打开主菜单

ᠲᠥᠪᠡᠳ ᠦᠨ ᠪᠤᠷᠬᠠᠨ ᠤ ᠱᠠᠰᠢᠨ

ᠲᠥᠪᠡᠳ ᠦᠨ ᠯᠠᠮ᠎ᠠ ᠨᠠᠷ ᠬᠡᠶᠢᠳ ᠳᠣᠲᠣᠷ᠎ᠠ

ᠲᠥᠪᠡᠳ ᠦᠨ ᠪᠤᠷᠬᠠᠨ ᠤ ᠱᠠᠰᠢᠨ ᠪᠤᠶᠤ ᠲᠥᠪᠡᠳ ᠦᠨ ᠪᠤᠳ᠋ᠳ᠋ᠾᠠ ᠶᠢᠨ ᠱᠠᠰᠢᠨ ᠨᠢ ᠲᠥᠪᠡᠳ ᠪᠣᠯᠤᠨ ᠭᠢᠮᠠᠯᠢᠶ ᠠ ᠶᠢᠨ ᠪᠥᠰᠡ (ᠪᠠᠯᠪᠠᠪᠤᠲᠤᠩᠰᠢᠺᠬᠢᠮᠯᠳᠠᠺᠬ), ᠮᠣᠩᠭᠣᠯ ᠤᠯᠤᠰᠥᠪᠥᠷ ᠮᠣᠩᠭᠣᠯᠪᠤᠷᠢᠶᠠᠳᠬᠠᠯᠢᠮᠠᠭᠲᠤᠸᠠᠮᠠᠨᠵᠤ ᠳᠤ ᠳᠡᠯᠭᠡᠷᠡᠭᠰᠡᠨ ᠪᠤᠳ᠋ᠳ᠋ᠾᠠ ᠶᠢᠨ ᠱᠠᠰᠢᠨ ᠤ ᠨᠢᠭᠡᠨ ᠬᠡᠯᠪᠡᠷᠢ ᠶᠤᠮ᠃

ᠡᠨᠡ ᠨᠢ ᠳᠣᠲᠣᠷ᠎ᠠ ᠪᠠᠨ ᠪᠤᠳ᠋ᠳ᠋ᠾᠠ ᠶᠢᠨ ᠱᠠᠰᠢᠨ ᠨᠢ 3 ᠶᠠᠨ᠎ᠠ ᠪᠣᠯᠬᠤ ᠪᠠᠭ᠎ᠠ ᠬᠥᠯᠭᠡᠨᠶᠡᠬᠡ ᠬᠥᠯᠭᠡᠨᠲᠠᠷᠨᠢ ᠶᠢᠨ ᠬᠥᠯᠭᠡᠨ (ᠸᠴᠢᠷᠪᠠᠨᠢ) ᠪᠠᠭᠲᠠᠭᠠᠨ᠎ᠠ᠃ ᠪᠤᠳ᠋ᠳ᠋ᠾᠠ ᠭᠡᠳᠡᠭ ᠦᠭᠡ ᠶᠢ ᠰᠤᠨᠵᠢᠷᠠᠭᠤᠯᠤᠨ ᠪᠤᠷᠬᠠᠨ ᠭᠡᠵᠦ ᠳᠠᠭᠤᠳᠠᠳᠠᠭ ᠠᠴᠠ ᠮᠣᠩᠭᠣᠯᠴᠤᠳ ᠍ ᠤᠨ ᠳᠤᠮᠳᠠ ᠡᠨᠡᠬᠦ ᠱᠠᠰᠢᠨ ᠨᠢ ᠪᠤᠷᠬᠠᠨ ᠤ ᠱᠠᠰᠢᠨ ᠭᠡᠵᠦ ᠬᠡᠯᠡᠭᠳᠡᠳᠡᠭ ᠶᠤᠮ᠃ ᠤᠷᠢᠳᠤ ᠴᠠᠭ ᠲᠤ ᠲᠥᠪᠡᠳ ᠦᠨ ᠪᠤᠷᠬᠠᠨ ᠤ ᠱᠠᠰᠢᠨ ᠳᠤ 《ᠯᠠᠮᠠ ᠶᠢᠨ》 ᠬᠡᠮᠡᠬᠦ ᠨᠡᠷ᠎ᠡ ᠲᠣᠮᠢᠶ᠎ᠠ ᠬᠡᠷᠡᠭᠯᠡᠵᠦ ᠪᠠᠶᠢᠭᠰᠠᠨ ᠨᠢ ᠨᠣᠮ ᠤᠨ ᠪᠠᠭᠰᠢ ᠶᠢ (ᠯᠠᠮᠠ) ᠳᠡᠭᠡᠳᠦᠯᠡᠬᠦ ᠪᠤᠷᠬᠠᠨ ᠤ ᠱᠠᠰᠢᠨ ᠤ ᠶᠣᠰᠣ ᠶᠢ ᠪᠤᠷᠤᠭᠤ ᠣᠶᠢᠯᠠᠭᠠᠭᠰᠠᠨ ᠠᠴᠠ ᠡᠭᠦᠳᠦᠯᠲᠡᠢ ᠭᠡᠵᠦ ᠦᠵᠡᠬᠦ ᠪᠣᠯᠤᠭᠰᠠᠨ᠃ ᠮᠥᠨ ᠤᠤᠯ ᠱᠠᠰᠢᠨ ᠢ ᠳᠠᠭᠠᠭᠴᠢᠳ ᠡᠨᠡᠬᠦ ᠨᠡᠷ᠎ᠡ ᠲᠣᠮᠢᠶ᠎ᠠ ᠶᠢ ᠰᠥᠷᠭᠡᠷ᠎ᠡ ᠬᠦᠯᠢᠶᠡᠨ ᠠᠪᠳᠠᠭ ᠲᠤᠯᠠ ᠡᠳᠦᠭᠡ ᠬᠡᠷᠡᠭᠯᠡᠬᠦ ᠪᠡᠨ ᠪᠣᠯᠢᠭᠰᠠᠨ᠃

ᠲᠡᠦᠬᠡᠨᠠᠶᠢᠷᠠᠭᠣᠯᠬᠣ

ᠲᠥᠪᠡᠳ ᠦᠨ ᠪᠤᠷᠬᠠᠨ ᠤ ᠱᠠᠰᠢᠨ ᠤ ᠬᠠᠮᠤᠭ ᠤᠨ ᠠᠩᠬᠠᠨ ᠤ ᠤᠷᠤᠰᠬᠠᠯ ᠨᠢᠩᠭᠮᠠ ᠸᠠ᠂ ᠲᠡᠭᠦᠨ ᠦ ᠳᠠᠷᠠᠭ᠎ᠠ ᠡᠭᠦᠰᠦᠭᠰᠡᠨ ᠤᠷᠤᠰᠬᠠᠯ ᠭᠠᠷᠮᠠ ᠸᠠ ᠶᠤᠮ᠃ ᠬᠣᠵᠢᠮ ᠨᠢ ᠰᠠᠵᠠ ᠸᠠ ᠤᠷᠤᠰᠬᠠᠯ ᠡᠭᠦᠰᠦᠭᠰᠡᠨ ᠪᠥᠭᠡᠳ ᠶᠡᠬᠡ ᠶᠤᠸᠠᠨ ᠭᠦᠷᠦᠨ ᠦ ᠬᠤᠪᠢᠯᠠᠢ ᠬᠠᠭᠠᠨ ᠤ ᠦᠶ᠎ᠡ ᠳᠦ ᠮᠣᠩᠭᠣᠯᠴᠤᠳ ᠤᠨ ᠳᠤᠮᠳᠠ ᠰᠠᠵᠢ ᠶᠢᠨ ᠶᠣᠰᠣ ᠳᠡᠯᠭᠡᠷᠴᠢ ᠪᠠᠶᠢᠪᠠ᠃ ᠭᠡ ᠯᠦᠭ ᠸᠠ ᠤᠷᠤᠰᠬᠠᠯ ᠢ 14-5 ᠍ ᠳᠦᠭᠡᠷ ᠵᠠᠭᠤᠨ ᠤ ᠵᠠᠭᠠᠭ ᠢᠶᠠᠷ ᠪᠤᠷᠬᠠᠨ ᠤ ᠱᠠᠰᠢᠨ ᠤ ᠶᠡᠬᠡ ᠰᠢᠨᠡᠴᠢᠯᠡᠭᠴᠢ ᠵᠣᠩᠬᠣᠸᠠ ᠦᠨᠳᠦᠰᠦᠯᠡᠵᠡᠢ᠃ ᠭᠡ ᠯᠦᠭ ᠸᠠ ᠤᠷᠤᠰᠬᠠᠯ ᠢ ᠮᠥᠨ ᠰᠢᠷ᠎ᠠ ᠶᠢᠨ ᠱᠠᠰᠢᠨ ᠭᠡᠵᠦ ᠨᠡᠷᠡᠯᠡᠬᠦ ᠪᠠ ᠨᠥᠭᠥᠭᠡ ᠭᠤᠷᠪᠠᠨ ᠤᠷᠤᠰᠬᠠᠯ ᠢ ᠤᠯᠠᠭᠠᠨ ᠤ ᠱᠠᠰᠢᠨ ᠭᠡᠵᠦ ᠨᠡᠷᠡᠯᠡᠵᠦ ᠵᠠᠩᠰᠢᠵᠠᠢ᠃

ᠤᠯᠠᠭᠠᠨᠪᠠᠭᠠᠲᠤᠷ ᠬᠣᠲᠠ ᠶᠢᠨ ᠤᠷᠳᠤ ᠪᠡᠶ᠎ᠡ ᠳᠦ ᠪᠠᠶᠢᠬᠤ ᠪᠤᠷᠬᠠᠨ ᠪᠠᠭᠰᠢ ᠶᠢᠨ ᠳᠦᠷᠢ
ᠲᠥᠪᠡᠳ ᠦᠨ ᠪᠤᠷᠬᠠᠨ ᠤ ᠱᠠᠰᠢᠨ ᠤ ᠰᠤᠷᠭᠠᠯ ᠢᠶᠠᠷ ᠣᠷᠴᠢᠯᠠᠩ ᠳᠤ ᠲᠠᠮᠤᠪᠢᠷᠢᠳᠠᠳᠤᠭᠤᠰᠤᠬᠦᠮᠦᠨᠠᠰᠤᠷᠲᠩᠷᠢ ᠶᠢᠨ ᠣᠷᠣᠨ ᠬᠡᠮᠡᠬᠦ 6 ᠣᠷᠣᠨ ᠪᠠᠶᠢᠬᠤ ᠠᠭᠠᠳ ᠡᠳᠡᠭᠡᠷ ᠨᠢ ᠪᠦᠭᠦᠳᠡ ᠵᠣᠪᠠᠯᠠᠩ ᠭᠠᠰᠠᠯᠠᠩ ᠢᠶᠠᠷ ᠳᠦᠭᠦᠷᠡᠩ᠃ ᠰᠦᠨᠡᠰᠦ ᠣᠷᠴᠢᠯᠠᠩ ᠳᠤ ᠳᠠᠬᠢᠨ ᠳᠠᠪᠲᠠᠨ ᠲᠥᠷᠥᠬᠦ ᠳᠦ ᠪᠡᠨ ᠡᠳᠡᠭᠡᠷ 6 ᠣᠷᠣᠨ ᠤ ᠠᠯᠢ ᠨᠢᠭᠡᠨ ᠳᠦ ᠣᠷᠣᠰᠢᠵᠤ᠂ ᠲᠥᠷᠥᠬᠦ᠂ ᠡᠪᠡᠳᠬᠦ᠂ ᠥᠲᠡᠯᠬᠦ᠂ ᠦᠬᠦᠬᠦ ᠶᠢᠨ ᠵᠣᠪᠠᠯᠠᠩ ᠢ ᠡᠳ᠋ᠯᠡᠭᠰᠡᠭᠡᠷ ᠪᠠᠶᠢᠳᠠᠭ᠃ ᠨᠢᠷᠸᠠᠨ ᠪᠣᠯ ᠣᠷᠴᠢᠯᠠᠩ ᠤᠨ ᠬᠦᠯᠢᠶᠡᠭᠰᠡᠨ ᠡᠴᠡ ᠠᠩᠭᠢᠵᠢᠷᠠᠭᠰᠠᠨ ᠪᠤᠷᠬᠠᠨ ᠤ ᠲᠥᠯᠥᠪ ᠪᠠᠶᠢᠳᠠᠯ᠃ ᠣᠷᠴᠢᠯᠠᠩ ᠠᠴᠠ ᠠᠩᠭᠢᠵᠢᠷᠠᠵᠤ᠂ ᠨᠢᠷᠸᠠᠨ ᠳᠤ ᠨᠥᠬᠥᠴᠡᠨ ᠪᠤᠷᠬᠠᠨ ᠪᠣᠯᠬᠤ ᠵᠠᠮ ᠮᠥᠷ ᠪᠣᠯ ᠭᠡᠭᠡᠷᠡᠯ ᠦᠨ ᠵᠠᠮ ᠮᠥᠷ᠃ ᠡᠭᠦᠨ ᠳᠦ ᠬᠦᠷᠬᠦ ᠵᠠᠮ ᠪᠣᠯᠬᠤ ᠣᠷᠴᠢᠯᠠᠩ ᠠᠴᠠ ᠤᠶᠢᠰᠬᠤᠪᠣᠳᠢ ᠰᠡᠳᠬᠢᠯ ᠢ ᠳᠠᠳᠠᠭᠤᠯᠬᠤ᠂ ᠬᠣᠭᠣᠰᠣᠨ ᠴᠢᠨᠠᠷ ᠢ ᠲᠠᠨᠢᠬᠤ ᠭᠤᠷᠪᠠ ᠨᠢ ᠲᠥᠪᠡᠳ ᠦᠨ ᠪᠤᠷᠬᠠᠨ ᠤ ᠱᠠᠰᠢᠨ ᠤ ᠭᠤᠷᠪᠠᠨ ᠣᠬᠢ ᠰᠢᠮ᠎ᠡ ᠪᠢᠯᠡ᠃

ᠲᠡᠭᠦᠨᠴᠢᠯᠡᠨ ᠳᠠᠩ ᠭᠠᠭᠴᠠ ᠪᠠᠷ ᠢᠶᠠᠨ ᠨᠢᠷᠸᠠᠨ ᠳᠦᠷᠢ ᠶᠢ ᠣᠯᠠᠨ ᠪᠤᠷᠬᠠᠨ ᠪᠣᠯᠬᠤ ᠪᠤᠰᠤ᠂ ᠬᠠᠮᠤᠭ ᠠᠮᠢᠲᠠᠨ ᠢ ᠳᠠᠭᠠᠭᠤᠯᠤᠨ ᠭᠡᠭᠡᠷᠡᠯ ᠳᠦ ᠬᠦᠷᠭᠡᠬᠦ ᠶᠢ ᠰᠤᠷᠭᠠᠳᠠᠭ᠃ ᠡᠶᠢᠨᠬᠦᠦ ᠥᠪᠡᠷ ᠢᠶᠡᠨ ᠭᠡᠭᠡᠷᠡᠭᠰᠡᠨ ᠪᠣᠯᠪᠠᠴᠤ ᠨᠢᠷᠸᠠᠨ ᠳᠤ ᠨᠥᠬᠥᠴᠡᠬᠦ ᠦᠭᠡᠢ᠂ ᠬᠠᠮᠤᠭ ᠠᠮᠢᠲᠠᠨ ᠢ ᠠᠪᠤᠷᠠᠬᠤ ᠶᠢ ᠵᠣᠷᠢᠭᠰᠠᠨ ᠲᠥᠷᠥᠯᠲᠡᠨ ᠢ ᠪᠣᠳᠠᠰ ᠲᠤ ᠭᠡᠨ᠎ᠡ᠃

ᠪᠤᠷᠬᠠᠨ ᠤ ᠱᠠᠰᠢᠨ ᠳᠤ ᠣᠷᠴᠢᠯᠠᠩ ᠶᠢᠷᠲᠢᠨᠴᠦ ᠦᠢᠯᠡ ᠶᠢᠨ ᠦᠷ᠎ᠡ ᠪᠡᠷ ᠪᠦᠷᠢᠯᠳᠦᠵᠦ ᠲᠣᠭᠲᠠᠭᠰᠠᠨ᠂ ᠴᠢᠨᠠᠭᠰᠢᠳᠠ ᠬᠡᠷᠬᠢᠬᠦ ᠨᠢ ᠬᠠᠮᠤᠭ ᠠᠮᠢᠲᠠᠨ ᠤ ᠦᠢᠯᠡ ᠶᠢᠨ ᠦᠷ᠎ᠡ ᠪᠡᠷ ᠪᠣᠯᠤᠨ᠎ᠠ ᠭᠡᠵᠦ ᠰᠤᠷᠭᠠᠳᠠᠭ᠃ ᠬᠦᠮᠦᠨ ᠦ ᠦᠢᠯᠡᠳᠦᠭᠰᠡᠨ ᠰᠠᠶᠢᠨ ᠮᠠᠭᠤ ᠠᠯᠢᠪᠠ ᠦᠢᠯᠡ ᠶᠢᠨ ᠦᠷ᠎ᠡ ᠬᠡᠵᠢᠶ᠎ᠡ ᠨᠢᠭᠡᠨ ᠴᠠᠭ ᠲᠤ ᠵᠠᠪᠠᠯ ᠪᠣᠯᠪᠠᠰᠤᠷᠠᠨ᠎ᠠ᠃ ᠨᠢᠭᠦᠯᠲᠦ ᠮᠠᠭᠤ ᠦᠢᠯᠡ ᠶᠢᠨ ᠰᠢᠯᠲᠠᠭᠠᠨ ᠨᠢᠰᠪᠠ ᠪᠠᠨᠨᠢᠰ ᠭᠡᠳᠡᠭ᠃ ᠡᠭᠦᠨ ᠳᠦ ᠮᠤᠩᠬᠠᠭ᠂ ᠤᠷᠢᠨ᠂ ᠰᠢᠨᠤᠯ ᠭᠡᠰᠡᠨ ᠭᠤᠷᠪᠠᠨ ᠦᠨᠳᠦᠰᠦᠨ ᠨᠢᠰᠪᠠ ᠪᠠᠨᠨᠢᠰ ᠪᠤᠢ᠃

ᠭᠡᠭᠡᠷᠡᠯ ᠦᠨ ᠮᠥᠷ ᠲᠦ ᠣᠷᠣᠬᠤ ᠳᠤ ᠪᠠᠨ ᠪᠤᠷᠬᠠᠨᠨᠣᠮᠬᠤᠸᠠᠷᠠᠭ ᠤᠨ ᠴᠢᠭᠤᠯᠭᠠᠨ ᠯᠤᠭ᠎ᠠ ᠠᠪᠤᠷᠠᠯ ᠣᠳᠣᠭᠤᠯᠵᠤ ᠵᠢᠷᠭᠤᠭᠠᠨ ᠪᠷᠠᠮᠢᠳ ᠢ ᠭᠦᠢᠴᠡᠭᠡᠨ᠎ᠡ᠃

ᠨᠡᠮᠡᠷᠢᠨᠠᠶᠢᠷᠠᠭᠣᠯᠬᠣ