠢᠶᠠᠷᠠᠲᠠᠯ᠎ᠠ ᠴᠤᠬᠢᠪᠠ᠃ ᠨᠢᠷᠤᠨ ᠤ ᠬᠠᠭᠠᠨ [ᠠᠨᠠᠬᠤ᠎ᠠ ᠶᠢᠨᠦ] ᠠᠮᠢᠶ᠎ᠠ ᠬᠣᠣᠷᠯᠠᠨ᠂ ᠲᠡᠭᠦᠨ ᠦ ᠬᠦᠦ ᠶᠠᠨᠢᠯᠴᠧᠨ᠂ ᠥᠪᠡᠷ ᠦᠨ ᠬᠣᠯᠪᠣᠭᠠᠲᠠᠨ ᠤᠮᠠᠷ᠎ᠠ ᠳᠤ ᠬᠢᠲᠠᠳ ᠤᠨ ᠴᠢ ᠤᠯᠤᠰᠠᠳᠠ ᠵᠢᠭᠤᠳᠠᠨ ᠭᠠᠷᠤᠭᠰᠠᠨ ᠢᠶᠠᠷ ᠲᠥᠪ ᠠᠽᠢᠶ᠎ᠠ ᠳᠠᠬᠢ ᠨᠢᠷᠤᠨ ᠤ ᠨᠣᠶᠠᠷᠬᠠᠯ ᠲᠡᠭᠦᠰᠴᠢ᠂ ᠲᠦᠷᠦᠭ ᠦᠳ᠂ ᠲᠡᠳᠡᠨ ᠦ ᠬᠠᠷᠢᠶᠠᠨ ᠳᠤ ᠪᠠᠶᠢᠭᠰᠠᠨ ᠣᠯᠠᠨ ᠣᠪᠤᠭ ᠠᠶᠢᠮᠠᠭ ᠢ ᠵᠠᠬᠢᠷᠭᠠᠨ ᠳᠤ ᠪᠠᠨ ᠠᠪᠴᠤ ᠶᠡᠬᠡ ᠤᠯᠤᠰ ᠪᠠᠶᠢᠭᠤᠯᠬᠤ ᠡᠬᠢᠯᠡᠯ ᠢ ᠲᠠᠯᠪᠢᠵᠠᠢ᠃ ᠪᠤᠮᠤᠨ᠂ ᠨᠢᠷᠤᠨ ᠤ ᠵᠣᠩᠬᠢᠯᠠᠭᠴᠢ ᠶᠢᠨ <<ᠬᠠᠭᠠᠨ >> ᠴᠣᠯᠠ ᠶᠢ ᠠᠪᠴᠤ ᠪᠡᠶ᠎ᠡ ᠪᠡᠨ <<ᠢᠯᠡ ᠬᠠᠭᠠᠨ>> ᠬᠡᠮᠡᠨ ᠡᠷᠭᠦᠮᠵᠢᠯᠡᠭᠰᠡᠨ ᠨᠢ᠂ ᠴᠢᠨᠠᠭᠰᠢᠳᠠ ᠲᠦᠷᠦᠭ ᠦᠨ ᠵᠣᠩᠬᠢᠯᠠᠭᠴᠢᠳ ᠬᠠᠭᠠᠨ ᠴᠣᠯᠠ ᠬᠡᠷᠡᠭᠯᠡᠬᠦ ᠶᠢᠨ ᠡᠬᠢᠯᠡᠯ ᠪᠣᠯᠵᠠᠢ᠃ ᠨᠢᠷᠤᠨ ᠤ ᠤᠯᠤᠰ ᠢ ᠢᠯᠠᠨ ᠳᠠᠷᠤᠵᠤ ᠡᠵᠡᠮᠰᠢᠯ ᠨᠤᠲᠤᠭ ᠢ ᠨᠢ ᠡᠷᠬᠡᠨ ᠳᠦ ᠪᠡᠨ ᠣᠷᠣᠭᠤᠯᠤᠭᠰᠠᠨ ᠠᠴᠠ ᠬᠣᠶᠢᠰᠢ ᠲᠤᠩ ᠴᠤ ᠤᠳᠠᠯ ᠦᠭᠡᠢ ᠠᠯᠲᠠᠢ ᠶᠢᠨ ᠲᠦᠷᠦᠭ ᠦᠳ ᠦᠨ ᠪᠠᠶᠢᠭᠤᠯᠤᠭᠰᠠᠨ ᠬᠠᠭᠠᠨᠲᠤ ᠤᠯᠤᠰ ᠤᠨ ᠲᠥᠪ ᠨᠢ ᠮᠣᠩᠭᠣᠯ ᠤᠨ ᠲᠥᠪ ᠨᠤᠲᠤᠭ ᠣᠷᠬᠣᠨ ᠭᠣᠣᠯ ᠍ ᠤᠨ ᠰᠠᠪᠠ ᠳᠤ ᠰᠢᠯᠵᠢᠭᠰᠡᠨ ᠪᠠᠶᠢᠨ᠎ᠠ᠃ ᠲᠥᠪ ᠠᠽᠢᠶ᠎ᠠ ᠳᠤ ᠮᠠᠨᠳᠤᠨ ᠬᠥᠭᠵᠢᠭᠰᠡᠨ ᠠᠯᠢᠪᠠ ᠤᠯᠤᠰ ᠪᠦᠬᠦᠨ ᠬᠠᠩᠭᠠᠢ ᠶᠢᠨ ᠨᠢᠷᠤᠭᠤ᠂ ᠣᠷᠬᠣᠨ ᠤ ᠰᠠᠪᠠ ᠭᠠᠵᠠᠷ ᠢᠶᠠᠷ ᠲᠥᠪᠯᠡᠨ ᠨᠤᠲᠤᠭᠯᠠᠬᠤ ᠶᠢ ᠡᠷᠡᠮᠡᠯᠵᠡᠳᠡᠭ ᠪᠠᠶᠢᠭᠰᠠᠨ ᠨᠢ ᠪᠠᠶᠢᠭᠠᠯ ᠭᠠᠵᠠᠷᠵᠦᠢ ᠶᠢᠨ ᠣᠨᠴᠠᠯᠢᠭ ᠬᠢᠭᠡᠳ ᠡᠷᠲᠡᠨ ᠦ ᠲᠡᠦᠬᠡᠨ ᠤᠯᠠᠮᠵᠢᠯᠠᠯ ᠲᠠᠢ ᠬᠣᠯᠪᠣᠭ᠎ᠠ ᠲᠠᠢ ᠲᠤᠯᠠ ᠠᠯᠲᠠᠢ ᠶᠢᠨ ᠲᠦᠷᠦᠭ ᠦᠳ ᠴᠤ ᠡᠨᠡᠬᠦ ᠵᠦᠢ ᠲᠣᠭᠲᠠᠯ ᠤᠨ ᠳᠠᠭᠠᠤ ᠠᠩᠬ᠎ᠠ ᠲᠣᠳᠣᠷᠠᠨ ᠭᠠᠷᠤᠭᠰᠠᠨ ᠭᠠᠵᠠᠷ ᠨᠤᠲᠤᠭ ᠠᠴᠠ ᠪᠠᠨ ᠶᠡᠬᠡᠬᠡᠨ ᠵᠡᠭᠦᠨᠰᠢᠯᠡᠵᠦ᠂ ᠨᠡᠭᠦᠳᠡᠯ ᠦᠨ ᠮᠠᠯ ᠠᠵᠤ ᠠᠬᠤᠢ ᠶᠢᠨ ᠵᠡᠷᠭᠡᠴᠡᠭᠡ ᠭᠠᠵᠠᠷ ᠲᠠᠷᠢᠶᠠᠯᠠᠩ᠂ ᠰᠠᠭᠤᠷᠢᠨ ᠠᠮᠢᠳᠤᠷᠠᠯ ᠡᠷᠬᠢᠯᠡᠬᠦ ᠲᠠᠭᠠᠲᠠᠢ ᠨᠥᠬᠥᠴᠡᠯ ᠪᠦᠷᠢᠳᠦᠭᠰᠡᠨ ᠲᠡᠷᠬᠡᠦ ᠨᠤᠲᠤᠭ ᠲᠤ ᠲᠥᠪᠯᠡᠷᠡᠨ ᠰᠠᠭᠤᠬᠤ ᠶᠢ ᠡᠷᠡᠮᠡᠯᠵᠡᠭᠢᠭ᠍ᠰᠡᠨ ᠪᠠᠶᠢᠨ᠎ᠠ᠃ ᠪᠤᠮᠤᠨ ᠥᠪᠡᠷ ᠦᠨ ᠠᠬ᠎ᠠ ᠢᠰᠲ᠋ᠧᠰᠢᠮ ᠳᠤ ᠥᠷᠥᠨᠡᠲᠦ ᠬᠡᠰᠡᠭ ᠦᠨ ᠭᠠᠵᠠᠷ ᠨᠤᠲᠤᠭ ᠠᠴᠠ ᠥᠭᠴᠦ ᠲᠦᠷᠦᠭ ᠦᠨ ᠡᠵᠡᠨᠲᠦ ᠭᠦᠷᠦᠨ ᠢ ᠪᠠᠶᠢᠭᠤᠯᠤᠭᠰᠠᠨ ᠠᠵᠤ᠃ ᠪᠤᠮᠤᠨ ᠬᠠᠭᠠᠨ 552 ᠣᠨ ᠤ ᠰᠡᠭᠦᠯᠡᠷ ᠲᠠᠭᠠᠯᠠᠯ ᠲᠡᠭᠦᠰᠴᠤ ᠲᠡᠭᠦᠨ ᠦ ᠬᠦᠦ ᠺᠣᠯᠣ᠂ ᠬᠠᠭᠠᠨ ᠰᠢᠷᠡᠭᠡ ᠶᠢ ᠢᠰᠢᠭᠢ ᠬᠠᠭᠠᠨ ᠴᠣᠯᠠᠲᠠᠢ ᠪᠠᠷ ᠵᠠᠯᠭᠠᠮᠵᠢᠯᠠᠭᠰᠠᠨ ᠪᠣᠯᠪᠠᠴᠤ ᠤᠳᠠᠯ ᠦᠭᠡᠢ ᠨᠠᠰᠤ ᠨᠥᠭᠴᠢᠵᠡᠢ᠃ ᠢᠩᠭᠢᠭᠡᠳ ᠺᠣᠯᠣ ᠬᠠᠭᠠᠨᠢ ᠳᠡᠭᠦᠦ ᠺᠢᠭᠢᠨᠢᠮᠤᠶᠢᠦᠢ ᠬᠠᠭᠠᠨ ᠴᠣᠯᠠ ᠲᠠᠢ ᠪᠠᠷ ᠬᠠᠭᠠᠨ ᠰᠢᠷᠡᠭᠡᠨ ᠳᠦ ᠵᠠᠯᠠᠷᠠᠵᠠᠢ᠃ ᠡᠨᠡ ᠬᠠᠭᠠᠨ ᠤ ᠦᠶ᠎ᠡ ᠳᠦ Tᠦᠷᠦᠭ ᠦᠳ ᠨᠡᠯᠢᠶᠡᠳ ᠠᠮᠵᠢᠯᠲᠠᠢ ᠳᠠᠶᠢᠲᠤᠵᠤ ᠭᠠᠳᠠᠭᠠᠳᠤ ᠪᠠᠶᠢᠳᠠᠯ ᠢᠶᠠᠨ ᠶᠡᠬᠡᠬᠡᠨ ᠪᠡᠬᠢᠵᠢᠭᠦᠯᠦᠭᠰᠡᠨ ᠪᠠᠶᠢᠨ᠎ᠠ᠃ ᠲᠤᠬᠠᠶᠢᠯᠠᠪᠠᠯ ᠬᠢᠲᠠᠳ ᠤᠨ ᠴᠡᠷᠢᠭ ᠲᠡᠢ ᠬᠦᠴᠦ ᠬᠠᠪᠰᠤᠷᠤᠨ ᠰᠢᠨᠪ ᠤᠨ ᠤᠭᠰᠠᠭᠠᠨ ᠤ ᠲᠣᠭᠣᠨ ᠲᠤᠭᠤᠬᠤᠨᠢ ᠨᠠᠷ ᠢ ᠪᠤᠲᠠ ᠴᠣᠬᠢᠭᠰᠠᠨ ᠠᠴᠠ ᠭᠠᠳᠠᠨ᠎ᠠ ᠤᠮᠠᠷ᠎ᠠ ᠵᠦᠭ ᠲᠤ ᠲᠠᠲᠠᠪᠢ᠂ ᠬᠢᠳᠠᠨ᠂ ᠭᠤᠴᠢᠨ ᠲᠠᠲ᠋ᠠᠷ ᠵᠡᠷᠭᠡ ᠮᠣᠩᠭᠣᠯ ᠤᠭᠰᠠᠭᠠᠨ ᠤ ᠠᠶᠢᠮᠠᠭ ᠤᠳ ᠢ ᠡᠵᠡᠯᠡᠨ ᠵᠠᠬᠢᠷᠴᠢ ᠬᠢᠯᠢ ᠬᠢᠵᠠᠭᠠᠷ ᠢᠶᠠᠨ ᠲᠡᠯᠡᠵᠡᠢ᠃ ᠲᠦᠷᠦᠭ ᠦᠳ ᠦᠨ ᠪᠠᠷᠠᠭᠤᠨ ᠵᠦᠭ ᠲᠤ ᠬᠢᠭᠰᠡᠨ ᠠᠶᠠᠨ ᠳᠠᠶᠢᠨ ᠢ ᠪᠤᠮᠤᠨ ᠬᠠᠭᠠᠨ ᠤ ᠳᠡᠭᠦᠦ ᠢᠰᠲ᠋ᠧᠮᠢ ᠲᠣᠯᠣᠭᠠᠶᠢᠯᠠᠵᠤ ᠪᠠᠷᠠᠭᠤᠨ ᠲᠡᠩᠭᠢᠰ ᠠᠷᠠᠯ ᠨᠠᠭᠤᠷ ᠍ ᠤᠨ ᠤᠮᠠᠷᠠᠳᠤ ᠪᠡᠶ᠎ᠡ ᠪᠡᠷ ᠨᠤᠲᠤᠭᠯᠠᠬᠤ ᠬᠢᠨᠢ ᠳᠤᠸᠠᠷᠣᠭᠣᠷ᠂ ᠵᠡᠷᠭᠡ ᠠᠶᠢᠮᠠᠭ ᠤᠳ ᠢ ᠡᠵᠡᠯᠡᠨ ᠢᠵᠢᠯ ᠮᠥᠷᠡᠨ ᠳᠦ ᠲᠤᠯᠵᠤ ᠣᠴᠢᠭᠰᠠᠨ ᠪᠠ ᠤᠷᠠᠯ ᠬᠠᠪ ᠤᠨ ᠲᠠᠯ᠎ᠠ ᠨᠤᠲᠤᠭ ᠢ ᠡᠷᠬᠡᠨ ᠳᠦ ᠪᠡᠨ ᠣᠷᠣᠭᠤᠯᠵᠠᠢ᠃ ᠲᠡᠷᠡᠪᠡᠷ <<ᠶᠠᠪᠧᠭᠤ>> ᠴᠣᠯᠠ ᠶᠢ ᠬᠦᠷᠲᠡᠵᠦ ᠬᠠᠭᠠᠨᠲᠤ ᠤᠯᠤᠰ ᠤᠨ ᠪᠠᠷᠠᠭᠤᠨ ᠬᠡᠰᠡᠭ ᠢ ᠵᠠᠬᠢᠷᠬᠤ ᠪᠣᠯᠤᠭᠰᠠᠨ ᠨᠢ ᠤᠯᠠᠮ ᠢᠶᠠᠷ ᠲᠦᠷᠦᠭ ᠤᠯᠤᠰ ᠪᠠᠷᠠᠭᠤᠨ᠂ ᠵᠡᠭᠦᠨ ᠬᠡᠮᠡᠨ ᠬᠣᠶᠠᠷ ᠬᠤᠪᠢᠶᠠᠭᠳᠠᠬᠤ ᠶᠢᠨ ᠡᠬᠢᠯᠡᠯ ᠪᠣᠯᠤᠭᠰᠠᠨ ᠶᠤᠮ᠃ ᠡᠨᠡ ᠪᠦᠬᠦ ᠪᠠᠶᠢᠯᠳᠤᠨ ᠳᠠᠭᠠᠭᠤᠯᠤᠯᠲᠠ ᠶᠢᠨ ᠦᠷ᠎ᠡ ᠳ᠋ᠦᠩ ᠳᠦ ᠲᠦᠷᠦᠭ ᠦᠨ ᠨᠤᠲᠤᠭ ᠳᠣᠷᠣᠨ᠎ᠠ ᠵᠦᠭ ᠺᠦ᠋ᠭᠦᠷᠶ ᠠᠴᠠ ᠪᠠᠷᠠᠭᠤᠨ ᠲᠡᠩᠭᠢᠰ ᠬᠦᠷᠲᠡᠯ᠎ᠡ 10000 ᠯᠢ᠂ ᠡᠯᠡᠰᠦᠨ ᠴᠥᠯ ᠡᠴᠡ ᠤᠮᠠᠷ᠎ᠠ ᠳᠤ ᠲᠡᠩᠭᠢᠰ ᠪᠠᠶᠢᠭᠠᠯ ᠨᠠᠭᠤᠷ ᠬᠦᠷᠲᠡᠯ᠎ᠡ 5000-6000 ᠯᠢ ᠬᠦᠷᠬᠦ ᠪᠣᠯᠵᠠᠢ᠃ ᠡᠶᠢᠨᠬᠦᠦ ᠪᠦᠬᠦ ᠠᠽᠢᠶ᠎ᠠ ᠶᠢᠨ ᠲᠠᠯ᠎ᠠ ᠨᠤᠲᠤᠭ ᠢ ᠬᠠᠮᠤᠷᠤᠭᠰᠠᠨ ᠬᠦᠴᠦᠷᠬᠡᠭ ᠶᠡᠬᠡ ᠤᠯᠤᠰ ᠪᠥᠷᠢᠯᠳᠦᠨ ᠪᠤᠢ ᠪᠣᠯᠤᠭᠰᠠᠨ ᠨᠢ ᠬᠢᠲᠠᠳ᠂ ᠸᠢᠽᠠᠨᠲ᠋ᠢ᠂ ᠢᠷᠡᠨ ᠵᠡᠷᠭᠡ ᠲᠡᠷᠡ ᠦᠶ᠎ᠡ ᠶᠢᠨ ᠲᠣᠮᠣᠬᠠᠨ ᠭᠦᠷᠦᠨ ᠨᠦᠭᠦᠳ ᠲᠡᠢ ᠥᠷᠢᠰᠥᠯᠳᠥᠬᠦ ᠬᠦᠴᠦᠨ ᠪᠣᠯᠵᠤ᠂ ᠲᠡᠳᠡᠨ ᠦ ᠤᠯᠤᠰ ᠲᠥᠷᠥ ᠶᠢᠨ ᠪᠣᠳᠣᠯᠭ᠎ᠠ ᠳᠤ ᠪᠡᠷᠬᠡᠰᠢᠶᠡᠯ ᠤᠴᠠᠷᠠᠭᠤᠯᠬᠤ ᠪᠣᠯᠪᠠ᠃ ᠲᠤᠬᠠᠢ ᠶᠢᠨ ᠦᠶ᠎ᠡ ᠳᠦ ᠬᠢᠲᠠᠳ ᠣᠷᠣᠨ ᠳᠤ ᠲᠣᠭᠲᠠᠵᠤ ᠪᠠᠶᠢᠭᠰᠠᠨ ᠪᠡᠢ ᠴᠢ᠂ ᠪᠡᠢ ᠵᠢᠤ ᠤᠯᠤᠰ ᠤᠨ ᠠᠯᠢ ᠠᠯᠢ ᠨᠢ ᠲᠦᠷᠦᠭ ᠦᠨ ᠴᠡᠷᠢᠭ ᠵᠡᠪᠰᠡᠭ ᠦᠨ ᠬᠦᠴᠦ ᠶᠢ ᠬᠠᠷᠠᠭᠠᠯᠵᠠᠨ ᠦᠵᠡᠬᠦ ᠡᠴᠡ ᠥᠭᠡᠷ᠎ᠡ ᠵᠠᠮ ᠦᠭᠡᠢ ᠪᠣᠯᠵᠤ᠂ ᠤᠷᠤᠭ ᠪᠠᠷᠢᠯᠳᠤᠨ ᠨᠠᠶᠢᠷᠰᠠᠭ ᠬᠠᠷᠢᠯᠴᠠᠭ᠎ᠠ ᠲᠣᠭᠲᠠᠭᠠᠬᠤ ᠶᠢ ᠡᠷᠡᠮᠡᠯᠵᠡᠵᠦ ᠪᠠᠶᠢᠯ᠎ᠠ᠃ ᠲᠤᠬᠠᠶᠢᠯᠠᠪᠠᠯ ᠵᠢᠤ ᠤᠯᠤᠰ ᠵᠢᠯ ᠪᠦᠷᠢ 100 000 ᠲᠣᠯᠣᠭᠠᠢ ᠲᠣᠷᠭ᠎ᠠ ᠪᠠᠷ ᠠᠯᠪᠠ ᠪᠠᠷᠢᠳᠠᠭ ᠪᠠᠶᠢᠴᠠᠢ᠃ 572 ᠣᠨ ᠳᠤ ᠺᠢᠭᠢᠨᠢ ᠬᠠᠭᠠᠨ ᠨᠠᠰᠤ ᠪᠠᠷᠵᠢ ᠲᠡᠭᠦᠨ ᠦ ᠳᠡᠭᠦᠦ ᠲᠣᠪᠣ᠂ ᠬᠠᠭᠠᠨ ᠣᠷᠣ ᠶᠢ ᠵᠠᠯᠭᠠᠨ ᠠᠪᠴᠠᠢ᠃ ᠡᠨᠡ ᠦᠶ᠎ᠡ ᠳᠦ ᠲᠦᠷᠦᠭ ᠦᠳ᠂ ᠴᠡᠷᠢᠭ ᠵᠡᠪᠰᠡᠭ ᠦᠨ ᠬᠦᠴᠦᠩᠳᠡ ᠲᠤᠯᠭᠠᠭᠤᠷᠢᠯᠠᠨ ᠴᠢ᠂ ᠵᠢᠤ ᠤᠯᠤᠰ ᠤᠨ ᠠᠯᠢ ᠠᠯᠢᠨ ᠲᠠᠢ ᠨᠢ ᠬᠣᠯᠪᠣᠭ᠎ᠠ ᠲᠣᠭᠲᠠᠭᠠᠨ ᠵᠢᠯ ᠪᠦᠷᠢ ᠠᠯᠪᠠ ᠲᠠᠲᠠᠪᠤᠷᠢ ᠠᠪᠳᠠᠭ ᠪᠠᠶᠢᠪᠠ᠃ ᠤᠳᠠᠭ᠎ᠠ ᠳᠠᠷᠠᠭ᠎ᠠ ᠶᠢᠨ ᠪᠠᠶᠢᠯᠳᠤᠨ ᠳᠠᠭᠠᠭᠤᠯᠤᠯᠲᠠ᠂ ᠬᠢᠲᠠᠳ ᠠᠴᠠ ᠠᠪᠬᠤ ᠠᠯᠪᠠ ᠲᠠᠲᠠᠪᠤᠷᠢ ᠶᠢᠨ ᠬᠦᠴᠦᠨ ᠳᠦ ᠲᠦᠷᠦᠭ ᠤᠯᠤᠰ ᠶᠡᠬᠡᠳᠡ ᠬᠦᠴᠦᠵᠢᠵᠦ ᠪᠡᠬᠢᠵᠢᠭᠰᠡᠨ ᠪᠣᠯᠪᠠᠴᠤ ᠹᠧᠣᠳᠠᠯᠵᠢᠵᠤ ᠪᠤᠢ ᠢᠵᠠᠭᠤᠷᠲᠠᠨ ᠪᠡᠭ ᠦᠳ ᠦᠨ ᠪᠡᠶ᠎ᠡ ᠳᠠᠩ ᠤᠷᠤᠰᠢᠬᠤ ᠡᠷᠡᠮᠡᠯᠵᠡᠯ ᠬᠦᠴᠦᠲᠡᠢ ᠪᠣᠯᠵᠤ ᠤᠯᠤᠰ ᠭᠦᠷᠦᠨ ᠳᠣᠲᠣᠷ᠎ᠠ ᠠᠴᠠ ᠪᠠᠨ ᠵᠠᠳᠠᠷᠠᠨ ᠪᠤᠲᠠᠷᠠᠬᠤ ᠠᠶᠤᠯ ᠲᠤᠯᠭᠠᠷᠴᠢ᠂ ᠬᠠᠷᠢᠨ ᠬᠢᠲᠠᠳ ᠣᠷᠣᠨ ᠰᠦᠢ ᠤᠯᠤᠰ ᠍ ᠤᠨ ᠵᠠᠬᠢᠷᠭᠠᠨ ᠳᠤ ᠳᠠᠬᠢᠨ ᠨᠢᠭᠡᠳᠴᠡᠢ᠃

ᠲᠦᠷᠦᠭ ᠦᠨ ᠬᠠᠭᠠᠨᠲᠤ ᠤᠯᠤᠰ ᠤᠨ ᠮᠥᠬᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠷᠢᠨ ᠱᠢᠪᠢ ᠬᠠᠭᠠᠨ ᠤ ᠦᠶ᠎ᠡ ᠳᠦ (609-619) ᠳᠣᠷᠣᠨᠠᠲᠤ ᠲᠦᠷᠦᠭ ᠦᠨ ᠬᠠᠭᠠᠨᠲᠤ ᠤᠯᠤᠰ᠂ ᠰᠦᠢ ᠤᠯᠤᠰ ᠍ ᠤᠨ ᠳᠣᠲᠣᠭᠠᠳᠤᠳ ᠭᠠᠷᠤᠭᠰᠠᠨ ᠬᠢᠮᠤᠷᠠᠯ ᠢ ᠠᠰᠢᠭᠯᠠᠨ ᠲᠦᠷᠢ ᠵᠠᠭᠤᠷ᠎ᠠ ᠰᠡᠷᠭᠦᠵᠦ ᠳᠠᠶᠢᠨ ᠪᠠᠶᠢᠯᠳᠤᠭᠠᠨ ᠤ ᠠᠵᠢᠯᠯᠠᠭ᠎ᠠ ᠥᠷᠨᠢᠭᠦᠯᠬᠦ ᠪᠣᠯᠵᠠᠢ᠃ ᠲᠡᠷᠡ ᠦᠶ᠎ᠡ ᠶᠢᠨ ᠲᠤᠬᠠᠢ ᠨᠠᠩᠭᠢᠶᠠᠳ ᠰᠤᠷᠪᠤᠯᠵᠢ ᠳᠤ᠂ ``ᠴᠡᠷᠢᠭ ᠦᠨ ᠬᠢ ᠨᠢ ᠲᠣᠭ᠎ᠠ ᠰᠠᠶ᠋ᠢ ᠬᠦᠷᠴᠦ ᠪᠠᠶᠢᠭᠰᠠᠨ ᠪᠠ ᠤᠮᠠᠷ᠎ᠠ ᠵᠦᠭ ᠦᠨ ᠨᠡᠭᠦᠳᠡᠯᠴᠢᠳ ᠬᠡᠵᠢᠶ᠎ᠡ ᠴᠤ ᠡᠶᠢᠮᠦ ᠬᠦᠴᠦᠷᠬᠡᠭ ᠪᠠᠶᠢᠭᠰᠠᠨ ᠦᠭᠡᠢ`` ᠭᠡᠵᠦ ᠲᠡᠮᠳᠡᠭᠯᠡᠭᠰᠡᠨ ᠨᠢ ᠪᠤᠢ᠃ ᠡᠨᠡ ᠨᠢ ᠮᠠᠰᠢ ᠶᠡᠬᠡ ᠬᠡᠲᠦᠷᠡᠭᠦᠯᠦᠭᠰᠡᠨ ᠲᠣᠭ᠎ᠠ ᠪᠥᠭᠡᠳ ᠲᠦᠷᠦᠭ ᠦᠨ ᠪᠠᠶᠢᠯᠳᠤᠭᠠᠨ ᠤ ᠠᠮᠵᠢᠯᠲᠠ ᠨᠢ ᠴᠡᠷᠢᠭ ᠦᠨ ᠲᠣᠭᠠᠨ ᠤ ᠣᠯᠣᠩ ᠳᠤ ᠪᠢᠰᠢ᠂ ᠰᠦᠢ ᠤᠯᠤᠰ ᠲᠤ ᠪᠤᠳᠤᠯᠢᠶᠠᠨ ᠬᠢᠮᠤᠷᠠᠯ ᠡᠭᠦᠰᠴᠢ ᠳᠣᠲᠣᠭᠠᠳᠤ ᠪᠠᠶᠢᠳᠠᠯ ᠨᠢ ᠳᠣᠷᠣᠶᠢᠲᠠᠭᠰᠠᠨ ᠲᠠᠢ ᠬᠣᠯᠪᠣᠭ᠎ᠠ ᠲᠠᠢ ᠶᠤᠮ᠃ ᠬᠢᠶᠡᠯ ᠬᠠᠭᠠᠨ ᠤ ᠦᠶ᠎ᠡ ᠳᠦ (620-630) ᠲᠦᠷᠦᠭ ᠦᠳ ᠴᠡᠷᠢᠭᠯᠡᠨ ᠬᠢᠲᠠᠳ ᠯᠤᠭ᠎ᠠ ᠣᠯᠠᠨ ᠤᠳᠠᠭ᠎ᠠ ᠪᠠᠶᠢᠯᠳᠤᠭᠰᠠᠨ ᠪᠢᠯᠡ᠃ ᠡᠨᠡ ᠬᠤᠭᠤᠴᠠᠭᠠᠨ ᠳᠤ ᠲᠦᠷᠦᠭ ᠦᠨ ᠬᠠᠭᠠᠳ᠂ ᠬᠢᠲᠠᠳ ᠤᠨ ᠳᠣᠲᠣᠭᠠᠳᠤ ᠲᠡᠮᠡᠴᠡᠯ ᠳᠦ ᠢᠳᠡᠪᠬᠢᠲᠡᠢ ᠣᠷᠣᠯᠴᠠᠵᠤ ᠰᠦᠢ ᠤᠯᠤᠰ ᠮᠥᠬᠥᠵᠦ ᠲᠠᠨ ᠤᠯᠤᠰ 618-907 ᠮᠠᠨᠳᠤᠬᠤ ᠳᠤ ᠪᠠᠭ᠎ᠠ ᠦᠭᠡᠢ ᠡᠭᠦᠷᠭᠡ ᠭᠦᠢᠴᠡᠳᠭᠡᠵᠡᠢ᠃ ᠲᠠᠨ ᠤᠯᠤᠰ ᠳᠥᠩᠭᠡᠵᠢ ᠡᠭᠦᠰᠴᠢ ᠲᠣᠭᠲᠠᠭᠰᠠᠨ ᠤ ᠪᠠᠨ ᠳᠠᠷᠠᠭ᠎ᠠ ᠬᠠᠷᠠᠬᠠᠨ ᠪᠡᠬᠢᠵᠢᠵᠦ ᠠᠮᠵᠢᠭ᠎ᠠ ᠦᠭᠡᠢ ᠪᠠᠶᠢᠭᠰᠠᠨ ᠲᠤᠯᠠ ᠲᠦᠷᠦᠭ ᠦᠨ ᠳᠣᠪᠲᠣᠯᠭᠠᠨ ᠤ ᠡᠰᠡᠷᠬᠦ ᠰᠢᠢᠳᠪᠦᠷᠢᠲᠡᠢ ᠠᠷᠭ᠎ᠠ ᠬᠡᠮᠵᠢᠶ᠎ᠡ ᠠᠪᠴᠤ ᠴᠢᠳᠠᠬᠤ ᠦᠭᠡᠢ ᠪᠠᠶᠢᠭᠰᠠᠨ ᠲᠤᠯᠠ ᠪᠡᠯᠡᠭ ᠰᠡᠯᠲᠡ ᠪᠡᠷ ᠠᠷᠭᠠᠴᠠᠭᠠᠨ ᠲᠣᠭᠲᠠᠨᠢᠵᠤ ᠪᠠᠶᠢᠪᠠ᠃ ᠭᠡᠪᠡᠴᠦ ᠲᠠᠨ ᠤᠯᠤᠰ ᠤᠳᠠᠯ ᠦᠭᠡᠢ ᠳᠣᠲᠣᠭᠠᠳᠤ ᠪᠠᠶᠢᠳᠠᠯ ᠨᠢ ᠪᠡᠬᠢᠵᠢᠵᠦ ᠬᠦᠴᠦ ᠶᠢ ᠣᠯᠤᠮᠠᠭᠴᠠ ᠲᠦᠷᠦᠭ ᠦᠨ ᠡᠰᠡᠷᠬᠦ ᠬᠠᠨᠳᠤᠵᠤ ᠡᠵᠡᠯᠡᠨ ᠲᠦᠷᠢᠮᠡᠭᠡᠶᠢᠯᠡᠬᠦ ᠪᠣᠳᠣᠯᠭ᠎ᠠ ᠶᠢ ᠰᠢᠷᠭᠤ ᠶᠠᠪᠤᠭᠤᠯᠵᠤ ᠡᠬᠢᠯᠡᠪᠡ᠃ ᠲᠠᠨ ᠤᠯᠤᠰ ᠢ ᠡᠭᠦᠰᠬᠡᠨ ᠪᠠᠶᠢᠭᠤᠯᠤᠭᠴᠢ ᠯᠢ ᠱᠢ ᠮᠢᠨᠢ ᠬᠢᠲᠠᠳ ᠴᠡᠷᠢᠭ ᠲᠦ ᠰᠢᠨᠡᠳᠬᠡᠯ ᠬᠢᠵᠦ ᠪᠠᠶᠢᠯᠳᠤᠭᠠᠨ ᠤ ᠬᠦᠴᠦ ᠴᠢᠳᠠᠯ᠂ ᠵᠣᠬᠢᠶᠠᠨ ᠪᠠᠶᠢᠭᠤᠯᠤᠯᠲᠠ ᠶᠢ ᠶᠡᠬᠡᠳᠡ ᠰᠠᠶᠢᠵᠢᠷᠠᠭᠤᠯᠤᠭᠰᠠᠨ ᠪᠠᠶᠢᠨ᠎ᠠ᠃ 626 ᠣᠨ ᠳᠤ ᠯᠢ ᠱᠢ ᠮᠢᠨᠢ ᠲᠠᠶᠢᠽᠤᠨ ᠴᠣᠯᠠ ᠲᠠᠢ ᠪᠠᠷ ᠲᠠᠨ ᠤᠯᠤᠰ ᠤᠨ ᠬᠠᠭᠠᠨ ᠰᠠᠭᠤᠷᠢᠨ ᠳᠤ ᠰᠠᠭᠤᠵᠤ᠂ ``ᠭᠠᠳᠠᠭᠠᠳᠤ ᠶᠢᠨ ᠳᠠᠶᠢᠨ ᠪᠠᠶᠢᠯᠳᠤᠭᠠᠨ ᠢᠶᠠᠷ ᠳᠣᠲᠣᠭᠠᠳᠤ ᠶᠢᠨ ᠠᠮᠤᠭᠤᠯᠠᠩ ᠲᠠᠶᠢᠪᠤᠩ ᠪᠠᠶᠢᠳᠠᠯ ᠢ ᠬᠠᠩᠭᠠᠬᠤ ``ᠪᠣᠳᠣᠯᠭ᠎ᠠ ᠶᠠᠪᠤᠭᠤᠯᠵᠤ ᠡᠬᠢᠯᠡᠵᠡᠢ 2. ᠲᠠᠨ ᠤᠯᠤᠰ᠂ ᠲᠦᠷᠦᠭ ᠦᠨ ᠳᠣᠲᠣᠭᠠᠳᠤ ᠲᠡᠮᠡᠴᠡᠯ ᠰᠠᠮᠠᠭᠤᠨ ᠢ ᠠᠰᠢᠭᠯᠠᠵᠤ᠂ ᠢᠯᠠᠩᠭᠤᠶ᠎ᠠ ᠲᠦᠷᠦᠭ ᠦᠨ ᠬᠠᠭᠠᠳ ᠤᠨ ᠬᠦᠴᠦ ᠪᠡᠷ ᠨᠢᠭᠡᠳᠬᠡᠨ ᠵᠠᠬᠢᠷᠬᠤ ᠪᠣᠳᠣᠯᠭ᠎ᠠ ᠳᠤ ᠳᠤᠷᠠᠭᠦᠶᠢᠴᠡᠭᠰᠡᠨ ᠣᠯᠠᠨ ᠠᠶᠢᠮᠠᠭ ᠤᠨ ᠵᠣᠩᠬᠢᠯᠠᠭᠴᠢ ᠶᠢ ᠥᠭᠡᠭᠰᠢᠭᠦᠯᠦᠨ ᠪᠡᠶᠡᠳᠡᠭᠡ ᠲᠠᠲᠠᠵᠤ᠂ ᠨᠢᠭᠡᠳᠦᠮᠡᠯ ᠤᠯᠤᠰ ᠤᠨ ᠬᠦᠴᠦᠨ ᠴᠢᠳᠠᠯ ᠢ ᠳᠣᠲᠣᠷ᠎ᠠ ᠠᠴᠠ ᠨᠢ ᠰᠠᠷᠨᠢᠭᠤᠯᠬᠤ ᠳᠤ ᠭᠣᠣᠯᠯᠠᠨ ᠠᠩᠬᠠᠷᠪᠠ᠃ ᠲᠦᠷᠦᠭ ᠦᠨ ᠬᠠᠷᠢᠶᠠᠨ ᠳᠤ ᠪᠠᠶᠢᠭᠰᠠᠨ ᠣᠯᠠᠨ ᠠᠶᠢᠮᠠᠭ ᠪᠣᠰᠤᠯᠭ᠎ᠠ ᠭᠠᠷᠭᠠᠨ ᠬᠠᠷᠢᠶᠠᠯᠠᠯ ᠠᠴᠠ ᠭᠠᠷᠴᠤ ᠬᠢᠲᠠᠳ ᠲᠤ ᠳᠠᠭᠠᠷ᠎ᠠ ᠤᠷᠤᠬᠤ ᠪᠣᠯᠤᠯ᠎ᠠ᠃ ᠳᠣᠲᠣᠷ᠎ᠠ ᠠᠴᠠ ᠪᠠᠨ ᠲᠠᠷᠠᠵᠤ ᠪᠤᠲᠠᠷᠠᠨ , ᠭᠠᠳᠠᠨ᠎ᠠ ᠶᠢᠨ ᠬᠦᠴᠦᠨ ᠳᠦ ᠡᠰᠡᠷᠭᠦᠴᠡᠯ ᠦᠵᠡᠭᠦᠯᠬᠦ ᠴᠢᠳᠠᠯ ᠦᠭᠡᠢ ᠪᠣᠯᠤᠭᠰᠠᠨ ᠲᠦᠷᠦᠭ ᠦᠨ ᠦᠯᠡᠳᠡᠭᠳᠡᠯ ᠬᠦᠴᠦ ᠶᠢ ᠲᠠᠶᠢᠽᠤᠨ ᠬᠠᠭᠠᠨ 630 ᠣᠨ ᠳᠤ ᠴᠡᠷᠢᠭ ᠬᠥᠳᠡᠯᠭᠡᠨ ᠪᠤᠲᠠ ᠴᠣᠬᠢᠵᠤ ᠬᠢᠶᠡᠯ ᠬᠠᠭᠠᠨ ᠢ᠂ ᠦᠯᠡᠳᠡᠭᠰᠡᠨ ᠬᠦᠮᠦᠨ ᠠᠷᠠᠳ᠂ ᠮᠠᠯ ᠰᠦᠷᠦᠭ ᠦᠨ ᠬᠢ ᠨᠢ ᠬᠠᠮᠲᠤ ᠣᠯᠵᠠᠯᠠᠨ ᠠᠪᠴᠤ ᠶᠡᠬᠡ ᠭᠣᠪᠢ ᠬᠦᠷᠲᠡᠯᠡᠬᠢ ᠨᠤᠲᠤᠭ ᠢ ᠪᠦᠷᠢᠨ ᠡᠷᠬᠡᠰᠢᠶᠡᠯ ᠳᠦ ᠪᠡᠨ ᠣᠷᠣᠭᠤᠯᠵᠠᠢ᠃ ᠡᠶᠢᠨᠬᠦᠦ ᠲᠤᠰᠠᠭᠠᠷ ᠤᠯᠤᠰ ᠭᠦᠷᠦᠨ ᠪᠠᠶᠢᠭᠤᠯᠵᠤ ᠣᠷᠣᠰᠢᠨ ᠲᠣᠭᠲᠠᠨᠢᠭᠰᠠᠭᠠᠷ ᠢᠷᠡᠭᠰᠡᠨ ᠲᠦᠷᠦᠭ ᠦᠨ ᠠᠷᠠᠳ ᠲᠦᠮᠡᠨ ᠢ ᠡᠷᠬᠡᠨ ᠳᠦ ᠪᠡᠨ ᠤᠷᠤᠭᠤᠯᠬᠤ ᠭᠡᠰᠡᠨ ᠨᠠᠩᠭᠢᠶᠠᠳ ᠬᠠᠭᠠᠳ ᠤᠨ ᠡᠵᠡᠯᠡᠨ ᠲᠦᠷᠢᠮᠡᠭᠡᠶᠢᠯᠡᠬᠦ ᠪᠣᠳᠣᠯᠭ᠎ᠠ ᠶᠢ ᠲᠠᠨ ᠤᠯᠤᠰ ᠭᠦᠢᠴᠡᠯᠳᠦᠭᠦᠯᠵᠦ ᠲᠦᠷᠦᠭ ᠦᠨ ᠠᠷᠠᠳ ᠲᠦᠮᠡᠨ 50 ᠣᠷᠴᠢᠮ ᠵᠢᠯ ᠬᠢᠲᠠᠳ ᠤᠨ ᠡᠷᠬᠡᠰᠢᠶᠡᠯ ᠳᠦ ᠣᠷᠣᠭᠰᠠᠨ ᠪᠠᠶᠢᠨ᠎ᠠ᠃ ᠭᠣᠪᠢ ᠠᠴᠠ ᠬᠣᠶᠢᠰᠢ ᠪᠠᠶᠢᠭᠠᠯ ᠨᠠᠭᠤᠷ᠂ ᠠᠯᠲᠠᠢ᠂ ᠬᠢᠩᠭᠠᠨ ᠤ ᠬᠣᠭᠣᠷᠣᠨᠳᠣᠬᠢ ᠨᠤᠲᠤᠭ ᠰᠧᠢᠨᠢᠲᠠ ᠠᠶᠢᠮᠠᠭ ᠤᠨ ᠬᠢᠨ ᠤ ᠮᠡᠳᠡᠯ ᠳᠦ ᠣᠷᠣᠵᠤ ᠣᠯᠠᠨ ᠲᠣᠭᠠᠨ ᠤ ᠲᠦᠷᠦᠭ ᠨᠠᠷ Cᠶᠡᠢᠨᠢᠲᠠᠭ ᠳᠠᠭᠠᠵᠠᠢ᠃ ᠲᠠᠨ ᠤᠯᠤᠰ ᠤᠨ ᠵᠠᠬᠢᠷᠤᠭᠴᠢ ᠳᠤ᠂ ᠲᠦᠷᠦᠭ ᠦᠨ ᠴᠡᠷᠢᠭ ᠢ ᠠᠯᠤᠰ ᠬᠣᠯᠠ ᠶᠢᠨ ᠠᠶᠠᠨ ᠳᠠᠶᠢᠨ ᠳᠤ ᠨᠡᠮᠡᠯᠲᠡ ᠬᠦᠴᠦ ᠪᠣᠯᠭᠠᠨ ᠠᠰᠢᠭᠯᠠᠬᠤ᠂ ᠲᠠᠶᠢᠪᠤᠩ ᠴᠠᠭ ᠲᠤ᠂ ᠬᠢᠯᠢ ᠬᠢᠵᠠᠭᠠᠷ ᠢ ᠰᠠᠬᠢᠩ ᠬᠠᠮᠠᠭᠠᠯᠠᠬᠤ ᠠᠯᠪᠠ ᠭᠦᠢᠴᠡᠳᠬᠡᠭᠦᠯᠬᠦ ᠪᠣᠯᠪᠠ᠃ ᠲᠦᠷᠦᠭ ᠦᠨ ᠠᠷᠠᠳ ᠲᠦᠮᠡᠨ ᠲᠠᠨ ᠤᠯᠤᠰ ᠤᠨ ᠨᠣᠶᠠᠷᠬᠠᠯ ᠢ ᠬᠦᠯᠢᠴᠡᠨ ᠲᠡᠰᠪᠦᠷᠢᠯᠡᠬᠦ ᠦᠭᠡᠢ ᠲᠤᠰᠠᠭᠠᠷ ᠲᠣᠭᠲᠠᠨᠢᠯ ᠢ ᠮᠥᠷᠥᠭᠡᠳᠦᠨ ᠠᠶᠠᠲᠠᠢ ᠴᠠᠭ ᠢ ᠬᠦᠯᠢᠶᠡᠰᠦ ᠪᠡᠷ ᠪᠠᠶᠢᠭᠰᠠᠨ ᠨᠢ ᠣᠷᠬᠣᠨ ᠤ ᠬᠥᠰᠢᠭᠡᠨ ᠦ ᠪᠢᠴᠢᠭᠡᠰᠦ ᠳᠦ ᠲᠣᠳᠣ ᠲᠤᠰᠬᠠᠭᠳᠠᠵᠠᠢ᠃ ``ᠬᠠᠮᠤᠭ ᠲᠦᠷᠦᠭ ᠦᠨ ᠬᠠᠷᠠᠴᠤ ᠢᠷᠭᠡᠨ ᠦᠭᠦᠯᠡᠷᠦᠨ : ᠡᠯ᠎ᠡ ᠤᠯᠤᠰ ᠪᠥᠯᠦᠭᠡ ᠪᠢ᠃ ᠡᠯ᠎ᠡ ᠤᠯᠤᠰ ᠮᠠᠨᠢ ᠬᠠᠮᠢᠭ᠎ᠠ ᠪᠠᠶᠢᠨ᠎ᠠ᠃ ᠬᠡᠨ ᠳᠣᠣᠷ᠎ᠠ ᠤᠯᠤᠰ ᠤᠳ ᠢ ᠳᠠᠭᠠᠭᠤᠯᠤᠨᠠᠮ ᠪᠢᠯᠡ ᠪᠢ᠃ ᠬᠠᠭᠠᠨ ᠲᠠᠢ ᠤᠯᠤᠰ ᠪᠢᠯᠡ ᠪᠢ᠃ ᠬᠠᠭᠠᠨ ᠮᠠᠨᠢ ᠬᠠᠮᠢᠭ᠎ᠠ ᠪᠤᠢ? ᠶᠠᠮᠠᠷ ᠬᠠᠭᠠᠨ ᠳᠤ ᠰᠡᠳᠬᠢᠯ ᠬᠦᠴᠦ ᠪᠡᠨ ᠥᠭᠭᠦᠨᠡᠮ ᠪᠢᠯᠡ ᠪᠢ᠃ ᠲᠡᠶᠢᠨ ᠬᠡᠮᠡᠭᠡᠳ ᠨᠠᠩᠭᠢᠶᠠᠳ ᠬᠠᠭᠠᠨ ᠳᠣᠣᠷ᠎ᠠ ᠳᠠᠶᠢᠰᠤᠨ ᠪᠣᠯᠵᠤ ᠬᠠᠭᠤᠴᠢᠨ ᠨᠤᠲᠤᠭ ᠲᠤ ᠪᠠᠨ ᠬᠦᠴᠦ ᠶᠢ ᠲᠡᠵᠢᠭᠡᠰᠦᠭᠡᠢ ᠬᠡᠮᠡᠨ ᠨᠡᠭᠦᠵᠦ ᠡᠴᠢᠪᠡᠢ``. ᠲᠦᠷᠦᠭ ᠦᠳ ᠬᠠᠷᠢ ᠶᠢᠨ ᠳᠠᠷᠤᠯᠠᠯ ᠢᠲᠡᠪᠴᠢᠨ ᠰᠠᠭᠤᠵᠤ ᠦᠯᠦ ᠴᠢᠳᠠᠨ ᠪᠣᠰᠤᠯᠭ᠎ᠠ ᠬᠥᠳᠡᠯᠭᠡᠭᠡᠨ ᠭᠠᠷᠭᠠᠵᠤ ᠲᠡᠮᠡᠴᠡᠭᠰᠡᠭᠡᠷ ᠪᠠᠶᠢᠭᠰᠠᠨ ᠤ ᠲᠣᠳᠣᠷᠬᠠᠢ ᠵᠢᠱᠢᠶ᠎ᠡ ᠨᠢ 679 ᠣᠨ ᠳᠤ ᠭᠠᠷᠴᠤ ᠬᠣᠶᠠᠷ ᠵᠢᠯ ᠦᠷᠭᠦᠯᠵᠢᠯᠡᠭᠰᠡᠨ ᠹᠦᠨᠠᠨ ᠲᠡᠷᠢᠭᠦᠲᠡᠢ ᠲᠣᠮᠣᠬᠠᠨ ᠪᠣᠰᠤᠯᠭ᠎ᠠ ᠶᠤᠮ᠃ ᠬᠢᠲᠠᠳ ᠤᠨ ᠵᠠᠰᠠᠭ ᠤᠨ ᠭᠠᠵᠠᠷ ᠶᠡᠬᠡᠬᠡᠨ ᠴᠡᠷᠢᠭ ᠵᠡᠪᠰᠡᠭ ᠦᠨ ᠬᠦᠴᠦ ᠪᠡᠷ 680 ᠣᠨ ᠳᠤ ᠤᠭ ᠪᠣᠰᠤᠯᠭ᠎ᠠ ᠶᠢ ᠳᠠᠷᠤᠭᠰᠠᠨ ᠪᠠᠶᠢᠨ᠎ᠠ᠃

ᠲᠦᠷᠦᠭ ᠦᠨ ᠬᠣᠵᠢᠭᠤ ᠬᠠᠭᠠᠨᠲᠤ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠢᠭᠴᠢ ᠨᠦᠭᠦᠳ ᠦᠨ ᠲᠦᠷᠦᠭᠦᠴᠢ ᠶᠢᠨ ᠪᠣᠰᠤᠯᠭ᠎ᠠ ᠳᠠᠷᠤᠭᠳᠠᠭᠠᠳ ᠵᠢᠯ ᠴᠤ ᠥᠩᠭᠡᠷᠡᠭᠡ ᠦᠭᠡᠢ ᠪᠠᠶᠢᠬᠤ ᠳᠤ ᠨᠠᠩᠭᠢᠶᠠᠳ ᠤᠨ ᠡᠰᠡᠷᠬᠦ ᠳᠠᠬᠢᠨ ᠲᠣᠮᠣ ᠪᠣᠰᠤᠯᠭ᠎ᠠ ᠭᠠᠷᠴᠤ ᠨᠡᠩ ᠡᠷᠴᠢᠮᠲᠡᠢ ᠥᠷᠨᠢᠪᠡ᠃ ᠡᠨᠡ ᠪᠣᠰᠤᠯᠭ᠎ᠠ ᠶᠢ ᠲᠦᠷᠦᠭ ᠦᠨ ᠢᠵᠠᠭᠤᠷᠲᠠᠨ ᠤ ᠨᠢᠭᠡᠨ ᠲᠥᠯᠥᠭᠡᠯᠡᠭᠴᠢ ᠺᠢᠲᠦᠯᠦᠭ᠂ ᠨᠠᠩᠭᠢᠶᠠᠳ ᠤᠨ ᠡᠷᠬᠡᠰᠢᠶᠡᠯ ᠳᠦ ᠬᠦᠮᠦᠵᠢᠨ ᠪᠣᠯᠪᠠᠰᠤᠷᠠᠭᠰᠠᠨ ᠵᠥᠪᠯᠡᠬᠦ ᠲᠦᠰᠢᠮᠡᠯ ᠲᠣᠨᠢᠶᠤᠶᠢᠺᠦᠶᠢᠺ ᠨᠠᠷ ᠤᠳᠤᠷᠢᠳᠥᠵᠠᠢ᠃ ᠰᠤᠷᠪᠤᠯᠵᠢ ᠳᠤ ᠲᠡᠮᠳᠡᠭᠯᠡᠭᠰᠡᠨ ᠢᠶᠡᠷ ᠺᠢᠲᠦᠯᠦᠭ ᠪᠣᠯ ᠬᠢᠶᠡᠯ ᠬᠠᠭᠠᠨ ᠤ ᠬᠣᠯᠠ ᠶᠢᠨ ᠰᠠᠳᠤᠨ ᠪᠥᠭᠡᠳ ᠬᠠᠨᠢᠯ-ᠶᠤᠸᠠᠨᠢ ᠣᠪᠤᠭ ᠤᠨ ᠨᠣᠶᠠᠨ᠂ ᠦᠶ᠎ᠡ ᠤᠯᠠᠷᠢᠬᠤ ᠲᠦᠳᠡᠭᠦᠨ ᠴᠣᠯᠠ ᠲᠠᠢ ᠪᠠᠶᠢᠴᠠᠢ᠃ ᠹᠦᠨᠡᠨ ᠦ ᠪᠣᠰᠤᠯᠭ᠎ᠠ ᠳᠠᠷᠤᠭᠳᠠᠭᠰᠠᠨ ᠠᠴᠠ ᠬᠣᠶᠢᠰᠢ ᠴᠦᠨᠢᠴᠠᠢ ᠠᠭᠤᠯᠠ ᠶᠢᠨ ᠳᠡᠷᠭᠡᠳᠡ ᠰᠠᠭᠤᠷᠢᠰᠢᠵᠤ ᠬᠡᠢᠰᠢ ᠬᠣᠲᠠ ᠶᠢ ᠪᠠᠷᠢᠭᠰᠠᠨ ᠨᠢ ᠲᠡᠳᠡᠨ ᠦ ᠲᠣᠭ᠎ᠠ 5000 ᠬᠦᠷᠴᠦ ᠪᠠᠶᠢᠵᠠᠢ ᠬᠡᠮᠡᠨ ᠰᠤᠷᠪᠤᠯᠵᠢ ᠳᠤ ᠲᠡᠮᠳᠡᠭᠯᠡᠭᠰᠡᠨ ᠪᠠᠶᠢᠨ᠎ᠠ᠃ ᠺᠢᠲᠦᠯᠦᠭ ᠦᠨ ᠪᠣᠰᠤᠯᠭ᠎ᠠ ᠡᠬᠢᠨ ᠡᠴᠡ ᠪᠡᠨ ᠠᠮᠵᠢᠯᠲᠠ ᠣᠯᠤᠭᠰᠠᠨ ᠰᠢᠯᠲᠠᠭᠠᠨ ᠨᠢ ᠲᠡᠷᠡᠪᠡᠷ ᠪᠣᠰᠤᠯᠭ᠎ᠠ ᠶᠢᠨ ᠡᠬᠢᠯᠡᠯ ᠴᠢᠨᠠᠭᠰᠢᠳᠠ ᠶᠢᠨ ᠶᠠᠪᠤᠴᠠ ᠶᠢ ᠮᠠᠰᠢ ᠨᠠᠷᠢᠨ ᠲᠥᠯᠥᠪᠯᠡᠨ᠂ ᠥᠪᠡᠷ ᠦᠨ ᠪᠣᠳᠠᠲᠤ ᠬᠦᠴᠦᠩᠳᠡ ᠵᠥᠪ ᠵᠣᠬᠢᠴᠠᠭᠤᠯᠤᠭᠰᠠᠨ ᠳᠤ ᠣᠷᠣᠰᠢᠨ᠎ᠠ᠃ ᠲᠡᠷᠡ ᠡᠬᠢᠯᠡᠭᠡᠳ ᠰᠢᠭᠤᠳ ᠬᠢᠲᠠᠳ ᠤᠨ ᠡᠵᠡᠨ ᠬᠠᠭᠠᠨ ᠤ ᠴᠡᠷᠢᠭ ᠲᠡᠢ ᠲᠤᠯᠤᠯᠳᠤᠬᠤ ᠶᠢᠨ ᠣᠷᠣᠨ ᠳᠤ ᠶᠠᠮᠠᠷ ᠴᠤ ᠠᠵᠢᠭ ᠦᠭᠡᠢ ᠪᠠᠶᠢᠭᠰᠠᠨ ᠶᠢᠰᠦᠨ ᠣᠪᠤᠭ ᠤᠨ ᠤᠶᠢᠭᠤᠷ ᠢ ᠭᠡᠨᠡᠳᠡᠭᠦᠯᠦᠨ ᠳᠠᠭᠠᠷᠢᠵᠤ᠂ ᠴᠢᠨᠠᠭᠰᠢᠳᠠ ᠶᠢᠨ ᠳᠠᠶᠢᠨ ᠳᠤ ᠵᠠᠶᠢᠯᠠᠰᠢ ᠦᠭᠡᠢ ᠬᠡᠷᠡᠭᠲᠡᠢ ᠠᠳᠤᠭᠤᠨ ᠰᠦᠷᠦᠭ ᠣᠯᠵᠠᠯᠠᠨ ᠠᠪᠴᠠᠢ᠃ ᠶᠠᠭᠤᠨ ᠤ ᠡᠮᠦᠨ᠎ᠡ ᠶᠡᠬᠡ ᠬᠡᠷᠡᠮ ᠦᠨ ᠳᠠᠭᠠᠭᠤᠬᠢ ᠣᠷᠳᠣᠰ ᠠᠴᠠ ᠵᠡᠭᠦᠨᠰᠢᠬᠦ ᠨᠤᠲᠤᠭ ᠤᠨ ᠬᠢᠯᠢ ᠶᠢ ᠪᠡᠬᠢᠯᠡᠭᠰᠡᠨ ᠱᠤᠭᠤᠮ ᠤᠳ ᠢ ᠭᠡᠨᠡᠳᠲᠡ ᠶᠢᠨ ᠳᠠᠭᠠᠷᠢᠯᠲᠠ ᠪᠠᠷ ᠤᠰᠠᠳᠬᠠᠪᠠ᠃ ᠡᠨᠡ ᠦᠶᠡᠰ ᠬᠢᠲᠠᠳ ᠲᠤ ᠲᠥᠷᠥ ᠶᠢᠨ ᠡᠷᠭᠢᠯᠲᠡ ᠭᠠᠷᠤᠭᠠᠳ ᠴᠠᠭ ᠲᠥᠷᠥ ᠲᠠᠶᠢᠪᠤᠩ ᠪᠤᠰᠤ ᠪᠠᠶᠢᠭᠰᠠᠨ ᠠᠴᠠ ᠭᠠᠳᠠᠨ᠎ᠠ ᠲᠦᠪᠡᠳ ᠲᠡᠢ ᠬᠢᠵᠦ ᠪᠠᠶᠢᠭᠰᠠᠨ ᠳᠠᠶᠢᠨ ᠳᠤ ᠶᠡᠬᠡᠬᠡᠨ ᠴᠡᠷᠢᠭ ᠦᠨ ᠬᠦᠴᠦ ᠣᠷᠣᠯᠴᠠᠵᠤ᠂ ᠲᠦᠷᠦᠭ ᠦᠨ ᠪᠣᠰᠤᠯᠭ᠎ᠠ ᠶᠢ ᠳᠠᠷᠤᠬᠤ ᠰᠡᠬᠦᠭᠡ ᠦᠭᠡᠢ ᠪᠠᠶᠢᠪᠠ᠃ ᠡᠶᠢᠮᠦ ᠨᠥᠬᠥᠴᠡᠯ ᠳᠦ ᠲᠦᠷᠦᠭ ᠦᠳ ᠦᠨ ᠡᠷᠬᠡ ᠴᠢᠯᠦᠭᠡᠨ ᠦ ᠲᠥᠯᠥᠭᠡ ᠲᠡᠮᠡᠴᠡᠯ ᠠᠮᠵᠢᠯᠲᠠ ᠶᠢ ᠣᠯᠵᠤ᠂ ᠨᠠᠩᠭᠢᠶᠠᠳ ᠤᠨ 50 ᠭᠠᠷᠤᠢ ᠵᠢᠯ ᠦᠨ ᠳᠠᠷᠤᠯᠠᠯ ᠠᠴᠠ ᠭᠠᠷᠴᠤ᠂ ᠺyᠲyᠯᠠyᠭᠡᠶᠢᠭ ᠡᠯᠲᠡᠷᠢᠰ ᠬᠠᠭᠠᠨ ᠪᠤᠶᠤ ᠤᠯᠤᠰ ᠢ ᠬᠤᠷᠢᠶᠠᠭᠴᠢ ᠬᠠᠭᠠᠨ ᠴᠣᠯᠠ ᠡᠷᠭᠦᠮᠵᠢᠯᠡᠨ ᠲᠥᠷᠥ ᠤᠯᠤᠰ ᠢᠶᠠᠨ ᠪᠠᠶᠢᠭᠤᠯᠤᠭᠰᠠᠨ ᠪᠠᠶᠢᠨ᠎ᠠ᠃ ᠺᠢᠲᠦᠯᠦᠭ ᠦᠨ ᠪᠠᠶᠢᠭᠤᠯᠤᠭᠰᠠᠨ ᠤᠯᠤᠰ ᠨᠢ ᠮᠣᠩᠭᠣᠯ ᠤᠨ ᠲᠥᠪ ᠨᠤᠲᠤᠭ ᠬᠠᠩᠭᠠᠢ ᠠᠭᠤᠯᠠ ᠶᠢᠨ ᠬᠠᠪᠢᠶᠠᠷᠠ ᠲᠥᠪᠯᠡᠷᠡᠵᠦ ᠪᠠᠶᠢᠴᠠᠢ᠃ 693 ᠣᠨ ᠳᠤ ᠡᠯᠲᠡᠷᠢᠰ ᠬᠠᠭᠠᠨ ᠢ ᠲᠠᠭᠠᠯᠠᠯ ᠲᠡᠭᠦᠰᠬᠦ ᠳᠦ ᠲᠡᠭᠦᠨ ᠦ ᠳᠡᠭᠦᠦ ᠮᠣᠵᠣ (ᠺᠠᠫᠠᠭᠠᠨ) ᠬᠠᠭᠠᠨ (691-716 ᠣᠨ) ᠣᠷᠣ ᠶᠢ ᠵᠠᠯᠭᠠᠵᠠᠢ᠃ ᠲᠡᠭᠦᠨ ᠦ ᠬᠠᠭᠠᠨᠴᠢᠯᠠᠯ ᠤᠨ ᠦᠶ᠎ᠡ ᠳᠦ ᠲᠦᠷᠦᠭ ᠦᠨ ᠬᠣᠶᠠᠷ ᠲᠤ ᠬᠢ ᠬᠠᠭᠠᠨᠲᠤ ᠤᠯᠤᠰ ᠤᠨ ᠴᠡᠷᠢᠭ ᠤᠯᠤᠰ ᠲᠥᠷᠥ ᠶᠢᠨ ᠬᠦᠴᠦᠨ ᠴᠢᠳᠠᠯ ᠲᠤᠶᠢᠯ ᠳᠤ ᠪᠠᠨ ᠬᠦᠷᠡᠬᠦ ᠶᠢᠨ ᠬᠠᠮᠲᠤ ᠪᠠᠭᠤᠷᠠᠨ ᠳᠣᠷᠣᠶᠢᠳᠠᠬᠤ ᠶᠢᠨ ᠡᠬᠢᠯᠡᠯ ᠲᠠᠯᠪᠢᠭᠳᠠᠵᠠᠢ᠃ ᠤᠮᠠᠷᠠᠳᠤ ᠬᠢᠲᠠᠳ ᠤᠨ ᠴᠡᠷᠢᠭ ᠦᠨ ᠬᠦᠴᠦᠨ ᠪᠣᠯᠤᠨ ᠡᠷᠭᠢᠨ ᠲᠣᠭᠣᠷᠢᠨ ᠤ ᠣᠪᠤᠭ ᠠᠶᠢᠮᠠᠭ ᠤᠳ ᠯᠤᠭ᠎ᠠ ᠣᠯᠠᠨ ᠤᠳᠠᠭ᠎ᠠ ᠠᠮᠵᠢᠯᠲᠠ ᠲᠠᠢ ᠳᠠᠶᠢᠨ ᠬᠢᠵᠦ᠂ ᠭᠠᠵᠠᠷ ᠨᠤᠲᠤᠭ ᠢᠶᠠᠨ ᠲᠡᠯᠡᠵᠡᠢ᠃ 693-706 ᠣᠨ ᠳᠤ ᠺᠠᠫᠠᠭᠠᠨ ᠬᠠᠭᠠᠨ ᠤ ᠴᠡᠷᠢᠭ ᠰᠢᠷ᠎ᠠ ᠮᠥᠷᠡᠨ ᠢ (ᠬᠤᠸᠠᠩᠭᠡ) ᠵᠢᠷᠭᠤᠭᠠᠨ ᠤᠳᠠᠭ᠎ᠠ ᠭᠠᠲᠤᠯᠤᠨ ᠤᠮᠠᠷᠠᠳᠤ ᠬᠢᠲᠠᠳ ᠤᠨ ᠨᠤᠲᠤᠭ ᠷᠤ ᠭᠦᠨ ᠨᠡᠪᠲᠡᠷᠡᠴᠢ ᠪᠠᠶᠢᠴᠠᠢ᠃ ᠬᠢᠲᠠᠳ ᠤᠨ ᠴᠡᠷᠢᠭ ᠲᠦᠷᠦᠭ ᠦᠨ ᠳᠣᠪᠲᠣᠯᠭ᠎ᠠ ᠶᠢ ᠣᠯᠢᠭᠲᠠᠢ ᠡᠰᠡᠷᠭᠦᠴᠡᠨ ᠲᠤᠯᠤᠯᠳᠤᠵᠤ ᠴᠢᠳᠠᠬᠤ ᠦᠭᠡᠢ ᠪᠠᠶᠢᠯ᠎ᠠ᠃ ᠬᠠᠲᠤᠨ ᠬᠠᠭᠠᠨ ᠤ ᠬᠤ ᠺᠠᠫᠠᠭᠠᠨ ᠬᠠᠭᠠᠨ ᠳᠤ ᠶᠡᠬᠡ ᠬᠡᠮᠵᠢᠶᠡᠨ ᠦ ᠳᠠᠶᠢᠨ ᠤ ᠲᠥᠯᠥᠪᠦᠷᠢ ᠥᠭᠴᠦ ᠪᠠᠶᠢᠩᠭᠤ ᠶᠡᠬᠡ ᠪᠡᠯᠡᠭ ᠰᠡᠯᠲᠡ ᠢᠯᠡᠭᠡᠳᠡᠭ ᠪᠠᠶᠢᠭᠰᠠᠨ ᠨᠢ ᠦᠨᠡᠨ ᠴᠢᠨᠠᠷᠲᠤ ᠪᠠᠨ ᠠᠯᠪᠠ ᠪᠠᠷᠢᠭᠰᠠᠨ ᠬᠡᠷᠡᠭ ᠪᠠᠶᠢᠪᠠ᠃ 696-697 ᠣᠨ ᠳᠤ ᠬᠢᠳᠠᠨ ᠢ ᠡᠷᠬᠡᠨ ᠳᠦ ᠪᠡᠨ ᠣᠷᠣᠭᠤᠯᠤᠭᠰᠠᠨ ᠢᠶᠠᠷ ᠬᠢᠲᠠᠳ ᠤᠨ ᠴᠡᠷᠢᠭ ᠵᠡᠭᠦᠨ ᠬᠣᠶᠢᠲᠤ ᠵᠦᠭ ᠬᠢᠩᠭᠠᠨ ᠤ ᠡᠮᠦᠨᠡᠲᠦ ᠪᠡᠶ᠎ᠡ ᠪᠡᠷ ᠳᠠᠪᠰᠢᠬᠤ ᠶᠠᠪᠤᠳᠠᠯ ᠢ ᠵᠣᠭᠰᠣᠭᠠᠵᠤ᠂ ᠤᠯᠤᠰ ᠤᠨ ᠢᠶᠠᠨ ᠳᠣᠷᠣᠨᠠᠲᠤ ᠬᠢᠯᠢ ᠬᠢᠵᠠᠭᠠᠷ ᠢ ᠲᠥᠪᠰᠢᠳᠬᠡᠯ᠎ᠡ᠃ ᠮᠥᠨ ᠪᠠᠷᠠᠭᠤᠨ ᠵᠦᠭ ᠲᠤ ᠴᠡᠷᠢᠭ ᠵᠡᠪᠰᠡᠭ ᠢᠶᠡᠨ ᠬᠠᠨᠳᠤᠭᠤᠯᠵᠤ 701 ᠣᠨ ᠳᠤ ᠬᠠᠭᠠᠨ ᠤ ᠳᠡᠭᠦᠦ ᠲᠠᠠᠳᠤᠰᠢ ᠶᠢᠨ ᠱᠠᠳᠤ ᠮᠣᠭᠢᠯᠶᠠᠨ 16 ᠨᠠᠰᠤᠲᠠᠢ ᠳᠡᠭᠦᠦ ᠺᠥᠯᠲ᠋ᠧᠭᠢᠨᠢᠢ ᠬᠠᠮᠲᠤ ᠴᠡᠷᠢᠭ ᠤᠳᠤᠷᠢᠳᠤᠨ ᠳᠣᠪᠲᠣᠯᠵᠤ ᠴᠦᠢ ᠶᠢᠨ ᠣᠪᠤᠭ ᠤᠳ ᠢ ᠡᠵᠡᠯᠡᠨ ᠲᠦᠷᠦᠭ ᠦᠨ ᠵᠠᠬᠢᠷᠭᠠᠨ ᠳᠤ ᠠᠪᠴᠠᠢ᠃ 703-706 ᠣᠨ ᠤ ᠦᠶᠡᠰ ᠲᠦᠷᠦᠭ᠂ ᠬᠢᠲᠠᠳ ᠤᠨ ᠬᠣᠭᠣᠷᠣᠨᠳᠣ ᠨᠠᠶᠢᠷᠰᠠᠭ ᠬᠠᠷᠢᠯᠴᠠᠭ᠎ᠠ ᠲᠣᠭᠲᠠᠭᠠᠳ ᠪᠠᠶᠢᠬᠤ ᠳᠤ ᠤᠶᠢᠭᠤᠷ᠂ ᠺᠢᠪᠢ᠂ ᠰ ᠢᠶᠡ᠂ ᠬᠤᠨᠢ ᠣᠪᠤᠭ ᠤᠨ ᠬᠢᠨ ᠬᠢᠲᠠᠳ ᠲᠤ ᠳᠠᠭᠠᠨ ᠣᠷᠣᠭᠰᠠᠨ ᠪᠠᠶᠢᠨ᠎ᠠ᠃ ᠡᠨᠡ ᠦᠶ᠎ᠡ ᠪᠡᠷ ᠮᠣᠭᠢᠯᠶᠠᠨ᠂ ᠺᠥᠯᠲ᠋ᠧᠭᠢᠨ ᠨᠠᠷᠠ ᠪᠠᠶᠢᠭᠠᠯᠢ ᠣᠷᠴᠢᠮ ᠢᠶᠠᠷ ᠨᠤᠲᠤᠭᠯᠠᠵᠤ ᠪᠠᠶᠢᠭᠰᠠᠨ ᠪᠠ ᠶᠢᠷᠺᠦ ᠣᠪᠤᠭ ᠤᠨ ᠪᠣᠰᠤᠯᠭ᠎ᠠ ᠶᠢ ᠳᠠᠷᠤᠵᠠᠢ᠃ ᠡᠭᠦᠪᠡᠷ ᠬᠡᠷᠯᠡᠩ ᠦᠨ ᠡᠬᠡ ᠪᠠᠶᠢᠭᠠᠯᠢ ᠨᠠᠭᠤᠷ ᠬᠦᠷᠲᠡᠯᠡᠬᠢ ᠨᠤᠲᠤᠭ ᠢ ᠡᠷᠬᠡᠨ ᠳᠦ ᠪᠡᠨ ᠤᠷᠤᠭᠤᠯᠪᠠ᠃ ᠲᠦᠷᠦᠭ ᠤᠯᠤᠰ ᠤᠨ ᠤᠮᠠᠷᠠᠳᠤ ᠪᠣᠯᠤᠨ ᠥᠷᠥᠨᠡᠲᠦ ᠬᠢᠯᠢ ᠬᠢᠵᠠᠭᠠᠷ ᠨᠢ 699-708 ᠣᠨ ᠤ ᠦᠶ᠎ᠡ ᠳᠦ ᠲᠠᠨ ᠤᠨ ᠠᠭᠤᠯᠠ ᠠᠯᠲᠠᠢ᠂ ᠲᠠᠷᠪᠠᠭᠠᠲᠠᠢ ᠣᠷᠴᠢᠮ ᠢᠶᠠᠷ ᠪᠠᠶᠢᠴᠠᠢ᠃ 709 ᠣᠨ ᠳᠤ ᠲᠦᠷᠦᠭ ᠦᠨ ᠴᠡᠷᠢᠭ ᠶᠡᠨᠢᠰᠧᠢᠨ ᠡᠬᠡ ᠶᠢ ᠵᠣᠷᠢᠵᠤ᠂ ᠲᠡᠷᠡ ᠨᠤᠲᠤᠭ ᠤᠨ ᠴᠢᠺ ᠠᠵᠠ ᠨᠤᠭᠤᠳ ᠢ ᠡᠵᠡᠯᠡᠨ ᠠᠪᠤᠭᠠᠳ ᠤᠯᠠᠮ ᠢᠶᠠᠷ ᠮᠡᠷᠭᠡᠨ ᠲᠣᠨᠢᠶᠤᠶᠢᠺᠦᠶᠢᠺ ᠍ ᠤᠨ ᠤᠳᠤᠷᠢᠳᠤᠯᠭ᠎ᠠ ᠪᠠᠷ ᠺ ᠤᠷᠭᠢᠽᠢ ᠶᠢ ᠡᠷᠬᠡᠨ ᠳᠦ ᠪᠡᠨ ᠤᠷᠤᠭᠤᠯᠪᠠ᠃ 710-711 ᠣᠨ ᠳᠤ ᠲᠶᠭᠧᠱ ᠨᠠᠷ ᠢ ᠢᠯᠠᠨ ᠳᠡᠶᠢᠯᠵᠦ ᠳᠣᠯᠣᠭᠠᠨ ᠭᠣᠣᠯ ᠣᠷᠴᠢᠮ ᠤᠨ ᠨᠤᠲᠤᠭ ᠢ ᠡᠵᠡᠯᠡᠪᠡ᠃ ᠲᠣᠨᠢᠶᠤᠶᠢᠺᠦᠶᠢᠺ ᠪᠤᠷᠤᠭᠤᠯᠠᠨ ᠪᠦᠬᠦᠢ ᠲᠶᠭᠧᠱ ᠨᠠᠷ ᠢ ᠮᠥᠷᠳᠡᠨ ᠶᠠᠪᠤᠭᠰᠠᠭᠠᠷ ᠰ ᠤᠷ-ᠳᠠᠷᠢᠶ᠎ᠠ ᠮᠥᠷᠡᠨ ᠢ ᠭᠠᠲᠤᠯᠠᠵᠤ ᠲᠣᠬᠠᠷ ᠤᠨ ᠤᠯᠤᠰ ᠤᠨ ᠬᠢᠯᠢ ᠬᠢᠵᠠᠭᠠᠷ ᠲᠤ ᠲᠤᠯᠵᠤ ᠣᠴᠢᠭᠰᠠᠨ ᠪᠠᠶᠢᠨ᠎ᠠ᠃ ᠭᠡᠪᠡᠴᠦ ᠰᠠᠮᠠᠷᠺᠠᠨᠳ ᠤᠨ ᠳᠡᠷᠭᠡᠳᠡ ᠠᠷᠠᠪ ᠍ ᠤᠨ ᠴᠡᠷᠢᠭ ᠲᠡᠢ ᠲᠤᠯᠤᠯᠳᠤᠬᠤ ᠦᠶ᠎ᠡ ᠳᠦ ᠠᠷᠤ ᠲᠠᠯ᠎ᠠ ᠠᠴᠠ ᠪᠠᠨ ᠲᠠᠰᠤᠷᠠᠨ ᠰᠠᠯᠢᠰᠤᠨ ᠲᠦᠷᠦᠭ ᠦᠨ ᠴᠡᠷᠢᠭ ᠶᠡᠬᠡᠬᠡᠨ ᠬᠡᠮᠵᠢᠶᠡᠨ ᠦ ᠭᠠᠷᠤᠵᠠ ᠬᠣᠬᠢᠷᠠᠯ ᠠᠮᠰᠠᠵᠤ ᠳᠥᠩᠭᠡᠨ ᠳᠠᠩᠭᠠᠩ ᠪᠤᠴᠠᠵᠤ ᠠᠯᠲᠠᠢ ᠳᠤ ᠬᠦᠷᠴᠦ ᠢᠷᠡᠵᠡᠢ (713-714). ᠲᠡᠨᠳᠡ ᠡᠴᠡ ᠪᠡᠨ ᠪᠲ᠋ᠢᠨ ᠪᠤᠶᠤ ᠪᠧᠰᠢᠪᠠᠯ ᠢᠺ ᠬᠣᠲᠠ ᠶᠢ ᠪᠥᠰᠡᠯᠡᠨ ᠪᠠᠶᠢᠯᠳᠤᠭᠰᠠᠨ ᠶᠡᠬᠡ ᠴᠡᠷᠢᠭ ᠲᠡᠢ ᠨᠡᠶᠢᠯᠡᠵᠡᠢ᠃ ᠭᠡᠪᠡᠴᠦ ᠡᠨᠡ ᠳᠣᠪᠲᠣᠯᠭᠠᠭ᠎ᠠ ᠠᠮᠵᠢᠯᠲᠠ ᠦᠭᠡᠢ ᠪᠣᠯᠵᠤ ᠲᠦᠷᠦᠭ ᠦᠳ ᠵᠢᠷᠭᠤᠭᠠᠨ ᠤᠳᠠᠭ᠎ᠠ ᠶᠢᠨ ᠲᠤᠯᠤᠯᠳᠤᠭᠠᠨ ᠳᠤ ᠢᠯᠠᠭᠳᠠᠨ ᠪᠦᠰᠡᠯᠡᠯᠲᠡ ᠪᠡᠨ ᠣᠷᠬᠢᠬᠤ ᠠᠴᠠ ᠥᠭᠡᠷ᠎ᠡ ᠵᠠᠮ ᠦᠭᠡᠢ ᠳᠦ ᠬᠦᠷᠴᠡᠢ᠃ ᠡᠨᠡ ᠦᠶᠡᠰ ᠲᠥᠪ ᠠᠽᠢᠶ᠎ᠠ ᠶᠢ ᠡᠵᠡᠷᠬᠡᠨ ᠵᠠᠬᠢᠷᠬᠤ ᠭᠡᠰᠡᠨ ᠬᠢᠲᠠᠳ ᠤᠨ ᠪᠣᠳᠣᠯᠭ᠎ᠠ ᠶᠡᠬᠡᠬᠡᠨ ᠬᠦᠴᠦᠲᠡᠢ ᠪᠣᠯᠤᠭᠰᠠᠨ ᠠᠴᠠ ᠭᠠᠳᠠᠨ᠎ᠠ ᠲᠦᠷᠦᠭ ᠦᠨ ᠵᠠᠬᠢᠷᠭᠠᠨ ᠳᠤ ᠣᠷᠣᠭᠰᠠᠨ ᠣᠯᠠᠨ ᠣᠪᠤᠭ ᠠᠶᠢᠮᠠᠭ ᠦᠢᠮᠡᠨ ᠲᠡᠮᠡᠴᠡᠬᠦ ᠨᠢ ᠶᠡᠬᠡ ᠪᠠᠶᠢᠪᠠ᠃ ᠳᠣᠯᠣᠭᠠᠨ ᠮᠥᠷᠡᠨᠲᠩᠷᠢ ᠠᠭᠤᠯᠠ ᠬᠠᠪ ᠤᠨ ᠪᠠᠷᠠᠭᠤᠨ ᠲᠦᠷᠦᠭ ᠦᠳ ᠴᠤ ᠪᠣᠰᠴᠢ ᠲᠡᠮᠡᠴᠡᠪᠡ᠃ ᠲᠠᠲᠠᠪᠢ᠂ ᠬᠢᠳᠠᠨ ᠠᠶᠢᠮᠠᠭ ᠤᠨ ᠬᠢᠨ ᠬᠢᠲᠠᠳ ᠲᠤ ᠳᠠᠭᠠᠨ ᠣᠷᠣᠵᠤ ᠲᠣᠺᠦ᠋ᠽ᠂ ᠣᠭᠤᠵᠠ ᠨᠤᠭᠤᠳ ᠪᠣᠰᠤᠯᠭ᠎ᠠ ᠭᠠᠷᠭᠠᠨ ᠲᠦᠷᠦᠭ ᠦᠳ ᠦᠨ ᠬᠤᠪᠢ ᠳᠤ ᠪᠠᠶᠢᠳᠠᠯ ᠲᠤᠩ ᠬᠦᠨᠳᠦ ᠪᠣᠯᠵᠠᠢ᠃ ᠭᠡᠪᠡᠴᠦ ᠠᠪᠢᠶᠠᠰᠯᠢᠭ ᠵᠠᠩᠵᠤᠨ ᠺᠥᠯᠲ᠋ᠧᠭᠢᠨ ᠦ ᠴᠡᠷᠢᠭ ᠦᠨ ᠤᠷ᠎ᠠ ᠴᠢᠳᠠᠪᠤᠷᠢ ᠶᠢᠨ ᠬᠦᠴᠦᠩᠳᠡ ᠪᠣᠰᠴᠢ ᠲᠡᠮᠡᠴᠡᠭᠰᠡᠨ ᠤᠶᠢᠭᠤᠷ᠂ ᠺᠠᠷᠯᠤᠤᠶᠢ᠂ ᠪᠠᠶᠢᠷᠢᠺᠦ ᠠᠶᠢᠮᠠᠭ ᠤᠳ ᠢ ᠴᠡᠷᠢᠭᠯᠡᠨ ᠳᠠᠷᠤᠵᠤ ᠳᠠᠬᠢᠨ ᠡᠷᠬᠡᠨ ᠳᠦ ᠪᠡᠨ ᠣᠷᠣᠭᠤᠯᠤᠭᠰᠠᠨ ᠪᠠᠶᠢᠨ᠎ᠠ᠃ ᠲᠦᠷᠦᠭ ᠦᠨ ᠴᠡᠷᠢᠭ ᠳᠠᠶᠢᠨ ᠤ ᠪᠣᠳᠣᠯᠭ᠎ᠠ ᠡᠶᠢᠨ ᠠᠮᠵᠢᠯᠲᠠ ᠲᠠᠢ ᠪᠣᠯᠤᠭᠰᠠᠨ ᠨᠢ ᠬᠡᠳᠦ ᠬᠡᠳᠦᠨ ᠤᠴᠢᠷ ᠰᠢᠯᠲᠠᠭᠠᠨ ᠲᠠᠢ ᠶᠤᠮ᠃ ᠺᠠᠫᠠᠭᠠᠨ ᠬᠠᠭᠠᠨ ᠤ ᠤᠳᠤᠷᠢᠳᠤᠯᠭ᠎ᠠ ᠪᠠᠷ ᠲᠡᠳᠡ ᠬᠢᠯᠢ ᠬᠢᠵᠠᠭᠠᠷ ᠤᠨ ᠠᠰᠠᠭᠤᠳᠠᠯ ᠢᠶᠠᠨ ᠶᠡᠬᠡᠳᠡ ᠠᠩᠬᠠᠷᠴᠤ ᠴᠤᠬᠤᠮ ᠡᠨᠡ ᠵᠦᠭ ᠬᠠᠨᠳᠤᠭᠤᠯᠤᠭᠰᠠᠨ ᠪᠣᠳᠣᠯᠭ᠎ᠠ ᠪᠠᠷᠢᠮᠲᠠᠯᠠᠭᠰᠠᠨ ᠪᠥᠭᠡᠳ ᠡᠨᠡ ᠨᠢ ᠥᠰᠢᠶ᠎ᠡ ᠬᠣᠷᠣᠰᠤᠯ ᠢᠶᠠᠨ ᠲᠠᠶᠢᠯᠬᠤ ᠳᠤ ᠴᠢᠭᠯᠡᠵᠦ ᠪᠠᠶᠢᠪᠠ᠃ ᠲᠡᠳᠡ 50 ᠵᠢᠯ ᠨᠠᠩᠭᠢᠶᠠᠳ ᠤᠨ ᠡᠷᠬᠡᠰᠢᠶᠡᠯ ᠳᠦ ᠪᠠᠶᠢᠬᠤ ᠳᠤ ᠪᠠᠨ ᠬᠢᠲᠠᠳ ᠭᠦᠷᠦᠨ ᠦ ᠳᠣᠲᠣᠭᠠᠳᠤ ᠪᠦᠲᠦᠴᠡ ᠵᠣᠬᠢᠶᠠᠨ ᠪᠠᠶᠢᠭᠤᠯᠤᠯᠲᠠ ᠶᠢ ᠳᠡᠩᠳᠡᠭᠦᠦ ᠰᠠᠶᠢᠨ ᠮᠡᠳᠡᠬᠦ ᠪᠣᠯᠵᠠᠢ᠃ ᠲᠦᠷᠦᠭ ᠦᠨ ᠴᠡᠷᠢᠭ ᠦᠨ ᠭᠣᠣᠯ ᠤᠳᠤᠷᠢᠳᠤᠨ ᠵᠠᠬᠢᠷᠤᠭᠴᠢ ᠲᠣᠨᠢᠶᠤᠶᠢᠺᠦᠶᠢᠺ ᠬᠢᠲᠠᠳ ᠭᠠᠵᠠᠷ ᠲᠥᠷᠦᠵᠢ᠂ ᠨᠠᠩᠭᠢᠶᠠᠳ ᠶᠣᠰᠣ ᠵᠠᠩᠰᠢᠯ ᠤᠨ ᠳᠠᠭᠠᠤ ᠥᠰᠴᠢ ᠬᠦᠮᠦᠵᠢᠨ ᠪᠣᠯᠪᠠᠰᠤᠷᠠᠯ ᠮᠡᠳᠡᠯᠭᠡ ᠣᠯᠵᠤ ᠠᠪᠤᠭᠰᠠᠨ ᠬᠦᠮᠦᠨ ᠪᠠᠶᠢᠯ᠎ᠠ᠃ ᠲᠡᠭᠦᠨᠴᠢᠯᠡᠨ ᠴᠤᠬᠤᠮ ᠡᠶᠢᠨᠬᠦᠦ ᠲᠦᠷᠦᠭ ᠦᠳ ᠬᠦᠴᠦ ᠶᠢ ᠣᠯᠵᠤ᠂ ᠲᠠᠯ᠎ᠠ ᠨᠤᠲᠤᠭ ᠢ ᠪᠦᠬᠦᠯᠢ ᠳᠦ ᠨᠢ ᠡᠵᠡᠮᠰᠢᠨ ᠪᠠᠶᠢᠬᠤ ᠡᠨᠡ ᠦᠶᠡᠰ ᠬᠢᠲᠠᠳ ᠲᠤ ᠲᠥᠷᠥ ᠶᠢᠨ ᠡᠷᠭᠢᠯᠲᠡ ᠭᠠᠷᠴᠤ᠂ ᠲᠠᠨ ᠤᠯᠤᠰ ᠤᠨ ᠲᠥᠷᠥ ᠶᠢ ᠬᠠᠲᠤᠨ ᠬᠠᠭᠠᠨ ᠤ ᠬᠤ ᠵᠦᠢ ᠪᠤᠰᠤ ᠪᠠᠷ ᠪᠤᠯᠢᠶᠠᠵᠤ ᠠᠪᠤᠭᠰᠠᠨ ᠦᠶ᠎ᠡ ᠪᠠᠶᠢᠴᠠᠢ᠃ ᠺᠠᠫᠠᠭᠠᠨ ᠬᠠᠭᠠᠨ ᠨᠠᠰᠤ ᠥᠲᠡᠯᠵᠦ ᠵᠠᠩ ᠠᠪᠤᠷᠢ ᠨᠢ ᠳᠣᠭᠰᠢᠷᠠᠵᠤ᠂ ᠬᠠᠷᠢᠶᠠᠲᠤ ᠠᠶᠢᠮᠠᠭ ᠤᠳ ᠢᠶᠠᠨ ᠬᠠᠷᠭᠢᠰᠯᠠᠨ ᠳᠠᠷᠤᠯᠠᠬᠤ ᠨᠢ ᠨᠡᠩ ᠬᠡᠲᠦᠷᠡᠭᠰᠡᠨ ᠡᠴᠡ ᠣᠯᠠᠨ ᠣᠪᠤᠭ ᠠᠶᠢᠮᠠᠭ ᠲᠡᠭᠦᠨ ᠳᠦ ᠵᠠᠬᠢᠷᠤᠭᠳᠠᠨ ᠳᠠᠭᠠᠬᠤ ᠪᠠᠨ ᠪᠣᠯᠢᠵᠤ ᠡᠬᠢᠯᠡᠪᠡ᠃ ᠲᠡᠭᠦᠨᠴᠢᠯᠡᠨ ᠳᠠᠶᠢᠨ ᠪᠠᠶᠢᠯᠳᠤᠭᠠᠨ ᠤ ᠠᠵᠠ ᠦᠭᠡᠢ ᠶᠠᠪᠤᠳᠠᠯ ᠤᠳ ᠠᠴᠠ ᠡᠭᠦᠳᠡᠨ ᠳᠠᠭᠠᠵᠤ ᠣᠷᠣᠭᠰᠠᠨ ᠣᠯᠠᠨ ᠣᠪᠤᠭ ᠠᠶᠢᠮᠠᠭ ᠪᠣᠰᠴᠢ ᠲᠡᠮᠡᠴᠡᠬᠦ ᠪᠣᠯᠵᠠᠢ᠃ ᠬᠢᠳᠠᠨ ᠨᠠᠷ ᠰᠠᠯᠠᠩ ᠲᠤᠰᠠᠭᠠᠷᠯᠠᠵᠤ ᠺᠠᠷᠯᠤᠺ ᠤᠳ ᠪᠣᠰᠤᠯᠭ᠎ᠠ ᠭᠠᠷᠭᠠᠭᠰᠠᠨ ᠪᠠ ᠲᠣᠺᠦ᠋ᠽ᠂ ᠣᠭᠤᠵᠠ ᠶᠢᠨ ᠣᠪᠤᠭ ᠤᠳ ᠮᠥᠨ ᠲᠡᠳᠡᠨ ᠢ ᠳᠠᠭᠠᠯᠳᠤᠪᠠ᠃ ᠲᠣᠺᠦ᠋ᠽ᠂ ᠣᠭᠤᠵᠠ ᠨᠠᠷ 5 ᠤᠳᠠᠭ᠎ᠠ ᠶᠢᠨ ᠲᠤᠯᠤᠯᠳᠤᠭᠠᠨ ᠳᠤ ᠳᠠᠷᠤᠭᠳᠠᠭᠰᠠᠨ ᠴᠤ ᠲᠡᠳᠡᠨ ᠦ ᠪᠣᠰᠤᠯᠭ᠎ᠠ ᠦᠷᠭᠦᠯᠵᠢᠯᠡᠭᠰᠡᠭᠡᠷ ᠪᠠᠶᠢᠴᠠᠢ᠃ 716 ᠣᠨ ᠳᠤ ᠪᠠ ᠶᠢᠷᠺᠦ ᠠᠶᠢᠮᠠᠭ ᠪᠣᠰᠤᠨ ᠲᠡᠮᠡᠴᠡᠵᠦ ᠲᠤᠤᠯ ᠤᠨ ᠬᠥᠪᠡᠭᠡᠨ ᠳ᠋ᠡᠬᠢ ᠺᠠᠫᠠᠭᠠᠨ ᠬᠠᠭᠠᠨ ᠤ ᠣᠷᠳᠣ ᠥᠷᠭᠥᠭᠡ ᠶᠢ ᠳᠠᠭᠠᠷᠢᠭᠰᠠᠨ ᠪᠠ ᠳᠣᠪᠲᠣᠯᠭᠠᠭ᠎ᠠ ᠶᠢ ᠨᠢᠴᠤᠭᠠᠭᠰᠠᠨ ᠴᠤ ᠬᠠᠭᠠᠨ ᠥᠪᠡᠷ ᠢᠶᠡᠨ ᠣᠲᠣᠯᠲᠠᠨ ᠳᠤ ᠣᠷᠣᠵᠤ ᠠᠯᠠᠭᠳᠠᠭᠰᠠᠨ ᠪᠠᠶᠢᠨ᠎ᠠ᠃ ᠲᠡᠭᠦᠨ ᠦ ᠲᠣᠯᠣᠭᠠᠢ ᠶᠢ ᠬᠢᠲᠠᠳ ᠤᠨ ᠡᠯᠴᠢ ᠳᠦ ᠳᠠᠮᠵᠢᠭᠤᠯᠠᠨ ᠥᠭᠴᠦ ᠨᠡᠶᠢᠰᠯᠡᠯ ᠳᠦ ᠬᠦᠷᠭᠡᠭᠦᠯᠵᠡᠢ᠃ ᠺᠠᠫᠠᠭᠠᠨ ᠬᠠᠭᠠᠨ ᠢ᠂ 698 ᠣᠨ ᠠᠴᠠ <<ᠲᠠᠠᠳᠤᠰᠢ ᠶᠢᠨ ᠱᠠᠳᠤ>> ᠴᠣᠯᠠ ᠵᠡᠭᠦᠭ᠍ᠰᠡᠨ ᠡᠯᠲ᠋ᠧᠷᠧᠰ ᠬᠠᠭᠠᠨ ᠤ ᠤᠤᠭᠠᠨ ᠬᠦᠦ ᠵᠠᠯᠭᠠᠨ ᠠᠪᠬᠤ᠂ ᠲᠡᠭᠦᠨ ᠢ ᠳᠡᠭᠦᠦ ᠨᠢ ᠪᠣᠯᠬᠤ ᠺᠥᠯ-ᠲᠧᠭᠢᠨ ᠵᠠᠯᠭᠠᠮᠵᠢᠯᠠᠬᠤ ᠶᠣᠰᠣᠲᠠᠢ ᠪᠠᠶᠢᠴᠠᠢ᠃ 716 ᠣᠨ ᠭᠡᠬᠦ ᠳᠦ ᠲᠡᠳᠡ ᠬᠣᠶᠠᠭᠤᠯᠠ ᠠᠯᠳᠠᠷ ᠴᠤᠤᠲᠠᠢ ᠴᠡᠷᠢᠭ ᠦᠨ ᠡᠷᠬᠡᠲᠡᠨ ᠪᠣᠯᠤᠭᠰᠠᠨ ᠪᠠᠶᠢᠯ᠎ᠠ᠃ ᠭᠡᠪᠡᠴᠦ ᠺᠠᠫᠠᠭᠠᠨ ᠬᠠᠭᠠᠨ ᠤ ᠰᠢᠳᠠᠷ ᠲᠤᠰᠠᠯᠠᠭᠴᠢᠳ ᠤᠨ ᠳᠡᠮᠵᠢᠯᠭᠡ ᠲᠡᠢ ᠪᠡᠷ ᠲᠡᠭᠦᠨ ᠦ ᠬᠦᠦ ᠪᠧ ᠢᠶᠤᠶᠢ ᠬᠠᠭᠠᠨ ᠣᠷᠣ ᠶᠢ ᠵᠠᠯᠭᠠᠵᠠᠢ᠃ ᠡᠶᠢᠨᠬᠦᠦ ᠬᠠᠤᠯᠢ ᠶᠣᠰᠣ ᠵᠥᠷᠢᠴᠡᠭᠰᠡᠨ ᠳᠤ ᠬᠢᠯᠢᠩᠨᠡᠭᠰᠡᠨ ᠴᠡᠷᠢᠭ ᠳᠠᠶᠢᠨ ᠤ ᠨᠡᠷᠡᠲᠦ ᠪᠠᠭᠠᠲᠤᠷ ᠺᠥᠯᠲ᠋ᠧᠭᠢᠨ ᠲᠦᠷᠦᠭ ᠦᠨ ᠪᠦᠬᠦ ᠣᠪᠤᠭ ᠠᠶᠢᠮᠠᠭ ᠤᠨ ᠳᠡᠮᠵᠢᠯᠭᠡ ᠲᠡᠢ ᠪᠡᠷ ᠣᠷᠳᠣ ᠥᠷᠭᠥᠭᠡ ᠶᠢ ᠳᠠᠭᠠᠷᠢᠵᠤ ᠪᠧ ᠢᠶᠤᠶᠢ ᠬᠠᠭᠠᠨ ᠢ ᠠᠯᠠᠵᠤ ᠥᠪᠡᠷ ᠦᠨ ᠠᠬ᠎ᠠ ᠪᠢᠯᠢᠭᠡᠭ (716-734) ᠬᠠᠭᠠᠨ ᠰᠢᠷᠡᠭᠡᠨ ᠳᠦ ᠵᠠᠯᠠᠭᠰᠠᠨ ᠪᠠᠶᠢᠨ᠎ᠠ᠃ ᠺᠥᠯ-ᠲᠧᠭᠢᠨ ᠵᠡᠭᠦᠨ ᠵᠢᠭᠦᠷ ᠦᠨ ᠨᠣᠶᠠᠨ᠂ ᠪᠦᠬᠦ ᠴᠡᠷᠢᠭ ᠦᠨ ᠵᠠᠩᠵᠤᠨ ᠪᠣᠯᠵᠠᠢ᠃ ᠪᠢᠯᠢᠭᠡ ᠬᠠᠭᠠᠨ᠂ ᠡᠴᠢᠭᠡ ᠶᠢᠨ ᠬᠢ ᠨᠢ ᠪᠠᠶᠢᠭᠤᠯᠤᠭᠰᠠᠨ ᠲᠥᠷᠥ ᠤᠯᠤᠰ ᠮᠥᠬᠥᠯ ᠦᠨ ᠢᠷᠮᠡᠭ ᠲᠦ ᠲᠤᠯᠤᠭᠠᠳ ᠪᠠᠶᠢᠭᠰᠠᠨ ᠬᠦᠨᠳᠦ ᠬᠡᠴᠡᠭᠦᠦ ᠴᠠᠭ ᠦᠶ᠎ᠡ ᠳᠦ ᠬᠠᠭᠠᠨ ᠰᠢᠷᠡᠭᠡᠨ ᠳᠦ ᠰᠠᠭᠤᠭᠰᠠᠨ ᠠᠵᠡᠢ᠃ ᠬᠠᠷᠢᠶᠠᠨ ᠳᠤ ᠨᠢ ᠪᠠᠶᠢᠭᠰᠠᠨ ᠠᠶᠢᠮᠠᠭ ᠤᠳ ᠪᠣᠰᠤᠯᠭ᠎ᠠ ᠭᠠᠷᠭᠠᠨ ᠲᠡᠮᠡᠴᠡᠵᠦ ᠪᠠᠶᠢᠯ᠎ᠠ᠃ ᠲᠦᠷᠦᠭ ᠦᠨ ᠦᠨᠳᠦᠰᠦᠨ ᠠᠶᠢᠮᠠᠭ ᠤᠳ ᠴᠤ ᠦᠢᠮᠡᠭᠡᠨ ᠬᠢᠮᠤᠷᠠᠯ ᠳᠤ ᠤᠷᠤᠪᠠ᠃ ᠪᠢᠯᠢᠭᠡ ᠬᠠᠭᠠᠨ ᠡᠨᠡ ᠪᠦᠬᠦ ᠪᠠᠶᠢᠳᠠᠯ ᠠᠴᠠ ᠪᠡᠷᠬᠡᠰᠢᠶᠡᠵᠦ ᠬᠠᠭᠠᠨ ᠰᠢᠷᠡᠭᠡᠨ ᠳᠦ ᠳᠡᠭᠦᠦ ᠺᠥᠯ-ᠲᠧᠭᠢᠨ ᠢ ᠰᠠᠭᠤᠯᠭᠠᠬᠤ ᠶᠢ ᠰᠠᠨᠠᠯ ᠪᠣᠯᠭᠠᠭᠰᠠᠨ ᠴᠤ ᠲᠡᠷᠡ ᠪᠡᠷ ᠬᠠᠭᠠᠨ ᠣᠷᠣ ᠵᠠᠯᠭᠠᠬᠤ ᠤᠯᠠᠮᠵᠢᠯᠠᠯᠲᠤ ᠶᠣᠰᠣ ᠶᠢ ᠵᠥᠷᠢᠴᠡᠬᠦ ᠶᠢ ᠪᠣᠳᠣᠭᠰᠠᠨ ᠦᠭᠡᠢ᠃ ᠢᠩᠭᠢᠭᠡᠳ ᠪᠢᠯᠢᠭᠡ ᠬᠠᠭᠠᠨ ᠰᠢᠢᠳᠪᠦᠷᠢᠲᠡᠢ ᠠᠷᠭ᠎ᠠ ᠬᠡᠮᠵᠢᠶ᠎ᠡ ᠠᠪᠴᠤ ᠡᠬᠢᠯᠡᠪᠡ᠃ ᠪᠢᠯᠢᠭᠡ ᠬᠠᠭᠠᠨ ᠰᠠᠭᠤᠭᠰᠠᠨ ᠪᠣᠯᠪᠠᠴᠤ ᠦᠨᠡᠨ ᠬᠡᠷᠡᠭᠲᠦ ᠪᠡᠨ ᠪᠦᠬᠦ ᠡᠷᠬᠡ ᠮᠡᠳᠡᠯ ᠺᠥᠯ-ᠲᠧᠭᠢᠨ ᠦ ᠭᠠᠷ ᠲᠤ ᠪᠠᠶᠢᠴᠠᠢ᠃ ᠺᠥᠯ-ᠲᠧᠭᠢᠨ ᠦ ᠲᠤᠰᠢᠶᠠᠯ ᠢᠶᠠᠷ ᠡᠮᠦᠨᠡᠬᠢ ᠺᠠᠫᠠᠭᠠᠨ ᠬᠠᠭᠠᠨ ᠤ ᠤᠷᠤᠭ ᠲᠥᠷᠥᠯ ᠦᠨ ᠬᠢᠨ ᠲᠡᠭᠦᠨ ᠦ ᠣᠶᠢᠷ᠎ᠠ ᠰᠢᠳᠠᠷ ᠬᠦᠮᠦᠰ ᠢ ᠠᠯᠪᠠᠨ ᠲᠤᠰᠢᠶᠠᠯ ᠠᠴᠠ ᠨᠢ ᠣᠭᠴᠠᠷᠠᠭᠤᠯᠵᠤ᠂ ᠬᠦᠢᠰᠦ ᠲᠡᠮᠲᠡᠷᠢᠨ ᠤᠰᠠᠳᠬᠠᠪᠠ᠃ ᠡᠳᠡᠨ ᠦ ᠳᠤᠮᠳᠠ ᠠᠴᠠ ᠭᠠᠭᠴᠠᠬᠦ ᠲᠣᠨᠢᠶᠤᠶᠢᠺᠦᠶᠢᠺ ᠢ ᠬᠥᠨᠳᠡᠭᠰᠡᠨ ᠦᠭᠡᠢ᠃ ᠤᠴᠢᠷ ᠨᠢ ᠲᠣᠨᠢᠶᠤᠶᠢᠺᠦᠶᠢᠺ ᠪᠢᠯᠢᠭᠡ ᠬᠠᠭᠠᠨ ᠤ ᠬᠠᠳᠠᠮ ᠡᠴᠢᠭᠡ ᠪᠠᠶᠢᠭᠰᠠᠨ ᠠᠴᠠ ᠭᠠᠳᠠᠨ᠎ᠠ ᠠᠷᠠᠳ ᠨᠡᠶᠢᠲᠡ ᠪᠡᠷ ᠲᠡᠭᠦᠨ ᠢ ᠬᠦᠨᠳᠦᠳᠬᠡᠨ ᠡᠮᠢᠶᠡᠳᠡᠭ ᠪᠠᠶᠢᠭᠰᠠᠨ ᠢ ᠬᠠᠷᠠᠭᠠᠯᠵᠠᠭᠰᠠᠨ ᠪᠠ ᠬᠡᠰᠡᠭ ᠬᠤᠭᠤᠴᠠᠭᠠᠨ ᠤ ᠳᠠᠷᠠᠭ᠎ᠠ ᠲᠣᠨᠢᠶᠤᠶᠢᠺᠦᠶᠢᠺ ᠢ ᠮᠥᠨ ᠲᠥᠷᠥ ᠶᠢᠨ ᠵᠦᠪᠳᠡᠬᠦ ᠪᠣᠯᠭᠠᠵᠠᠢ᠃ ᠢᠩᠭᠢᠭᠡᠳ ᠪᠢᠯᠢᠭᠡ ᠬᠠᠭᠠᠨ᠂ ᠺᠥᠯ-ᠲᠧᠭᠢᠨ ᠨᠠᠷ ᠤᠶᠢᠭᠤᠷ ᠍ ᠢ ᠳᠣᠪᠲᠣᠯᠵᠤ ᠪᠤᠲᠠ ᠴᠣᠬᠢᠭᠰᠠᠨ ᠢᠶᠠᠷ ᠲᠣᠺᠦ᠋ᠽ᠂ ᠣᠭᠤᠵᠠ ᠶᠢᠨ ᠠᠶᠢᠮᠠᠭ ᠤᠨ ᠡᠰᠡᠷᠭᠦᠴᠡᠯ ᠢ ᠵᠣᠭᠰᠣᠭᠠᠵᠤ᠂ ᠶᠡᠬᠡ ᠬᠡᠮᠵᠢᠶᠡᠨ ᠦ ᠣᠯᠵᠠ ᠣᠮᠤᠭ ᠢ ᠣᠯᠤᠭᠰᠠᠨ ᠪᠠᠶᠢᠨ᠎ᠠ᠃ 718 ᠣᠨ ᠤ ᠵᠤᠨ ᠬᠢᠳᠠᠨ ᠢ ᠪᠤᠲᠠ ᠴᠣᠬᠢᠵᠤ᠂ ᠬᠢᠩᠭᠠᠨ ᠬᠠᠪᠤ ᠶᠢ ᠳᠠᠬᠢᠨ ᠡᠵᠡᠯᠡᠯ᠎ᠡ᠃ 716 ᠣᠨ ᠤ ᠥᠪᠡᠷ ᠬᠣᠭᠣᠷᠣᠨᠳᠣ ᠶᠢᠨ ᠳᠠᠶᠢᠨ ᠬᠢᠮᠤᠷᠠᠯ ᠤᠨ ᠦᠶ᠎ᠡ ᠳᠦ ᠬᠢᠲᠠᠳ ᠷᠤ ᠳᠦᠷᠪᠡᠵᠦ ᠭᠠᠷᠤᠭᠰᠠᠨ ᠲᠦᠷᠦᠭ ᠦᠨ ᠣᠪᠤᠭ ᠠᠶᠢᠮᠠᠭ ᠤᠳ 718 ᠣᠨ ᠳᠤ ᠳᠠᠬᠢᠨ ᠪᠢᠯᠢᠭᠡ ᠬᠠᠭᠠᠨ ᠤ ᠵᠠᠬᠢᠷᠭᠠᠨ ᠳᠤ ᠡᠷᠭᠢᠵᠦ ᠢᠷᠡᠯ᠎ᠡ᠃ ᠴᠡᠷᠢᠭ ᠦᠨ ᠬᠦᠴᠦᠨ ᠵᠤᠵᠠᠭᠠᠳᠠᠨ ᠪᠡᠬᠢᠵᠢᠭᠰᠡᠨ ᠢᠶᠡᠷ ᠪᠢᠯᠢᠭᠡ ᠬᠠᠭᠠᠨ ᠡᠮᠦᠨ᠎ᠡ ᠵᠦᠭ ᠬᠢᠲᠠᠳ ᠷᠤ ᠳᠠᠶᠢᠯᠠᠬᠤ ᠶᠢ ᠡᠷᠡᠮᠡᠯᠵᠡᠭᠢᠭ᠍ᠰᠡᠨ ᠪᠣᠯᠪᠠᠴᠤ ᠲᠣᠨᠢᠶᠤᠶᠢᠺᠦᠶᠢᠺ ᠤᠨ ᠴᠢᠷᠮᠠᠶᠢᠨ ᠵᠥᠪᠯᠡᠭᠰᠡᠨ ᠢᠶᠡᠷ ᠡᠭᠦᠨ ᠡᠴᠡ ᠪᠡᠨ ᠲᠠᠲᠠᠭᠠᠯᠵᠠᠵᠤ ᠬᠠᠷᠢᠨ ᠨᠠᠶᠢᠷᠠᠮᠳᠠᠯ ᠤᠨ ᠭᠡᠷ᠎ᠡ ᠪᠠᠶᠢᠭᠤᠯᠬᠤ ᠡᠯᠴᠢ ᠶᠢ ᠢᠯᠡᠭᠡᠵᠢ ᠪᠡᠨ᠃ ᠡᠨᠡ ᠦᠶ᠎ᠡ ᠳᠦ ᠲᠦᠪᠡᠳ ᠲᠡᠢ ᠨᠠᠶᠢᠷᠠᠮᠳᠠᠯ ᠢ ᠣᠯᠤᠭᠠᠳ ᠪᠠᠶᠢᠭᠰᠠᠨ ᠡᠵᠡᠨ ᠬᠠᠭᠠᠨ ᠰᠸᠠᠨ ᠴᠵᠦᠨ ᠲᠦᠷᠦᠭ ᠦᠨ ᠪᠡᠬᠢᠵᠢᠵᠦ ᠠᠮᠵᠢᠭ᠎ᠠ ᠦᠭᠡᠢ ᠰᠤᠯᠠ ᠳᠣᠷᠣᠢ ᠪᠠᠶᠢᠳᠠᠯ ᠢ ᠠᠰᠢᠭᠯᠠᠨ ᠬᠢᠯᠪᠠᠷᠬᠠᠨ ᠢᠯᠠᠵᠤ ᠪᠣᠯᠤᠨ᠎ᠠ ᠬᠡᠮᠡᠨ ᠨᠠᠶᠢᠳᠠᠵᠤ ᠡᠨᠡᠬᠦ ᠰᠠᠨᠠᠯ ᠢ ᠡᠷᠡᠰ ᠨᠢᠴᠤᠭᠠᠭᠰᠠᠨ ᠪᠠᠶᠢᠨ᠎ᠠ᠃ 720 ᠣᠨ ᠳᠤ ᠪᠠᠰᠠᠮ ᠤᠯ᠂ ᠬᠢᠳᠠᠨ ᠵᠡᠷᠭᠡ ᠬᠣᠯᠪᠣᠭᠠᠲᠠᠨ ᠤ ᠮᠣᠷᠢᠨ ᠴᠡᠷᠢᠭ ᠢᠶᠡᠷ ᠴᠣᠬᠢᠯᠲᠠ ᠶᠢᠨ ᠭᠣᠣᠯ ᠬᠦᠴᠦ ᠨᠢ ᠪᠦᠷᠢᠳᠦᠭᠰᠡᠨ ᠬᠢᠲᠠᠳ ᠤᠨ ᠶᠡᠬᠡ ᠴᠡᠷᠢᠭ ᠥᠲᠥᠺᠧᠨ ᠦ ᠠᠤᠯᠠᠯᠠᠰ ᠤᠨ ᠵᠦᠭ ᠬᠣᠶᠠᠷ ᠵᠠᠮ ᠢᠶᠠᠷ ᠳᠣᠪᠲᠣᠯᠵᠠᠢ᠃ ᠲᠦᠷᠦᠭ ᠦᠳ ᠲᠣᠨᠢᠶᠤᠶᠢᠺᠦᠶᠢᠺ ᠰᠠᠶᠢᠳ ᠤᠨ ᠵᠥᠪᠯᠡᠭᠰᠡᠨ ᠢᠶᠡᠷ ᠪᠠᠶᠢᠯᠳᠤᠭᠠᠨ ᠤ ᠤᠷᠠᠨ ᠨᠠᠷᠢᠨ ᠠᠷᠭ᠎ᠠ ᠬᠡᠷᠡᠭᠯᠡᠵᠦ ᠡᠳᠡᠭᠡᠷ ᠢ ᠡᠭᠡᠯᠵᠢ ᠳᠠᠷᠠᠭᠠᠯᠠᠨ ᠪᠤᠲᠠ ᠴᠣᠬᠢᠭᠰᠠᠨ ᠪᠠᠶᠢᠨ᠎ᠠ᠃ ᠲᠣᠨᠢᠶᠤᠶᠢᠺᠦᠶᠢᠺ ᠤᠨ ᠲᠣᠯᠣᠭᠠᠶᠢᠯᠠᠭᠰᠠᠨ ᠴᠡᠷᠢᠭ ᠪᠠᠰᠠᠮ᠎ᠠ ᠶᠢᠯ ᠢ ᠪᠤᠲᠠ ᠴᠣᠬᠢᠶ᠎ᠠ ᠳᠤ ᠦᠯᠳᠡᠨ ᠬᠥᠭᠡᠬᠦ ᠵᠠᠮ ᠳᠤ ᠪᠠᠨ ᠪᠧᠰᠢᠪᠠᠯ ᠢᠺ ᠢ ᠡᠵᠡᠯᠡᠨ ᠠᠪᠴᠠᠢ᠃ ᠤᠯᠠᠮ ᠢᠶᠠᠷ ᠭᠠᠨᠢᠰᠤᠳ ᠨᠡᠪᠲᠡᠷᠡᠨ ᠣᠷᠣᠵᠤ ᠯᠢᠩᠴᠵᠢᠤ ᠲᠣᠭᠣᠷᠢᠭ ᠳᠠᠬᠢ ᠬᠢᠲᠠᠳ ᠤᠨ ᠴᠡᠷᠢᠭ ᠢ ᠤᠰᠠᠳᠬᠠᠵᠠᠢ᠃ ᠪᠢᠯᠢᠭᠡ ᠬᠠᠭᠠᠨ ᠤ ᠲᠣᠯᠣᠭᠠᠶᠢᠯᠠᠭᠰᠠᠨ ᠬᠡᠰᠡᠭ ᠲᠡᠨᠳᠡ ᠡᠴᠡ ᠳᠣᠷᠣᠨ᠎ᠠ ᠵᠦᠭ ᠡᠷᠭᠢᠵᠦ ᠬᠢᠳᠠᠨ ᠨᠠᠷ ᠢ ᠪᠤᠲᠠ ᠴᠤᠬᠢᠪᠠ᠃ ᠨᠠᠶᠢᠷᠠᠮᠳᠠᠯ ᠪᠠᠶᠢᠭᠤᠯᠬᠤ ᠲᠤᠬᠠᠢ ᠪᠢᠯᠢᠭᠡ ᠬᠠᠭᠠᠨ ᠤ ᠰᠠᠨᠠᠯ ᠢ ᠰᠸᠠᠨᠴᠵᠤᠨ ᠬᠠᠭᠠᠨ ᠳᠤᠷᠠᠲᠠᠢ ᠬᠦᠯᠢᠶᠡᠨ ᠠᠪᠴᠠᠢ᠃ ᠡᠨᠡᠬᠦ 720-721 ᠣᠨ ᠤ ᠳᠠᠶᠢᠨ ᠨᠢ ᠲᠦᠷᠦᠭ ᠦᠨ ᠬᠠᠭᠠᠨᠲᠤ ᠤᠯᠤᠰ ᠠᠴᠠ ᠬᠢᠲᠠᠳ ᠭᠦᠷᠦᠨ ᠲᠡᠢ ᠬᠢᠭᠰᠡᠨ ᠰᠡᠭᠦᠯᠴᠢ ᠶᠢᠨ ᠳᠠᠶᠢᠨ ᠪᠠᠶᠢᠯ᠎ᠠ᠃ ᠬᠢᠲᠠᠳ ᠤᠨ ᠡᠵᠡᠨ ᠬᠠᠭᠠᠨ ᠨᠠᠶᠢᠷᠠᠮᠳᠠᠯᠲᠤ ᠬᠠᠷᠢᠯᠴᠠᠭ᠎ᠠ ᠪᠠᠨ ᠡᠪᠳᠡᠬᠦ ᠶᠢ ᠬᠦᠰᠡᠭᠡ ᠦᠭᠡᠢ ᠡᠴᠡ ᠭᠠᠳᠠᠨ᠎ᠠ ᠪᠢᠯᠢᠭᠡ ᠬᠠᠭᠠᠨ ᠡᠮᠦᠨᠡᠬᠢ ᠺᠠᠫᠠᠭᠠᠨ ᠬᠠᠭᠠᠨ ᠤ ᠴᠢᠭᠢ ᠪᠣᠳᠣᠯᠭ᠎ᠠ ᠠᠴᠠ ᠲᠠᠲᠠᠭᠠᠯᠵᠠᠭᠰᠠᠨ ᠪᠠᠶᠢᠴᠠᠢ᠃ ᠪᠢᠯᠢᠭᠡ ᠬᠠᠭᠠᠨ ᠬᠢᠲᠠᠳ ᠲᠠᠢ ᠬᠤᠳᠠᠯᠳᠤᠭᠠᠨ ᠤ ᠬᠠᠷᠢᠯᠴᠠᠭ᠎ᠠ ᠶᠢ ᠠᠭᠠᠵᠢᠮ ᠢᠶᠠᠷ ᠥᠷᠭᠡᠳᠬᠡᠵᠦ ᠡᠵᠡᠨ ᠬᠠᠭᠠᠨ ᠤ ᠭᠡᠷ ᠪᠦᠯᠢ ᠲᠡᠢ ᠤᠷᠤᠭ ᠤᠨ ᠬᠠᠷᠢᠯᠴᠠᠭ᠎ᠠ ᠲᠣᠭᠲᠠᠭᠠᠨ ᠬᠡᠨ ᠬᠡᠨ ᠦ ᠪᠡᠨ ᠳᠣᠲᠣᠭᠠᠳᠤ ᠬᠡᠷᠡᠭ ᠲᠦ ᠣᠷᠣᠯᠴᠠᠬᠤ ᠦᠭᠡᠢ ᠪᠠᠶᠢᠬᠤ ᠶᠢ ᠴᠢᠬᠤᠯᠠᠴᠢᠯᠠᠵᠤ ᠪᠠᠶᠢᠪᠠ᠃ ᠰᠸᠠᠨᠴᠵᠤᠨ ᠬᠠᠭᠠᠨ ᠴᠤ ᠤᠮᠠᠷ᠎ᠠ ᠳᠤ ᠬᠢᠯᠢ ᠪᠡᠨ ᠲᠠᠶᠢᠪᠤᠩ ᠨᠠᠮᠵᠢᠭᠤ ᠪᠠᠶᠢᠯᠭᠠᠭᠰᠠᠨ ᠤ ᠪᠠᠨ ᠲᠥᠯᠥᠭᠡ ᠶᠡᠬᠡ ᠬᠡᠮᠵᠢᠶᠡᠨ ᠦ ᠱᠠᠩ ᠬᠠᠷᠠᠮᠵᠢ ᠬᠦᠷᠲᠡᠭᠡᠵᠦ ᠪᠠᠶᠢᠴᠠᠢ᠃ ᠵᠥᠪᠬᠡᠨ 727 ᠣᠨ ᠳᠤ ᠭᠡᠬᠦ ᠳᠦ ᠯᠠ ᠬᠢᠲᠠᠳ ᠤᠨ ᠡᠵᠡᠨ ᠬᠠᠭᠠᠨ ᠪᠢᠯᠢᠭᠡ ᠬᠠᠭᠠᠨ ᠳᠤ ᠤᠯᠠᠮᠵᠢᠯᠠᠯ ᠶᠣᠰᠣᠭᠠᠷ 30 ᠠᠭᠲᠠ ᠪᠠᠷᠢᠭᠰᠠᠨ ᠤ ᠬᠢ ᠨᠢ ᠬᠠᠷᠢᠭᠤ ᠳᠤ 100 000 ᠲᠣᠯᠣᠭᠠᠢ ᠲᠣᠷᠭ᠎ᠠ ᠪᠡᠯᠡᠭᠯᠡᠵᠦ ᠪᠠᠶᠢᠪᠠ᠃ ᠵᠥᠪᠬᠡᠨ 724 ᠣᠨ ᠳᠤ ᠬᠢᠲᠠᠳ ᠤᠨ ᠴᠡᠷᠢᠭ ᠬᠢᠳᠠᠨ ᠲᠠᠲᠠᠪᠢ ᠨᠠᠷ ᠤᠨ ᠵᠥᠷᠢᠴᠡᠯᠳᠦᠭᠡᠨ ᠳᠤ ᠲᠠᠲᠠᠪ ᠤᠨ ᠲᠠᠯ᠎ᠠ ᠳᠤ ᠲᠤᠰᠠᠯᠠᠭᠰᠠᠨ ᠤ ᠬᠢ ᠨᠢ ᠬᠠᠷᠢᠭᠤ ᠳᠤ ᠳᠣᠷᠣᠨᠠᠲᠤ ᠬᠢᠯ ᠦᠨ ᠢᠶᠡᠨ ᠠᠶᠤᠯ ᠦᠭᠡᠢ ᠪᠠᠶᠢᠳᠠᠯ ᠢ ᠰᠡᠷᠭᠡᠶᠢᠯᠡᠬᠦ ᠵᠣᠷᠢᠯᠭ᠎ᠠ ᠪᠠᠷ ᠲᠠᠲᠠᠪ ᠤᠨ ᠡᠰᠡᠷᠬᠦ ᠳᠠᠶᠢᠲᠤᠵᠤ ᠢᠯᠠᠭᠰᠠᠨ ᠶᠤᠮ᠃ ᠬᠠᠷᠢᠨ ᠬᠢᠲᠠᠳ᠂ ᠲᠦᠷᠦᠭ ᠴᠡᠷᠢᠭ ᠦᠨ ᠰᠢᠭᠤᠳ ᠮᠥᠷᠭᠥᠯᠳᠦᠭᠡᠨ ᠭᠠᠷᠴᠤ ᠪᠠᠶᠢᠭᠰᠠᠨ ᠦᠭᠡᠢ᠃ 723-724 ᠣᠨ ᠤ ᠡᠪᠦᠯ ᠴᠠᠭ ᠲᠦᠷᠦᠭ ᠦᠳ ᠦᠨ ᠬᠤᠪᠢ ᠳᠤ ᠲᠤᠩ ᠬᠦᠨᠳᠦ ᠬᠡᠴᠡᠭᠦᠦ ᠪᠠᠶᠢᠭᠰᠠᠨ ᠪᠥᠭᠡᠳ ᠵᠤᠳ ᠠᠴᠠ ᠪᠣᠯᠵᠤ ᠣᠯᠠᠨ ᠮᠠᠯ ᠢᠶᠠᠨ ᠠᠯᠠᠳᠠᠵᠠᠢ᠃ ᠬᠠᠪᠤᠷ ᠨᠢ ᠣᠭᠤᠵᠠ ᠪᠠ ᠲᠠᠲ᠋ᠠᠷ ᠲᠠᠢ ᠳᠠᠬᠢᠨ ᠪᠠᠶᠢᠯᠳᠤᠵᠤ ᠡᠬᠢᠯᠡᠭᠰᠡᠨ ᠨᠢ ᠡᠮᠦᠨᠡᠬᠢ ᠵᠢᠯ ᠦᠳ ᠦᠨ ᠣᠯᠤᠯᠲᠠ ᠠᠮᠵᠢᠯᠲᠠ ᠶᠢ ᠠᠯᠳᠠᠬᠤ ᠠᠶᠤᠯ ᠳᠤ ᠬᠦᠷᠭᠡᠪᠡ᠃ ᠠᠰᠤᠷᠤ ᠶᠡᠬᠡ ᠬᠦᠴᠦᠨ ᠴᠢᠷᠮᠠᠶᠢᠯᠲᠠ ᠭᠠᠷᠭᠠᠭᠰᠠᠨ ᠤ ᠬᠦᠴᠦᠩᠳᠡ ᠪᠣᠰᠤᠭᠴᠢᠳ ᠢ ᠳᠠᠷᠤᠵᠤ ᠳᠣᠲᠣᠭᠠᠳᠤ ᠪᠠᠶᠢᠳᠠᠯ ᠢᠶᠠᠨ ᠲᠥᠪᠰᠢᠳᠬᠡᠵᠦ ᠴᠢᠳᠠᠯ ᠢᠶᠠᠨ᠃ 727 ᠣᠨ ᠳᠤ ᠪᠢᠯᠢᠭᠡ ᠬᠠᠭᠠᠨ ᠲᠦᠪᠡᠳ ᠡᠴᠡ ᠳᠡᠪᠰᠢᠭᠦᠯᠦᠭᠰᠡᠨ ᠴᠡᠷᠢᠭ ᠦᠨ ᠬᠣᠯᠪᠣᠭ᠎ᠠ ᠪᠠᠶᠢᠭᠤᠯᠬᠤ ᠶᠠᠪᠤᠳᠠᠯ ᠠᠴᠠ ᠲᠠᠲᠠᠭᠠᠯᠵᠠᠭᠰᠠᠨ ᠤ ᠪᠠᠨ ᠱᠠᠩᠳᠠ ᠬᠢᠲᠠᠳ ᠲᠠᠢ ᠬᠢᠯᠢ ᠶᠢᠨ ᠬᠤᠳᠠᠯᠳᠤᠭ᠎ᠠ ᠦᠷᠭᠡᠳᠭᠡᠬᠦ ᠪᠣᠯᠤᠮᠵᠢ ᠪᠦᠷᠢᠳᠦᠭᠦᠯᠵᠡᠢ᠃ ᠡᠨᠡ ᠦᠶᠡᠰ ᠡᠬᠢᠯᠡᠨ ᠲᠦᠷᠦᠭ ᠦᠨ ᠬᠠᠭᠠᠨ ᠳᠤ ᠵᠢᠯ ᠪᠦᠬᠦᠨ ᠶᠡᠬᠡ ᠬᠡᠮᠵᠢᠶᠡᠨ ᠦ ᠲᠣᠷᠭ᠎ᠠ ᠪᠡᠯᠭᠡᠯᠡᠬᠦ ᠪᠣᠯᠵᠠᠢ᠃ 731 ᠣᠨ ᠳᠤ ᠺᠥᠯ-ᠲᠧᠭᠢᠨ ᠨᠠᠰᠤ ᠨᠥᠭᠴᠢᠪᠡ᠃ ᠪᠢᠯᠢᠭᠡ ᠬᠠᠭᠠᠨ ᠶᠡᠬᠡᠳᠡ ᠭᠠᠰᠢᠭᠤᠳᠠᠨ ᠲᠡᠭᠦᠨ ᠦ ᠳᠤᠷᠠᠰᠬᠠᠯ ᠳᠤ ᠰᠦᠷ ᠲᠡᠭᠦᠯᠳᠡᠷ ᠲᠠᠬᠢᠯ ᠤᠨ ᠣᠩᠭᠣᠨ ᠪᠠᠶᠢᠭᠤᠯᠤᠭᠰᠠᠨ ᠪᠠ ᠡᠨᠡ ᠶᠠᠪᠤᠳᠠᠯ ᠳᠤ ᠬᠢᠲᠠᠳ ᠤᠨ ᠬᠠᠭᠠᠨ ᠠᠴᠠ ᠲᠤᠰᠬᠠᠢ ᠡᠯᠴᠢ ᠲᠣᠮᠢᠯᠠᠨ ᠢᠯᠡᠭᠡᠵᠦ ᠭᠠᠰᠢᠭᠤᠳᠠᠯ ᠤᠨ ᠦᠭᠡ ᠬᠦᠷᠭᠡᠭᠦᠯᠬᠦ ᠶᠢᠨ ᠬᠠᠮᠲᠤ ᠴᠢᠯᠤᠤᠴᠢ ᠤᠷᠠᠴᠤᠳ ᠭᠠᠷᠭᠠᠨ ᠲᠠᠬᠢᠯ ᠤᠨ ᠰᠦᠮ᠎ᠡ ᠴᠣᠭᠴᠠᠯᠠᠵᠤ ᠦᠵᠡᠮᠵᠢᠲᠡᠢ ᠰᠠᠶᠢᠬᠠᠨ ᠢᠶᠠᠷ ᠴᠢᠮᠡᠭᠯᠡᠨ ᠬᠥᠰᠢᠭᠡᠨ ᠦ ᠦᠭᠡ ᠰᠡᠶᠢᠯᠦᠭᠦᠯᠵᠡᠢ᠃ ᠪᠢᠯᠢᠭᠡ ᠬᠠᠭᠠᠨ ᠴᠤ ᠲᠡᠳᠦᠢ ᠯᠠ ᠤᠳᠠᠭᠠᠨ ᠨᠠᠰᠤᠯᠠᠭᠰᠠᠨ ᠦᠭᠡᠢ᠂ 734 ᠣᠨ ᠳᠤ ᠰᠢᠳᠠᠷ ᠬᠦᠮᠦᠰ ᠦᠨ ᠬᠢ ᠨᠢ ᠨᠢᠭᠡ ᠪᠣᠯᠬᠤ ᠮᠡᠶᠢᠯᠤᠴᠵᠣ ᠭᠡᠭᠴᠢ ᠬᠣᠣᠷᠯᠠᠨ ᠠᠯᠠᠵᠠᠢ᠃ ᠬᠠᠭᠠᠨ ᠠᠮᠢᠰᠬᠤᠯ ᠬᠤᠷᠢᠶᠠᠬᠤ ᠶᠢᠨ ᠡᠮᠦᠨ᠎ᠡ ᠬᠣᠣᠷᠯᠠᠭᠴᠢ ᠶᠢ ᠴᠠᠭᠠᠵᠠ ᠪᠠᠷ ᠠᠪᠴᠤ ᠤᠷᠤᠭ ᠲᠥᠷᠥᠯ ᠦᠨ ᠬᠢᠨ ᠢ ᠨᠢ ᠪᠦᠭᠦᠳᠡ ᠶᠢ ᠬᠦᠢᠰᠦ ᠲᠡᠮᠲᠡᠷᠢᠨ ᠤᠰᠠᠳᠬᠠᠵᠤ ᠠᠮᠵᠢᠵᠠᠢ 1. ᠬᠢᠲᠠᠳ ᠤᠨ ᠡᠵᠡᠨ ᠬᠠᠭᠠᠨ ᠠᠴᠠ ᠡᠨᠡ ᠶᠠᠪᠤᠳᠠᠯ ᠳᠤ ᠮᠥᠨ ᠯᠠ ᠳᠡᠭᠡᠷᠡᠬᠢ ᠶᠢᠨ ᠠᠳᠠᠯᠢ ᠬᠦᠨᠳᠦᠳᠬᠡᠯ ᠦᠵᠡᠭᠦᠯᠦᠭᠰᠡᠨ ᠪᠠᠶᠢᠨ᠎ᠠ᠃ ᠲᠦᠷᠦᠭ ᠦᠨ ᠲᠡᠦᠬᠡ ᠶᠢᠨ ᠡᠨᠡᠬᠦ ᠳᠣᠭᠰᠢᠨ ᠰᠢᠷᠦᠭᠦᠨ ᠳᠤᠤᠯᠢᠶᠠᠨᠲᠤ ᠣᠨ ᠴᠠᠭ ᠤᠨ ᠲᠡᠦᠬᠡ ᠶᠢ ᠪᠦᠲᠦᠭᠡᠯᠴᠡᠵᠦ ᠶᠠᠪᠤᠭᠰᠠᠨ ᠠᠬ᠎ᠠ ᠳᠡᠭᠦᠦ ᠬᠣᠶᠠᠷ ᠤᠨ ᠲᠠᠬᠢᠯ ᠤᠨ ᠣᠩᠭᠣᠨ ᠡᠳᠦᠭᠡ ᠣᠷᠬᠣᠨ ᠤ ᠬᠥᠰᠢᠶ᠎ᠡ ᠴᠠᠶᠢᠳᠠᠮ ᠍ ᠤᠨ ᠬᠥᠨᠳᠡᠢ ᠳᠤ ᠣᠨ ᠵᠢᠯ ᠦᠨ ᠤᠷᠲᠤ ᠶᠢ ᠳᠠᠪᠠᠵᠤ ᠬᠠᠳᠠᠭᠠᠯᠠᠭᠳᠠᠨ ᠦᠯᠡᠳᠡᠭᠰᠡᠨ ᠨᠢ ᠥᠪᠡᠷᠰᠡᠳ ᠦᠨ ᠲᠡᠦᠬᠡ ᠪᠡᠨ ᠥᠪᠡᠷᠰᠡᠳ ᠦᠨ ᠭᠠᠷ ᠢᠶᠠᠷ ᠲᠤᠭᠤᠷᠪᠢᠨ ᠦᠯᠡᠳᠡᠭᠡᠭᠰᠡᠨ ᠦ ᠪᠡᠶ᠎ᠡ ᠳᠦ ᠳᠤᠷᠠᠰᠬᠠᠯ ᠪᠣᠯᠤᠨ ᠮᠥᠩᠬᠡᠷᠡᠴᠡᠢ᠃

ᠲᠦᠷᠦᠭ ᠦᠨ ᠬᠣᠵᠢᠭᠤ ᠬᠠᠭᠠᠨᠲᠤ ᠤᠯᠤᠰ ᠤᠨ ᠮᠥᠬᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠯᠢᠭᠡ ᠬᠠᠭᠠᠨ ᠤ ᠣᠷᠣ ᠶᠢ ᠵᠠᠯᠭᠠᠭᠰᠠᠨ ᠲᠡᠭᠦᠨ ᠦ ᠬᠥᠪᠡᠭᠦᠳ ᠢᠵᠠᠨᠢ ᠬᠠᠭᠠᠨ (734-739) ᠪᠠ ᠲᠩᠷᠢ ᠬᠠᠭᠠᠨ (740-741) ᠡᠴᠢᠭᠡ ᠶᠢᠨ ᠢᠶᠡᠨ ᠪᠣᠳᠣᠯᠭ᠎ᠠ ᠶᠢ ᠦᠷᠭᠦᠯᠵᠢᠯᠡᠭᠦᠯᠬᠦ ᠶᠢ ᠵᠣᠷᠢᠪᠠ᠃ ᠭᠡᠪᠡᠴᠦ 741 ᠣᠨ ᠳᠤ ᠬᠠᠭᠠᠨᠲᠤ ᠤᠯᠤᠰ ᠤᠨ ᠵᠠᠳᠠᠷᠠᠯ ᠡᠬᠢᠯᠡᠭᠰᠡᠨ ᠪᠥᠭᠡᠳ ᠬᠠᠷᠢᠶᠠᠲᠤ ᠨᠤᠲᠤᠭ ᠤᠳ ᠢ ᠵᠠᠬᠢᠷᠤᠨ ᠰᠠᠭᠤᠭᠰᠠᠨ ᠠᠰᠢᠨ᠎ᠠ ᠣᠪᠤᠭ ᠤᠨ ᠵᠠᠰᠠᠭ ᠨᠣᠶᠠᠳ ᠲᠥᠪ ᠵᠠᠰᠠᠭ ᠤᠨ ᠭᠠᠵᠠᠷ ᠲᠤ ᠪᠠᠨ ᠵᠠᠬᠢᠷᠤᠭᠳᠠᠬᠤ ᠪᠠᠨ ᠪᠣᠯᠢᠵᠤ ᠡᠬᠢᠯᠡᠪᠡ᠃ ᠨᠠᠰᠤᠨ ᠪᠠᠯᠴᠢᠷ ᠲᠩᠷᠢ ᠬᠠᠭᠠᠨ ᠢ ᠲᠡᠭᠦᠨ ᠦ ᠠᠪᠠᠭ᠎ᠠ ᠠᠬ᠎ᠠ ᠺᠢᠲᠦᠯᠦᠭ ᠶᠠᠪᠧᠭᠤ ᠬᠣᠷᠢᠶᠠᠵᠤ ᠬᠠᠭᠠᠨ ᠤ ᠡᠷᠬᠡ ᠶᠢ ᠪᠤᠯᠢᠶᠠᠨ ᠠᠪᠤᠭᠰᠠᠨ ᠪᠠᠶᠢᠨ᠎ᠠ᠃ ᠤᠶᠢᠭᠤᠷ᠂ ᠪᠠᠰᠠᠮ ᠤᠯ᠂ ᠺᠠᠷᠯᠤᠺ ᠤᠨ ᠬᠣᠯᠪᠣᠭ᠎ᠠ ᠲᠠᠢ ᠳᠠᠶᠢᠨ ᠡᠬᠢᠯᠡᠵᠦ ᠡᠨᠡ ᠳᠠᠶᠢᠨ ᠳᠤ ᠺᠢᠲᠦᠯᠦᠭ ᠶᠠᠪᠧᠭᠤ ᠠᠮᠢᠶ᠎ᠠ ᠠᠯᠠᠳᠠᠵᠠᠢ᠃ ᠡᠶᠢᠨᠬᠦᠦ 745 ᠣᠨ ᠳᠤ ᠲᠦᠷᠦᠭ ᠦᠨ ᠬᠠᠭᠠᠨᠲᠤ ᠤᠯᠤᠰ ᠡᠴᠦᠰᠯᠡᠨ ᠮᠥᠬᠥᠪᠡ᠃ ᠭᠠᠵᠠᠷ ᠨᠤᠲᠤᠭ ᠤᠨ ᠢᠶᠠᠨ ᠵᠠᠷᠢᠮ ᠬᠡᠰᠡᠭ ᠢ ᠬᠠᠳᠠᠭᠠᠯᠠᠨ ᠦᠯᠡᠳᠡᠭᠰᠡᠨ ᠲᠦᠷᠦᠭ ᠦᠨ ᠠᠶᠢᠮᠠᠭ ᠣᠪᠤᠭ ᠤᠳ ᠬᠣᠵᠢᠮ ᠤᠨ ᠲᠡᠦᠬᠡᠨ ᠦᠢᠯᠡ ᠶᠠᠪᠤᠳᠠᠯ ᠳᠤ ᠮᠡᠳᠡᠭᠳᠡᠬᠦᠶᠢᠴᠡ ᠡᠭᠦᠷᠭᠡ ᠭᠦᠢᠴᠡᠳᠭᠡᠵᠦ ᠴᠢᠳᠠᠭᠰᠠᠨ ᠦᠭᠡᠢ᠃ ᠪᠢᠯᠢᠭᠡ ᠬᠠᠭᠠᠨ ᠤ ᠠᠪᠴᠤ ᠶᠠᠪᠤᠭᠤᠯᠤᠭᠰᠠᠨ ᠠᠷᠭ᠎ᠠ ᠬᠡᠮᠵᠢᠶ᠎ᠡ ᠨᠦᠭᠦᠳ ᠨᠢ ᠲᠦᠷᠦᠭ ᠤᠯᠤᠰ ᠢ ᠲᠦᠷ ᠵᠠᠭᠤᠷ᠎ᠠ ᠰᠡᠷᠭᠦᠭᠡᠨ ᠡᠳ᠋ ᠍ ᠦᠨ ᠵᠠᠰᠠᠭ ᠤᠯᠤᠰ ᠲᠥᠷᠥ ᠶᠢᠨ ᠬᠦᠨᠳᠦ ᠪᠠᠶᠢᠳᠠᠯ ᠠᠴᠠ ᠭᠠᠷᠭᠠᠭᠰᠠᠨ ᠶᠤᠮ᠃ ᠡᠨᠡ ᠦᠶ᠎ᠡ ᠶᠢᠨ ᠲᠥᠷᠥ ᠶᠢᠨ ᠪᠣᠳᠣᠯᠭ᠎ᠠ ᠳᠤ ᠲᠦᠷᠦᠭ ᠤᠯᠤᠰ ᠤᠨ ᠭᠤᠷᠪᠠᠨ ᠬᠠᠭᠠᠨ ᠤ ᠲᠥᠷᠥ ᠶᠢᠨ ᠵᠦᠪᠳᠡᠬᠦ ᠠᠰᠠᠨ ᠮᠡᠷᠭᠡᠨ ᠲᠣᠨᠢᠶᠤᠶᠢᠺᠦᠶᠢᠺ ᠶᠡᠬᠡ ᠡᠭᠦᠷᠭᠡ ᠲᠡᠢ ᠪᠠᠶᠢᠴᠠᠢ᠃

ᠲᠦᠷᠦᠭ ᠦᠨ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠨᠢᠶᠤᠶᠢᠺᠦᠶᠢᠺ ᠤᠨ ᠳᠤᠷᠠᠰᠬᠠᠯ ᠳᠤ ᠵᠣᠷᠢᠭᠤᠯᠤᠨ ᠪᠦᠲᠦᠭᠡᠭᠰᠡᠨ ᠬᠣᠶᠠᠷ ᠲᠣᠮᠣ ᠭᠡᠷᠡᠯᠲᠦ ᠬᠥᠰᠢᠶ᠎ᠡ ᠪᠦᠬᠦᠢ ᠣᠩᠭᠣᠨ ᠲᠠᠬᠢᠯ ᠤᠨ ᠰᠦᠮ᠎ᠡ ᠲᠥᠪ ᠠᠶᠢᠮᠠᠭ ᠤᠨ ᠡᠷᠳᠡᠨᠢ ᠰᠤᠮᠤ ᠶᠢᠨ ᠨᠤᠲᠤᠭ ᠲᠤ ᠥᠨᠥ ᠶᠢ ᠬᠦᠷᠲᠡᠯ᠎ᠡ ᠬᠠᠳᠠᠭᠠᠯᠠᠭᠳᠠᠨ ᠦᠯᠡᠳᠡᠵᠡᠢ᠃ᠲᠣᠨᠢᠶᠤᠶᠢᠺᠦᠶᠢᠺ ᠨᠢ ᠲᠤᠬᠠᠢ ᠶᠢᠨ ᠦᠶ᠎ᠡ ᠳᠦ ᠲᠦᠷᠦᠭ ᠤᠯᠤᠰ ᠬᠢᠲᠠᠳ ᠠᠴᠠ ᠪᠤᠳ᠋ᠳ᠋ᠾᠠ ᠶᠢᠨ ᠪᠣᠯᠤᠨ ᠪᠣᠮᠪᠣ ᠶᠢᠨ ᠱᠠᠰᠢᠨ ᠠᠪᠴᠤ ᠲᠦᠷᠦᠭ ᠦᠨ ᠬᠦᠮᠦᠨ ᠠᠮᠠ ᠨᠣᠮᠣᠬᠠᠷᠠᠨ ᠵᠥᠭᠡᠯᠡᠷᠡᠵᠦ ᠬᠢᠲᠠᠳᠴᠢᠯᠠᠭᠳᠠᠬᠤ ᠠᠴᠠ ᠲᠤᠩ ᠶᠡᠬᠡ ᠰᠡᠷᠭᠡᠶᠢᠯᠡᠵᠦ ᠪᠠᠶᠢᠭᠰᠠᠨ ᠤ ᠵᠡᠷᠭᠡᠴᠡᠭᠡ ᠲᠡᠳᠡᠨ ᠦ ᠴᠡᠷᠢᠭ ᠵᠡᠪᠰᠡᠭ ᠦᠨ ᠬᠦᠴᠦ ᠶᠢ ᠪᠣᠳᠠᠲᠠᠢ ᠵᠥᠪ ᠦᠨᠡᠯᠡᠵᠦ ᠰᠢᠭᠤᠳ ᠬᠠᠯᠠᠳᠠᠨ ᠳᠣᠪᠲᠣᠯᠬᠤ ᠠᠴᠠ ᠵᠠᠶᠢᠯᠠᠰᠬᠢᠨ ᠨᠠᠶᠢᠷᠠᠮᠳᠠᠯ ᠤᠨ ᠭᠡᠷ᠎ᠡ ᠪᠠᠶᠢᠭᠤᠯᠬᠤ ᠶᠢ ᠵᠥᠪᠯᠡᠵᠦ ᠪᠠᠶᠢᠯ᠎ᠠ᠃ ᠲᠤᠬᠠᠢ ᠶᠢᠨ ᠦᠶ᠎ᠡ ᠳᠦ ᠲᠦᠷᠦᠭ ᠤᠯᠤᠰ ᠬᠦᠴᠦᠷᠬᠡᠭ ᠪᠠᠶᠢᠭᠰᠠᠨ ᠢ ᠪᠢᠯᠢᠭᠡ ᠬᠠᠭᠠᠨ ᠤ ᠦᠨᠡᠨᠴᠢ ᠰᠢᠳᠤᠷᠭᠤ ᠡᠶᠡᠪᠡᠷᠭᠦᠦ ᠰᠡᠳᠬᠢᠯ᠂ ᠺᠥᠯ-ᠲᠧᠭᠢᠨ ᠦ ᠴᠡᠷᠢᠭ ᠦᠨ ᠤᠷ᠎ᠠ ᠴᠢᠳᠠᠪᠤᠷᠢ᠂ ᠲᠣᠨᠢᠶᠤᠶᠢᠺᠦᠶᠢᠺ ᠤᠨ ᠡᠷ᠎ᠡ ᠵᠣᠷᠢᠭ᠂ ᠲᠤᠷᠰᠢᠯᠭ᠎ᠠ ᠤᠬᠠᠭᠠᠨᠲᠠᠢ ᠬᠣᠯᠪᠣᠨ ᠦᠵᠡᠳᠡᠭ ᠪᠠᠶᠢᠨ᠎ᠠ᠃ ᠤᠯᠤᠰ ᠲᠥᠷᠥ ᠶᠢᠨ ᠡᠳᠡᠭᠡᠷ ᠮᠡᠷᠭᠡᠨ ᠪᠣᠳᠣᠯᠭᠠᠲᠠᠨ ᠨᠤᠭᠤᠳ ᠤᠨ ᠦᠢᠯᠡ ᠠᠵᠢᠯᠯᠠᠭᠠᠨ ᠤ ᠳᠦᠩ ᠳᠦ ᠲᠦᠷᠦᠭ ᠤᠯᠤᠰ ᠨᠢᠭᠡᠨ ᠦᠶ᠎ᠡ ᠰᠡᠷᠭᠦᠨ ᠡᠳ᠋ ᠍ ᠦᠨ ᠵᠠᠰᠠᠭ᠂ ᠤᠯᠤᠰ ᠲᠥᠷᠥ ᠶᠢᠨ ᠬᠦᠨᠳᠦ ᠪᠠᠶᠢᠳᠠᠯ ᠠᠴᠠ ᠭᠠᠷᠴᠤ ᠴᠢᠳᠠᠭᠰᠠᠨ ᠠᠪᠴᠤ ᠴᠢᠨᠠᠭᠰᠢᠳᠠ ᠤᠳᠠᠭᠠᠨ ᠨᠠᠰᠤᠯᠠᠭᠰᠠᠨ ᠦᠭᠡᠢ᠃ ᠵᠡᠪᠰᠡᠭ ᠦᠨ ᠬᠦᠴᠦ ᠪᠡᠷ ᠨᠢᠭᠡᠳᠬᠡᠨ ᠠᠪᠤᠭᠰᠠᠨ ᠣᠪᠤᠭ ᠠᠶᠢᠮᠠᠭ ᠤᠳ ᠲᠤ ᠡᠳ᠋ ᠍ ᠦᠨ ᠵᠠᠰᠠᠭ ᠤᠨ ᠬᠣᠯᠪᠣᠭ᠎ᠠ ᠲᠣᠭᠲᠠᠭᠠᠵᠤ ᠴᠢᠳᠠᠭ᠎ᠠ ᠦᠭᠡᠢ᠂ ᠢᠵᠠᠭᠤᠷᠲᠠᠨ ᠨᠣᠶᠠᠳ ᠳᠠᠶᠢᠨ ᠤ ᠬᠥᠯ ᠢᠶᠡᠷ ᠤᠯᠤᠰ ᠲᠥᠷᠥ ᠶᠢᠨ ᠡᠷᠬᠡ᠂ ᠬᠦᠴᠦᠨ ᠴᠢᠳᠠᠯ ᠢᠶᠠᠨ ᠡᠷᠡᠰ ᠨᠡᠮᠡᠭᠳᠡᠭᠦᠯᠦᠭᠰᠡᠨ ᠨᠢ ᠲᠡᠳᠡᠨ ᠢ ᠲᠤᠰᠠᠭᠠᠷ ᠲᠣᠭᠲᠠᠨᠢᠬᠤ ᠪᠣᠳᠣᠯᠭ᠎ᠠ ᠶᠠᠪᠤᠭᠤᠯᠬᠤ ᠳᠤ ᠬᠦᠷᠭᠡᠭᠰᠡᠨ᠂ ᠲᠡᠷᠡᠴᠢᠯᠡᠨ ᠡᠵᠡᠯᠡᠭᠳᠡᠭᠰᠡᠨ ᠠᠶᠢᠮᠠᠭ ᠶᠠᠰᠤᠲᠠᠨ ᠨᠤᠭᠤᠳ ᠤᠨ ᠡᠷᠬᠡ ᠴᠢᠯᠦᠭᠡᠨ ᠦ ᠬᠥᠳᠡᠯᠭᠡᠭᠡᠨᠵᠡᠷᠭᠡ ᠨᠢ ᠲᠦᠷᠦᠭ ᠤᠯᠤᠰ ᠤᠨᠠᠬᠤ ᠶᠢᠨ ᠭᠣᠣᠯ ᠰᠢᠯᠲᠠᠭᠠᠨ ᠪᠣᠯᠵᠠᠢ᠃ ᠲᠦᠷᠦᠭ ᠦᠨ ᠠᠵᠤ ᠠᠬᠤᠢ᠃ ᠲᠦᠷᠦᠭ ᠦᠳ ᠨᠡᠭᠦᠳᠡᠯ ᠦᠨ ᠮᠠᠯ ᠠᠵᠤ ᠠᠬᠤᠢ ᠭᠣᠣᠯᠯᠠᠨ ᠡᠷᠬᠢᠯᠡᠳᠡᠭ ᠪᠠᠶᠢᠴᠠᠢ᠃ ᠬᠢᠲᠠᠳ ᠰᠤᠷᠪᠤᠯᠵᠢ ᠳᠤ ᠲᠡᠳᠡᠨ ᠢ ᠮᠠᠶᠢᠬᠠᠨ᠂ ᠢᠰᠡᠭᠡᠢ ᠭᠡᠷ ᠲᠦ ᠰᠠᠭᠤᠵᠤ ᠡᠪᠡᠰᠦ ᠤᠰᠤᠨ ᠤ ᠠᠶ᠎ᠠ ᠶᠢ ᠳᠠᠭᠠᠨ ᠨᠢᠭᠡ ᠭᠠᠵᠠᠷ ᠠᠴᠠ ᠨᠥᠭᠥᠭᠡ ᠭᠠᠵᠠᠷ ᠲᠤ ᠨᠡᠭᠦᠳᠡᠯᠯᠡᠳᠡᠭ᠂ ᠮᠠᠯ ᠠᠵᠤ ᠠᠬᠤᠢ᠂ ᠠᠨ ᠭᠥᠷ ᠢᠶᠡᠨ ᠡᠷᠬᠢᠯᠡᠨ ᠮᠢᠬ᠎ᠠ ᠪᠠᠷ ᠬᠣᠭᠣᠯᠠᠯᠠᠵᠤ ᠠᠶᠢᠷᠠᠭ ᠤᠤᠭᠤᠬᠤ ᠪᠠ ᠠᠷᠠᠰᠤ ᠨᠣᠣᠰᠣᠨ ᠬᠤᠪᠴᠠᠰᠤ ᠡᠮᠦᠰᠳᠡᠭ ᠬᠡᠮᠡᠨ ᠦᠭᠦᠯᠡᠵᠡᠢ᠃ ᠲᠡᠭᠦᠨᠴᠢᠯᠡᠨ ᠡᠷᠲᠡᠨ ᠦ ᠲᠦᠷᠦᠭ ᠦᠨ ᠬᠥᠰᠢᠭᠡᠨ ᠦ ᠪᠢᠴᠢᠭᠡᠰᠦᠨ ᠳᠦ ᠲᠦᠷᠦᠭ ᠦᠨ ᠪᠠᠶᠠᠨ ᠢᠵᠠᠭᠤᠷᠲᠠᠨ ᠬᠦᠮᠦᠨ ᠬᠡᠳᠦ ᠬᠡᠴᠢᠨᠡᠨ ᠠᠳᠤᠭᠤ ᠲᠠᠢ ᠪᠠᠶᠢᠭᠰᠠᠨ ᠲᠤᠬᠠᠢ ᠴᠤ ᠪᠢᠴᠢᠭᠰᠡᠨ ᠵᠦᠢᠯ ᠪᠤᠢ᠃ ᠡᠭᠦᠨ ᠡᠴᠡ ᠦᠵᠡᠬᠦ ᠳᠦ ᠨᠡᠭᠦᠳᠡᠯ ᠦᠨ ᠮᠠᠯ ᠠᠵᠤ ᠠᠬᠤᠢ ᠲᠡᠳᠡᠨ ᠦ ᠡᠷᠬᠢᠯᠡᠬᠦ ᠭᠣᠣᠯ ᠠᠵᠢᠯ ᠪᠠᠶᠢᠭᠰᠠᠨ ᠪᠠ ᠡᠨᠡ ᠨᠢ ᠡᠷᠲᠡᠨ ᠦ ᠰᠤᠳᠤᠯᠤᠯ ᠤᠨ ᠣᠯᠳᠠᠪᠤᠷᠢ ᠪᠠᠷ ᠴᠤ ᠨᠣᠲᠠᠯᠠᠭᠳᠠᠳᠠᠭ ᠶᠤᠮ᠃ ᠡᠭᠦᠨ ᠳᠦ᠂ ᠡᠷᠲᠡᠨ ᠦ ᠲᠦᠷᠦᠭ ᠦᠨ ᠦᠶ᠎ᠡ ᠶᠢᠨ ᠪᠤᠯᠠᠰᠢᠨ ᠳᠤ᠂ ᠤᠨᠤᠵᠤ ᠶᠠᠪᠤᠭᠰᠠᠨ ᠮᠣᠷᠢ ᠶᠢ ᠨᠢ ᠡᠮᠡᠭᠡᠯ᠂ ᠬᠠᠵᠠᠭᠠᠷ᠂ ᠲᠣᠨᠣᠭ ᠬᠡᠷᠡᠭᠰᠡᠯ ᠦᠨ ᠬᠠᠮᠲᠤ ᠳᠠᠭᠠᠯᠳᠤᠭᠤᠯᠤᠨ ᠲᠠᠯᠪᠢᠳᠠᠭ ᠨᠡᠶᠢᠲᠡᠯᠢᠭ ᠵᠠᠩᠰᠢᠯ ᠬᠠᠷᠠᠭᠳᠠᠳᠠᠭ ᠪᠢᠯᠡ᠃ ᠲᠦᠷᠦᠭ ᠦᠳ ᠠᠯᠲᠠᠢ ᠠᠴᠠ ᠠᠩᠬ᠎ᠠ ᠭᠠᠷᠬᠤ ᠦᠶᠡᠰ ᠭᠠᠵᠠᠷ ᠲᠠᠷᠢᠶᠠᠯᠠᠩ ᠡᠷᠬᠢᠯᠡᠵᠦ ᠪᠠᠶᠢᠭᠰᠠᠨ ᠪᠠ ᠬᠣᠵᠢᠮ ᠣᠷᠬᠣᠨ ᠳᠤ ᠲᠥᠪᠯᠡᠨ ᠰᠠᠭᠤᠬᠤ ᠳᠤ ᠪᠠᠨ ᠡᠨᠡᠬᠦ ᠤᠯᠠᠮᠵᠢᠯᠠᠯ ᠢᠶᠠᠨ ᠦᠷᠭᠦᠯᠵᠢᠯᠡᠭᠦᠯᠦᠨ ᠪᠦᠷ ᠥᠷᠭᠡᠨ ᠬᠡᠮᠵᠢᠶ᠎ᠡ ᠪᠡᠷ ᠲᠠᠷᠢᠶᠠᠯᠠᠬᠤ ᠣᠷᠣᠯᠳᠤᠯᠭ᠎ᠠ ᠴᠤ ᠭᠠᠷᠴᠤ ᠪᠠᠶᠢᠴᠠᠢ᠃ ᠲᠤᠬᠠᠶᠢᠯᠠᠪᠠᠯ᠂ ᠮᠣᠵᠣ ᠬᠠᠭᠠᠨ ᠬᠢᠲᠠᠳ ᠠᠴᠠ 100 000 ᠬᠤ ᠦᠷ᠎ᠡ᠂ 3000 ᠲᠠᠷᠢᠶᠠᠯᠠᠩ ᠤᠨ ᠪᠠᠭᠠᠵᠢ ᠵᠡᠪᠰᠡᠭ ᠱᠠᠭᠠᠷᠳᠠᠵᠤ ᠪᠠᠶᠢᠭᠰᠠᠨ ᠮᠡᠳᠡᠭᠡ ᠪᠤᠢ᠃ ᠲᠦᠷᠦᠭ ᠦᠨ ᠳᠤᠷᠠᠰᠬᠠᠯ ᠮᠠᠯᠲᠠᠨ ᠰᠤᠳᠤᠯᠬᠤ ᠳᠤ ᠲᠠᠷᠢᠶᠠᠨ ᠤ ᠠᠵᠢᠯ ᠤᠨᠨ ᠪᠠᠭᠠᠵᠢ᠂ ᠰᠠᠪᠠ ᠰᠠᠭᠤᠯᠠᠭ᠎ᠠ ᠶᠢᠨ ᠵᠦᠢᠯᠡᠰ ᠣᠯᠳᠠᠳᠠᠭ᠃ ᠭᠡᠪᠡᠴᠦ ᠨᠡᠭᠦᠳᠡᠯ ᠦᠨ ᠮᠠᠯ ᠠᠵᠤ ᠠᠬᠤᠢ ᠭᠣᠣᠯᠯᠠᠨ ᠡᠷᠬᠢᠯᠡᠵᠦ ᠦᠷᠭᠦᠯᠵᠢ ᠨᠡᠭᠦᠵᠦ ᠪᠠᠶᠢᠳᠠᠭ᠂ ᠴᠠᠭ ᠦᠷᠭᠦᠯᠵᠢ ᠶᠢᠨ ᠳᠠᠶᠢᠨ ᠲᠤᠯᠤᠭᠠᠨ ᠬᠢᠭᠡᠳ ᠣᠷᠣᠨ ᠨᠤᠲᠤᠭ ᠤᠨ ᠪᠠᠶᠢᠭᠠᠯ᠂ ᠭᠠᠵᠠᠷ ᠵᠦᠢ ᠶᠢᠨ ᠣᠨᠴᠠᠯᠢᠭ ᠠᠴᠠ ᠰᠢᠯᠲᠠᠭᠠᠯᠠᠨ ᠭᠠᠵᠠᠷ ᠲᠠᠷᠢᠶᠠᠯᠠᠩ ᠨᠢ ᠮᠠᠯ ᠠᠵᠤ ᠠᠬᠤᠢ ᠰᠢᠭ ᠨᠡᠶᠢᠲᠡ ᠶᠢ ᠬᠠᠮᠤᠷᠤᠨ ᠥᠷᠭᠡᠨ ᠬᠡᠮᠵᠢᠶ᠎ᠡ ᠪᠡᠷ ᠬᠥᠭᠵᠢᠵᠦ ᠴᠢᠳᠠᠭ᠎ᠠ ᠦᠭᠡᠢ ᠪᠠᠶᠢᠨ᠎ᠠ᠃ ᠲᠦᠷᠦᠭ ᠦᠨ ᠠᠵᠤ ᠠᠬᠤᠢ ᠶᠢᠨ ᠲᠤᠰᠯᠠᠬᠤ ᠴᠢᠨᠠᠷ ᠤᠨ ᠨᠢᠭᠡ ᠰᠠᠯᠪᠤᠷᠢ ᠨᠢ ᠠᠨ ᠭᠥᠷᠦᠭᠡᠨ ᠦ ᠠᠵᠢᠯ ᠪᠠᠶᠢᠪᠠ᠃ ᠲᠡᠷᠡ ᠦᠶ᠎ᠡ ᠶᠢᠨ ᠪᠤᠯᠠᠰᠢᠨ ᠠᠴᠠ ᠪᠤᠭᠤ᠂ ᠶᠠᠩᠭᠢᠷ᠂ ᠬᠠᠨᠳᠠᠭᠠᠢ ᠶᠢᠨ ᠡᠪᠡᠷ ᠢᠶᠡᠷ ᠬᠢᠭᠰᠡᠨ ᠡᠳ᠋ᠯᠡᠯ ᠬᠡᠷᠡᠭᠯᠡᠯ ᠦᠨ ᠵᠦᠢᠯ ᠣᠯᠳᠠᠳᠠᠭ ᠨᠢ ᠬᠦᠨᠡᠰᠦ ᠲᠡᠵᠢᠭᠡᠯ ᠦᠨ ᠵᠠᠷᠢᠮ ᠬᠡᠷᠡᠭᠴᠡᠭᠡ ᠶᠢ ᠠᠨ ᠭᠥᠷᠥᠭᠡ ᠪᠡᠷ ᠬᠠᠩᠭᠠᠵᠤ ᠪᠠᠶᠢᠭᠰᠠᠨ ᠢ ᠭᠡᠷᠡᠴᠢᠯᠡᠳᠡᠭ᠃ ᠭᠥᠷᠦᠭᠡᠯᠡᠭᠰᠡᠨ ᠠᠨ ᠠᠮᠢᠲᠠᠨ ᠤ ᠪᠠᠨ ᠮᠢᠬ᠎ᠠ ᠶᠢ ᠨᠢ ᠢᠳᠡᠵᠦ ᠠᠷᠠᠰᠤ ᠰᠢᠷᠢᠢ ᠠ ᠶᠢ ᠨᠢ ᠬᠤᠪᠴᠠᠰᠤ ᠬᠢᠬᠦ᠂ ᠭᠡᠷ ᠣᠷᠣᠨ ᠢᠶᠠᠨ ᠪᠥᠷᠢᠬᠦ ᠳᠦ ᠬᠡᠷᠡᠭᠯᠡᠳᠡᠭ ᠪᠠᠶᠢᠴᠠᠢ᠃ ᠲᠡᠭᠦᠨ ᠦ ᠬᠠᠮᠲᠤ ᠦᠨᠡᠲᠦ ᠦᠰᠦᠯᠢᠭ ᠠᠩᠬᠢ ᠶᠢᠨ ᠠᠷᠠᠰᠤ ᠶᠢ ᠬᠤᠪᠴᠠᠰᠤᠨ ᠳᠤ ᠬᠡᠷᠡᠭᠯᠡᠬᠦ᠂ ᠠᠯᠪᠠ ᠲᠠᠲᠠᠪᠤᠷᠢ ᠠᠪᠬᠤ᠂ ᠬᠤᠳᠠᠯᠳᠤᠭ᠎ᠠ ᠠᠷᠠᠯᠵᠢᠶᠠᠨ ᠳᠤ ᠭᠠᠷᠭᠠᠬᠤ ᠵᠡᠷᠭᠡ ᠪᠡᠷ ᠠᠰᠢᠭᠯᠠᠳᠠᠭ ᠪᠠᠶᠢᠪᠠ᠃ ᠨᠡᠶᠢᠲᠡ ᠲᠥᠪ ᠠᠽᠢᠶ᠎ᠠ ᠶᠢᠨ ᠨᠡᠭᠦᠳᠡᠯᠴᠢᠨ ᠠᠶᠢᠮᠠᠭ ᠤᠳ ᠤᠨ ᠨᠢᠭᠡᠨ ᠠᠳᠠᠯᠢ ᠠᠪ ᠭᠥᠷ ᠢᠶᠡᠨ ᠨᠢ ᠠᠵᠤ ᠠᠬᠤᠢ ᠶᠢᠨ ᠠᠴᠢ ᠬᠣᠯᠪᠣᠭᠳᠠᠯ ᠲᠠᠢ ᠠᠴᠠ ᠭᠠᠳᠠᠨ᠎ᠠ ᠳᠠᠶᠢᠨ ᠪᠠᠶᠢᠯᠳᠤᠭᠠᠨ ᠤ ᠪᠡᠯᠡᠳᠬᠡᠯ ᠰᠤᠷᠭᠠᠭᠤᠯᠢ ᠪᠣᠯᠳᠠᠭ ᠪᠠᠶᠢᠴᠠᠢ᠃ ᠮᠠᠨ ᠤ ᠣᠷᠣᠨ ᠳᠤ ᠪᠤᠢ ᠬᠠᠳᠠᠨ ᠤ ᠵᠢᠷᠤᠭ ᠤᠨ ᠳᠣᠲᠣᠷ᠎ᠠ ᠨᠤᠮᠤ ᠰᠤᠮᠤ ᠪᠠᠷ ᠭᠥᠷ ᠡᠴᠡ ᠠᠪᠠᠯᠠᠵᠤ ᠪᠠᠶᠢᠭ᠎ᠠ ᠶᠢ ᠳᠦᠷᠰᠦᠯᠡᠭᠰᠡᠨ ᠵᠦᠢᠯ ᠪᠠᠶᠢᠬᠤ ᠶᠢᠨ ᠬᠠᠮᠲᠤ ᠪᠤᠯᠠᠰᠢᠨ ᠠᠴᠠ ᠠᠨ ᠠᠮᠢᠲᠠᠨ ᠤ ᠶᠠᠰᠤ ᠡᠯᠪᠡᠭ ᠣᠯᠳᠠᠳᠠᠭ ᠪᠢᠯᠡ᠃ ᠲᠦᠷᠦᠭ ᠦᠳ Y ᠵᠠᠭᠤᠨ ᠤ ᠦᠶ᠎ᠡ ᠳᠦ ᠠᠯ ᠲᠠᠢ ᠪᠠᠷ ᠨᠤᠲᠤᠭᠯᠠᠨ ᠨᠢᠷᠤᠨ ᠤ ᠬᠠᠷᠢᠶᠠᠨ ᠳᠤ ᠪᠠᠶᠢᠬᠤ ᠦᠶᠡᠰ ᠢᠶᠡᠨ ᠲᠡᠮᠦᠷ ᠦᠨ ᠬᠥᠳᠡᠷ ᠮᠠᠯᠲᠠᠨ ᠪᠣᠯᠪᠠᠰᠤᠷᠠᠭᠤᠯᠵᠤ᠂ ᠲᠡᠮᠦᠷ ᠡᠳ᠋ᠯᠡᠯ ᠢᠶᠡᠷ ᠠᠯᠪᠠ ᠪᠠᠷᠢᠳᠠᠭ ᠪᠠᠶᠢᠭᠰᠠᠨ ᠪᠠ ᠡᠷᠲᠡᠨ ᠦ ᠪᠤᠯᠠᠰᠢ ᠣᠷᠣᠰᠢᠭᠤᠯᠭ᠎ᠠ ᠠᠴᠠ᠂ ᠲᠡᠮᠦᠷ ᠦᠨ ᠳᠠᠷᠬᠠᠨ ᠤ ᠠᠵᠢᠯ ᠬᠢᠵᠦ ᠪᠠᠶᠢᠭᠰᠠᠨ ᠢ ᠭᠡᠷᠡᠴᠢᠯᠡᠬᠦ ᠪᠡᠶᠡᠲᠦ ᠬᠡᠷᠡᠭᠯᠡᠭᠳᠡᠬᠦᠨ ᠶᠡᠬᠡ ᠣᠯᠳᠠᠳᠠᠭ᠃ ᠲᠦᠷᠦᠭ ᠦᠨ ᠲᠡᠮᠦᠷ ᠬᠠᠶᠢᠯᠠᠬᠤ ᠠᠵᠢᠯ ᠤᠨᠨ ᠴᠢᠨᠠᠷ᠂ ᠲᠥᠪᠰᠢᠨ ᠢ᠂ ᠲᠡᠷᠡ ᠦᠶ᠎ᠡ ᠶᠢᠨ ᠪᠤᠯᠠᠰᠢᠨ ᠠᠴᠠ ᠣᠯᠳᠠᠭᠰᠠᠨ ᠲᠡᠮᠦᠷ ᠡᠳ᠋ᠯᠡᠯ᠂ ᠵᠡᠷ ᠵᠡᠪᠰᠡᠭ ᠦᠨ ᠵᠦᠢᠯᠡᠰ ᠡᠴᠡ ᠲᠣᠶᠢᠮᠣᠯᠠᠨ ᠮᠡᠳᠡᠵᠦ ᠪᠣᠯᠬᠤ ᠶᠤᠮ᠃ ᠪᠠᠶᠢᠯᠳᠤᠭᠠᠨ ᠤ ᠵᠣᠷᠢᠭᠤᠯᠤᠯᠲᠠ ᠲᠠᠢ ᠣᠯᠠᠨ ᠲᠥᠷᠥᠯ ᠵᠡᠪᠰᠡᠭ ᠦᠢᠯᠡᠳᠪᠦᠷᠢᠯᠡᠵᠦ ᠪᠠᠶᠢᠭᠰᠠᠨ ᠠᠴᠠ᠂ ᠵᠥᠪᠬᠡᠨ ᠰᠤᠮᠤ ᠶᠢᠨ ᠵᠡᠪᠡ ᠭᠡᠬᠦ ᠳᠦ ᠯᠠ ᠬᠣᠷᠢ ᠭᠠᠷᠤᠢ ᠲᠥᠷᠥᠯ᠂ ᠲᠡᠭᠦᠨᠴᠢᠯᠡᠨ ᠢᠯᠳᠦ᠂ ᠰᠡᠯᠡᠮ᠎ᠡ᠂ ᠵᠢᠳᠠ᠂ ᠴᠢᠴᠢᠯᠡᠭᠦᠷ ᠬᠢᠲᠤᠭ᠎ᠠ᠂ ᠪᠠᠶᠢᠯᠳᠤᠭᠠᠨ ᠤ ᠰᠦᠬᠡ ᠭᠡᠬᠦ ᠮᠡᠲᠦ ᠣᠯᠠᠨ ᠲᠥᠷᠥᠯ ᠵᠡᠪᠰᠡᠭ᠂ ᠮᠥᠨ ᠢᠯᠲᠠᠰᠤᠨ ᠬᠤᠶᠠᠭ᠂ ᠪᠠᠮᠪᠠᠢ᠂ ᠮᠣᠷᠢᠨ ᠤ ᠬᠤᠶᠠᠭ᠂ ᠱᠥᠷᠭᠡ ᠲᠡᠮᠦᠷ ᠵᠡᠷᠭᠡ ᠬᠠᠮᠠᠭᠠᠯᠠᠯᠲᠠ ᠶᠢᠨ ᠴᠢᠨᠠᠷᠲᠠᠢ ᠵᠡᠪᠰᠡᠭ ᠢ ᠤᠷᠠᠨ ᠴᠢᠳᠠᠮᠠᠭ ᠬᠢᠳᠡᠭ ᠪᠠᠶᠢᠪᠠ᠃ ᠲᠤᠬᠠᠶᠢᠯᠠᠪᠠᠯ᠂ ᠲᠥᠪ ᠠᠶᠢᠮᠠᠭ ᠤᠨ ᠠᠯᠲᠠᠨᠪᠤᠯᠠᠭ ᠰᠤᠮᠤ ᠶᠢᠨ ᠨᠤᠲᠤᠭ ᠲᠤ ᠪᠤᠢ ᠥᠩᠭᠡᠲᠦ ᠶᠢᠨ ᠬᠥᠰᠢᠶ᠎ᠡ ᠬᠡᠮᠡᠬᠦ ᠳᠤᠷᠠᠰᠬᠠᠯ ᠠᠴᠠ᠂ ᠳᠠᠶᠢᠰᠤᠨ ᠳᠣᠪᠲᠣᠯᠬᠤ ᠦᠶ᠎ᠡ ᠳᠦ ᠲᠠᠷᠠᠭᠠᠨ ᠬᠠᠶᠠᠵᠤ ᠰᠠᠭᠠᠲᠠᠭᠤᠯᠬᠤ ᠵᠣᠷᠢᠯᠭ᠎ᠠ ᠲᠠᠢ᠂ ᠭᠠᠵᠠᠷ ᠲᠤ ᠬᠠᠶᠠᠬᠤ ᠳᠤ ᠳᠥᠷᠪᠡᠨ ᠦᠵᠦᠭᠦᠷ ᠦᠨ ᠨᠢᠭᠡ ᠨᠢ ᠵᠠᠪᠠᠯ ᠳᠡᠭᠡᠭᠰᠢ ᠬᠠᠷᠠᠵᠤ ᠤᠨᠠᠳᠠᠭ᠂ ᠱᠥᠷᠭᠡ ᠬᠡᠮᠡᠬᠦ ᠬᠠᠮᠠᠭᠠᠯᠠᠯᠲᠠ ᠶᠢᠨ ᠵᠡᠪᠰᠡᠭ ᠣᠯᠠᠨ ᠭᠠᠷᠤᠭᠰᠠᠨ ᠨᠢ ᠲᠡᠷᠡ ᠦᠶ᠎ᠡ ᠳᠦ ᠲᠡᠮᠦᠷ ᠬᠠᠶᠢᠯᠠᠬᠤ ᠠᠵᠢᠯ ᠡᠷᠴᠢᠮᠲᠡᠢ ᠬᠥᠭᠵᠢᠵᠦ᠂ ᠳᠠᠶᠢᠨ ᠪᠠᠶᠢᠯᠳᠤᠭᠠᠨ ᠤ ᠵᠡᠷ ᠵᠡᠪᠰᠡᠭ ᠬᠢᠬᠦ ᠳᠦ ᠭᠣᠣᠯᠯᠠᠨ ᠴᠢᠭᠯᠡᠵᠦ ᠪᠠᠶᠢᠭᠰᠠᠨ ᠢ ᠬᠠᠷᠠᠭᠤᠯᠳᠠᠭ᠃ ᠲᠦᠷᠦᠭ ᠦᠨ ᠬᠣᠯᠪᠣᠭᠳᠠᠯᠲᠤ ᠡᠷᠲᠡᠨ ᠦ ᠳᠤᠷᠠᠰᠬᠠᠯᠲᠤ ᠵᠦᠢᠯᠡᠰ ᠦᠨ ᠳᠣᠲᠣᠷ᠎ᠠ ᠢᠰᠭᠡᠷᠬᠦ ᠵᠡᠪ᠂ ᠨᠠᠷᠢᠨ ᠬᠢᠴᠡᠳ ᠨᠤᠮᠤ᠂ ᠲᠡᠮᠦᠷ ᠳᠥᠷᠥᠭᠡ᠂ ᠬᠠᠵᠠᠭᠠᠷ ᠤᠨ ᠠᠮᠠᠭᠠᠢ ᠵᠤᠤᠵᠠᠢ᠂ ᠡᠮᠡᠭᠡᠯ ᠦᠨ ᠭᠣᠬ᠎ᠠ ᠳᠡᠭᠡᠭᠡ᠂ ᠪᠥᠰᠡᠨ ᠦ ᠦᠨᠡᠲᠦ ᠲᠣᠪᠣᠷᠤᠨ ᠴᠢᠮᠡᠭᠯᠡᠯ᠂ ᠤᠨᠵᠢᠯᠭ᠎ᠠ ᠵᠡᠷᠭᠡ ᠵᠦᠢᠯᠡᠰ ᠡᠯᠪᠡᠭ ᠲᠣᠬᠢᠶᠠᠯᠳᠤᠳᠠᠭ ᠨᠢ ᠵᠥᠪᠬᠡᠨ ᠲᠡᠮᠦᠷ ᠦᠨ ᠳᠠᠷᠬ᠎ᠠ ᠲᠡᠳᠦᠢ ᠦᠭᠡᠢ ᠮᠥᠨ ᠤᠷᠠᠨ ᠳᠠᠷᠬᠠᠨ ᠤ ᠠᠵᠢᠯ ᠪᠤᠵᠠᠭᠠᠢ ᠰᠠᠶᠢᠨ ᠬᠥᠭᠵᠢᠭᠰᠡᠨ ᠢ ᠭᠡᠷᠡᠴᠢᠯᠡᠵᠦ ᠪᠠᠶᠢᠨ᠎ᠠ᠃ ᠰᠤᠷᠪᠤᠯᠵᠢ ᠪᠢᠴᠢᠭ ᠦᠨ ᠮᠡᠳᠡᠭᠡᠨ ᠡᠴᠡ ᠦᠵᠡᠬᠦ ᠳᠦ᠂ ᠲᠦᠷᠦᠭ ᠦᠳ ᠨᠡᠭᠦᠳᠡᠯ ᠦᠨ ᠮᠠᠯ ᠠᠵᠤ ᠠᠬᠤᠢ ᠭᠣᠣᠯᠯᠠᠨ ᠡᠷᠬᠢᠯᠡᠬᠦ ᠪᠣᠯᠪᠠᠴᠤ ᠲᠣᠳᠣᠷᠬᠠᠢ ᠬᠡᠮᠵᠢᠶ᠎ᠡ ᠪᠡᠷ ᠬᠣᠲᠠ ᠣᠷᠣᠨ ᠪᠠᠶᠢᠭᠤᠯᠵᠤ ᠪᠠᠶᠢᠭᠰᠠᠨ ᠨᠢ ᠮᠡᠳᠡᠭᠳᠡᠳᠡᠭ᠃ ᠲᠤᠬᠠᠶᠢᠯᠠᠪᠠᠯ᠂ ᠲᠦᠷᠦᠭ ᠦᠨ ᠬᠥᠰᠢᠭᠡᠨ ᠦ ᠪᠢᠴᠢᠭᠡᠰᠦᠨ ᠳᠦ <<ᠮᠢᠨᠦ ᠡᠴᠢᠭᠡ ᠬᠠᠭᠠᠨ ᠠᠩᠬ᠎ᠠ 7 ᠡᠷ᠎ᠡ ᠶᠢᠨ ᠬᠠᠮᠲᠤ ᠮᠣᠷᠳᠠᠯ᠎ᠠ᠃ ᠲᠡᠭᠦᠨ ᠦ ᠵᠠᠬ᠎ᠠ ᠨᠤᠲᠤᠭ ᠲᠤ ᠶᠠᠪᠤᠭᠰᠠᠨ ᠢ ᠬᠣᠲᠠ ᠨᠤᠭᠤᠳ ᠲᠤ ᠰᠠᠭᠤᠭᠠᠰᠤ ᠳᠤ ᠰᠣᠨᠣᠰᠤᠭᠠᠳ ᠬᠣᠲᠠ ᠠᠴᠠ ᠤᠭᠲᠤᠨ ᠭᠠᠷᠴᠤ᠂ ᠠᠭᠤᠯᠠᠨ ᠳᠤ ᠰᠠᠭᠤᠭᠠᠰᠤ ᠳᠤ ᠠᠭᠤᠯᠠᠨ ᠠᠴᠠ ᠤᠭᠲᠤᠨ ᠪᠠᠭᠤᠵᠤ᠂ ᠪᠦᠭᠦᠳᠡ ᠨᠡᠶᠢᠯᠡᠨ 70 ᠡᠷ᠎ᠡ ᠪᠣᠯᠪᠠ>> ᠬᠡᠮᠡᠨ ᠦᠭᠦᠯᠡᠳᠡᠭ᠃ ᠲᠡᠷᠡᠴᠢᠯᠡᠨ ᠳᠤᠮᠳᠠᠳᠤ ᠤᠯᠤᠰ ᠤᠨ ᠲᠡᠦᠬᠡᠨ ᠳᠦ᠂ <<ᠲᠦᠷᠦᠭ ᠦᠨ ᠬᠠᠨᠢᠯ ᠶᠤᠸᠠᠨᠢ ᠣᠪᠤᠭ ᠤᠨ ᠨᠣᠶᠠᠨ ᠭᠤᠳᠤᠯᠤ /ᠺᠢᠲᠦᠯᠦᠭ/ ᠍ ᠦᠨ ᠬᠠᠷᠢᠶᠠᠲᠤ ᠲᠦᠷᠦᠭ ᠦᠳ ᠴᠤᠨ ᠴᠠᠢ ᠠᠭᠤᠯᠠ ᠶᠢᠨ ᠳᠡᠷᠭᠡᠳᠡ ᠰᠠᠭᠤᠷᠢᠰᠢᠵᠤ᠂ ᠬᠡᠢ-ᠱᠠ ᠬᠣᠲᠠ ᠶᠢ ᠪᠠᠷᠢᠭᠰᠠᠨ ᠪᠠᠶᠢᠨ᠎ᠠ᠃ ᠲᠡᠳᠡᠨ ᠦ ᠲᠣᠭ᠎ᠠ 5 000 ᠬᠦᠮᠦᠨ ᠪᠣᠯᠵᠤ ᠪᠠᠶᠢᠭᠰᠠᠨ>> ᠭᠡᠵᠦ 682 ᠣᠨ ᠳᠤ ᠲᠡᠮᠳᠡᠭᠯᠡᠵᠡᠢ᠃ ᠬᠡᠳᠦᠢ ᠪᠡᠷ᠂ ᠡᠷᠲᠡᠨ ᠦ ᠰᠤᠳᠤᠯᠤᠯ ᠤᠨ ᠰᠢᠨᠵᠢᠯᠡᠭᠡ ᠪᠡᠷ ᠣᠳᠣ ᠬᠢᠷᠢ ᠲᠦᠷᠦᠭ ᠦᠨ ᠭᠡᠭᠳᠡᠬᠦ ᠬᠣᠲᠠ ᠰᠠᠭᠤᠷᠢᠨ ᠤ ᠳᠤᠷᠠᠰᠬᠠᠯ ᠢ ᠢᠯᠡᠷᠡᠭᠦᠯᠦᠨ ᠰᠤᠳᠤᠯᠤᠭᠰᠠᠨ ᠵᠦᠢᠯ ᠦᠭᠡᠢ ᠪᠣᠯᠪᠠᠴᠤ ᠳᠡᠭᠡᠷᠡᠬᠢ ᠮᠡᠳᠡᠭᠡ ᠪᠠᠷᠢᠮᠲᠠ ᠠᠴᠠ ᠦᠵᠡᠬᠦ ᠳᠦ ᠲᠦᠷᠦᠭ ᠦᠳ ᠦᠨ ᠳᠤᠮᠳᠠ ᠬᠣᠲᠠ ᠰᠠᠭᠤᠷᠢᠨ ᠪᠠᠷᠢᠵᠤ ᠪᠠᠶᠢᠭᠤᠯᠬᠤ ᠠᠵᠢᠯ ᠬᠥᠭᠵᠢᠵᠦ ᠪᠠᠶᠢᠭᠰᠠᠨ ᠨᠢ ᠢᠯᠡᠷᠬᠡᠢ ᠪᠠᠶᠢᠨ᠎ᠠ᠃ ᠡᠭᠦᠨ ᠢ ᠨᠤᠲᠠᠯᠠᠬᠤ ᠪᠡᠶ᠎ᠡ ᠳᠦ ᠪᠠᠷᠢᠮᠲᠠ ᠪᠣᠯ ᠲᠡᠳᠡᠨ ᠦᠪᠦᠲᠦᠭᠡᠭᠰᠡᠨ ᠲᠠᠬᠢᠯ ᠰᠢᠲᠦᠭᠡᠨ ᠦ ᠪᠠᠷᠢᠯᠭ᠎ᠠ ᠪᠠᠶᠢᠭᠤᠯᠤᠮᠵᠢ ᠪᠣᠯᠤᠨ᠎ᠠ᠃ ᠡᠳᠡᠭᠡᠷ ᠢ᠂ ᠲᠣᠭᠣᠰᠬ᠎ᠠ ᠪᠠᠷ ᠪᠠᠷᠢᠵᠤ ᠳᠡᠭᠡᠪᠦᠷ ᠢ ᠲᠣᠰᠬᠣᠭᠤᠷ᠂ ᠨᠢᠭᠤᠷ ᠸᠠᠭᠠᠷ ᠢᠶᠠᠷ ᠴᠢᠮᠡᠭᠯᠡᠨ᠂ ᠭᠠᠳᠠᠨᠠᠬᠢ ᠬᠡᠷᠡᠮ ᠢ ᠲᠣᠭᠣᠷᠢᠭᠤᠯᠵᠤ ᠤᠰᠤᠨ ᠲᠠᠲᠠᠭᠠᠯ ᠬᠢᠳᠡᠭ ᠪᠠᠶᠢᠭᠰᠠᠨ ᠠᠴᠠ ᠭᠠᠳᠠᠨ᠎ᠠ ᠤᠰᠤ ᠭᠦᠢᠯᠭᠡᠬᠦ ᠲᠤᠰᠬᠠᠢ ᠰᠢᠲᠠᠭᠠᠭᠰᠠᠨ ᠰᠢᠪᠠᠷ ᠬᠣᠭᠣᠯᠠᠢ ᠠᠰᠢᠭᠯᠠᠵᠤ ᠪᠠᠶᠢᠭᠰᠠᠨ ᠨᠢ ᠬᠣᠲᠠ ᠣᠷᠣᠨ ᠪᠠᠷᠢᠬᠤ ᠠᠷᠭ᠎ᠠ ᠤᠬᠠᠭᠠᠨ ᠬᠥᠭᠵᠢᠵᠦ ᠳᠡᠯᠭᠡᠷᠡᠭᠰᠡᠨ ᠢ ᠬᠠᠷᠠᠭᠤᠯᠳᠠᠭ ᠪᠢᠯᠡ᠃ ᠮᠥᠨ ᠴᠢᠯᠠᠭᠤᠨ ᠤ ᠤᠷ᠎ᠠ ᠳᠠᠷᠬ᠎ᠠ ᠰᠠᠶᠢᠲᠤᠷ ᠬᠥᠭᠵᠢᠭᠰᠡᠨ ᠨᠢ ᠲᠡᠳᠡᠨ ᠦ ᠪᠦᠲᠦᠭᠡᠭᠰᠡᠨ ᠬᠦᠮᠦᠨ ᠴᠢᠯᠠᠭᠤ᠂ ᠠᠷᠰᠯᠠᠨ᠂ ᠬᠣᠨᠢ ᠵᠡᠷᠭᠡ ᠴᠣᠭᠣᠯᠪᠤᠷᠢ ᠳᠦᠷᠰᠦ᠂ ᠭᠡᠷᠡᠯᠲᠦ ᠬᠥᠰᠢᠶ᠎ᠡ ᠤᠷᠠᠯᠠᠨ ᠬᠢᠵᠦ ᠪᠠᠶᠢᠭᠰᠠᠨ ᠪᠠᠷᠢᠮᠲᠠ ᠠᠴᠠ ᠲᠣᠳᠣᠷᠬᠠᠢ ᠮᠡᠳᠡᠭᠳᠡᠳᠡᠭ᠃ ᠲᠦᠷᠦᠭ ᠦᠳ ᠦᠨ ᠳᠤᠮᠳᠠ ᠳᠣᠲᠣᠭᠠᠳᠤ ᠶᠢᠨ ᠠᠷᠠᠯᠵᠢᠶ᠎ᠠ ᠥᠷᠨᠢᠵᠦ ᠣᠪᠤᠭ ᠠᠶᠢᠮᠠᠭ ᠤᠳ ᠬᠣᠭᠣᠷᠣᠨᠳᠣ ᠪᠠᠨ ᠬᠤᠳᠠᠯᠳᠤᠭ᠎ᠠ ᠰᠣᠯᠢᠯᠴᠠᠭ᠎ᠠ ᠬᠢᠵᠦ ᠪᠠᠶᠢᠭᠰᠠᠨ ᠠᠴᠠ ᠭᠠᠳᠠᠨ᠎ᠠ ᠬᠢᠲᠠᠳ᠂ ᠳᠤᠮᠳᠠᠳᠤ ᠠᠽᠢᠶ᠎ᠠ ᠶᠢᠨ ᠤᠯᠤᠰ ᠤᠳ ᠲᠠᠢ ᠴᠤ ᠬᠠᠷᠢᠴᠠᠵᠤ ᠪᠠᠶᠢᠴᠠᠢ᠃ ᠨᠠᠩᠭᠢᠶᠠᠳ ᠰᠤᠷᠪᠤᠯᠵᠢ ᠪᠢᠴᠢᠭ ᠲᠦ ᠲᠦᠷᠦᠭ᠂ ᠬᠢᠲᠠᠳ ᠤᠨ ᠬᠣᠭᠣᠷᠣᠨᠳᠣ ᠬᠢᠯᠢ ᠶᠢᠨ ᠬᠤᠳᠠᠯᠳᠤᠭ᠎ᠠ ᠬᠥᠭᠵᠢᠭᠦᠯᠵᠦ ᠵᠠᠬ᠎ᠠ ᠵᠡᠭᠡᠯᠢ ᠨᠡᠭᠡᠭᠡᠵᠦ ᠪᠠᠶᠢᠭᠰᠠᠨ ᠮᠡᠳᠡᠭᠡ ᠪᠤᠢ᠃ ᠮᠣᠩᠭᠣᠯ ᠨᠤᠲᠤᠭ ᠠᠴᠠ᠂ ᠲᠦᠷᠦᠭ ᠦᠨ ᠦᠶ᠎ᠡ ᠳᠦ ᠬᠣᠯᠪᠣᠭᠳᠠᠬᠤ ᠲᠠᠨ ᠤᠯᠤᠰ ᠤᠨ ᠵᠣᠭᠣᠰ ᠡᠯᠪᠡᠭ ᠣᠯᠠᠳᠬᠤ ᠠᠴᠠ ᠭᠠᠳᠠᠨ᠎ᠠ ᠲᠤᠬᠠᠢ ᠶᠢᠨ ᠦᠶ᠎ᠡ ᠶᠢᠨ ᠪᠤᠯᠠᠰᠢᠨ ᠠᠴᠠ ᠬᠢᠲᠠᠳ ᠤᠨ ᠲᠣᠷᠭ᠎ᠠ ᠵᠡᠷᠭᠡ ᠡᠳ᠋ ᠍ ᠦᠨ ᠦᠯᠡᠳᠡᠭᠳᠡᠯ ᠭᠠᠷᠳᠠᠭ ᠪᠠᠶᠢᠨ᠎ᠠ᠃ ᠡᠳᠡᠭᠡᠷ ᠨᠢ ᠵᠥᠪᠬᠡᠨ ᠳᠠᠶᠢᠨ ᠲᠤᠯᠤᠭᠠᠨ ᠤ ᠣᠯᠵᠠ ᠲᠡᠳᠦᠢ ᠪᠤᠰᠤ ᠮᠥᠨ ᠠᠷᠠᠯᠵᠢᠶ᠎ᠠ ᠬᠤᠳᠠᠯᠳᠤᠭ᠎ᠠ ᠪᠠᠷ ᠣᠷᠣᠵᠤ ᠢᠷᠡᠭᠰᠡᠨ ᠵᠦᠢᠯᠡᠰ ᠪᠣᠯᠤᠨ᠎ᠠ᠃

ᠲᠦᠷᠦᠭ ᠦᠨ ᠬᠠᠭᠠᠨᠲᠤ ᠤᠯᠤᠰ ᠨᠢ ᠲᠥᠪ ᠠᠽᠢᠶ᠎ᠠ ᠶᠢᠨ ᠪᠤᠰᠤᠳ ᠨᠡᠭᠦᠳᠡᠯᠴᠢᠳ ᠦᠨ ᠨᠢᠭᠡᠨ ᠠᠳᠠᠯᠢ ᠪᠠᠷ ᠨᠡᠭᠦᠳᠡᠯ ᠦᠨ ᠮᠠᠯ ᠠᠵᠤ ᠠᠬᠤᠢ ᠶᠢ ᠲᠡᠷᠡ ᠳᠤᠮᠳᠠ ᠪᠠᠨ ᠠᠳᠤᠭᠤ ᠶᠢ ᠡᠷᠬᠢᠮᠯᠡᠨ ᠥᠰᠬᠡᠳᠡᠭ ᠪᠠᠶᠢᠴᠠᠢ᠃ᠨᠢᠭᠡᠨ ᠢᠵᠠᠭᠤᠷᠲᠠᠨ ᠤᠶᠢᠺ ᠲᠤᠷᠠᠨ ᠤ ᠬᠥᠰᠢᠭᠡᠨ ᠳᠦ 《ᠪᠢ ᠵᠢᠷᠭᠤᠭᠠᠨ ᠮᠢᠩᠭᠠᠨ ᠠᠳᠤᠭᠤᠨ ᠠᠴᠠ ᠪᠠᠨ ᠰᠠᠯᠵᠤ ᠣᠳᠪᠠ》 ᠭᠡᠰᠡᠨ ᠪᠠᠶᠢᠳᠠᠭ ᠪᠣᠯ ᠥᠭᠡᠳᠡ ᠪᠣᠯᠤᠭᠴᠢᠳ ᠢᠶᠠᠨ ᠤᠨᠤᠵᠤ ᠶᠠᠪᠤᠭᠰᠠᠨ ᠮᠣᠷᠢ᠂ ᠡᠮᠡᠭᠡᠯ ᠬᠠᠵᠠᠭᠠᠷ ᠲᠠᠢ ᠨᠢ ᠬᠠᠮᠲᠤ ᠣᠷᠣᠰᠢᠭᠤᠯᠳᠠᠭ ᠶᠣᠰᠣ ᠵᠠᠩᠰᠢᠯ ᠲᠠᠢ ᠪᠠᠶᠢᠴᠠᠢ᠃ᠡᠮᠡᠭᠲᠡᠢ ᠬᠦᠮᠦᠨ ᠣᠷᠣᠰᠢᠭᠤᠯᠤᠭᠰᠠᠨ ᠪᠤᠯᠠᠰᠢᠨ ᠠᠴᠠ ᠭᠠᠷ ᠲᠡᠭᠡᠷᠮ᠎ᠡ ᠶᠢᠨ ᠴᠢᠯᠠᠭᠤ᠂ ᠬᠦᠮᠦᠨ ᠴᠢᠯᠠᠭᠤᠲᠤ ᠪᠤᠯᠠᠰᠢᠨ ᠠᠴᠠ ᠠᠨᠵᠢᠰᠤᠨ ᠤ ᠲᠡᠮᠦᠷ ᠬᠣᠰᠢᠭᠤ ᠭᠠᠷᠤᠭᠰᠠᠨ ᠨᠢ ᠲᠦᠷᠦᠭ ᠦᠳ ᠭᠠᠵᠠᠷ ᠲᠠᠷᠢᠶᠠᠯᠠᠩ ᠡᠷᠬᠢᠯᠡᠳᠡᠭ ᠪᠠᠶᠢᠭᠰᠠᠨ ᠢ ᠭᠡᠷᠡᠴᠢᠯᠡᠨ᠎ᠡ᠃ ᠬᠢᠲᠠᠳ ᠤᠨ ᠰᠤᠷᠪᠤᠯᠵᠢ ᠳᠤ ᠲᠡᠳᠡᠨ ᠢ ᠮᠠᠶᠢᠬᠠᠨ᠂ ᠢᠰᠡᠭᠡᠢ ᠭᠡᠷ ᠲᠦ ᠰᠠᠭᠤᠵᠤ᠂ ᠡᠪᠡᠰᠦ ᠤᠰᠤᠨ ᠤ ᠠᠶ᠎ᠠ ᠶᠢ ᠳᠠᠭᠠᠵᠤ ᠨᠢᠭᠡ ᠭᠠᠵᠠᠷ ᠠᠴᠠ ᠨᠥᠭᠥᠭᠡ ᠭᠠᠵᠠᠷ ᠲᠤ ᠨᠡᠭᠦᠳᠡᠯᠯᠡᠳᠡᠭ᠂ МАА, ᠠᠨ ᠭᠥᠷ ᠢᠶᠡᠨ ᠡᠷᠬᠢᠯᠡᠨ ᠮᠢᠬ᠎ᠠ ᠪᠠᠷ ᠬᠣᠭᠣᠯᠠᠯᠠᠵᠤ᠂ ᠠᠶᠢᠷᠠᠭ ᠤᠤᠭᠤᠬᠤ ᠪᠠ ᠠᠷᠠᠰᠤ ᠨᠣᠣᠰᠣᠨ ᠬᠤᠪᠴᠠᠰᠤ ᠡᠮᠦᠰᠳᠡᠭ ᠬᠡᠮᠡᠨ ᠦᠭᠦᠯᠡᠵᠡᠢ᠃ ᠠᠯᠲᠠᠢ ᠬᠠᠪ ᠤᠨ ᠨᠤᠲᠤᠭ᠂ᠳᠣᠯᠣᠭᠠᠨ ᠤᠰᠤᠨ ᠤ ᠰᠠᠪᠠ ᠭᠠᠵᠠᠷ ᠤᠨ ᠲᠦᠷᠦᠭ ᠦᠳ ᠭᠠᠵᠠᠷ ᠲᠠᠷᠢᠶᠠᠯᠠᠩ ᠡᠷᠬᠢᠯᠡᠳᠡᠭ ᠪᠠᠶᠢᠭᠰᠠᠨ᠃ ᠲᠠᠷᠢᠶᠠᠯᠠᠩ ᠤᠨ ᠠᠵᠢᠯ ᠮᠣᠵᠣ ᠬᠠᠭᠠᠨ ᠤ ᠦᠶ᠎ᠡ ᠳᠦ ᠨᠡᠯᠢᠶᠡᠳ ᠬᠥᠭᠵᠢᠭᠰᠡᠨ ᠪᠥᠭᠡᠳ ᠲᠡᠷᠡ ᠪᠡᠷ ᠬᠢᠲᠠᠳ ᠠᠴᠠ 10000 ᠬᠤ ᠪᠤᠳᠠᠭᠠᠨ ᠤ ᠦᠷ᠎ᠡ᠂ 3000 ᠭᠠᠷᠤᠢ ᠪᠠᠭᠠᠵᠢ ᠬᠡᠷᠡᠭᠰᠡᠯ ᠢ ᠬᠤᠳᠠᠯᠳᠤᠨ ᠠᠪᠴᠤ ᠪᠠᠶᠢᠭᠰᠠᠨ ᠪᠠᠷᠢᠮᠲᠠ ᠪᠤᠢ᠃ ᠣᠢ ᠶᠢᠨ ᠪᠦᠰ ᠢᠶᠡᠷ ᠰᠠᠭᠤᠳᠠᠭ ᠢᠷᠭᠡᠳ ᠨᠢ ᠴᠠ ᠪᠤᠭᠤ ᠮᠠᠯᠯᠠᠵᠤ᠂ ᠠᠴᠢᠯᠭ᠎ᠠ ᠤᠨᠤᠯᠭ᠎ᠠ ᠳᠤ ᠪᠠᠨ ᠠᠰᠢᠭᠯᠠᠬᠤ᠂ ᠮᠢᠬ᠎ᠠ ᠰᠦ ᠶᠢ ᠨᠢ ᠬᠦᠨᠡᠰᠦᠨ ᠳᠦ ᠪᠡᠨ ᠬᠡᠷᠡᠭᠯᠡᠬᠦ᠂ ᠠᠷᠠᠰᠤ ᠰᠢᠷᠢᠢ ᠠ ᠪᠡᠷ ᠨᠢ ᠬᠤᠪᠴᠠᠰᠤ ᠬᠤᠨᠠᠷ ᠬᠢᠬᠦ᠂ ᠭᠡᠷ ᠣᠷᠣᠨ ᠢᠶᠠᠨ ᠪᠥᠷᠢᠬᠦ ᠵᠡᠷᠭᠡ ᠪᠡᠷ ᠠᠮᠢᠳᠤᠷᠠᠳᠠᠭ ᠪᠠᠶᠢᠪᠠ᠃ ᠠᠨ ᠭᠥᠷ ᠢᠶᠡᠨ ᠲᠤᠰᠠᠯᠠᠬᠤ ᠠᠵᠤ ᠠᠬᠤᠢ ᠶᠢᠨ ᠬᠡᠯᠪᠡᠷᠢ ᠪᠡᠷ ᠬᠥᠭᠵᠢᠵᠦ ᠬᠠᠷ᠎ᠠ ᠪᠤᠯᠠᠭ᠎ᠠ᠂ ᠬᠡᠷᠡᠮᠦ ᠵᠡᠷᠭᠡ ᠠᠩᠭ᠎ᠠ ᠶᠢᠨ ᠠᠷᠠᠰᠤ ᠪᠠᠷ ᠠᠯᠪᠠ ᠠᠪᠳᠠᠭ ᠪᠠᠶᠢᠪᠠ᠃ ᠲᠦᠷᠦᠭ ᠦᠳ ᠪᠠᠶᠢᠯᠳᠤᠭᠠᠨ ᠤ ᠵᠣᠷᠢᠭᠤᠯᠤᠯᠲᠠ ᠲᠠᠢ ᠣᠯᠠᠨ ᠵᠡᠪᠰᠡᠭ ᠦᠢᠯᠡᠳᠪᠦᠷᠢᠯᠡᠳᠡᠭ ᠡᠴᠡ ᠵᠥᠪᠬᠡᠨ ᠰᠤᠮᠤᠨ ᠤ ᠵᠡᠪᠡ ᠭᠡᠬᠦ ᠳᠦ ᠯᠠ 20 ᠭᠠᠷᠤᠢ ᠲᠥᠷᠥᠯ ᠲᠡᠭᠦᠨᠴᠢᠯᠡᠨ ᠢᠯᠳᠦ᠂ ᠰᠡᠯᠡᠮ᠎ᠡ᠂ ᠵᠢᠳᠠ ᠴᠢᠴᠢᠯᠡᠭᠦᠷ ᠬᠢᠲᠤᠭ᠎ᠠ᠂ ᠪᠠᠶᠢᠯᠳᠤᠭᠠᠨ ᠤ ᠰᠦᠬᠡ ᠵᠡᠷᠭᠡ ᠣᠯᠠᠨ ᠲᠥᠷᠥᠯ ᠦᠨ ᠵᠡᠪᠰᠡᠭ ᠮᠥᠨ ᠢᠯᠲᠠᠰᠤ ᠬᠤᠶᠠᠭ᠂ ᠪᠠᠮᠪᠠᠢ᠂ ᠮᠣᠷᠢᠨ ᠤ ᠬᠤᠶᠠᠭ᠂ ᠱᠣᠷᠣᠭ᠂ ᠲᠡᠮᠦᠷ ᠵᠡᠷᠭᠡ ᠬᠠᠮᠠᠭᠠᠯᠠᠯᠲᠠ ᠶᠢᠨ ᠴᠢᠨᠠᠷᠲᠠᠢ ᠵᠡᠪᠰᠡᠭ ᠢ ᠤᠷᠠᠨ ᠴᠢᠳᠠᠮᠠᠭᠠᠢ ᠬᠢᠳᠡᠭ ᠪᠠᠶᠢᠪᠠ᠃ ᠲᠡᠳᠡ ᠲᠡᠮᠦᠷ ᠢᠶᠡᠷ ᠲᠡᠳᠦᠢ ᠦᠭᠡᠢ ᠠᠯᠲᠠ᠂ ᠮᠥᠩᠭᠥ᠂ ᠵᠡᠰ᠂ ᠲᠤᠭᠤᠯ ᠢᠶᠠᠷ ᠡᠳ᠋, ᠡᠳ᠋ᠯᠡᠯ᠂ᠭᠣᠶᠣᠯ ᠴᠢᠮᠡᠭᠯᠡᠯ ᠦᠨ ᠵᠦᠢᠯᠡᠰ ᠢ ᠴᠢᠳᠠᠪᠤᠷᠢᠯᠢᠭ ᠬᠢᠳᠡᠭ ᠪᠠᠶᠢᠴᠠᠢ᠃ ᠲᠦᠷᠦᠭ ᠦᠳ ᠳᠣᠲᠣᠭᠠᠳᠤ ᠳᠤ ᠪᠠᠨ ᠠᠷᠠᠯᠵᠢᠶ᠎ᠠ ᠨᠠᠶᠢᠮᠠᠭ᠎ᠠ ᠬᠢᠬᠦ ᠶᠢᠨ ᠵᠡᠷᠭᠡᠴᠡᠭᠡ ᠬᠢᠲᠠᠳ᠂ ᠳᠤᠮᠳᠠᠳᠤ ᠠᠽᠢᠶ᠎ᠠ ᠶᠢᠨ ᠤᠯᠤᠰ ᠣᠷᠣᠨ ᠨᠤᠭᠤᠳ ᠲᠠᠢ ᠬᠤᠳᠠᠯᠳᠤᠭ᠎ᠠ ᠬᠢᠵᠦ ᠪᠠᠶᠢᠭᠰᠠᠨ ᠲᠤᠬᠠᠢ ᠮᠡᠳᠡᠭᠡ ᠪᠠᠶᠢᠳᠠᠭ᠃ ᠲᠦᠷᠦᠭ ᠦᠨ ᠬᠠᠭᠠᠨᠲᠤ ᠤᠯᠤᠰ ᠨᠢ ᠲᠣᠷᠭᠠᠨ ᠵᠠᠮ ᠳᠤ ᠨᠣᠶᠠᠷᠬᠠᠯ ᠢᠶᠠᠨ ᠲᠣᠭᠲᠠᠭᠠᠵᠤ ᠪᠠᠶᠢᠭᠰᠠᠨ᠃ ᠲᠦᠷᠦᠭ ᠦᠨ ᠭᠣᠣᠯ ᠰᠢᠲᠦᠯᠭᠡ ᠨᠢ ᠪᠥᠭᠡ ᠪᠠᠶᠢᠭᠰᠠᠨ ᠪᠥᠭᠡᠳ ᠲᠡᠳᠡ ᠭᠠᠯ ᠢ ᠲᠠᠬᠢᠵᠤ᠂ ᠳᠥᠯ ᠢᠶᠡᠷ ᠨᠢ ᠵᠢᠯ ᠦᠨ ᠢᠶᠡᠨ ᠥᠩᠭᠡ ᠶᠢ ᠰᠢᠨᠵᠢᠳᠡᠭ ᠪᠠᠶᠢᠭᠰᠠᠨ ᠭᠡᠳᠡᠭ᠃ ᠲᠦᠷᠦᠭ ᠦᠳ YII ᠵᠠᠭᠤᠨ ᠤ ᠳᠤᠮᠳᠠ ᠬᠦᠷᠲᠡᠯ᠎ᠡ ᠲᠠᠯᠢᠢᠭᠠᠴᠢᠳ ᠢᠶᠠᠨ ᠰᠢᠲᠠᠭᠠᠵᠤ᠂ ᠲᠡᠳᠡᠨ ᠦ ᠪᠡᠨ ᠰᠦᠨᠡᠰᠦ ᠶᠢ ᠭᠠᠯ ᠤᠨ ᠳᠥᠯᠥ᠂ ᠤᠲᠤᠭ᠎ᠠ ᠪᠠᠷ ᠳᠠᠮᠵᠢᠭᠤᠯᠠᠨ ᠲᠩᠷᠢ ᠳᠦ ᠢᠯᠡᠭᠡᠵᠦ ᠪᠠᠶᠢᠪᠠ᠃ ᠴᠢᠨᠳᠠᠷ ᠢ ᠰᠢᠪᠠᠷ ᠰᠠᠪᠤᠩᠳᠠ ᠬᠢᠵᠦ ᠭᠠᠵᠠᠷ ᠪᠤᠯᠤᠨ ᠮᠣᠷᠢ᠂ ᠵᠡᠷ ᠵᠢᠮᠰᠡᠭ᠂ ᠡᠳ᠋ᠯᠡᠵᠦ ᠪᠠᠶᠢᠭᠰᠠᠨ ᠪᠤᠰᠤᠳ ᠵᠦᠢᠯ ᠦᠨ ᠬᠠᠮᠲᠤ ᠣᠷᠣᠰᠢᠭᠤᠯᠵᠤ ᠳᠡᠭᠡᠷ᠎ᠡ ᠨᠢ ᠳᠥᠷᠪᠡᠨ ᠴᠢᠯᠠᠭᠤ ᠲᠠᠯᠪᠢᠵᠤ ᠭᠣᠷᠲᠢᠭ ᠲᠠᠲᠠᠳᠠᠭ ᠪᠠᠶᠢᠴᠠᠢ᠃ ᠡᠨᠡ ᠪᠦᠬᠦᠨ ᠤᠷᠠᠯᠢᠭ ᠤᠨ ᠪᠦᠲᠦᠭᠡᠯ ᠳᠦ ᠪᠦᠷᠢᠨ ᠲᠤᠰᠬᠠᠯ ᠢᠶᠠᠨ ᠣᠯᠤᠭᠰᠠᠨ ᠪᠠᠶᠢᠳᠠᠭ᠃ ᠭᠡᠪᠡᠴᠦ ᠲᠡᠳᠡ 7 ᠍ ᠳᠦᠭᠡᠷ ᠵᠠᠭᠤᠨᠠᠮ᠎ᠠ ᠬᠣᠶᠢᠰᠢ ᠱᠢᠭᠤᠯᠢᠯ ᠢ ᠴᠢᠨᠳᠠᠷᠯᠠᠯ ᠦᠭᠡᠢ ᠤᠷᠤᠰᠢᠭᠤᠯᠬᠤ ᠪᠣᠯᠤᠭᠰᠠᠨ ᠪᠠᠶᠢᠨ᠎ᠠ᠃ ᠡᠨᠡ ᠲᠤᠬᠠᠢ ᠬᠢᠲᠠᠳ ᠰᠤᠷᠪᠤᠯᠵᠢ ᠳᠤ ᠲᠡᠳᠡ ᠡᠴᠢᠭᠡ ᠡᠪᠦᠭᠡᠳ ᠦᠨ ᠢᠶᠡᠨ ᠶᠣᠰᠣ ᠵᠠᠩᠰᠢᠯ ᠢ ᠭᠡᠭᠡᠵᠦ ᠲᠡᠳᠡᠨ ᠢ ᠳᠣᠷᠣᠮᠵᠢᠯᠠᠵᠤ ᠪᠠᠶᠢᠨ᠎ᠠ ᠭᠡᠵᠦ ᠪᠢᠴᠢᠵᠡᠢ᠃

ᠨᠡᠶᠢᠭᠡᠮ ᠤᠨ ᠳᠠᠪᠬᠤᠷ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠦᠭ ᠦᠳ ᠲᠥᠷᠥ ᠤᠯᠤᠰ ᠢᠶᠠᠨ ᠪᠠᠶᠢᠭᠤᠯᠤᠨ ᠲᠡᠦᠬᠡ ᠶᠢᠨ ᠲᠠᠪᠴᠠᠩ ᠳᠤ ᠮᠠᠨᠳᠤᠨ ᠭᠠᠷᠤᠭᠰᠠᠨ ᠦᠶᠡᠰ ᠢᠶᠡᠨ ᠥᠪᠡᠷ ᠦᠨ ᠤᠯᠤᠰ ᠢ <<ᠡᠯ᠎ᠡ ᠤᠯᠤᠰ>> ᠬᠡᠮᠡᠨ ᠨᠡᠷᠡᠯᠡᠵᠦ ᠢᠷᠡᠭᠰᠡᠨ ᠪᠠᠶᠢᠨ᠎ᠠ᠃ ᠡᠨᠡᠬᠦ <<ᠡᠯ᠎ᠡ>> ᠬᠡᠮᠡᠬᠦ ᠦᠭᠡ ᠶᠢᠨ ᠤᠳᠬ᠎ᠠ ᠶᠢᠨ ᠲᠠᠯ᠎ᠠ ᠪᠠᠷ ᠲᠠᠶᠢᠯᠪᠤᠷᠢᠯᠠᠭᠰᠠᠨ ᠣᠯᠠᠩᠬᠢ ᠡᠷᠳᠡᠮᠲᠡᠳ ᠦᠨ ᠰᠠᠨᠠᠯ ᠢ ᠦᠵᠡᠬᠦᠯ᠎ᠡ ᠡᠨᠡ ᠨᠢ ᠭᠠᠷᠤᠯ ᠤᠭᠰᠠᠭ᠎ᠠ ᠨᠢᠭᠡᠲᠡᠢ ᠣᠯᠠᠨ ᠠᠶᠢᠮᠠᠭ ᠤᠨ ᠵᠣᠬᠢᠶᠠᠨ ᠪᠠᠶᠢᠭᠤᠯᠤᠯᠲᠠ ᠲᠠᠢ ᠨᠢᠭᠡᠳᠦᠯ ᠭᠡᠵᠦ ᠦᠵᠡᠭᠦᠰᠢᠲᠡᠢ ᠪᠠᠶᠢᠨ᠎ᠠ᠃ ᠲᠦᠷᠦᠭ ᠤᠯᠤᠰ ᠤᠨ ᠠᠩᠬᠠᠨ ᠤ ᠬᠠᠭᠠᠨ ᠪᠤᠮᠤᠨ ᠥᠪᠡᠷ ᠦᠨ ᠪᠡᠶ᠎ᠡ ᠶᠢ ᠡᠯ᠎ᠡ ᠬᠠᠭᠠᠨ ᠬᠡᠮᠡᠨ ᠴᠣᠯᠠᠯᠠᠭᠰᠠᠨ ᠨᠢ ᠤᠯᠤᠰ ᠤᠨ ᠬᠠᠭᠠᠨ ᠭᠡᠰᠡᠨ ᠤᠳᠬ᠎ᠠ ᠶᠢ ᠠᠭᠤᠯᠵᠠᠢ᠃ ᠲᠡᠷᠡᠴᠢᠯᠡᠨ ᠣᠷᠬᠣᠨ-ᠶᠡᠨᠢᠰᠧᠢᠨ ᠪᠢᠴᠢᠭᠡᠰᠦ ᠳᠦ ᠣᠯᠠᠨ ᠳᠤ ᠭᠠᠷᠳᠠᠭ <<ᠪᠦᠳᠦᠨ>> ᠬᠡᠮᠡᠬᠦ ᠦᠭᠡ ᠪᠣᠯ ᠨᠡᠶᠢᠲᠡ ᠠᠷᠠᠳ ᠲᠦᠮᠡᠨ᠂ ᠢᠷᠭᠡᠨ ᠭᠡᠰᠡᠨ ᠤᠳᠬ᠎ᠠ ᠶᠢ ᠢᠯᠡᠳᠬᠡᠭᠰᠡᠨ ᠪᠣᠯᠤᠯᠲᠠᠢ᠃ ᠲᠦᠷᠦᠭ ᠦᠨ ᠲᠥᠷᠥ ᠤᠯᠤᠰ ᠤᠨ ᠲᠣᠯᠣᠭᠠᠶᠢᠯᠠᠭᠴᠢ ᠨᠢ ᠬᠠᠭᠠᠨ /ᠺᠠᠭᠠᠨ/ ᠪᠠᠶᠢᠪᠠ᠃ ᠡᠭᠦᠨ ᠦ ᠵᠡᠷᠭᠡᠴᠡᠭᠡ ᠮᠥᠨ ᠬᠠᠨ ᠬᠡᠮᠡᠬᠦ ᠴᠣᠯᠠ ᠶᠢ ᠴᠤ ᠬᠡᠷᠡᠭᠯᠡᠳᠡᠭ ᠪᠠᠶᠢᠴᠠᠢ᠃ ᠡᠨᠡᠬᠦ ᠬᠠᠭᠠᠨ᠂ ᠬᠠᠨ ᠴᠣᠯᠠ ᠶᠢ ᠲᠦᠷᠦᠭ ᠦᠳ ᠡᠮᠦᠨ᠎ᠡ ᠣᠷᠣᠰᠢᠵᠤ ᠪᠠᠶᠢᠭᠰᠠᠨ ᠨᠢᠷᠤᠨ ᠤᠯᠤᠰ ᠠᠴᠠ ᠤᠯᠠᠮᠵᠢᠯᠠᠨ ᠠᠪᠤᠭᠰᠠᠨ ᠭᠡᠬᠦ ᠪᠥᠭᠡᠳ ᠬᠣᠵᠢᠮ ᠨᠢ ᠮᠣᠩᠭᠣᠯ᠂ ᠲᠦᠷᠦᠭ ᠤᠭᠰᠠᠭᠠᠨ ᠤ ᠪᠦᠬᠦ ᠨᠡᠭᠦᠳᠡᠯᠴᠢᠳ ᠦᠨ ᠳᠤᠮᠳᠠ ᠥᠷᠭᠡᠨ ᠲᠠᠷᠬᠠᠨ ᠬᠡᠷᠡᠭᠯᠡᠭᠳᠡᠬᠦ ᠪᠣᠯᠵᠠᠢ᠃ ᠲᠥᠷᠥ ᠤᠯᠤᠰ ᠤᠨ ᠳᠣᠲᠣᠷ᠎ᠠ ᠬᠠᠭᠠᠨ ᠤ ᠳᠠᠷᠠᠭ᠎ᠠ ᠤᠷᠤᠬᠤᠠᠯᠪᠠᠨ ᠲᠤᠰᠢᠶᠠᠯ ᠪᠣᠯ <<ᠶᠠᠪᠧᠭᠤ>> ᠪᠠᠶᠢᠪᠠ᠃ ᠡᠨᠡ ᠴᠣᠯᠠ ᠶᠢ ᠪᠠᠷᠠᠭᠤᠨ ᠲᠦᠷᠦᠭ ᠦᠨ ᠬᠠᠭᠠᠨᠲᠤ ᠤᠯᠤᠰ ᠤᠨ ᠵᠠᠬᠢᠷᠤᠭᠴᠢ ᠳᠤ ᠬᠦᠷᠲᠡᠵᠦ᠂ ᠤᠭᠰᠠᠭ᠎ᠠ ᠵᠠᠯᠭᠠᠮᠵᠢᠯᠠᠨ ᠡᠳ᠋ᠯᠡᠵᠦ ᠪᠠᠶᠢᠴᠠᠢ᠃ ᠶᠠᠪᠧᠭᠤ ᠨᠢ ᠬᠠᠭᠠᠨ ᠲᠥᠷᠥ ᠶᠢᠨ ᠵᠠᠯᠭᠠᠮᠵᠢᠯᠠᠭᠴᠢ ᠪᠢᠰᠢ᠂ ᠬᠠᠷᠢᠨ ᠤᠭᠰᠠᠭ᠎ᠠ ᠵᠠᠯᠭᠠᠮᠵᠢᠯᠠᠭᠴᠢ ᠬᠤᠩᠲᠠᠶᠢᠽ ᠨᠢ ᠡᠷᠬᠢᠯᠡᠬᠦ ᠠᠯᠪᠠᠨ ᠲᠤᠰᠢᠶᠠᠯ ᠠᠴᠠ ᠦᠯᠦ ᠬᠠᠮᠢᠶᠠᠷᠤᠨ <<ᠲᠧᠭᠢᠨ>> ᠴᠣᠯᠠ ᠠᠪᠳᠠᠭ ᠪᠠᠶᠢᠴᠠᠢ᠃ ᠬᠠᠭᠠᠨ ᠤᠭᠰᠠᠭᠠᠨ ᠤ ᠵᠠᠰᠠᠭ ᠨᠣᠶᠠᠳ ᠲᠤ <<ᠱᠠᠳᠤ>> ᠴᠣᠯᠠ ᠣᠯᠭᠤᠳᠠᠭ᠃ ᠡᠳᠡᠭᠡᠷ ᠡᠴᠡ ᠳᠣᠭᠣᠭᠰᠢᠬᠢ ᠲᠤᠰᠢᠶᠠᠯ ᠢ ᠠᠰᠢᠨ᠎ᠠ ᠣᠪᠣᠭᠲᠤ ᠦᠯᠦ ᠬᠠᠮᠢᠶᠠᠷᠬᠤ ᠢᠵᠠᠭᠤᠷᠲᠠᠨ ᠨᠤᠭᠤᠳ ᠠᠪᠳᠠᠭ᠂ ᠭᠡᠬᠦ ᠳᠦ ᠪᠡᠨ ᠪᠦᠬᠦ ᠠᠯᠪᠠᠨ ᠲᠤᠰᠢᠶᠠᠯ ᠨᠢ ᠦᠶ᠎ᠡ ᠵᠠᠯᠭᠠᠮᠵᠢᠯᠠᠳᠠᠭ ᠪᠠᠶᠢᠪᠠ᠃ <<ᠪᠤᠶᠷᠦᠺ>> ᠬᠡᠮᠡᠬᠦ ᠮᠥᠨ ᠨᠢᠭᠡᠨ ᠲᠣᠮᠣᠬᠠᠨ ᠠᠯᠪᠠᠨ ᠲᠤᠰᠢᠶᠠᠯ ᠪᠠᠶᠢᠭᠰᠠᠨ ᠪᠥᠭᠡᠳ ᠲᠡᠭᠦᠨ ᠢ ᠵᠠᠷᠢᠮ ᠡᠷᠳᠡᠮᠲᠡᠨ ᠲᠤᠰᠢᠶᠠᠯ ᠣᠯᠭᠤᠭᠴᠢ᠂ ᠰᠢᠢᠳᠪᠦᠷᠢ ᠥᠭᠭᠦᠭᠴᠢ ᠭᠡᠰᠡᠨ ᠤᠳᠬ᠎ᠠ ᠲᠠᠢ ᠬᠡᠮᠡᠨ ᠲᠠᠶᠢᠯᠪᠤᠷᠢᠯᠠᠳᠠᠭ᠃ ᠲᠡᠭᠦᠨᠴᠢᠯᠡᠨ <<ᠲᠠᠷᠬᠠᠨ>> ᠬᠡᠮᠡᠬᠦ ᠴᠣᠯᠠ ᠪᠠᠶᠢᠭᠰᠠᠨ ᠨᠢ ᠠᠯᠪᠠ ᠲᠠᠲᠠᠪᠤᠷᠢ ᠬᠤᠷᠢᠶᠠᠭᠴᠢ ᠲᠦᠰᠢᠮᠡᠳ ᠦᠨ ᠨᠡᠷ᠎ᠡ ᠭᠡᠳᠡᠭ᠃ ᠮᠥᠨ ᠡᠭᠦᠨ ᠢ ᠠᠯᠪᠠ ᠭᠤᠪᠴᠢᠭᠤᠷ ᠠᠴᠠ ᠴᠢᠯᠦᠭᠡᠯᠡᠭᠳᠡᠭᠰᠡᠨ ᠲᠤᠰᠬᠠᠢ ᠡᠷᠬᠡ ᠲᠡᠢ ᠬᠦᠮᠦᠰ ᠲᠦ ᠥᠭᠬᠦ ᠴᠣᠯᠠ ᠭᠡᠬᠦ ᠵᠡᠷᠭᠡ ᠪᠡᠷ ᠲᠠᠶᠢᠯᠪᠤᠷᠢᠯᠠᠳᠠᠭ᠃ ᠲᠦᠷᠦᠭ ᠦᠨ ᠨᠡᠶᠢᠭᠡᠮ ᠤᠨ ᠳᠣᠲᠣᠷᠠᠬᠢ ᠰᠤᠷᠪᠤᠯᠵᠢᠲᠤ ᠢᠵᠠᠭᠤᠷᠲᠠᠨ ᠨᠠᠷ ᠢ ᠨᠡᠶᠢᠲᠡ ᠳᠦ ᠨᠢ <<ᠪᠧᠭ>> ᠬᠡᠮᠡᠨ ᠨᠡᠷᠡᠯᠡᠵᠦ ᠪᠠᠶᠢᠪᠠ᠃ ᠳᠡᠭᠡᠷ᠎ᠡ ᠳᠤᠷᠠᠳᠤᠭᠰᠠᠨ <<ᠶᠠᠪᠧᠭᠤ>>, <<ᠱᠠᠳᠤ>> ᠪᠣᠯᠤᠨ <<ᠪᠤᠶᠷᠦᠺ>>, <<ᠲᠠᠷᠬᠠᠨ>> ᠬᠡᠮᠡᠬᠦ ᠴᠣᠯᠠᠲᠠᠨᠤᠭ ᠤᠳ ᠨᠢ ᠪᠶᠥᠭ ᠦᠳ ᠦᠨ ᠳᠤᠮᠳᠠ ᠠᠴᠠ ᠭᠠᠪᠢᠶ᠎ᠠ ᠵᠢᠳᠬᠦᠯ ᠪᠤᠶᠤ ᠤᠭᠰᠠᠭ᠎ᠠ ᠭᠠᠷᠤᠯ ᠢᠶᠠᠷ ᠢᠶᠠᠨ ᠲᠣᠳᠣᠷᠠᠨ ᠭᠠᠷᠤᠭᠰᠠᠨ ᠲᠣᠮᠣ ᠰᠤᠷᠪᠤᠯᠵᠢᠲᠠᠨ ᠨᠤᠭᠤᠳ ᠪᠣᠯᠤᠨ᠎ᠠ᠃ ᠡᠳᠡ ᠴᠥᠮ ᠪᠶᠥᠭ ᠦᠳ ᠦᠨ ᠳᠠᠪᠬᠤᠷᠭ᠎ᠠ ᠳᠤ ᠪᠠᠭᠳᠠᠵᠣ ᠪᠠᠶᠢᠭᠰᠠᠨ ᠢ ᠪᠠᠲᠤᠯᠠᠬᠤ ᠵᠦᠢᠯ ᠭᠡᠪᠡᠯ᠂ ᠺᠥᠯ-ᠲᠧᠭᠢᠨ ᠦ ᠬᠥᠰᠢᠭᠡᠨ ᠦ ᠪᠢᠴᠢᠭᠡᠰᠦ ᠳᠦ ᠪᠤᠶᠷᠦᠺ᠂ ᠲᠠᠷᠬᠠᠨ ᠨᠠᠷ ᠤᠨ ᠴᠣᠯᠠ ᠶᠢ ᠲᠠᠯᠪᠢᠬᠤ ᠳᠤ ᠪᠠᠨ ᠪᠧᠭ ᠭᠡᠳᠡᠭ ᠢ ᠨᠢ ᠬᠠᠮᠲᠤ ᠪᠢᠴᠢᠭᠰᠡᠨ ᠪᠠᠶᠢᠳᠠᠭ᠃ ᠰᠤᠷᠪᠤᠯᠵᠢ ᠪᠢᠴᠢᠭ ᠲᠦ ᠦᠭᠦᠯᠡᠭᠰᠡᠨ ᠢᠶᠡᠷ ᠲᠦᠷᠦᠭ ᠦᠨ ᠨᠡᠶᠢᠭᠡᠮ ᠳᠦ ᠴᠡᠷᠢᠭ ᠢᠷᠭᠡᠨ ᠦ 28 ᠵᠡᠷᠭᠡ ᠳᠡᠪ ᠪᠠᠶᠢᠭᠰᠠᠨ ᠭᠡᠳᠡᠭ᠃ ᠶᠠᠮᠠᠷᠪᠠ ᠵᠡᠷᠭᠡ ᠬᠡᠷᠭᠡᠮ᠂ ᠥᠨᠳᠥᠷ ᠤᠭᠰᠠᠭ᠎ᠠ ᠰᠤᠷᠪᠤᠯᠵᠢ ᠦᠭᠡᠢ ᠡᠭᠡᠯ ᠵᠢᠷ ᠦᠨ ᠴᠢᠯᠦᠭᠡᠲᠦ ᠢᠷᠭᠡᠨ ᠢ <<ᠺᠠᠷᠠ ᠪᠦᠳᠦᠨ>> ᠭᠡᠵᠦ ᠨᠡᠷᠡᠯᠡᠳᠡᠭ ᠪᠠᠶᠢᠴᠠᠢ᠃ ᠲᠦᠷᠦᠭ ᠦᠨ ᠨᠡᠶᠢᠭᠡᠮ ᠨᠢ ᠵᠡᠭᠦᠨ᠂ ᠪᠠᠷᠠᠭᠤᠨ ᠵᠢᠭᠦᠷ ᠪᠣᠯᠤᠨ ᠬᠤᠪᠢᠶᠠᠭᠳᠠᠳᠠᠭ ᠪᠠᠶᠢᠭᠰᠠᠨ ᠨᠢ ᠴᠡᠷᠢᠭ ᠳᠠᠶᠢᠨ ᠤ ᠵᠣᠬᠢᠶᠠᠨ ᠪᠠᠶᠢᠭᠤᠯᠤᠯᠲᠠ ᠲᠠᠢ ᠬᠣᠯᠪᠣᠭ᠎ᠠ ᠲᠠᠢ ᠶᠤᠮ᠃ ᠵᠡᠭᠦᠨ ᠵᠢᠭᠦᠷ ᠢ ᠲᠥᠯᠥᠰ᠂ ᠪᠠᠷᠠᠭᠤᠨ ᠵᠢᠭᠦᠷ ᠢ ᠲᠠᠠᠳᠤᠰᠢ ᠭᠡᠳᠡᠭ ᠪᠠᠶᠢᠴᠠᠢ᠃ ᠡᠵᠡᠯᠡᠭᠳᠡᠭᠰᠡᠨ ᠣᠷᠣᠨ ᠤ ᠢᠵᠠᠭᠤᠷᠲᠠᠨ ᠰᠤᠷᠪᠤᠯᠵᠢᠲᠠᠨ ᠢ ᠤᠰᠠᠳᠬᠠᠨ ᠦᠭᠡᠢ ᠬᠢᠵᠦ᠂ ᠲᠡᠨᠳᠡ ᠵᠠᠬᠢᠷᠤᠨ ᠰᠠᠭᠤᠬᠤ ᠠᠯᠪᠠᠨ ᠲᠤᠰᠢᠶᠠᠯᠲᠠᠨ ᠢ ᠲᠦᠷᠦᠭ ᠦᠨ ᠪᠶᠥᠭ ᠦᠳ ᠦᠨ ᠳᠤᠮᠳᠠ ᠠᠴᠠ ᠰᠣᠩᠭᠣᠳᠠᠭ ᠪᠠᠶᠢᠭᠰᠠᠨ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠮᠡᠵᠦ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ