ᠯᠦᠺᠰᠧᠨᠪᠦ᠋ᠷᠦᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
03:59, 9 ᠭᠤᠷᠪᠠᠳᠤᠭᠠᠷ ᠰᠠᠷ᠎ᠠ 2013- ᠶᠢᠨ ᠪᠠᠢᠢᠳᠠᠯ ᠶᠢᠡᠷ ᠬᠢ Addbot (ᠶᠠᠷᠢᠶ᠎ᠠ | ᠬᠤᠪᠢ ᠨᠡᠮᠡᠷᠢ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ
«ᠯᠦᠺᠰᠧᠨᠪᠦ᠋ᠷᠦᠺ» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠯᠦᠺᠰᠧᠨᠪᠦ᠋ᠷᠦᠺ (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃
ᠯᠦᠺᠰᠧᠨᠪᠦ᠋ᠷᠦᠺ ᠦᠨ ᠶᠡᠬᠡ ᠪᠡᠶᠢᠰᠡ ᠳᠦ ᠤᠯᠤᠰ
Groussherzogtum Lëtzebuerg (ᠯᠶᠤᠶᠢᠺ᠃)
Grand-Duché de Luxembourg (ᠹᠷ᠃)
Großherzogtum Luxemburg (ᠭᠧᠷᠮ᠃)
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: ᠯᠦᠺᠰᠧᠨᠪᠦ᠋ᠷᠦᠺ ᠶᠢᠡᠷ "Mir wëlle bleiwe wat mir sinn"
«ᠪᠢᠳᠡ ᠪᠠᠶᠢᠭ᠎ᠠ ᠪᠠᠷ ᠢᠶᠠᠨ ᠦᠯᠡᠳᠡᠬᠦ ᠶᠢ ᠬᠦᠰᠴᠢ ᠪᠠᠶᠢᠨ ᠠ»
ᠲᠥᠷᠥ ᠶᠢᠨ ᠳᠠᠭᠤᠯᠠᠯ ᠤᠨ ᠨᠡᠷ᠎ᠡ:
ᠯᠦᠺᠰᠧᠨᠪᠦ᠋ᠷᠦᠺ ᠶᠢᠡᠷ "Ons Heemecht"
«ᠲᠥᠷᠥᠯᠬᠢ ᠨᠤᠲᠤᠭ ᠮᠢᠨᠢ»
ᠨᠡᠶᠢᠰᠯᠡᠯ 
(ᠶᠡᠬᠡ ᠬᠣᠲᠠ)
ᠯᠦᠺᠰᠧᠨᠪᠦ᠋ᠷᠦᠺ
ᠠᠯᠪᠠᠨ ᠬᠡᠯᠡ ᠯᠦᠺᠰᠧᠨᠪᠦ᠋ᠷᠦᠺ (1984 ᠣᠨ ᠠᠴᠠ ᠬᠠᠤᠯᠢ ᠶᠣᠰᠣᠭᠠᠷ), ᠹᠷᠠᠨᠼᠢᠭᠧᠷᠮᠠᠨ
ᠲᠥᠷᠥ ᠵᠠᠰᠠᠭ ᠦᠨᠳᠦᠰᠦᠨ ᠬᠠᠤᠯᠢ ᠳᠤ
ᠬᠠᠭᠠᠨᠲᠤ ᠵᠠᠰᠠᠭ
 -  ᠶᠡᠬᠡ ᠪᠡᠶᠢᠰᠡ ᠠᠨᠠᠷᠢ (ᠬᠧᠨ᠋ᠷᠢ)
 -  ᠶᠡᠷᠦᠩᠬᠡᠢ ᠰᠠᠶᠢᠳ ᠵᠠᠩ ᠺᠯᠣᠳ ᠶᠦᠩᠺᠧᠷ
ᠲᠤᠰᠠᠭᠠᠷ ᠲᠣᠭᠲᠠᠨᠢᠯ
 -  ᠹᠷᠠᠨᠼᠢᠠ ᠠᠴᠠ 1815 ᠣᠨ ᠤ 6 ᠰᠠᠷ᠎ᠠ ᠶᠢᠨ 9 
ᠨᠤᠲᠤᠭ ᠳᠡᠪᠢᠰᠬᠡᠷ
 -  ᠪᠦᠬᠦ ᠲᠠᠯᠠᠪᠠᠢ 2,586.4 km2 (175)
 -  ᠭᠠᠳᠠᠷᠭᠤ ᠶᠢᠨ ᠤᠰᠤ (%) 0.6
ᠬᠦᠮᠦᠨ ᠠᠮᠠ
 -  ᠲᠣᠭᠠᠴᠠᠭ᠎ᠠ (2011) 511,840[1] 
 -  ᠲᠣᠭᠠᠯᠠᠯᠭ᠎ᠠ (2001) 439,539 (170)
 -  ᠨᠢᠭᠲᠠᠴᠠ ᠰᠡᠶᠢᠷᠡᠭ 194.1 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $42.796 ᠲᠡᠷᠪᠤᠮ[2] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 94  ᠳᠦ
 -  ᠨᠢᠭᠡ ᠬᠦᠨᠳᠦ $83,438[2] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ2 ᠳᠦ
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $61.580 ᠲᠡᠷᠪᠤᠮ[2]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ69 ᠳᠦ
 -  ᠨᠢᠭᠡ ᠬᠦᠨᠳᠦ $120,560[2] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ1]])
ᠬᠡᠦᠬᠡᠳ ᠦᠨ ᠬᠥᠭᠵᠢᠯ ᠦᠨ ᠢᠨᠳᠧᠺᠰ (2011) 0.867[3] (ᠮᠠᠰᠢ ᠰᠠᠶᠢᠨ) (25)
ᠮᠥᠩᠭᠥᠨ ᠦ ᠨᠢᠭᠡᠴᠡ ᠧᠦ᠋ᠷᠣ (EUR)
ᠴᠠᠭ ᠤᠨ ᠪᠥᠰᠡ +1
ᠵᠠᠮ ᠤᠨ ᠬᠥᠳᠡᠯᠭᠡᠭᠡᠨ ᠪᠠᠷᠠᠭᠤᠨ
ᠳ᠋ᠦᠮᠠᠢᠨ ᠤ ᠨᠡᠷ᠎ᠡ .lu1
ᠤᠲᠠᠰᠤᠨ ᠤ ᠲᠣᠮᠢᠶ᠎ᠠ +352
1ᠧᠦ᠋ᠷᠣᠫᠠ ᠶᠢᠨ ᠬᠣᠯᠪᠣᠭᠠᠨ ᠤ ᠭᠡᠰᠢᠭᠦᠨ ᠲᠤᠯᠠ .eu ᠪᠠᠰᠠ ᠬᠡᠷᠡᠭᠯᠡᠭᠳᠡᠨ᠎ᠡ᠃

ᠯᠦᠺᠰᠧᠨᠪᠦ᠋ᠷᠦᠺ ᠦᠨ ᠶᠡᠬᠡ ᠸᠠᠩᠲᠤ ᠤᠯᠤᠰ ᠡᠰᠡᠪᠡᠯ ᠯᠦᠺᠰᠧᠨᠪᠦ᠋ᠷᠦᠺ ᠦᠨ ᠶᠡᠬᠡ ᠪᠡᠶᠢᠰᠡ ᠳᠦ ᠤᠯᠤᠰ (ᠯᠦᠺᠰᠧᠨᠪᠦ᠋ᠷᠦᠺ ᠶᠢᠡᠷ Groussherzogtum Lëtzebuerg, ᠭᠧᠷᠮᠠᠨ ᠢᠶᠠᠷ Großherzogtum Luxemburg, ᠹᠷᠠᠨᠼᠢ ᠪᠠᠷ Grand-Duché de Luxembourg) ᠨᠢ ᠪᠠᠷᠠᠭᠤᠨ ᠧᠦ᠋ᠷᠣᠫᠠ ᠍ ᠤᠨ ᠤᠯᠤᠰ ᠶᠤᠮ᠃ ᠨᠡᠶᠢᠰᠯᠡᠯ ᠨᠢ ᠯᠦᠺᠰᠧᠨᠪᠦ᠋ᠷᠦᠺ. ᠪᠧᠯᠬᠢᠨᠢᠳᠧᠷᠯᠠᠨᠲᠲᠠᠢ ᠬᠠᠮᠲᠤ ᠳᠤ ᠪᠠᠨ ᠪᠧᠨᠯᠶᠤᠶᠢᠺᠰ ᠭᠡᠵᠦ ᠨᠡᠷᠡᠯᠡᠭᠳᠡᠳᠡᠭ᠃ ᠡᠮᠦᠨ᠎ᠡ ᠲᠠᠯ᠎ᠠ ᠪᠠᠷ ᠢᠶᠠᠨ ᠹᠷᠠᠨᠼᠢ᠂ ᠪᠠᠷᠠᠭᠤᠨ ᠪᠣᠯᠤᠨ ᠬᠣᠶᠢᠳᠤ ᠲᠠᠯ᠎ᠠ ᠪᠠᠷ ᠢᠶᠠᠨ ᠪᠧᠯᠬᠢ᠂ ᠵᠡᠭᠦᠨ ᠲᠠᠯ᠎ᠠ ᠪᠠᠷ ᠢᠶᠠᠨ ᠭᠧᠷᠮᠠᠨ ᠤᠯᠤᠰ ᠲᠠᠢ ᠬᠢᠯᠢᠯᠡᠨ᠎ᠡ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠷᠯ IV
ᠯᠦᠺᠰᠧᠨᠪᠦ᠋ᠷᠦᠺ ᠦᠨ ᠬᠤᠪᠢᠶᠠᠭᠳᠠᠯ

963 ᠣᠨ ᠳᠤ ᠠᠷᠠᠳᠧᠨᠨᠢ ᠤᠭᠰᠠᠭᠠᠨ ᠤ ᠭᠦᠨ ᠽᠢᠭᠧᠹᠷᠣᠢ ᠳᠤ (Sigefroid) ᠣᠳᠣ ᠶᠢᠨ ᠨᠡᠶᠢᠰᠯᠡᠯ ᠪᠠᠶᠢᠭ᠎ᠠ ᠭᠠᠵᠠᠷ ᠲᠤ ᠴᠠᠶᠢᠵᠠ ᠪᠠᠷᠢᠭᠤᠯᠤᠭᠰᠠᠨ ᠪᠠᠶᠢᠨ᠎ᠠ᠃ ᠲᠤᠬᠠᠢ ᠶᠢᠨ ᠦᠶ᠎ᠡ ᠳᠦ ᠤᠭ ᠴᠠᠶᠢᠵᠠ ᠶᠢ "lucilinburhuc" ᠪᠤᠶᠤ ᠪᠢᠴᠢᠬᠠᠨ ᠴᠠᠶᠢᠵᠠ ᠭᠡᠵᠦ ᠨᠡᠷᠡᠯᠡᠵᠦ ᠪᠠᠶᠢᠭᠰᠠᠨ ᠠᠴᠠ ᠲᠤᠰ ᠤᠯᠤᠰ ᠤᠨ ᠨᠡᠷ᠎ᠡ ᠭᠠᠷᠤᠯ ᠲᠠᠢ᠃ 1060 ᠣᠨ ᠤ ᠦᠶ᠎ᠡ ᠳᠦ ᠠᠷᠠᠳᠧᠨ ᠤ ᠤᠭᠰᠠᠭᠠᠨ ᠠᠴᠠ ᠰᠠᠯᠪᠤᠷᠢᠯᠠᠭᠰᠠᠨ ᠯᠦᠺᠰᠧᠨᠪᠦ᠋ᠷᠦᠺ ᠤᠨ ᠬᠢᠨ ᠳᠤ ᠭᠦᠩ ᠦᠨ ᠬᠡᠷᠭᠡᠮ ᠬᠦᠷᠲᠡᠭᠡᠭᠳᠡᠭᠰᠡᠨ ᠪᠠᠶᠢᠨ᠎ᠠ᠃ ᠠᠷᠢᠭᠤᠨ ᠷᠤᠮᠠᠨᠢᠶ ᠠ ᠡᠵᠡᠨᠲᠦ ᠭᠦᠷᠦᠨᠪᠣᠬᠧᠮᠢ ᠍ ᠶᠢᠨ ᠬᠠᠭᠠᠨ ᠺᠠᠷᠯ IV ᠨᠢ ᠯᠦᠺᠰᠧᠨᠪᠦ᠋ᠷᠦᠺ ᠦᠨ ᠭᠡᠷ ᠪᠦᠯᠢ ᠶᠢᠨ ᠬᠦᠮᠦᠨ ᠪᠠᠶᠢᠪᠠ᠃ ᠭᠡᠪᠡᠴᠦ ᠯᠦᠺᠰᠧᠨᠪᠦ᠋ᠷᠦᠺ ᠦᠨ ᠤᠳᠤᠮ ᠤᠨ ᠬᠢᠨ ᠺᠠᠷᠯ IV ᠍ ᠦᠨ ᠠᠴᠢ ᠶᠢᠨ ᠦᠶ᠎ᠡ ᠳᠦ ᠤᠳᠤᠮ ᠲᠠᠰᠤᠷᠴᠢ᠂ ᠡᠵᠡᠮᠰᠢᠯ ᠭᠠᠵᠠᠷ ᠨᠢ 1461 ᠣᠨ ᠳᠤ ᠪᠤᠷᠭᠤᠨᠳᠠ ᠶᠢᠨ ᠭᠦᠨᠯᠢᠭ ᠲᠤ ᠨᠢᠭᠡᠳᠬᠡᠭᠳᠡᠭᠰᠡᠨ ᠪᠠᠶᠢᠨ᠎ᠠ᠃ ᠬᠣᠵᠢᠮ ᠬᠠᠪᠰᠪᠦᠦᠭᠢ ᠶᠢᠨ ᠬᠢᠨ ᠤ ᠡᠵᠡᠮᠰᠢᠯ ᠳᠦ ᠣᠴᠢᠵᠤ᠂ ᠨᠢᠳᠧᠷᠯᠠᠨ᠋ᠳ᠋ ᠍ ᠤᠨ ᠬᠠᠮᠲᠤ ᠪᠠᠷ ᠢᠰᠫᠠᠨᠢᠠᠦᠢᠰᠲᠷᠶ᠎ᠠ ᠍ ᠶᠢᠨ ᠵᠠᠬᠢᠷᠭᠠᠨ ᠳᠤ ᠣᠷᠣᠵᠤ ᠪᠠᠶᠢᠪᠠ᠃

ᠹᠷᠠᠨᠼᠢ ᠶᠢᠨ ᠬᠤᠪᠢᠰᠬᠠᠯ ᠍ ᠤᠨ ᠦᠶ᠎ᠡ ᠳᠦ ᠹᠷᠠᠨᠼᠢ ᠶᠢᠨ ᠮᠡᠳᠡᠯ ᠳᠦ ᠣᠷᠣᠭᠰᠠᠨ ᠤ ᠳᠠᠷᠠᠭ᠎ᠠ 1815 ᠣᠨ ᠤ ᠸᠸᠨ ᠤᠨ ᠬᠡᠯᠡᠯᠴᠡᠭᠡᠷᠡᠭᠡᠷᠡ ᠭᠧᠷᠮᠠᠨ ᠤ ᠬᠣᠯᠪᠣᠭᠠᠨ ᠤ ᠤᠯᠤᠰ ᠍ ᠤᠨ ᠪᠦᠷᠢᠯᠳᠦᠬᠦᠨ ᠳᠦ᠂ ᠨᠢᠳᠧᠷᠯᠠᠨ᠋ᠳ᠋ ᠍ ᠤᠨ ᠬᠠᠭᠠᠨ ᠢ ᠲᠥᠷᠥ ᠶᠢᠨ ᠲᠡᠷᠢᠭᠦᠨ ᠢᠶᠡᠨ ᠪᠣᠯᠭᠠᠭᠰᠠᠨ ᠯᠦᠺᠰᠧᠨᠪᠦ᠋ᠷᠦᠺ ᠦᠨ ᠶᠡᠬᠡ ᠸᠠᠩᠲᠤ ᠤᠯᠤᠰ ᠪᠣᠯᠤᠨ ᠵᠣᠬᠢᠶᠠᠨ ᠪᠠᠶᠢᠭᠤᠯᠤᠭᠳᠠᠵᠠᠢ᠃ 1830 ᠣᠨ ᠤ ᠪᠧᠯ ᠶᠢᠨ ᠲᠤᠰᠠᠭᠠᠷ ᠲᠣᠭᠲᠠᠨᠢᠯ ᠤᠨ ᠬᠤᠪᠢᠰᠬᠠᠯ ᠍ ᠤᠨ ᠦᠶ᠎ᠡ ᠪᠡᠷ ᠪᠧᠯᠭᠢᠴᠢ ᠨᠦᠭᠦᠳ ᠲᠡᠢ ᠬᠠᠮᠲᠤᠷᠠᠨ ᠲᠡᠮᠡᠴᠡᠵᠦ᠂ ᠪᠧᠯᠬᠢ ᠤᠯᠤᠰ ᠲᠤᠰᠠᠭᠠᠷ ᠲᠣᠭᠲᠠᠨᠢᠬᠤ ᠳᠤ ᠪᠦᠷᠢᠯᠳᠦᠬᠦᠨ ᠳᠦ ᠨᠢ ᠣᠷᠣᠵᠤ ᠪᠠᠶᠢᠭᠠᠳ 1839 ᠣᠨ ᠤ ᠯᠣᠨᠳᠣᠨ ᠤ ᠬᠡᠯᠡᠯᠴᠡᠭᠡᠷ ᠢᠶᠡᠷ ᠪᠠᠷᠠᠭᠤᠨ ᠬᠡᠰᠡᠭ ᠨᠢ (ᠣᠳᠣ ᠶᠢᠨ ᠯᠦᠺᠰᠧᠨᠪᠦ᠋ᠷᠦᠺ ᠮᠤᠵᠢ) ᠪᠧᠯᠬᠢ᠂ ᠦᠯᠡᠳᠡᠭᠰᠡᠨ ᠬᠡᠰᠡᠭ ᠨᠢ ᠨᠢᠳᠧᠷᠯᠠᠨ᠋ᠳ᠋ ᠍ ᠤᠨ ᠸᠠᠩᠲᠤ ᠤᠯᠤᠰ ᠤᠨ ᠬᠠᠷᠢᠶᠠᠨ ᠳᠤ ᠣᠷᠣᠭᠰᠠᠨ ᠪᠠᠶᠢᠨ᠎ᠠ᠃ 1867 ᠣᠨ ᠳᠤ ᠫᠷᠦ᠋ᠰ ᠤᠨ ᠬᠠᠭᠠᠨᠲᠤ ᠤᠯᠤᠰ ᠪᠠ ᠹᠷᠠᠨᠼᠢ ᠶᠢᠨ ᠬᠣᠭᠣᠷᠣᠨᠳᠣ ᠵᠢᠭᠢᠷᠢᠭ᠌ᠡᠪᠴᠢ ᠪᠥᠰᠡ ᠪᠣᠯᠭᠠᠬᠤ ᠶᠢᠨ ᠲᠤᠯᠠᠳᠠ ᠣᠯᠠᠨ ᠤᠯᠤᠰ ᠤᠨ ᠭᠡᠷ᠎ᠡ ᠶᠣᠰᠣᠭᠠᠷ ᠲᠥᠪ ᠢ ᠰᠠᠬᠢᠭᠰᠠᠨ ᠣᠷᠣᠨ ᠬᠡᠮᠡᠨ ᠵᠠᠷᠯᠠᠭᠳᠠᠵᠠᠢ᠃ 1890 ᠣᠨ ᠳᠤ ᠬᠠᠭᠤᠴᠢᠨ ᠨᠠᠰᠰᠠᠤᠭ ᠤᠨ ᠭᠦᠨ ᠠᠳᠣᠯᠢᠹ ᠯᠦᠺᠰᠧᠨᠪᠦ᠋ᠷᠦᠺ ᠦᠨ ᠶᠡᠬᠡ ᠸᠠᠩ ᠳᠤ ᠡᠷᠭᠦᠮᠵᠢᠯᠡᠭᠳᠡᠵᠦ᠂ ᠨᠢᠳᠧᠷᠯᠠᠨ᠋ᠳ᠋ ᠍ ᠤᠨ ᠬᠠᠭᠠᠨ ᠯᠦᠺᠰᠧᠨᠪᠦ᠋ᠷᠦᠺ ᠦᠨ ᠤᠳᠤᠷᠢᠳᠤᠭᠴᠢ ᠪᠠᠶᠢᠬᠤ ᠪᠠᠨ ᠪᠣᠯᠢᠵᠤ᠂ ᠵᠢᠩᠬᠢᠨᠢ ᠶᠣᠰᠣᠭᠠᠷ ᠲᠤᠰᠠᠭᠠᠷ ᠲᠣᠭᠲᠠᠨᠢᠭᠰᠠᠨ ᠪᠠᠶᠢᠨ᠎ᠠ᠃

ᠳᠡᠯᠡᠬᠡᠢ ᠶᠢᠨ ᠨᠢᠭᠡᠳᠦᠭᠡᠷ ᠳᠠᠶᠢᠨ ᠪᠣᠯᠤᠨ ᠳᠡᠯᠡᠬᠡᠢ ᠶᠢᠨ ᠬᠣᠶᠠᠳᠤᠭᠠᠷ ᠳᠠᠶᠢᠨᠢ ᠦᠶ᠎ᠡ ᠪᠡᠷ ᠭᠧᠷᠮᠠᠨ ᠳᠤ ᠡᠵᠡᠯᠡᠭᠳᠡᠵᠦ ᠪᠠᠶᠢᠭᠰᠠᠨ᠃ 1948 ᠣᠨ ᠳᠤ ᠪᠧᠨᠯᠶᠤᠶᠢᠺᠰᠡᠶᠢᠨ 3 ᠤᠯᠤᠰ ᠬᠣᠭᠣᠷᠣᠨᠳᠣ ᠪᠠᠨ ᠭᠠᠶᠢᠯᠢ ᠶᠢᠨ ᠲᠠᠲᠠᠪᠤᠷᠢᠭᠦᠢ ᠪᠠᠶᠢᠬᠤ ᠪᠠᠷ ᠲᠣᠭᠲᠠᠭᠰᠠᠨ᠃ 1949 ᠣᠨ ᠳᠤ ᠤᠮᠠᠷᠠᠳᠤ ᠠᠲᠯᠠᠨ᠋ᠲ ᠤᠨ ᠴᠡᠷᠢᠭ ᠦᠨ ᠡᠪᠰᠡᠯᠳᠦ ᠡᠯᠡᠰᠦᠴᠢ᠂ ᠲᠥᠪ ᠢ ᠰᠠᠬᠢᠭᠰᠠᠨ ᠣᠷᠣᠨ ᠭᠡᠰᠡᠨ ᠰᠲ᠋ᠠᠲ᠋ᠦ᠋ᠰ ᠠᠴᠠ ᠪᠠᠨ ᠲᠠᠲᠠᠭᠠᠯᠵᠠᠵᠠᠢ᠃ 1957 ᠣᠨ ᠳᠤ ᠧᠦ᠋ᠷᠣᠫᠠ ᠶᠢᠨ ᠬᠣᠯᠪᠣᠭ᠎ᠠ ᠶᠢ ᠪᠠᠶᠢᠭᠤᠯᠤᠯᠴᠠᠭᠰᠠᠨ ᠪᠥᠭᠡᠳ 1999 ᠣᠨ ᠠᠴᠠ ᠧᠦ᠋ᠷᠣ ᠶᠢ ᠮᠥᠩᠭᠥᠨ ᠲᠡᠮᠳᠡᠭᠲᠦ ᠪᠡᠨ ᠪᠣᠯᠭᠠᠭᠰᠠᠨ ᠶᠤᠮ᠃

ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠨᠳᠦᠰᠦᠨ ᠬᠠᠤᠯᠢᠳᠤ ᠬᠠᠭᠠᠨᠲᠤ ᠵᠠᠰᠠᠭᠯᠠᠯᠲᠠᠢ᠃ ᠲᠥᠷᠥ ᠶᠢᠨ ᠲᠡᠷᠢᠭᠦᠨ ᠨᠢ ᠤᠳᠤᠮ ᠵᠠᠯᠭᠠᠮᠵᠢᠯᠠᠬᠤ ᠶᠡᠬᠡ ᠸᠠᠩ. ᠶᠡᠬᠡ ᠸᠠᠩ ᠨᠢ ᠵᠠᠰᠠᠭ ᠤᠨ ᠭᠠᠵᠠᠷᠲᠠᠢ ᠬᠠᠮᠲᠤ ᠳᠤ ᠪᠠᠨ ᠲᠥᠷᠥ ᠶᠢᠨ ᠡᠷᠬᠡ ᠶᠢ ᠪᠠᠷᠢᠨ᠎ᠠ᠃

ᠫᠠᠷᠯᠠᠮᠧᠨᠲ ᠨᠢ 1 ᠲᠠᠩᠬᠢᠮ᠂ 60 ᠭᠡᠰᠢᠭᠦᠨ ᠲᠡᠢ ᠪᠥᠭᠡᠳ ᠪᠦᠬᠦ ᠠᠷᠠᠳ ᠲᠦᠮᠡᠨ ᠦ ᠰᠢᠭᠤᠳ ᠰᠣᠩᠭᠣᠭᠤᠯᠢ ᠪᠠᠷ 5 ᠵᠢᠯ ᠦᠨ ᠬᠤᠭᠤᠴᠠᠭ᠎ᠠ ᠲᠠᠢ ᠰᠣᠩᠭᠣᠭᠳᠠᠳᠠᠭ᠃ ᠮᠥᠨ ᠫᠠᠷᠠᠯᠮᠧᠨᠲ ᠲᠤ ᠵᠥᠪᠯᠡᠬᠦ ᠡᠭᠦᠷᠭᠡ ᠲᠡᠢ᠂ 21 ᠭᠡᠰᠢᠭᠦᠨ ᠪᠦᠬᠦᠢ ᠲᠥᠷᠥ ᠶᠢᠨ ᠬᠡᠷᠡᠭ ᠦᠨ ᠲᠠᠩᠬᠢᠮ ᠭᠡᠵᠦ ᠪᠠᠶᠢᠬᠤ ᠪᠥᠭᠡᠳ ᠶᠡᠷᠦᠩᠬᠡᠢ ᠰᠠᠶᠢᠳ ᠤᠨ ᠰᠠᠨᠠᠯ ᠪᠣᠯᠭᠠᠭᠰᠠᠨ ᠢᠶᠠᠷ ᠶᠡᠬᠡ ᠸᠠᠩ ᠭᠡᠰᠢᠭᠦᠳ ᠢ ᠨᠢ ᠲᠣᠮᠢᠯᠠᠳᠠᠭ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠦᠺᠰᠧᠨᠪᠦ᠋ᠷᠦᠺ ᠦᠨ ᠵᠠᠰᠠᠭ ᠵᠠᠬᠢᠷᠭᠠᠨ ᠤ ᠬᠤᠪᠢᠶᠠᠷᠢ

ᠵᠠᠰᠠᠭ ᠵᠠᠬᠢᠷᠭᠠᠨ ᠤ ᠬᠤᠪᠢ ᠳᠤ 3 ᠳᠡᠭᠦᠷᠭᠡ ᠳᠦ ᠬᠤᠪᠢᠶᠠᠭᠳᠠᠳᠠᠭ᠃

  1. ᠳ᠋ᠢᠺᠧᠷᠢᠬᠤ ᠳᠡᠭᠦᠷᠭᠡ
  2. ᠭᠷᠧᠸᠧᠩᠮᠠᠾᠧᠷ ᠳᠡᠭᠦᠷᠭᠡ
  3. ᠯᠦᠺᠰᠧᠨᠪᠦ᠋ᠷᠦᠺ ᠳᠡᠭᠦᠷᠭᠡ

3 ᠳᠡᠭᠦᠷᠭᠡ ᠨᠢ 12 ᠺᠠᠨᠲᠠᠨ᠂ ᠲᠡᠳᠡᠭᠡᠷ ᠨᠢ 126 ᠺᠣᠮᠮᠤᠶᠢᠨ ᠳᠤ ᠬᠤᠪᠢᠶᠠᠭᠳᠠᠨ᠎ᠠ᠃

ᠯᠦᠺᠰᠧᠨᠪᠦ᠋ᠷᠦᠺ ᠦᠨ ᠭᠠᠵᠠᠷ ᠤᠨ ᠵᠢᠷᠤᠭ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Population: 511 840 habitants au 1er janvier 2011", Le Portail des statistiques: Grand-Duché de Luxembourg, 3 May 2011. (ᠹᠷᠠᠨᠼᠢ) Retrieved 4 May 2011.
  2. 2.0 2.1 2.2 2.3 Luxembourg. International Monetary Fund. 30 February 2011 ᠍ ᠳᠦ ᠬᠠᠨᠳᠤᠭᠰᠠᠨ᠃
  3. Human Development Report 2011. United Nations (2011). 5 November 2011 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠰᠠᠭ ᠤᠨ ᠭᠠᠵᠠᠷ
ᠶᠡᠷᠦᠩᠬᠡᠢ ᠮᠡᠳᠡᠭᠡᠯᠡᠯ
ᠠᠶᠠᠯᠠᠯ ᠵᠢᠭᠤᠯᠴᠢᠯᠠᠯ
ᠪᠤᠰᠤᠳ

ᠪᠢᠴᠢᠭᠡᠰᠦ