ᠲᠦᠮᠡᠨ ᠵᠠᠰᠠᠭᠲᠤ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
10:28, 10 ᠵᠢᠷᠭᠤᠳᠤᠭᠠᠷ ᠰᠠᠷ᠎ᠠ 2017- ᠶᠢᠨ ᠪᠠᠢᠢᠳᠠᠯ ᠶᠢᠡᠷ ᠬᠢ 101.41.170.215 (ᠶᠠᠷᠢᠶ᠎ᠠ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ
ᠲᠦᠮᠡᠨ ᠵᠠᠰᠠᠭᠲᠤ ᠬᠠᠭᠠᠨ
ᠶᠡᠬᠡ ᠮᠣᠩᠭᠣᠯ ᠤᠯᠤᠰ ᠤᠨ ᠬᠠᠭᠠᠨ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠲᠦᠮᠡᠨ ᠵᠠᠰᠠᠭᠲᠤ ᠬᠠᠭᠠᠨ
ᠬᠠᠭᠠᠨᠴᠢᠯᠠᠯ 15581592
ᠪᠦᠲᠦᠨ ᠨᠡᠷ᠎ᠡ ᠲᠦᠮᠡᠨ
ᠪᠤᠰᠤᠳ ᠬᠡᠷᠭᠡᠮ ᠵᠠᠰᠠᠭᠲᠤ ᠬᠠᠭᠠᠨ
ᠡᠮᠦᠨᠡᠬᠢ ᠬᠠᠭᠠᠨ ᠳᠠᠷᠠᠶᠢᠰᠦᠨ ᠭᠦᠳᠡᠩ ᠬᠠᠭᠠᠨ
ᠤᠳᠠᠭᠠᠬᠢ ᠬᠠᠭᠠᠨ ᠪᠤᠶᠠᠨ ᠰᠡᠴᠡᠨ ᠬᠠᠭᠠᠨ
ᠬᠠᠭᠠᠨ ᠤ ᠣᠪᠤᠭ ᠪᠣᠷᠵᠢᠭᠢᠨ
ᠤᠯᠤᠰ ᠤᠨ ᠨᠡᠷ᠎ᠡ ᠤᠮᠠᠷᠠᠳᠤ ᠶᠤᠸᠠᠨ
ᠡᠴᠢᠭᠡ ᠳᠠᠷᠠᠶᠢᠰᠦᠨ ᠭᠦᠳᠡᠩ ᠬᠠᠭᠠᠨ

ᠣᠯᠠᠨ᠎ᠠ ᠲᠦᠮᠡᠨ ᠵᠠᠰᠠᠭᠲᠤ ᠬᠠᠭᠠᠨ ᠬᠡᠮᠡᠨ ᠠᠯᠳᠠᠷᠰᠢᠭᠰᠠᠨ᠂ ᠳᠠᠷᠠᠶᠢᠰᠦᠨ ᠭᠦᠳᠡᠩ ᠬᠠᠭᠠᠨ  ᠤ ᠤᠤᠭᠠᠨ ᠬᠦᠦ ᠲᠡᠷᠡᠪᠡᠷ 1539 ᠤᠨ ᠤ ᠰᠢᠷᠠᠭᠴᠢᠨ ᠭᠠᠬᠠᠢ ᠵᠢᠯ ᠳᠤ ᠲᠦᠷᠦᠭᠰᠡᠨ ᠪᠥᠯᠦᠭᠡ᠃

ᠲᠡᠭᠦᠨ ᠢ ᠬᠠᠭᠠᠨ ᠰᠢᠷᠡᠭᠡᠨ ᠳᠦ ᠰᠠᠭᠤᠵᠤ ᠪᠠᠶᠢᠬᠤ ᠬᠤᠭᠤᠴᠠᠭᠠᠨ ᠳᠤ ᠮᠣᠩᠭᠣᠯᠴᠤᠳ ᠤᠨ ᠡᠪ ᠨᠢᠭᠡᠳᠦᠯ ᠳᠠᠬᠢᠨ ᠨᠢᠭᠡ ᠰᠡᠷᠭᠦᠭᠰᠡᠨ ᠪᠢᠯᠡ᠃ ᠲᠡᠷᠡ 1558 ᠤᠨ ᠠᠴᠠ 1592 ᠤᠨ ᠬᠦᠷᠲᠡᠯ᠎ᠡ 34 ᠵᠢᠯ ᠬᠠᠭᠠᠨ ᠰᠢᠷᠡᠭᠡᠨ ᠳᠦ ᠰᠠᠭᠤᠭᠰᠠᠨ ᠶᠣᠮ᠃ ᠡᠬᠢᠨ ᠦᠶ᠎ᠡ ᠳᠡᠭᠡᠨ ᠲᠡᠷᠡ ᠪᠡᠷ ᠤᠷᠢᠶᠠᠩᠬᠠᠢ ᠪᠣᠯᠤᠨ ᠳᠠᠷᠬᠠᠳ  ᠦᠳ ᠢ ᠥᠪᠡᠷ ᠲᠦ ᠪᠠᠨ ᠡᠯᠰᠡᠭᠦᠯᠵᠦ ᠴᠢᠳᠠᠭᠰᠠᠨ ᠪᠥᠭᠡᠳ ᠡᠨᠡ ᠵᠠᠭᠤᠷ᠎ᠠ ᠲᠡᠭᠦᠨ ᠦ ᠴᠢᠰᠤᠨ ᠲᠥᠷᠥᠯ ᠦᠨ ᠬᠠᠮᠢᠶᠠᠲᠠᠨ ᠨᠤᠭᠤᠳ ᠪᠣᠯᠬᠤ ᠠᠮᠣᠳᠠᠢ ᠬᠣᠩ ᠲᠠᠶᠢᠵᠢ ᠪᠣᠯᠤᠨ ᠬᠤᠲᠤᠭᠲᠠᠢ ᠰᠡᠴᠡᠨ ᠬᠠᠨ ᠨᠠᠷ ᠨᠢ ᠳᠥᠷᠪᠡᠨ ᠣᠶᠢᠷᠠᠳ ᠍ ᠢ ᠨᠢᠭᠡᠳᠬᠡᠭᠰᠡᠨ ᠨᠢ ᠮᠣᠩᠭᠣᠯ ᠤᠨ ᠡᠪ ᠨᠢᠭᠡᠳᠦᠯ ᠳᠠᠬᠢᠨ ᠰᠡᠷᠭᠦᠬᠦ ᠳᠦ ᠶᠡᠬᠡᠬᠡᠨ ᠬᠤᠪᠢ ᠨᠡᠮᠡᠷᠢ ᠪᠣᠯᠵᠠᠢ᠃

ᠲᠦᠮᠡᠨ ᠬᠠᠭᠠᠨ ᠰᠢᠷᠡᠭᠡᠨ ᠳᠦ ᠰᠠᠭᠣᠭᠰᠠᠨ ᠤ ᠲᠠᠷᠠᠭ᠎ᠠ ᠂ ᠲᠣᠳᠣᠭᠠᠳᠣ ᠵᠦᠷᠢᠴᠡᠯ ᠢ ᠰᠢᠢᠳᠪᠦᠷᠢᠯᠡᠬᠦ ᠶᠢᠨ ᠲᠦᠯᠦᠭᠡ ᠴᠠᠬᠠᠷ ᠲᠦᠮᠡᠨ ᠦ ᠠᠮᠣᠳᠠᠢ ᠬᠣᠩ ᠲᠠᠶᠢᠵᠢ᠂ ᠬᠠᠯᠬ᠎ᠠ ᠲᠦᠮᠡᠨ ᠦ ᠣᠢᠵᠢᠩ ᠱᠣᠪᠬᠣᠢ ᠂ ᠲᠦᠮᠡᠳ ᠲᠦᠮᠡᠨ ᠦ ᠴᠣᠷᠬᠣᠭ ᠬᠣᠩ ᠲᠠᠶᠢᠵᠢ ᠪᠣᠯᠣᠨ ᠶᠦᠩᠰᠢᠶᠠᠪᠥ ᠲᠦᠮᠡᠨ ᠦ ᠠᠰᠣᠳ ᠤᠨ ᠨᠣᠶᠣᠭᠳᠠᠷ ᠨᠣᠶᠠᠨ ᠂ ᠣᠷᠳᠣᠰ ᠤᠨ ᠬᠣᠳᠣᠭᠳᠠᠢ ᠰᠡᠴᠡᠨ ᠬᠣᠩ ᠲᠠᠶᠢᠵᠢ ᠵᠡᠷᠭᠡ ᠨᠦᠯᠦᠭᠡ ᠪᠦᠬᠦᠢ ᠬᠦᠮᠦᠰ ᠢ ᠬᠠᠭᠠᠨ ᠣᠷᠳᠣᠨ ᠳᠤ ᠪᠠᠨ ᠢᠷᠡᠭᠦᠯᠦᠨ ᠬᠠᠭᠠᠨ ᠤ ᠲᠡᠷᠭᠡᠳᠡ ᠬᠠᠰᠢᠬᠣ ᠴᠢᠬᠣᠯᠠ ᠲᠠᠢ ᠠᠵᠢᠯ ᠡᠬᠦᠷᠭᠡ ᠵᠢ ᠬᠠᠷᠢᠴᠠᠭᠣᠯᠵᠠᠢ᠃

ᠮᠢᠩ ᠣᠯᠣᠰ ᠍ ᠢ ᠳᠠᠶᠢᠯᠠᠷ᠎ᠠ ᠮᠣᠷᠳᠠᠵᠤ ᠪᠠᠶᠢᠬᠤ ᠦᠶ᠎ᠡ ᠳᠡᠭᠡᠨ ᠲᠦᠮᠡᠨ ᠬᠠᠭᠠᠨ ᠬᠥᠬᠡ ᠨᠠᠭᠤᠷ ᠍ ᠢ ᠥᠪᠡᠷ ᠦᠨ ᠡᠷᠬᠡᠰᠢᠶᠡᠯ ᠳᠦ ᠪᠡᠨ ᠣᠷᠣᠭᠤᠯᠵᠤ ᠴᠢᠳᠠᠭᠰᠠᠨ ᠭᠠᠪᠢᠶ᠎ᠠ ᠲᠠᠢ ᠪᠢᠯᠡ᠃

1576 ᠤᠨ ᠳᠤ ᠲᠦᠮᠡᠨ ᠵᠠᠰᠠᠭᠲᠤ ᠬᠠᠭᠠᠨ ᠪᠣᠯᠤᠨ ᠪᠤᠰᠤᠳ ᠨᠣᠶᠠᠳ ᠮᠣᠩᠭᠣᠯᠴᠤᠳ ᠲᠤ ᠲᠥᠪᠡᠳ ᠨᠤᠲᠤᠭ ᠤᠨ ᠪᠤᠳ᠋ᠳ᠋ᠾᠠ ᠶᠢᠨ ᠱᠠᠰᠢᠨ ᠢ ᠳᠡᠯᠭᠡᠷᠡᠭᠦᠯᠬᠦ ᠶᠢ ᠳᠡᠮᠵᠢᠵᠦ ᠡᠨᠡ ᠦᠶ᠎ᠡ ᠳᠦ ᠪᠤᠳ᠋ᠳ᠋ᠾᠠ ᠶᠢᠨ ᠱᠠᠰᠢᠨ ᠨᠡᠯᠢᠶᠡᠳ ᠳᠡᠯᠭᠡᠷᠡᠵᠡᠢ᠃ ᠮᠥᠨ ᠲᠦᠮᠡᠨ ᠶᠡᠬᠡ ᠵᠠᠰᠠᠭ ᠬᠠᠤᠯᠢ  ᠳᠤ ᠦᠨᠳᠦᠰᠦᠯᠡᠨ ᠥᠪᠡᠷ ᠦᠨ ᠬᠠᠤᠯᠢ ᠶᠢ ᠵᠣᠬᠢᠶᠠᠭᠰᠠᠨ ᠪᠠᠶᠢᠨ᠎ᠠ᠃

ᠲᠦᠮᠡᠨ ᠬᠠᠭᠠᠨ ᠰᠢᠨ᠎ᠡ ᠵᠠᠰᠠᠭ ᠴᠠᠭᠠᠵᠠ ᠶᠢ ᠵᠣᠬᠢᠶᠠᠨ ᠶᠠᠪᠤᠭᠤᠯᠤᠭᠰᠠᠨ ᠲᠤᠯᠠ ᠲᠦᠮᠡᠨ ᠵᠠᠰᠠᠭᠲᠤ ᠬᠠᠭᠠᠨ ᠭᠡᠵᠦ ᠲᠡᠦᠬᠡᠨ ᠳᠦ ᠠᠯᠳᠠᠷᠰᠢᠪᠠ᠃ ᠲᠡᠷᠡ 1592 ᠤᠨ ᠤ ᠬᠠᠷ᠎ᠠ ᠯᠤᠤ ᠵᠢᠯ ᠨᠠᠰᠤᠨ ᠥᠭᠡᠳᠡ ᠪᠣᠯᠵᠠᠢ᠃

ᠡᠮᠦᠨᠡᠬᠢ
ᠳᠠᠷᠠᠶᠢᠰᠦᠨ ᠬᠥᠳᠡᠩ ᠬᠠᠭᠠᠨ
ᠮᠣᠩᠭᠣᠯ ᠤᠨ ᠬᠠᠭᠠᠨ
1558-1592
ᠳᠠᠷᠠᠭᠠᠬᠢ
ᠪᠤᠶᠠᠨ ᠰᠡᠴᠡᠨ ᠬᠠᠭᠠᠨ

ᠪᠢᠴᠢᠭᠡᠰᠦ