ᠮᠣᠩᠭᠣᠯ ᠦᠨᠳᠦᠰᠦᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ


ᠮᠣᠩᠭᠣᠯ ᠦᠨᠳᠦᠰᠦᠲᠡᠨ
<tr> <td>ᠴᠢᠩᠭᠢᠰ ᠬᠠᠭᠠᠨ</td> <td>ᠬᠤᠪᠢᠯᠠᠢ ᠬᠠᠭᠠᠨ</td> <td>ᠳ᠂ ᠰᠦᠬᠡᠪᠠᠭᠠᠲᠤᠷ</td> <td>ᠪ᠂ ᠷᠢᠨᠴᠢᠨ</td> </tr> <tr name="Modern"> <td>Tsedenbal BundesArchiv.jpg</small></td> <td>Jügderdemidiin Gürragchaa.jpeg</small></td> <td>Sarantuya.jpg</td> <td>Asashoryu Jan08 crop.JPG</small></td> </tr> <tr> <td>ᠶᠦ᠂ ᠼᠡᠳᠡᠨᠪᠠᠯ</td> <td>ᠵ᠂ ᠭᠦᠷᠦᠷᠠᠭᠴᠠ</td> <td>ᠪ᠂ ᠰᠠᠷᠠᠨᠲᠤᠶᠠᠭ᠎ᠠ</td> <td>ᠳ᠂ ᠳᠠᠭᠪᠠᠳᠣᠷᠵᠢ</td> </tr> </table></td></tr><tr><th style="">ᠪᠢᠴᠢᠭ ᠦᠨ ᠨᠡᠷ᠎ᠡ</th><td class="" style="">ᠭᠠᠭᠴᠠ ᠲᠣᠭ᠎ᠠ — ᠮᠣᠩᠭᠣᠯ, ᠮᠣᠩᠭᠣᠯ, ᠮᠣңһᠯᠠ
ᠣᠯᠠᠨ ᠲᠣᠭ᠎ᠠ — ᠮᠣᠩᠭᠣᠯᠴᠣᠳ, ᠮᠣᠩᠭᠣᠯᠴᠤᠳ,
ᠮᠣᠩᠭᠣᠯᠠᠰᠢ ᠨᠤᠭᠤᠳ᠂ ᠮᠣңһᠯᠠᠮᠠ ᠳᠤ</td></tr><tr><th colspan="2" style="text-align:center; background-color:
 1. b0c4de;">ᠥᠨᠥ ᠶᠢᠨ ᠪᠠᠶᠢᠳᠠᠯ</th></tr><tr><th style="">ᠨᠤᠲᠤᠭ ᠣᠷᠣᠨ</th><td class="" style="">ᠳᠡᠯᠡᠬᠡᠢ ᠳᠠᠶᠠᠭᠠᠷ — 10.3 ᠰᠠᠶ᠎ᠠ (2010). ᠡᠭᠦᠨ ᠡᠴᠡ:
  ᠮᠣᠩᠭᠣᠯ ᠮᠣᠩᠭᠣᠯ (ᠮᠣᠩᠭᠣᠯ ᠤᠯᠤᠰ)2,980,115 (2014)[1]
Flag of the People's Republic of China.svg ᠬᠢᠲᠠᠳ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ) — 5,981,840 (2010)[2]ᠣᠷᠣᠰᠣᠷᠣᠰ (ᠣᠷᠣᠰ ᠬᠣᠯᠪᠣᠭᠠᠨ ᠤ ᠤᠯᠤᠰ) — 647,747 (2010)[4]
ᠡᠮᠦᠨᠡᠲᠦ ᠰᠣᠯᠣᠩᠭᠣᠰᠡᠮᠦᠨ᠎ᠡ ᠰᠣᠯᠣᠩᠭᠣᠰ (БНСУ) — 29,534 (2010)[5]
Flag of the United States.svg ᠠᠮᠧᠷᠢᠺᠠ (ᠠᠮᠧᠷᠢᠺᠠ ᠶᠢᠨ ᠨᠢᠭᠡᠳᠦᠭᠰᠡᠨ ᠤᠯᠤᠰ) — 17,036 (2010)[6]</td></tr><tr><th style="">ᠬᠡᠯᠡ ᠪᠢᠴᠢᠭ</th><td class="" style="">ᠲᠥᠷᠥᠯᠬᠢ ᠮᠣᠩᠭᠣᠯ ᠬᠡᠯᠡ (ᠳᠣᠷᠣᠨᠠᠲᠤ᠂ ᠲᠥᠪ᠂
ᠥᠷᠥᠨᠡᠲᠦᠤᠮᠠᠷᠠᠳᠤ ᠳᠥᠷᠪᠡᠨ ᠠᠶᠠᠯᠭᠤ᠂ ᠮᠣᠩᠭᠣᠯ
ᠺᠢᠷᠢᠯ ᠬᠣᠶᠠᠷ ᠦᠰᠦᠭ ᠦᠨ ᠲᠠᠪᠤᠨ ᠪᠢᠴᠢᠭ ᠦᠨ
ᠳᠦᠷᠢᠮ ᠲᠡᠢ
) ᠪᠣᠯᠤᠨ ᠣᠷᠣᠰᠬᠢᠲᠠᠳ ᠬᠡᠯᠡ ᠪᠢᠴᠢᠭ</td></tr><tr><th style="">ᠰᠢᠲᠦᠯᠭᠡ</th><td class="" style="">ᠡᠬᠢᠨ ᠳᠦ ᠪᠡᠨ ᠮᠥᠩᠬᠡ ᠲᠩᠷᠢ ᠳᠦ ᠪᠢᠰᠢᠷᠡᠭᠰᠡᠨ᠂ ᠡᠶᠢᠮᠦ ᠡᠴᠡ
ᠪᠥᠭᠡ ᠶᠢᠨ ᠦᠢᠯᠡ᠂ ᠭᠠᠵᠠᠷ ᠯᠤᠤᠰ ᠤᠨ ᠲᠠᠬᠢᠯᠭ᠎ᠠ ᠲᠠᠢ᠂
ᠳᠠᠷᠠᠭ᠎ᠠ ᠨᠢ ᠨᠡᠶᠢᠲᠡ ᠪᠡᠷ ᠢᠶᠡᠨ ᠪᠤᠳ᠋ᠳ᠋ᠾᠠ ᠶᠢᠨ ᠱᠠᠰᠢᠨ
ᠲᠡᠷᠡ ᠳᠤᠮᠳᠠ ᠪᠠᠨ ᠰᠢᠷ᠎ᠠ ᠶᠢᠨ ᠱᠠᠰᠢᠨ ᠢ ᠠᠪᠤᠭᠰᠠᠨ᠂
ᠣᠳᠣ ᠵᠠᠷᠢᠮ ᠨᠢ ᠪᠤᠷᠬᠠᠨ ᠦᠭᠡᠢ ᠪᠣᠯᠤᠭᠰᠠᠨ</td></tr><tr><th colspan="2" style="text-align:center; background-color:
 1. b0c4de;">ᠲᠥᠷᠥᠯ ᠬᠣᠯᠪᠣᠭ᠎ᠠ</th></tr><tr><th style="">ᠣᠶᠢᠷ᠎ᠠ ᠲᠥᠷᠥᠯ</th><td class="" style="">ᠪᠤᠠᠨᠢᠳᠠᠭᠤᠷᠳ᠋ᠦᠩᠰᠢᠶᠠᠩᠮᠣᠭᠣᠯᠮᠣᠩᠭᠣᠷ</td></tr><tr><th style="">ᠬᠡᠯᠡ ᠤᠭᠰᠠᠭ᠎ᠠ</th><td class="" style="">ᠮᠣᠩᠭᠣᠯ ᠤᠭᠰᠠᠭᠠᠲᠠᠨ (ᠮᠣᠩᠭᠣᠯ ᠲᠥᠷᠥᠯ ᠦᠨ ᠬᠡᠯᠡᠲᠡᠨ)</td></tr><tr><th colspan="2" style="text-align:center; background-color:
 2. b0c4de;"></th></tr><tr><th style="">ᠳᠣᠲᠣᠷ᠎ᠠ ᠪᠠᠨ</th><td class="" style="">ᠠᠪᠠᠭ᠎ᠠᠪᠠᠭᠠᠷᠢᠨᠪᠠᠷᠭᠤᠪᠠᠶᠠᠳ
  ᠪᠤᠷᠢᠶᠠᠳᠪᠤᠯᠭᠤ ᠳᠤᠭᠣᠷᠯᠣᠰᠳᠠᠷᠬᠠᠳ
  ᠳᠠᠷᠢᠭᠠᠩᠭ᠎ᠠᠳᠥᠷᠪᠡᠳᠵᠠᠬᠠᠴᠢᠨ ᠮᠢᠩᠭᠠᠳ
  ᠨᠠᠶᠢᠮᠠᠨᠣᠶᠢᠷᠠᠳᠣᠩᠨᠢᠭᠤᠳᠥᠭᠡᠯᠡᠳ
  ᠰᠠᠷᠲᠠᠭᠤᠯᠰᠥᠨᠢᠳᠲᠣᠷᠭᠤᠳᠲᠦᠮᠡᠳ
  ᠤᠷᠢᠶᠠᠩᠬᠠᠢᠦᠵᠦᠮᠦᠴᠢᠨᠬᠠᠯᠢᠮᠠᠭᠬᠠᠯᠬ᠎ᠠ
  ᠬᠠᠷᠠᠴᠢᠨᠬᠣᠷᠴᠢᠨᠬᠣᠷᠢᠬᠣᠲᠣᠭᠣᠶᠢᠳ
  ᠴᠠᠲᠠᠨᠲᠤᠸᠠᠴᠣᠨᠣᠭᠣᠯᠴᠠᠬᠠᠷᠡᠯᠵᠢᠭᠢᠨ ...</td></tr><tr><th colspan="2" style="text-align:center; background-color:
 3. b0c4de;"></th></tr>
</table> ᠮᠣᠩᠭᠣᠯ (ᠮᠣᠩᠭᠣᠯ, ᠣᠯᠠᠨ ᠲᠣᠭᠠᠨ ᠳᠤ ᠮᠣᠩᠭᠣᠯᠴᠤᠳ; ᠭᠦᠢᠴᠡᠳ ᠬᠡᠯᠡᠪᠡᠯ ᠮᠣᠩᠭᠣᠯ ᠦᠨᠳᠦᠰᠦᠲᠡᠨ, ᠮᠣᠩᠭᠣᠯ ᠦᠨᠳᠦᠰᠦᠲᠡᠨ) — ᠠᠯᠲᠠᠢ ᠢᠵᠠᠭᠤᠷ ᠤᠨ ᠬᠡᠯᠡ ᠲᠡᠢ ᠮᠣᠩᠭᠣᠯ ᠤᠭᠰᠠᠭᠠᠲᠠᠨ ᠤ ᠴᠥᠮ᠎ᠡ ᠪᠣᠯᠤᠭᠰᠠᠨ ᠮᠣᠩᠭᠣᠯ ᠬᠡᠯᠡᠲᠦᠠᠷᠠᠳ ᠲᠦᠮᠡᠨ᠃ ᠡᠳᠦᠭᠡ ᠥᠪᠡᠷ ᠦᠨ ᠮᠣᠩᠭᠣᠯ ᠤᠯᠤᠰ ᠍ ᠤᠨ ᠦᠨᠳᠦᠰᠦᠨ ᠬᠦᠮᠦᠨ ᠠᠮᠠ ᠪᠠᠶᠢᠵᠤ᠂ ᠮᠥᠨ ᠬᠢᠲᠠᠳᠣᠷᠣᠰᠬᠢᠷᠭᠢᠰ ᠤᠯᠤᠰ ᠲᠤ ᠲᠠᠰᠤᠷᠠᠨ ᠬᠠᠷᠢᠶᠠᠯᠠᠭᠳᠠᠭᠰᠠᠨ᠂ ᠠᠮᠧᠷᠢᠺᠠ ᠶᠢᠨ ᠨᠢᠭᠡᠳᠦᠭᠰᠡᠨ ᠤᠯᠤᠰБНСУ ᠵᠡᠷᠭᠡ ᠣᠯᠠᠨ ᠤᠯᠤᠰ ᠲᠤ ᠴᠥᠭᠡᠨ ᠲᠣᠭ᠎ᠠ ᠪᠠᠷ ᠰᠠᠭᠤᠵᠤ ᠪᠤᠢ ᠪᠦᠭᠦᠳᠡ 9.3 ᠰᠠᠶ᠎ᠠ ᠬᠦᠮᠦᠨ ᠲᠡᠢ ᠦᠨᠳᠦᠰᠦᠲᠡᠨ᠃ ᠮᠣᠩᠭᠣᠯ ᠤᠯᠤᠰ ᠤᠨ ᠬᠠᠷᠢᠶᠠᠲᠤ 3 ᠰᠠᠶ᠎ᠠ [7] ᠢᠷᠭᠡᠨ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠬᠠᠷᠢᠶᠠᠲᠤ 5 ᠰᠠᠶ᠎ᠠ 814 ᠮᠢᠩᠭᠠᠨ[8] (ᠡᠭᠦᠨ ᠡᠴᠡ ᠥᠪᠥᠷ ᠮᠣᠩᠭᠣᠯ ᠳᠦ 4.2 ᠰᠠᠶ᠎ᠠ) ᠢᠷᠭᠡᠨ ᠲᠤᠰ ᠲᠤᠰ ᠮᠣᠩᠭᠣᠯ ᠦᠨᠳᠦᠰᠦᠲᠡᠨ ᠭᠡᠵᠦ ᠪᠦᠷᠢᠳᠬᠡᠭᠳᠡᠵᠡᠢ᠃ ᠬᠠᠷᠢᠨ ᠣᠷᠣᠰ ᠬᠣᠯᠪᠣᠭᠠᠨ ᠤ ᠤᠯᠤᠰ ᠍ ᠳᠦ ᠰᠠᠭᠤᠭᠴᠢ ᠮᠣᠩᠭᠣᠯ ᠭᠡᠵᠦ 2,656᠂ ᠬᠠᠷᠢᠶᠠᠲᠤ ᠢᠷᠭᠡᠳ ᠡᠴᠡ ᠪᠤᠷᠢᠶᠠᠳ ᠭᠡᠵᠦ 445,175᠂ ᠬᠠᠯᠢᠮᠠᠭ ᠭᠡᠵᠦ 173,996 ᠨᠡᠶᠢᠲᠡ 982,342 ᠮᠣᠩᠭᠣᠯ ᠦᠨᠳᠦᠰᠦ ᠳᠦ ᠬᠦᠮᠦᠨ ᠪᠦᠷᠢᠳᠬᠡᠭᠳᠡᠵᠡᠢ[9]᠃ ᠮᠣᠩᠭᠣᠯᠴᠤᠳ ᠮᠠᠯᠴᠢᠨᠭᠥᠷᠥᠭᠡᠴᠢᠨ ᠠᠵᠤ ᠪᠠᠶᠢᠳᠠᠯ ᠤᠨ ᠤᠯᠠᠮᠵᠢᠯᠠᠯ ᠲᠠᠢ᠂ 13 ᠍ ᠳᠦᠭᠡᠷ ᠵᠠᠭᠤᠨ ᠠᠴᠠ ᠮᠥᠩᠬᠡ ᠲᠩᠷᠢ ᠶᠢ ᠲᠥᠷᠥ ᠶᠢᠨ ᠱᠠᠰᠢᠨ ᠪᠣᠯᠭᠠᠨ ᠰᠢᠲᠦᠵᠦ᠂ 16 ᠍ ᠳᠦᠭᠡᠷ ᠵᠠᠭᠤᠨ ᠠᠴᠠ ᠬᠣᠶᠢᠰᠢ ᠪᠤᠳ᠋ᠳ᠋ᠾᠠ ᠶᠢᠨ ᠱᠠᠰᠢᠨ ᠤ ᠰᠦᠰᠦᠭᠲᠡᠨ᠂ ᠰᠢᠷ᠎ᠠ ᠶᠢᠨ ᠱᠠᠰᠢᠨ ᠤ ᠶᠣᠰᠣ ᠶᠢ ᠪᠠᠷᠢᠮᠲᠠᠯᠠᠭᠴᠢ ᠪᠣᠯᠴᠣᠭᠤᠴᠠᠢ᠃ 1990 ᠍ ᠊ᠭᠡᠳ ᠤᠨ ᠠᠴᠠ ᠮᠥᠩᠬᠡ ᠲᠩᠷᠢ᠂ ᠪᠥᠭᠡ ᠮᠥᠷᠭᠥᠯ ᠦᠨ ᠤᠯᠠᠮᠵᠢᠯᠠᠯ ᠰᠡᠷᠭᠦᠬᠦ ᠪᠣᠯᠪᠠ᠃

 ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

«ᠮᠣᠩᠭᠣᠯ» (ᠮᠣᠩᠭᠣᠯ) ᠭᠡᠳᠡᠭ ᠡᠨᠡ ᠨᠡᠷ᠎ᠡ ᠶᠢᠨ ᠲᠤᠬᠠᠢ ᠠᠩᠬ᠎ᠠ ᠶᠠᠭᠠᠬᠢᠵᠤ ᠬᠡᠳᠦᠢ ᠳᠦ ᠡᠭᠦᠰᠦᠭᠰᠡᠨ ᠲᠠᠯ᠎ᠠ ᠪᠠᠷ ᠰᠤᠳᠤᠯᠤᠭᠠᠴᠢ ᠡᠷᠳᠡᠮᠲᠡᠳ ᠶᠡᠬᠡ ᠮᠠᠷᠭᠤᠯᠳᠤᠳᠠᠭ ᠪᠥᠭᠡᠳ ᠠᠯᠪᠠᠨ ᠶᠣᠰᠣᠭᠠᠷ ᠪᠠᠲᠤᠯᠠᠭᠳᠠᠭᠰᠠᠨ ᠲᠠᠶᠢᠯᠪᠤᠷᠢ ᠪᠠᠶᠢᠬᠤ ᠦᠭᠡᠢ᠃

 1. ᠡᠨᠡ ᠨᠡᠷ᠎ᠡ ᠶᠢ ᠠᠭᠤᠯᠠ ᠤᠰᠤᠨ ᠤ ᠨᠡᠷ᠎ᠡ ᠲᠡᠢ ᠬᠣᠯᠪᠣᠵᠤ ᠦᠵᠡᠳᠡᠭ᠃ ᠣᠷᠣᠰ ᠤᠨ ᠡᠷᠳᠡᠮᠲᠡᠨ ᠳᠣᠷᠵᠢ ᠮᠣᠩᠭᠣᠯ ᠭᠡᠳᠡᠭ ᠨᠡᠷ᠎ᠡ ᠨᠢ ᠮᠣᠩ ᠭᠡᠳᠡᠭ ᠭᠣᠣᠯ ᠤᠨ ᠨᠡᠷ᠎ᠡ ᠡᠴᠡ ᠡᠰᠢ ᠠᠪᠤᠭᠰᠠᠨ ᠭᠡᠵᠦ ᠦᠵᠡᠭᠰᠡᠨ ᠪᠠᠶᠢᠨ᠎ᠠ᠃ ᠭᠡᠬᠦ ᠳᠦ ᠪᠡᠨ «ᠮᠣᠩ» ᠭᠡᠳᠡᠭ ᠭᠣᠣᠯ ᠣᠯᠳᠠᠭ᠎ᠠ ᠦᠭᠡᠢ ᠶᠤᠮ ᠪᠠᠶᠢᠨ᠎ᠠ᠃ ᠨᠥᠭᠥᠭᠡ ᠲᠠᠯ᠎ᠠ ᠠᠴᠠ ᠮᠣᠩᠭᠣᠯ ᠠᠶᠢᠮᠠᠭ ᠤᠨ ᠬᠢᠨ 3 ᠭᠣᠣᠯ ᠤᠨ ᠡᠬᠢᠨ ᠳᠦ ᠨᠤᠲᠤᠭᠯᠠᠵᠤ ᠭᠣᠣᠯ ᠤᠨ ᠢᠶᠠᠨ ᠡᠬᠢ ᠶᠢ ᠮᠣᠩ ᠭᠡᠵᠦ ᠨᠡᠷᠡᠯᠡᠭᠰᠡᠨ ᠪᠠᠶᠢᠵᠤ ᠪᠣᠯᠬᠤ ᠶᠤᠮ᠃
 2. 17 ᠍ ᠳᠦᠭᠡᠷ ᠵᠠᠭᠤᠨ ᠤ ᠦᠶ᠎ᠡ ᠶᠢᠨ ᠲᠡᠦᠬᠡᠴᠢ ᠰᠠᠭᠭᠠᠨ ᠰᠡᠴᠡᠨ ᠡᠷᠳᠡᠨᠢ ᠶᠢᠨ ᠡᠷᠡᠬᠢ ᠵᠣᠬᠢᠶᠠᠯ ᠳᠤ ᠪᠠᠨ ᠡᠨᠡ ᠨᠡᠷ᠎ᠡ ᠶᠢ ᠴᠢᠩᠭᠢᠰ ᠬᠠᠭᠠᠨ ᠥᠪᠡᠷ ᠢᠶᠡᠨ ᠥᠭᠭᠦᠭᠰᠡᠨ ᠭᠡᠵᠦ ᠲᠡᠮᠳᠡᠭᠯᠡᠵᠡᠢ᠃ ᠲᠡᠷᠡᠪᠡᠷ ᠮᠣᠩᠭᠣᠯ ᠭᠡᠳᠡᠭ ᠨᠡᠷ᠎ᠡ ᠶᠢᠨ ᠣᠩ ᠭᠡᠳᠡᠭ ᠨᠢ ᠵᠣᠪᠠᠵᠤ ᠵᠦᠳᠡᠷᠡᠬᠦ ᠭᠡᠰᠡᠨ ᠤᠳᠬ᠎ᠠ ᠲᠠᠢ᠂ ᠬᠠᠷᠢᠨ ᠭᠣᠣᠯ ᠭᠡᠳᠡᠭ ᠨᠢ ᠭᠣᠣᠯ ᠴᠥᠮ᠎ᠡ ᠭᠡᠰᠡᠨ ᠤᠳᠬ᠎ᠠ ᠲᠠᠢ ᠭᠡᠵᠡᠢ᠃
 3. ᠡᠨᠡ ᠨᠡᠷ᠎ᠡ ᠮᠣᠩᠭᠢᠨᠠᠭᠰᠠᠨ ᠮᠤᠩᠭᠠᠨᠢᠭᠰᠠᠨ ᠭᠡᠳᠡᠭ ᠦᠭᠡᠨ ᠡᠴᠡ ᠭᠠᠷᠤᠯᠲᠠᠢ ᠭᠡᠵᠦ ᠦᠵᠡᠭᠰᠡᠨ ᠪᠠᠶᠢᠨ᠎ᠠ᠃ ᠡᠷᠲᠡᠨ ᠦ ᠮᠣᠩᠭᠣᠯ ᠠᠶᠢᠮᠠᠭ ᠤᠨ ᠡᠪᠦᠭᠡ ᠳᠡᠭᠡᠳᠦᠰ ᠡᠷᠭᠦᠨ᠎ᠡ ᠺᠥᠩ ᠡᠴᠡ ᠮᠤᠩᠭᠠᠨᠢᠨ ᠮᠣᠩᠭᠢᠨᠠᠨ ᠨᠡᠭᠦᠭᠰᠡᠭᠡᠷ 3 ᠭᠣᠣᠯ ᠤᠨ ᠰᠠᠪᠠ ᠭᠠᠵᠠᠷ ᠲᠤ ᠢᠷᠡᠵᠦ ᠰᠠᠭᠤᠷᠢᠰᠢᠭᠰᠠᠨ᠃
 4. ᠪᠥᠭᠡ ᠮᠥᠷᠭᠥᠯ ᠦᠨ ᠪᠡᠯᠭᠡ ᠲᠡᠮᠳᠡᠭ ᠢᠶᠡᠷ ᠥᠭᠭᠦᠭᠰᠡᠨ ᠨᠡᠷ᠎ᠡ ᠭᠡᠵᠦ ᠦᠵᠡᠭᠢᠭ᠍ᠰᠡᠨ᠃ ᠮᠣᠨᠺᠠ ᠲᠩᠷᠢ ᠭᠠᠯ ᠭᠡᠳᠡᠭ ᠦᠭᠡᠨ ᠦ ᠺᠠ ᠲᠩᠷᠢ ᠨᠢ ᠬᠠᠰᠤᠭᠳᠠᠭᠠᠳ᠃ ᠴᠢᠨᠠᠭᠰᠢᠳᠠ ᠪᠠᠨ 2 ᠳᠠᠬᠢ ᠦᠶ᠎ᠡ ᠶᠢᠨ ᠡᠭᠡᠰᠢᠭ ᠡᠬᠢᠨ ᠦ ᠬᠢ ᠲᠡᠢ ᠪᠡᠨ ᠢᠵᠢᠯᠰᠢᠵᠦ «ᠮᠣᠩᠭᠣᠯ» ᠭᠡᠳᠡᠭ ᠨᠡᠷ᠎ᠡ ᠡᠭᠦᠰᠦᠨ ᠪᠠᠶᠢᠨ᠎ᠠ᠃
 5. «ᠮᠣᠩᠭᠣᠯ» ᠭᠡᠳᠡᠭ ᠨᠡᠷ᠎ᠡ ᠶᠢ ᠬᠢᠲᠠᠳ ᠍ ᠤᠨ ᠰᠤᠳᠤᠷ ᠤᠳ ᠲᠤ ᠮᠡᠩ ᠭᠦ ᠮᠠᠨ ᠭᠤ ᠽ ᠤ ᠮᠣᠨ ᠭᠤ ᠯᠤᠩ ᠮᠠᠨ ᠲᠤ ᠮᠡᠩ ᠭᠦ ᠯᠦᠨ ᠬᠡᠮᠡᠬᠦ ᠳᠠᠭᠤᠳᠠᠯᠭ᠎ᠠ ᠲᠠᠢ ᠳᠦᠷᠰᠦ ᠪᠢᠴᠢᠭ ᠦᠳ ᠢᠶᠡᠷ ᠲᠡᠮᠳᠡᠭᠯᠡᠳᠡᠭ ᠪᠠᠶᠢᠭᠰᠠᠨ᠃ ᠶᠤᠸᠠᠨ ᠤᠯᠤᠰ ᠤᠨ ᠦᠶᠡᠰ ᠡᠭᠦᠨ ᠢ ᠨᠢᠭᠡ ᠮᠥᠷ «ᠮᠡᠩᠭᠦ» ᠭᠡᠵᠦ ᠲᠡᠮᠳᠡᠭᠯᠡᠳᠡᠭ ᠪᠣᠯᠵᠠᠢ᠃ ᠡᠨᠡ ᠨᠢ ᠬᠡᠳᠦᠶᠢᠨ ᠡᠴᠡ ᠮᠤᠩᠭᠠᠨᠢᠭᠠᠰᠤ ᠳᠤ ᠬᠠᠭᠤᠴᠢᠨ ᠪᠦᠳᠦᠭᠦᠯᠢᠭᠴᠢ ᠨᠦᠭᠦᠳ ᠭᠡᠰᠡᠨ ᠤᠳᠬ᠎ᠠ ᠲᠠᠢ ᠶᠤᠮ ᠪᠠᠶᠢᠨ᠎ᠠ᠃
 6. ᠡᠷᠳᠡᠮᠲᠡᠨ ᠰᠤᠳᠤᠯᠤᠭᠠᠴᠢ ᠰᠦᠬᠡᠪᠠᠭᠠᠲᠤᠷ ᠸᠡᠢ ᠤᠯᠤᠰ ᠍ ᠤᠨ ᠰᠤᠳᠤᠷ ᠲᠤ ᠲᠣᠪᠠ ᠤᠯᠤᠰ ᠍ ᠤᠨ ᠴᠡᠷᠢᠭ ᠦᠳ ᠨᠢᠭᠡᠨ ᠠᠶᠢᠮᠠᠭ ᠢ ᠡᠵᠡᠯᠡᠴᠢᠬᠡᠭᠡᠳ ᠲᠡᠨᠳᠡ ᠡᠴᠡ ᠨᠢᠭᠡ ᠬᠦᠦᠭᠢ ᠣᠯᠵᠠᠯᠠᠨ ᠠᠪᠴᠠᠢ᠃ ᠲᠡᠷᠡ ᠬᠦᠦᠭᠢ ᠮᠤᠭᠤᠯᠦᠢ ᠭᠡᠵᠦ ᠨᠡᠷᠡᠯᠡᠭᠰᠡᠨ ᠪᠠᠶᠢᠨ᠎ᠠ᠃ ᠲᠡᠷᠡ ᠬᠦ ᠨᠢ ᠶᠡᠬᠡ ᠨᠢᠷᠤᠨ ᠤᠯᠤᠰ ᠍ ᠢ ᠡᠭᠦᠰᠬᠡᠨ ᠪᠠᠶᠢᠭᠤᠯᠤᠭᠰᠠᠨ᠃ ᠨᠢᠷᠤᠨᠴᠤᠳ ᠥᠪᠡᠷ ᠦᠨ ᠤᠳᠤᠷᠢᠳᠤᠭᠴᠢ ᠶᠢᠨ ᠢᠶᠠᠨ ᠨᠡᠷ᠎ᠡ ᠪᠡᠷ ᠠᠶᠢᠮᠠᠭ ᠢᠶᠠᠨ ᠨᠡᠷᠡᠯᠡᠭᠰᠡᠨ ᠪᠠᠶᠢᠵᠤ ᠪᠣᠯᠬᠤ ᠶᠤᠮ᠃
 7. ᠲᠠᠪᠤᠳᠤᠭᠠᠷ ᠵᠠᠭᠤᠨ ᠤ ᠦᠶ᠎ᠡ ᠪᠡᠨ ᠡᠴᠡ ᠡᠷᠭᠦᠨ᠎ᠡ ᠬᠤᠨ ᠠᠴᠠ ᠨᠡᠭᠦᠨ ᠢᠷᠡᠭᠰᠡᠳ ᠭᠤᠷᠪᠠᠨ ᠭᠣᠣᠯ ᠤᠨ ᠬᠥᠪᠡᠭᠡᠨ ᠳᠤ ᠠᠮᠢᠳᠤᠷᠠᠵᠤ ᠡᠬᠢᠯᠡᠭᠰᠡᠨ ᠪᠥᠭᠡᠳ ᠲᠡᠷᠡ ᠣᠪᠤᠭ ᠠᠶᠢᠮᠠᠭ ᠳᠤᠮᠳᠠ ᠠᠴᠠ ᠮᠣᠩ ᠣᠪᠣᠭᠲᠠᠨ ᠬᠦᠴᠦᠷᠬᠡᠵᠢᠵᠦ᠂ ᠤᠯᠠᠮ ᠢᠶᠠᠷ ᠭᠣᠣᠯ ᠪᠤᠶᠤ ᠵᠣᠩᠬᠢᠯᠠᠭᠴᠢ ᠤᠯᠤᠰ ᠪᠣᠯᠤᠭᠰᠠᠨ ᠤᠴᠢᠷ ᠠᠴᠠ «ᠮᠣᠩᠭᠣᠯ» ᠭᠡᠬᠦ ᠨᠡᠷ᠎ᠡ ᠡᠭᠦᠰᠦᠭᠰᠡᠨ ᠭᠡᠵᠦ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠍ ᠦᠨ ᠠᠺᠠᠳᠧᠮᠢᠴᠢ ᠳᠠᠯᠠᠢ ᠭᠤᠸᠠᠢ ᠲᠡᠮᠳᠡᠭᠯᠡᠭᠰᠡᠨ ᠪᠠᠶᠢᠳᠠᠭ᠃

ᠬᠠᠮᠤᠷᠬᠤ ᠬᠦᠷᠢᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠦᠨᠳᠦᠰᠦᠲᠡᠨ ᠳᠣᠲᠣᠷ᠎ᠠ ᠪᠠᠨ ᠣᠯᠠᠨ ᠶᠠᠰᠤᠲᠠᠨᠣᠮᠤᠭᠣᠲᠣᠭᠣᠪᠤᠭᠤᠷᠤᠭ ᠲᠠᠢ᠃ ᠮᠣᠩᠭᠣᠯ ᠦᠨᠳᠦᠰᠦᠲᠡᠨ ᠳᠡᠭᠡᠷ᠎ᠡ ᠪᠡᠨ ᠮᠣᠩᠭᠣᠯ ᠤᠭᠰᠠᠭᠠᠲᠠᠨᠳ ᠬᠠᠮᠢᠶᠠᠷᠤᠨ᠎ᠠ᠃ ᠮᠣᠩᠭᠣᠯ ᠦᠨᠳᠦᠰᠦᠲᠡᠨ ᠢ ᠮᠣᠩᠭᠣᠯ ᠤᠭᠰᠠᠭᠠᠲᠠᠨ ᠤ ᠳᠤᠮᠳᠠ ᠠᠴᠠ ᠲᠣᠳᠣᠷᠠᠭᠤᠯᠬᠤ᠂ ᠡᠳᠦᠭᠡ ᠬᠡᠨ ᠢ «ᠮᠣᠩᠭᠣᠯ ᠬᠦᠮᠦᠨ» ᠭᠡᠵᠦ ᠰᠢᠭᠤᠳ ᠬᠡᠯᠡᠬᠦ ᠪᠤᠢ ᠭᠡᠬᠦ ᠳᠦ ᠥᠭᠡᠷ᠎ᠡ ᠥᠭᠡᠷ᠎ᠡ ᠰᠢᠯᠭᠠᠭᠤᠷ ᠪᠤᠢ᠃

YuanEmperorAlbumGenghisPortrait.jpg YuanEmperorAlbumKhubilaiPortrait.jpg Sukhbaatar.jpg Bjambyn Rintschen.jpg</small>
ᠰᠢᠯᠭᠠᠭᠤᠷ ᠪᠦᠷᠢᠯᠳᠦᠬᠦᠨ ᠬᠦᠮᠦᠨ ᠦ ᠲᠣᠭ᠎ᠠ ᠢᠷᠡᠭᠡᠳᠦᠢ ᠶᠢᠨ ᠦᠷ᠎ᠡ ᠳᠠᠭᠠᠪᠤᠷᠢ
ᠤᠯᠠᠮᠵᠢᠯᠠᠯᠲᠤ᠂ ᠮᠣᠩᠭᠣᠯᠤᠷᠬᠠᠭ᠂ ᠥᠷᠭᠡᠨ᠂ ᠱ᠂ ᠯᠤᠪᠰᠠᠩᠸᠠᠩᠳᠠᠨ ᠤ ᠲᠣᠳᠣᠷᠬᠠᠶᠢᠯᠠᠭᠰᠠᠨ (1959) ᠮᠣᠩᠭᠣᠯ ᠬᠡᠯᠡᠲᠡᠨ᠂ ᠪᠠᠷᠠᠭᠤᠨ (ᠣᠶᠢᠷᠠᠳ), ᠵᠡᠭᠦᠨ (ᠬᠠᠯᠬ᠎ᠠ᠂ ᠥᠪᠥᠷᠯᠡᠭᠴᠢ᠂ ᠪᠤᠷᠢᠶᠠᠳ) ᠭᠡᠳ ᠪᠦᠬᠦ ᠵᠦᠭ ᠦᠨ ᠠᠷᠠᠳ ᠲᠦᠮᠡᠨ 9.3 ᠰᠠᠶ᠎ᠠ (2010) - ᠣᠯᠠᠨ ᠬᠡᠯᠡ ᠳᠦ ᠮᠣᠩᠭᠣᠯᠴᠤᠳ ᠤᠨ ᠡᠪ ᠨᠢᠭᠡᠳᠦᠯ᠂
- ᠪᠣᠯᠤᠮᠵᠢᠲᠤ ᠬᠠᠮᠤᠭ ᠤᠨ ᠣᠯᠠᠨ ᠮᠣᠩᠭᠣᠯ ᠪᠠᠶᠢᠬᠤ᠂
- ᠮᠣᠩᠭᠣᠯ ᠬᠡᠯᠡ᠂ ᠰᠤᠶᠤᠯ ᠤᠨ ᠳᠡᠯᠭᠡᠷᠡᠯ᠂ ᠢᠵᠢᠯᠢᠰᠦᠯ
ᠤᠯᠤᠰ ᠤᠯᠤᠰ ᠤᠨ ᠠᠮᠢᠨ ᠲᠣᠭᠠᠴᠠᠭ᠎ᠠ᠂ ᠵᠥᠪᠯᠡᠯᠲᠦ ᠶᠢᠨ ᠦᠵᠡᠯ ᠰᠤᠷᠲᠠᠯ ᠮᠣᠩᠭᠣᠯ ᠤᠯᠤᠰ ᠤᠨ ᠮᠣᠩᠭᠣᠯ ᠲᠥᠷᠥᠯᠬᠢ ᠬᠡᠯᠡ ᠲᠡᠢ ᠣᠯᠠᠨ ᠶᠠᠰᠤᠲᠠᠨ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠮᠣᠩᠭᠣᠯ ᠦᠨᠳᠦᠰᠦᠲᠡᠨ ᠭᠡᠵᠦ ᠪᠦᠷᠢᠳᠬᠡᠭᠳᠡᠳᠡᠭ ᠬᠦᠮᠦᠨ ᠠᠷᠠᠳ 8.6 ᠰᠠᠶ᠎ᠠ (2010) - ᠮᠣᠩᠭᠣᠯ ᠣᠷᠣᠰ ᠬᠣᠶᠠᠷ ᠤᠯᠤᠰ ᠤᠨ ᠬᠠᠷ᠎ᠠ ᠦᠭᠡᠢ ᠨᠠᠶᠢᠷᠠᠮᠳᠠᠯ᠂
- ᠬᠠᠯᠢᠮᠠᠭ᠂ ᠣᠷᠣᠰ ᠤᠨ ᠪᠤᠷᠢᠶᠠᠳ ᠤᠳ ᠮᠣᠩᠭᠣᠯ ᠪᠢᠰᠢ ᠭᠡᠬᠦ
- ᠰᠡᠳᠬᠢᠯ ᠬᠣᠶᠠᠷᠳᠠᠨ᠂ ᠮᠣᠩᠭᠣᠯ ᠬᠢᠲᠠᠳ ᠤᠨ ᠭᠡᠵᠦ ᠢᠯᠭᠠᠷᠠᠬᠤ
ᠥᠨᠥᠳᠥᠷ ᠮᠣᠩᠭᠣᠯ ᠬᠡᠯᠡ ᠪᠡᠨ ᠡᠵᠡᠮᠰᠢᠵᠦ ᠪᠤᠢ ᠮᠣᠩᠭᠣᠯ ᠤᠯᠤᠰ ᠤᠨ ᠮᠣᠩᠭᠣᠯᠴᠤᠳ᠂ ᠮᠣᠩᠭᠣᠯ ᠬᠡᠯᠡ ᠪᠢᠴᠢᠭ ᠢᠶᠡᠨ ᠮᠡᠳᠡᠳᠡᠭ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠮᠣᠩᠭᠣᠯᠴᠤᠳ᠂ ᠬᠠᠯᠢᠮᠠᠭ᠂ ᠪᠤᠷᠢᠶᠠᠳ ᠬᠡᠯᠡ ᠠᠶᠠᠯᠭᠤ ᠪᠠᠷ ᠢᠶᠠᠨ ᠬᠡᠯᠡᠵᠦ᠂ ᠪᠢᠴᠢᠵᠦ ᠴᠢᠳᠠᠬᠤ ᠣᠷᠣᠰ ᠤᠨ ᠬᠢᠨ 6.3 ᠰᠠᠶ᠎ᠠ (2010) - ᠮᠣᠩᠭᠣᠯ ᠬᠡᠯᠡ ᠲᠡᠢ ᠬᠡᠯᠡ ᠦᠭᠡᠢ ᠶᠢᠨ ᠢᠯᠭᠠᠪᠤᠷᠢ᠂ ᠲᠣᠭᠠᠴᠠᠭ᠎ᠠ᠂
- ᠮᠣᠩᠭᠣᠯ ᠬᠡᠯᠡ᠂ ᠰᠤᠶᠤᠯ ᠤᠨ ᠣᠷᠴᠢᠨ ᠢ ᠬᠤᠮᠢᠬᠤ
- ᠬᠤᠳᠤᠮ ᠮᠣᠩᠭᠣᠯ ᠪᠢᠴᠢᠭ ᠦᠨ ᠰᠡᠷᠭᠦᠨ ᠮᠠᠨᠳᠤᠯᠲᠠ

ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ 1368 ᠤᠨ ᠳᠤ ᠶᠤᠸᠠᠨ ᠤᠯᠤᠰ ᠨᠤᠷᠠᠨ ᠤᠨᠠᠭᠰᠠᠨ ᠤ ᠳᠠᠷᠠᠭ᠎ᠠ ᠪᠠᠷ ᠳᠣᠲᠣᠭᠠᠳᠤ ᠶᠢᠨ ᠲᠡᠮᠡᠴᠡᠯ᠂ ᠳᠠᠶᠢᠨ ᠲᠤᠯᠤᠭᠠᠨ᠂ ᠨᠡᠭᠦᠳᠡᠯ ᠦᠨ ᠤᠯᠠᠮ ᠠᠴᠠ ᠬᠦᠴᠦ ᠰᠤᠯᠠᠷᠠᠨ ᠣᠷᠣᠰ ᠤᠨ ᠡᠵᠡᠨᠲᠦ ᠭᠦᠷᠦᠨᠴᠢᠨ ᠭᠦᠷᠦᠨ ᠳᠦ ᠡᠵᠡᠯᠡᠭᠳᠡᠭᠰᠡᠨ ᠵᠡᠷᠭᠡ ᠰᠢᠯᠲᠠᠭᠠᠨ ᠠᠴᠠ ᠪᠣᠯᠵᠤ ᠡᠳᠦᠭᠡ ᠬᠡᠳᠦ ᠬᠡᠳᠦᠨ ᠣᠷᠣᠨ ᠳᠤ ᠬᠤᠪᠢᠶᠠᠭᠳᠠᠨ ᠰᠠᠭᠤᠷᠢᠰᠢᠵᠤ ᠪᠠᠶᠢᠨ᠎ᠠ᠃ᠡᠨᠡᠬᠦ ᠬᠢᠯᠢ ᠬᠢᠵᠠᠭᠠᠷ ᠢᠶᠠᠷ ᠲᠤᠰᠠᠭᠠᠷᠯᠠᠭᠳᠠᠭᠰᠠᠨ ᠠᠴᠠ ᠪᠣᠯᠵᠤ ᠦᠨᠳᠦᠰᠦᠨ ᠳᠦ ᠪᠡᠨ ᠲᠥᠪ (ᠮᠣᠩᠭᠣᠯ ᠤᠯᠤᠰ), ᠪᠠᠷᠠᠭᠤᠨ (ᠣᠶᠢᠷᠠᠳ᠂ ᠭᠣᠣᠯ ᠣᠨᠴᠠᠭᠠᠶᠢᠷᠠᠯ ᠨᠢ ᠬᠠᠯᠢᠮᠠᠭ), ᠬᠣᠶᠢᠳᠤ (ᠪᠤᠷᠢᠶᠠᠳ), ᠤᠷᠳᠤ (ᠥᠪᠥᠷ ᠮᠣᠩᠭᠣᠯ) ᠭᠡᠵᠦ 4 ᠠᠩᠭᠢ ᠪᠣᠯᠤᠨ ᠠᠭᠠᠵᠢᠮ ᠢᠶᠠᠷ ᠣᠨᠳᠣᠣᠰᠢᠵᠤ ᠪᠠᠶᠢᠨ᠎ᠠ᠃ ᠲ᠋ᠦᠩᠬᠦᠰᠲᠦᠷᠦᠭ ᠦᠳ ᠡᠷᠲᠡ ᠦᠶ᠎ᠡ ᠳᠦ ᠮᠣᠩᠭᠣᠯᠴᠤᠳ ᠲᠠᠢ ᠣᠶᠢᠷᠠᠯᠴᠠᠭ᠎ᠠ ᠲᠣᠭᠠᠨ ᠤ ᠬᠦᠮᠦᠨ ᠲᠡᠢ ᠪᠠᠶᠢᠭᠰᠠᠨ ᠪᠣᠯᠤᠯᠲᠠᠢ᠃ ᠡᠷᠲᠡ ᠦᠶ᠎ᠡ ᠪᠣᠯᠤᠨ ᠳᠤᠮᠳᠠᠳᠤ ᠵᠠᠭᠤᠨ ᠤ ᠦᠶ᠎ᠡ ᠶᠢᠨ ᠮᠣᠩᠭᠣᠯ ᠠᠶᠢᠯ ᠤᠳ ᠳᠤᠮᠳᠠᠴᠢ ᠪᠠᠷ 5 ᠬᠦᠮᠦᠨ ᠲᠡᠢ ᠪᠠᠶᠢᠪᠠ᠃

Atlas Mongolica.jpg
Mongol atlas.jpg

ᠮᠣᠩᠭᠣᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ ᠬᠦᠮᠦᠨ ᠠᠮᠠ ᠶᠢᠨ 95% ᠍ ᠶᠢ 2010 ᠤᠨ ᠤ ᠪᠠᠶᠢᠳᠠᠯ ᠢᠶᠠᠷ 2 ᠰᠠᠶ᠎ᠠ 700 ᠮᠢᠩᠭᠠᠨ ᠮᠣᠩᠭᠣᠯᠴᠤᠳ ᠪᠦᠷᠢᠯᠳᠦᠭᠦᠯᠵᠦ ᠪᠠᠶᠢᠨ᠎ᠠ᠃ ᠡᠭᠦᠨ ᠳᠦ: 15 ᠍ ᠳᠦᠭᠡᠷ ᠵᠠᠭᠤᠨ ᠠᠴᠠ ᠨᠡᠶᠢᠲᠡ ᠮᠣᠩᠭᠣᠯᠴᠤᠳ ᠤᠨ ᠳᠣᠲᠣᠷ᠎ᠠ ᠠᠴᠠ ᠰᠢᠨ᠎ᠡ ᠪᠡᠷ ᠠᠩᠭᠢᠯᠠᠭᠳᠠᠨ ᠪᠤᠢ ᠪᠣᠯᠤᠭᠰᠠᠨ ᠬᠠᠯᠬ᠎ᠠ; 18 ᠍ ᠳᠦᠭᠡᠷ ᠵᠠᠭᠤᠨ ᠬᠦᠷᠲᠡᠯ᠎ᠡ ᠳᠥᠷᠪᠡᠨ ᠣᠶᠢᠷᠠᠳ ᠤᠨ ᠬᠣᠯᠪᠣᠭᠠᠨ ᠳᠤ ᠪᠠᠭᠳᠠᠵᠣ ᠪᠠᠶᠢᠭᠰᠠᠨ ᠳᠥᠷᠪᠡᠳᠪᠠᠶᠠᠳᠲᠣᠷᠭᠤᠳᠵᠠᠬᠠᠴᠢᠨᠤᠷᠢᠶᠠᠩᠬᠠᠢᠥᠭᠡᠯᠡᠳ ᠮᠢᠩᠭᠠᠳᠬᠣᠲᠣᠩ; 17-20 ᠵᠠᠭᠤᠨ ᠤ ᠡᠬᠢᠨ ᠬᠦᠷᠲᠡᠯᠡᠬᠢ ᠬᠤᠭᠤᠴᠠᠭᠠᠨ ᠳᠤ ᠮᠠᠨᠵᠤ ᠶᠢᠨ ᠬᠠᠭᠠᠨ ᠤ ᠲᠣᠮᠢᠯᠠᠭ᠎ᠠ ᠪᠠᠷ ᠮᠣᠩᠭᠣᠯᠴᠤᠳ ᠤᠨ ᠳᠣᠲᠣᠷ᠎ᠠ ᠠᠴᠠ ᠰᠢᠨ᠎ᠡ ᠪᠡᠷ ᠠᠩᠭᠢᠯᠠᠭᠳᠠᠭᠰᠠᠨ ᠳᠠᠷᠢᠭᠠᠩᠭ᠎ᠠ; 20 ᠍ ᠳᠦᠭᠡᠷ ᠵᠠᠭᠤᠨ ᠳᠤ ᠮᠣᠩᠭᠣᠯ ᠢᠶᠠᠨ ᠭᠡᠵᠦ ᠨᠡᠭᠦᠨ ᠢᠷᠡᠭᠰᠡᠨ ᠪᠤᠷᠢᠶᠠᠳ᠂ ᠪᠠᠷᠭᠤᠦᠵᠦᠮᠦᠴᠢᠨ ᠪᠣᠯᠤᠨ ᠬᠣᠲᠣᠭᠣᠶᠢᠳᠳᠠᠷᠬᠠᠳ ᠵᠡᠷᠭᠡ ᠶᠠᠰᠤᠲᠠᠨ ᠨᠤᠭᠤᠳ ᠣᠷᠣᠨ᠎ᠠ᠃

ᠬᠢᠲᠠᠳ ᠲᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠪᠦᠷᠢᠯᠳᠦᠬᠦᠨ ᠳᠦ 2002 ᠤᠨ ᠤ ᠪᠠᠶᠢᠳᠠᠯ ᠢᠶᠠᠷ 5 ᠰᠠᠶ᠎ᠠ 800 ᠮᠢᠩᠭᠠᠨ ᠮᠣᠩᠭᠣᠯᠴᠤᠳ ᠪᠠᠶᠢᠨ᠎ᠠ ᠭᠡᠰᠡᠨ ᠰᠲ᠋ᠠᠲ᠋ᠢᠰᠲ᠋ᠢᠭ ᠤᠨ ᠮᠡᠳᠡᠭᠡ ᠪᠠᠶᠢᠳᠠᠭ᠃ ᠡᠭᠦᠨ ᠡᠴᠡ ᠥᠪᠥᠷ ᠮᠣᠩᠭᠣᠯ ᠳᠤ 4 ᠰᠠᠶ᠎ᠠ ᠭᠠᠷᠤᠢ ᠨᠢ ᠪᠠᠶᠢᠬᠤ ᠪᠠ ᠴᠠᠬᠠᠷᠬᠠᠷᠠᠴᠢᠨᠬᠣᠷᠴᠢᠨᠣᠷᠳᠣᠰ᠂ ᠪᠠᠷᠭᠤ᠂ ᠪᠤᠷᠢᠶᠠᠳ᠂ ᠠᠯᠠᠱᠠ ᠵᠡᠷᠭᠡ ᠠᠶᠠᠯᠭ᠎ᠠ ᠪᠠᠷ ᠬᠡᠯᠡᠯᠴᠡᠳᠡᠭ ᠮᠣᠩᠭᠣᠯᠴᠤᠳ ᠪᠠᠶᠢᠨ᠎ᠠ᠃ ᠮᠥᠨ ᠰᠢᠨᠵᠢᠶᠠᠩ ᠤᠨ ᠬᠣᠶᠢᠲᠤ ᠬᠡᠰᠡᠭ ᠦᠨ ᠪᠣᠷᠤᠲᠠᠯ᠎ᠠ᠂ ᠪᠠᠶᠠᠨᠭᠣᠣᠯ ᠨᠤᠲᠤᠭ ᠳᠠᠬᠢ ᠬᠠᠯᠢᠮᠠᠭ ᠠᠴᠠ 1774 ᠤᠨ ᠳᠤ ᠨᠡᠭᠦᠳᠡᠯᠯᠡᠨ ᠢᠷᠡᠭᠰᠡᠨ ᠲᠣᠷᠭᠤᠳ ᠢᠶᠠᠷ ᠭᠣᠣᠯ ᠲᠥᠯᠥᠪ ᠪᠦᠷᠢᠯᠳᠦᠭᠰᠡᠨ ᠣᠶᠢᠷᠠᠳ ᠪᠣᠯᠤᠨ ᠬᠥᠬᠡᠨᠠᠭᠤᠷ ᠳᠠᠬᠢ ᠬᠣᠱᠤᠳ ᠪᠤᠶᠤ ᠳᠡᠭᠡᠳᠦ ᠮᠣᠩᠭᠤᠯᠴᠤᠳ ᠪᠠᠶᠢᠨ᠎ᠠ᠃

ᠣᠷᠣᠰ ᠲᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠪᠤᠷᠢᠶᠠᠳ ᠪᠠ ᠬᠠᠯᠢᠮᠠᠭ

ᠣᠷᠣᠰ ᠤᠨ ᠬᠣᠯᠪᠣᠭᠠᠨ ᠤ ᠤᠯᠤᠰ ᠍ ᠤᠨ ᠳᠣᠲᠣᠷ᠎ᠠ 1607 ᠤᠨ ᠳᠤ ᠢᠵᠢᠯ ᠮᠥᠷᠡᠨ ᠦ ᠬᠥᠪᠡᠭᠡᠨ ᠳᠤ ᠨᠡᠭᠦᠳᠡᠯᠯᠡᠨ ᠣᠴᠢᠭᠰᠠᠨ ᠶᠡᠬᠡᠪᠴᠢᠯᠡᠨ ᠲᠣᠷᠭᠤᠳ᠂ ᠳᠥᠷᠪᠡᠳ ᠡᠴᠡ ᠪᠦᠷᠢᠯᠳᠦᠭᠰᠡᠨ 180 ᠮᠢᠩᠭᠠᠨ ᠣᠶᠢᠷᠠᠳ ᠨᠢ ᠡᠳᠦᠭᠡ ᠬᠠᠯᠢᠮᠠᠭ ᠭᠡᠳᠡᠭ ᠨᠡᠷ᠎ᠡ ᠲᠡᠢ ᠪᠥᠭᠡᠳ ᠥᠪᠡᠷᠲᠡᠭᠡᠨ ᠵᠠᠰᠠᠬᠤ ᠡᠷᠬᠡ ᠲᠡᠢ ᠬᠠᠯᠢᠮᠠᠭ ᠤᠯᠤᠰ ᠲᠤ᠂ 17 ᠍ ᠳᠦᠭᠡᠷ ᠵᠠᠭᠤᠨ ᠳᠤ ᠣᠷᠣᠰ ᠦᠳ ᠤᠨ ᠵᠡᠭᠦᠨ ᠵᠦᠭ ᠦᠨ ᠲᠡᠯᠡᠯᠲᠡ ᠳᠦ ᠠᠪᠲᠠᠭᠳᠠᠭᠰᠠᠨ ᠤᠴᠢᠷ ᠠᠴᠠ 440 ᠮᠢᠩᠭᠠᠨ ᠪᠤᠷᠢᠶᠠᠳ ᠨᠢ ᠪᠤᠷᠢᠶᠠᠳ ᠤᠯᠤᠰ᠂ ᠤᠰᠠᠳᠢ-ᠣᠷᠳᠣ ᠪᠣᠯᠤᠨ ᠠᠭ ᠤᠨ ᠲᠣᠭᠣᠷᠢᠭ ᠤᠳ ᠲᠤ ᠰᠠᠭᠤᠷᠢᠰᠢᠵᠤ ᠪᠠᠶᠢᠨ᠎ᠠ᠃ ᠲᠤᠸᠠ ᠪᠣᠯᠤᠨ ᠠᠯᠲᠠᠶᠢᠴᠢ ᠨᠤᠭᠤᠳ ᠢᠵᠠᠭᠤᠷ ᠤᠨ ᠮᠣᠩᠭᠣᠯ ᠦᠨᠳᠦᠰᠦᠲᠡᠨ ᠪᠣᠯᠪᠠᠴᠤ ᠲᠦᠷᠦᠭ ᠬᠡᠯᠡ ᠪᠡᠷ ᠶᠠᠷᠢᠯᠴᠠᠳᠠᠭ᠃

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺ ᠤᠭ ᠤᠵᠰᠲᠠᠨ ᠳᠤ ᠰᠠᠷ᠎ᠠ ᠳᠤ ᠬᠠᠯᠢᠮᠠᠭ ᠭᠡᠬᠦ ᠣᠶᠢᠷᠠᠳ ᠭᠠᠷᠤᠯᠲᠠᠢ ᠠᠷᠠᠳ᠂ 14 ᠍ ᠳᠦᠭᠡᠷ ᠵᠠᠭᠤᠨ ᠳᠤ ᠶᠤᠸᠠᠨ ᠤᠯᠤᠰ ᠤᠨᠠᠭᠰᠠᠨ ᠤ ᠳᠠᠷᠠᠭ᠎ᠠ ᠬᠢᠲᠠᠳ ᠤᠨ ᠰᠴᠦᠸᠠᠨ᠂  ᠶᠦᠨᠨᠠᠨ ᠵᠡᠷᠭᠡ ᠭᠠᠵᠠᠷ ᠲᠤ ᠦᠯᠡᠳᠡᠭᠰᠡᠨ ᠭᠡᠬᠦ ᠠᠷᠠᠳ ᠤᠳ ᠮᠣᠩᠭᠣᠯ ᠤᠭ ᠭᠠᠷᠪᠠᠯ ᠪᠠᠶᠢᠬᠤ ᠮᠡᠲᠦ ᠪᠣᠯᠪᠠᠴᠤ ᠲᠤᠬᠠᠢ ᠶᠢᠨ ᠤᠯᠤᠰ ᠤᠨ ᠨᠥᠯᠥᠭᠡᠯᠡᠯ ᠡᠴᠡ ᠪᠣᠯᠵᠤ ᠲᠥᠷᠥᠯᠬᠢ ᠬᠡᠯᠡ ᠪᠡᠨ ᠨᠡᠶᠢᠲᠡ ᠪᠡᠷ ᠢᠶᠡᠨ ᠮᠠᠷᠲᠠᠭᠰᠠᠨ ᠰᠢᠨᠵᠢᠲᠡᠢ ᠪᠠᠶᠢᠳᠠᠭ᠃ ᠲᠤᠸᠠ ᠨᠢ ᠤᠯᠠᠮᠵᠢᠯᠠᠯ᠂ ᠵᠠᠩ ᠵᠠᠩᠰᠢᠯ ᠤᠨ ᠬᠤᠪᠢ ᠳᠤ ᠮᠣᠩᠭᠣᠯᠵᠢᠭᠤ ᠪᠣᠯᠪᠠᠴᠤ ᠬᠡᠯᠡ ᠵᠡᠷᠭᠡ ᠶᠢ ᠨᠢ ᠬᠠᠷᠠᠭᠠᠯᠵᠠᠨ ᠵᠠᠷᠢᠮ ᠡᠷᠳᠡᠮᠲᠡᠳ ᠰᠠᠨᠠᠯ ᠬᠤᠪᠢᠶᠠᠭᠳᠠᠳᠠᠭ᠃

ᠲᠡᠭᠦᠨᠴᠢᠯᠡᠨ᠂ ᠳᠤᠮᠳᠠᠳᠤ ᠤᠯᠤᠰ ᠲᠤ ᠳᠠᠭᠤᠷᠳ᠋ᠦᠩᠰᠢᠶᠠᠩᠪᠠᠠᠨᠢ ᠵᠡᠷᠭᠡ ᠮᠣᠩᠭᠣᠯ ᠬᠡᠯᠡᠨ ᠦ ᠪᠦᠯᠦᠭ ᠲᠦ ᠬᠠᠮᠢᠶᠠᠷᠬᠤ ᠬᠡᠯᠡ ᠪᠡᠷ ᠶᠠᠷᠢᠯᠴᠠᠳᠠᠭ ᠴᠥᠭᠡᠨ ᠲᠣᠭᠠᠲᠤ ᠤᠭᠰᠠᠭᠠᠲᠠᠨ ᠨᠤᠭᠤᠳ ᠣᠷᠣᠰᠢᠨ ᠰᠠᠭᠤᠳᠠᠭ᠃

ᠤᠭᠰᠠᠭᠠᠲᠠᠨ ᠤ ᠪᠦᠯᠦᠭ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠷᠢᠶᠠᠳ ᠣᠪᠤᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠠᠯᠠᠶᠢᠷ
 • ᠬᠣᠷᠢ ᠪᠤᠷᠢᠶᠠᠳ
 • ᠬᠠᠮᠨᠢᠭᠠᠨ ᠪᠤᠷᠢᠶᠠᠳ
 • ᠡᠬᠢᠷ ᠲᠦ ᠪᠤᠷᠢᠶᠠᠳ
 • ᠠᠭ᠎ᠠ ᠶᠢᠨ ᠪᠤᠷᠢᠶᠠᠳ

ᠣᠶᠢᠷᠠᠳ ᠤᠨ ᠤᠭᠰᠠᠭᠠᠲᠠᠨ ᠤ ᠪᠦᠯᠦᠭ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠭ ᠭᠠᠷᠪᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠥ ᠶᠢᠨ ᠮᠣᠩᠭᠣᠯ ᠦᠨᠳᠦᠰᠦᠲᠡᠨ ᠢ ᠦᠨᠳᠦᠰᠦᠯᠡᠭᠴᠢ ᠡᠵᠡᠨ ᠪᠣᠭᠳᠠ ᠴᠢᠩᠭᠢᠰ ᠬᠠᠭᠠᠨ


ᠮᠣᠩᠭᠣᠯ ᠨᠤᠲᠤᠭ ᠲᠤ ᠬᠦᠷᠡᠯᠡᠶᠢᠨ ᠦᠶ᠎ᠡ ᠳᠦ ᠲᠠᠷᠬᠠᠭᠰᠠᠨ ᠳᠥᠷᠪᠡᠯᠵᠢᠨ ᠪᠤᠯᠠᠰᠢ ᠶᠢᠨ ᠰᠤᠶᠤᠯ ᠤᠨ ᠬᠦᠮᠦᠰ ᠨᠢ ᠠᠨᠲᠷᠣᠫᠣᠯᠣᠭᠢ ᠲᠥᠷᠬᠥ ᠶᠢᠨ ᠬᠤᠪᠢ ᠳᠤ ᠮᠣᠩᠭᠣᠯᠵᠢᠭᠤ ᠲᠥᠷᠬᠦᠲᠡᠨ ᠨᠦᠭᠦᠳ ᠪᠠᠶᠢᠪᠠ᠃ ᠵᠠᠷᠢᠮ ᠭᠠᠳᠠᠨ᠎ᠠ ᠶᠢᠨ ᠡᠷᠳᠡᠮᠲᠡᠳ ᠮᠣᠩᠭᠣᠯᠴᠤᠳ ᠣᠳᠣ ᠶᠢᠨ ᠨᠤᠲᠤᠭ ᠲᠤ ᠪᠠᠨ ᠺᠠᠷᠠᠰᠤᠺ ᠤᠨ ᠰᠤᠶᠤᠯ ᠢ ᠮᠥᠬᠦᠭᠰᠡᠨ ᠦ ᠳᠠᠷᠠᠭ᠎ᠠ ᠬᠢᠩᠭᠠᠨ ᠬᠠᠪᠢ ᠠᠴᠠ ᠢᠷᠡᠭᠰᠡᠨ ᠭᠡᠵᠦ ᠦᠵᠡᠳᠡᠭ᠃ᠳᠥᠷᠪᠡᠯᠵᠢᠨ ᠪᠤᠯᠠᠰᠢᠨ ᠤ ᠰᠤᠶᠤᠯ ᠨᠢ ᠾᠢᠦᠩᠨᠦ᠂ ᠰᠢᠶᠠᠨᠪᠢ ᠵᠡᠷᠭᠡ ᠮᠣᠩᠭᠣᠯ ᠤᠭᠰᠠᠭᠠᠲᠠᠨ ᠨᠤᠭᠤᠳ ᠤᠨ ᠰᠤᠶᠤᠯ ᠮᠥᠨ ᠣᠷᠴᠢᠨ ᠦᠶ᠎ᠡ ᠶᠢᠨ ᠮᠣᠩᠭᠣᠯᠴᠤᠳ ᠤᠨ ᠰᠤᠶᠤᠯ ᠲᠠᠢ ᠢᠵᠢᠯ ᠪᠠᠶᠢᠳᠠᠭ᠃ᠮᠣᠩᠭᠣᠯᠴᠤᠳ ᠲᠤ ᠬᠠᠮᠢᠶᠠᠷᠤᠭᠳᠠᠬᠤ ᠪᠤᠰᠤᠳ ᠠᠷᠬᠧᠣᠯᠣᠭᠢ ᠶᠢᠨ ᠰᠤᠶᠤᠯ ᠪᠣᠯ ᠳᠡᠭᠡᠳᠦ ᠰᠢᠵᠢᠲᠢᠩᠳ᠋ᠣᠣ ᠳᠤ ᠰᠢᠵᠢᠲᠢᠩᠵᠢᠺᠠᠢᠣᠭᠤᠣᠷᠳᠣᠰ ᠤᠨ ᠰᠤᠶᠤᠯ ᠤᠳ ᠶᠤᠮ᠃ ᠡᠪᠦᠭᠡ ᠮᠣᠩᠭᠣᠯ ᠣᠪᠤᠭ ᠠᠶᠢᠮᠠᠭ ᠤᠳ ᠢ ᠬᠤ᠂ ᠵᠤᠩ᠂ ᠳ᠋ᠢ᠂ ᠲᠥᠪᠡᠳ ᠬᠡᠯᠡᠨ ᠳᠦ ᠬᠣᠷ᠂ ᠰᠣᠭᠪᠤ ᠭᠡᠬᠦ ᠨᠡᠷ᠎ᠡ ᠪᠡᠷ ᠲᠡᠮᠳᠡᠭᠯᠡᠵᠦ ᠢᠷᠡᠭᠰᠡᠨ ᠪᠠ ᠬᠡᠶᠦᠢ᠂ ᠰᠡᠶᠦᠢ ᠵᠡᠷᠭᠡ ᠾᠦᠩᠨᠦ ᠶᠢᠨ ᠡᠪᠦᠭᠡ᠂ ᠳᠤᠩᠬᠤ ᠨᠠᠷ ᠨᠢ ᠪᠦᠭᠦᠳᠡ ᠮᠣᠩᠭᠣᠯ ᠪᠣᠯᠤᠨ᠎ᠠ᠃ᠾᠦᠩᠨᠦ ᠶᠢᠨ ᠨᠣᠶᠠᠯᠠᠭᠴᠢ ᠬᠤᠶᠠᠨᠢ ᠣᠪᠤᠭ ᠰᠦᠮᠪᠦ᠂ ᠨᠢᠷᠤᠨ᠂ ᠬᠠᠮᠤᠭ ᠮᠣᠩᠭᠣᠯ ᠳᠤ (ᠬᠢᠶᠠᠳ) ᠪᠠᠶᠢᠪᠠ᠃ᠬᠡᠷᠡᠶᠢᠳ᠂ ᠮᠡᠷᠬᠢᠳ᠂ ᠲᠠᠲᠠᠷᠠᠴᠢ ᠨᠤᠭᠤᠳ ᠢ ᠬᠢᠳᠠᠨ ᠤᠯᠤᠰ ᠤᠨ ᠦᠶ᠎ᠡ ᠳᠦ ᠵᠦᠪᠦ ᠬᠡᠮᠡᠨ ᠨᠡᠷᠡᠯᠡᠵᠦ ᠪᠠᠶᠢᠪᠠ᠃ ᠵᠦᠪᠦ ᠨᠡᠷ᠎ᠡ ᠶᠢ ᠾᠦᠩᠨᠦ ᠶᠢᠨ ᠰᠡᠶᠢᠪᠦ ᠣᠪᠤᠭ ᠠᠴᠠ ᠤᠯᠪᠠᠭ᠎ᠠ ᠲᠠᠢ ᠭᠡᠳᠡᠭ᠃ 13 ᠍ ᠳᠦᠭᠡᠷ ᠵᠠᠭᠤᠨ ᠤ ᠬᠢᠲᠠᠳ ᠵᠤᠷᠭᠠᠨ ᠳᠤ ᠳᠦᠷᠰᠦᠯᠡᠭᠳᠡᠭᠰᠡᠨ ᠮᠣᠩᠭᠣᠯ ᠨᠤᠮᠤᠨ ᠤ ᠵᠢᠷᠤᠭ ᠾᠦᠩᠨᠦ ᠨᠤᠮᠤ ᠲᠠᠢ ᠢᠵᠢᠯ ᠪᠣᠯᠬᠤ ᠨᠢ ᠬᠠᠷᠠᠭᠳᠠᠳᠠᠭ᠃ᠮᠥᠨ ᠰᠢᠷᠢᠨ ᠵᠠᠪᠢ ᠬᠡᠷᠡᠭᠯᠡᠳᠡᠭ᠂ ᠲᠤᠯᠤᠭᠠᠨ ᠤ ᠦᠶ᠎ᠡ ᠳᠦ ᠡᠮᠡᠭᠡᠯ ᠢᠶᠡᠨ ᠣᠪᠣᠭᠠᠯᠠᠵᠤ ᠬᠠᠮᠠᠭᠠᠯᠠᠳᠠᠭ ᠵᠡᠷᠭᠡ ᠨᠢ ᠮᠣᠩᠭᠣᠯ᠂ ᠾᠦᠩᠨᠦ ᠳᠦ ᠠᠳᠠᠯᠢ ᠪᠠᠶᠢᠳᠠᠭ᠃[10] ᠨᠠᠶᠢᠮᠠᠨᠣᠨᠤᠭ ᠲᠤ , ᠬᠡᠷᠡᠶᠢᠳ ᠭᠡᠬᠦ ᠮᠡᠲᠦ ᠵᠠᠷᠢᠮ ᠮᠣᠩᠭᠣᠯ ᠠᠶᠢᠮᠠᠭ ᠢ ᠲᠦᠷᠦᠭ ᠭᠡᠵᠦ ᠦᠵᠡᠬᠦ ᠶᠠᠪᠤᠳᠠᠯ ᠪᠠᠶᠢᠳᠠᠭ ᠴᠤ ᠲᠡᠳᠡᠨ ᠦ ᠤᠳᠤᠷᠢᠳᠤᠭᠴᠢᠳ ᠤᠨ ᠨᠡᠷ᠎ᠡ᠂ ᠣᠪᠤᠭ ᠠᠶᠢᠮᠠᠭ ᠤᠨ ᠬᠢ ᠨᠢ ᠨᠡᠷ᠎ᠡ ᠮᠣᠩᠭᠣᠯ ᠦᠭᠡ ᠲᠡᠢ ᠤᠳᠬ᠎ᠠ ᠰᠠᠨᠠᠭ᠎ᠠ ᠪᠠᠷ ᠢᠶᠠᠨ ᠲᠠᠭᠠᠷᠠᠳᠠᠭ᠃ᠠᠷᠬᠧᠣᠯᠣᠭᠢ ᠶᠢᠨ ᠰᠤᠳᠤᠯᠭ᠎ᠠ ᠪᠠᠷ 10-13 ᠍ ᠳᠦᠭᠡᠷ ᠵᠠᠭᠤᠨ ᠳᠤ ᠣᠯᠠᠨ ᠲᠣᠭᠠᠨ ᠤ ᠲᠦᠷᠦᠭ ᠠᠶᠢᠮᠠᠭ ᠮᠣᠩᠭᠣᠯ ᠳᠤ ᠪᠠᠶᠢᠭᠰᠠᠨ ᠭᠡᠬᠦ ᠨᠣᠲᠠᠯᠠᠭ᠎ᠠ ᠣᠯᠳᠠᠳᠠᠭ ᠦᠭᠡᠢ ᠮᠥᠨ ᠮᠣᠩᠭᠣᠯᠴᠤᠳ ᠤᠨ ᠳᠤᠮᠳᠠ ᠲᠦᠷᠦᠭ ᠰᠤᠶᠤᠯ ᠤᠨ ᠨᠥᠯᠥᠭᠡ ᠪᠠᠷᠤᠭ ᠪᠠᠶᠢᠳᠠᠭ ᠦᠭᠡᠢ᠃ ᠶᠡᠬᠡ ᠮᠣᠩᠭᠣᠯ ᠤᠯᠤᠰ ᠍ ᠤᠨ ᠬᠦᠮᠦᠨ ᠠᠮᠠ ᠶᠢ 4 ᠬᠡᠰᠡᠭ ᠲᠦ ᠬᠤᠪᠢᠶᠠᠬᠤ ᠳᠤ ᠨᠣᠶᠠᠯᠠᠭᠴᠢ ᠠᠩᠭᠢ ᠳᠤ ᠮᠣᠩᠭᠣᠯᠴᠤᠳ᠂ ᠲᠡᠭᠦᠨ ᠦ ᠳᠠᠷᠠᠭ᠎ᠠ ᠬᠢᠳᠠᠨ᠂ ᠲᠦᠷᠦᠭ ᠦᠳ᠂ 3 ᠳᠠᠬᠢ ᠠᠩᠭᠢ ᠳᠤ ᠵᠦᠷᠴᠢᠳ᠂ 4 ᠳᠦ ᠬᠢ ᠠᠩᠭᠢ ᠳᠤ ᠨᠢ ᠬᠢᠲᠠᠳ ᠤᠳ ᠣᠷᠣᠭᠰᠠᠨ ᠪᠠᠶᠢᠳᠠᠭ ᠪᠥᠭᠡᠳ ᠬᠠᠷᠢᠨ ᠭᠠᠷᠤᠯ ᠨᠢ ᠡᠷᠡᠭᠡᠯᠵᠡᠭᠡ ᠲᠡᠢ ᠭᠡᠬᠦ ᠡᠨᠡ ᠠᠶᠢᠮᠠᠭ ᠤᠳ ᠢ ᠮᠣᠩᠭᠣᠯ ᠪᠢᠰᠢ ᠬᠡᠮᠡᠨ ᠢᠯᠭᠠᠵᠤ ᠠᠩᠭᠢᠯᠠᠭᠰᠠᠨ ᠶᠠᠪᠤᠳᠠᠯ ᠣᠭᠲᠣ ᠪᠠᠶᠢᠬᠤ ᠦᠭᠡᠢ ᠪᠠᠶᠢᠨ᠎ᠠ᠃

ᠡᠴᠢᠭᠡ ᠶᠢᠨ ᠲᠠᠯ᠎ᠠ ᠠᠴᠠ ᠥᠪᠯᠡᠭᠳᠡᠳᠡᠭ ᠭᠧᠨ ᠢ Y ᠾᠷᠣᠮᠣᠰᠤᠮ᠎ᠠ ᠶᠢᠨ ᠳᠧᠽᠣᠺᠰᠢᠷᠢᠪᠨᠢᠺᠯᠧᠢᠨ ᠦ ᠬᠦᠴᠢᠯ᠂ ᠡᠬᠡ ᠶᠢᠨ ᠲᠠᠯ᠎ᠠ ᠠᠴᠠ ᠥᠪᠯᠡᠭᠳᠡᠳᠡᠭ ᠭᠧᠨ ᠢ ᠮᠢᠲᠠᠬᠠᠨᠳ᠋ᠷ ᠦᠨ ᠳᠧᠽᠣᠺᠰᠢᠷᠢᠪᠨᠢᠺᠯᠧᠢᠨ ᠦ ᠬᠦᠴᠢᠯ ᠭᠡᠳᠡᠭ ᠪᠠ ᠡᠴᠢᠭᠡ ᠶᠢᠨ ᠲᠠᠯ᠎ᠠ ᠪᠠᠷ ᠨᠢ ᠠᠯᠢᠪᠠ ᠬᠦᠮᠦᠨ ᠦ ᠭᠠᠷᠤᠯ ᠤᠭᠰᠠᠭ᠎ᠠ ᠶᠢ ᠨᠢ ᠲᠣᠳᠣᠷᠬᠠᠶᠢᠯᠠᠳᠠᠭ᠃ᠭᠧᠨ ᠨᠢ ᠤᠰᠠᠳᠴᠤ ᠦᠭᠡᠢ ᠪᠣᠯᠳᠠᠭ ᠦᠭᠡᠢ᠃ ᠮᠥᠨ ᠴᠢᠰᠤᠨ ᠤ ᠪᠦᠯᠦᠭ ᠢᠶᠡᠷ ᠨᠢ ᠶᠠᠮᠠᠷ ᠤᠭᠰᠠᠭᠠᠲᠠᠨ ᠨᠤᠭᠤᠳ ᠬᠣᠭᠣᠷᠣᠨᠳᠣ ᠪᠠᠨ ᠬᠣᠯᠪᠣᠭᠠᠲᠠᠢ ᠪᠣᠯᠬᠤ ᠶᠢ ᠲᠣᠳᠣᠷᠬᠠᠶᠢᠯᠠᠳᠠᠭ᠃ ᠣᠶᠢᠷᠠᠯᠴᠠᠭ᠎ᠠ ᠭᠠᠷᠤᠯ ᠲᠠᠢ ᠪᠤᠶᠤ ᠬᠢᠯᠢ ᠵᠠᠯᠭᠠᠭ᠎ᠠ ᠨᠤᠲᠤᠭ ᠲᠤ ᠣᠷᠣᠰᠢᠨ ᠰᠠᠭᠤᠳᠠᠭ ᠦᠨᠳᠦᠰᠦᠲᠡᠨ ᠨᠦᠭᠦᠳᠡ ᠶᠢᠨ ᠴᠢᠰᠤᠨ ᠤ ᠪᠦᠯᠦᠭ ᠢᠵᠢᠯ ᠪᠠᠶᠢᠳᠠᠭ᠃ᠮᠣᠩᠭᠣᠯᠴᠤᠳ ᠤᠨ ᠪᠣᠯᠤᠨ ᠠᠯᠲᠠᠢ ᠶᠢᠨ ᠤᠭᠰᠠᠭᠠᠲᠠᠨ ᠨᠤᠭᠤᠳ ᠤᠨ ᠭᠣᠣᠯᠯᠠᠬᠤ ᠭᠧᠨ ᠪᠣᠯ C3 ᠪᠤᠶᠤ C-M217 ᠭᠠᠫᠯᠣᠭᠷᠦᠶᠢᠫ ᠶᠤᠮ᠃ ᠲᠥᠪ ᠠᠽᠢᠶ᠎ᠠ ᠳᠤ ᠬᠦᠮᠦᠰ 2 ᠵᠠᠮ ᠢᠶᠠᠷ ᠠᠹᠷᠢᠺᠠ ᠠᠴᠠ ᠢᠷᠡᠭᠰᠡᠨ ᠭᠡᠵᠦ ᠦᠵᠡᠳᠡᠭ ᠪᠠ ᠠᠹᠷᠢᠺᠠ ᠠᠴᠠ ᠪᠠᠷᠠᠭᠤᠨ ᠠᠽᠢᠶ᠎ᠠ-ᠡᠨᠡᠳᠬᠡᠭ-ᠵᠡᠭᠦᠨ ᠡᠮᠦᠨᠡᠲᠦ ᠠᠽᠢᠶ᠎ᠠ-ᠵᠡᠭᠦᠨ ᠠᠽᠢᠶ᠎ᠠ-ᠲᠥᠪ ᠠᠽᠢᠶ᠎ᠠ ᠭᠡᠰᠡᠨ ᠡᠮᠦᠨᠡᠲᠦ ᠵᠠᠮ , ᠠᠹᠷᠢᠺᠠ ᠠᠴᠠ ᠪᠠᠷᠠᠭᠤᠨ ᠠᠽᠢᠶ᠎ᠠ-ᠲᠥᠪ ᠠᠽᠢᠶ᠎ᠠ ᠭᠡᠰᠡᠨ ᠬᠣᠶᠢᠳᠤ ᠵᠠᠮ ᠢᠶᠠᠷ ᠡᠷᠲᠡᠨ ᠦ ᠬᠦᠮᠦᠰ ᠲᠥᠪ ᠠᠽᠢᠶ᠎ᠠ ᠳᠤ ᠢᠷᠡᠵᠡᠢ᠃ᠡᠨᠡ ᠬᠦᠮᠦᠰ ᠪᠣᠯ ᠮᠣᠩᠭᠣᠯᠵᠢᠭᠤ ᠲᠥᠷᠬᠦᠲᠡᠨ ᠦ ᠤᠮᠠᠷᠠᠳᠤ ᠰᠠᠯᠪᠤᠷᠢ ᠶᠢᠨ ᠬᠢᠨ ᠪᠤᠶᠤ ᠡᠬᠡ ᠭᠠᠵᠠᠷ ᠤᠨ ᠮᠣᠩᠭᠣᠯᠣᠶᠢᠳ᠋ ᠲᠥᠷᠬᠥᠲᠡᠨ ᠶᠤᠮ᠃ᠡᠬᠡ ᠭᠠᠵᠠᠷ ᠤᠨ ᠠᠽᠢᠶ᠎ᠠ ᠲᠥᠷᠬᠥᠲᠡᠨ ᠳᠣᠲᠣᠷ᠎ᠠ ᠪᠠᠨ 2 ᠬᠡᠰᠡᠭ ᠲᠦ ᠬᠤᠪᠢᠶᠠᠭᠳᠠᠳᠠᠭ ᠪᠠ ᠲᠥᠪ ᠠᠽᠢᠴᠤᠳ ᠢ ᠮᠣᠩᠭᠣᠯᠵᠢᠭᠤ ᠲᠥᠷᠬᠦᠲᠡᠨ ᠦ ᠤᠮᠠᠷᠠᠳᠤ ᠰᠠᠯᠪᠤᠷᠢ ᠶᠢᠨ ᠡᠮᠦᠨᠡᠲᠦ ᠰᠢᠪᠸᠷᠢᠶ ᠠ ᠶᠢᠨ ᠳᠡᠳ᠋ ᠪᠦᠯᠦᠭ ᠲᠦ (ᠲᠥᠪ ᠠᠽᠢᠶ᠎ᠠ ᠶᠢᠨ ᠳᠡᠳ᠋ ᠪᠦᠯᠦᠭ), ᠤᠮᠠᠷᠠᠳᠤ ᠠᠽᠢᠴᠤᠳ ᠢ ᠤᠮᠠᠷᠠᠳᠤ ᠰᠢᠪᠸᠷᠢᠶ ᠠ ᠶᠢᠨ ᠳᠡᠳ᠋ ᠪᠦᠯᠦᠭ ᠲᠦ (ᠫᠠᠯᠧᠣᠰᠢᠪᠢᠷᠢ ᠲᠥᠷᠬᠦᠲᠡᠨ ᠦ ᠳᠡᠳ᠋ ᠪᠦᠯᠦᠭ)[11] ᠣᠷᠣᠭᠤᠯᠤᠨ ᠠᠩᠭᠢᠯᠠᠳᠠᠭ᠃

ᠮᠣᠩᠭᠣᠯ ᠭᠸᠨ ᠦ ᠲᠠᠷᠬᠠᠯᠲᠠ
ᠠᠯᠲᠠᠢ ᠶᠢᠨ ᠭᠧᠨ
ᠲᠥᠪ᠂ᠵᠡᠭᠦᠨ ᠠᠽᠢᠶ᠎ᠠ ᠶᠢᠨ ᠭᠧᠨ
ᠠᠽᠢᠶ᠎ᠠ ᠶᠢᠨ ᠭᠧᠨ
ᠲᠦᠷᠦᠭ᠂ ᠮᠣᠩᠭᠣᠯᠴᠤᠳ ᠤᠨ ᠭᠧᠨ
Y ᠳᠧᠽᠣᠺᠰᠢᠷᠢᠪᠨᠢᠺᠯᠧᠢᠨ ᠦ ᠬᠦᠴᠢᠯ
ᠮᠢᠲᠠᠬᠠᠨᠳ᠋ᠷ ᠦᠨ ᠳᠧᠽᠣᠺᠰᠢᠷᠢᠪᠨᠢᠺᠯᠧᠢᠨ ᠦ ᠬᠦᠴᠢᠯ
ᠣᠯᠠᠨ ᠤᠭᠰᠠᠭᠠᠲᠠᠨ ᠤ ᠭᠧᠨ ᠢ ᠬᠠᠷᠢᠴᠠᠭᠤᠯᠤᠭᠰᠠᠨ ᠨᠢ
Y ᠳᠧᠽᠣᠺᠰᠢᠷᠢᠪᠨᠢᠺᠯᠧᠢᠨ ᠦ ᠬᠦᠴᠢᠯ ᠦᠨ ᠲᠠᠷᠬᠠᠯᠲᠠ
Y ᠳᠧᠽᠣᠺᠰᠢᠷᠢᠪᠨᠢᠺᠯᠧᠢᠨ ᠦ ᠬᠦᠴᠢᠯ ᠦᠨ ᠲᠠᠷᠬᠠᠯᠲᠠ-2

ᠲᠤᠸᠠ ᠪᠣᠯ ᠠᠩᠴᠢᠨ᠂ ᠮᠠᠯᠴᠢᠨ ᠶᠠᠩᠵᠤ ᠪᠦᠷᠢ ᠶᠢᠨ ᠠᠬᠤᠢ ᠲᠠᠢ ᠮᠣᠩᠭᠣᠯ᠂ ᠰᠠᠮᠤᠧᠳᠢ᠂ ᠢᠷᠡᠨ᠂ ᠲᠦᠷᠦᠭ ᠦᠳ ᠡᠴᠡ ᠪᠦᠷᠢᠳᠦᠭᠰᠡᠨ ᠬᠣᠯᠢᠮᠠᠭ ᠭᠧᠨ ᠲᠡᠢ ᠤᠭᠰᠠᠭᠠᠲᠠᠨ ᠶᠤᠮ᠃ᠲᠤᠸᠠᠴᠢ ᠨᠤᠭᠤᠳ ᠤᠨ70 ᠭᠠᠷᠤᠢ ᠬᠤᠪᠢ ᠨᠢ ᠮᠣᠩᠭᠣᠯ ᠭᠠᠷᠤᠯᠲᠠᠢ ᠭᠡᠳᠡᠭ᠃ᠳᠠᠷᠬᠠᠳ ᠤᠨ ᠪᠦᠷᠢᠯᠳᠦᠬᠦᠨ ᠳᠦ ᠮᠥᠨ ᠠᠳᠠᠯᠢ ᠮᠠᠯ ᠠᠵᠤ ᠠᠬᠤᠢ ᠡᠷᠬᠢᠯᠡᠳᠡᠭ ᠮᠣᠩᠭᠣᠯ᠂ ᠲᠦᠷᠦᠭ ᠪᠣᠯᠤᠨ ᠠᠩᠴᠢᠨ ᠰᠠᠮᠤᠧᠳᠢ ᠤᠭᠰᠠᠭᠠᠲᠠᠨ ᠣᠷᠣᠵᠠᠢ᠃

ᠮᠣᠩᠭᠣᠯᠴᠤᠳ ᠤᠨ ᠠᠨᠲᠷᠣᠫᠣᠯᠣᠭᠢ ᠬᠡᠪ ᠰᠢᠨᠵᠢ᠂ ᠭᠸᠨ ᠦ ᠰᠠᠨ ᠳᠣᠷᠣᠨᠠᠲᠤ ᠮᠣᠩᠭᠣᠯ ᠤᠨ ᠳᠥᠷᠪᠡᠯᠵᠢᠨ ᠪᠤᠯᠠᠰᠢᠨ ᠤ ᠮᠣᠩᠭᠣᠯᠵᠢᠭᠤ ᠬᠦᠮᠦᠰ᠂ ᠪᠠᠷᠠᠭᠤᠨ ᠮᠣᠩᠭᠣᠯ ᠤᠨ ᠧᠦᠷᠣᠫᠠᠵᠢᠭᠤ᠂ ᠮᠣᠩᠭᠣᠯᠵᠢᠭᠤ ᠲᠥᠷᠬᠦᠲᠡᠨ ᠦ ᠬᠣᠯᠢᠮᠠᠭ ᠰᠢᠨᠵᠢ ᠲᠡᠢ ᠬᠢᠷᠭᠢᠰᠬᠡᠭᠦᠷ ᠦᠨ ᠪᠤᠶᠤ ᠴᠢᠯᠠᠭᠤᠨ ᠣᠪᠣᠭ᠎ᠠ ᠳᠤ ᠰᠤᠶᠤᠯ ᠤᠨ ᠬᠦᠮᠦᠨ ᠠᠮᠠ᠂ ᠰᠢᠨᠪᠢ᠂ ᠾᠬᠦᠩᠨᠦᠴᠦᠳ ᠡᠴᠡ ᠪᠥᠷᠢᠯᠳᠦᠨ ᠪᠤᠢ ᠪᠣᠯᠵᠠᠢ᠃ ᠤᠭᠰᠠᠭᠠᠲᠠᠨ ᠡᠭᠦᠰᠦᠨ ᠪᠦᠷᠢᠯᠳᠦᠬᠦ ᠦᠢᠯᠡ ᠶᠠᠪᠤᠴᠠ ᠶᠢ ᠡᠲᠨᠠᠭᠧᠨᠧᠽ ᠭᠡᠵᠦ ᠨᠡᠷᠡᠯᠡᠳᠡᠭ᠃ ᠾᠬᠦᠩᠨᠦᠴᠦᠳ ᠦᠨ ᠬᠤᠪᠢ ᠳᠤ ᠵᠠᠷᠢᠮ ᠬᠡᠰᠡᠭ ᠨᠢ ᠪᠠᠭ᠎ᠠ ᠵᠡᠷᠭᠡ ᠧᠦᠷᠣᠫᠠᠵᠢᠭᠤ ᠲᠥᠷᠬᠥᠲᠡᠢ ᠪᠡᠷ ᠢᠶᠡᠨ ᠢᠯᠭᠠᠷᠠᠬᠤ ᠪᠣᠯᠪᠠᠴᠤ ᠭᠣᠴᠣ ᠢᠯᠭᠠᠷᠠᠬᠤ ᠰᠢᠨᠵᠢ ᠪᠠᠶᠢᠬᠤ ᠦᠭᠡᠢ᠂ ᠦᠨᠳᠦᠰᠦᠨ ᠳᠦ ᠪᠡᠨ ᠨᠢᠭᠡ ᠭᠠᠷᠤᠯ ᠲᠠᠢ ᠮᠣᠩᠭᠣᠯᠵᠢᠭᠤ ᠬᠦᠮᠦᠰ ᠪᠠᠶᠢᠴᠠᠢ᠃[12]

ᠮᠣᠩᠭᠣᠯ ᠤᠭᠰᠠᠭᠠᠲᠠᠨ ᠨᠤᠭᠤᠳ ᠠᠴᠠ ᠪᠤᠷᠢᠶᠠᠳ ᠤᠳ ᠡᠮᠦᠨᠡᠲᠦ ᠰᠢᠪᠸᠷᠢᠶ ᠠ ᠬᠠᠪᠢ ᠳᠤ ᠪᠠᠶᠢᠭᠰᠠᠨ N ᠭᠠᠫᠯᠣ ᠪᠦᠯᠦᠭ ᠲᠡᠢ ᠦᠨᠳᠦᠰᠦᠲᠡᠨ ᠨᠦᠭᠦᠳ ᠲᠡᠢ ᠨᠡᠯᠢᠶᠡᠨ ᠬᠣᠯᠢᠯᠳᠤᠭᠰᠠᠨ ᠪᠠᠶᠢᠳᠠᠭ ᠪᠥᠭᠡᠳ ᠪᠠᠷᠠᠭᠤᠨ ᠮᠣᠩᠭᠣᠯᠴᠤᠳ ᠬᠠᠯᠬ᠎ᠠ ᠨᠤᠭᠤᠳ ᠠᠴᠠ ᠨᠢᠷᠤᠭᠤ ᠪᠠᠷ ᠶᠠᠯᠢᠮ ᠦᠭᠡᠢ ᠥᠨᠳᠥᠷ᠂ ᠳᠥᠷᠪᠡᠳ ᠦᠳ ᠥᠨᠳᠥᠷ᠂ ᠰᠢᠯᠤᠭᠤᠨ ᠬᠠᠮᠠᠷ ᠲᠠᠢ᠂ ᠭᠠᠪᠠᠯᠠ ᠶᠢᠨ ᠬᠡᠯᠪᠡᠷᠢ ᠨᠢ ᠢᠯᠭᠠᠭᠳᠠᠬᠤ ᠣᠨᠴᠠᠯᠢᠭ ᠰᠢᠨᠵᠢ ᠲᠡᠢ ᠭᠡᠬᠦ ᠮᠡᠲᠦ ᠵᠠᠷᠢᠮ ᠥᠪᠡᠷᠮᠢᠴᠡ ᠰᠢᠨᠵᠢ ᠲᠥᠷᠬᠥ ᠮᠣᠩᠭᠣᠯᠴᠤᠳ ᠤᠨ ᠤᠭᠰᠠᠭᠠᠲᠠᠨ ᠤ ᠪᠦᠯᠦᠭ᠂ ᠭᠠᠵᠠᠷ ᠣᠷᠣᠨ ᠤ ᠢᠯᠭᠠᠨ ᠠᠴᠠ ᠬᠠᠮᠢᠶᠠᠷᠤᠨ ᠠᠵᠢᠭᠡᠯᠡᠭᠳᠠᠳᠠᠭ᠃ᠪᠤᠷᠢᠶᠠᠳ ᠬᠦᠮᠦᠨ ᠦ ᠭᠠᠪᠠᠯᠠ ᠶᠢᠨ ᠬᠡᠯᠪᠡᠷᠢ ᠮᠥᠨ ᠬᠠᠯᠬ᠎ᠠ ᠬᠦᠮᠦᠨ ᠡᠴᠡ ᠪᠠᠭ᠎ᠠ ᠵᠡᠷᠭᠡ ᠢᠯᠭᠠᠭ᠎ᠠ ᠲᠠᠢ᠂ ᠵᠠᠷᠢᠮ ᠲᠣᠬᠢᠶᠠᠯᠳᠤᠯ ᠳᠤ ᠴᠢᠷᠠᠢ ᠲᠥᠷᠬᠥ ᠪᠡᠷ ᠢᠶᠡᠨ ᠪᠤᠰᠤᠳ ᠮᠣᠩᠭᠣᠯᠴᠤᠳ ᠠᠴᠠ ᠢᠯᠭᠠᠷᠠᠬᠤ ᠦᠭᠡᠢ᠂ ᠵᠠᠷᠢᠮ ᠲᠣᠬᠢᠶᠠᠯᠳᠤᠯ ᠳᠤ ᠪᠤᠷᠢᠶᠠᠳ ᠬᠦᠮᠦᠨ ᠭᠡᠳᠡᠭ ᠨᠢ ᠲᠣᠳᠣᠷᠬᠠᠢ ᠠᠩᠵᠠᠭᠠᠷᠠᠭᠳᠠᠳᠠᠭ᠃ᠮᠣᠩᠭᠣᠯ ᠬᠦᠮᠦᠨ ᠳᠤᠮᠳᠠ ᠵᠡᠷᠭᠡ ᠶᠢᠨ ᠨᠢᠷᠤᠭᠤ ᠲᠠᠢ᠂ ᠥᠷᠭᠡᠨ ᠰᠢᠨᠠ ᠲᠠᠢ᠂ ᠲᠣᠪᠣᠭᠣᠷ ᠬᠠᠴᠠᠷ ᠲᠠᠢ᠂ ᠵᠢᠷᠲᠠᠭᠠᠷ ᠨᠢᠳᠦ ᠲᠡᠢ᠂ ᠭᠠᠪᠠᠯᠠ ᠶᠢᠨ ᠬᠡᠯᠪᠡᠷᠢ ᠨᠢ ᠵᠡᠭᠦᠨ ᠡᠮᠦᠨᠡᠲᠦ ᠠᠽᠢᠶ᠎ᠠ᠂ ᠵᠡᠭᠦᠨ ᠠᠽᠢ ᠶᠢᠨ ᠬᠢᠨ ᠲᠠᠢ ᠬᠠᠷᠢᠴᠠᠭᠤᠯᠬᠤ ᠳᠤ ᠠᠷᠠᠢ ᠵᠤᠤᠪᠠᠩ (ᠧᠦᠷᠣᠫᠠᠵᠢᠭᠤ), ᠬᠠᠷ᠎ᠠ᠂ ᠪᠣᠷᠣ ᠥᠩᠭᠡ ᠶᠢᠨ ᠨᠢᠳᠦ ᠲᠡᠢ᠂ ᠰᠢᠯᠤᠭᠤᠨ ᠬᠠᠷ᠎ᠠ᠂ ᠬᠦᠷᠢᠨ ᠦᠰᠦ ᠲᠡᠢ᠂ ᠴᠠᠶᠢᠪᠤᠷ ᠴᠠᠭᠠᠨ᠂ ᠰᠢᠷ᠎ᠠ᠂ ᠬᠥᠷᠥᠰᠥᠯᠢᠭ ᠪᠣᠷᠣ ᠥᠩᠭᠡ ᠶᠢᠨ ᠠᠷᠠᠰᠤ ᠲᠠᠢ᠂ ᠲᠡᠭᠰᠢ ᠰᠢᠳᠦ ᠲᠡᠢ ᠪᠠᠶᠢᠳᠠᠭ᠃ ᠢᠨᠳᠢᠶᠠᠨᠴᠤᠤᠳ ᠤᠨ ᠰᠢᠳᠦᠨ ᠦ ᠬᠡᠯᠪᠡᠷᠢ ᠮᠣᠩᠭᠣᠯᠴᠤᠳ ᠤᠨ ᠬᠢ ᠲᠠᠢ ᠬᠠᠮᠤᠭ ᠤᠨ ᠲᠥᠰᠲᠡᠢ᠃ ᠵᠠᠬᠠᠴᠢᠨᠤᠭ ᠤᠳ ᠠᠴᠠ 8, ᠬᠠᠯᠬ᠎ᠠ ᠨᠤᠭᠤᠳ ᠠᠴᠠ 6 ᠲᠥᠷᠥᠯ ᠦᠨ ᠭᠧᠨ ᠢᠯᠡᠷᠡᠳᠡᠭ᠃ᠮᠣᠩᠭᠣᠯᠴᠤᠳ ᠲᠤ ᠨᠡᠶᠢᠲᠡ ᠳᠦ ᠪᠡᠨ 10 ᠍ ᠊ᠭᠠᠳ ᠭᠧᠨ ᠪᠠᠶᠢᠳᠠᠭ᠃ᠮᠣᠩᠭᠣᠯᠴᠤᠳ ᠡᠷᠲᠡ ᠦᠶ᠎ᠡ ᠳᠦ ᠧᠦ᠋ᠷᠣᠫᠠ ᠠᠴᠠ ᠢᠷᠡᠭᠰᠡᠨ ᠲᠣᠬᠠᠷᠶᠡᠵᠢᠢᠷᠡᠨ ᠤᠭᠰᠠᠭᠠᠨ ᠤ ᠰᠺᠢᠹᠲᠡᠢ ᠪᠠᠭ᠎ᠠ ᠵᠡᠷᠭᠡ ᠬᠣᠯᠢᠯᠳᠤᠭᠰᠠᠨ ᠪᠠᠶᠢᠳᠠᠭ᠃ᠠᠷᠤᠬᠠᠩᠭᠠᠢ ᠠᠶᠢᠮᠠᠭ ᠤᠨ ᠡᠷᠳᠡᠨᠢᠮᠠᠨᠳᠠᠯ᠂ ᠥᠭᠦᠢ ᠨᠠᠭᠤᠷ ᠵᠡᠷᠭᠡ ᠰᠤᠮᠤᠳ ᠠᠴᠠ ᠾᠦᠩᠨᠦ ᠶᠢᠨ ᠦᠶ᠎ᠡ ᠳᠦ ᠠᠮᠢᠳᠤᠷᠠᠵᠤ ᠪᠠᠶᠢᠭᠰᠠᠨ ᠮᠣᠩᠭᠣᠯᠵᠢᠭᠤ ᠪᠣᠯᠤᠨ ᠧᠦᠷᠣᠫᠠᠵᠢᠭᠤ ᠲᠥᠷᠬᠦᠲᠡᠨ ᠦ ᠬᠣᠯᠢᠮᠠᠭ ᠲᠥᠷᠬᠥ ᠲᠡᠢ ᠪᠣᠯᠤᠨ ᠧᠦ᠋ᠷᠣᠫᠠ ᠲᠥᠷᠬᠥ ᠲᠡᠢ ᠬᠦᠮᠦᠰ ᠦᠨ ᠪᠤᠯᠠᠰᠢ ᠣᠯᠳᠠᠵᠠᠢ᠃[13]ᠾᠦᠩᠨᠦ ᠶᠢᠨ ᠬᠠᠷᠢᠶᠠᠨ ᠳᠤ ᠤᠰᠤᠨᠢ , ᠯᠭᠳᠠᠨᠢ᠂ ᠬᠤᠴᠽᠧ (ᠴᠽᠧᠬᠤ), ᠶᠡᠵᠢ ᠵᠡᠷᠭᠡ ᠧᠦᠢᠷᠣᠫᠠ ᠠᠶᠢᠮᠠᠭ ᠤᠳ ᠣᠯᠠᠨ ᠢᠶᠠᠷ ᠢᠶᠠᠨ ᠪᠠᠶᠢᠰᠤᠨ ᠠᠴᠠ ᠵᠠᠷᠢᠮ ᠨᠢ ᠾᠦᠩᠨᠦ ᠳᠦ ᠠᠯᠪᠠ ᠬᠠᠭᠠᠬᠤ ᠪᠠᠷ ᠾᠦᠩᠨᠦ ᠶᠢᠨ ᠨᠤᠲᠤᠭ ᠤᠨ ᠭᠦᠨ ᠷᠦᠦ ᠢᠷᠡᠭᠰᠡᠨ ᠨᠢ ᠡᠳᠡᠭᠡᠷ ᠬᠦᠮᠦᠰ ᠶᠤᠮ᠃ᠽ᠃ᠪᠠᠲᠤᠰᠠᠶᠢᠬᠠᠨ ᠤ ᠦᠵᠡᠵᠦ ᠪᠤᠢ ᠪᠠᠷ ᠥᠭᠦᠢ ᠨᠠᠭᠤᠷ ᠰᠤᠮᠤ ᠠᠴᠠ ᠣᠯᠳᠠᠭᠰᠠᠨ ᠳᠡᠭᠡᠷᠡᠬᠢ ᠪᠤᠯᠠᠰᠢ ᠨᠢ ᠤᠰᠤᠨᠢᠴᠤᠳ ᠤᠨ ᠬᠢ ᠪᠠᠶᠢᠴᠠᠢ᠃ᠬᠠᠭᠠᠰ ᠨᠡᠭᠦᠳᠡᠯᠴᠢᠨ ᠤᠰᠤᠨᠢᠴᠤᠳ ᠧᠦ᠋ᠷᠣᠫᠠ ᠦᠨᠳᠦᠰᠦᠲᠡᠨ ᠪᠠᠶᠢᠭᠰᠠᠨ ᠪᠣᠯᠪᠠᠴᠤ ᠲᠩᠷᠢ ᠠᠭᠤᠯᠠ ᠍ ᠤᠨ ᠤᠰᠤᠨᠢᠴᠤᠳ ᠨᠢ ᠳᠣᠯᠣᠭᠠᠨ ᠤᠰᠤᠨ ᠤ ᠤᠰᠤᠨᠢᠴᠤᠳ ᠠᠴᠠ ᠪᠠᠨ ᠠᠷᠠᠢ ᠢᠯᠡᠭᠦᠦ ᠮᠣᠩᠭᠣᠯᠵᠢᠭᠤ ᠲᠥᠷᠬᠦᠲᠡᠨ ᠦ ᠬᠣᠯᠢᠴᠠ ᠲᠠᠢ ᠪᠠᠶᠢᠴᠠᠢ᠃ᠠᠯᠢ ᠴᠤ ᠠᠷᠠᠰᠤᠲᠠᠨ ᠳᠤ ᠪᠤᠰᠤᠳ ᠠᠷᠰᠢᠲᠠᠨ ᠤ ᠭᠧᠨ 10 ᠣᠷᠴᠢᠮ ᠬᠤᠪᠢ ᠪᠠᠶᠢᠳᠠᠭ ᠪᠥᠭᠡᠳ ᠡᠭᠦᠨ ᠢ ᠬᠦᠮᠦᠨ ᠲᠥᠷᠥᠯᠬᠢᠲᠡᠨ ᠤᠤᠯ ᠠᠴᠠ ᠪᠠᠨ ᠨᠢᠭᠡ ᠭᠠᠷᠤᠯ ᠲᠠᠢ ᠪᠠᠶᠢᠳᠠᠭ ᠲᠠᠢ ᠬᠣᠯᠪᠣᠨ ᠲᠠᠶᠢᠯᠪᠤᠷᠢᠯᠠᠳᠠᠭ ᠪᠠᠶᠢᠨ᠎ᠠ᠃ᠭᠧᠨᠧᠲ᠋ᠢᠭ ᠰᠤᠳᠤᠯᠤᠭᠠᠴᠢ ᠵ᠃ᠪᠠᠲᠤᠰᠠᠭᠤᠷ ᠤᠨ ᠦᠵᠡᠵᠦ ᠪᠤᠢ ᠪᠠᠷ ᠮᠣᠩᠭᠣᠯ ᠦᠨᠳᠦᠰᠦᠲᠡᠨ ᠦ ᠭᠧᠨ ᠬᠠᠩᠭᠠᠢ᠂ᠬᠡᠨᠲᠡᠢ ᠶᠢᠨ ᠨᠢᠷᠤᠭᠤᠨ ᠤ ᠬᠣᠭᠣᠷᠣᠨᠳᠣ ᠣᠷᠬᠣᠨ᠂ ᠰᠡᠯᠡᠩᠭᠡ᠂ ᠲᠤᠭᠤᠯ ᠭᠡᠰᠡᠨ ᠭᠤᠷᠪᠠᠨ ᠭᠣᠣᠯ ᠤᠨ ᠰᠠᠪᠠ ᠳᠤ ᠪᠦᠷᠢᠯᠳᠦᠵᠡᠢ᠃ ᠠᠯᠢᠪᠠ ᠦᠨᠳᠦᠰᠦᠲᠡᠨ ᠳᠦ ᠪᠠᠶᠢᠭ᠎ᠠ ᠬᠡᠳᠦ ᠬᠡᠳᠦᠨ ᠭᠸᠨ ᠦ ᠪᠦᠷᠢᠳᠦᠯ ᠢ ᠭᠸᠨ ᠦ ᠰᠠᠨ ᠭᠡᠳᠡᠭ᠃ᠦᠨᠳᠦᠰᠦᠲᠡᠨ ᠪᠦᠷᠢ ᠳᠦ ᠣᠯᠠᠨ ᠲᠥᠷᠥᠯ ᠦᠨ ᠭᠧᠨ ᠪᠠᠶᠢᠳᠠᠭ ᠴᠤ ᠦᠨᠳᠦᠰᠦᠨ ᠴᠥᠭᠡᠨ ᠬᠡᠳᠦᠨ ᠭᠧᠨ ᠢᠶᠡᠷ ᠢᠶᠡᠨ ᠯᠠ ᠪᠤᠰᠤᠳ ᠠᠴᠠ ᠢᠯᠭᠠᠷᠠᠳᠠᠭ᠃

ᠥᠪᠡᠷ ᠥᠪᠡᠷ ᠬᠦᠮᠦᠰ ᠢ ᠨᠢᠭᠡ ᠤᠭᠰᠠᠭᠠᠲᠠᠨ ᠬᠡᠮᠡᠨ ᠳᠦᠲᠦᠨᠡᠬᠦ ᠬᠡᠮᠵᠢᠭᠦᠷ ᠪᠣᠯ ᠤᠭᠰᠠᠭᠠᠲᠠᠨ ᠤ ᠨᠡᠶᠢᠲᠡᠯᠢᠭ ᠰᠢᠨᠵᠢ ᠶᠤᠮ᠃ ᠲᠡᠦᠬᠡ ᠶᠢᠨ ᠨᠢᠭᠡ ᠢᠵᠢᠯ ᠴᠠᠭ ᠬᠤᠭᠤᠴᠠᠭᠠᠨ ᠳᠤ᠂ ᠨᠢᠭᠡ ᠨᠤᠲᠤᠭ ᠲᠤ ᠨᠢᠭᠡᠳᠦᠷᠡᠨ ᠨᠢᠭᠲᠠᠷᠠᠴᠢ ᠪᠦᠷᠢᠯᠳᠦᠭᠰᠡᠨ᠂ ᠨᠢᠭᠡ ᠡᠪᠦᠭᠡ ᠳᠡᠭᠡᠳᠦᠰ ᠡᠴᠡ ᠭᠠᠷᠤᠯᠲᠠᠢ᠂ ᠢᠵᠢᠯ ᠬᠡᠯᠡ ᠰᠤᠶᠤᠯ ᠲᠠᠢ ᠠᠷᠠᠳ ᠲᠦᠮᠡᠨ ᠢ ᠤᠭᠰᠠᠭᠠᠲᠠᠨ (ethnicity, ethnos) ᠭᠡᠳᠡᠭ᠃ ᠤᠭᠰᠠᠭᠠᠲᠠᠨ᠂ ᠦᠨᠳᠦᠰᠦᠲᠡᠨ (nation) ᠭᠡᠰᠡᠨ 2 ᠦᠭᠡ ᠵᠠᠷᠢᠮ ᠳᠤ ᠪᠠᠨ ᠢᠵᠢᠯ ᠤᠳᠬ᠎ᠠ ᠪᠠᠷ᠂ ᠵᠠᠷᠢᠮ ᠳᠤ ᠪᠠᠨ ᠣᠨᠳᠣᠣ ᠤᠳᠬ᠎ᠠ ᠪᠠᠷ ᠬᠡᠷᠡᠭᠯᠡᠭᠳᠡᠬᠦ ᠪᠠ ᠤᠭᠰᠠᠭᠠᠲᠠᠨ ᠨᠢ ᠦᠨᠳᠦᠰᠦᠲᠡᠨ ᠭᠡᠭᠰᠡᠨ ᠦᠭᠡ ᠡᠴᠡ ᠪᠡᠨ ᠢᠯᠡᠭᠦᠦ ᠶᠡᠷᠦᠩᠬᠡᠢ᠂ ᠥᠷᠭᠡᠨ ᠬᠦᠷᠢᠶ᠎ᠡ ᠲᠡᠢ ᠤᠳᠬ᠎ᠠ ᠰᠠᠨᠠᠭ᠎ᠠ ᠶᠢ ᠢᠯᠡᠷᠬᠡᠶᠢᠯᠡᠨ᠎ᠡ᠃ ᠦᠨᠳᠦᠰᠦᠲᠡᠨ ᠢ ᠨᠢᠭᠡᠳᠬᠡᠬᠦ ᠬᠠᠮᠤᠭ ᠤᠨ ᠭᠣᠣᠯ ᠰᠢᠨᠵᠢ ᠨᠦᠭᠦᠳ ᠪᠣᠯ ᠭᠧᠨ᠂ ᠬᠡᠯᠡ᠂ ᠦᠨᠳᠦᠰᠦᠨ ᠦ ᠤᠬᠠᠮᠰᠠᠷ ᠭᠤᠷᠪᠠ ᠶᠤᠮ᠃ᠠᠯᠢᠪᠠ ᠬᠦᠮᠦᠨ ᠠᠯᠢ ᠨᠢᠭᠡ ᠤᠭᠰᠠᠭᠠᠲᠠᠨ ᠤ ᠪᠦᠯᠦᠭ ᠦᠨ ᠨᠢᠭᠡᠨ ᠭᠡᠰᠢᠭᠦᠨ ᠬᠡᠮᠡᠨ ᠥᠪᠡᠷ ᠢ ᠪᠡᠨ ᠬᠦᠯᠢᠶᠡᠨ ᠵᠦᠪᠰᠢᠶᠡᠷᠡᠬᠦ᠂ ᠶᠠᠮᠠᠷᠪᠠ ᠨᠢᠭᠡ ᠤᠭᠰᠠᠭᠠᠲᠠᠨ ᠥᠪᠡᠷᠰᠡᠳ ᠢ ᠪᠡᠨ ᠥᠭᠡᠷ᠎ᠡ ᠪᠤᠰᠤᠳ ᠦᠨᠳᠦᠰᠦᠲᠡᠨ ᠡᠴᠡ ᠥᠭᠡᠷ᠎ᠡ ᠭᠠᠷᠤᠯ ᠲᠠᠢ᠂ ᠥᠭᠡᠷ᠎ᠡ ᠤᠭᠰᠠᠭᠠᠲᠠᠨ ᠬᠡᠮᠡᠨ ᠢᠯᠭᠠᠨ ᠵᠠᠭᠠᠭᠯᠠᠬᠤ ᠦᠵᠡᠯ ᠢ ᠦᠨᠳᠦᠰᠦᠨ ᠦ ᠤᠬᠠᠮᠰᠠᠷ (ethnic identity) ᠭᠡᠳᠡᠭ᠃ ᠦᠨᠳᠦᠰᠦᠨ ᠦ ᠤᠬᠠᠮᠰᠠᠷ ᠲᠠᠢ ᠬᠣᠯᠪᠣᠭᠳᠠᠬᠤ ᠥᠭᠡᠷ᠎ᠡ ᠨᠢᠭᠡ ᠦᠵᠡᠯ ᠪᠣᠯ ᠤᠭᠰᠠᠭᠠᠲᠠᠨ ᠲᠥᠪ ᠲᠡᠢ ᠦᠨᠳᠦᠰᠦᠨ ᠦ ᠦᠵᠡᠯ , ᠢᠷᠭᠡᠨ ᠲᠥᠪ ᠲᠡᠢ ᠦᠨᠳᠦᠰᠦᠨ ᠦ ᠦᠵᠡᠯ 2 ᠶᠤᠮ᠃ ᠤᠭᠰᠠᠭᠠᠲᠠᠨ ᠲᠥᠪ ᠲᠦ ᠦᠨᠳᠦᠰᠦᠨ ᠦ ᠦᠵᠡᠯ ᠭᠡᠳᠡᠭ ᠨᠢ ᠵᠥᠪᠬᠡᠨ ᠨᠢᠭᠡ ᠭᠠᠷᠤᠯ ᠲᠠᠢ ᠬᠦᠮᠦᠰ ᠢ ᠯᠠ ᠥᠪᠡᠷ ᠦᠨ ᠦᠨᠳᠦᠰᠦᠲᠡᠨ ᠦ ᠨᠢᠭᠡ ᠬᠡᠰᠡᠭ ᠭᠡᠵᠦ ᠦᠵᠡᠬᠦ᠂ ᠭᠠᠷᠤᠯ ᠡᠭᠦᠰᠦᠯ ᠢᠶᠡᠷ ᠢᠶᠡᠨ ᠨᠢᠭᠡᠳᠦᠮᠡᠯ ᠤᠯᠤᠰ ᠪᠠᠶᠢᠭᠤᠯᠬᠤ ᠦᠵᠡᠯ ᠶᠤᠮ᠃ᠢᠷᠭᠡᠨ ᠲᠥᠪ ᠲᠦ ᠦᠨᠳᠦᠰᠦᠨ ᠦ ᠦᠵᠡᠯ ᠨᠢ ᠭᠠᠷᠤᠯ ᠡᠭᠦᠰᠦᠯ ᠬᠠᠮᠢᠶᠠᠷᠬᠤ ᠦᠭᠡᠢ᠂ ᠥᠪᠡᠷ ᠦᠨ ᠤᠯᠤᠰ ᠤᠨ ᠢᠷᠭᠡᠨ ᠪᠣᠯᠤᠭᠰᠠᠨ ᠠᠯᠢ ᠴᠤ ᠬᠦᠮᠦᠨ ᠢ ᠨᠢᠭᠡ ᠦᠨᠳᠦᠰᠦᠲᠡᠨ ᠭᠡᠵᠦ ᠦᠵᠡᠳᠡᠭ ᠦᠵᠡᠯ ᠶᠤᠮ᠃ ᠴᠥᠭᠡᠬᠡᠨ ᠲᠣᠭ᠎ᠠ ᠲᠠᠢ ᠦᠨᠳᠦᠰᠦᠲᠡᠨ ᠨᠦᠭᠦᠳ ᠡᠬᠢᠨ ᠦ ᠦᠵᠡᠯ ᠪᠠᠷᠢᠮᠲᠠᠯᠠᠯ ᠢ ᠨᠢ ᠪᠠᠷᠢᠳᠠᠭ᠃ ᠲᠥᠪᠡᠳ ᠦᠳ XIX-ᠠᠷᠪᠠᠨ ᠲᠠᠪᠤᠳᠤᠭᠠᠷ ᠵᠠᠭᠤᠨ ᠤ ᠳᠤᠮᠳᠠ ᠦᠶ᠎ᠡ ᠬᠦᠷᠲᠡᠯ᠎ᠡ ᠬᠢᠯᠢ ᠪᠡᠨ ᠪᠦᠷᠢᠮᠦᠰᠦᠨ ᠬᠠᠭᠠᠵᠤ ᠥᠪᠡᠷᠰᠡᠳ ᠢ ᠪᠡᠨ ᠬᠠᠮᠠᠭᠠᠯᠠᠬᠤ ᠶᠢ ᠣᠷᠣᠯᠳᠤᠵᠤ ᠪᠠᠶᠢᠴᠠᠢ᠃ ᠲᠡᠳᠡ ᠮᠣᠩᠭᠣᠯᠴᠤᠳ ᠢ ᠲᠥᠪᠡᠳ ᠲᠦ ᠴᠢᠯᠦᠭᠡᠲᠡᠢ ᠨᠡᠪᠲᠡᠷᠡᠬᠦ ᠶᠢ ᠵᠥᠪᠰᠢᠶᠡᠷᠡᠴᠢ ᠪᠠᠶᠢᠭᠰᠠᠨ ᠴᠤ ᠵᠥᠪᠰᠢᠶᠡᠷᠡᠯ ᠦᠭᠡᠢ ᠨᠡᠪᠲᠡᠷᠡᠭᠰᠡᠨ ᠪᠤᠰᠤᠳ ᠭᠠᠳᠠᠭᠠᠳᠤ ᠬᠦᠮᠦᠨ ᠢ ᠰᠢᠭᠤᠳ ᠴᠠᠭᠠᠵᠠᠯᠠᠵᠤ ᠪᠠᠶᠢᠪᠠ᠃

ᠮᠣᠩᠭᠣᠯ ᠭᠡᠰᠡᠨ ᠨᠡᠷ᠎ᠡ ᠲᠡᠦᠬᠡ ᠶᠢᠨ ᠰᠤᠷᠪᠤᠯᠵᠢ ᠪᠢᠴᠢᠭ ᠲᠦ ᠠᠩᠬ᠎ᠠ 7 ᠳ᠋ᠤᠭᠠᠷ ᠵᠠᠭᠤᠨ ᠳᠤ ᠳᠤᠷᠠᠳᠤᠭᠳᠠᠭᠰᠠᠨ ᠪᠠᠶᠢᠳᠠᠭ ᠪᠥᠭᠡᠳ ᠬᠢᠲᠠᠳ ᠤᠨ ᠰᠤᠷᠪᠤᠯᠵᠢ ᠪᠢᠴᠢᠭ ᠲᠦ ᠮᠣᠩᠭᠣᠯ ᠤᠨ ᠲᠡᠭᠰᠢ ᠥᠨᠳᠥᠷᠯᠢᠭ ᠦᠨ ᠵᠡᠭᠦᠨ ᠵᠠᠬ᠎ᠠ ᠳᠤ ᠤᠷᠤᠰᠢᠬᠤ ᠵᠢᠵᠢᠭ᠍ᠭᠡᠨ ᠣᠪᠤᠭ ᠠᠶᠢᠮᠠᠭ ᠢ "ᠮᠡᠩᠭᠦ" ᠬᠡᠮᠡᠨ ᠨᠡᠷᠡᠯᠡᠭᠰᠡᠨ ᠪᠠᠶᠢᠳᠠᠭ᠃ ᠬᠣᠵᠢᠮ ᠮᠣᠩᠭᠣᠯ ᠤᠨ ᠡᠵᠡᠨᠲᠦ ᠭᠦᠷᠦᠨ ᠦ ᠦᠶ᠎ᠡ ᠳᠦ ᠪᠢᠴᠢᠭᠳᠡᠭᠰᠡᠨ "ᠮᠣᠩᠭᠣᠯ ᠤᠨ ᠨᠢᠭᠤᠴᠠ ᠲᠣᠪᠴᠢᠶ᠎ᠠ", ᠮᠥᠨ ᠮᠢᠩ ᠤᠯᠤᠰ ᠤᠨ ᠦᠶ᠎ᠡ ᠳᠦ ᠵᠣᠬᠢᠶᠠᠭᠳᠠᠭᠰᠠᠨ "ᠶᠤᠸᠠᠨ ᠤᠯᠤᠰ ᠤᠨ ᠰᠤᠳᠤᠷ" ᠵᠡᠷᠭᠡ ᠳᠦ ᠲᠡᠮᠳᠡᠭᠯᠡᠭᠳᠡᠭᠰᠡᠨ ᠳᠣᠮᠣᠭ ᠠᠴᠠ ᠦᠵᠡᠪᠡᠯ ᠵᠡᠭᠦᠨ ᠬᠣᠶᠢᠳᠤ ᠠᠽᠢᠶ᠎ᠠ ᠶᠢᠨ ᠣᠢ ᠲᠠᠶᠢᠭ᠎ᠠ ᠳᠤ ᠨᠤᠲᠤᠭᠯᠠᠬᠤ ᠬᠦᠮᠦᠰ ᠪᠣᠯᠤᠨ ᠤᠮᠠᠷᠠᠳᠤ ᠠᠽᠢᠶ᠎ᠠ ᠶᠢᠨ ᠬᠡᠭᠡᠷ᠎ᠡ ᠲᠠᠯ᠎ᠠ ᠳᠤ ᠠᠮᠢᠳᠤᠷᠠᠬᠤ ᠬᠦᠮᠦᠰ ᠲᠡᠢ ᠬᠣᠯᠢᠯᠳᠤᠨ ᠡᠭᠦᠰᠦᠭᠰᠡᠨ ᠭᠡᠬᠦ ᠬᠠᠮᠤᠭ ᠮᠣᠩᠭᠣᠯ ᠣᠪᠣᠭᠲᠠᠨ ᠨᠢ᠂ ᠬᠢᠳᠠᠨ ᠭᠦᠷᠦᠨ ᠵᠢᠷᠦᠴᠢᠳ ᠦᠨ ᠠᠯᠲᠠᠨ ᠤᠯᠤᠰ ᠲᠤ ᠪᠤᠲᠠ ᠴᠣᠬᠢᠭᠳᠠᠨ ᠮᠣᠩᠭᠣᠯ ᠤᠨ ᠲᠠᠯ᠎ᠠ ᠨᠤᠲᠤᠭ ᠲᠤ ᠨᠣᠶᠠᠷᠬᠠᠭᠴᠢ ᠦᠨᠳᠦᠰᠦᠲᠡᠨ ᠦᠭᠡᠢ ᠪᠣᠯᠤᠭᠠᠳ ᠪᠠᠶᠢᠭᠰᠠᠨ XI ᠵᠠᠭᠤᠨ ᠤ ᠦᠶ᠎ᠡ ᠳᠦ ᠬᠦᠴᠦᠷᠬᠡᠭᠵᠢᠵᠦ ᠡᠬᠢᠯᠡᠭᠰᠡᠨ ᠮᠣᠩᠭᠣᠯ ᠬᠡᠯᠡᠨ ᠦ ᠪᠦᠯᠦᠭ ᠲᠦ ᠬᠠᠮᠢᠶᠠᠷᠬᠤ ᠬᠡᠯᠡ ᠪᠡᠷ ᠶᠠᠷᠢᠯᠴᠠᠬᠤ ᠣᠪᠤᠭ ᠠᠶᠢᠮᠠᠭ ᠤᠳ ᠤᠨ ᠨᠢᠭᠡᠨ ᠪᠠᠶᠢᠭᠰᠠᠨ ᠪᠠᠶᠢᠨ᠎ᠠ᠃

ᠲᠡᠷᠬᠡᠦ ᠬᠠᠮᠤᠭ ᠮᠣᠩᠭᠣᠯᠴᠤᠳ ᠤᠷᠢᠶᠠᠩᠬᠠᠳ ᠲᠠᠢ ᠬᠦᠴᠦ ᠬᠠᠪᠰᠤᠷᠤᠨ ᠵᠠᠯᠠᠶᠢᠷ ᠣᠪᠤᠭ ᠢ ᠨᠢᠭᠡᠳᠬᠡᠨ᠂ ᠤᠯᠠᠮ ᠢᠶᠠᠷ 12 ᠳ᠋ᠤᠭᠠᠷ ᠵᠠᠭᠤᠨ ᠤ ᠳᠤᠮᠳᠠ ᠦᠶᠡᠰ ᠴᠢᠩᠭᠢᠰ ᠬᠠᠭᠠᠨ ᠤ ᠡᠪᠦᠭᠡ ᠪᠣᠯᠬᠤ ᠬᠠᠪᠤᠯ ᠬᠠᠨ ᠬᠠᠮᠤᠭ ᠤᠨ ᠠᠩᠬ᠎ᠠ ᠬᠠᠨ ᠴᠣᠯᠠ ᠬᠦᠷᠢᠲᠦᠨ᠂ ᠬᠦᠴᠦᠷᠬᠡᠭᠵᠢᠬᠦ ᠡᠬᠢᠯᠡᠯ ᠨᠢ ᠲᠠᠯᠪᠢᠭᠳᠠᠵᠠᠢ᠃ ᠭᠡᠪᠡᠴᠦ ᠬᠠᠪᠤᠯ ᠬᠠᠨ ᠢ ᠨᠠᠰᠤ ᠪᠠᠷᠠᠭᠰᠠᠨ ᠤ ᠳᠠᠷᠠᠭ᠎ᠠ ᠬᠠᠨ ᠪᠣᠯᠤᠭᠰᠠᠨ ᠠᠮᠪᠠᠭᠠᠢ ᠬᠠᠨ ᠨᠢ ᠲᠠᠲᠠᠷ ᠤᠳ ᠲᠤ ᠣᠯᠵᠠᠯᠠᠭᠳᠠᠨ ᠠᠯᠲᠠᠨ ᠤᠯᠤᠰ ᠲᠤ ᠬᠦᠷᠭᠡᠨ ᠬᠣᠷᠢᠭᠳᠠᠵᠤ᠂ 3 ᠳᠠᠬᠢ ᠬᠠᠨ ᠬᠤᠲᠤᠯ ᠬᠠᠨ ᠦᠭᠡᠢ ᠪᠣᠯᠤᠭᠰᠠᠨ ᠤ ᠳᠠᠷᠠᠭ᠎ᠠ ᠡᠷᠬᠡ ᠮᠡᠳᠡᠯ ᠦᠨ ᠲᠥᠯᠥᠭᠡ ᠲᠡᠮᠡᠴᠡᠯᠳᠦᠭᠰᠡᠨ ᠢᠵᠠᠭᠤᠷᠲᠠᠨ ᠨᠤᠭᠤᠳ ᠪᠣᠯᠤᠨ ᠪᠤᠰᠤᠳ ᠣᠪᠤᠭ ᠠᠶᠢᠮᠠᠭ ᠠᠴᠠ ᠪᠣᠯᠵᠤ ᠬᠠᠮᠤᠭ ᠮᠣᠩᠭᠣᠯ ᠤᠯᠤᠰ ᠵᠠᠳᠠᠷᠠᠬᠤ ᠠᠶᠤᠯ ᠳᠤ ᠬᠦᠷᠢᠶ᠎ᠡ ᠳᠦ ᠪᠠᠶᠢᠪᠠ᠃ ᠬᠠᠨ ᠪᠣᠯᠬᠤ ᠶᠣᠰᠣᠲᠠᠢ ᠪᠠᠶᠢᠭᠰᠠᠨ ᠪᠣᠯᠪᠠᠴᠤ ᠪᠤᠰᠤᠳ ᠣᠪᠤᠭ ᠤᠨ ᠬᠢᠨ ᠳᠤ ᠬᠦᠯᠢᠶᠡᠨ ᠵᠥᠪᠰᠢᠶᠡᠷᠡᠭᠳᠡᠯ ᠦᠭᠡᠢ᠂ ᠬᠢᠶᠠᠳ ᠣᠪᠤᠭ ᠤᠨ ᠠᠬᠠᠯᠠᠭᠴᠢ ᠠᠴᠠ ᠬᠡᠲᠦᠷᠡᠭᠡ ᠦᠭᠡᠢ ᠶᠡᠰᠦᠭᠡᠢ ᠪᠠᠭᠠᠲᠤᠷ ᠲᠠᠲ᠋ᠠᠷ ᠤᠳ ᠲᠠᠢ ᠲᠡᠮᠡᠴᠡᠯᠳᠦᠨ᠂ ᠣᠪᠤᠭ ᠠᠶᠢᠮᠠᠭ ᠢᠶᠠᠨ ᠨᠢᠭᠡᠳᠬᠡᠬᠦ ᠶᠢ ᠣᠷᠣᠯᠳᠤᠵᠤ ᠪᠠᠶᠢᠭᠰᠠᠨ ᠬᠡᠳᠦᠢ ᠴᠤ ᠴᠢᠩᠭᠢᠰ ᠢ 9 ᠨᠠᠰᠤ ᠲᠠᠢ ᠳᠤ ᠲᠠᠲ᠋ᠠᠷ ᠤᠳ ᠲᠤ ᠬᠣᠣᠷᠯᠠᠭᠳᠠᠨ ᠨᠠᠰᠤ ᠨᠥᠭᠴᠢᠵᠡᠢ᠃

ᠮᠣᠩᠭᠣᠯ ᠦᠨᠳᠦᠰᠦᠲᠡᠨ ᠮᠠᠨᠳᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠳᠤᠷ ᠤᠨ ᠴᠢᠭᠤᠯᠭᠠᠨ (1305) ᠨᠣᠮᠣᠨ ᠳᠠᠬᠢ ᠮᠣᠩᠭᠣᠯ ᠴᠡᠷᠢᠭ ᠦᠳ ᠦᠨ ᠵᠢᠷᠤᠭ

ᠡᠴᠢᠭᠡ ᠶᠢ ᠨᠢ ᠨᠠᠰᠤ ᠪᠠᠷᠠᠭᠰᠠᠨ ᠤ ᠳᠠᠷᠠᠭ᠎ᠠ ᠣᠪᠤᠭ ᠤᠨ ᠬᠢᠨ ᠨᠢ ᠨᠢᠭᠤᠷ ᠪᠤᠷᠤᠭᠤᠯᠠᠨ ᠬᠦᠩ ᠳᠦ ᠬᠡᠴᠡᠭᠦᠦ ᠪᠠᠭ᠎ᠠ ᠨᠠᠰᠤ ᠶᠢ ᠥᠩᠭᠡᠷᠡᠭᠡᠭᠰᠡᠨ ᠴᠢᠩᠭᠢᠰ ᠥᠪᠡᠷ ᠦᠨ ᠬᠢᠴᠢᠶᠡᠯ ᠵᠢᠳᠬᠦᠯ ᠢᠶᠡᠷ ᠲᠠᠲ᠋ᠠᠷ ᠠᠶᠢᠮᠠᠭ ᠪᠣᠯᠤᠨ ᠮᠣᠩᠭᠣᠯ ᠤᠨ ᠲᠠᠶᠢᠴᠢᠭᠤᠳ᠂ ᠵᠢᠳᠠᠷᠠᠨ ᠣᠪᠤᠭ ᠤᠨ ᠬᠢᠨ ᠲᠠᠢ ᠲᠡᠮᠡᠴᠡᠯᠳᠦᠨ ᠢᠯᠠᠵᠤ 1189 ᠤᠨ ᠳᠤ ᠬᠠᠮᠤᠭ ᠮᠣᠩᠭᠣᠯ ᠤᠨ ᠬᠠᠨᠳᠠ ᠡᠷᠭᠦᠮᠵᠢᠯᠡᠭᠳᠡᠭᠰᠡᠨ ᠪᠠᠶᠢᠨ᠎ᠠ᠃ ᠲᠡᠷᠡ ᠪᠡᠷ 1203 ᠠᠶᠢᠮᠠᠭ ᠢ ᠪᠤᠲᠠ ᠴᠣᠬᠢᠨ᠂ ᠣᠨᠤᠭ ᠲᠤᠮᠠᠨᠤᠭ ᠲᠤ ᠠᠶᠢᠮᠠᠭ ᠢ ᠳᠠᠭᠠᠷ᠎ᠠ ᠣᠷᠣᠭᠤᠯᠤᠨ ᠮᠣᠩᠭᠣᠯ ᠤᠨ ᠲᠠᠯ᠎ᠠ ᠨᠤᠲᠤᠭ ᠢᠶᠠᠷ ᠲᠠᠷᠬᠠᠭᠰᠠᠨ ᠪᠠᠶᠢᠭᠰᠠᠨ ᠣᠪᠤᠭ ᠠᠶᠢᠮᠠᠭ ᠤᠳ ᠢ ᠨᠢᠭᠡᠳᠬᠡᠨ᠂ 1206 ᠤᠨ ᠳᠤ ᠶᠡᠬᠡ ᠮᠣᠩᠭᠣᠯ ᠤᠯᠤᠰ ᠪᠤᠶᠤ ᠮᠣᠩᠭᠣᠯ ᠤᠨ ᠡᠵᠡᠨᠲᠦ ᠭᠦᠷᠦᠨ ᠢ ᠦᠨᠳᠦᠰᠦᠯᠡᠵᠦ᠂ ᠬᠠᠭᠠᠨ ᠪᠣᠯᠵᠠᠢ᠃ ᠲᠡᠷᠡᠦᠶᠡᠰ ᠮᠣᠩᠭᠣᠯᠴᠤᠳ ᠤᠯᠠᠮ ᠪᠦᠷ ᠬᠦᠴᠦᠷᠬᠡᠭᠵᠢᠨ᠂ ᠴᠢᠩᠭᠢᠰ ᠪᠣᠯᠤᠨ ᠲᠡᠭᠦᠨ ᠦ ᠦᠷ᠎ᠡ ᠠᠴᠢ ᠨᠠᠷ ᠤᠷᠢᠳᠠ ᠶᠢᠨ ᠬᠠᠮᠤᠭ ᠮᠣᠩᠭᠣᠯ ᠤᠨ ᠣᠪᠤᠭ ᠠᠶᠢᠮᠠᠭ ᠤᠳ ᠢᠶᠠᠷ ᠵᠣᠭᠰᠣᠬᠤ ᠦᠭᠡᠢ ᠵᠡᠷᠭᠡᠯᠡᠯᠳᠦᠭᠡ ᠬᠢ ᠤᠯᠤᠰ ᠭᠦᠷᠦᠨ ᠢᠶᠡᠨ ᠳᠠᠭᠠᠷ᠎ᠠ ᠣᠷᠣᠭᠤᠯᠵᠤ ᠪᠠᠶᠢᠪᠠ᠃

ᠮᠣᠩᠭᠣᠯ ᠤᠨ ᠡᠵᠡᠨᠲᠦ ᠭᠦᠷᠦᠨ ᠤᠯᠠᠮ ᠥᠷᠭᠡᠵᠢᠨ ᠧᠦᠢᠷoᠠᠽᠢᠶ᠎ᠠ ᠍ ᠶᠢᠨ ᠥᠨᠴᠥᠭ ᠪᠤᠯᠤᠨ ᠪᠦᠷᠢ ᠳᠦ ᠮᠣᠩᠭᠣᠯ ᠴᠡᠷᠢᠭ ᠦᠨ ᠮᠣᠷᠢᠨ ᠲᠤᠭᠤᠷᠠᠢ ᠬᠦᠷᠦᠭᠰᠡᠨ ᠬᠡᠳᠦᠢ ᠴᠤ ᠳᠤᠮᠳᠠᠳᠤ ᠠᠽᠢᠶ᠎ᠠ ᠪᠣᠯᠤᠨ ᠢᠷᠡᠨᠺᠢᠫᠴᠠᠺ ᠤᠨ ᠥᠨᠳᠥᠷᠯᠢᠭ ᠵᠡᠷᠭᠡ ᠪᠡᠷ ᠲᠠᠷᠬᠠᠭᠰᠠᠨ ᠮᠣᠩᠭᠣᠯᠴᠤᠳ ᠲᠦᠷᠦᠭ ᠦᠳ ᠦᠨ ᠨᠥᠯᠦᠭᠡᠨ ᠳᠦ ᠣᠷᠣᠵᠤ᠂ ᠢᠰᠯᠠᠮ ᠤᠨ ᠱᠠᠰᠢᠨ ᠳᠤ ᠰᠢᠲᠦᠬᠦ ᠪᠣᠯᠤᠭᠰᠠᠨ ᠢᠶᠠᠷ ᠠᠭᠤᠭᠤᠯ ᠨᠤᠲᠤᠭ ᠳᠠᠬᠢ ᠮᠣᠩᠭᠣᠯᠴᠤᠳ ᠲᠠᠢ ᠪᠠᠨ ᠦᠨᠳᠦᠰᠦᠲᠡᠨ ᠦ ᠬᠤᠪᠢ ᠳᠤ ᠤᠯᠠᠮ ᠪᠦᠷ ᠬᠣᠯᠠᠳᠠᠭᠰᠠᠨ ᠪᠠᠶᠢᠨ᠎ᠠ᠃

ᠡᠵᠡᠨᠲᠦ ᠭᠦᠷᠦᠨ ᠦ ᠦᠶ᠎ᠡ ᠳᠦ ᠮᠣᠩᠭᠣᠯᠴᠤᠳ ᠲᠥᠷᠥᠯ ᠪᠦᠷᠢ ᠶᠢᠨ ᠱᠠᠰᠢᠨ ᠰᠢᠲᠦᠵᠦ᠂ ᠣᠯᠠᠨ ᠣᠷᠣᠨ ᠤ ᠤᠷᠠᠴᠤᠳ᠂ ᠡᠷᠳᠡᠮᠲᠡᠨ ᠮᠡᠷᠭᠡᠳ ᠴᠤᠭᠯᠠᠷᠠᠨ ᠰᠤᠶᠤᠯ᠂ ᠰᠢᠨᠵᠢᠯᠡᠬᠦ ᠤᠬᠠᠭᠠᠨ᠂ ᠱᠠᠰᠢᠨ ᠤ ᠲᠥᠪ ᠪᠣᠯᠤᠨ ᠬᠥᠭᠵᠢᠵᠦ ᠪᠠᠶᠢᠯ᠎ᠠ᠃ ᠪᠤᠳ᠋ᠳ᠋ᠾᠠ ᠶᠢᠨ ᠱᠠᠰᠢᠨ ᠢ ᠨᠡᠶᠢᠲᠡ ᠪᠡᠷ ᠰᠢᠲᠦᠬᠦ ᠪᠣᠯᠤᠭᠰᠠᠨ ᠨᠢ Xᠵᠢᠷᠭᠤᠳᠤᠭᠠᠷ ᠵᠠᠭᠤᠨ ᠤ ᠦᠶ᠎ᠡ ᠳᠦ ᠠᠯᠲᠠᠨ ᠬᠠᠨ ᠲᠥᠪᠡᠳ ᠦᠨ ᠰᠢᠷ᠎ᠠ ᠶᠢᠨ ᠱᠠᠰᠢᠨ ᠢ ᠨᠡᠪᠲᠡᠷᠡᠭᠦᠯᠦᠭᠰᠡᠨ ᠡᠴᠡ ᠡᠭᠦᠳᠦᠯᠲᠡᠢ ᠭᠡᠵᠦ ᠦᠵᠡᠳᠡᠭ᠃

ᠬᠠᠭᠠᠷᠠᠯ᠂ ᠳᠣᠷᠣᠶᠢᠲᠠᠯ᠂ ᠰᠡᠷᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢᠯᠠᠢ ᠬᠠᠭᠠᠨᠢ ᠡᠭᠦᠰᠬᠡᠨ ᠪᠠᠶᠢᠭᠤᠯᠤᠭᠰᠠᠨ ᠶᠤᠸᠠᠨ ᠤᠯᠤᠰ 1368 ᠤᠨ ᠳᠤ ᠬᠢᠲᠠᠳ ᠳᠠᠬᠢ ᠨᠣᠶᠠᠷᠬᠠᠯ ᠢᠶᠠᠨ ᠠᠯᠳᠠᠰᠤᠨ ᠢᠶᠠᠷ ᠶᠡᠬᠡ ᠬᠠᠭᠠᠳ ᠤᠨ ᠦᠶ᠎ᠡ ᠳᠠᠭᠤᠰᠴᠢ᠂ ᠤᠯᠠᠮ ᠢᠶᠠᠷ ᠣᠶᠢᠷᠠᠳ ᠤᠳ ᠬᠦᠴᠦᠷᠬᠡᠭᠵᠢᠨ ᠡᠵᠡᠨᠲᠦ ᠭᠦᠷᠦᠨ ᠳᠦ "ᠳᠥᠷᠪᠡᠨ ᠲᠦᠮᠡᠨ ᠣᠶᠢᠷᠠᠳ", "ᠳᠥᠴᠢᠨ ᠲᠦᠮᠡᠨ ᠮᠣᠩᠭᠣᠯ" ᠬᠡᠮᠡᠬᠦ ᠬᠣᠶᠠᠷ ᠲᠤᠶᠢᠯ ᠳᠤ ᠬᠦᠴᠦ ᠡᠭᠦᠰᠴᠢ᠂ ᠬᠣᠭᠣᠷᠣᠨᠳᠣ ᠪᠠᠨ ᠲᠡᠮᠡᠴᠡᠯᠳᠦᠵᠦ ᠡᠬᠢᠯᠡᠭᠰᠡᠨ ᠪᠠᠶᠢᠨ᠎ᠠ᠃

ᠡᠶᠢᠨᠬᠦᠦ ᠮᠣᠩᠭᠣᠯ ᠭᠦᠷᠦᠨ ᠣᠶᠢᠷᠠᠳ ᠪᠣᠯᠤᠨ ᠮᠢᠩ ᠤᠯᠤᠰᠳᠤᠮᠳᠠᠳᠤ ᠠᠽᠢᠶ᠎ᠠ ᠶᠢᠨ ᠢᠰᠯᠠᠮ ᠤᠨ ᠱᠠᠰᠢᠨᠲᠤ ᠦᠨᠳᠦᠰᠦᠲᠡᠨ ᠪᠣᠯᠬᠤ ᠬᠢᠷᠭᠢᠰ᠂ ᠲᠠᠲᠠᠷ᠂ ᠣᠷᠣᠰ᠂ ᠦᠺᠷᠠᠶᠢᠨ᠂ ᠴᠠᠭᠠᠨᠷᠦ᠋ᠰ᠂ ᠶᠧᠸᠷᠧᠢ᠂ ᠲᠦᠷᠡᠭᠵᠢᠵᠦ ᠢᠰᠯᠠᠮᠵᠢᠭ᠌ᠰᠠᠨ ᠮᠣᠩᠭᠣᠯ ᠦᠨᠳᠦᠰᠦᠲᠡᠨ ᠦ ᠤᠯᠤᠰ ᠪᠣᠯᠬᠤ ᠤᠶᠢᠭᠤᠷ᠂ ᠬᠢᠲᠠᠳ ᠵᠡᠷᠭᠡ ᠤᠯᠤᠰ ᠤᠳ ᠲᠠᠢ ᠲᠡᠮᠡᠴᠡᠯᠳᠦᠨ ᠣᠷᠣᠰᠢᠨ ᠲᠣᠭᠲᠠᠨᠢᠭᠰᠠᠭᠠᠷ ᠪᠠᠶᠢᠭᠰᠠᠨ ᠪᠣᠯᠪᠠᠴᠤ ᠠᠷᠪᠠᠨ ᠳᠣᠯᠤᠳᠤᠭᠠᠷ ᠵᠠᠭᠤᠨ ᠳᠤ ᠡᠭᠡᠯᠵᠢ ᠳᠠᠷᠠᠭᠠᠯᠠᠨ ᠮᠠᠨᠵᠢ ᠨᠤᠭᠤᠳ ᠤᠨ ᠪᠠᠶᠢᠭᠤᠯᠤᠭᠰᠠᠨ ᠴᠢᠨ ᠤᠯᠤᠰ ᠲᠤ ᠳᠠᠭᠠᠷ᠎ᠠ ᠣᠷᠣᠨ᠂ ᠡᠴᠦᠰ ᠲᠦ ᠨᠢ ᠣᠶᠢᠷᠠᠳ ᠤᠳ ᠤᠨ ᠪᠠᠶᠢᠭᠤᠯᠤᠭᠰᠠᠨ ᠤᠯᠤᠰ ᠪᠣᠯᠬᠤ ᠵᠦᠩᠭᠠᠷ ᠨᠢ XVIII ᠵᠠᠭᠤᠨ ᠳᠤ ᠬᠢᠩ ᠦᠨ ᠡᠷᠬᠡᠰᠢᠶᠡᠯ ᠳᠦ ᠣᠷᠣᠭᠰᠠᠨ ᠢᠶᠠᠷ ᠮᠣᠩᠭᠣᠯ ᠤᠯᠤᠰ ᠲᠤᠰᠠᠭᠠᠷ ᠲᠣᠭᠲᠠᠨᠢᠯ ᠢᠶᠠᠨ ᠠᠯᠠᠳᠠᠭᠰᠠᠨ ᠪᠠᠶᠢᠨ᠎ᠠ᠃

ᠠᠷᠪᠠᠨ ᠲᠠᠪᠤᠳᠤᠭᠠᠷ ᠵᠠᠭᠤᠨ ᠤ ᠡᠬᠢ ᠪᠡᠷ ᠴᠢᠩ ᠤᠯᠤᠰ ᠤᠨᠠᠬᠤ ᠳᠤ ᠮᠠᠨᠵᠤ ᠶᠢᠨ ᠨᠣᠶᠠᠷᠬᠠᠯ ᠬᠠᠷᠢᠴᠠᠩᠭᠤᠢ ᠵᠥᠭᠡᠯᠡᠨ ᠪᠠᠶᠢᠭᠰᠠᠨ ᠠᠷᠤ ᠮᠣᠩᠭᠣᠯ ᠳᠠᠬᠢ ᠮᠣᠩᠭᠣᠯᠴᠤᠳ ᠲᠤᠰᠠᠭᠠᠷ ᠲᠣᠭᠲᠠᠨᠢᠯ ᠢᠶᠠᠨ ᠵᠠᠷᠯᠠᠨ ᠮᠣᠩᠭᠣᠯ ᠤᠯᠤᠰ ᠢ ᠲᠤᠩᠬᠠᠭᠯᠠᠭᠰᠠᠨ ᠪᠠᠶᠢᠨ᠎ᠠ᠃

 ᠤᠨ ᠳᠠᠷᠠᠭᠠᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠪᠢ᠂ ᠲᠠᠯ᠎ᠠ ᠶᠢᠨ ᠮᠣᠩᠭᠣᠯ ᠭᠡᠷ

ᠮᠣᠩᠭᠣᠯ ᠰᠤᠶᠤᠯ ᠵᠠᠩ ᠵᠠᠩᠰᠢᠯᠶᠣᠰᠣ ᠰᠤᠷᠲᠠᠬᠤᠨᠱᠠᠰᠢᠨ ᠰᠢᠲᠦᠯᠭᠡᠠᠵᠤ ᠠᠬᠤᠢᠳᠠᠭᠤᠤ ᠬᠥᠭᠵᠢᠮᠦᠯᠢᠭᠡᠷ ᠳᠣᠮᠣᠭᠨᠣᠮ ᠰᠤᠳᠤᠷᠲᠣᠭᠯᠠᠭᠠᠮ ᠨᠠᠭᠠᠳᠤᠮᠤᠷᠠᠯᠢᠭ ᠲᠤ ᠢᠯᠡᠷᠡᠨ᠎ᠡ᠃

ᠮᠣᠩᠭᠣᠯᠴᠤᠳ ᠬᠠᠨ᠎ᠠ ᠪᠠᠷ ᠲᠤᠰᠠᠭᠠᠷᠯᠠᠭᠳᠠᠬᠤ ᠦᠭᠡᠢ ᠨᠢᠭᠡ ᠭᠡᠷ ᠲᠡᠢ᠂ ᠪᠠᠶᠢᠭᠠᠯᠢ ᠳᠤᠮᠳᠠ ᠨᠡᠭᠦᠳᠡᠯᠴᠢᠨ ᠠᠬᠤᠢ ᠲᠠᠢ ᠪᠣᠯᠬᠣᠷ ᠠᠬᠠᠮᠠᠳ ᠢᠶᠠᠨ᠂ ᠭᠠᠵᠠᠷ ᠤᠰᠤ ᠪᠠᠨ ᠬᠠᠶᠢᠷᠠᠯᠠᠬᠤ ᠤᠬᠠᠭᠠᠨ᠂ ᠡᠷᠡᠭᠡ ᠴᠡᠭᠡᠷ᠂ ᠵᠠᠩ ᠵᠠᠩᠰᠢᠯ ᠲᠠᠢ᠃ ᠲᠤᠬᠠᠶᠢᠯᠠᠪᠠᠯ «ᠠᠬᠠᠮᠠᠳ ᠢᠶᠠᠨ ᠠᠯᠳᠠ ᠬᠦᠨᠳᠦᠯᠡ᠂ ᠳᠡᠭᠦᠦ ᠪᠡᠨ ᠳᠡᠯᠢᠮ ᠬᠦᠨᠳᠦᠯᠡ» ᠵᠡᠷᠭᠡ ᠵᠠᠷᠴᠢᠮ᠂ ᠰᠤᠷᠭᠠᠯ᠂ ᠬᠡᠯᠡᠴᠡ ᠦᠭᠡᠰ ᠢ ᠰᠠᠨᠠᠵᠤ ᠶᠠᠪᠤᠬᠤ ᠪᠠ «ᠲᠣᠭᠲᠠᠮᠠᠯ ᠤᠰᠤᠨ ᠳᠤ ᠪᠡᠶ᠎ᠡ᠂ ᠬᠤᠪᠴᠠᠰᠤ ᠪᠠᠨ ᠤᠭᠠᠬᠤ ᠦᠭᠡᠢ» ᠭᠡᠵᠦ ᠴᠡᠭᠡᠷᠯᠡᠬᠦ᠂ «ᠨᠡᠭᠦᠬᠦ ᠳᠦ ᠪᠡᠨ ᠦᠯᠡᠳᠡᠵᠦ ᠪᠤᠢ ᠪᠠᠭᠤᠷᠢ ᠪᠠᠨ ᠰᠠᠶᠢᠨ ᠴᠡᠪᠡᠷᠯᠡᠳᠡᠭ» ᠭᠡᠬᠦ ᠮᠡᠲᠦ ᠣᠯᠠᠨ ᠵᠠᠩ ᠦᠢᠯᠡ ᠪᠠᠶᠢᠳᠠᠭ᠃[14][15][16]

ᠮᠣᠩᠭᠣᠯ ᠳᠠᠭᠤᠤ ᠪᠦᠵᠢᠭ ᠳᠡᠯᠡᠬᠡᠢ ᠳᠦ ᠬᠣᠣᠰ ᠦᠭᠡᠢ᠃ ᠤᠷᠲᠤ ᠶᠢᠨ ᠳᠠᠭᠤᠤ ᠪᠠᠷ ᠰᠡᠳᠬᠢᠯ ᠦᠨ ᠵᠢᠪᠠᠷ ᠢᠶᠠᠨ᠂ ᠮᠣᠷᠢᠨ ᠬᠤᠭᠤᠷ ᠶᠢᠡᠷ ᠭᠡᠷ ᠦᠨ ᠵᠢᠪᠠᠷ ᠦᠷᠭᠦᠭᠡᠨ᠎ᠡ᠃[17] ᠤᠰᠤᠨ ᠤ ᠳᠠᠭᠤᠤ᠂ ᠬᠠᠳᠠᠨ ᠤ ᠴᠤᠤᠷᠢᠶ᠎ᠠ ᠮᠡᠲᠦ ᠬᠥᠬᠡᠮᠡᠯᠵᠢ᠂[18] ᠤᠷᠠᠨ ᠨᠠᠯᠠᠷᠬᠠᠢ ᠪᠡᠶᠡᠯᠡᠳᠡᠭ.[19] ᠨᠢᠯᠬ᠎ᠠ ᠦᠷ᠎ᠡ ᠪᠡᠨ ᠳᠤᠭᠵᠢᠷᠠᠬᠤ «ᠪᠦᠪᠡᠢ ᠶᠢᠨ ᠳᠠᠭᠤᠤ» ᠍ ᠡᠴᠡ ᠡᠬᠢᠯᠡᠭᠡᠳ ᠡᠴᠦᠰ ᠲᠡᠭᠦᠰᠬᠡᠯ ᠦᠭᠡᠢ ᠮᠡᠲᠦ «ᠵᠢᠩᠭᠠᠷ» ᠲᠤᠤᠯᠢ ᠴᠤ ᠪᠤᠢ᠃[20]

ᠳᠡᠯᠡᠬᠡᠢ ᠶᠢᠨ ᠶᠡᠬᠡᠩᠬᠢ ᠦᠨᠳᠦᠰᠦᠲᠡᠨ ᠪᠥᠭᠡ ᠰᠢᠲᠦᠯᠭᠡ ᠪᠡᠨ ᠣᠷᠬᠢᠵᠤ ᠱᠠᠰᠢᠨ ᠰᠢᠲᠦᠬᠦ ᠪᠣᠯᠤᠭᠰᠠᠨ ᠪᠠᠶᠢᠳᠠᠭ ᠪᠥᠭᠡᠳ ᠮᠣᠩᠭᠣᠯᠴᠤᠳ ᠮᠥᠨ ᠠᠳᠠᠯᠢ ᠪᠥᠭᠡ ᠰᠢᠲᠦᠯᠭᠡ ᠡᠴᠡ ᠪᠤᠳ᠋ᠳ᠋ᠾᠠ ᠶᠢᠨ ᠱᠠᠰᠢᠨ ᠳᠤ ᠰᠢᠯᠵᠢᠵᠡᠢ᠃ᠪᠥᠭᠡ ᠮᠥᠷᠭᠥᠯ ᠪᠣᠯ ᠱᠠᠰᠢᠨ ᠪᠢᠰᠢ ᠰᠢᠲᠦᠯᠭᠡ ᠶᠤᠮ᠃

ᠯᠠ᠃ᠭᠤᠮᠢᠯᠧᠸ ᠮᠣᠩᠭᠣᠯᠴᠤᠳ ᠢ "ᠪᠤᠰᠤᠳ ᠦᠨᠳᠦᠰᠦᠲᠡᠨ ᠨᠦᠭᠦᠳ ᠡᠴᠡ ᠢᠯᠡᠭᠦᠦ ᠤᠬᠠᠭᠠᠯᠢᠭ᠂ ᠡᠷᠴᠢ ᠬᠦᠴᠦᠲᠡᠢ ᠬᠦᠮᠦᠰ ᠲᠥᠷᠥᠬᠦ ᠪᠠᠶᠢᠭᠠᠯᠢ ᠴᠠᠭ ᠠᠭᠤᠷ᠂ ᠭᠠᠵᠠᠷ ᠵᠦᠢ ᠶᠢᠨ ᠪᠤᠶᠤ ᠡᠺᠣᠯᠣᠭ ᠤᠨ ᠨᠥᠬᠥᠴᠡᠯ ᠢᠶᠡᠷ ᠬᠦᠷᠢᠶᠡᠯᠡᠭᠳᠡᠭᠰᠡᠨ ᠪᠠᠶᠢᠳᠠᠭ" ᠭᠡᠵᠡᠢ᠃ᠬᠠᠷᠢᠨ ᠠᠮᠧᠷᠢᠺᠠ ᠶᠢᠨ ᠮᠣᠩᠭᠣᠯ ᠰᠤᠳᠤᠯᠤᠭᠠᠴᠢ ᠡᠷᠳᠡᠮᠲᠡᠨ᠎ᠠ᠃ᠺᠠᠮᠫᠢ "ᠮᠣᠩᠭᠣᠯ ᠬᠦᠮᠦᠨ ᠦ ᠳᠠᠷᠤᠤ ᠵᠠᠩ ᠴᠢᠨᠠᠷ ᠢ ᠢᠳᠡᠪᠬᠢ ᠦᠭᠡᠢ ᠭᠡᠵᠦ ᠦᠵᠡᠵᠦ ᠣᠭᠲᠣ ᠪᠣᠯᠬᠤ ᠦᠭᠡᠢ᠃ᠦᠨᠡᠨ ᠳᠦ ᠪᠡᠨ ᠮᠣᠩᠭᠣᠯᠴᠤᠳ ᠰᠡᠳᠬᠢᠯ ᠦᠨ ᠠᠰᠤᠷᠤ ᠶᠡᠬᠡ ᠲᠡᠩᠬᠡᠭᠡ ᠲᠡᠢ ᠡᠷᠭᠢᠴᠡᠭᠦᠯᠵᠦ ᠤᠬᠠᠭᠠᠷᠠᠬᠤ ᠶᠡᠬᠡ ᠴᠢᠳᠠᠪᠤᠷᠢ ᠲᠠᠢ᠂ ᠳᠣᠲᠣᠷ᠎ᠠ ᠪᠠᠨ ᠪᠣᠳᠣᠯ ᠲᠠᠢ ᠤᠯᠤᠰ ᠤᠳ ᠪᠥᠭᠡᠳ ᠠᠽᠢᠶ᠎ᠠ ᠶᠢᠨ ᠪᠤᠰᠤᠳ ᠣᠷᠣᠨ ᠤ ᠠᠷᠠᠳ ᠲᠦᠮᠡᠨ ᠡᠴᠡ ᠡᠷᠡᠰ ᠢᠯᠭᠠᠭ᠎ᠠ ᠲᠠᠢ᠃ᠲᠡᠳᠡ ᠴᠠᠶᠢᠯᠭᠠᠨ ᠰᠡᠳᠬᠢᠯ ᠲᠡᠢ ᠤᠴᠢᠷ ᠠᠴᠠ ᠭᠠᠳᠠᠨ᠎ᠠ ᠶᠢᠨ ᠬᠦᠨᠳᠦ ᠪᠦᠳᠦᠭᠦᠯᠢᠭ ᠮᠡᠲᠦ ᠬᠠᠷᠠᠭᠳᠠᠪᠠᠴᠤ ᠶᠠᠭ ᠳᠤᠮᠳᠠ ᠨᠢ ᠠᠮᠢᠳᠤᠷᠠᠭᠰᠠᠨ ᠨᠢᠭᠡᠨ ᠳᠦ ᠰᠠᠶᠢᠲᠤᠷ ᠣᠶᠢᠯᠠᠭᠠᠭᠳᠠᠳᠠᠭ ᠶᠤᠮ"[21] ᠭᠡᠰᠡᠨ ᠪᠠᠶᠢᠳᠠᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠮᠣᠩᠭᠣᠯ ᠤᠯᠤᠰ ᠤᠨ ᠬᠦᠮᠦᠨ ᠠᠮᠠ ᠶᠢᠨ 2010 ᠤᠨ ᠤ ᠤᠯᠤᠰ ᠤᠨ ᠲᠣᠭᠠᠯᠠᠯᠭ᠎ᠠ ᠶᠢᠨ ᠳᠦᠩ. ᠡᠭᠦᠨ ᠳᠦ ᠮᠣᠩᠭᠣᠯ ᠤᠯᠤᠰ ᠲᠤ ᠣᠷᠣᠰᠢᠨ ᠰᠠᠭᠤᠭ᠎ᠠ ᠮᠣᠩᠭᠣᠯ ᠤᠯᠤᠰ ᠤᠨ ᠬᠠᠷᠢᠶᠠᠲᠤ 2,980,115 ᠬᠦᠮᠦᠨ ᠡᠴᠡ ᠬᠠᠯᠬ᠎ᠠ 2168141, ᠳᠥᠷᠪᠡ ᠳᠦ 72403, ᠪᠠᠶᠠᠳ 56573, ᠪᠤᠷᠢᠶᠠᠳ 45087, ᠵᠠᠬᠠᠴᠢᠨ 32845, ᠳᠠᠷᠢᠭᠠᠩᠭ᠎ᠠ 27412, ᠤᠷᠢᠶᠠᠩᠬᠠᠢ 26654, ᠳᠠᠷᠬᠠᠳ 21558, ᠥᠭᠡᠯᠡᠳ 15520, ᠬᠣᠲᠣᠭᠣᠶᠢᠳ 15460, ᠲᠣᠷᠭᠤᠳ 14176, ᠮᠢᠩᠭᠠᠳ 6592, ᠪᠠᠷᠭᠤ 2989, ᠦᠵᠦᠮᠦᠴᠢᠨ 2577, ᠡᠯᠵᠢᠭᠢᠨ 1340, ᠰᠠᠷᠲᠠᠭᠤᠯ 1286, ᠴᠠᠲᠠᠨ 282, ᠬᠠᠷᠠᠴᠢᠨ 152, ᠴᠠᠬᠠᠷ 132, ᠪᠤᠰᠤᠳ 601 ᠳᠦᠩᠭᠡ ᠨᠢᠭᠡᠳᠬᠡᠭᠡᠳ 2,516,949 ᠮᠣᠩᠭᠣᠯ ᠦᠨᠳᠦᠰᠦᠲᠡᠨ ᠪᠠᠶᠢᠨ᠎ᠠ ᠭᠡᠵᠦ ᠲᠣᠭᠠᠴᠠᠪᠠ᠃
 2. ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠦᠮᠦᠨ ᠠᠮᠠ ᠶᠢᠨ 2010 ᠤᠨ ᠤ ᠤᠯᠤᠰ ᠤᠨ ᠲᠣᠭᠠᠯᠠᠯᠭ᠎ᠠ ᠶᠢᠨ ᠳᠦᠩ.
 3. (6th National Census) 内蒙古自治区发布2010年第六次全国人口普查主要数据公报。.
 4. ᠣᠷᠣᠰ ᠬᠣᠯᠪᠣᠭᠠᠨ ᠤ ᠤᠯᠤᠰ ᠤᠨ ᠬᠦᠮᠦᠨ ᠠᠮᠠ ᠶᠢᠨ 2010 ᠤᠨ ᠤ ᠤᠯᠤᠰ ᠤᠨ ᠲᠣᠭᠠᠯᠠᠯᠭ᠎ᠠ ᠶᠢᠨ ᠳᠦᠩ. ᠡᠭᠦᠨ ᠳᠦ 2986 ᠨᠢ ᠮᠣᠩᠭᠣᠯ᠂ 461389 ᠬᠦᠮᠦᠨ ᠪᠤᠷᠢᠶᠠᠳ᠂ 183372 ᠨᠢ ᠬᠠᠯᠢᠮᠠᠭ ᠭᠡᠵᠦ ᠪᠦᠷᠢᠳᠬᠡᠭᠳᠡᠭᠰᠡᠨ ᠢ ᠬᠠᠮᠲᠤᠳᠬᠠᠵᠤ 647747 ᠮᠣᠩᠭᠣᠯ ᠬᠦᠮᠦᠨ ᠭᠡᠵᠦ ᠪᠣᠳᠣᠪᠠ᠃
 5. ᠮᠣᠩᠭᠣᠯ ᠤᠯᠤᠰ ᠤᠨ ᠬᠦᠮᠦᠨ ᠠᠮᠠ ᠶᠢᠨ 2010 ᠤᠨ ᠤ ᠤᠯᠤᠰ ᠤᠨ ᠲᠣᠭᠠᠯᠠᠯᠭ᠎ᠠ ᠶᠢᠨ ᠳᠦᠩ. ᠡᠭᠦᠨ ᠳᠦ БНСУ ᠍ ᠳᠦ 6 ᠰᠠᠷ᠎ᠠ ᠠᠴᠠ ᠳᠡᠭᠡᠭᠰᠢ ᠬᠤᠭᠤᠴᠠᠭ᠎ᠠ ᠪᠠᠷ ᠣᠷᠣᠰᠢᠨ ᠰᠠᠭᠤᠭ᠎ᠠ ᠮᠣᠩᠭᠣᠯ ᠤᠯᠤᠰ ᠤᠨ ᠢᠷᠭᠡᠳ ᠢ ᠪᠦᠭᠦᠳᠡ ᠶᠢ ᠮᠣᠩᠭᠣᠯ ᠦᠨᠳᠦᠰᠦᠲᠡᠨ ᠭᠡᠵᠦ ᠠᠮᠠᠷᠴᠢᠯᠠᠪᠠ᠃
 6. ᠮᠣᠩᠭᠣᠯ ᠤᠯᠤᠰ ᠤᠨ ᠬᠦᠮᠦᠨ ᠠᠮᠠ ᠶᠢᠨ 2010 ᠤᠨ ᠤ ᠤᠯᠤᠰ ᠤᠨ ᠲᠣᠭᠠᠯᠠᠯᠭ᠎ᠠ ᠶᠢᠨ ᠳᠦᠩ. ᠡᠭᠦᠨ ᠳᠦ ᠠᠮᠧᠷᠢᠺᠠ ᠶᠢᠨ ᠨᠢᠭᠡᠳᠦᠭᠰᠡᠨ ᠤᠯᠤᠰ ᠳᠦ 6 ᠰᠠᠷ᠎ᠠ ᠠᠴᠠ ᠳᠡᠭᠡᠭᠰᠢ ᠬᠤᠭᠤᠴᠠᠭ᠎ᠠ ᠪᠠᠷ ᠣᠷᠣᠰᠢᠨ ᠰᠠᠭᠤᠭ᠎ᠠ ᠮᠣᠩᠭᠣᠯ ᠤᠯᠤᠰ ᠤᠨ ᠢᠷᠭᠡᠨ ᠦ ᠲᠣᠭ᠎ᠠ ᠶᠢ ᠮᠣᠩᠭᠣᠯ ᠦᠨᠳᠦᠰᠦᠲᠡᠨ ᠮᠥᠨ ᠭᠡᠵᠦ ᠠᠮᠠᠷᠴᠢᠯᠠᠪᠠ᠃
 7. 2010 ᠬᠦᠮᠦᠨ ᠠᠮᠠ ᠶᠢᠨ ᠲᠣᠭᠠᠯᠠᠯᠭ᠎ᠠ ᠶᠢᠨ ᠤᠷᠢᠳᠴᠢᠯᠠᠭᠰᠠᠨ ᠳᠦᠩ
 8. http://www.china.org.cn/english/features/EthnicGroups/136937.htm
 9. 2002 ᠤᠨ ᠤᠣᠷᠣᠰ ᠤᠨ ᠬᠣᠯᠪᠣᠭᠠᠨ ᠤ ᠤᠯᠤᠰ ᠤᠨ ᠬᠦᠮᠦᠨ ᠠᠮᠠ ᠶᠢᠨ ᠲᠣᠭᠠᠯᠠᠯᠭ᠎ᠠ
 10. ᠭ᠃ᠰᠦᠬᠡᠪᠠᠭᠠᠲᠤᠷ᠂ ᠮᠣᠩᠭᠣᠯᠴᠤᠳ ᠤᠨ ᠡᠷᠲᠡᠨ ᠦ ᠡᠪᠦᠭᠡ᠂ 1980
 11. [1]
 12. ᠳ᠃ᠲᠦᠮᠡᠨ᠂ ᠪ᠃ᠣᠶᠤᠨᠭᠡᠷᠡᠯ᠂ ᠮ᠃ᠦᠷ ᠤᠨᠴᠣᠯᠮᠣᠨ᠂ ᠮᠣᠩᠭᠣᠯ ᠤᠨ ᠾᠦᠩᠨᠦ ᠶᠢᠨ ᠠᠨᠲᠷᠣᠫᠣᠯᠣᠭᠢ᠂ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠡᠷᠳᠡᠮ ᠰᠢᠨᠵᠢᠯᠡᠭᠡᠭᠡᠨ ᠦ ᠪᠢᠴᠢᠭ᠂ 2002 ᠤᠨ᠂ N187
 13. ᠽ᠃ᠪᠠᠲᠤᠰᠠᠶᠢᠬᠠᠨ᠂ ᠲᠥᠪ ᠠᠽᠢᠶ᠎ᠠ ᠶᠢᠨ ᠨᠡᠭᠦᠳᠡᠯᠴᠢᠳ ᠦᠨ ᠲᠡᠦᠬᠡ ᠶᠢᠨ ᠵᠠᠷᠢᠮ ᠠᠰᠠᠭᠤᠳᠠᠯ᠂ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠡᠷᠳᠡᠮ ᠰᠢᠨᠵᠢᠯᠡᠭᠡᠭᠡᠨ ᠦ ᠪᠢᠴᠢᠭ᠂ 2002 ᠤᠨ᠂ N187
 14. ᠠᠬᠠᠮᠠᠳ ᠢᠶᠠᠨ ᠬᠦᠨᠳᠦᠯᠡᠬᠦ ᠶᠣᠰᠣ
 15. ᠣᠳᠪᠠᠭᠠᠲᠤᠷ ᠤᠨ ᠪᠯᠣᠭ – ᠤᠰᠤ ᠪᠠᠨ ᠬᠠᠶᠢᠷᠠᠯᠠᠨ ᠬᠠᠮᠠᠭᠠᠯᠠᠳᠠᠭ ᠤᠯᠠᠮᠵᠢᠯᠠᠲ ᠶᠣᠰᠣ ᠵᠠᠩᠰᠢᠯ᠂ ᠵᠠᠩ ᠦᠢᠯᠡ.
 16. ᠮᠣᠩᠭᠣᠯᠴᠤᠳ ᠤᠨ ᠪᠠᠶᠢᠭᠠᠯᠢ ᠬᠠᠮᠠᠭᠠᠯᠠᠳᠠᠭ ᠤᠯᠮᠠᠵᠢᠯᠠᠯ ᠳᠤ ᠶᠣᠰᠣ ᠵᠠᠩᠰᠢᠯ᠂ ᠵᠠᠩ ᠦᠢᠯᠡ
 17. ᠬ᠃ᠡᠷᠳᠡᠨᠢᠴᠡᠴᠡᠭ: ᠤᠷᠲᠤ ᠶᠢᠨ ᠳᠠᠭᠤᠤ ᠲᠩᠷᠢ ᠳᠦ ᠬᠦᠷᠡᠳᠡᠭ.
 18. ᠡ᠃ᠰᠠᠨᠳᠠᠭᠵᠠᠪ: ᠬᠥᠭᠡᠮᠡᠢ ᠶᠢ ᠮᠣᠩᠭᠣᠯ ᠤᠯᠤᠰ ᠢᠶᠠᠷ ᠢᠶᠠᠨ ᠣᠪᠣᠭᠯᠠᠭᠤᠯᠵᠤ ᠴᠢᠳᠠᠭᠰᠠᠨ
 19. ᠮᠣᠩᠭᠣᠯ ᠤᠨ 《ᠪᠤᠢ ᠪᠡᠶᠡᠯᠡᠭᠡ》 ᠭᠧᠨᠨᠢᠰ ᠦᠨ ᠨᠣᠮᠣᠨ ᠳᠤ ᠪᠦᠷᠢᠳᠬᠡᠭᠳᠡᠯ᠎ᠡ.
 20. ᠮᠣᠩᠭᠣᠯ ᠤᠨ ᠳᠠᠭᠤᠤ᠂ ᠬᠥᠭᠵᠢᠮ ᠦᠨ ᠦᠢᠯᠡᠰ ᠦᠨ ᠲᠤᠬᠠᠢ ᠣᠶᠢᠯᠠᠭᠠᠯᠲᠠ.
 21. ᠴ᠃ᠴᠡᠴᠡᠭᠵᠢᠷᠭᠠᠯ᠂᠎ᠡ᠃ᠡᠷᠳᠡᠨᠢᠴᠢᠮᠡᠭ᠂ ᠮᠣᠩᠭᠣᠯᠴᠤᠳ ᠤᠨ ᠬᠦᠷᠢᠶᠡᠯᠡᠨ ᠪᠠᠶᠢᠭ᠎ᠠ ᠣᠷᠴᠢᠨ ᠤ ᠲᠠᠯᠠᠭᠠᠷᠬᠢ᠂ ᠣᠶᠢᠯᠠᠭᠠᠯᠲᠠ᠂ ᠬᠠᠨᠳᠤᠬᠤ ᠬᠠᠨᠳᠤᠯᠭ᠎ᠠ᠂ ᠮᠣᠩᠭᠣᠯ ᠤᠯᠤᠰ ᠤᠨ ᠶᠡᠬᠡ ᠰᠤᠷᠭᠠᠭᠤᠯᠢ᠂ ᠠᠨᠲᠷᠣᠫᠣᠯᠣᠭᠢ-ᠠᠷᠬᠧᠣᠯᠣᠭᠢ ᠶᠢᠨ ᠲᠢᠩᠬᠢᠮ᠂ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠡᠷᠳᠡᠮ ᠰᠢᠨᠵᠢᠯᠡᠭᠡᠭᠡᠨ ᠦ ᠪᠢᠴᠢᠭ᠂ 2002 ᠤᠨ᠂ N187, 93 ᠍ ᠳᠦᠭᠡᠷ ᠲᠠᠯ᠎ᠠ

ᠪᠢᠴᠢᠭᠡᠰᠦ