ᠮᠣᠩᠭᠣᠯ ᠤᠨ ᠲᠡᠦᠬᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠣᠩᠭᠣᠯ ᠣᠷᠣᠨ ᠳᠤ 850,000 ᠵᠢᠯ ᠦᠨ ᠲᠡᠷᠲᠡᠭᠡ «ᠪᠣᠰᠤᠭ᠎ᠠ ᠬᠦᠮᠦᠨ» ᠠᠮᠢᠳᠤᠷᠠᠵᠤ ᠪᠠᠶᠢᠭᠰᠠᠨ ᠪᠠ ᠪᠠᠯᠠᠷ ᠡᠷᠲᠡᠨ ᠦ ᠬᠦᠮᠦᠨ ᠦ ᠬᠠᠳᠠᠨ ᠤ ᠰᠦᠭ ᠵᠢᠷᠤᠭ ᠡᠳ᠋ ᠣᠯᠳᠠᠪᠤᠷᠢ ᠬᠣᠶᠢᠲᠤ ᠴᠡᠩᠬᠡᠷ ᠦᠨ ᠠᠭᠤᠢ ᠠᠴᠠ ᠣᠯᠳᠠᠳᠠᠭ᠂ ᠴᠢᠯᠠᠭᠤᠨ ᠵᠡᠪᠰᠡᠭ᠂ ᠬᠦᠷᠡᠯ ᠵᠡᠪᠰᠡᠭ᠂ ᠲᠡᠮᠦᠷ ᠵᠡᠪᠰᠡᠭ ᠦᠨ ᠦᠶ᠎ᠡ ᠶᠢ ᠳᠠᠮᠵᠢᠭᠰᠠᠭᠠᠷ ᠡᠷᠲᠡᠨ ᠦ ᠤᠯᠤᠰ ᠤᠳ ᠤᠨ ᠦᠶ᠎ᠡ ᠲᠡᠢ ᠵᠣᠯᠭᠠᠵᠠᠢ᠃ ᠮᠣᠩᠭᠣᠯ ᠣᠷᠣᠨ ᠡᠷᠲᠡᠨ ᠡᠴᠡ ᠠᠩᠴᠢᠨ᠂ ᠮᠠᠯᠴᠢᠨ᠂ ᠨᠡᠭᠦᠳᠡᠯᠴᠢᠨ ᠠᠷᠠᠳ ᠲᠦᠮᠡᠨ ᠦ ᠥᠯᠥᠭᠡᠢ ᠪᠠᠶᠢᠭᠰᠠᠭᠠᠷ ᠢᠷᠡᠭᠰᠡᠨ ᠪᠥᠭᠡᠳ ᠲᠡᠳᠡᠭᠡᠷ ᠨᠢ ᠮᠣᠩᠭᠣᠯ᠂ ᠲᠦᠷᠦᠭ᠂ ᠵᠥᠷᠴᠢᠨ ᠠᠯᠢ ᠴᠤ ᠤᠭᠰᠠᠭ᠎ᠠ ᠪᠠᠶᠢᠭᠰᠠᠨ ᠦᠷᠭᠦᠯᠵᠢ ᠡᠮᠦᠨᠡᠲᠦ ᠭᠠᠵᠠᠷ ᠤᠨ ᠨᠠᠩᠭᠢᠶᠠᠳ ᠲᠠᠢ ᠵᠢᠭᠤᠷᠠᠯᠳᠤᠨ ᠪᠠᠶᠢᠯᠳᠤᠬᠤ ᠪᠠ ᠲᠦᠮᠡᠨ ᠭᠠᠵᠠᠷ ᠤᠨ ᠶᠡᠬᠡ ᠴᠠᠭᠠᠨ ᠬᠡᠷᠡᠮ ᠢᠶᠡᠷ ᠬᠢᠯᠢ ᠲᠣᠭᠲᠠᠳᠠᠭ ᠪᠠᠶᠢᠪᠠ᠃

ᠳᠥᠷᠪᠡᠯᠵᠢᠨ ᠪᠤᠯᠠᠰᠢᠨ ᠤ ᠲᠠᠷᠬᠠᠯᠲᠠ ᠶᠢᠨ ᠬᠦᠷᠢᠶ᠎ᠡ

ᠪᠠᠯᠠᠷ ᠡᠷᠲᠡᠨ ᠦ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠪᠦᠭᠡ ᠮᠣᠩᠭᠣᠯᠴᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠳᠥᠷᠪᠡᠯᠵᠢᠨ ᠪᠤᠯᠠᠰᠢ ᠵᠢᠨ ᠰᠤᠶᠤᠯ ᠤᠨ ᠬᠦᠮᠦᠰ
  • ᠾᠦᠨᠭᠨᠦᠴᠦᠳ
  • ᠰᠢᠶᠠᠨᠪᠢ ᠠᠶᠢᠮᠠᠭ ᠤᠳ
  • ᠨᠢᠷᠤᠨ - ᠰᠢᠶᠠᠨᠪᠢ ᠬᠡᠯᠡ ᠲᠡᠢ᠂ ᠰᠢᠶᠠᠨᠪᠢ ᠤᠭᠰᠠᠭᠠᠨ ᠤ ᠬᠦᠮᠦᠰ ᠪᠣᠯᠪᠠᠴᠤ ᠾᠦᠩᠨᠦ ᠤᠯᠤᠰ 93 ᠣᠨ ᠳᠤ ᠤᠨᠠᠭᠰᠠᠨ ᠤ ᠳᠠᠷᠠᠭ᠎ᠠ ᠮᠣᠩᠭᠣᠯ ᠳᠤ ᠦᠯᠡᠳᠡᠭᠰᠡᠨ 500,000 ᠤᠮᠠᠷᠠᠳᠤ ᠾᠦᠩᠨᠦᠴᠦᠳ ᠪᠣᠯᠤᠨ 93 ᠣᠨ ᠠᠴᠠ ᠮᠣᠩᠭᠣᠯ ᠤᠨ ᠨᠤᠲᠤᠭ ᠲᠤ ᠨᠣᠶᠠᠷᠬᠠᠯ ᠢᠶᠠᠨ ᠲᠣᠭᠲᠠᠭᠠᠵᠤ ᠡᠬᠢᠯᠡᠭᠰᠡᠨ ᠰᠢᠶᠠᠨᠪᠢ

ᠨᠠᠷ ᠠᠴᠠ ᠡᠭᠦᠰᠦᠨ ᠪᠦᠷᠢᠯᠳᠦᠭᠰᠡᠨ ᠬᠦᠮᠦᠰ ᠪᠣᠯᠤᠯᠲᠠᠢ᠃ ᠯ ᠭᠤᠮᠢᠯᠧᠸ ᠨᠢᠷᠤᠨᠴᠤᠳ ᠤᠨ ᠬᠡᠯᠡ ᠶᠢ ᠾᠦᠩᠨᠦ᠂ ᠰᠢᠶᠠᠨᠪᠢ ᠬᠡᠯᠡᠨ ᠦ ᠠᠯᠢ ᠠᠯᠢᠨ ᠦ ᠬᠢ ᠨᠢ ᠰᠢᠨᠵᠢ ᠶᠢ ᠠᠭᠤᠯᠠᠭᠰᠠᠨ ᠪᠠᠶᠢᠭᠰᠠᠨ ᠭᠡᠵᠦ ᠦᠵᠡᠵᠡᠢ᠃

  • ᠮᠣᠩᠭᠣᠯ ᠰᠢᠪᠡᠢ - ᠰᠢᠪᠡᠢᠴᠤᠳ ᠡᠴᠡ ᠮᠣᠩᠭᠣᠯ ᠰᠢᠪᠡᠢ ᠵᠡᠷᠭᠡ ᠴᠥᠭᠡᠨ ᠲᠣᠭᠠᠨ ᠤ ᠠᠶᠢᠮᠠᠭ ᠨᠢ ᠮᠣᠩᠭᠣᠯᠴᠤᠳ ᠲᠤ ᠬᠠᠮᠢᠶᠠᠷᠤᠨ᠎ᠠ᠃

ᠾᠦᠩᠨᠦ (ᠮᠠᠨ ᠤ ᠡᠷᠡᠨ ᠦ ᠡᠮᠦᠨ᠎ᠡ 209- ᠮᠠᠨ ᠤ ᠡᠷᠡᠨ ᠦ 156)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠾᠦᠩᠨᠦ
ᠾᠦᠩᠨᠦ
ᠾᠦᠩᠨᠦ

ᠮᠠᠨ ᠤ ᠡᠷᠡᠨ ᠦ ᠡᠮᠦᠨ᠎ᠡ 4 ᠵᠠᠭᠤᠨ ᠳᠤ ᠡᠭᠦᠰᠦᠭᠰᠡᠨ ᠾᠦᠩᠨᠦ ᠭᠦᠷᠦᠨ ᠨᠢ ᠮᠣᠩᠭᠣᠯ ᠤᠨ ᠭᠠᠵᠠᠷ ᠨᠤᠲᠤᠭ ᠳᠠᠬᠢ ᠨᠡᠭᠦᠳᠡᠯᠴᠢᠳ ᠦᠨ ᠠᠩᠬᠠᠨ ᠤ ᠬᠦᠴᠦᠷᠬᠡᠭ ᠭᠦᠷᠦᠨ ᠪᠠᠶᠢᠵᠠᠢ᠃ ᠬᠠᠮᠤᠭ ᠤᠨ ᠬᠦᠴᠦᠷᠬᠡᠭ ᠦᠶ᠎ᠡ ᠳ᠋ᠥ ᠪᠠᠷᠠᠭᠤᠨ ᠵᠦᠭ ᠲᠤ ᠪᠠᠯᠬᠠᠰ ᠨᠠᠭᠤᠷ᠂ ᠵᠡᠭᠦᠨ ᠵᠦᠭ ᠲᠤ ᠬᠢᠩᠭᠠᠨ ᠤ ᠨᠢᠷᠤᠭᠤ᠂ ᠬᠣᠶᠢᠳᠤ ᠵᠦᠭ ᠲᠤ ᠪᠠᠢᠢᠭᠠᠯ ᠨᠠᠭᠤᠷ᠂ ᠡᠮᠦᠨ᠎ᠡ ᠵᠦᠭ ᠲᠤ ᠴᠠᠭᠠᠨ ᠬᠡᠷᠡᠮ ᠳᠤ ᠲᠤᠯᠤᠭᠰᠠᠨ ᠥᠷᠭᠡᠨ ᠠᠭᠤᠳᠠᠮ ᠨᠤᠲᠤᠭ ᠢ ᠡᠵᠡᠯᠡᠵᠦ ᠪᠠᠶᠢᠴᠠᠢ᠃ ᠾᠦᠩᠨᠦ ᠭᠦᠷᠦᠨ ᠢ ᠠᠩᠬ᠎ᠠ ᠲᠦᠮᠡᠨ ᠱᠠᠨᠦᠢ ᠦᠨᠳᠦᠰᠦᠯᠡᠭᠰᠡᠨ ᠭᠡᠵᠦ ᠦᠵᠡᠳᠡᠭ᠃ ᠲᠡᠭᠦᠨ ᠦ ᠬᠦᠦ ᠮᠣᠳᠣᠨ ᠱᠠᠨᠦᠢ ᠨᠢ ᠮᠠᠨ ᠤ ᠡᠷᠡᠨ ᠦ ᠡᠮᠦᠨ᠎ᠡ 209 ᠣᠨ ᠳᠤ ᠡᠴᠢᠭᠡ ᠶᠢ ᠪᠡᠨ ᠬᠥᠨᠥᠭᠡᠵᠦ ᠾᠦᠩᠨᠦ ᠶᠢᠨ 24 ᠠᠶᠢᠮᠠᠭ ᠤᠳ ᠢ ᠨᠢᠭᠡᠳᠬᠡᠵᠦ ᠾᠦᠩᠨᠦ ᠤᠯᠤᠰ ᠢ ᠬᠦᠴᠦᠷᠬᠡᠭᠵᠢᠬᠦ ᠡᠬᠢᠯᠡᠯ ᠢ ᠲᠠᠯᠪᠢᠵᠠᠢ᠃ ᠳᠠᠷᠠᠭ᠎ᠠ ᠳᠤ ᠨᠢ ᠵᠡᠭᠦᠨ ᠮᠣᠩᠭᠣᠯ ᠳᠤ ᠪᠠᠶᠢᠭᠰᠠᠨ ᠭᠣᠣᠯ ᠥᠷᠢᠰᠦᠯᠳᠦᠭᠴᠢ ᠠᠶᠢᠮᠠᠭ ᠪᠣᠯᠬᠤ ᠳᠤᠩᠬᠤ ᠨᠠᠷ ᠢ ᠡᠵᠡᠯᠡᠵᠡᠢ᠃ ᠤᠯᠠᠮ ᠢᠶᠠᠷ ᠴᠢᠨ ᠤᠯᠤᠰ ᠍ ᠤᠨ ᠪᠠᠷᠠᠭᠤᠨ ᠠᠶᠢᠮᠠᠭ ᠤᠳ ᠢ ᠡᠵᠡᠯᠡᠨ ᠥᠪᠡᠷᠲᠡᠭᠡᠨ ᠨᠢᠭᠡᠳᠬᠡᠵᠡᠢ᠃ ᠭᠡᠪᠡᠴᠦ ᠬᠢᠲᠠᠳ ᠤᠨ ᠵᠠᠩᠵᠤᠨ ᠮᠸᠩ ᠲᠢᠶᠠᠨ ᠡᠨᠡ ᠡᠵᠡᠯᠡᠭᠦᠯᠦᠭᠰᠡᠨ ᠭᠠᠵᠠᠷ ᠢ ᠡᠷᠭᠢᠭᠦᠯᠦᠨ ᠠᠪᠴᠠᠢ᠃

ᠮᠣᠳᠣᠨ ᠱᠠᠨᠦᠢ ᠮᠠᠨ ᠤ ᠡᠷᠡᠨ ᠦ ᠡᠮᠦᠨ᠎ᠡ 174 ᠣᠨ ᠳᠤ ᠨᠠᠰᠤ ᠪᠠᠷᠠᠭᠰᠠᠨ ᠠᠴᠠ ᠬᠣᠶᠢᠰᠢ 100 ᠭᠠᠷᠤᠢ ᠵᠢᠯ ᠦᠨ ᠲᠤᠷᠰᠢ ᠾᠦᠩᠨᠦ ᠨᠠᠷ ᠳᠣᠲᠣᠭᠠᠳᠤ ᠠᠽᠢᠶ᠎ᠠ ᠳᠤ ᠨᠣᠶᠠᠷᠬᠠᠵᠠᠢ᠃ ᠡᠭᠦᠨ ᠡᠴᠡ ᠬᠣᠶᠢᠰᠢ ᠰᠢᠶᠠᠨᠪᠢ᠂ ᠨᠢᠷᠤᠨ᠂ ᠷᠡᠦᠷᠠᠨ᠂ ᠲᠦᠷᠺ᠂ ᠤᠶᠢᠭᠤᠷ ᠤᠯᠤᠰ ᠤᠳ ᠣᠷᠣᠰᠢᠨ ᠲᠣᠭᠲᠠᠨᠢᠵᠤ ᠪᠠᠶᠢᠵᠠᠢ᠃

ᠰᠢᠶᠠᠨᠪᠢ (93/156-254/IV)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠢᠶᠠᠨᠪᠢ
ᠰᠢᠶᠠᠨᠪᠢ
ᠰᠢᠶᠠᠨᠪᠢ

ᠰᠢᠶᠠᠨᠪᠢ ᠤᠯᠤᠰ ᠨᠢ ᠨᠡᠢᠳᠡ ᠶᠢᠨ ᠣᠨ ᠲᠣᠭᠠᠯᠠᠯ ᠤᠨ 1 ᠍ ᠳᠦᠭᠡᠷ ᠵᠠᠭᠤᠨ ᠠᠴᠠ ᠬᠦᠴᠦᠷᠬᠡᠭᠵᠢᠵᠦ ᠡᠬᠢᠯᠡᠭᠰᠡᠨ ᠪᠥᠭᠡᠳ ᠲᠠᠨ ᠱᠢ ᠬᠣᠸᠠᠢ ᠵᠢᠨ (156-181 ᠣᠨ ᠳᠤ ᠠᠮᠢᠳᠤᠷᠠᠵᠤ ᠪᠠᠶᠢᠭᠰᠠᠨ) ᠳᠣᠣᠷ᠎ᠠ ᠨᠢᠭᠡᠳᠦᠭᠰᠡᠨ ᠤᠯᠤᠰ ᠪᠣᠯᠵᠠᠢ᠃ ᠲᠠᠨ ᠱᠢ ᠬᠣᠸᠠᠢ ᠬᠠᠭᠠᠨ ᠤ ᠦᠶ᠎ᠡ ᠳᠦ ᠾᠦᠩᠨᠦ ᠶᠢᠨ ᠵᠠᠬᠢᠷᠭᠠᠨ ᠳᠤ ᠪᠠᠶᠢᠭᠰᠠᠨ ᠭᠠᠵᠠᠷ ᠢ ᠡᠵᠡᠮᠰᠢᠬᠦ ᠪᠣᠯᠵᠠᠢ᠃ ᠰᠢᠶᠠᠨᠪᠢ ᠨᠢ 167 ᠣᠨ ᠳᠤ ᠬᠠᠨ ᠣᠯᠣᠰ ᠤᠨ ᠳᠣᠪᠲᠣᠯᠭᠠᠨ ᠢ ᠨᠢᠴᠤᠭᠠᠵᠤ 180 ᠣᠨ ᠳᠤ ᠬᠢᠲᠠᠳ ᠤᠨ ᠬᠣᠶᠢᠳᠤ ᠬᠡᠰᠡᠭ ᠢ ᠡᠵᠡᠯᠡᠨ ᠠᠪᠴᠠᠢ᠃ ᠰᠢᠶᠠᠨᠪᠢ ᠵᠢᠨ ᠠᠷᠤ ᠳᠤ ᠨᠢ ᠮᠠᠯ ᠠᠵᠤ ᠠᠬᠤᠢ ᠠᠴᠠ ᠭᠠᠳᠠᠨ᠎ᠠ ᠪᠠᠭ᠎ᠠ ᠬᠡᠮᠵᠢᠶᠡᠨ ᠦ ᠭᠠᠵᠠᠷ ᠲᠠᠷᠢᠶᠠᠯᠠᠩ ᠢ ᠡᠷᠬᠢᠯᠡᠵᠦ ᠪᠠᠶᠢᠴᠠᠢ᠃ ᠰᠢᠶᠠᠨᠪᠢ ᠨᠢ 3 ᠵᠠᠭᠤᠨ ᠳᠤ ᠪᠤᠲᠠᠷᠠᠵᠠᠢ᠃

ᠰᠢᠶᠠᠨᠪᠢ ᠨᠠᠷ ᠤᠨ ᠨᠢᠭᠡᠨ ᠬᠡᠰᠡᠭ ᠪᠣᠯᠬᠤ ᠲᠣᠪᠠ ᠠᠶᠢᠮᠠᠭ ᠨᠢ 386 ᠣᠨ ᠳᠤ ᠬᠣᠶᠢᠳᠤ ᠬᠢᠲᠠᠳ ᠲᠤ ᠲᠣᠪᠠ ᠸᠸᠢ (拓跋魏) ᠤᠯᠤᠰ ᠢ ᠪᠤᠢ ᠪᠣᠯᠭᠠᠵᠠᠢ᠃ ᠲᠣᠪᠠ ᠭᠤᠶᠤ ᠬᠠᠭᠠᠨ ᠨᠢ ᠨᠡᠭᠦᠳᠡᠯᠴᠢᠳ ᠢ ᠨᠢᠭᠡᠳᠬᠡᠵᠦ ᠤᠷᠤᠭᠰᠢ ᠳᠣᠪᠲᠣᠯᠤᠭᠰᠠᠭᠠᠷ ᠥᠪᠡᠷ ᠢ ᠪᠡᠨ ᠬᠢᠲᠠᠳ ᠤᠨ ᠬᠠᠭᠠᠨ ᠢᠶᠠᠷ ᠡᠷᠭᠦᠮᠵᠢᠯᠡᠵᠡᠢ᠃ ᠭᠡᠪᠡᠴᠦ ᠲᠡᠳᠡᠭᠡᠷ ᠨᠢ ᠬᠣᠵᠢᠮ ᠤᠨ ᠮᠠᠨᠵᠤ ᠨᠤᠭᠤᠳ ᠰᠢᠭ ᠬᠢᠲᠠᠳ ᠦᠨᠳᠦᠰᠦᠲᠡᠨ ᠤᠷᠤᠭᠤ ᠠᠭᠤᠰᠤᠨ ᠠᠯᠠᠭ᠎ᠠ ᠪᠣᠯᠤᠭᠰᠠᠨ ᠠᠵᠡᠢ᠃ ᠲᠣᠪᠠ ᠸᠸᠢ ᠤᠯᠤᠰ 581 ᠣᠨ ᠳᠤ ᠪᠤᠲᠠᠷᠠᠵᠠᠢ᠃

ᠰᠢᠶᠠᠨᠪᠢ ᠨᠠᠷ ᠤᠨ ᠭᠠᠷᠤᠯ ᠡᠭᠦᠰᠦᠯ ᠢ ᠮᠣᠩᠭᠣᠯ ᠭᠠᠷᠤᠯᠲᠠᠢ᠂ ᠲ᠋ᠦᠩᠬᠦᠰ ᠭᠠᠷᠤᠯ ᠲᠠᠢ᠂ ᠡᠰᠡᠪᠡᠯ ᠡᠨᠡ ᠬᠣᠶᠠᠷ ᠦᠨᠳᠦᠰᠦᠲᠡᠨ ᠦ ᠠᠯᠢ ᠠᠯᠢᠨ ᠤ ᠬᠢ ᠨᠢ ᠣᠪᠤᠭ ᠪᠣᠯᠤᠨ᠎ᠠ ᠭᠡᠰᠡᠨ 3 ᠶᠡᠷᠦᠩᠬᠡᠢ ᠲᠠᠭᠠᠮᠠᠭ ᠪᠠᠶᠢᠳᠠᠭ ᠪᠣᠯᠪᠠᠴᠤ ᠬᠡᠯᠡ ᠠᠶᠠᠯᠭᠤᠨ ᠤ ᠬᠤᠪᠢ ᠳᠤ ᠦᠨᠡᠬᠡᠷ ᠮᠣᠩᠭᠣᠯ ᠬᠡᠯᠡᠲᠡᠨ ᠪᠠᠶᠢᠭᠰᠠᠨ ᠪᠣᠯᠤᠯᠲᠠᠢ᠃ ᠲᠡᠳᠡᠨ ᠦ ᠨᠤᠲᠤᠭᠯᠠᠵᠤ ᠪᠠᠶᠢᠭᠰᠠᠨ ᠭᠠᠵᠠᠷ ᠨᠢ ᠬᠢᠩᠭᠠᠨ  ᠨᠢᠷᠤᠭᠤᠨ ᠤ ᠣᠷᠴᠢᠮ ᠠᠴᠠ ᠯᠢᠶᠣᠣᠳᠣᠩ ᠤᠨ ᠬᠣᠶᠢᠭ ᠬᠦᠷᠴᠦ ᠪᠠᠶᠢᠯ᠎ᠠ᠃

ᠨᠢᠷᠤᠨ (330-555)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠨᠢᠷᠤᠨ ᠤᠯᠤᠰ
ᠨᠢᠷᠤᠨ
ᠨᠢᠷᠤᠨ

ᠷᠡᠦᠷᠠᠨ ᠪᠤᠶᠤ ᠨᠢᠷᠤᠨ ᠤᠯᠤᠰ ᠨᠢ 330-555 ᠣᠨ ᠤ ᠬᠣᠭᠣᠷᠣᠨᠳᠣ ᠪᠠᠶᠢᠭᠠᠯ ᠨᠠᠭᠤᠷ ᠠᠴᠠ ᠭᠣᠪᠢ ᠴᠥᠯ᠂ ᠪᠠᠯᠬᠠᠰ ᠠᠴᠠ ᠰᠣᠯᠣᠩᠭᠣᠰ ᠬᠦᠷᠲᠡᠯᠡᠬᠢ ᠨᠤᠲᠤᠭ ᠢ ᠵᠠᠬᠢᠷᠴᠤ ᠣᠷᠣᠰᠢᠨ ᠲᠣᠭᠲᠠᠨᠢᠵᠠᠢ᠃ 402 ᠣᠨ ᠳᠤ ᠱᠯᠦᠨᠢ ᠪᠤᠶᠤ ᠵᠠᠷᠤᠩ ᠰᠢᠷᠡᠭᠡᠨ ᠳᠦ ᠰᠠᠭᠤᠵᠤ ᠬᠠᠭᠠᠨ ᠴᠣᠯᠠ ᠶᠢ ᠬᠡᠷᠡᠭᠯᠡᠬᠦ ᠪᠣᠯᠤᠭᠰᠠᠨ ᠪᠠ ᠱᠯᠦᠨ ᠦ ᠦᠶᠡᠰ ᠬᠣᠶᠢᠰᠢ ᠬᠦᠴᠦᠷᠬᠡᠭᠵᠢᠭᠰᠡᠨ᠃ 552 ᠣᠨ ᠳᠤ ᠨᠢᠷᠤᠨ ᠤ ᠤᠳᠤᠷᠢᠳᠤᠯᠭ᠎ᠠ ᠳᠣᠣᠷᠠᠬᠢ ᠲᠦᠷᠺ ᠤᠭᠰᠠᠭᠠᠲᠠᠨ ᠪᠣᠰᠤᠯᠭ᠎ᠠ ᠭᠠᠷᠭᠠᠵᠤ 555 ᠣᠨ ᠳᠤ ᠨᠢᠷᠤᠨ ᠤᠯᠤᠰ ᠢ ᠮᠥᠬᠥᠭᠡᠵᠡᠢ᠃ ᠲᠦᠷᠦᠭ ᠦᠳ ᠦᠨ ᠪᠠᠶᠢᠭᠤᠯᠤᠭᠰᠠᠨ ᠲᠦᠷᠦᠭ ᠦᠨ ᠡᠵᠡᠨᠲᠦ ᠭᠦᠷᠦᠨ ᠨᠢ ᠴᠢᠩᠭᠢᠰ ᠦᠨ ᠭᠦᠷᠦᠨ ᠡᠴᠡ ᠡᠮᠦᠨᠡᠬᠢ ᠨᠡᠭᠦᠳᠡᠯᠴᠢᠳ ᠦᠨ ᠬᠠᠮᠤᠭ ᠤᠨ ᠬᠦᠴᠦᠲᠡᠢ ᠭᠦᠷᠦᠨ ᠪᠠᠶᠢᠵᠠᠢ᠃ ᠨᠢᠷᠤᠨ ᠤ ᠵᠠᠷᠢᠮ ᠬᠡᠰᠡᠭ ᠮᠣᠩᠭᠣᠯ ᠠᠴᠠ ᠭᠠᠷᠴᠤ ᠵᠢᠷᠭᠤᠳᠤᠭᠠᠷ ᠵᠠᠭᠤᠨ ᠤ ᠦᠶ᠎ᠡ ᠳᠦ ᠢᠵᠢᠯ ᠮᠥᠷᠡᠨ ᠦ ᠬᠥᠨᠳᠡᠶ ᠵᠢᠨ ᠬᠦᠷᠢᠶ᠎ᠡ ᠳᠦ ᠠᠪᠤᠷᠠ ᠬᠡᠮᠡᠨ ᠨᠡᠷᠡᠰᠢᠭᠰᠡᠨ ᠮᠣᠩᠭᠣᠯ ᠢᠵᠠᠭᠤᠷ ᠤᠨ ᠬᠠᠭᠠᠨᠲᠤ ᠤᠯᠤᠰ ᠢ ᠪᠠᠶᠢᠭᠤᠯᠤᠭᠰᠠᠨ ᠶᠤᠮ᠃ ᠮᠣᠩᠭᠣᠯ ᠳᠤ ᠦᠯᠡᠳᠡᠭᠰᠡᠨ ᠬᠡᠰᠡᠭ ᠨᠢ ᠲᠠᠲ᠋ᠠᠷ ᠠᠶᠢᠮᠠᠭ ᠤᠳ ᠤᠨ ᠡᠪᠦᠭᠡ ᠳᠡᠭᠡᠳᠦᠰ ᠪᠣᠯᠵᠠᠢ᠃

ᠲᠦᠷᠦᠭ ᠦᠨ ᠦᠶ᠎ᠡ (555-840)[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠦᠭ ᠤᠯᠤᠰ (555-745)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠲᠦᠷᠦᠭ  ᠤᠯᠤᠰ

ᠲᠦᠷᠦᠭ  ᠦᠨ ᠬᠠᠭᠠᠨᠲᠤ ᠤᠯᠤᠰ ᠨᠢ ᠬᠢᠲᠠᠳ ᠤᠨ ᠴᠠᠭᠠᠨ ᠬᠡᠷᠡᠮᠦᠨ ᠡᠴᠡ ᠬᠠᠷ᠎ᠠ ᠲᠡᠩᠭᠢᠰ ᠬᠦᠷᠲᠡᠯᠡᠬᠢ ᠨᠤᠲᠤᠭ ᠢ ᠥᠪᠡᠷ ᠦᠨ ᠵᠠᠬᠢᠷᠭᠠᠨ ᠳᠤ ᠪᠠᠨ ᠣᠷᠣᠭᠤᠯᠵᠠᠢ᠃ ᠲᠦᠷᠦᠭ ᠦᠳ ᠨᠢ ᠷᠡᠦᠷᠠᠨ ᠤᠯᠤᠰ ᠲᠤ ᠭᠣᠣᠯᠳᠠᠭᠤ ᠳᠠᠷᠬᠠᠳ ᠤᠨ ᠡᠭᠦᠷᠭᠡ ᠭᠦᠢᠴᠡᠳᠭᠡᠵᠦ ᠪᠠᠶᠢᠴᠠᠢ᠃ ᠲᠦᠷᠦᠭ  ᠦᠨ ᠠᠬᠠᠯᠠᠭᠴᠢ ᠪᠤᠮᠢᠨ ᠷᠡᠦᠷᠠᠨ ᠤ ᠬᠠᠭᠠᠨ ᠳᠤ ᠪᠣᠰᠤᠯᠭ᠎ᠠ ᠶᠢ ᠳᠠᠷᠤᠬᠤ ᠳᠤ ᠨᠢ ᠲᠤᠰᠠᠯᠠᠭᠰᠠᠨ ᠪᠣᠯᠪᠠᠴᠤ ᠷᠡᠦᠷᠠᠨᠴᠤᠤᠳ ᠲᠡᠭᠦᠨ ᠦ ᠲᠤᠰᠠ ᠶᠢ ᠠᠯᠪᠠᠲᠤ ᠶᠢᠨ ᠭᠦᠢᠴᠡᠳᠭᠡᠬᠦ ᠡᠭᠦᠷᠭᠡ ᠬᠡᠮᠡᠨ ᠲᠣᠭᠣᠮᠵᠢᠷ ᠦᠭᠡᠢ ᠬᠠᠨᠳᠤᠭᠰᠠᠨ ᠪᠠᠶᠢᠨ᠎ᠠ᠃ ᠡᠶᠢᠨᠬᠦᠦ ᠪᠤᠮᠢᠨ ᠥᠬᠢᠨ ᠲᠠᠢ ᠨᠢ ᠭᠡᠷᠯᠡᠵᠦ ᠴᠢᠳᠠᠭ᠎ᠠ ᠦᠭᠡᠢ ᠶᠢᠨ ᠢᠶᠡᠨ ᠲᠥᠯᠥᠭᠡ ᠷᠡᠦᠷᠠᠨᠴᠤᠤᠳ ᠲᠠᠢ ᠳᠠᠶᠢᠰᠤᠨ ᠨᠤᠭᠤᠳ ᠤᠨ ᠬᠣᠯᠪᠣᠭ᠎ᠠ ᠲᠣᠭᠲᠠᠭᠠᠵᠤ 555 ᠣᠨ ᠳᠤ ᠷᠡᠦᠷᠠᠨ ᠤ ᠵᠠᠬᠢᠷᠭ᠎ᠠ ᠶᠢ ᠤᠨᠠᠭᠠᠨ ᠲᠦᠷᠺ  ᠤᠯᠤᠰ ᠢ ᠪᠠᠶᠢᠭᠤᠯᠵᠠᠢ᠃ ᠲᠣᠪᠠ ᠸᠸᠢ ᠤᠯᠤᠰ ᠲᠦᠷᠦᠭ ᠢ ᠠᠩᠬᠠᠨ ᠠᠴᠠ ᠪᠠᠨ ᠳᠡᠮᠵᠢᠵᠦ ᠪᠠᠶᠢᠭᠰᠠᠨ ᠪᠥᠭᠡᠳ ᠲᠦᠪ  ᠳᠤ ᠵᠢᠭᠤᠲᠠᠭᠠᠨ ᠣᠴᠢᠭᠰᠠᠨ ᠬᠡᠳᠦᠨ ᠮᠢᠩᠭᠠᠨ ᠷᠡᠦᠷᠠᠨᠴᠤᠳ ᠢ ᠲᠦᠷᠦᠭ ᠦᠨ ᠬᠦᠰᠡᠯᠲᠦ ᠪᠡᠷ ᠬᠣᠷᠢᠶᠠᠭᠰᠠᠨ ᠪᠠᠶᠢᠳᠠᠭ᠃ ᠪᠤᠮᠢᠨ ᠥᠪᠡᠷ ᠦᠨ ᠠᠬ᠎ᠠ ᠢᠰᠲ᠋ᠧᠰᠢᠮ ᠳᠤ ᠥᠷᠥᠨᠡᠲᠦ ᠬᠡᠰᠡᠭ ᠦᠨ ᠭᠠᠵᠠᠷ ᠨᠤᠲᠤᠭ ᠠᠴᠠ ᠥᠭᠴᠦ ᠲᠦᠷᠺ ᠦᠨ ᠡᠵᠡᠨᠲᠦ ᠭᠦᠷᠦᠨ ᠢ ᠪᠠᠶᠢᠭᠤᠯᠤᠭᠰᠠᠨ ᠠᠵᠢ᠃ ᠪᠤᠮᠢᠨ ᠤ ᠳᠠᠷᠠᠭ᠎ᠠ ᠶᠢᠨ ᠬᠠᠭᠠᠳ ᠢᠯᠠᠩᠭᠤᠶ᠎ᠠ ᠮᠤᠶᠢᠨ ᠪᠤᠶᠤ ᠪᠤᠭᠤ ᠬᠠᠭᠠᠨ ᠤ ᠦᠶ᠎ᠡ ᠳᠦ ᠲᠦᠷᠺ ᠦᠳ ᠬᠢᠷᠭᠢᠰᠬᠢᠳᠠᠨᠴᠤᠳ ᠢ ᠪᠠᠶᠢᠯᠳᠤᠨ ᠳᠠᠭᠠᠭᠤᠯᠵᠤ ᠷᠡᠦᠷᠠᠨ ᠤ ᠦᠯᠡᠳᠡᠭᠳᠡᠯ ᠢ ᠬᠣᠶᠢᠳᠤ ᠣᠷᠣᠰ ᠤᠨ ᠨᠤᠲᠤᠭ ᠬᠦᠷᠲᠡᠯ᠎ᠡ ᠡᠵᠡᠯᠡᠨ᠎ᠠ ᠬᠡᠵᠡᠢ᠃ ᠮᠥᠨ ᠬᠢᠲᠠᠳ ᠤᠨ ᠴᠢ᠂ ᠵᠸᠤ ᠤᠯᠤᠰ ᠤᠳ 570 ᠣᠨ ᠠᠴᠠ ᠲᠦᠷᠦᠭ ᠦᠨ ᠬᠠᠭᠠᠨ ᠳᠤ ᠲᠠᠲᠠᠪᠤᠷᠢ ᠤᠯᠭᠤᠬᠤ ᠪᠣᠯᠪᠠ᠃ ᠭᠡᠪᠡᠴᠦ 590 ᠣᠨ ᠳᠤ ᠲᠦᠷᠦᠭ ᠦᠨ ᠬᠠᠭᠠᠨᠲᠤ ᠤᠯᠤᠰ ᠳᠣᠷᠣᠨᠠᠲᠤ ᠲᠦᠷᠦᠭ᠂ ᠥᠷᠥᠨᠡᠲᠦ ᠲᠦᠷᠦᠭ ᠬᠣᠶᠠᠷ ᠬᠡᠰᠡᠭ ᠲᠦ ᠬᠤᠪᠢᠶᠠᠭᠳᠠᠵᠠᠢ᠃ ᠢᠩᠭᠢᠭᠰᠡᠨ ᠢᠶᠡᠷ ᠬᠦᠴᠦ ᠨᠢ ᠰᠤᠯᠠᠷᠠᠵᠤ᠂ ᠲᠠᠩ ᠭᠦᠷᠦᠨ ᠳᠣᠷᠣᠨᠠᠲᠤ ᠲᠦᠷᠦᠭ ᠢ ᠬᠠᠷᠢᠶᠠᠯᠠᠯ ᠳᠤ ᠪᠠᠨ ᠠᠪᠴᠠᠢ᠃ ᠥᠷᠥᠨᠡᠲᠦ ᠲᠦᠷᠦᠭ ᠴᠤ ᠭᠡᠰᠡᠨ ᠳᠣᠲᠣᠷ᠎ᠠ ᠪᠠᠨ ᠤᠯᠠᠮ ᠡᠪᠳᠡᠷᠡᠴᠠᠢ᠂ ᠬᠣᠶᠠᠷ ᠲᠠᠯ᠎ᠠ ᠠᠴᠠ ᠨᠢ ᠠᠷᠠᠪ᠂ ᠬᠢᠲᠠᠳ ᠤᠳ ᠴᠣᠬᠢᠵᠤ ᠡᠬᠢᠯᠡᠵᠡᠢ᠃ 670 ᠪᠠ 682 ᠣᠨ ᠳᠤ ᠲᠤᠰ ᠲᠤᠰ ᠥᠷᠥᠨᠡᠲᠦ ᠲᠦᠷᠺ ᠪᠠ ᠳᠣᠷᠣᠨᠠᠲᠤ ᠲᠦᠷᠺ ᠳᠠᠬᠢᠨ ᠪᠠᠭ᠎ᠠ ᠵᠡᠷᠬᠡ ᠬᠦᠴᠦᠷᠬᠡᠭᠵᠢᠭᠰᠡᠨ ᠴᠤ ᠭᠡᠰᠡᠨ ᠤᠳᠠᠭᠠᠨ ᠲᠣᠭᠲᠠᠵᠤ ᠴᠢᠳᠠᠭᠰᠠᠨ ᠦᠭᠡᠢ᠃ 745 ᠣᠨ ᠳᠤ ᠲᠦᠷᠦᠭ ᠤᠯᠤᠰ ᠤᠨ ᠳᠣᠲᠣᠭᠠᠳᠤ ᠬᠢᠮᠤᠷᠠᠯ ᠭᠦᠨᠵᠡᠭᠡᠶᠢᠷᠡᠭᠰᠡᠨ ᠦᠶ᠎ᠡ ᠪᠡᠷ ᠤᠶᠢᠭᠤᠷ ᠠᠶᠢᠮᠠᠭ ᠤᠳ ᠪᠣᠰᠤᠯᠭ᠎ᠠ ᠭᠠᠷᠭᠠᠵᠤ᠂ ᠲᠦᠷᠦᠭ ᠤᠯᠤᠰ ᠢ ᠪᠦᠷᠢᠨ ᠮᠥᠬᠥᠭᠡᠵᠡᠢ᠃

ᠤᠶᠢᠭᠤᠷ ᠤᠯᠤᠰ (745-840)[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠶᠢᠭᠤᠷ ᠤᠳ 745 ᠣᠨ ᠳᠤ ᠫᠢᠯᠣ ᠬᠡᠮᠡᠬᠦ ᠬᠠᠭᠠᠨ ᠤ ᠦᠶ᠎ᠡ ᠳᠦ ᠲᠦᠷᠦᠭ ᠦᠳ ᠦᠨ ᠡᠰᠡᠷᠬᠦ ᠪᠣᠰᠤᠯᠭ᠎ᠠ ᠭᠠᠷᠭᠠᠵᠤ᠂ ᠳᠣᠷᠣᠨᠠᠲᠤ ᠲᠦᠷᠦᠭ ᠦᠨ ᠬᠠᠭᠠᠨᠲᠤ ᠤᠯᠤᠰ ᠢ ᠣᠷᠣᠯᠠᠵᠤ ᠤᠶᠢᠭᠤᠷ ᠤᠨ ᠬᠠᠭᠠᠨᠲᠤ ᠤᠯᠤᠰ ᠢ ᠪᠠᠶᠢᠭᠤᠯᠵᠠᠢ᠃ ᠫᠢᠯᠣᠭ ᠤᠨ ᠳᠠᠷᠠᠭ᠎ᠠ ᠬᠠᠭᠠᠨ ᠰᠠᠭᠤᠭᠰᠠᠨ ᠮᠣᠠᠨᠴᠤᠷ (747-759) ᠍ ᠤᠨ ᠦᠶ᠎ᠡ ᠳᠦ ᠤᠶᠢᠭᠤᠷ ᠤᠯᠤᠰ ᠬᠦᠴᠦᠷᠬᠡᠭᠵᠢᠵᠡᠢ᠃ 751 ᠣᠨ ᠳᠤ ᠣᠷᠬᠣᠨ ᠭᠣᠣᠯ ᠤᠨ ᠬᠥᠨᠳᠡᠶ  ᠳᠤ ᠬᠠᠷ᠎ᠠ ᠪᠠᠯᠭᠠᠰᠤ ᠨᠡᠶᠢᠰᠯᠡᠯ ᠢ ᠦᠨᠳᠦᠰᠦᠯᠡᠵᠡᠢ᠃ ᠤᠶᠢᠭᠤᠷ ᠤᠨ ᠬᠠᠭᠠᠨᠲᠤ ᠤᠯᠤᠰ ᠨᠢ ᠳᠡᠭᠡᠳᠦ ᠴᠡᠭ ᠲᠦ ᠪᠡᠨ ᠠᠯᠲᠠᠢ ᠠᠴᠠ ᠬᠢᠩᠭᠠᠨ ᠤ ᠨᠢᠷᠤᠭᠤ᠂ ᠰᠣᠶᠣᠩ ᠤ ᠨᠢᠷᠤᠭᠤ ᠠᠴᠠ ᠭᠣᠪᠢ ᠬᠦᠷᠳᠡᠯᠡᠬᠢ ᠭᠠᠵᠠᠷ ᠨᠤᠲᠤᠭ  ᠢ ᠵᠠᠬᠢᠷᠴᠤ ᠪᠠᠶᠢᠵᠠᠢ᠃ 755 ᠣᠨ ᠳᠤ ᠲᠠᠩ ᠤᠯᠤᠰ ᠲᠠᠷᠢᠶᠠᠴᠢᠳ ᠤᠨ ᠪᠣᠰᠤᠯᠭ᠎ᠠ ᠶᠢ ᠳᠠᠷᠤᠬᠤ ᠶᠢᠨ ᠲᠤᠯᠠᠳᠠ ᠤᠶᠢᠭᠤᠷ ᠤᠳ ᠢ ᠤᠷᠢᠵᠤ ᠠᠪᠴᠢᠷᠠᠵᠤ ᠪᠠᠶᠢᠵᠠᠢ᠃ 766 ᠣᠨ ᠠᠴᠠ ᠬᠣᠶᠢᠰᠢ 12 ᠵᠢᠯ ᠦᠨ ᠲᠤᠷᠰᠢ ᠲᠠᠩ ᠤᠯᠤᠰ ᠤᠶᠢᠭᠤᠷ ᠲᠤ ᠠᠯᠪᠠ ᠭᠤᠪᠴᠢᠭᠤᠷ ᠥᠭᠬᠦ ᠪᠣᠯᠵᠠᠢ᠃

ᠤᠶᠢᠭᠤᠷ ᠤᠳ ᠨᠢ ᠡᠮᠦᠨᠡᠬᠢ ᠨᠡᠭᠦᠳᠡᠯᠴᠢᠳ ᠡᠴᠡ ᠪᠡᠨ ᠢᠯᠡᠭᠦᠦ ᠶᠡᠬᠡ ᠰᠤᠶᠤᠯ ᠢ ᠬᠥᠭᠵᠢᠭᠦᠯᠵᠦ ᠰᠣᠭᠳᠠ ᠲᠦᠷᠦᠭ ᠦᠨ ᠪᠢᠴᠢᠭ ᠢ ᠰᠠᠶᠢᠵᠢᠷᠠᠭᠤᠯᠵᠤ ᠥᠪᠡᠷ ᠦᠨ ᠪᠢᠴᠢᠭ ᠦᠰᠦᠭ ᠲᠡᠢ ᠪᠣᠯᠤᠭᠰᠠᠨ ᠪᠥᠭᠡᠳ ᠡᠭᠦᠨ ᠢ ᠬᠣᠵᠢᠮ ᠤᠨ ᠨᠡᠭᠦᠳᠡᠯᠴᠢᠳ ᠥᠪᠯᠡᠨ ᠬᠡᠷᠡᠭᠯᠡᠬᠦ ᠪᠣᠯᠵᠠᠢ᠃

ᠤᠶᠢᠭᠤᠷ ᠤᠨ ᠬᠠᠭᠠᠨᠲᠤ ᠤᠯᠤᠰ 840 ᠣᠨ ᠳᠤ ᠶᠡᠨᠢᠰᠧᠢᠨ ᠬᠢᠷᠭᠢᠰ ᠦᠳ ᠲᠦ ᠴᠣᠬᠢᠭᠳᠠᠨ ᠪᠤᠲᠠᠷᠠᠵᠠᠢ᠂ ᠲᠡᠳᠡᠨ ᠦ ᠵᠠᠷᠢᠮ ᠨᠢ ᠰᠢᠨᠵᠶᠠᠩ ᠳᠤ ᠣᠴᠢᠵᠤ᠂ ᠰᠢᠨ᠎ᠡ ᠤᠯᠤᠰ ᠪᠠᠶᠢᠭᠤᠯᠤᠭᠰᠠᠨ ᠠᠵᠡᠢ᠃ ᠤᠶᠢᠭᠤᠷᠴᠤᠳ ᠮᠣᠩᠭᠣᠯ ᠳᠤ ᠪᠠᠶᠢᠬᠤ ᠳᠤ ᠪᠠᠨ ᠢᠯᠡᠭᠦᠦ ᠮᠣᠩᠭᠣᠯᠵᠢᠭᠤᠨ ᠲᠥᠷᠬᠥ ᠲᠡᠢ ᠪᠠᠶᠢᠭᠰᠠᠨ ᠴᠤ ᠤᠷᠤᠭᠰᠢ ᠨᠡᠭᠦᠳᠡᠯᠯᠡᠨ ᠧᠦᠢᠷᠣᠫᠠᠴᠤᠳ ᠲᠠᠢ ᠬᠣᠯᠢᠯᠳᠤᠨ ᠥᠪᠡᠷᠲᠡᠭᠡᠨ ᠠᠭᠤᠰᠤᠭᠰᠠᠨ ᠠᠴᠠ ᠶᠡᠬᠡᠬᠡᠨ ᠧᠦᠷᠣᠫᠠᠵᠢᠭᠤ ᠲᠥᠷᠬᠥ ᠲᠡᠢ ᠪᠣᠯᠵᠠᠢ᠃

ᠶᠡᠨᠢᠰᠧᠢᠨ ᠺᠢᠷᠭᠢᠽᠢ ᠨᠦᠭᠦᠳ ᠬᠤᠷᠢᠭᠠᠳ ᠵᠢᠯ ᠦᠷᠭᠦᠯᠵᠢᠯᠡᠭᠰᠡᠨ ᠪᠣᠰᠤᠯᠭ᠎ᠠ ᠶᠢᠨ ᠡᠴᠦᠰ ᠲᠦ 840 ᠣᠨ ᠳᠤ ᠤᠶᠢᠭᠤᠷ ᠤᠯᠤᠰ ᠤᠨ ᠨᠡᠶᠢᠰᠯᠡᠯ ᠣᠷᠣᠳᠤᠪᠠᠯ ᠢᠺ ᠢ ᠳᠣᠪᠲᠣᠯᠤᠨ ᠤᠶᠢᠭᠤᠷ ᠤᠯᠤᠰ ᠢ ᠤᠨᠠᠭᠠᠨ ᠺᠢᠷᠭᠢᠽᠢ ᠶᠢᠨ ᠤᠳᠤᠷᠢᠳᠤᠭᠴᠢ ᠠᠵᠣ ᠥᠪᠡᠷ ᠦᠨ ᠤᠯᠤᠰ ᠢ ᠪᠠᠶᠢᠭᠤᠯᠵᠠᠢ᠃ ᠤᠶᠢᠭᠤᠷ ᠤᠯᠤᠰ ᠤᠨᠠᠭᠰᠠᠨ ᠢᠶᠠᠷ ᠮᠣᠩᠭᠣᠯ ᠳᠠᠬᠢ ᠲᠦᠷᠦᠭ ᠦᠨ ᠨᠣᠶᠠᠷᠬᠠᠯ ᠦᠨᠳᠦᠰᠦᠨ ᠳᠦ ᠪᠡᠨ ᠲᠡᠭᠦᠰᠬᠡᠯ ᠪᠣᠯᠤᠭᠰᠠᠨ ᠭᠡᠰᠡᠨ ᠦᠵᠡᠯ ᠢ ᠳᠡᠯᠡᠬᠡᠢ ᠶᠢᠨ ᠡᠷᠳᠡᠮᠲᠡᠳ ᠳᠡᠮᠵᠢᠳᠡᠭ ᠪᠥᠭᠡᠳ ᠺᠢᠷᠭᠢᠽᠢ ᠶᠢᠨ ᠴᠡᠷᠢᠭ ᠦᠳ ᠲᠦ ᠬᠥᠭᠡᠭᠡᠭᠳᠡᠭᠰᠡᠨ ᠤᠶᠢᠭᠤᠷ ᠤᠳ ᠪᠣᠭᠣᠨᠢ ᠬᠤᠭᠤᠴᠠᠭᠠᠨ ᠳᠤ ᠮᠣᠩᠭᠣᠯ ᠢ ᠣᠷᠬᠢᠨ ᠤᠷᠤᠭᠰᠢ ᠨᠡᠭᠦᠭᠰᠡᠨ ᠢᠶᠡᠷ ᠮᠣᠩᠭᠣᠯ ᠤᠨ ᠥᠨᠳᠥᠷᠯᠢᠭ ᠲᠤ ᠲᠦᠷᠦᠭ ᠤᠭᠰᠠᠭᠠᠨ ᠤ ᠣᠪᠤᠭ ᠠᠶᠢᠮᠠᠭ ᠤᠳ ᠪᠠᠷᠤᠭ ᠦᠯᠡᠳᠡᠭᠡ ᠦᠭᠡᠢ ᠪᠠᠶᠢᠨ᠎ᠠ᠃ ᠺᠢᠷᠭᠢᠽᠢ ᠶᠢᠨ ᠴᠡᠷᠢᠭ ᠲᠡᠳᠡᠨ ᠢ ᠲᠩᠷᠢ ᠠᠭᠤᠯᠠ ᠬᠦᠷᠲᠡᠯ᠎ᠡ ᠦᠯᠡᠳᠡᠨ ᠬᠥᠭᠡᠭᠡᠵᠦ ᠨᠡᠶᠢᠰᠯᠡᠯ ᠣᠷᠣᠳᠤᠪᠠᠯ ᠢᠺ ᠢ ᠲᠣᠨᠣᠨ ᠳᠡᠭᠡᠷᠡᠮᠳᠡᠭᠰᠡᠨ ᠪᠠᠶᠢᠨ᠎ᠠ᠃ ᠲᠦᠷᠦᠭ ᠦᠳ ᠮᠣᠩᠭᠣᠯ ᠤᠨ ᠥᠨᠳᠥᠷᠯᠢᠭ ᠡᠴᠡ ᠨᠡᠭᠦᠩᠭᠦᠲᠡ ᠤᠷᠢᠳᠤ ᠨᠢ ᠲᠦᠷᠦᠭ ᠦᠨ ᠳᠣᠪᠲᠣᠯᠭᠠᠨ ᠳᠤ ᠰᠢᠬᠠᠭᠳᠠᠨ ᠵᠡᠭᠦᠨ ᠵᠦᠭ ᠨᠡᠭᠦᠭᠰᠡᠨ ᠮᠣᠩᠭᠣᠯ ᠣᠪᠤᠭ ᠠᠶᠢᠮᠠᠭ ᠤᠳ ᠡᠬᠡ ᠨᠤᠲᠤᠭ ᠲᠤ ᠪᠠᠨ ᠡᠷᠭᠢᠨ ᠢᠷᠡᠵᠦ ᠰᠠᠭᠤᠭᠰᠠᠨ ᠪᠠᠶᠢᠨ᠎ᠠ᠃

ᠺᠢᠷᠭᠢᠽᠢ ᠶᠢᠨ ᠪᠣᠯᠤᠨ ᠳᠡᠯᠡᠬᠡᠢ ᠶᠢᠨ ᠵᠠᠷᠢᠮ ᠲᠡᠦᠬᠡᠴᠢᠳ ᠤᠶᠢᠭᠤᠷ ᠤᠯᠤᠰ ᠤᠨᠠᠭᠰᠠᠨ ᠤ ᠳᠠᠷᠠᠭ᠎ᠠ ᠺᠢᠷᠭᠢᠽᠢ ᠶᠢᠨ ᠬᠠᠭᠠᠨᠲᠤ ᠤᠯᠤᠰ ᠣᠳᠣ ᠶᠢᠨ ᠮᠣᠩᠭᠣᠯ᠂ ᠥᠪᠥᠷ ᠮᠣᠩᠭᠣᠯ᠂ ᠲᠤᠸᠠ᠂ ᠬᠠᠺᠠᠰ᠂ ᠶᠡᠨᠢᠰᠧᠢ ᠮᠥᠷᠡᠨ ᠦ ᠰᠠᠪᠠ ᠭᠠᠵᠠᠷ ᠵᠡᠷᠭᠡ ᠬᠡᠳᠦᠨ ᠰᠠᠶ᠎ᠠ ᠺᠣᠸᠠᠲ km ᠨᠤᠲᠤᠭ ᠢ ᠵᠠᠬᠢᠷᠴᠢ ᠪᠠᠶᠢᠭᠠᠳ 924 ᠣᠨ ᠳᠤ ᠬᠢᠳᠠᠨ ᠤᠯᠤᠰ ᠤᠨ ᠳᠣᠪᠲᠣᠯᠭᠠᠨ ᠢᠶᠠᠷ ᠡᠵᠡᠯᠡᠭᠰᠡᠨ ᠭᠠᠵᠠᠷ ᠢᠶᠠᠨ ᠠᠯᠠᠳᠠᠭᠰᠠᠨ ᠭᠡᠵᠦ ᠦᠵᠡᠳᠡᠭ ᠴᠤ ᠡᠨᠡ ᠦᠨᠳᠦᠰᠦᠯᠡᠯ ᠮᠠᠭᠤ ᠲᠠᠢ ᠶᠤᠮ᠃ ᠦᠨᠡᠨ ᠬᠡᠷᠡᠭ ᠳᠡᠭᠡᠷ᠎ᠡ ᠪᠡᠨ ᠶᠡᠨᠢᠰᠧᠢᠨ ᠺᠢᠷᠭᠢᠽᠢ ᠨᠦᠭᠦᠳ ᠦᠨ ᠡᠵᠡᠮᠰᠢᠯ ᠨᠢ ᠲᠡᠳᠦᠶᠢᠯᠡᠨ ᠶᠡᠬᠡ ᠲᠡᠯᠡᠭᠰᠡᠨ  ᠦᠬᠡᠢ ᠪᠥᠭᠡᠳ ᠲᠤᠸᠠ᠂ ᠬᠠᠺᠠᠰ ᠵᠡᠷᠭᠡ ᠶᠡᠨᠢᠰᠧᠢ ᠮᠥᠷᠡᠨ ᠦ ᠰᠠᠪᠠ ᠭᠠᠵᠠᠷ ᠤᠨ ᠬᠡᠳᠦᠨ ᠵᠠᠭᠤᠨ ᠮᠢᠩᠭᠠᠨ ᠺᠣᠸᠠᠲ km ᠭᠠᠵᠠᠷ ᠢ ᠯᠠ ᠬᠠᠮᠤᠷᠴᠤ ᠪᠠᠶᠢᠵᠠᠢ᠃

ᠲᠥᠪ ᠠᠽᠢᠶ᠎ᠠ ᠳᠡᠬᠢ ᠡᠷᠲᠡᠨ ᠦ ᠤᠯᠤᠰ ᠤᠳ ᠤᠨ ᠲᠡᠦᠬᠡ ᠶᠢ ᠰᠤᠳᠤᠯᠬᠤ ᠳᠤ ᠡᠷᠲᠡᠨ ᠦ ᠬᠢᠲᠠᠳ ᠤᠨ ᠣᠨ ᠲᠣᠭᠠᠯᠠᠯ ᠤᠨ ᠪᠢᠴᠢᠭ ᠦᠳ ᠢ ᠶᠡᠬᠡᠬᠡᠨ ᠠᠰᠢᠭᠯᠠᠳᠠᠭ ᠪᠠ ᠺᠢᠷᠭᠢᠽᠢ ᠶᠢᠨ ᠤᠯᠤᠰ ᠣᠷᠣᠰᠢᠨ ᠲᠣᠭᠲᠠᠨᠢᠵᠤ ᠪᠠᠶᠢᠭᠰᠠᠨ ᠭᠡᠬᠦ ᠪᠠᠲᠤ ᠲᠠᠢ ᠪᠠᠷᠢᠮᠲᠠ ᠡᠷᠲᠡᠨ ᠦ ᠬᠢᠲᠠᠳ ᠤᠨ ᠲᠡᠦᠬᠡ ᠶᠢᠨ ᠨᠣᠮ ᠨᠤᠭᠤᠳ ᠲᠤ ᠪᠠᠶᠢᠳᠠᠭ ᠦᠭᠡᠢ᠃ ᠲᠡᠦᠬᠡᠴᠢᠳ ᠬᠢᠲᠠᠳ ᠬᠡᠯᠡ ᠳᠡᠭᠡᠷᠡᠬᠢ ᠮᠡᠳᠡᠭᠡᠯᠡᠯ ᠢ ᠤᠩᠰᠢᠬᠤ ᠳᠤ ᠪᠠᠨ ᠠᠯᠳᠠᠭ᠎ᠠ ᠭᠠᠷᠭᠠᠭᠰᠠᠨ ᠠᠴᠠ ᠺᠢᠷᠭᠢᠽᠢ ᠶᠢᠨ ᠤᠯᠤᠰ ᠨᠡᠯᠢᠶᠡᠳ  ᠲᠣᠮᠣ ᠭᠠᠵᠠᠷ ᠲᠠᠢ᠂ ᠨᠡᠯᠢᠶᠡᠳ ᠶᠡᠬᠡ ᠬᠤᠭᠤᠴᠠᠭᠠᠨ ᠳᠤ ᠣᠷᠣᠰᠢᠨ ᠲᠣᠭᠲᠠᠨᠢᠵᠤ ᠪᠠᠶᠢᠭᠰᠠᠨ ᠭᠡᠰᠡᠨ ᠠᠯᠳᠠᠭ᠎ᠠ ᠲᠠᠢ ᠳ᠋ᠦᠩᠨᠡᠯᠲᠡ ᠳᠦ ᠬᠦᠷᠴᠡᠢ᠃ ᠮᠥᠨ ᠺᠢᠷᠭᠢᠽ ᠤᠯᠤᠰ ᠤᠨ ᠤᠳᠤᠷᠢᠳᠤᠭᠴᠢ "ᠢᠨᠠᠯ" ᠭᠡᠰᠡᠨ ᠴᠣᠯᠠ ᠲᠠᠢ ᠪᠠᠶᠢᠭᠰᠠᠨ ᠪᠠ ᠬᠠᠨ᠂ ᠬᠠᠭᠠᠨ ᠴᠣᠯᠠ ᠬᠡᠷᠡᠭᠯᠡᠳᠡᠭ ᠦᠭᠡᠢ ᠪᠠᠶᠢᠪᠠ᠃

924 ᠣᠨ ᠳᠤ ᠬᠢᠳᠠᠨ ᠤᠯᠤᠰ ᠤᠨ ᠴᠡᠷᠢᠭ ᠮᠣᠩᠭᠣᠯ ᠤᠨ ᠡᠵᠡᠯᠡᠬᠦ ᠳᠦ ᠮᠣᠩᠭᠣᠯ ᠳᠤ ᠺᠢᠷᠭᠢᠽᠢ ᠨᠦᠭᠦᠳ ᠪᠠᠶᠢᠭ᠎ᠠ ᠦᠭᠡᠢ ᠨᠢ ᠺᠢᠷᠭᠢᠽ ᠤᠯᠤᠰ ᠮᠣᠩᠭᠣᠯ ᠢ ᠵᠠᠬᠢᠷᠴᠤ ᠪᠠᠶᠢᠭ᠎ᠠ ᠦᠭᠡᠢ ᠶᠢ ᠪᠠᠲᠤᠯᠠᠳᠠᠭ᠃

ᠬᠢᠷᠭᠢᠰ ᠦᠳ ᠨᠢ ᠨᠡᠭᠦᠳᠡᠯᠴᠢᠨ ᠠᠷᠠᠳ ᠲᠦᠮᠡᠨ ᠪᠠᠶᠢᠭᠰᠠᠨ ᠪᠥᠭᠡᠳ ᠠᠵᠣ ᠬᠠᠭᠠᠨ ᠤ 12 ᠬᠥᠪᠡᠭᠦᠨ ᠨᠢ ᠲᠡᠭᠦᠨ ᠦ ᠤᠯᠤᠰ ᠢ ᠠᠪᠴᠤ ᠴᠢᠳᠠᠯ ᠦᠭᠡᠢ ᠪᠤᠲᠠᠷᠠᠨ ᠳᠣᠷᠣᠶᠢᠳᠠᠬᠤ ᠳᠤ ᠬᠦᠷᠭᠡᠭᠰᠡᠨ ᠪᠠᠶᠢᠨ᠎ᠠ᠃ ᠬᠢᠷᠭᠢᠰ ᠦᠳ ᠬᠠᠺᠠᠰ ᠳᠤ ᠲᠥᠪᠯᠡᠨ ᠰᠠᠭᠤᠷᠢᠰᠢᠵᠤ ᠪᠠᠶᠢᠵᠠᠢ᠃

ᠰᠤᠳᠤᠷ ᠤᠨ ᠴᠢᠭᠤᠯᠭᠠᠨ ᠳᠤ ᠳᠤᠷᠠᠳᠤᠭᠰᠠᠨ ᠢᠶᠠᠷ ᠤᠶᠢᠭᠤᠷ ᠤᠨ ᠳᠠᠷᠠᠭ᠎ᠠ ᠲᠠᠲ᠋ᠠᠷ ᠦᠳ ᠬᠦᠴᠦᠷᠬᠡᠭᠵᠢᠨ ᠮᠣᠩᠭᠣᠯ ᠤᠨ ᠨᠤᠲᠤᠭ ᠲᠤ ᠨᠥᠯᠥᠭᠡ ᠪᠡᠨ ᠲᠣᠭᠲᠠᠭᠠᠭᠰᠠᠨ ᠭᠡᠳᠡᠭ ᠲᠤᠯᠠ ᠲᠦᠷᠦᠭ ᠦᠨ ᠦᠶ᠎ᠡ 840 ᠣᠨ ᠳᠤ ᠳᠠᠭᠤᠰᠤᠭᠰᠠᠨ ᠭᠡᠬᠦ ᠦᠨᠳᠦᠰᠦ ᠲᠡᠢ ᠶᠤᠮ᠃

ᠬᠢᠳᠠᠨ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠬᠢᠲᠠᠨ ᠤᠯᠤᠰ
ᠬᠢᠳᠠᠨ
ᠬᠢᠳᠠᠨ

ᠬᠠᠳᠠᠨ ᠪᠤᠶᠤ ᠬᠢᠲᠠᠨ ᠨᠠᠷ ᠨᠢ 4, 5 ᠍ ᠳᠦᠭᠡᠷ ᠵᠠᠭᠤᠨ ᠤ ᠦᠶ᠎ᠡ ᠳᠦ ᠴᠠᠭᠠᠨ ᠬᠡᠷᠡᠮ ᠦᠨ ᠬᠣᠶᠢᠨ᠎ᠠ ᠨᠡᠭᠦᠳᠡᠯᠯᠡᠨ ᠠᠮᠢᠳᠤᠷᠠᠵᠤ ᠪᠠᠶᠢᠭᠰᠠᠨ ᠪᠠ ᠡᠭᠦᠨ ᠦ ᠤᠯᠠᠮ ᠠᠴᠠ ᠨᠡᠭᠦᠳᠡᠯᠴᠢᠨ ᠠᠷᠠᠳ ᠢᠷᠭᠡᠳ ᠡᠴᠡ ᠬᠠᠮᠤᠭ ᠤᠨ ᠶᠡᠬᠡ ᠬᠢᠲᠠᠳᠴᠢᠯᠠᠭᠳᠠᠭᠰᠠᠨ ᠨᠢ ᠪᠠᠶᠢᠯ᠎ᠠ᠃ 917 ᠣᠨ ᠳᠤ ᠬᠢᠳᠠᠨ ᠤ ᠲᠡᠷᠢᠭᠦᠯᠡᠭᠴᠢ ᠠᠮᠪᠠᠭᠢᠨ 3 ᠵᠢᠯ  ᠳᠦ ᠨᠢᠬᠡ ᠤᠳᠠᠭ᠎ᠠ ᠲᠡᠷᠢᠭᠦᠯᠡᠭᠴᠢ ᠶᠢ ᠰᠣᠩᠭᠣᠵᠤ ᠭᠠᠷᠭᠠᠳᠠᠭ ᠵᠢᠷᠤᠮ ᠢ ᠵᠥᠷᠢᠴᠡᠨ᠂ ᠬᠢᠳᠠᠨ ᠤ ᠬᠠᠭᠠᠨ ᠰᠢᠷᠡᠭᠡ ᠶᠢ ᠦᠶ᠎ᠡ ᠤᠯᠠᠷᠢᠨ ᠵᠠᠯᠭᠠᠮᠵᠢᠯᠠᠬᠤ ᠪᠣᠯᠭᠠᠪᠠ᠃ ᠮᠥᠨ ᠬᠢᠳᠠᠨ ᠤ ᠬᠠᠭᠤᠴᠢᠨ 8 ᠠᠶᠢᠮᠠᠭ ᠢ ᠦᠨᠳᠦᠰᠦ ᠪᠣᠯᠭᠠᠵᠤ᠂ ᠬᠢᠳᠠᠨ ᠤᠯᠤᠰ ᠢ ᠪᠠᠶᠢᠭᠤᠯᠵᠠᠢ᠃ ᠬᠢᠳᠠᠨᠴᠤᠤᠳ ᠨᠢ ᠰᠣᠯᠣᠩᠭᠣᠰ᠂ ᠮᠠᠨᠵᠤᠤᠷ᠂ ᠮᠥᠨ ᠬᠡᠷᠡᠯᠦᠨᠲᠣᠣᠯᠠᠣᠷᠬᠣᠨ ᠭᠣᠣᠯ ᠤᠨ ᠬᠥᠨᠳᠡᠢ ᠨᠦᠭᠦᠳ ᠢ ᠵᠠᠬᠢᠷᠴᠤ ᠪᠠᠶᠢᠵᠠᠢ᠃ ᠤᠯᠠᠮ ᠬᠦᠴᠦᠷᠬᠡᠭᠵᠢᠵᠦ ᠬᠢᠲᠠᠳ ᠢ ᠡᠵᠡᠯᠡᠵᠦ ᠡᠬᠢᠯᠡᠭᠰᠡᠨ ᠢᠶᠡᠷ ᠯᠢᠶᠣᠣ ᠭᠦᠷᠦᠨ ᠬᠡᠮᠡᠨ ᠨᠡᠷᠡᠶᠢᠳᠬᠦ ᠪᠣᠯᠵᠠᠢ᠃ ᠬᠢᠳᠠᠨ ᠤᠯᠤᠰ ᠨᠢ ᠬᠣᠶᠠᠷ ᠶᠠᠩᠵᠤ ᠶᠢᠨ ᠠᠮᠢᠳᠤᠷᠠᠯ ᠲᠠᠢ ᠢᠷᠭᠡᠳ ᠡᠴᠡ ᠲᠣᠭᠲᠠᠵᠤ ᠪᠠᠶᠢᠵᠠᠢ: ᠬᠣᠶᠢᠳᠤ ᠲᠠᠯ᠎ᠠ ᠳᠤ ᠪᠠᠨ ᠪᠡᠯᠴᠢᠭᠡᠷ ᠦᠨ ᠮᠠᠯ ᠠᠵᠤ ᠠᠬᠤᠢ ᠡᠷᠬᠢᠯᠡᠳᠡᠭ ᠠᠷᠠᠳ᠂ ᠡᠮᠦᠨᠡᠲᠦ ᠲᠠᠯ᠎ᠠ ᠳᠤ ᠪᠠᠨ ᠭᠠᠵᠠᠷ ᠲᠠᠷᠢᠶᠠᠯᠠᠩ ᠡᠷᠬᠢᠯᠡᠳᠡᠭ ᠠᠷᠠᠳ᠃ ᠡᠨᠡ 2 ᠬᠡᠰᠡᠭ ᠨᠢ ᠪᠡᠶ᠎ᠡ ᠪᠡᠶᠡᠨ ᠲᠡᠢ ᠪᠡᠨ ᠬᠤᠳᠠᠯᠳᠤᠭ᠎ᠠ ᠮᠠᠢᠢᠮᠠᠢ ᠥᠷᠭᠡᠨ ᠬᠢᠳᠡᠭ ᠪᠠᠶᠢᠴᠠᠢ᠃ ᠬᠢᠳᠠᠨᠴᠤᠤᠳ ᠨᠢ ᠬᠠᠨᠵᠤ ᠪᠦᠬᠦᠢ ᠬᠢᠳᠠᠨ ᠤ ᠶᠡᠬᠡ ᠪᠢᠴᠢᠭ᠂ ᠴᠠᠭᠠᠨ ᠲᠣᠯᠣᠭᠠᠢ ᠪᠦᠬᠦᠢ ᠬᠢᠳᠠᠨ ᠤ ᠪᠠᠭ᠎ᠠ ᠪᠢᠴᠢᠭ ᠬᠡᠮᠡᠬᠦ ᠬᠣᠶᠠᠷ ᠲᠥᠷᠥᠯ ᠦᠨ ᠪᠢᠴᠢᠭ ᠲᠡᠢ ᠪᠠᠶᠢᠵᠠᠢ᠃ ᠬᠢᠳᠠᠨ ᠤ ᠶᠡᠬᠡ ᠪᠢᠴᠢᠭ ᠢ 920 ᠣᠨ ᠳᠤ ᠠᠮᠪᠠᠭᠢᠨ ᠤ ᠠᠴᠢ ᠬᠦᠦ ᠯᠤᠶᠢᠪᠠᠭᠤ᠂ ᠡᠷᠳᠡᠮᠲᠡᠨ ᠲᠤᠯᠦᠢᠪᠦ᠋ ᠬᠣᠶᠠᠷ ᠬᠢᠲᠠᠳ ᠪᠢᠴᠢᠭ ᠡᠴᠡ ᠦᠯᠢᠭᠡᠷ ᠠᠪᠴᠤ ᠵᠣᠬᠢᠶᠠᠵᠠᠢ᠃ ᠬᠠᠷᠢᠨ ᠠᠮᠪᠠᠭᠢᠨ ᠤ ᠬᠦᠦ ᠶᠡᠯᠦᠢ ᠲᠦᠯ ᠤᠶᠢᠭᠤᠷ ᠪᠢᠴᠢᠭ ᠡᠴᠡ ᠦᠯᠢᠭᠡᠷᠯᠡᠨ ᠵᠣᠬᠢᠶᠠᠭᠰᠠᠨ ᠪᠢᠴᠢᠭ ᠨᠢ ᠬᠢᠳᠠᠨ ᠤ ᠪᠠᠭ᠎ᠠ ᠪᠢᠴᠢᠭ ᠬᠡᠮᠡᠨ ᠠᠯᠳᠠᠷᠰᠢᠵᠠᠢ᠃ ᠬᠢᠳᠠᠨᠴᠤᠤᠳ ᠪᠥᠭᠡ ᠮᠥᠷᠭᠥᠯ ᠰᠢᠲᠦᠬᠦ ᠨᠢ ᠪᠠᠭᠠᠰᠴᠣ ᠪᠤᠳ᠋ᠳ᠋ᠾᠠ ᠶᠢᠨ ᠱᠠᠰᠢᠨ ᠢ ᠶᠡᠬᠡ ᠪᠡᠷ ᠰᠢᠲᠦᠵᠦ ᠪᠠᠶᠢᠪᠠ᠃ ᠬᠢᠳᠠᠨ ᠤᠯᠤᠰ ᠡᠮᠦᠨᠡᠲᠦ ᠲᠠᠯ᠎ᠠ ᠪᠠᠷ ᠢᠶᠠᠨ ᠬᠢᠲᠠᠳ ᠤᠨ ᠰᠦᠩ ᠭᠦᠷᠦᠨ ᠲᠡᠢ ᠱᠠᠨ ᠰᠢ ᠪᠠᠷ ᠬᠢᠯᠢᠯᠡᠨ᠂ 200 ᠣᠷᠴᠢᠮ ᠵᠢᠯ ᠦᠨ ᠲᠤᠷᠰᠢ ᠵᠦᠷᠴᠢᠨᠴᠤᠳ ᠦᠨ ᠠᠯᠲᠠᠨ ᠤᠯᠤᠰ ᠪᠠᠶᠢᠭᠤᠯᠤᠭᠳᠠᠬᠤ ᠬᠦᠷᠲᠡᠯ᠎ᠡ ᠣᠷᠣᠰᠢᠨ ᠲᠣᠭᠲᠠᠨᠢᠵᠠᠢ᠃ ᠬᠢᠲᠠᠳ᠂ ᠵᠦᠷᠴᠢᠨᠴᠤᠳ ᠲᠦ ᠴᠣᠬᠢᠭᠤᠯᠵᠤ ᠪᠡᠭᠡᠵᠢᠩ ᠢ ᠪᠤᠯᠢᠶᠠᠯᠭᠠᠭᠰᠠᠨ ᠡᠴᠡ 100 000 ᠨᠡᠭᠦᠳᠡᠯᠴᠢᠨ ᠬᠢᠳᠠᠨᠴᠤᠤᠳ ᠪᠠᠷᠠᠭᠤᠨ ᠲᠡᠰᠢ ᠨᠡᠭᠦᠨ 1128 ᠣᠨ ᠳᠤ ᠺᠠᠱᠺᠠᠷᠲ ᠬᠦᠷᠴᠦ᠂ ᠲᠡᠨᠳᠡ ᠪᠡᠨ ᠬᠠᠷ᠎ᠠ ᠬᠢᠳᠠᠨ ᠬᠡᠮᠡᠬᠦ ᠬᠦᠴᠦᠷᠬᠡᠭ ᠬᠠᠭᠠᠨᠲᠤ ᠤᠯᠤᠰ ᠢ ᠪᠠᠶᠢᠭᠤᠯᠵᠠᠢ᠃ ᠡᠨᠡ ᠨᠡᠭᠦᠳᠡᠯ ᠳᠦ ᠰᠠᠭᠤᠷᠢᠰᠢᠮᠠᠯ ᠬᠢᠳᠠᠨᠴᠤᠤᠳ ᠪᠠᠷᠤᠭ ᠣᠷᠣᠯᠴᠠᠭ᠎ᠠ ᠦᠭᠡᠢ᠃

ᠳᠤᠮᠳᠠᠳᠤ ᠵᠠᠭᠤᠨ ᠤ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

12 ᠍ ᠳᠦᠭᠡᠷ ᠵᠠᠭᠤᠨ ᠤ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

Mongol Empire c.1207.png

12, 13 ᠍ ᠳᠦᠭᠡᠷ ᠵᠠᠭᠤᠨ ᠤ ᠡᠬᠢ ᠪᠡᠷ ᠣᠳᠣ ᠶᠢᠨ ᠮᠣᠩᠭᠣᠯ ᠨᠤᠲᠤᠭ ᠲᠤ ᠨᠢᠭᠡᠳᠦᠭᠰᠡᠨ ᠵᠠᠬᠢᠷᠭᠠᠨ ᠦᠭᠡᠢ᠂ ᠪᠡᠶ᠎ᠡ ᠪᠡᠶᠡᠨ ᠲᠡᠢ ᠪᠡᠨ ᠥᠷᠢᠰᠦᠯᠳᠦᠳᠡᠭ ᠣᠯᠠᠨ ᠪᠡᠶ᠎ᠡ ᠪᠡᠨ ᠳᠠᠭᠠᠭᠰᠠᠨ ᠮᠣᠩᠭᠣᠯ ᠠᠶᠢᠮᠠᠭ ᠤᠳ ᠣᠷᠣᠰᠢᠨ ᠲᠣᠭᠳᠠᠨᠢᠵᠤ ᠪᠠᠶᠢᠵᠠᠢ᠃

ᠲᠤᠰ ᠲᠤᠰ ᠪᠠᠶᠢᠯ᠎ᠠ᠃ ᠬᠣᠵᠢᠮ ᠨᠢ ᠡᠳᠡᠭᠡᠷ ᠡᠴᠡ ᠬᠠᠮᠤᠭ ᠮᠣᠩᠭᠣᠯ ᠬᠦᠴᠦᠷᠬᠡᠭᠵᠢᠨ ᠪᠤᠰᠤᠳ ᠢ ᠪᠠᠨ ᠵᠠᠬᠢᠷᠬᠤ ᠪᠣᠯᠤᠭᠰᠠᠨ ᠶᠤᠮ᠃ ᠬᠠᠮᠤᠭ ᠮᠣᠩᠭᠣᠯ ᠪᠣᠷᠵᠢᠭᠢᠨ ᠣᠪᠤᠭ ᠤᠨ ᠬᠠᠪᠤᠯ ᠬᠠᠨ  ᠦ ᠦᠶ᠎ᠡ ᠳᠦ ᠨᠢᠭᠡ ᠬᠡᠰᠡᠭ ᠬᠦᠴᠦᠷᠬᠡᠭᠵᠢᠵᠦ ᠪᠠᠶᠢᠭᠰᠠᠨ ᠢᠶᠠᠨ ᠳᠠᠷᠠᠭ᠎ᠠ ᠶᠢᠨ ᠬᠡᠳᠦᠨ ᠦᠶ᠎ᠡ ᠳᠡᠬᠡᠨ ᠳᠠᠷᠤᠭᠳᠠᠵᠠᠢ᠃ ᠲᠡᠭᠦᠨ ᠦ ᠳᠠᠷᠠᠭ᠎ᠠ ᠲᠠᠶᠢᠴᠢᠭᠤᠳ ᠤᠨ ᠠᠮᠪᠠᠭᠠᠢ ᠬᠠᠨ ᠴᠣᠯᠠ ᠶᠢ ᠠᠪᠴᠠᠢ᠃ ᠠᠮᠪᠠᠭᠠᠢ ᠬᠠᠨ ᠦᠬᠢᠨ ᠢᠶᠠᠨ ᠲᠠᠲ᠋ᠠᠷ ᠲᠤ ᠥᠭᠬᠦ ᠪᠡᠷ ᠶᠠᠪᠤᠵᠤ ᠪᠠᠶᠢᠬᠤ ᠳᠤ ᠪᠠᠨ ᠲᠠᠲ᠋ᠠᠷ ᠤᠳ ᠲᠤ ᠣᠯᠵᠠᠯᠠᠭᠳᠠᠵᠠᠢ᠃ ᠲᠠᠲ᠋ᠠᠷ ᠤᠳ ᠠᠮᠪᠠᠭᠠᠢ ᠶᠢ ᠵᠦᠷᠴᠢᠨᠴᠤᠳ ᠲᠦ ᠥᠭᠴᠦ ᠴᠠᠭᠠᠵᠠᠯᠠᠭᠤᠯᠵᠠᠢ᠃ ᠡᠨᠡ ᠦᠶᠡᠰ ᠲᠠᠲ᠋ᠠᠷ ᠤᠳ ᠲᠤ ᠦᠰ ᠬᠣᠨᠵᠢᠨ ᠲᠠᠢ ᠪᠣᠯᠵᠤ᠂ ᠬᠠᠪᠤᠯ ᠬᠠᠨ ᠤ ᠬᠦᠦ ᠬᠣᠲᠠᠯᠠ ᠳᠠᠷᠠᠭ᠎ᠠ ᠨᠢ ᠬᠠᠮᠤᠭ ᠮᠣᠩᠭᠣᠯ ᠤᠨ ᠬᠠᠨ  ᠳᠤ ᠡᠷᠭᠦᠮᠵᠢᠯᠡᠭᠳᠡᠬᠦ ᠳᠦ ᠲᠠᠲ᠋ᠠᠷ ᠤᠨ ᠡᠰᠡᠷᠬᠦ 13 ᠤᠳᠠᠭ᠎ᠠ ᠳᠠᠶᠢᠲᠤᠵᠠᠢ᠃ ᠬᠣᠲᠠᠯᠠ ᠬᠠᠨ ᠤ ᠬᠣᠵᠢᠮ ᠤᠨ ᠤᠳᠤᠷᠢᠳᠤᠭᠴᠢᠳ ᠨᠢ ᠬᠠᠮᠤᠭ ᠮᠣᠩᠭᠣᠯ ᠤᠨ ᠬᠠᠨ ᠴᠣᠯᠠ ᠦᠭᠡᠢ ᠪᠠᠶᠢᠭᠰᠠᠨ ᠨᠢ ᠬᠦᠴᠦ ᠰᠤᠯᠠᠷᠠᠵᠤ ᠪᠠᠶᠢᠭᠰᠠᠨ ᠤ ᠰᠢᠨᠵᠢ ᠪᠣᠯᠤᠨ᠎ᠠ᠃ ᠬᠠᠪᠤᠯ ᠤᠨ ᠠᠴᠢ ᠶᠢᠰᠦᠭᠡᠢ ᠪᠠᠭᠠᠲᠤᠷ ᠨᠢ 1171 ᠣᠨ ᠳᠤ ᠲᠠᠲ᠋ᠠᠷ ᠤᠳ ᠲᠤ ᠬᠣᠣᠷᠯᠠᠭᠳᠠᠨ ᠨᠠᠰᠤ ᠪᠠᠷᠠᠵᠠᠢ᠃ ᠡᠨᠡ ᠦᠶ᠎ᠡ ᠳᠦ ᠲᠡᠭᠦᠨ ᠦ ᠬᠦᠦ ᠲᠡᠮᠦᠵᠢᠨ 9 ᠨᠠᠰᠤᠲᠠᠢ ᠪᠠᠶᠢᠭᠰᠠᠨ ᠪᠠ ᠮᠣᠩᠭᠣᠯ ᠤᠨ ᠡᠵᠡᠨᠲᠦ ᠭᠦᠷᠦᠨ  ᠤ  ᠦᠨᠳᠦᠰᠦᠯᠡᠭᠴᠢ ᠪᠣᠯᠤᠭᠰᠠᠨ ᠪᠠᠶᠢᠨ᠎ᠠ᠃ ᠬᠠᠷᠢᠨ 1189 ᠣᠨ ᠬᠦᠷᠲᠡᠯ᠎ᠡ ᠬᠠᠮᠤᠭ ᠮᠣᠩᠭᠣᠯ ᠶᠠᠮᠠᠷ ᠴᠤ ᠤᠳᠤᠷᠢᠳᠤᠭᠴᠢ  ᠦᠬᠡᠢ ᠂ ᠵᠣᠬᠢᠶᠠᠨ ᠪᠠᠶᠢᠭᠤᠯᠤᠯᠲᠠ ᠪᠠᠶᠢᠬᠤ ᠦᠭᠡᠢ ᠪᠠᠶᠢᠯ᠎ᠠ᠃

ᠶᠡᠬᠡ ᠮᠣᠩᠭᠣᠯ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠶᠡᠬᠡ ᠮᠣᠩᠭᠣᠯ ᠤᠯᠤᠰ
ᠶᠡᠬᠡ ᠮᠣᠩᠭᠣᠯ ᠤᠯᠤᠰ ᠢ ᠦᠨᠳᠦᠰᠦᠯᠡᠭᠴᠢ ᠴᠢᠩᠭᠢᠰ ᠬᠠᠭᠠᠨ ᠤ ᠲᠦᠷᠦᠭᠰᠡᠨ ᠭᠡᠭᠡ ᠳᠦ ᠬᠢ ᠭᠠᠵᠠᠷ ᠤᠨ ᠣᠷᠴᠢᠮ ᠤᠨ ᠬᠥᠰᠢᠶ᠎ᠡ
ᠮᠣᠩᠭᠣᠯ ᠤᠨ ᠡᠵᠡᠨᠲᠦ ᠭᠦᠷᠦᠨ ᠦ ᠥᠷᠭᠡᠵᠢᠨ ᠲᠡᠯᠡᠯᠲᠡ

ᠶᠢᠰᠦᠭᠡᠢ ᠪᠠᠭᠠᠲᠤᠷ ᠲᠠᠲ᠋ᠠᠷᠴᠤᠳ  ᠲᠤ ᠬᠣᠣᠷᠯᠠᠭᠳᠠᠭᠰᠠᠨ ᠠᠴᠠ ᠬᠣᠶᠢᠰᠢ ᠬᠠᠮᠤᠭ ᠮᠣᠩᠭᠣᠯ ᠨᠢ ᠵᠠᠬᠢᠷᠤᠭᠴᠢ  ᠦᠬᠡᠢ ᠪᠠᠶᠢᠯ᠎ᠠ᠃ ᠲᠡᠭᠦᠨ ᠦ ᠬᠦᠦ ᠲᠡᠮᠦᠵᠢᠨ ᠨᠢ ᠪᠠᠭ᠎ᠠ ᠨᠠᠰᠤᠨ ᠳᠤ ᠪᠠᠨ ᠠᠰᠤᠷᠤ ᠶᠡᠬᠡ ᠵᠣᠪᠠᠯᠠᠩ ᠪᠡᠷᠬᠡᠰᠢᠶᠡᠯ ᠢ ᠲᠤᠭᠤᠯᠵᠠᠢ᠃ ᠲᠡᠭᠦᠨ ᠦ ᠡᠬᠡ ᠥᠭᠡᠯᠦᠨ ᠢ ᠮᠡᠷᠬᠢᠳ ᠦᠨ ᠴᠢᠯᠡᠳᠦ ᠡᠴᠡ ᠡᠴᠢᠭᠡ ᠨᠢ ᠠᠪᠤᠭᠰᠠᠨ ᠤ ᠥᠰᠢᠶᠡᠨ ᠳᠦ ᠮᠡᠷᠬᠢᠳ ᠦᠳ ᠲᠡᠮᠦᠵᠢᠨ ᠦ ᠡᠬᠡᠨᠡᠷ ᠪᠥᠷᠲᠡ ᠦᠵᠢᠨ ᠢ ᠠᠪᠤᠭᠰᠠᠨ ᠪᠠᠶᠢᠨ᠎ᠠ᠃ ᠡᠬᠡᠨᠡᠷ ᠢᠶᠡᠨ ᠠᠪᠤᠷᠠᠬᠤ ᠭᠡᠵᠦ ᠲᠡᠮᠦᠵᠢᠨ ᠡᠴᠢᠭᠡ ᠶᠢᠨ ᠠᠨᠳᠠ ᠸᠠᠩ ᠬᠠᠨ ᠲᠣᠭᠣᠷᠢᠯ᠂ ᠥᠪᠡᠷ ᠦᠨ ᠪᠠᠭ᠎ᠠ ᠶᠢᠨ ᠠᠨᠳᠠ ᠵᠠᠮᠤᠬ᠎ᠠ ᠶᠢᠨ ᠲᠤᠰᠠᠯᠠᠮᠵᠢ  ᠪᠠᠷ ᠮᠡᠷᠬᠢᠳ ᠢ ᠡᠵᠡᠯᠡᠵᠡᠢ᠃ ᠡᠨᠡ ᠬᠡᠷᠡᠭ ᠶᠠᠪᠤᠳᠠᠯ ᠢᠶᠠᠷ ᠬᠠᠮᠤᠭ ᠮᠣᠩᠭᠣᠯ ᠤᠨ ᠳᠣᠲᠣᠷ᠎ᠠ ᠪᠠᠨ ᠲᠡᠮᠦᠵᠢᠨ ᠦ ᠨᠥᠯᠥᠭᠡ ᠶᠡᠬᠡ ᠪᠡᠷ ᠶᠡᠬᠡᠰᠴᠤ ᠠᠨᠳᠠ ᠵᠠᠮᠤᠬ᠎ᠠ ᠲᠠᠢ ᠬᠤᠭᠤᠷᠤᠨᠳᠤ ᠥᠷᠢᠰᠦᠯᠳᠦᠭᠡᠨ ᠡᠬᠢᠯᠡᠵᠡᠢ᠃ 1189 ᠣᠨ ᠳᠤ ᠲᠡᠭᠦᠨ ᠢ ᠬᠠᠮᠤᠭ ᠮᠣᠩᠭᠣᠯ ᠤᠨ ᠬᠠᠭᠠᠨ ᠳᠤ ᠡᠷᠭᠦᠮᠵᠢᠯᠡᠵᠦ᠂ ᠴᠢᠩᠭᠢᠰ ᠬᠠᠭᠠᠨ ᠨᠡᠷ᠎ᠡ ᠲᠡᠢ ᠪᠣᠯᠵᠠᠢ᠃ 1206 ᠣᠨ ᠬᠦᠷᠲᠡᠯ᠎ᠡ ᠲᠠᠶᠢᠴᠢᠭᠤᠳᠵᠦᠷᠬᠢᠨ ᠲᠠᠲ᠋ᠠᠷᠨᠠᠢᠮᠠᠨ ᠭᠡᠳ ᠮᠣᠩᠭᠣᠯ ᠤᠨ ᠪᠦᠬᠦ ᠠᠶᠢᠮᠠᠭ ᠤᠳ ᠢ ᠨᠢᠭᠡᠳᠬᠡᠵᠡᠢ᠃ ᠢᠩᠭᠢᠭᠰᠡᠨ ᠢᠶᠡᠷ ᠣᠨᠣᠨ ᠭᠣᠣᠯ ᠍ ᠤᠨ ᠣᠷᠴᠢᠮ ᠳᠤ ᠬᠤᠷᠠᠯᠳᠤᠵᠤ ᠶᠡᠬᠡ ᠮᠣᠩᠭᠣᠯ ᠤᠯᠤᠰ ᠢ (ᠶᠡᠭᠡ ᠮᠣᠩᠭᠤᠯ ᠤᠯᠤᠰ) ᠵᠠᠷᠯᠠᠨ ᠲᠤᠩᠬᠠᠭᠯᠠᠭᠰᠠᠨ ᠪᠠᠶᠢᠨ᠎ᠠ᠃ ᠴᠢᠩᠭᠢᠰ ᠬᠠᠭᠠᠨ ᠨᠢ 1206-1227 ᠣᠨ ᠤ ᠬᠣᠭᠣᠷᠣᠨᠳᠣ ᠲᠠᠩᠭᠣᠳᠰᠠᠷᠲᠠᠭᠤᠯᠬᠠᠷ᠎ᠠ ᠬᠢᠳᠠᠨᠵᠦᠷᠴᠢᠨᠴᠤᠳ ᠦᠨ ᠠᠯᠲᠠᠨ ᠤᠯᠤᠰ ᠍ ᠢ ᠪᠠᠶᠢᠯᠳᠤᠨ ᠳᠠᠭᠠᠭᠤᠯᠵᠤ ᠮᠠᠨᠵᠤᠤᠷ ᠠᠴᠠ ᠺᠠᠰᠫᠢ ᠲᠡᠩᠭᠢᠰ ᠬᠦᠷᠲᠡᠯ᠎ᠡ ᠠᠭᠤᠳᠠᠮ ᠭᠠᠵᠠᠷ ᠨᠤᠲᠤᠭ ᠢ ᠡᠵᠡᠯᠡᠵᠡᠢ᠃ ᠲᠡᠭᠦᠨ ᠢ ᠨᠠᠰᠤ ᠪᠠᠷᠠᠬᠤ ᠦᠶ᠎ᠡ ᠳᠦ ᠮᠣᠩᠭᠣᠯ ᠤᠨ ᠡᠵᠡᠨᠲᠦ ᠭᠦᠷᠦᠨ ᠳᠦ ᠵᠡᠭᠦᠨ ᠬᠣᠶᠢᠳᠤ ᠫᠧᠷᠰ᠂ ᠬᠣᠶᠢᠳᠤ ᠬᠢᠲᠠᠳ ᠤᠨ ᠬᠡᠰᠡᠭ᠂ ᠰᠢᠪᠸᠷᠢᠶ ᠠ᠂ ᠳᠤᠮᠳᠠᠳᠤ ᠠᠽᠢᠶ᠎ᠠ ᠪᠠᠭᠳᠠᠵᠤ ᠪᠠᠶᠢᠪᠠ᠃ ᠦᠷ᠎ᠡ ᠤᠳᠤᠮ ᠨᠢ ᠪᠠᠶᠢᠯᠳᠤᠨ ᠳᠠᠭᠠᠭᠤᠯᠤᠯᠲᠠ ᠶᠢ ᠦᠷᠭᠦᠯᠵᠢᠯᠡᠭᠦᠯᠦᠨ ᠭᠠᠵᠠᠷ ᠨᠤᠲᠤᠭ ᠢᠶᠠᠨ ᠬᠣᠶᠠᠷ ᠳᠠᠬᠢᠨ ᠲᠣᠮᠣᠷᠠᠭᠤᠯᠵᠠᠢ᠃ ᠴᠢᠩᠭᠢᠰ ᠬᠠᠭᠠᠨ ᠶᠡᠬᠡ ᠮᠣᠩᠭᠣᠯ ᠤᠯᠤᠰ ᠢ ᠳᠥᠷᠪᠡᠨ ᠬᠦᠦ ᠳᠦ ᠪᠡᠨ ᠬᠤᠪᠢᠶᠠᠨ ᠥᠪᠯᠡᠭᠦᠯᠵᠡᠢ᠃ ᠵᠦᠴᠢ ᠳᠤ ᠤᠷᠠᠯ ᠤᠨ ᠨᠢᠷᠤᠭᠤ ᠠᠴᠠ ᠡᠷᠴᠢᠰ ᠮᠥᠷᠡᠨ ᠬᠦᠷᠲᠡᠯ᠎ᠡ ᠭᠠᠵᠠᠷ ᠨᠤᠲᠤᠭ᠂ ᠴᠠᠭᠠᠳᠠᠢ ᠳᠤ ᠡᠷᠴᠢᠰ ᠡᠴᠡ ᠪᠠᠯᠬᠠᠰ ᠨᠠᠭᠤᠷᠲᠥᠪ ᠠᠽᠢᠶ᠎ᠠ᠂ ᠳᠣᠷᠣᠨᠠᠲᠤ ᠫᠧᠷᠰ  ᠢ ᠂ ᠥᠬᠡᠳᠡᠢ ᠳᠦ ᠵᠦᠩᠭᠠᠷᠮᠠᠨᠵᠤᠤᠷ᠂ ᠬᠣᠶᠢᠳᠤ ᠬᠢᠲᠠᠳ᠂ ᠣᠳᠬᠣᠨ ᠬᠦᠦ ᠲᠤᠯᠤᠢ ᠳᠤ ᠮᠣᠩᠭᠣᠯ ᠶᠣᠰᠣ ᠵᠠᠩᠰᠢᠯ ᠢᠶᠠᠷ ᠢᠵᠠᠭᠤᠷ ᠤᠨ ᠮᠣᠩᠭᠣᠯ ᠨᠤᠲᠤᠭ ᠢ ᠲᠤᠰ ᠲᠤᠰ ᠥᠪᠯᠡᠭᠦᠯᠵᠡᠢ᠃

ᠥᠬᠡᠳᠡᠢ ᠬᠠᠭᠠᠨ (1229-1241) ᠨᠢ ᠭᠦᠷᠦᠨ ᠢ ᠤᠯᠠᠮ ᠲᠡᠯᠡᠵᠦ᠂ ᠨᠡᠶᠢᠰᠯᠡᠯ ᠬᠠᠷᠠᠬᠣᠷᠣᠮ ᠢ ᠪᠠᠶᠢᠭᠤᠯᠵᠠᠢ᠃ ᠲᠡᠭᠦᠨ ᠦ ᠤᠳᠤᠷᠢᠳᠤᠯᠭ᠎ᠠ ᠳᠣᠣᠷ᠎ᠠ ᠶᠡᠬᠡ ᠮᠣᠩᠭᠣᠯ ᠤᠯᠤᠰ ᠨᠢ ᠴᠢᠩᠭᠢᠰ ᠬᠠᠭᠠᠨ ᠤ ᠳᠠᠭᠤᠰᠬᠠᠭ᠎ᠠ ᠦᠭᠡᠢ ᠠᠯᠲᠠᠨ ᠤᠯᠤᠰ ᠢ ᠡᠵᠡᠯᠡᠵᠦ᠂ ᠪᠠᠷᠠᠭᠤᠨ ᠠᠽᠢᠶ᠎ᠠ᠂ ᠧᠦ᠋ᠷᠣᠫᠠ ᠤᠷᠤᠭᠤ ᠤᠯᠠᠮ ᠲᠡᠯᠡᠵᠡᠢ᠃ ᠥᠬᠡᠳᠡᠢ ᠬᠠᠭᠠᠨ ᠢ ᠨᠠᠰᠤ ᠪᠠᠷᠠᠭᠰᠠᠨ ᠤ ᠳᠠᠷᠠᠭ᠎ᠠ ᠴᠢᠩᠭᠢᠰ ᠦᠨ ᠦᠷ᠎ᠡ ᠤᠳᠤᠮ ᠤᠳ ᠨᠢ ᠨᠢᠭᠡ ᠲᠠᠯ᠎ᠠ ᠳᠤ ᠪᠠᠨ ᠵᠦᠴᠢ᠂ ᠲᠤᠯᠤᠢ ᠶᠢᠨ ᠤᠳᠤᠮ ᠤᠨ ᠬᠢᠨ ᠨᠥᠭᠥᠭᠡ ᠲᠠᠯ᠎ᠠ ᠳᠤ ᠪᠠᠨ ᠥᠬᠡᠳᠡᠢ᠂ ᠴᠠᠭᠠᠳᠠᠢ ᠶᠢᠨ ᠤᠳᠤᠮ ᠤᠨ ᠬᠢᠨ ᠭᠡᠵᠦ ᠬᠣᠶᠠᠷ ᠬᠤᠪᠢᠶᠠᠭᠳᠠᠵᠠᠢ᠃ ᠥᠬᠡᠳᠡᠢ ᠬᠠᠭᠠᠨ ᠤ ᠳᠠᠷᠠᠭ᠎ᠠ 1236 ᠣᠨ ᠤ ᠶᠡᠬᠡ ᠬᠤᠷᠠᠯᠳᠠᠢ ᠪᠠᠷ ᠲᠡᠭᠦᠨ ᠦ ᠬᠦᠦ ᠬᠦᠶᠦᠭ ᠢ ᠬᠠᠭᠠᠨ (1236-1248) ᠰᠢᠷᠡᠭᠡᠨ ᠳᠦ ᠵᠠᠯᠠᠵᠠᠢ᠃ ᠬᠦᠶᠦᠭ  ᠤᠨ  ᠳᠠᠷᠠᠭ᠎ᠠ 1251 ᠣᠨ ᠳᠤ ᠲᠤᠯᠤᠢ ᠶᠢᠨ ᠬᠦᠦ ᠮᠥᠩᠬᠡ ᠵᠢᠨ ᠬᠠᠭᠠᠨ (1251-1259) ᠰᠢᠷᠡᠭᠡᠨ ᠳᠦ ᠰᠠᠭᠤᠵᠠᠢ᠃ ᠮᠥᠩᠬᠡ ᠬᠠᠭᠠᠨ ᠨᠢ ᠥᠪᠡᠷ ᠦᠨ ᠳᠡᠭᠦᠦ ᠦᠯᠡᠭᠦ ᠶᠢ ᠫᠧᠷᠰ ᠢ ᠳᠠᠶᠢᠲᠤᠬᠤ ᠪᠠᠷ ᠶᠠᠪᠤᠭᠤᠯᠵᠤ ᠲᠡᠷᠡ ᠪᠡᠷ 1257-1259 ᠣᠨ ᠨᠤᠭᠤᠳ ᠲᠤ ᠫᠧᠷᠰ ᠡᠴᠡ ᠭᠠᠳᠠᠨ᠎ᠠ ᠪᠠᠭᠳᠠᠳ᠋ᠺᠠᠸᠬᠠᠰᠰᠢᠷᠢᠢ ᠠ ᠶᠢ ᠥᠪᠡᠷ ᠦᠨ ᠡᠷᠬᠡᠰᠢᠶᠡᠯ ᠳᠦ ᠪᠡᠨ ᠣᠷᠣᠭᠤᠯᠵᠠᠢ᠃ 1260 ᠣᠨ ᠤ ᠶᠡᠬᠡ ᠬᠤᠷᠠᠯᠳᠠᠢ ᠪᠠᠷ ᠮᠥᠩᠬᠡ ᠶᠢᠨ ᠳᠡᠭᠦᠦ ᠠᠷᠣᠭᠪᠣᠬ᠎ᠠ ᠵᠢ ᠬᠠᠭᠠᠨ ᠰᠢᠷᠡᠭᠡᠨ ᠳᠦ ᠵᠠᠯᠠᠭᠰᠠᠨ ᠪᠣᠯᠪᠠᠴᠤ ᠠᠬ᠎ᠠ ᠬᠤᠪᠢᠯᠠᠢ ᠲᠠᠢ 1261-1266 ᠣᠨ ᠳᠤ ᠨᠠᠰᠤ ᠪᠠᠷᠠᠬᠤ ᠬᠦᠷᠲᠡᠯ᠎ᠡ ᠲᠡᠮᠡᠴᠡᠯᠳᠦᠵᠡᠢ᠃

ᠬᠤᠪᠢᠯᠠᠢ ᠬᠠᠭᠠᠨ ᠬᠢᠲᠠᠳ ᠲᠤ ᠶᠤᠸᠠᠨ ᠤᠯᠤᠰ ᠢ (1271-1368) ᠪᠠᠶᠢᠭᠤᠯᠵᠤ ᠥᠪᠡᠷ ᠢ ᠪᠡᠨ ᠶᠡᠬᠡ ᠬᠠᠭᠠᠨ ᠳᠤ ᠡᠷᠭᠦᠮᠵᠢᠯᠡᠨ ᠨᠡᠶᠢᠰᠯᠡᠯ ᠢᠶᠡᠨ ᠳ᠋ᠠᠢᠢᠳᠤ ᠪᠤᠶᠤ ᠣᠳᠣ ᠶᠢᠨ ᠪᠡᠭᠡᠵᠢᠩ ᠢ ᠪᠣᠯᠭᠠᠭᠰᠠᠨ ᠢᠶᠠᠷ ᠶᠡᠬᠡ ᠮᠣᠩᠭᠣᠯ ᠤᠯᠤᠰ ᠤᠨ ᠪᠤᠲᠠᠷᠠᠯ ᠲᠦᠷᠭᠡᠰᠴᠡᠢ᠃ ᠶᠡᠬᠡ ᠮᠣᠩᠭᠣᠯ ᠤᠯᠤᠰ ᠨᠢ:

ᠪᠣᠯᠵᠤ ᠪᠤᠲᠠᠷᠠᠵᠠᠢ᠃

ᠤᠯᠤᠰ ᠲᠥᠷᠥ ᠶᠢᠨ ᠪᠤᠲᠠᠷᠠᠯ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠣᠩᠭᠣᠯ ᠤᠯᠤᠰ 1368-1691
ᠮᠣᠩᠭᠣᠯ ᠤᠯᠤᠰ ᠤᠳ 14-17 ᠍ ᠳᠦᠭᠡᠷ ᠵᠠᠭᠤᠨ ᠳᠤ: ᠮᠣᠩᠭᠣᠯ ᠤᠯᠤᠰᠳᠥᠷᠪᠡᠨ ᠣᠶᠢᠷᠠᠳᠮᠣᠭᠣᠯᠢᠰᠲᠠᠨ
ᠮᠣᠩᠭᠣᠯ ᠣᠷᠣᠨ 17 ᠍ ᠳᠦᠭᠡᠷ ᠵᠠᠭᠤᠨ ᠳᠤ: ᠮᠣᠩᠭᠣᠯ ᠤᠯᠤᠰᠵᠦᠩᠭᠠᠷᠬᠣᠱᠤᠳ ᠤᠨ ᠬᠠᠨᠲᠤ ᠤᠯᠤᠰᠬᠣᠲᠣᠭᠣᠶᠢᠳ ᠍ ᠤᠨ ᠬᠠᠨᠲᠤ ᠤᠯᠤᠰ᠂ ᠬᠠᠯᠢᠮᠠᠭ ᠵᠢᠨ ᠬᠠᠨᠲᠤ ᠤᠯᠤᠰ᠂ ᠮᠣᠭᠣᠯᠢᠰᠲᠠᠨ

ᠶᠤᠸᠠᠨ ᠭᠦᠷᠦᠨ ᠢ ᠡᠰᠡᠷᠭᠦᠴᠡᠭᠰᠡᠨ ᠪᠣᠰᠤᠯᠭ᠎ᠠ ᠤᠳᠠᠭ᠎ᠠ ᠳᠠᠷᠠᠭᠠᠯᠠᠨ ᠭᠠᠷᠤᠭᠰᠠᠭᠠᠷ ᠪᠣᠰᠤᠯᠭᠠᠴᠢᠳ 1368 ᠣᠨ ᠳᠤ ᠳ᠋ᠠᠢᠢᠳᠤ ᠶᠢ ᠡᠵᠡᠯᠡᠨ ᠲᠣᠭᠣᠭᠠᠨᠲᠡᠮᠦᠷ᠎ ᠬᠠᠭᠠᠨ ᠳ᠋ᠠᠢᠢᠳᠤ ᠬᠣᠲᠠ ᠠᠴᠠ ᠬᠥᠭᠡᠭᠡᠭᠳᠡᠨ ᠶᠤᠸᠠᠨ ᠭᠦᠷᠦᠨ ᠦᠨᠳᠦᠰᠦᠨ ᠳᠦ ᠪᠡᠨ ᠮᠥᠬᠥᠪᠡ᠃ ᠤᠮᠠᠷ᠎ᠠ ᠲᠡᠰᠢ ᠬᠥᠭᠡᠭᠡᠭᠳᠡᠭᠰᠡᠨ ᠮᠣᠩᠭᠣᠯᠴᠤᠳ ᠤᠮᠠᠷᠠᠳᠤ ᠶᠤᠸᠠᠨ ᠤᠯᠤᠰ ᠍ ᠢ ᠴᠠᠭᠠᠨ ᠬᠡᠷᠡᠮ ᠡᠴᠡ ᠨᠠᠭᠠᠰᠢᠬᠢ ᠨᠤᠲᠤᠭ ᠲᠤ 1390 ᠍᠎᠎᠎᠊ᠭᠡᠳ ᠣᠨ ᠬᠦᠷᠲᠡᠯ᠎ᠡ ᠰᠡᠷᠭᠦᠭᠡᠬᠦ ᠶᠢ ᠣᠷᠣᠯᠳᠤᠭᠰᠠᠨ ᠪᠣᠯᠪᠠᠴᠤ ᠤᠳᠠᠯ ᠦᠭᠡᠢ ᠮᠣᠩᠭᠣᠯ ᠬᠣᠶᠠᠷ ᠬᠤᠪᠢᠶᠠᠭᠳᠠᠵᠤ ᠬᠣᠭᠣᠷᠣᠨᠳᠣ ᠪᠠᠨ ᠪᠠᠶᠢᠯᠳᠤᠬᠤ ᠪᠣᠯᠵᠠᠢ᠃ ᠶᠤᠸᠠᠨ ᠭᠦᠷᠦᠨ ᠦ ᠳᠠᠷᠠᠭ᠎ᠠ ᠵᠢᠷᠭᠤᠭᠠᠨ ᠲᠦᠮᠡᠨ ᠮᠣᠩᠭᠣᠯ᠂ ᠳᠥᠷᠪᠡᠨ ᠲᠦᠮᠡᠨ ᠣᠶᠢᠷᠠᠳ ᠬᠡᠮᠡᠨ ᠨᠡᠷᠡᠯᠡᠭᠳᠡᠬᠦ ᠪᠣᠯᠤᠭᠰᠠᠨ ᠮᠣᠩᠭᠣᠯᠴᠤᠳ ᠬᠢᠩᠭᠠᠨ ᠤ ᠨᠢᠷᠤᠭᠤ ᠠᠴᠠ ᠲᠩᠷᠢ ᠠᠭᠤᠯᠠ᠂ ᠰᠢᠪᠧᠷᠢᠶ᠎ᠠ ᠡᠴᠡ ᠤᠷᠤᠭᠰᠢᠯᠠᠭᠠᠳ ᠴᠠᠭᠠᠨ ᠬᠡᠷᠡᠮ ᠬᠦᠷᠲᠡᠯᠡᠬᠢ ᠨᠤᠲᠤᠭ ᠲᠤ ᠨᠤᠲᠤᠭᠯᠠᠵᠤ ᠪᠠᠶᠢᠪᠠ᠃ ᠡᠳᠡᠭᠡᠷ ᠨᠢ ᠲᠤᠰ ᠲᠤᠰ ᠲᠤ ᠪᠠᠨ ᠪᠡᠶ᠎ᠡ ᠳᠠᠭᠠᠭᠰᠠᠨ ᠲᠠᠷᠬᠠᠢ ᠪᠤᠲᠠᠷᠬᠠᠢ ᠠᠶᠢᠮᠠᠭ ᠨᠤᠭᠤᠳ ᠪᠠᠶᠢᠵᠠᠢ᠃ ᠡᠨᠡ ᠵᠤᠷᠪᠤᠰ ᠦᠶ᠎ᠡ ᠶᠢ ᠮᠣᠩᠭᠣᠯ ᠤᠨ ᠲᠡᠦᠬᠡᠨ ᠳᠦ ᠪᠠᠭ᠎ᠠ ᠬᠠᠭᠠᠳ ᠤᠨ ᠦᠶ᠎ᠡ ᠬᠡᠮᠡᠨ ᠨᠡᠷᠡᠯᠡᠳᠡᠭ᠃ ᠡᠨᠡ ᠦᠶ᠎ᠡ ᠶᠢᠨ ᠮᠤᠨᠭᠭᠤᠯ  ᠤᠨ ᠲᠡᠦᠬᠡᠨ ᠨᠣᠮ ᠤᠳ ᠲᠤ ᠤᠯᠤᠰ ᠤᠨ ᠢᠶᠠᠨ ᠨᠡᠷ᠎ᠡ ᠶᠢ "ᠮᠣᠩᠭᠣᠯ ᠤᠯᠤᠰ" ᠭᠡᠵᠦ ᠲᠡᠮᠳᠡᠭᠯᠡᠭᠰᠡᠨ ᠪᠠᠶᠢᠳᠠᠭ᠃

ᠶᠤᠸᠠᠨ ᠤ ᠳᠠᠷᠠᠭ᠎ᠠ ᠴᠢᠩᠭᠢᠰ ᠦᠨ ᠦᠶ᠎ᠡ ᠶᠢᠨ ᠳᠥᠴᠢᠨ ᠲᠦᠮᠡᠨ ᠡᠴᠡ ᠪᠠᠷᠠᠭᠤᠨ ᠭᠠᠷ ᠤᠨ ᠭᠤᠷᠪᠠ᠂ ᠵᠡᠭᠦᠨ ᠭᠠᠷ ᠤᠨ ᠭᠤᠷᠪᠠᠨ ᠲᠦᠮᠡᠨ᠂ ᠣᠶᠢᠷᠠᠳ ᠤᠨ ᠳᠥᠷᠪᠡᠨ ᠲᠦᠮᠡᠨ ᠮᠣᠩᠭᠣᠯ ᠳᠤ ᠦᠯᠡᠳᠡᠭᠰᠡᠨ ᠤᠴᠢᠷ ᠵᠢᠷᠭᠤᠭᠠᠨ ᠲᠦᠮᠡᠨ ᠮᠣᠩᠭᠣᠯ᠂ ᠳᠥᠷᠪᠡᠨ ᠲᠦᠮᠡᠨ ᠣᠶᠢᠷᠠᠳ ᠭᠡᠰᠡᠨ ᠨᠡᠷ᠎ᠡ ᠡᠭᠦᠰᠴᠡᠢ᠃

ᠡᠨᠡ ᠦᠶ᠎ᠡ ᠳᠦ ᠮᠣᠩᠭᠣᠯ ᠢ ᠳᠠᠬᠢᠨ ᠨᠢᠭᠡᠳᠬᠡᠭᠰᠡᠨ ᠬᠦᠮᠦᠨ ᠪᠣᠯ ᠪᠠᠲᠤᠮᠥᠢᠩᠬᠡ ᠳᠠᠶᠠᠨ ᠬᠠᠭᠠᠨ ᠶᠤᠮ᠃ ᠲᠡᠭᠦᠨ ᠦ ᠡᠮᠦᠨᠡᠬᠢ ᠮᠠᠨᠳᠤᠭᠤᠯ ᠬᠠᠭᠠᠨ ᠤᠭᠰᠠᠭ᠎ᠠ ᠵᠠᠯᠭᠠᠮᠵᠢᠯᠠᠬᠤ ᠬᠥᠪᠡᠭᠦᠨ  ᠦᠬᠡᠢ ᠨᠠᠰᠤ ᠪᠠᠷᠠᠭᠰᠠᠨ ᠲᠤᠯᠠ 33 ᠨᠠᠰᠤᠲᠠᠢ ᠪᠠᠭ᠎ᠠ ᠬᠠᠲᠤᠨ ᠮᠠᠨᠳᠤᠬᠠᠢ ᠨᠢ 7 ᠨᠠᠰᠤᠲᠠᠢ ᠪᠠᠲᠤᠮᠥᠢᠩᠬᠡ ᠲᠡᠢ ᠤᠷᠤᠭᠯᠠᠵᠤ᠂ ᠲᠡᠭᠦᠨ ᠦ ᠨᠡᠷ᠎ᠡ ᠵᠢᠨ ᠳᠣᠣᠷ᠎ᠠ ᠮᠣᠩᠭᠣᠯᠴᠤᠳ ᠢ ᠨᠢᠭᠡᠳᠬᠡᠭᠰᠡᠨ ᠪᠢᠯᠡ᠃ ᠡᠶᠢᠨᠬᠦᠦ ᠤᠯᠤᠰ ᠢ ᠨᠢᠭᠡᠳᠬᠡᠭᠰᠡᠨ ᠬᠠᠲᠤᠨ ᠢ ᠲᠡᠦᠬᠡᠨ ᠳᠦ ᠮᠠᠨᠳᠤᠬᠠᠢ ᠰᠡᠴᠡᠨ ᠬᠠᠲᠤᠨ ᠬᠡᠮᠡᠨ ᠬᠦᠨᠳᠦᠳᠬᠡᠨ ᠳᠤᠷᠠᠰᠳᠠᠭ ᠲᠡᠳᠦᠢ ᠦᠭᠡᠢ ᠮᠣᠩᠭᠣᠯᠴᠤᠳ ᠤᠨ ᠳᠤᠮᠳᠠ ᠦᠯᠢᠭᠡᠷ ᠳᠣᠮᠣᠭ ᠪᠣᠯᠤᠨ ᠦᠯᠡᠳᠡᠵᠡᠢ᠃

ᠪᠠᠲᠤᠮᠥᠢᠩᠬᠡ ᠳᠠᠶᠠᠨ ᠬᠠᠭᠠᠨ ᠍ ᠢ ᠲᠩᠷᠢ ᠳᠦ ᠬᠠᠯᠢᠭᠰᠠᠨ ᠤ ᠳᠠᠷᠠᠭ᠎ᠠ ᠮᠣᠩᠭᠣᠯ ᠣᠷᠣᠨ ᠳᠠᠬᠢᠨ ᠬᠡᠳᠦ ᠬᠡᠳᠦᠨ ᠡᠵᠡᠮᠰᠢᠯ ᠪᠣᠯᠤᠨ ᠬᠤᠪᠢᠶᠠᠭᠳᠠᠪᠠ᠃ ᠪᠠᠲᠤᠮᠥᠶᠩᠬᠡ ᠳᠠᠶᠠᠨ ᠬᠠᠭᠠᠨ ᠤ ᠣᠳᠬᠣᠨ ᠬᠦᠦ ᠭᠡᠷᠰᠡᠩ ᠮᠣᠩᠭᠣᠯ ᠨᠤᠲᠤᠭ ᠤᠨ ᠲᠦᠪ ᠲᠦ ᠡᠴᠢᠭᠡ ᠶᠢᠨ ᠢᠶᠡᠨ ᠢᠵᠠᠭᠤᠷ ᠤᠨ ᠤᠯᠤᠰ ᠢ ᠵᠠᠯᠭᠠᠮᠵᠢᠯᠠᠨ᠂ ᠬᠠᠯᠬ᠎ᠠ ᠶᠢᠨ ᠵᠠᠰᠠᠭ ᠨᠣᠶᠠᠳ ᠤᠨ ᠡᠪᠦᠭᠡ ᠨᠢ ᠪᠣᠯᠵᠠᠢ᠃ ᠬᠠᠯᠬ᠎ᠠ ᠮᠣᠩᠭᠣᠯᠴᠤᠳ ᠬᠡᠮᠡᠬᠦ ᠶᠢᠨ ᠬᠠᠯᠬ᠎ᠠ ᠭᠡᠳᠡᠭ ᠦᠭᠡ ᠶᠢ ᠡᠷᠳᠡᠮᠲᠡᠳ ᠭᠣᠣᠯᠴᠢᠯᠠᠨ "ᠬᠠᠯᠬᠠᠪᠴᠢ" ᠭᠡᠰᠡᠨ ᠦᠭᠡᠨ ᠡᠴᠡ ᠭᠠᠷᠤᠯ ᠲᠠᠢ ᠭᠡᠵᠦ ᠦᠵᠡᠳᠡᠭ᠃ ᠭᠡᠷᠰᠡᠩ ᠬᠠᠯᠬ᠎ᠠ ᠶᠢ ᠳᠣᠯᠣᠭᠠᠨ ᠬᠥᠪᠡᠭᠦᠨ ᠳᠤ ᠪᠡᠨ ᠬᠤᠪᠢᠶᠠᠵᠤ ᠥᠭᠭᠦᠭᠰᠡᠨ ᠢᠶᠡᠷ ᠬᠠᠯᠬ᠎ᠠ ᠶᠢᠨ ᠳᠣᠯᠣᠭᠠᠨ ᠬᠣᠰᠢᠭᠤ ᠡᠭᠦᠰᠪᠡ᠃ ᠬᠠᠯᠬ᠎ᠠ ᠳᠤ ᠲᠤᠰ ᠲᠤᠰ ᠲᠤ ᠪᠠᠨ ᠡᠵᠡᠮᠰᠢᠯ ᠪᠦᠬᠦᠢ ᠲᠦᠰᠢᠶᠡᠲᠦ ᠬᠠᠨ᠂ ᠵᠠᠰᠠᠭᠲᠤ ᠬᠠᠨ᠂ ᠰᠡᠴᠡᠨ ᠬᠠᠨ ᠭᠡᠰᠡᠨ ᠴᠣᠯᠠ ᠪᠦᠬᠦᠢ ᠭᠤᠷᠪᠠᠨ ᠬᠠᠨ ᠵᠡᠷᠭᠡ ᠰᠢᠬᠠᠮ ᠪᠤᠢ ᠪᠣᠯᠤᠭᠰᠠᠨ ᠨᠢ 1580 ᠍ ᠊ᠭᠠᠳ ᠣᠨ ᠤ ᠳᠤᠮᠳᠠ ᠦᠶ᠎ᠡ ᠳᠦ ᠬᠣᠯᠪᠣᠭᠳᠠᠨ᠎ᠠ᠃ ᠳᠠᠶᠢᠨᠬᠦ ᠬᠠᠭᠠᠨ ᠢ ᠵᠠᠯᠭᠠᠮᠵᠢᠯᠠᠭᠴᠢᠳ ᠤᠨ ᠳᠣᠲᠣᠷ᠎ᠠ ᠪᠠᠷᠠᠭᠤᠨ ᠲᠦᠮᠡᠨ ᠢ ᠲᠣᠯᠣᠭᠠᠶᠢᠯᠠᠭᠴᠢ ᠠᠯᠲᠠᠨ ᠬᠠᠨ (1507-1582) ᠶᠡᠬᠡᠳᠡ ᠠᠯᠳᠠᠷᠲᠠᠢ ᠪᠠᠶᠢᠪᠠ᠃ ᠲᠦᠮᠡᠳ ᠦᠨ ᠠᠯᠲᠠᠨ ᠬᠠᠨ ᠭᠣᠪᠢ ᠠᠴᠠ ᠤᠷᠤᠭᠰᠢ᠂ ᠴᠠᠭᠠᠨ ᠬᠡᠷᠡᠮ ᠡᠴᠡ ᠬᠣᠶᠢᠰᠢᠬᠢ ᠠᠭᠤᠳᠠᠮ ᠨᠤᠲᠤᠭ ᠢ ᠵᠠᠬᠢᠷᠴᠤ ᠪᠠᠶᠢᠭᠰᠠᠨ ᠪᠥᠭᠡᠳ ᠰᠢᠷ᠎ᠠ ᠶᠢᠨ ᠱᠠᠰᠢᠨ ᠳᠡᠯᠭᠡᠷᠡᠭᠦᠯᠬᠦ ᠳᠦ ᠶᠡᠬᠡᠳᠡ ᠬᠦᠴᠦᠨ ᠵᠢᠳᠬᠦᠭ᠍ᠰᠡᠨ᠃ ᠲᠦᠮᠡᠳ ᠦᠨ ᠠᠯᠲᠠᠨ ᠬᠠᠨ ᠣᠳᠣ ᠶᠢᠨ ᠬᠦᠬᠡᠬᠤᠲᠠ ᠶᠢ ᠡᠭᠦᠰᠬᠡᠨ ᠪᠠᠶᠢᠭᠤᠯᠤᠭᠰᠠᠨ ᠨᠢ ᠲᠦᠮᠡᠳ ᠦᠨ ᠡᠳ᠋ ᠍ ᠦᠨ ᠵᠠᠰᠠᠭ ᠲᠤ ᠶᠡᠬᠡᠬᠡᠨ ᠠᠬᠢᠴᠠ ᠭᠠᠷᠤᠭᠰᠠᠨ ᠢ ᠢᠯᠡᠳᠬᠡᠳᠡᠭ᠃

17 ᠍ ᠳᠦᠭᠡᠷ ᠵᠠᠭᠤᠨ ᠤ ᠦᠶᠡᠰ ᠮᠣᠩᠭᠣᠯ ᠤᠨ ᠬᠠᠭᠠᠨ ᠤ ᠡᠷᠬᠡ ᠮᠡᠳᠡᠯ ᠮᠠᠰᠢ ᠰᠤᠯᠠᠷᠠᠵᠠᠢ᠃ ᠰᠡᠭᠦᠯ ᠦᠨ ᠬᠠᠭᠠᠨ ᠯᠢᠭᠳᠡᠨ ᠨᠢ ᠴᠠᠬᠠᠷ ᠤᠨ ᠯᠢᠭᠳᠡᠨ ᠨᠡᠷ᠎ᠡ ᠲᠡᠢ ᠪᠣᠯᠤᠭᠰᠠᠨ ᠨᠢ ᠪᠦᠬᠦ ᠮᠣᠩᠭᠣᠯ ᠢ ᠪᠤᠰᠤ ᠵᠥᠪᠬᠡᠨ ᠴᠠᠬᠠᠷ ᠢ ᠯᠠ ᠤᠳᠤᠷᠢᠳᠤᠯᠭ᠎ᠠ ᠳᠣᠣᠷ᠎ᠠ ᠪᠠᠨ ᠪᠠᠶᠢᠯᠭᠠᠵᠤ ᠴᠢᠳᠠᠭᠰᠠᠨ ᠤ ᠰᠢᠨᠵᠢ ᠶᠤᠮ᠃ ᠢᠩᠭᠢᠭᠰᠡᠨ ᠢᠶᠡᠷ ᠮᠣᠩᠭᠣᠯ ᠨᠢ ᠣᠯᠠᠨ ᠨᠣᠶᠠᠳ ᠤᠨ ᠡᠵᠡᠮᠰᠢᠯ ᠪᠣᠯᠤᠨ ᠬᠤᠪᠢᠷᠠᠵᠤ᠂ ᠴᠡᠷᠢᠭ ᠦᠨ ᠨᠢᠭᠡᠳᠦᠭᠰᠡᠨ ᠬᠦᠴᠦ ᠭᠠᠷᠭᠠᠵᠤ ᠴᠢᠳᠠᠬᠤ ᠦᠭᠡᠢ ᠪᠣᠯᠵᠠᠢ᠃ ᠡᠨᠡ ᠦᠶᠡᠰ ᠵᠡᠭᠦᠨ ᠵᠦᠭ ᠲᠤ ᠮᠠᠨᠵᠤ ᠨᠤᠭᠤᠳ ᠬᠦᠴᠦᠷᠬᠡᠭᠵᠢᠵᠡᠢ᠃ 1636 ᠣᠨ ᠳᠤ ᠣᠳᠣ ᠶᠢᠨ ᠥᠪᠥᠷ ᠮᠣᠩᠭᠣᠯ ᠮᠠᠨᠵᠤ ᠵᠢᠨ ᠡᠷᠬᠡᠰᠢᠶᠡᠯ ᠳ᠋ᠥ ᠣᠷᠣᠵᠠᠢ᠃ 1620 ᠍ ᠊ᠭᠠᠳ ᠣᠨ ᠠᠴᠠ ᠪᠤᠷᠢᠶᠠᠳ ᠣᠷᠣᠰ ᠲᠤ ᠡᠵᠡᠯᠡᠭᠳᠡᠵᠦ ᠡᠬᠢᠯᠡᠭᠰᠡᠨ ᠪᠠᠶᠢᠨ᠎ᠠ᠃ 1691 ᠣᠨ ᠳᠤ ᠬᠠᠯᠬ᠎ᠠ᠂ 1757 ᠣᠨ ᠳᠤ ᠵᠦᠩᠭᠠᠷ ᠤᠨ ᠬᠠᠭᠠᠨᠲᠤ ᠤᠯᠤᠰ ᠮᠠᠨᠵᠤ ᠴᠢᠩ ᠤᠯᠤᠰ ᠍ ᠤᠨ ᠵᠠᠬᠢᠷᠭᠠᠨ ᠳᠤ ᠣᠷᠣᠭᠰᠠᠨ ᠢᠶᠠᠷ 1911 ᠣᠨ ᠬᠦᠷᠲᠡᠯ᠎ᠡ 220 ᠵᠢᠯ᠂ (ᠣᠶᠢᠷᠠᠳ ᠢ ᠡᠵᠡᠯᠡᠭᠳᠡᠭᠰᠡᠨ ᠡᠴᠡ ᠡᠬᠢᠯᠡᠨ ᠲᠣᠭᠠᠴᠠᠪᠠᠯ 153 ᠵᠢᠯ} ᠮᠠᠨᠵᠤ ᠶᠢᠨ ᠵᠠᠬᠢᠷᠭᠠᠨ ᠳᠤ ᠪᠠᠶᠢᠵᠠᠢ᠃

ᠮᠠᠨᠵᠤ ᠶᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠠᠨᠵᠤ ᠶᠢᠨ ᠦᠶ᠎ᠡ
ᠮᠠᠨᠵᠤ ᠶᠢᠨ ᠦᠶ᠎ᠡ

ᠮᠠᠨᠵᠤ ᠤᠯᠤᠰ ᠮᠣᠩᠭᠣᠯ ᠢ ᠭᠠᠳᠠᠭᠠᠳᠤ ᠶᠢᠷᠲᠢᠨᠴᠦ ᠡᠴᠡ ᠲᠠᠰᠤᠯᠬᠤ ᠪᠣᠳᠣᠯᠭ᠎ᠠ ᠶᠠᠪᠤᠭᠤᠯᠤᠭᠰᠠᠨ ᠤ ᠤᠷᠰᠢᠭ ᠢᠶᠠᠷ ᠮᠣᠩᠭᠣᠯ ᠣᠷᠣᠨ ᠳᠡᠯᠡᠬᠡᠢ ᠶᠢᠨ ᠬᠥᠭᠵᠢᠯ ᠳᠡᠪᠰᠢᠯ ᠡᠴᠡ ᠬᠣᠴᠣᠷᠤᠭᠳᠠᠭᠰᠠᠨ ᠣᠷᠣᠨ ᠪᠣᠯᠤᠨ ᠬᠤᠪᠢᠷᠠᠭᠰᠠᠨ ᠪᠠᠶᠢᠳᠠᠭ᠃

ᠣᠷᠴᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠰᠢᠨ᠎ᠡ ᠲᠡᠦᠬᠡ ᠶᠢᠨ ᠦᠶ᠎ᠡ ᠨᠢ 1911 ᠣᠨ ᠠᠴᠠ ᠡᠬᠢᠯᠡᠳᠡᠭ᠃

ᠰᠢᠨ᠎ᠡ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠭᠳᠠ ᠬᠠᠭᠠᠨᠲᠤ ᠮᠣᠩᠭᠣᠯ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

1911-1919.jpg
1915 ᠣᠨ

1911 ᠣᠨ ᠤ ᠵᠤᠨ ᠪᠣᠭᠳᠠ ᠵᠢᠪᠽᠣᠨᠳᠠᠮᠪᠠ ᠬᠤᠲᠤᠭᠲᠤ ᠳᠤ ᠪᠠᠲᠤ ᠣᠷᠣᠰᠢᠯ ᠡᠷᠭᠦᠬᠦ ᠦᠶ᠎ᠡ ᠪᠡᠷ ᠵᠥᠪᠯᠡᠯᠳᠦᠨ ᠮᠠᠨᠵᠤ ᠶᠢᠨ ᠡᠷᠬᠡᠰᠢᠶᠡᠯ ᠡᠴᠡ ᠠᠩᠭᠢᠵᠢᠷᠠᠬᠤ ᠪᠠᠷ ᠰᠢᠢᠳᠪᠦᠷᠢᠯᠡᠭᠰᠡᠨ ᠮᠣᠩᠭᠣᠯ ᠤᠨ ᠬᠠᠭᠠᠳ ᠨᠣᠶᠠᠳ᠂ ᠳᠡᠭᠡᠳᠦ ᠯᠠᠮᠠ ᠨᠠᠷ ᠴᠢᠨ ᠸᠠᠩ ᠬᠠᠨᠳᠤᠳᠣᠷᠵᠢ ᠲᠡᠷᠢᠭᠦᠲᠡᠢ ᠲᠥᠯᠥᠭᠡᠯᠡᠭᠴᠢᠳ ᠢ 8 ᠰᠠᠷ᠎ᠠ ᠳᠤ ᠬᠠᠭᠠᠨᠲᠤ ᠣᠷᠣᠰ ᠤᠯᠤᠰ ᠤᠨ ᠰᠠᠨᠺᠲ-ᠫᠧᠲ᠋ᠧᠷᠪᠦᠷᠢᠭ ᠤᠷᠤᠭᠤ ᠢᠯᠡᠭᠡᠵᠡᠢ᠃ ᠡᠨᠳᠡ ᠣᠷᠣᠰ ᠤᠳ ᠲᠤᠰᠠᠯᠠᠴᠠᠭ᠎ᠠ ᠥᠭᠬᠦ ᠪᠣᠯᠤᠨ᠎ᠠ ᠭᠡᠵᠦ ᠰᠢᠢᠳᠪᠦᠷᠢᠯᠡᠵᠦ ᠮᠣᠩᠭᠣᠯ ᠳᠤ ᠡᠷᠭᠢᠨ ᠢᠷᠡᠬᠦ ᠳᠦ ᠨᠢ ᠲᠣᠮᠳᠠᠳᠣ ᠣᠯᠣᠰ ᠲᠤ ᠬᠤᠪᠢᠰᠬᠠᠯ ᠭᠠᠷᠴᠤ᠂ ᠴᠢᠩ ᠤᠯᠤᠰ ᠤᠨ ᠨᠥᠯᠥᠭᠡ᠂ ᠡᠷᠬᠡᠰᠢᠶᠡᠯ ᠪᠠᠭᠠᠰᠴᠣ ᠪᠠᠶᠢᠭᠰᠠᠨ ᠢ ᠳᠠᠯᠢᠮᠳᠠᠭᠤᠯᠵᠤ 1911 ᠣᠨ ᠤ 12 ᠰᠠᠷ᠎ᠠ ᠳᠤ ᠬᠦᠷᠢᠶᠡᠨ ᠦ ᠮᠠᠨᠵᠤ ᠠᠮᠪᠠᠨ ᠢ ᠪᠡᠭᠡᠵᠢᠩ ᠤᠷᠤᠭᠤ ᠪᠤᠴᠠᠭᠠᠵᠠᠢ᠃ ᠢᠩᠭᠢᠭᠡᠳ 12 ᠰᠠᠷ᠎ᠠ ᠶᠢᠨ 29 ᠍ ᠳᠦ ᠪᠣᠭᠳᠠ ᠵᠢᠪᠽᠣᠨᠳᠠᠮᠪᠠ ᠶᠢ ᠱᠠᠰᠢᠨ ᠲᠥᠷᠥ ᠶᠢ ᠬᠣᠣᠰᠯᠠᠨ ᠪᠠᠷᠢᠭᠴᠢ ᠬᠠᠭᠠᠨ ᠳᠤ ᠡᠷᠭᠦᠮᠵᠢᠯᠡᠵᠦ ᠠᠯᠪᠠᠨ ᠶᠣᠰᠣᠭᠠᠷ ᠲᠤᠰᠠᠭᠠᠷ ᠲᠣᠭᠲᠠᠨᠢᠯ ᠢᠶᠠᠨ ᠵᠠᠷᠯᠠᠵᠠᠢ᠃ ᠪᠣᠭᠳᠠ ᠬᠠᠭᠠᠨᠲᠤ ᠮᠣᠩᠭᠣᠯ ᠤᠯᠤᠰ ᠤᠨ ᠠᠯᠪᠠᠨ ᠶᠣᠰᠣᠨ ᠤ ᠨᠡᠷ᠎ᠡ ᠨᠢ "ᠣᠯᠠᠨ᠎ᠠ ᠡᠷᠭᠦᠭᠳᠡᠭᠰᠡᠨ ᠮᠣᠩᠭᠣᠯ ᠤᠯᠤᠰ", "ᠮᠣᠩᠭᠣᠯ ᠤᠯᠤᠰ ᠶᠤᠮ᠃

ᠮᠣᠩᠭᠣᠯ ᠲᠤᠰᠠᠭᠠᠷ ᠲᠣᠭᠲᠠᠨᠢᠯ ᠢᠶᠠᠨ ᠵᠠᠷᠯᠠᠭᠰᠠᠨ ᠴᠤ 1915 ᠣᠨ ᠤ ᠭᠤᠷᠪᠠᠨ ᠤᠯᠤᠰ ᠤᠨ ᠭᠡᠷ᠎ᠡ ᠳᠦ ᠮᠣᠩᠭᠣᠯ ᠤᠯᠤᠰ ᠳᠤᠮᠳᠠᠳᠤ ᠢᠷᠭᠡᠨ ᠤᠯᠤᠰ ᠤᠨ ᠠᠦ᠋ᠲ᠋ᠣᠨᠣᠮᠢᠲᠤ ᠪᠣᠯᠵᠤ ᠲᠤᠰᠠᠭᠠᠷ ᠲᠣᠭᠲᠠᠨᠢᠯ ᠨᠢ ᠤᠰᠠᠳᠴᠠᠢ᠃ 1919 ᠣᠨ ᠳᠤ ᠮᠣᠩᠭᠣᠯ ᠤᠨ ᠦᠪᠡᠷᠳᠡᠭᠡᠨ ᠵᠠᠰᠠᠬᠣ ᠶᠢ ᠦᠭᠡᠢᠰᠭᠡᠬᠦ ᠭᠡᠷ᠎ᠡ ᠵᠢᠷᠣᠭᠳᠠᠵᠠᠢ᠃ ᠡᠨᠡ ᠨᠥᠬᠥᠴᠡᠯ ᠪᠠᠶᠢᠳᠠᠯ ᠳᠤ ᠮᠣᠩᠭᠣᠯ ᠠᠷᠠᠳ ᠤᠨ ᠨᠠᠮ ᠪᠠᠶᠢᠭᠤᠯᠤᠭᠳᠠᠵᠤ᠂ 1921 ᠣᠨ ᠤ 7 ᠰᠠᠷ᠎ᠠ ᠶᠢᠨ 6 ᠍ ᠳᠦ ᠮᠣᠩᠭᠣᠯ ᠤᠨ ᠠᠷᠠᠳᠴᠢᠯᠠᠭᠰᠠᠨ ᠨᠠᠮ᠂ ᠵᠥᠪᠯᠡᠯᠲᠦ ᠶᠢᠨ ᠴᠡᠷᠢᠭ ᠦᠳ ᠬᠦᠷᠢᠶ᠎ᠡ ᠶᠢ ᠡᠵᠡᠯᠡᠵᠦ᠂ ᠰᠢᠨ᠎ᠡ ᠵᠠᠰᠠᠭ ᠤᠨ ᠭᠠᠵᠠᠷ ᠢ ᠪᠠᠶᠢᠭᠤᠯᠵᠠᠢ᠃ ᠳᠠᠷᠠᠭ᠎ᠠ ᠶᠢᠨ ᠬᠡᠳᠦᠨ ᠵᠢᠯ ᠤᠳ ᠲᠤ ᠵᠥᠪᠯᠡᠯᠲᠦ ᠣᠷᠣᠰ ᠤᠯᠤᠰ ᠤᠨ ᠨᠥᠯᠥᠭᠡ ᠤᠯᠠᠮ ᠶᠡᠬᠡᠰᠴᠤ᠂ ᠪᠣᠭᠳᠠ ᠬᠠᠭᠠᠨ ᠨᠠᠰᠤ ᠪᠠᠷᠠᠭᠰᠠᠨ ᠤ ᠳᠠᠷᠠᠭᠠᠬᠠᠨ 1924 ᠣᠨ ᠤ 11 ᠰᠠᠷ᠎ᠠ ᠶᠢᠨ 26 ᠍ ᠳᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠢ ᠲᠤᠩᠬᠠᠭᠯᠠᠵᠠᠢ᠃

ᠰᠣᠴᠢᠶᠠᠯᠢᠮ ᠤᠨ ᠦᠶ᠎ᠡ (1921-1990)[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠨᠢ ᠵᠥᠪᠯᠡᠯᠲᠦ ᠬᠣᠯᠪᠣᠭᠠᠲᠤ ᠤᠯᠤᠰ ᠲᠠᠢ ᠮᠠᠰᠢ ᠨᠠᠷᠢᠨ ᠬᠠᠷᠢᠯᠴᠠᠭ᠎ᠠ ᠲᠠᠢ ᠪᠠᠶᠢᠵᠠᠢ᠃ 1920 ᠪᠠ 30 ᠍ ᠊ᠭᠠᠳ ᠣᠨ ᠤ ᠦᠶ᠎ᠡ ᠳᠦ ᠵᠥᠪᠯᠡᠯᠲᠦ ᠶᠢᠨ ᠨᠥᠯᠥᠭᠡᠯᠡᠯ ᠢ ᠡᠰᠡᠷᠭᠦᠴᠡᠵᠦ᠂ ᠢᠯᠡᠭᠦᠦ ᠲᠤᠰᠠᠭᠠᠷ ᠲᠣᠭᠲᠠᠨᠢᠭᠰᠠᠨ ᠪᠠᠶᠢᠳᠠᠯ ᠢ ᠳᠡᠮᠵᠢᠵᠦ ᠪᠠᠶᠢᠭᠰᠠᠨ ᠳᠣᠭᠰᠣᠮ ᠤᠨ ᠪᠣᠳᠣᠰᠣᠯᠢᠢᠨ ᠳᠠᠨᠽᠠᠨ ᠨᠠᠷ ᠨᠢ ᠡᠷᠬᠡ ᠮᠡᠳᠡᠯ ᠦᠨ ᠲᠥᠯᠦᠭᠡ ᠬᠢ ᠲᠡᠮᠡᠴᠡᠯ ᠳᠦ ᠬᠣᠬᠢᠷᠠᠭᠴᠢ ᠪᠣᠯᠵᠤ ᠠᠯᠠᠭᠳᠠᠵᠠᠢ᠃ 1928 ᠣᠨ ᠳᠤ ᠬᠣᠷᠯᠤ᠎ᠠ ᠶᠢᠨ ᠴᠣᠶᠢᠪᠠᠯᠰᠠᠩ ᠤᠳᠤᠷᠢᠳᠤᠭᠴᠢ ᠪᠣᠯᠵᠠᠢ᠃ ᠲᠡᠷᠡᠪᠡᠷ ᠬᠤᠪᠢ ᠤᠨ ᠥᠮᠴᠢ ᠶᠢ ᠬᠤᠷᠢᠶᠠᠵᠤ᠂ ᠱᠠᠰᠢᠨ ᠳᠤ ᠳᠠᠶᠢᠰᠤᠩᠨᠠᠵᠤ᠂ 1937 ᠣᠨ ᠠᠴᠠ ᠡᠬᠢᠯᠡᠭᠦᠯᠦᠭᠰᠡᠨ ᠶᠡᠬᠡ ᠬᠡᠯᠮᠡᠭᠳᠡᠭᠦᠯᠦᠯᠲᠡ ᠳᠦ 30,000 ᠭᠠᠷᠤᠢ ᠬᠦᠮᠦᠨ ᠠᠯᠠᠭᠳᠠᠵᠠᠢ᠃

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠨᠢ ᠳᠡᠯᠡᠬᠡᠢ ᠶᠢᠨ ᠬᠣᠶᠠᠳᠤᠭᠠᠷ ᠳᠠᠶᠢᠨ  ᠤ ᠦᠶ᠎ᠡ ᠳᠦ ᠵᠥᠪᠯᠡᠯᠲᠦ ᠬᠣᠯᠪᠣᠭᠠᠲᠤ ᠤᠯᠤᠰ ᠳᠦ ᠲᠤᠰᠠᠯᠠᠮᠵᠢ ᠢᠯᠡᠭᠡᠵᠦ ᠪᠠᠶᠢᠭᠰᠠᠨ ᠪᠠ 1939 ᠣᠨ ᠤ ᠬᠠᠯᠬ᠎ᠠ ᠭᠣᠣᠯ ᠤᠨ ᠳᠠᠶᠢᠨ ᠳᠤ ᠵᠥᠪᠯᠡᠯᠲᠦ ᠬᠣᠯᠪᠣᠭᠠᠲᠤ ᠤᠯᠤᠰ᠂ ᠮᠣᠩᠭᠣᠯ ᠤᠨ ᠬᠠᠮᠲᠤᠷᠠᠭᠰᠠᠨ ᠬᠦᠴᠦᠨ ᠶᠠᠫᠣᠨ ᠤ ᠠᠷᠮᠢ ᠶᠢ ᠢᠯᠠᠵᠠᠢ᠃ ᠡᠨᠡ ᠪᠠᠶᠢᠯᠳᠤᠭᠠᠨ ᠤ ᠦᠷ᠎ᠡ ᠳ᠋ᠦᠩ ᠳᠦ ᠵᠥᠪᠯᠡᠯᠲᠦ ᠬᠣᠯᠪᠣᠭᠠᠲᠤ ᠤᠯᠤᠰ ᠨᠢ ᠶᠠᠫᠣᠨ ᠲᠠᠢ ᠲᠥᠪ ᠢ ᠰᠠᠬᠢᠬᠤ ᠭᠡᠷ᠎ᠡ ᠳᠦ ᠭᠠᠷ ᠤᠨ ᠦᠰᠦᠭ ᠵᠢᠷᠤᠵᠠᠢ᠃ ᠳᠡᠯᠡᠬᠡᠢ ᠶᠢᠨ ᠬᠣᠶᠠᠳᠤᠭᠠᠷ ᠳᠠᠶᠢᠨ ᠤ ᠰᠡᠭᠦᠯ ᠦᠨ ᠡᠳᠦᠷ ᠦᠳ ᠲᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠵᠥᠪᠯᠡᠯᠲᠦ ᠬᠣᠯᠪᠣᠭᠠᠲᠤ ᠤᠯᠤᠰ ᠲᠠᠢ ᠬᠠᠮᠲᠤ ᠶᠠᠫᠣᠨ ᠳᠤ ᠳᠠᠶᠢᠨ ᠵᠠᠷᠯᠠᠭᠰᠠᠨ ᠪᠠᠶᠢᠨ᠎ᠠ᠃

1945 ᠣᠨ ᠳᠤ ᠰᠲ᠋ᠯᠢᠨᠵᠢᠶᠠᠩ ᠵᠢᠶᠸ ᠱᠢ ᠨᠠᠷ ᠶᠠᠫᠣᠨ ᠤ ᠡᠰᠡᠷᠬᠦ ᠬᠣᠭᠣᠷᠣᠨᠳᠣ ᠪᠠᠨ ᠬᠣᠯᠪᠣᠭ᠎ᠠ ᠲᠣᠭᠲᠠᠭᠠᠵᠤ᠂ ᠡᠨᠡ ᠦᠶ᠎ᠡ ᠳᠦ ᠲᠣᠮᠳᠠᠳᠣ ᠢᠷᠭᠡᠨ ᠣᠯᠣᠰ ᠤᠨ ᠵᠠᠰᠠᠭ ᠤᠨ ᠣᠷᠳᠣᠨ ᠨᠢ ᠮᠣᠩᠭᠣᠯ ᠤᠨ ᠲᠤᠰᠠᠭᠠᠷ ᠲᠣᠭᠲᠠᠨᠢᠯ ᠢ ᠬᠦᠯᠢᠶᠡᠨ ᠵᠥᠪᠰᠢᠶᠡᠷᠡᠵᠡᠢ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠬᠤ ᠳᠤ 1949 ᠣᠨ ᠤ 10 ᠰᠠᠷ᠎ᠠ ᠶᠢᠨ 6 ᠍ ᠳᠦ ᠳᠠᠬᠢᠨ ᠪᠡᠶ᠎ᠡ ᠪᠡᠶ᠎ᠡ ᠪᠡᠨ ᠬᠦᠯᠢᠶᠡᠨ ᠵᠥᠪᠰᠢᠶᠡᠷᠡᠵᠡᠢ᠃

1952 ᠣᠨ ᠤ 1 ᠰᠠᠷ᠎ᠠ ᠶᠢᠨ 26 ᠍ ᠳᠦ ᠬᠣᠷᠯᠤ᠎ᠠ ᠶᠢᠨ ᠴᠣᠶᠢᠪᠠᠯᠰᠠᠩ ᠮᠣᠰᠺᠸᠠ ᠬᠣᠳᠠ ᠳᠤ ᠨᠠᠰᠤ ᠪᠠᠷᠠᠬᠤ ᠳᠤ ᠶᠠᠭᠤᠮᠠᠵᠢᠭ᠎ᠠ ᠶᠢᠨ ᠼᠡᠳᠡᠨᠪᠠᠯ ᠳᠤ ᠡᠷᠬᠡ ᠮᠡᠳᠡᠯ ᠰᠢᠯᠵᠢᠪᠡ᠃ ᠡᠨᠡ ᠦᠶᠡᠰ ᠬᠠᠷᠢᠴᠠᠩᠭᠤᠢ ᠲᠠᠶᠢᠪᠤᠩ ᠪᠠᠶᠢᠵᠠᠢ᠃ 1961 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠭᠡᠰᠢᠭᠦᠨ ᠪᠣᠯᠵᠤ᠂ ᠥᠷᠥᠨᠡᠲᠦ ᠶᠢᠨ ᠣᠷᠣᠨ ᠨᠤᠭᠤᠳ ᠲᠠᠢ ᠳ᠋ᠢᠫᠯᠣᠮᠠᠲ ᠬᠠᠷᠢᠯᠴᠠᠭ᠎ᠠ ᠲᠣᠭᠲᠠᠭᠠᠬᠤ ᠪᠣᠯᠵᠠᠢ᠃ ᠬᠠᠷᠢᠨ ᠶᠠᠭ ᠡᠨᠡ ᠦᠶ᠎ᠡ ᠳᠦ ᠪᠤᠶᠤ 1960 ᠍ ᠊ᠭᠠᠳ ᠣᠨ ᠠᠴᠠ ᠵᠥᠪᠯᠡᠯᠲᠦ ᠬᠣᠯᠪᠣᠭᠠᠲᠤ ᠤᠯᠤᠰ-ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠬᠣᠭᠣᠷᠣᠨᠳᠣ ᠶᠢᠨ ᠬᠠᠷᠢᠯᠴᠠᠭ᠎ᠠ ᠲᠠᠰᠤᠷᠴᠤ ᠮᠣᠩᠭᠣᠯ ᠨᠢ ᠵᠥᠪᠯᠡᠯᠲᠦ ᠬᠣᠯᠪᠣᠭᠠᠲᠤ ᠤᠯᠤᠰ ᠲᠠᠢ ᠨᠢᠭᠡ ᠲᠠᠯ᠎ᠠ ᠪᠣᠯᠵᠠᠢ᠃ ᠢᠩᠭᠢᠭᠰᠡᠨ ᠢᠶᠡᠷ ᠵᠥᠪᠯᠡᠯᠲᠦ ᠬᠣᠯᠪᠣᠭᠠᠲᠤ ᠤᠯᠤᠰ ᠤᠨ ᠨᠥᠯᠥᠭᠡ ᠶᠡᠬᠡᠰᠴᠡᠢ᠃ᠮᠣᠩᠭᠣᠯ ᠤᠨ ᠡᠳ᠋ ᠍ ᠦᠨ ᠵᠠᠰᠠᠭ 1960 ᠍ ᠊ᠭᠠᠳ ᠣᠨ ᠠᠴᠠ ᠡᠷᠴᠢᠮᠲᠡᠢ ᠬᠥᠭᠵᠢᠵᠦ ᠪᠦᠬᠦ ᠨᠡᠶᠢᠲᠡ ᠪᠡᠷ ᠢᠶᠡᠨ ᠪᠢᠴᠢᠭ ᠦᠰᠦᠭ ᠲᠦ ᠲᠠᠶᠢᠯᠠᠭᠳᠠᠭᠰᠠᠨ ᠠᠽᠢᠶ᠎ᠠ ᠶᠢᠨ ᠠᠩᠬᠠᠨ ᠤ ᠤᠯᠤᠰ ᠪᠣᠯᠵᠠᠢ᠃1984 ᠣᠨ ᠳᠤ ᠼᠡᠳᠡᠨᠪᠠᠯ ᠮᠣᠰᠺᠸᠠ ᠳᠤ ᠠᠶᠢᠯᠴᠢᠯᠠᠵᠤ ᠪᠠᠶᠢᠬᠤ ᠳᠤ ᠨᠢ ᠲᠡᠭᠦᠨ ᠦ ᠡᠰᠡᠷᠬᠦ ᠡᠷᠭᠢᠯᠲᠡ ᠭᠠᠷᠴᠤ ᠵᠠᠮᠪᠠ ᠶᠢᠨ ᠪᠠᠲᠤᠮᠥᠢᠩᠬᠡ  ᠶᠢ ᠮᠣᠩᠭᠣᠯ ᠤᠨ ᠤᠳᠤᠷᠢᠳᠤᠭᠴᠢ ᠪᠠᠷ ᠰᠣᠩᠭᠣᠵᠠᠢ᠃

ᠨᠡᠩ ᠰᠢᠨ᠎ᠡ ᠲᠡᠦᠬᠡ (ᠣᠶᠢᠷᠠᠬᠢ ᠲᠡᠦᠬᠡ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠣᠶᠢᠷᠠᠬᠢ ᠲᠡᠦᠬᠡ ᠶᠢᠨ ᠪᠤᠶᠤ ᠨᠡᠩ ᠰᠢᠨ᠎ᠡ ᠲᠡᠦᠬᠡ ᠶᠢᠨ ᠦᠶ᠎ᠡ ᠨᠢ 1990 ᠣᠨ ᠳᠤ ᠮᠣᠩᠭᠣᠯ ᠤᠨ ᠠᠷᠠᠳᠴᠢᠯᠠᠭᠰᠠᠨ ᠬᠤᠪᠢᠰᠬᠠᠯ ᠢᠯᠠᠭᠰᠠᠨ ᠠᠴᠠ ᠬᠣᠶᠢᠰᠢ ᠣᠳᠣ ᠬᠦᠷᠲᠡᠯᠡᠬᠢ ᠦᠶ᠎ᠡ ᠶᠢ ᠬᠠᠮᠤᠷᠤᠨ᠎ᠠ᠃

1989 ᠣᠨ ᠤ 12 ᠍ ᠳᠦᠭᠡᠷ ᠰᠠᠷ᠎ᠠ ᠶᠢᠨ 3 ᠍ ᠳᠦ ᠡᠷᠳᠡᠨᠢᠲᠦ ᠬᠣᠳᠠ ᠳᠤ ᠠᠩᠬᠠᠨ ᠤ ᠲᠠᠶᠢᠪᠤᠩ ᠵᠢᠭ᠌ᠰᠠᠭᠠᠯ ᠪᠣᠯᠤᠭᠰᠠᠨ ᠪᠥᠭᠡᠳ ᠠᠩᠬ᠎ᠠ 1988 ᠣᠨ ᠤ 12 ᠍ ᠳᠦᠭᠡᠷ ᠰᠠᠷ᠎ᠠ ᠶᠢᠨ 14 ᠍ ᠳᠦ ММС ᠤᠳᠤᠷᠢᠳᠬᠤ ᠭᠠᠵᠠᠷ ᠤᠨ ᠠᠷᠮᠢ ᠶᠢᠨ ᠲᠥᠪ ᠺᠯᠤᠪ ᠦᠨ ᠵᠢᠯᠣᠭᠣᠴᠢ ᠨᠠᠷ ᠠᠵᠢᠯ ᠬᠠᠶᠠᠵᠤ ᠴᠠᠯᠢᠩ ᠬᠥᠯᠥᠰᠥ ᠪᠡᠨ ᠨᠡᠮᠡᠭᠦᠯᠬᠦ ᠲᠡᠮᠡᠴᠡᠯ ᠬᠢᠭᠰᠡᠨ ᠪᠥᠭᠡᠳ ᠡᠨᠡ ᠨᠢ ᠤᠯᠠᠮ ᠢᠶᠠᠷ ᠬᠤᠪᠢᠰᠬᠤ᠂ ᠥᠭᠡᠷᠡᠴᠢᠯᠡᠭᠳᠡᠬᠦ ᠶᠢᠨ ᠡᠬᠢᠯᠡᠯ ᠪᠣᠯᠤᠭᠰᠠᠨ ᠬᠠᠷᠢᠨ 1989 ᠣᠨ ᠤ 12 ᠰᠠᠷ᠎ᠠ ᠶᠢᠨ 6 ᠍ ᠳᠦ ᠂ 8 ᠍ ᠳᠦ᠂ ᠮᠥᠨ 10 ᠍ ᠳᠦ ᠡᠷᠳᠡᠨᠢᠲᠦ ᠬᠣᠲᠠ ᠶᠢᠨ ᠲᠥᠪ ᠲᠦ ᠵᠢᠭ᠌ᠰᠠᠭᠠᠯ ᠴᠤᠭᠯᠠᠭᠠᠨ ᠪᠣᠯᠵᠤ ᠪᠠᠶᠢᠭᠰᠠᠨ ᠲᠡᠦᠬᠡ ᠦᠨ ᠸᠢᠳᠢᠣ᠋ ᠪᠢᠴᠢᠯᠭᠡ ᠪᠠᠶᠢᠳᠠᠭ ᠃ ᠲᠡᠷᠡ ᠵᠢᠭ᠌ᠰᠠᠭᠠᠯ ᠴᠤᠭᠯᠠᠭᠠᠨ ᠳᠤ ᠣᠷᠣᠯᠴᠠᠵᠤ ᠦᠭᠡ ᠬᠡᠯᠡᠵᠦ ᠶᠠᠪᠤᠭᠰᠠᠨ ᠬᠦᠮᠦᠰ ᠨᠢ ᠡᠳᠦᠷ ᠬᠣᠨᠣᠭ ᠢᠶᠠᠷ ᠴᠥᠭᠡᠷᠡᠭᠰᠡᠭᠡᠷ ᠪᠠᠶᠢᠭ᠎ᠠ ᠨᠢ ᠳᠠᠩᠴᠤ ᠬᠠᠷᠠᠮᠰᠠᠯᠲᠠᠢ᠃1989 ᠣᠨ ᠤ 12 ᠍ ᠳᠦᠭᠡᠷ ᠰᠠᠷ᠎ᠠ ᠶᠢᠨ 19 ᠍ ᠳᠦ ᠡᠷᠳᠡᠨᠢᠲᠦ ᠳᠦ ᠮᠣᠬᠤ ᠪᠠᠶᠢᠭᠤᠯᠤᠭᠳᠠᠵᠤ 1990 ᠣᠨ ᠤ 1 ᠰᠠᠷ᠎ᠠ ᠶᠢᠨ 19-21 ᠍ ᠳᠦ ᠭᠡᠰᠢᠭᠦᠳ ᠢᠶᠡᠨ ᠡᠯᠰᠡᠭᠦᠯᠵᠦ ᠡᠷᠭᠦᠳᠡᠯ ᠪᠢᠴᠢᠭᠦᠯᠵᠦ ᠪᠠᠶᠢᠭᠰᠠᠨ᠃ ᠲᠡᠷᠡ ᠦᠶ᠎ᠡ ᠶᠢᠨ 5 ᠍ ᠳᠦᠭᠡᠷ ᠮᠢᠺᠷᠢ ᠶᠢᠨ 21 ᠍ ᠳᠦᠭᠡᠷ ᠪᠠᠶᠢᠷᠢᠨ ᠤ 6 ᠲᠣᠭᠠᠲᠤ ᠪᠣᠯᠤᠨ ᠠᠭᠤᠷᠬᠠᠶᠢᠴᠢᠨ ᠰᠤᠶᠤᠯ ᠤᠨ ᠣᠷᠳᠣᠨ ᠤ ᠪᠠᠭ᠎ᠠ ᠵᠠᠭᠠᠯᠠᠩ ᠳᠤ ᠠᠩᠬᠠᠨ ᠤ ᠭᠡᠰᠢᠭᠦᠳ ᠢᠶᠡᠨ ᠡᠯᠰᠡᠭᠦᠯᠦᠭᠰᠡᠨ ᠪᠠᠶᠢᠨ᠎ᠠ᠃

1989 ᠣᠨ ᠤ 12 ᠰᠠᠷ᠎ᠠ ᠶᠢᠨ 10 ᠍ ᠳᠦ ᠮᠣᠩᠭᠣᠯ ᠤᠨ ᠠᠷᠠᠳᠴᠢᠯᠠᠭᠰᠠᠨ ᠬᠣᠯᠪᠣᠭ᠎ᠠ ᠪᠠᠶᠢᠭᠤᠯᠤᠭᠳᠠᠭᠰᠠᠨ ᠢᠶᠠᠷ ᠠᠷᠠᠳᠴᠢᠯᠠᠬᠤ ᠬᠥᠳᠡᠯᠭᠡᠭᠡᠨ ᠡᠬᠢᠯᠡᠵᠡᠢ᠃ ᠤᠳᠠᠯ ᠦᠭᠡᠢ ᠮᠣᠩᠭᠣᠯ ᠤᠨ ᠠᠷᠠᠳᠴᠢᠯᠠᠭᠰᠠᠨ ᠨᠠᠮᠮᠣᠩᠭᠣᠯ ᠤᠨ ᠰᠣᠴᠢᠶᠠᠯ ᠳᠧᠮᠣᠺᠷᠠᠲ ᠨᠠᠮᠮᠣᠩᠭᠣᠯ ᠤᠨ ᠦᠨᠳᠦᠰᠦᠨ ᠦ ᠳᠡᠪᠰᠢᠯ ᠦᠨ ᠨᠠᠮᠮᠣᠩᠭᠣᠯ ᠤᠨ ᠨᠣᠭᠣᠭᠠᠨ ᠨᠠᠮᠮᠣᠩᠭᠣᠯ ᠤᠨ ᠴᠢᠯᠦᠭᠡᠲᠦ ᠬᠥᠳᠡᠯᠮᠦᠷᠢᠴᠢᠳ  ᠤᠨ ᠨᠨᠠᠮ ᠭᠡᠰᠡᠨ ᠠᠷᠠᠳᠴᠢᠯᠠᠭᠰᠠᠨ ᠨᠠᠮ ᠤᠳ ᠪᠠᠶᠢᠭᠤᠯᠤᠭᠳᠠᠵᠠᠢ᠃ᠲᠡᠳᠡ ᠠᠩᠬ᠎ᠠ ᠠᠷᠠᠳᠴᠢᠯᠠᠭᠰᠠᠨ ᠨᠡᠶᠢᠭᠡᠮ ᠳᠦ ᠰᠢᠯᠵᠢᠬᠦ ᠲᠤᠬᠠᠢ ᠪᠢᠰᠢ ᠰᠣᠴᠢᠶᠠᠯᠢᠮ ᠢ ᠰᠠᠶᠢᠵᠢᠷᠭᠠᠭᠤᠯᠬᠤ ᠤᠷᠢᠶ᠎ᠠ ᠳᠡᠪᠰᠢᠭᠦᠯᠵᠦ ᠪᠠᠶᠢᠭᠰᠠᠨ ᠶᠤᠮ᠃1990 ᠣᠨ ᠤ 3 ᠰᠠᠷ᠎ᠠ ᠶᠢᠨ 7-9 ᠍ ᠤ ᠬᠣᠭᠣᠷᠣᠨᠳᠣ ᠮᠣᠩᠭᠣᠯ ᠤᠨ ᠠᠷᠠᠳᠴᠢᠯᠠᠭᠰᠠᠨ ᠬᠣᠯᠪᠣᠭᠠᠨ ᠤ ᠭᠡᠰᠢᠭᠦᠳ ᠥᠯᠥᠰᠬᠦᠯᠡᠩ ᠵᠠᠷᠯᠠᠭᠰᠠᠨ ᠢᠶᠠᠷ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠤᠯᠤᠰ ᠲᠥᠷᠥ ᠶᠢᠨ ᠲᠣᠪᠴᠢᠶ᠎ᠠ ᠣᠭᠴᠠᠷᠴᠥ ᠨᠡᠶᠢᠭᠡᠮ ᠤᠨ ᠤᠯᠤᠰ ᠲᠥᠷᠥ ᠶᠢᠨ ᠲᠣᠭᠲᠠᠯᠴᠠᠭ᠎ᠠ ᠶᠢ ᠰᠢᠨᠡᠳᠭᠡᠬᠦ ᠦᠢᠯᠡ ᠠᠵᠢᠯᠯᠠᠭᠠᠨ ᠤ ᠡᠬᠢᠯᠡᠯ ᠲᠠᠯᠪᠢᠭᠳᠠᠵᠠᠢ᠃ 1990 ᠣᠨ ᠤ 7 ᠰᠠᠷ᠎ᠠ ᠳᠤ ᠮᠣᠩᠭᠣᠯ ᠤᠨ ᠠᠩᠬᠠᠨ ᠤ ᠠᠷᠠᠳᠴᠢᠯᠠᠭᠰᠠᠨ ᠰᠣᠩᠭᠣᠭᠤᠯᠢ ᠪᠤᠢ ᠪᠣᠯᠵᠤ᠂ ᠠᠷᠠᠳᠴᠢᠯᠠᠯ ᠲᠣᠭᠲᠠᠵᠠᠢ᠃ 1992 ᠣᠨ ᠳᠤ ᠰᠢᠨ᠎ᠡ ᠦᠨᠳᠦᠰᠦᠨ ᠬᠠᠤᠯᠢ ᠶᠢ ᠪᠠᠲᠤᠯᠠᠵᠠᠢ᠃ 1993 ᠣᠨ ᠤ 6 ᠰᠠᠷ᠎ᠠ ᠶᠢᠨ 6 ᠍ ᠳᠦ ᠠᠩᠬᠠᠨ ᠤ ᠰᠢᠭᠤᠳ ᠶᠡᠷᠦᠩᠬᠡᠶᠢᠯᠡᠭᠴᠢ ᠶᠢᠨ ᠰᠣᠩᠭᠣᠭᠤᠯᠢ ᠪᠣᠯᠵᠠᠢ᠃

ᠨᠡᠮᠡᠵᠦ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠮᠣᠩᠭᠣᠯ ᠤᠨ ᠲᠡᠦᠬᠡ»
ᠸᠢᠭᠮᠧᠳᠢᠶᠠ ᠵᠢᠷᠤᠭ ᠤᠨ ᠰᠠᠩ:
«ᠮᠣᠩᠭᠣᠯ ᠤᠨ ᠭᠠᠵᠠᠷ ᠤᠨ ᠵᠢᠷᠤᠭ»

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ