打开主菜单

ᠰᠢᠪᠠᠭᠤ

ᠰᠢᠪᠠᠭᠤ
ᠣᠷᠣᠰᠢᠨ ᠪᠠᠶᠢᠭᠰᠠᠨ ᠬᠤᠭᠤᠴᠠᠭ᠎ᠠ: ᠬᠣᠵᠢᠭᠤ ᠶᠤᠶᠢᠷᠠ – ᠣᠳᠣ ᠬᠦᠷᠲᠡᠯ᠎ᠡ
ᠳᠠᠭᠤᠴᠢ ᠰᠢᠪᠠᠭᠤ᠂ Dendroica petechia
ᠳᠠᠭᠤᠴᠢ ᠰᠢᠪᠠᠭᠤ᠂ Dendroica petechia
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ ᠤ
ᠬᠦᠷᠢᠶ᠎ᠡ: ᠬᠥᠪᠴᠢᠲᠡᠨᠢᠢ
ᠠᠩᠭᠢ: ᠰᠢᠪᠠᠭᠤᠨ ᠤ
ᠺᠠᠷᠯ ᠯᠢᠨᠡᠨᠢ᠂ 1758
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠰᠢᠪᠠᠭᠤ (ᠰᠢᠪᠠᠭᠤᠨ ᠤ ᠠᠩᠭᠢ) ᠨᠢ ᠬᠣᠶᠠᠷ ᠬᠥᠯᠲᠡᠢ᠂ ᠬᠠᠯᠠᠭᠤᠨ ᠴᠢᠰᠤᠲᠤᠨᠤᠭᠤᠯᠤᠮᠠᠶᠢᠲᠠᠨ ᠤ ᠳᠡᠳ᠋ ᠬᠦᠷᠢᠶ᠎ᠡᠨᠳ ᠪᠠᠭᠠᠳᠬᠤ ᠠᠮᠢᠲᠠᠳ ᠶᠤᠮ᠃ ᠪᠡᠶ᠎ᠡ ᠨᠢ ᠥᠳᠥ ᠪᠡᠷ ᠪᠦᠷᠬᠦᠭᠳᠡᠭᠰᠡᠨ᠂ ᠰᠢᠳᠦ ᠦᠭᠡᠢ᠂ ᠬᠠᠲᠠᠭᠤ ᠶᠠᠰᠤᠷᠬᠠᠭ ᠬᠣᠰᠢᠭᠤ ᠲᠠᠢ᠃ ᠰᠢᠪᠠᠭᠤᠨ ᠤ ᠬᠡᠮᠵᠢᠶ᠎ᠡ ᠨᠢ ᠬᠠᠮᠤᠭ ᠤᠨ ᠵᠢᠵᠢᠭ ᠰᠣᠨᠣ ᠪᠢᠯᠵᠤᠤᠬᠠᠢ 5 ᠰᠠᠨᠲ᠋ᠢᠮᠧᠲ᠋ᠷ ᠰ ᠬᠠᠮᠤᠭ ᠤᠨ ᠲᠣᠮᠣ ᠪᠣᠯᠬᠤ ᠲᠡᠮᠡᠭᠡᠨ ᠬᠢᠷᠭᠤᠤᠯ 2.7 ᠮᠧᠲ᠋ᠷ ᠥᠨᠳᠥᠷ᠂ 150 ᠺᠢᠯᠣᠭ᠍ᠷᠠᠮ ᠬᠦᠷᠲᠡᠯᠡᠬᠢ ᠵᠢᠩ ᠲᠡᠢ ᠭᠡᠬᠦ ᠮᠡᠲᠦ ᠶᠠᠩᠵᠤ ᠪᠦᠷᠢ ᠪᠠᠶᠢᠨ᠎ᠠ᠃

ᠣᠳᠣ ᠪᠠᠷ ᠳᠡᠯᠡᠬᠡᠢ ᠳᠡᠭᠡᠷ᠎ᠡ 10,000 ᠣᠷᠴᠢᠮ ᠵᠦᠢᠯ ᠦᠨ ᠰᠢᠪᠠᠭᠤ ᠮᠡᠳᠡᠭᠳᠡᠭᠡᠳ ᠪᠠᠶᠢᠨ᠎ᠠ᠃ ᠬᠠᠯᠠᠭᠤᠨ᠂ ᠰᠡᠷᠢᠭᠦᠨ᠂ ᠬᠦᠢᠲᠡᠨ᠂ ᠲᠤᠶᠢᠯ ᠤᠨ ᠪᠥᠰᠡ ᠨᠦᠭᠦᠳ ᠪᠣᠯᠤᠨ ᠲᠡᠩᠭᠢᠰ᠂ ᠳᠠᠯᠠᠢ ᠭᠡᠳ ᠳᠡᠯᠡᠬᠡᠢ ᠶᠢᠨ ᠪᠦᠬᠦᠢ ᠯᠠ ᠪᠥᠰᠡ ᠨᠤᠲᠤᠭ ᠢᠶᠠᠷ ᠲᠠᠷᠬᠠᠭᠰᠠᠨ ᠪᠠᠶᠢᠬᠤ ᠪᠠ ᠬᠦᠷᠢᠶᠡᠯᠡᠩ ᠪᠤᠢ ᠤᠷᠴᠢᠨ ᠳᠤ ᠪᠠᠨ ᠵᠣᠬᠢᠴᠠᠭᠰᠠᠨ ᠲᠥᠷᠥᠯ ᠦᠳ ᠪᠠᠶᠢᠨ᠎ᠠ᠃ ᠰᠢᠪᠠᠭᠤᠳ ᠤᠨ ᠲᠣᠭ᠎ᠠ ᠲᠣᠯᠣᠭᠠᠢ ᠤᠮᠠᠷᠠᠳᠤᠡᠮᠦᠨᠡᠲᠦ ᠬᠣᠶᠠᠷ ᠲᠤᠶᠢᠯ ᠠᠴᠠ ᠡᠺᠸᠠᠲ᠋ᠣᠷ ᠲᠤ ᠣᠶᠢᠷᠠᠳᠬᠤ ᠲᠤᠰᠤᠮ ᠶᠡᠬᠡᠰᠳᠡᠭ ᠨᠢ ᠬᠣᠭᠣᠯᠠ ᠲᠡᠵᠢᠭᠡᠯ ᠪᠣᠯᠤᠨ ᠴᠠᠭ ᠠᠭᠤᠷ ᠤᠨ ᠨᠥᠬᠥᠴᠡᠯ ᠲᠡᠢ ᠬᠣᠯᠪᠣᠭ᠎ᠠ ᠲᠠᠢ᠃ ᠡᠶᠢᠮᠦ ᠡᠴᠡ ᠴᠤ ᠣᠯᠠᠨ ᠵᠦᠢᠯ ᠰᠢᠪᠠᠭᠤᠳ ᠨᠡᠭᠦᠳᠡᠯᠯᠡᠨ ᠠᠮᠢᠳᠤᠷᠠᠳᠠᠭ ᠪᠣᠯᠵᠠᠢ᠃ ᠰᠢᠪᠠᠭᠤᠳ ᠨᠢ ᠨᠡᠯᠢᠶᠡᠳ ᠥᠨᠳᠥᠷ ᠬᠥᠭᠵᠢᠯᠲᠡᠢ ᠠᠮᠢᠲᠠᠳ ᠪᠥᠭᠡᠳ ᠨᠢᠰᠬᠦ ᠳᠦ ᠵᠣᠬᠢᠴᠠᠭᠰᠠᠨ ᠣᠯᠠᠨ ᠭᠠᠶᠢᠬᠠᠯᠲᠠᠢ ᠵᠣᠬᠢᠯᠳᠤᠯᠭ᠎ᠠ ᠲᠠᠢ᠃ ᠮᠠᠨ ᠤ ᠣᠷᠣᠨ ᠳᠤ 460 ᠣᠷᠴᠢᠮ ᠵᠦᠢᠯ ᠦᠨ ᠰᠢᠪᠠᠭᠤ ᠨᠡᠭᠦᠳᠡᠯ ᠦᠨ ᠪᠣᠯᠤᠨ ᠰᠠᠭᠤᠷᠢᠨ ᠪᠠᠶᠢᠳᠠᠯ ᠢᠶᠠᠷ ᠲᠣᠬᠢᠶᠠᠯᠳᠤᠨ᠎ᠠ᠃

ᠰᠢᠪᠠᠭᠤᠳ ᠤᠨ ᠣᠯᠠᠨ ᠶᠠᠩᠵᠤ ᠶᠢᠨ ᠬᠡᠯᠪᠡᠷᠢ᠂ ᠳᠦᠷᠰᠦᠨᠠᠶᠢᠷᠠᠭᠣᠯᠬᠣ

ᠶᠠᠩᠵᠤ ᠪᠦᠷᠢ ᠶᠢᠨ ᠰᠢᠪᠠᠭᠤᠳ

ᠰᠢᠪᠠᠭᠤ ᠨᠢ ᠪᠦᠬᠦ ᠲᠢᠢᠪ ᠦᠳ᠂ ᠡᠬᠡ ᠭᠠᠵᠠᠷ ᠲᠤ ᠠᠮᠢᠳᠤᠷᠠᠬᠤ ᠤᠴᠢᠷ ᠲᠤᠬᠠᠢ ᠶᠢᠨ ᠤᠷᠴᠢᠨ ᠳᠤ ᠪᠠᠨ ᠵᠣᠬᠢᠴᠠᠭᠰᠠᠨ ᠣᠯᠠᠨ ᠶᠠᠩᠵᠤ ᠶᠢᠨ ᠬᠡᠯᠪᠡᠷᠢ ᠲᠡᠢ᠃ ᠬᠠᠮᠤᠭ ᠤᠨ ᠭᠣᠣᠯ ᠢᠯᠭᠠᠭ᠎ᠠ ᠨᠤᠭᠤᠳ ᠨᠢ ᠪᠡᠶ᠎ᠡ ᠶᠢᠨ ᠬᠡᠮᠵᠢᠶ᠎ᠡ᠂ ᠬᠣᠰᠢᠭᠤᠨ ᠤ ᠬᠡᠯᠪᠡᠷᠢ᠂ ᠬᠥᠯ᠂ ᠬᠦᠵᠦᠭᠦᠨ ᠦ ᠤᠷᠲᠤ ᠪᠣᠯᠤᠨ ᠥᠩᠭᠡ ᠶᠤᠮ᠃ ᠬᠠᠮᠤᠭ ᠤᠨ ᠵᠢᠵᠢᠭ ᠲᠥᠷᠥᠯ ᠦᠨ ᠰᠢᠪᠠᠭᠤᠳ ᠵᠢᠮᠢᠰᠦᠨ ᠦ ᠰᠢᠭᠦᠰᠦ᠂ ᠴᠡᠴᠡᠭ ᠦᠨ ᠪᠠᠯ᠂ ᠰᠢᠪᠠᠵᠢ ᠢᠶᠠᠷ ᠬᠣᠭᠣᠯᠠᠯᠠᠨ᠎ᠠ᠃ ᠬᠠᠮᠤᠭ ᠤᠨ ᠲᠣᠮᠣ ᠪᠡᠶ᠎ᠡ ᠲᠡᠢ᠂ ᠨᠢᠰᠳᠡᠭ ᠦᠭᠡᠢ ᠰᠢᠪᠠᠭᠤᠨ ᠳᠤ ᠲᠡᠮᠡᠭᠡᠨ ᠬᠢᠷᠭᠤᠤᠯ᠂ ᠲᠣᠳᠢ ᠵᠡᠷᠭᠡ ᠣᠷᠣᠨ᠎ᠠ᠃ ᠥᠨᠳᠥᠷ ᠲᠦ ᠨᠢᠰᠳᠡᠭ ᠲᠣᠮᠣ ᠪᠡᠶᠡᠲᠦ ᠰᠢᠪᠠᠭᠤᠳ ᠪᠠᠶᠢᠬᠤ ᠪᠠ ᠪᠦᠷᠭᠦᠳᠲᠠᠰᠰᠠᠯᠬᠢᠴᠢ ᠰᠢᠪᠠᠭᠤᠬᠣᠲᠠᠨ ᠭᠡᠬᠦ ᠮᠡᠲᠦ᠃ ᠹᠯᠢᠮᠢᠩ ᠢᠶᠠᠲᠣᠭᠣᠷᠤᠤ ᠵᠡᠷᠭᠡ ᠤᠷᠲᠤ ᠬᠥᠯᠲᠡᠢ᠂ ᠤᠷᠲᠤ ᠬᠥᠵᠦᠭᠦᠦ ᠲᠡᠢ ᠰᠢᠪᠠᠭᠤᠳ ᠶᠡᠬᠡᠩᠬᠢ ᠴᠠᠭ ᠢᠶᠠᠨ ᠠᠯᠬᠤᠵᠤ ᠥᠩᠭᠡᠷᠡᠭᠦᠯᠬᠦ ᠲᠤᠯᠠ ᠡᠭᠦᠨ ᠳᠦ ᠪᠡᠨ ᠵᠣᠬᠢᠴᠠᠵᠠᠢ᠃ ᠪᠣᠭᠣᠨᠢ ᠬᠥᠯᠲᠡᠢ᠂ ᠤᠷᠲᠤ ᠬᠥᠵᠦᠭᠦᠦ ᠲᠡᠢ ᠬᠣᠲᠠᠨ᠂ ᠬᠤᠨᠭᠠᠯᠠᠭᠤ ᠨᠢ ᠤᠰᠤᠨ ᠳᠤ ᠰᠠᠶᠢᠨ ᠰᠡᠯᠡᠬᠦ ᠤᠰᠤᠨ ᠤ ᠰᠢᠪᠠᠭᠤᠳ ᠪᠥᠭᠡᠳ ᠲᠣᠯᠣᠭᠠᠢ ᠶᠢ ᠪᠠᠨ ᠤᠰᠤᠨ ᠳᠤ ᠱᠤᠩᠪᠠᠭᠤᠯᠤᠨ ᠵᠢᠭᠠᠰᠤ᠂ ᠵᠢᠷᠠᠭᠠᠬᠠᠢ ᠵᠡᠷᠭᠡ ᠬᠣᠭᠣᠯᠠ ᠲᠡᠵᠢᠭᠡᠯ ᠢᠶᠡᠨ ᠪᠠᠷᠢᠵᠤ ᠢᠳᠡᠨ᠎ᠡ᠃ ᠬᠣᠰᠢᠭᠤ ᠨᠢ ᠭᠣᠣᠯ ᠲᠥᠯᠥᠪ ᠤᠰᠤ ᠬᠤᠳᠬᠤᠬᠤ ᠳᠤ ᠵᠣᠬᠢᠴᠠᠭᠰᠠᠨ ᠬᠠᠪᠲᠠᠭᠠᠢ ᠬᠡᠯᠪᠡᠷᠢ ᠲᠡᠢ ᠪᠠᠶᠢᠳᠠᠭ᠃ ᠬᠣᠲᠠᠨ ᠰᠢᠪᠠᠭᠤᠨ ᠤ ᠬᠣᠰᠢᠭᠤ ᠨᠢ ᠳᠣᠣᠷ᠎ᠠ ᠪᠠᠨ ᠲᠣᠮᠣ ᠬᠠᠯᠢᠭᠰᠠᠨ ᠤᠭᠤᠲᠠ ᠲᠠᠢ ᠪᠠᠶᠢᠬᠤ ᠪᠠ ᠵᠢᠭᠠᠰᠤ ᠪᠠᠷᠢᠬᠤ ᠳᠤ ᠰᠤᠨᠤᠨ ᠲᠣᠮᠣ ᠤᠳᠬᠤᠭᠤᠷ ᠪᠣᠯᠳᠠᠭ᠃ ᠰᠢᠷ᠎ᠠ ᠰᠢᠪᠠᠭᠤᠤᠭᠤᠯᠢ᠂ ᠪᠦᠷᠭᠦᠳ᠂ ᠲᠠᠰ᠂ ᠬᠠᠷᠴᠠᠭ᠎ᠠ ᠭᠡᠬᠦ ᠮᠡᠲᠦ ᠮᠢᠬᠠᠴᠢᠨ ᠰᠢᠪᠠᠭᠤᠳ ᠳᠡᠭᠡᠭᠡ ᠮᠠᠶ᠋ᠢᠭ ᠤᠨ ᠮᠠᠬᠢᠷ ᠬᠣᠰᠢᠭᠤ᠂ ᠬᠤᠷᠴᠠ ᠲᠣᠮᠣ ᠬᠢᠮᠤᠰᠤ ᠲᠠᠢ ᠪᠠᠶᠢᠨ᠎ᠠ᠃ ᠪᠣᠭᠣᠨᠢ ᠬᠣᠰᠢᠭᠤ᠂ ᠥᠷᠭᠡᠨ ᠠᠮᠠ ᠲᠠᠢ ᠬᠠᠷᠢᠶᠠᠴᠠᠢᠤᠷᠠᠴᠠᠢ ᠨᠢ ᠨᠢᠰᠴᠦ ᠪᠠᠶᠢᠬᠤ ᠳᠤ ᠪᠠᠨ ᠰᠢᠪᠠᠵᠢ ᠪᠠᠷᠢᠬᠤ ᠳᠤ ᠵᠣᠬᠢᠯᠳᠤᠭᠰᠠᠨ ᠠᠵᠡᠢ᠃ ᠲᠣᠳᠢ ᠰᠢᠪᠠᠭᠤᠨ ᠤ ᠮᠠᠬᠢᠷ ᠬᠣᠰᠢᠭᠤ ᠨᠢ ᠰᠠᠮᠤᠷ᠂ ᠮᠣᠳᠣᠨ ᠤ ᠦᠷ᠎ᠡ ᠭᠡᠬᠦ ᠮᠡᠲᠦ ᠬᠠᠲᠠᠭᠤ ᠬᠠᠯᠢᠰᠤ ᠶᠠᠰᠤ ᠶᠢ ᠬᠢᠯᠪᠠᠷᠬᠠᠨ ᠬᠠᠭᠠᠯᠤᠨ᠎ᠠ᠃

ᠠᠩᠬᠢᠯᠠᠯ ᠵᠦᠢ ᠪᠠ ᠲᠡᠦᠬᠡᠨ ᠬᠤᠪᠢᠰᠤᠯᠨᠠᠶᠢᠷᠠᠭᠣᠯᠬᠣ

ᠰᠢᠪᠠᠭᠤᠨ ᠤ ᠬᠠᠮᠤᠭ ᠤᠨ ᠠᠩᠬᠠᠨ ᠤ ᠠᠩᠬᠢᠯᠠᠯ ᠢ ᠹᠷᠡᠩᠰᠢᠰ ᠤᠶᠢᠯᠠᠪᠠᠢ᠂ ᠵᠣᠩ ᠷᠡᠢ ᠨᠠᠷ Ornitologiae, 1676 ᠬᠡᠪᠯᠡᠯ ᠳᠦ ᠪᠡᠨ ᠲᠣᠮᠢᠶᠠᠯᠠᠭᠰᠠᠨ ᠪᠠᠶᠢᠳᠠᠭ᠃ ᠺᠠᠷᠯ ᠯᠢᠨᠡᠨᠢ ᠲᠤᠰ ᠪᠦᠲᠦᠭᠡᠯ ᠢ 1758 ᠣᠨ ᠳᠤ ᠰᠢᠨᠡᠴᠢᠯᠡᠵᠦ᠂ ᠣᠷᠴᠢᠨ ᠦᠶ᠎ᠡ ᠶᠢᠨ ᠠᠩᠬᠢᠯᠠᠯᠵᠦᠢ ᠶᠢᠨ ᠲᠣᠭᠲᠠᠯᠴᠠᠭ᠎ᠠ ᠶᠢ ᠪᠤᠢ ᠪᠣᠯᠭᠠᠵᠠᠢ᠃ ᠯᠢᠩᠨᠧᠢ ᠶᠢᠨ ᠲᠠᠺᠰᠣᠨᠣᠮᠢ ᠶᠣᠰᠣᠭᠠᠷ ᠰᠢᠪᠠᠭᠤᠳ ᠨᠢ Aves ᠠᠩᠭᠢ ᠬᠡᠮᠡᠭᠳᠡᠳᠡᠭ᠂ ᠬᠠᠷᠢᠨ ᠹᠢᠯᠣᠭᠧᠨᠧᠲ᠋ᠢᠭ ᠤᠨ ᠲᠠᠺᠰᠣᠨᠣᠮᠢ ᠪᠠᠷ ᠰᠢᠪᠠᠭᠤᠨ ᠤ ᠠᠩᠭᠢ ᠶᠢ ᠳ᠋ᠢᠨᠦᠽᠠᠸᠷ ᠍ ᠤᠨ ᠰᠠᠯᠪᠤᠷᠢ ᠳᠤ ᠪᠠᠭᠲᠠᠭᠠᠳᠠᠭ᠃ ᠮᠠᠲᠠᠷ ᠪᠣᠯᠤᠨ ᠰᠢᠪᠠᠭᠤ ᠨᠢ ᠮᠥᠯᠬᠥᠭᠴᠢᠳ ᠦᠨ ᠰᠠᠯᠪᠤᠷᠢ ᠪᠣᠯᠬᠤ ᠠᠷᠬᠦᠽᠠᠸᠷ ᠤᠨ ᠡᠳᠦᠭᠡ ᠴᠠᠭ ᠲᠤ ᠣᠷᠣᠰᠢᠨ ᠲᠣᠭᠲᠠᠨᠢᠵᠤ ᠪᠤᠢ ᠲᠥᠯᠥᠭᠡᠯᠡᠭᠴᠢᠳ ᠲᠦ ᠲᠣᠭᠠᠴᠠᠭᠳᠠᠳᠠᠭ᠃

ᠡᠰᠢᠯᠡᠯᠨᠠᠶᠢᠷᠠᠭᠣᠯᠬᠣ

ᠭᠠᠳᠠᠭᠠᠳᠤ ᠬᠣᠯᠪᠣᠭᠠᠰᠤᠨᠠᠶᠢᠷᠠᠭᠣᠯᠬᠣ