打开主菜单

ᠮᠣᠩᠭᠣᠯ ᠤᠨ ᠠᠷᠠᠳᠴᠢᠯᠠᠭᠰᠠᠨ ᠬᠤᠪᠢᠰᠬᠠᠯ

1989 ᠣᠨ ᠤ 12 ᠍ ᠳᠦᠭᠡᠷ ᠰᠠᠷ᠎ᠠ ᠶᠢᠨ 03 ᠍ ᠳᠦ ᠡᠷᠳᠡᠨᠢᠲᠦ ᠬᠣᠳᠠ ᠳᠤ ᠠᠩᠬᠠᠨ ᠤ ᠲᠠᠶᠢᠪᠤᠩ ᠵᠢᠭ᠌ᠰᠠᠭᠠᠯ ᠪᠣᠯᠤᠭᠰᠠᠨ ᠪᠥᠭᠡᠳ ᠠᠩᠬ᠎ᠠ 1988 ᠣᠨ ᠤ 12 ᠍ ᠷᠰᠠᠷ ᠤᠨ 14 ᠍ ᠳᠦ ММС ᠤᠳᠤᠷᠢᠳᠬᠤ ᠭᠠᠵᠠᠷ ᠤᠨ ᠠᠷᠮᠢ ᠶᠢᠨ ᠲᠥᠪ ᠺᠯᠥ᠋ᠪ ᠦᠨ ᠵᠢᠯᠣᠭᠣᠴᠢ ᠨᠠᠷ ᠠᠵᠢᠯ ᠬᠠᠶᠠᠵᠤ ᠴᠠᠯᠢᠩ ᠬᠥᠯᠦᠰᠦ ᠪᠡᠨ ᠨᠡᠮᠡᠭᠦᠯᠬᠦ ᠲᠡᠮᠡᠴᠡᠯ ᠬᠢᠭᠰᠡᠨ ᠪᠥᠭᠡᠳ ᠡᠨᠡ ᠨᠢ ᠤᠯᠠᠮ ᠢᠶᠠᠷ ᠬᠤᠪᠢᠰᠬᠤ᠂ ᠥᠭᠡᠷᠡᠴᠢᠯᠡᠭᠳᠡᠬᠦ ᠶᠢᠨ ᠡᠬᠢᠯᠡᠯ ᠪᠣᠯᠤᠭᠰᠠᠨ᠃ ᠬᠠᠷᠢᠨ 1989 ᠣᠨ ᠤ 12 ᠰᠠᠷ᠎ᠠ ᠶᠢᠨ 06 ᠍ ᠳᠤ 8 ᠍ ᠳᠦ ᠮᠥᠨ 10 ᠍ ᠳᠦ ᠡᠷᠳᠡᠨᠢᠲᠦ ᠬᠣᠲᠠ ᠶᠢᠨ ᠲᠥᠪ ᠲᠦ ᠵᠢᠭ᠌ᠰᠠᠭᠠᠯ ᠴᠤᠭᠯᠠᠭᠠᠨ ᠪᠣᠯᠵᠤ ᠪᠠᠶᠢᠭᠰᠠᠨ ᠲᠡᠦᠬᠡ ᠸᠢᠳᠢᠣ᠋ ᠪᠢᠴᠢᠯᠭᠡ ᠪᠠᠶᠢᠳᠠᠭ᠃

1990 ᠣᠨ ᠤ 3 ᠰᠠᠷ᠎ᠠ ᠶᠢᠨ 7-9 ᠍ ᠤ ᠬᠣᠭᠣᠷᠣᠨᠳᠣ ᠮᠣᠩᠭᠣᠯ ᠤᠨ ᠠᠷᠠᠳᠴᠢᠯᠠᠭᠰᠠᠨ ᠬᠣᠯᠪᠣᠭᠠᠨ ᠤ ᠭᠡᠰᠢᠭᠦᠳ ᠥᠯᠥᠰᠬᠦᠯᠡᠩ ᠵᠠᠷᠯᠠᠭᠰᠠᠨ ᠢᠶᠠᠷ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠤᠯᠤᠰ ᠲᠥᠷᠦ ᠶᠢᠨ ᠲᠣᠪᠴᠢᠶ᠎ᠠ ᠣᠭᠴᠠᠷᠴᠥ ᠨᠡᠶᠢᠭᠡᠮ ᠦᠨ ᠤᠯᠤᠰ ᠲᠥᠷᠦ ᠶᠢᠨ ᠲᠣᠭᠲᠠᠯᠴᠠᠭ᠎ᠠ ᠶᠢ ᠰᠢᠨᠡᠳᠭᠡᠬᠦ ᠦᠢᠯᠡ ᠠᠵᠢᠯᠯᠠᠭᠠᠨ ᠤ ᠡᠬᠢᠯᠡᠯ ᠲᠠᠯᠪᠢᠭᠳᠠᠵᠠᠢ᠃ 1990 ᠣᠨ ᠤ 7 ᠰᠠᠷ᠎ᠠ ᠳᠤ ᠮᠣᠩᠭᠣᠯ ᠤᠨ ᠠᠩᠬᠠᠨ ᠤ ᠠᠷᠠᠳᠴᠢᠯᠠᠭᠰᠠᠨ ᠰᠣᠩᠭᠣᠭᠤᠯᠢ ᠪᠣᠯᠵᠤ᠂ ᠠᠷᠠᠳᠴᠢᠯᠠᠯ ᠲᠣᠭᠲᠠᠵᠠᠢ᠃ 1992 ᠣᠨ ᠳᠤ ᠰᠢᠨ᠎ᠡ ᠦᠨᠳᠦᠰᠦᠨ ᠬᠠᠤᠯᠢ ᠶᠢ ᠪᠠᠲᠤᠯᠠᠵᠠᠢ᠃

ᠨᠡᠮᠡᠵᠦ ᠤᠩᠰᠢᠬᠤᠨᠠᠶᠢᠷᠠᠭᠣᠯᠬᠣ

ᠡᠰᠢᠯᠡᠯᠨᠠᠶᠢᠷᠠᠭᠣᠯᠬᠣ