ᠰᠣᠹᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠠᠯᠪᠠᠨ ᠶᠣᠰᠣᠨ ᠤ ᠨᠡᠷ᠎ᠡ}}}</br>
ᠬᠣᠲᠠ ᠶᠢᠨ ᠵᠢᠷᠤᠭ</br>ᠠᠯᠧᠺᠰᠠᠨᠳᠠᠷ ᠨᠧᠦᠢᠰᠺ ᠦ ᠳᠤᠷᠠᠰᠬᠠᠯ ᠤᠨ ᠴᠣᠭᠴᠢᠨ ᠳᠤᠭᠠᠩ</br>
ᠰᠦᠯᠳᠡ ᠲᠤᠭ
ᠰᠦᠯᠳᠡ ᠲᠡᠮᠳᠡᠭ
ᠲᠤᠭ ᠰᠦᠯᠳᠡ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
</br>
ᠰᠣᠯᠪᠢᠴᠠᠯ: 42°42′0″N, 23°20′″E
ᠤᠯᠤᠰ {{{ᠵᠠᠬᠢᠷᠭ᠎ᠠ ᠨᠡᠷ᠎ᠡ}}}
ᠮᠤᠵᠢ {{{ᠵᠠᠬᠢᠷᠭ᠎ᠠ ᠨᠡᠷ᠎ᠡ 1}}}
ᠵᠠᠰᠠᠭᠯᠠᠯ  
 - ᠵᠠᠬᠢᠷᠤᠭᠴᠢ {{{ᠤᠳᠤᠷᠢᠳᠤᠭᠴᠢ ᠨᠡᠷ᠎ᠡ}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²
ᠥᠨᠳᠥᠷ 550 m
ᠬᠦᠮᠦᠨ ᠠᠮᠠ  
 - ᠨᠡᠶᠢᠲᠡ (2008) {{{ᠬᠦᠮᠦᠨ ᠠᠮᠠ ᠨᠡᠶᠢᠲᠡ}}}
 - ᠨᠢᠭᠲᠠᠷᠠᠯ {{{ᠬᠦᠮᠦᠨ ᠠᠮᠠ ᠨᠢᠭᠲᠠᠰᠢᠯ}}}/km²
ᠴᠠᠭ ᠤᠨ ᠪᠥᠰᠡ UTC+2
 - ᠵᠤᠨ   UTC+3
ᠴᠠᠬᠢᠮ ᠰᠦᠯᠵᠢᠶ᠎ᠡ: http://www.sofia.bg/
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠰᠣᠹᠢ ᠬᠣᠲᠠ ᠶᠢᠨ ᠰᠠᠨᠰᠠᠷ ᠠᠴᠠ ᠠᠪᠤᠭᠰᠠᠨ ᠵᠢᠷᠤᠭ

ᠰᠣᠹᠢ (ᠪᠣᠯᠭᠠᠷᠢᠶ᠎ᠠ ᠬᠡᠯᠡ: ᠰᠣᠹᠢᠶ᠎ᠠ) ᠨᠢ ᠪᠣᠯᠭᠠᠷᠢᠶ᠎ᠠ ᠍ ᠤᠨ ᠨᠡᠶᠢᠰᠯᠡᠯ ᠬᠣᠲᠠ ᠶᠠᠭᠤᠮ᠎ᠠ᠃ ᠸᠢᠲ᠋ᠣᠱᠠ ᠠᠭᠤᠯᠠ ᠍ ᠤᠨ ᠪᠡᠯ ᠳᠦ ᠤᠷᠤᠰᠢᠬᠤ ᠲᠤᠰ ᠬᠣᠲᠠ ᠨᠢ ᠪᠣᠯᠭᠠᠷᠢᠶ᠎ᠠ ᠶᠢᠨ ᠤᠯᠤᠰ ᠲᠥᠷᠥ᠂ ᠡᠳ᠋ ᠍ ᠦᠨ ᠵᠠᠰᠠᠭ᠂ ᠰᠤᠶᠤᠯ ᠪᠣᠯᠪᠠᠰᠤᠷᠠᠯ ᠤᠨ ᠲᠥᠪ ᠨᠢ ᠪᠢᠯᠡ᠃

ᠧᠦ᠋ᠷᠣᠫᠠ ᠍ ᠤᠨ ᠡᠷᠲᠡᠨ ᠦ ᠬᠣᠲᠠ ᠨᠤᠭᠤᠳ ᠤᠨ ᠨᠢᠭᠡ ᠪᠥᠭᠡᠳ ᠰᠧᠷᠳᠢᠺᠠ (Serdica), ᠰᠷᠧᠳᠧᠼ (Sredets), ᠲᠷᠶᠠᠳᠢᠼᠠ (Triaditsa) ᠬᠡᠮᠡᠨ ᠨᠡᠷᠡᠯᠡᠭᠳᠡᠵᠦ ᠪᠠᠶᠢᠭᠰᠠᠨ᠃ ᠬᠣᠲᠠ ᠶᠢᠨ ᠲᠡᠦᠬᠡ ᠨᠢ 7 ᠮᠢᠩᠭᠠᠨ ᠵᠢᠯ ᠦᠨ ᠲᠡᠷᠲᠡᠭᠡ ᠡᠴᠡ ᠤᠯᠪᠠᠭ᠎ᠠ ᠲᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠹᠢ ᠬᠣᠲᠠ ᠨᠢ ᠪᠠᠯᠺᠠᠨ ᠤ ᠬᠣᠶᠢᠭᠡᠶᠢᠨ ᠲᠥᠪᠡᠳ ᠪᠠᠶᠢᠷᠢᠯᠠᠳᠠᠭ ᠨᠢ ᠲᠡᠭᠦᠨ ᠦ ᠬᠥᠭᠵᠢᠯ ᠴᠡᠴᠡᠭᠯᠡᠯᠲᠡ ᠳᠦ ᠲᠣᠮᠣ ᠬᠤᠪᠢ ᠨᠡᠮᠡᠷᠢ ᠦᠵᠡᠭᠦᠯᠵᠡᠢ᠃ ᠪᠣᠯᠭᠠᠷᠢᠶ᠎ᠠ ᠶᠢᠨ ᠪᠠᠷᠠᠭᠤᠨ ᠬᠡᠰᠡᠭ ᠲᠦ᠂ ᠸᠢᠲ᠋ᠣᠱᠠ ᠠᠭᠤᠯᠠ ᠍ ᠤᠨ ᠪᠡᠯ ᠳᠦ᠂ ᠰᠣᠹᠢ ᠶᠢᠨ ᠬᠥᠨᠳᠡᠢ ᠳᠤ ᠠᠤᠯᠠᠯᠠᠰ ᠢᠶᠠᠷ ᠬᠦᠷᠢᠶᠡᠯᠡᠭᠳᠡᠨ ᠣᠷᠣᠰᠢᠨ᠎ᠠ᠃

ᠸᠯᠠᠳᠠᠢ᠂ ᠫᠧᠷᠯᠠᠪᠠ ᠵᠡᠷᠭᠡ ᠭᠣᠣᠯ ᠤᠳ ᠬᠣᠲᠠ ᠶᠢᠨ ᠳᠤᠮᠳᠠᠭᠤᠷ ᠤᠷᠤᠰᠤᠨ᠎ᠠ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠹᠢ ᠨᠢ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯᠲᠠᠢ ᠪᠥᠭᠡᠳ ᠲᠣᠯᠠᠭᠠᠨ ᠤ ᠬᠡᠮᠵᠢᠶ᠎ᠡ ᠤᠨ ᠵᠥᠷᠢᠭᠦᠦ ᠮᠠᠰᠢ ᠶᠡᠬᠡ ᠪᠠᠶᠢᠳᠠᠭ᠃ 1936 ᠣᠨ ᠬᠦᠷᠲᠡᠯ᠎ᠡ ᠵᠢᠯ ᠦᠨ ᠳᠤᠮᠳᠠᠴᠢ ᠲᠣᠯᠠᠭᠠᠨ ᠤ ᠬᠡᠮᠵᠢᠶ᠎ᠡ ᠼᠧᠯᠰ ᠦᠨ 10.0 ᠬᠡᠮ ᠪᠠᠶᠢᠭᠰᠠᠨ᠂ ᠡᠭᠦᠨ ᠡᠴᠡ ᠬᠣᠶᠢᠰᠢ 0.5 ᠬᠡᠮ ᠢᠶᠡᠷ ᠥᠰᠦᠭᠡᠳ ᠪᠤᠢ[1]᠃ ᠵᠢᠯ ᠦᠨ ᠬᠤᠷ᠎ᠠ ᠲᠤᠨᠤᠳᠠᠰᠤᠨ ᠤ ᠬᠡᠮᠵᠢᠶ᠎ᠡ ᠳᠤᠮᠳᠠᠴᠢ ᠪᠠᠷ 650 ᠮᠢᠯᠯᠢᠮᠧᠲ᠋ᠷ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠹᠢ ᠳᠠᠬᠢ ᠭᠡᠭᠡᠨ ᠵᠣᠷᠵᠢ ᠶᠢᠨ ᠰᠦᠮ᠎ᠡ ᠨᠢ ᠪᠠᠯᠺᠠᠨ ᠤ ᠬᠣᠶᠢᠭᠡᠶᠢᠨ ᠬᠠᠮᠤᠭ ᠤᠨ ᠡᠷᠲᠡᠨ ᠦ ᠾᠷᠢᠰᠲ᠋ᠣᠰ ᠤᠨ ᠱᠠᠰᠢᠨ ᠤ ᠰᠦᠮ᠎ᠡ ᠪᠥᠭᠡᠳ 4 ᠍ ᠳᠦᠭᠡᠷ ᠵᠠᠭᠤᠨ ᠳᠤ ᠪᠠᠷᠢᠭᠳᠠᠵᠠᠢ᠃

ᠡᠷᠲᠡ ᠴᠠᠭ ᠲᠤ ᠹᠷᠠᠺ ᠦᠳ ᠤᠨ ᠲᠣᠰᠬᠣᠨ ᠡᠳᠦᠭᠡ ᠶᠢᠨ ᠰᠣᠹᠢ ᠬᠣᠲᠠ ᠣᠷᠣᠰᠢᠵᠤ ᠪᠤᠢ ᠭᠠᠵᠠᠷ ᠲᠤ ᠪᠠᠶᠢᠭᠰᠠᠨ ᠪᠥᠭᠡᠳ ᠰᠧᠷᠳᠢᠺᠠ ᠪᠤᠶᠤ ᠰᠠᠷᠳᠢᠺᠠ ᠭᠡᠵᠦ ᠨᠡᠷᠡᠯᠡᠭᠳᠡᠳᠡᠭ ᠪᠠᠶᠢᠪᠠ᠃ ᠡᠨᠡ ᠨᠢ ᠹᠷᠠᠺ ᠤᠳ ᠤᠨ ᠨᠢᠭᠡ ᠣᠪᠤᠭ ᠠᠶᠢᠮᠠᠭ ᠪᠣᠯᠬᠤ ᠰᠧᠷᠳᠢᠭ ᠡᠴᠡ ᠭᠠᠷᠤᠯ ᠲᠠᠢ ᠭᠡᠵᠦ ᠦᠵᠡᠳᠡᠭ᠃ ᠮᠠᠨ ᠤ ᠡᠷᠡᠨ ᠦ ᠡᠮᠦᠨ᠎ᠡ 500 ᠣᠨ ᠤ ᠦᠶ᠎ᠡ ᠳᠦ ᠹᠷᠠᠺ ᠤᠨ ᠥᠭᠡᠷ᠎ᠡ ᠨᠢᠭᠡᠨ ᠣᠪᠤᠭ ᠪᠣᠯᠬᠤ ᠣᠳᠣᠷ ᠤᠰ ᠤᠳ ᠥᠪᠡᠷᠰᠡᠳ ᠦᠨ ᠬᠠᠭᠠᠨᠲᠤ ᠤᠯᠤᠰ ᠢ ᠪᠠᠶᠢᠭᠤᠯᠤᠨ ᠠᠵᠤ ᠲᠥᠷᠦᠵᠢ ᠪᠠᠶᠢᠭᠰᠠᠨ ᠭᠡᠳᠡᠭ᠃

ᠮᠠᠨ ᠤ ᠡᠷᠡᠨ ᠦ ᠡᠮᠦᠨ᠎ᠡ 29 ᠣᠨ ᠳᠤ ᠰᠧᠷᠳᠢᠺᠠ ᠨᠢ ᠷᠣᠮ ᠳᠤ ᠡᠵᠡᠯᠡᠭᠳᠡᠭᠰᠡᠨ ᠠᠵᠤ᠃ ᠰᠣᠹᠢᠭ 447 ᠣᠨ ᠳᠤ ᠾᠦᠩᠨᠦᠴᠦᠦ ᠳᠦ ᠡᠪᠳᠡᠯᠡᠨ ᠰᠦᠢᠳᠬᠡᠭᠰᠡᠨ ᠪᠥᠭᠡᠳ ᠸᠢᠰᠠᠩᠲᠤ ᠶᠢᠨ ᠬᠠᠭᠠᠨ ᠶᠤᠶᠢᠰᠲ᠋ᠢᠨ ᠰᠡᠷᠭᠦᠭᠡᠨ ᠪᠣᠰᠬᠠᠵᠤ᠂ ᠲᠷᠶᠠᠳᠢᠼᠠ ᠬᠡᠮᠡᠨ ᠨᠡᠷᠡᠶᠢᠳᠴᠡᠢ᠃

809 ᠣᠨ ᠳᠤ ᠺᠷᠤᠮ ᠬᠠᠭᠠᠨ ᠤ ᠦᠶ᠎ᠡ ᠳᠦ ᠤᠷᠲᠤ ᠤᠳᠠᠭᠠᠨ ᠳᠠᠶᠢᠨ ᠤ ᠡᠴᠦᠰ ᠲᠦ ᠠᠩᠬ᠎ᠠ ᠤᠳᠠᠭ᠎ᠠ ᠪᠣᠯᠭᠠᠷᠢᠶ᠎ᠠ ᠶᠢᠨ ᠬᠠᠭᠠᠨᠲᠤ ᠤᠯᠤᠰ ᠤᠨ ᠮᠡᠳᠡᠯ ᠳᠦ ᠣᠷᠣᠭᠰᠠᠨ ᠪᠠᠶᠢᠨ᠎ᠠ[2]᠃ ᠲᠡᠳᠡ ᠬᠣᠲᠠ ᠶᠢᠨ ᠨᠡᠷ᠎ᠡ ᠶᠢ ᠰᠯᠠᠪ ᠬᠡᠯᠡᠨ ᠦ ᠳᠠᠭᠤᠳᠠᠯᠭ᠎ᠠ ᠳᠤ ᠣᠶᠢᠷᠠᠲᠤᠭᠤᠯᠵᠤ ᠰᠷᠧᠳᠧᠼ ᠭᠡᠳᠡᠭ ᠪᠠᠶᠢᠯ᠎ᠠ᠃ 1018 ᠣᠨ ᠳᠤ ᠨᠢᠭᠡ ᠬᠡᠰᠡᠭ ᠵᠡᠭᠦᠨ ᠷᠤᠮᠠᠨᠢᠶ ᠠ ᠡᠵᠡᠨᠲᠦ ᠤᠯᠤᠰ ᠍ ᠤᠨ ᠮᠡᠳᠡᠯ ᠳᠦ ᠣᠴᠢᠭᠰᠠᠨ ᠪᠣᠯᠪᠠᠴᠤ ᠤᠳᠠᠯ ᠦᠭᠡᠢ ᠪᠣᠯᠭᠠᠷᠴᠤᠳ ᠬᠣᠲᠠ ᠶᠢ ᠪᠤᠴᠠᠭᠠᠨ ᠠᠪᠴᠠᠢ᠃

ᠰᠣᠹᠢᠭ 1443 ᠣᠨ ᠳᠤ ᠣᠰᠠᠮᠠᠨ ᠤ ᠡᠵᠡᠨᠲᠦ ᠭᠦᠷᠦᠨ ᠡᠵᠡᠯᠡᠵᠦ᠂ ᠷᠦᠮᠧᠯ ᠮᠤᠵᠢ ᠳᠤ ᠬᠠᠮᠢᠶᠠᠷᠤᠭᠤᠯᠤᠭᠰᠠᠨ ᠠᠴᠠ ᠬᠣᠶᠢᠰᠢ 4 ᠵᠠᠭᠤᠨ ᠤ ᠲᠤᠷᠰᠢ ᠲᠡᠳᠡᠨ ᠦ ᠨᠣᠶᠠᠷᠬᠠᠯ ᠦᠷᠭᠦᠯᠵᠢᠯᠡᠵᠦ᠂ ᠲᠦᠷᠦᠭᠡᠭᠦᠳᠡ ᠣᠷᠣᠰᠢᠨ ᠰᠠᠭᠤᠬᠤ ᠪᠣᠯᠵᠠᠢ᠃

ᠣᠷᠣᠰ-ᠲᠦᠷᠦᠭ ᠦᠨ ᠳᠠᠶᠢᠨᠢ ᠦᠶ᠎ᠡ ᠪᠡᠷ ᠣᠷᠣᠰ ᠤᠳ 1878 ᠣᠨ ᠤ 1 ᠰᠠᠷ᠎ᠠ ᠶᠢᠨ 4 ᠍ ᠳᠦ ᠲᠤᠰ ᠬᠣᠲᠠ ᠶᠢ ᠡᠵᠡᠯᠡᠵᠦ᠂ 1879 ᠣᠨ ᠳᠤ ᠰᠢᠨ᠎ᠡ ᠪᠡᠷ ᠶᠡᠬᠡ ᠪᠣᠯᠭᠠᠷᠢᠶ᠎ᠠ ᠶᠢᠨ ᠸᠠᠩᠲᠤ ᠤᠯᠤᠰ ᠍ ᠢ ᠪᠠᠶᠢᠭᠤᠯᠬᠤ ᠳᠤ ᠨᠡᠶᠢᠰᠯᠡᠯ ᠨᠢ ᠪᠣᠯᠤᠭᠰᠠᠨ ᠪᠠᠶᠢᠨ᠎ᠠ᠃ ᠲᠡᠷᠡ ᠦᠶ᠎ᠡ ᠳᠦ ᠬᠣᠲᠠ ᠶᠢᠨ ᠬᠦᠮᠦᠨ ᠠᠮᠠ ᠳᠥᠩᠭᠡᠵᠢ 11,649 ᠪᠠᠶᠢᠭᠰᠠᠨ ᠭᠡᠳᠡᠭ[3]

1376 ᠣᠨ ᠳᠤ ᠭᠡᠭᠡᠨ ᠰᠣᠹᠢ ᠶᠢᠨ ᠴᠣᠭᠴᠢᠨ ᠳᠤᠭᠤᠨ᠎ᠠ ᠪᠠᠷᠢᠭᠳᠠᠭᠰᠠᠨ ᠠᠴᠠ ᠬᠣᠶᠢᠰᠢ ᠬᠣᠲᠠ ᠶᠢ ᠢᠷᠭᠡᠳ ᠰᠣᠹᠢ ᠭᠡᠵᠦ ᠲᠠᠭᠤᠳᠠᠬᠤ ᠪᠣᠯᠤᠭᠰᠠᠨ ᠴᠤ ᠳᠥᠩᠭᠡᠵᠢ 1878 ᠣᠨ ᠳᠤ ᠠᠯᠪᠠᠨ ᠶᠣᠰᠣᠨ ᠤ ᠨᠡᠷ᠎ᠡ ᠨᠢ ᠪᠣᠯᠤᠭᠰᠠᠨ ᠠᠵᠢ᠃

ᠳᠡᠯᠡᠬᠡᠢ ᠶᠢᠨ ᠬᠣᠶᠠᠳᠤᠭᠠᠷ ᠳᠠᠶᠢᠨᠢ ᠦᠶ᠎ᠡ ᠪᠡᠷ ᠲᠤᠰ ᠬᠣᠲᠠ ᠪᠥᠮᠪᠦᠭᠡᠳᠡᠯᠲᠡᠳ ᠥᠷᠲᠥᠵᠦ ᠪᠠᠶᠢᠪᠠ᠃

ᠵᠠᠮ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠹᠢᠭ ᠤᠨ ᠮᠧᠲ᠋ᠷᠣᠨ ᠤ ᠰᠦᠯᠵᠢᠶᠡᠨ ᠦ ᠵᠢᠷᠤᠭ

ᠰᠣᠹᠢᠭ ᠤᠨ ᠮᠧᠲ᠋ᠷᠣ᠋ ᠨᠢ 2009 ᠣᠨ ᠤ ᠪᠠᠶᠢᠳᠠᠯ ᠢᠶᠠᠷ 1 ᠱᠤᠭᠤᠮ᠂ 14 ᠥᠷᠲᠡᠭᠡ ᠲᠡᠢ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. http://web.archive.org/web/20070614073039/http://www.meteo.bg/docs/CMS_Sof_Hystory_Web.pdf
  2. Theophanes Confessor. Chronographia, p.485
  3. ᠺᠢᠷᠠᠳᠵᠢᠶᠠᠪ᠂ ᠰᠸᠧᠲ᠋ᠯᠢᠨ (2006). „ᠰᠣᠹᠢᠶ᠎ᠠ᠃ 125 ᠭᠣᠳᠣᠨᠢ ᠰᠲ᠋ᠣᠯᠢᠽᠠ᠃ 1879-2004 ᠭᠣᠳᠣᠨᠠ《. ᠢᠷᠡᠭᠰᠡᠨ ᠺᠣᠮᠠᠨᠳ „ᠭᠤᠲ᠋ᠧᠨᠪᠧᠺᠭ《. ISBN 978-954-617-011-8

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠰᠣᠹᠢ»
http://wiki.uhaan.com/index.php?title=ᠰᠣᠹᠢ&oldid=432192》 ᠍  ᠡᠴᠡ ᠠᠪᠤᠭᠰᠠᠨ

ᠪᠢᠴᠢᠭᠡᠰᠦ