ᠰᠢᠨ᠎ᠡ ᠵᠢᠯ ᠦᠨ ᠪᠠᠶᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
10:49, 31 ᠠᠷᠪᠠᠨ ᠬᠤᠶᠠᠳᠤᠭᠠᠷ ᠰᠠᠷ᠎ᠠ 2017- ᠶᠢᠨ ᠪᠠᠢᠢᠳᠠᠯ ᠶᠢᠡᠷ ᠬᠢ 116.114.23.47 (ᠶᠠᠷᠢᠶ᠎ᠠ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ
New Year Fireworks.jpg
ᠰᠢᠨ᠎ᠡ ᠤᠨ ᠤ ᠠᠩᠬᠠᠨ ᠤ ᠡᠳᠦᠷ ᠢᠷᠭᠡᠳ ᠴᠢᠩᠭᠢᠰ ᠦᠨ ᠲᠠᠯᠠᠪᠠᠢ ᠳᠤ ᠵᠤᠭᠠᠯᠠᠭᠰᠠᠨ ᠨᠢ᠃

ᠰᠢᠨ᠎ᠡ ᠵᠢᠯ ᠦᠨ ᠪᠠᠶᠠᠷᠨᠢ ᠡᠤᠨ ᠲᠣᠭᠠᠯᠠᠯ ᠤᠨ ᠴᠠᠭᠠᠯᠪᠤᠷᠢ ᠍ ᠶᠢᠨ ᠬᠠᠭᠤᠴᠢᠨ ᠤᠨ ᠤᠯᠠᠷᠢᠵᠤ᠂ ᠰᠢᠨ᠎ᠡ ᠤᠨ ᠭᠠᠷᠴᠤ ᠪᠤᠢ ᠶᠢ ᠲᠡᠮᠳᠡᠭᠯᠡᠬᠦ ᠪᠠᠶᠠᠷ ᠶᠤᠮ᠃ ᠶᠠᠮᠠᠷ ᠴᠠᠭᠠᠯᠪᠤᠷᠢ ᠬᠡᠷᠡᠭᠯᠡᠵᠦ ᠪᠤᠢ ᠠᠴᠠ ᠰᠢᠯᠲᠠᠭᠠᠯᠠᠨ ᠰᠢᠨ᠎ᠡ ᠵᠢᠯ ᠦᠨ ᠪᠠᠶᠠᠷ ᠨᠢ ᠣᠷᠣᠨ ᠪᠦᠷᠢ ᠳᠦ ᠢᠵᠢᠯᠢ ᠪᠠᠶᠢᠳᠠᠭ ᠦᠭᠡᠢ ᠴᠤ ᠳᠡᠯᠡᠬᠡᠢ ᠶᠢᠨ ᠶᠡᠬᠡᠩᠬᠢ ᠤᠯᠤᠰ ᠣᠷᠣᠨ ᠳᠤ ᠭᠠᠷᠣᠷ ᠤᠨ ᠲᠣᠭᠠᠯᠠᠯ ᠤᠨ ᠡᠬᠢᠨ ᠦ ᠡᠳᠦᠷ ᠪᠤᠶᠤ 1 ᠳ᠋ᠤᠭᠡᠷ ᠰᠠᠷ᠎ᠠ ᠶᠢᠨ 1 ᠍ ᠳᠤ ᠰᠢᠨ᠎ᠡ ᠵᠢᠯ ᠦᠨ ᠪᠠᠶᠠᠷ ᠢ ᠲᠡᠮᠳᠡᠭᠯᠡᠳᠡᠭ᠃ ᠮᠣᠩᠭᠤᠯ ᠤᠯᠤᠰ ᠲᠤ ᠠᠷᠭ᠎ᠠ ᠶᠢᠨ ᠪᠣᠯᠤᠨ ᠪᠢᠯᠢᠭ ᠦᠨ ᠲᠣᠭᠠᠯᠠᠯ ᠤᠨ ᠰᠢᠨ᠎ᠡ ᠵᠢᠯ ᠦᠳ ᠦᠨ ᠠᠯᠢ ᠠᠯᠢ ᠢ ᠨᠢ ᠬᠦᠨᠳᠦᠳᠬᠡᠨ ᠤᠯᠤᠰ ᠳᠠᠶᠠᠭᠠᠷ ᠢᠶᠠᠨ ᠲᠡᠮᠳᠡᠭᠯᠡᠳᠡᠭ ᠪᠣᠯᠪᠠᠴᠤ ᠠᠷᠭ᠎ᠠ ᠶᠢᠨ ᠲᠣᠭᠠᠯᠠᠯ ᠤᠨ ᠰᠢᠨ᠎ᠡ ᠵᠢᠯ ᠢ ᠰᠢᠨ᠎ᠡ ᠵᠢᠯ ᠦᠨ ᠪᠠᠶᠠᠷ ᠬᠡᠮᠡᠨ ᠨᠡᠷᠡᠶᠢᠳᠳᠡᠭ᠃ ᠮᠣᠩᠭᠣᠯ ᠳᠤ ᠰᠢᠨ᠎ᠡ ᠤᠨ ᠤ ᠡᠬᠢᠨ ᠦ ᠡᠳᠦᠷ ᠨᠢ ᠤᠯᠤᠰ ᠨᠡᠶᠢᠲᠡ ᠪᠡᠷ ᠠᠮᠠᠷᠠᠬᠤ ᠪᠠᠶᠠᠷ ᠤᠨ ᠡᠳᠦᠷ ᠶᠤᠮ᠃

ᠲᠡᠮᠳᠡᠭᠯᠡᠬᠦ ᠤᠯᠠᠮᠵᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠳᠠᠶᠠᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠶᠡᠬᠡᠩᠬᠢ ᠤᠯᠤᠰ ᠣᠷᠣᠨ ᠳᠤ 1 ᠰᠠᠷ᠎ᠠ ᠶᠢᠨ 1 ᠍ ᠳᠦ ᠰᠢᠨ᠎ᠡ ᠵᠢᠯ ᠦᠨ ᠪᠠᠶᠠᠷ ᠢ ᠲᠡᠮᠳᠡᠭᠯᠡᠳᠡᠭ᠃

ᠮᠣᠩᠭᠣᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨ᠎ᠡ ᠤᠨ ᠪᠣᠯᠬᠤ ᠠᠴᠠ ᠳᠤᠮᠳᠠᠴᠢ ᠪᠠᠷ 15 ᠬᠣᠨᠣᠭ ᠤᠨ ᠡᠮᠦᠨ᠎ᠡ ᠰᠢᠨ᠎ᠡ ᠵᠢᠯ ᠦᠨ ᠰᠦᠯᠳᠡ ᠮᠣᠳᠣ ᠪᠠᠨ ᠵᠠᠰᠠᠭᠰᠠᠨ ᠢᠶᠠᠷ ᠰᠢᠨ᠎ᠡ ᠵᠢᠯ ᠦᠨ ᠠᠭᠤᠷ ᠠᠮᠢᠰᠬᠤᠯ ᠣᠷᠣᠵᠤ ᠡᠬᠢᠯᠡᠳᠡᠭ᠃ ᠠᠶᠢᠯ ᠡᠷᠦᠬᠡ ᠨᠦᠭᠦᠳ ᠰᠢᠨ᠎ᠡ ᠵᠢᠯ ᠢᠶᠡᠷ ᠭᠣᠣᠯ ᠲᠥᠯᠥᠪ ᠬᠡᠦᠬᠡᠳ ᠲᠦ ᠪᠡᠨ ᠵᠣᠷᠢᠭᠤᠯᠤᠨ ᠰᠦᠯᠳᠡ ᠮᠣᠳᠣ ᠵᠠᠰᠠᠵᠤ ᠪᠥᠮᠪᠥᠯᠢᠭᠡᠨ ᠲᠣᠭᠯᠠᠭᠠᠮ᠂ ᠰᠠ᠂ ᠭᠡᠷᠡᠯ ᠵᠡᠷᠭᠡ ᠪᠡᠷ ᠴᠢᠮᠡᠭᠯᠡᠳᠡᠭ ᠪᠣᠯ ᠠᠯᠪᠠᠨ ᠪᠠᠶᠢᠭᠤᠯᠤᠯᠭ᠎ᠠ ᠨᠤᠭᠤᠳ ᠠᠯᠪᠠᠨ ᠭᠠᠵᠠᠷ ᠤᠨ ᠢᠶᠠᠨ ᠳᠣᠲᠣᠷ᠎ᠠ ᠡᠰᠡᠪᠡᠯ ᠣᠶᠢᠷᠠᠯᠴᠠᠭ᠎ᠠ ᠰᠦᠯᠳᠡ ᠮᠣᠳᠣ ᠪᠠᠨ ᠵᠠᠰᠠᠳᠠᠭ᠃ ᠮᠥᠨ ᠨᠡᠶᠢᠰᠯᠡᠯ ᠦᠨ ᠵᠠᠬᠢᠷᠭᠠᠨ ᠠᠴᠠ ᠵᠢᠯ ᠪᠦᠷᠢ ᠴᠢᠩᠭᠢᠰ ᠦᠨ ᠲᠠᠯᠠᠪᠠᠢ ᠳᠤ ᠲᠣᠮᠣᠬᠠᠨ ᠰᠦᠯᠳᠡ ᠮᠣᠳᠣ ᠵᠠᠰᠠᠳᠠᠭ᠃

ᠠᠶᠢᠯ ᠡᠷᠦᠬᠡ ᠨᠦᠭᠦᠳ 12 ᠰᠠᠷ᠎ᠠ ᠶᠢᠨ 31 ᠍ ᠦ ᠣᠷᠣᠢ ᠭᠡᠷ ᠪᠦᠯᠢ ᠪᠡᠷ ᠢᠶᠡᠨ ᠪᠠᠶᠠᠷ ᠤᠨ ᠰᠢᠷᠡᠭᠡ ᠲᠣᠭᠣᠷᠢᠵᠤ ᠰᠠᠭᠤᠨ ᠬᠠᠭᠤᠴᠢᠨ ᠡᠤᠨ ᠤ ᠪᠠᠨ ᠪᠠᠶᠠᠷ ᠬᠥᠷ ᠢ ᠬᠡᠯᠡᠯᠴᠡᠵᠦ ᠰᠢᠨ᠎ᠡ ᠤᠨ ᠳᠤ ᠪᠠᠨ ᠠᠮᠵᠢᠯᠲᠠ ᠲᠠᠢ ᠰᠠᠶᠢᠬᠠᠨ ᠪᠠᠶᠢᠬᠤ ᠶᠢ ᠬᠦᠰᠡᠨ ᠤᠨ ᠰᠣᠯᠢᠭᠳᠠᠬᠤ ᠴᠠᠭ ᠢᠶᠠᠷ ᠣᠷᠭᠢᠯᠤᠭᠤᠨ ᠳᠠᠷᠠᠰᠤ ᠣᠷᠭᠢᠯᠤᠭᠤᠯᠤᠨ ᠰᠢᠨ᠎ᠡ ᠤᠨ ᠢᠶᠠᠨ ᠤᠭᠲᠤᠳᠠᠭ᠃

ᠰᠢᠨ᠎ᠡ ᠵᠢᠯ ᠦᠨ ᠪᠠᠶᠠᠷ ᠤᠨ ᠰᠠᠯᠤᠰᠢ ᠦᠭᠡᠢ ᠨᠢᠭᠡᠨ ᠬᠡᠰᠡᠭ ᠨᠢ ᠴᠠᠰᠤ ᠮᠥᠰᠦᠨ ᠦ ᠣᠷᠣᠨ ᠠᠴᠠ ᠴᠠᠩ ᠬᠥᠭᠡᠷᠭᠡ ᠪᠠᠨ ᠲᠠᠲᠠᠭᠤᠯᠤᠨ᠂ ᠴᠠᠰᠤᠨ ᠥᠬᠢᠳ ᠢᠶᠡᠨ ᠳᠠᠭᠠᠭᠤᠯᠤᠨ ᠢᠷᠡᠵᠦ ᠤᠯᠠᠷᠢᠵᠤ ᠪᠤᠢ ᠣᠨᠳᠣᠣ ᠰᠠᠶᠢᠨ ᠦᠢᠯᠡᠰ ᠬᠢᠭᠰᠡᠨ ᠬᠡᠦᠬᠡᠳ ᠪᠠᠭᠠᠴᠤᠳ ᠲᠤ ᠪᠡᠯᠡᠭ ᠥᠭᠳᠡᠭ ᠡᠪᠦᠯ ᠦᠨ ᠡᠪᠦᠭᠡᠨ ᠶᠤᠮ᠃

ᠪᠢᠴᠢᠭᠡᠰᠦ