打开主菜单

ᠮᠠᠶᠢᠺᠯ ᠵᠣᠷᠳᠠᠨ

ᠵᠠᠭᠪᠤᠷ:ᠢᠨᠹᠣᠪᠣᠺᠰ NBA ᠍ ᠦᠨ ᠰᠠᠭᠰᠤᠨ ᠪᠥᠮᠪᠥᠭᠴᠢ ᠪᠢᠳᠡᠨ ᠦ ᠮᠣᠩᠭᠣᠯ ᠤᠨ ᠵᠢᠷᠤᠮ (MJ) ᠭᠡᠳᠡᠭ ᠢᠶᠡᠷ ᠨᠢ ᠰᠠᠶᠢᠨ ᠮᠡᠳᠡᠬᠦ ᠮᠠᠶᠢᠺᠯ ᠵᠧᠹᠹᠷᠢ ᠵᠣᠷᠳᠠᠨ (ᠠᠩᠭᠯᠢ ᠪᠠᠷ Micheal Jefrey Jordan, 1963 ᠣᠨ ᠤ 2 ᠰᠠᠷ᠎ᠠ ᠶᠢᠨ 17 ᠍ ᠳᠦ ᠲᠦᠷᠦᠭᠰᠡᠨ) ᠨᠢ ᠠᠮᠧᠷᠢᠺᠠ ᠶᠢᠨ ᠮᠡᠷᠭᠡᠵᠢᠯ ᠦᠨ ᠰᠠᠭᠰᠤᠨ ᠪᠥᠮᠪᠦᠭᠡᠴᠢᠨ ᠠᠰᠠᠨ᠂ ᠪᠢᠽᠢᠨ᠋ᠧᠰᠮᠡᠨ᠂ ᠮᠥᠨ ᠰᠢᠷᠠᠯᠣᠲ ᠲᠤ ᠬᠣᠷᠨᠡᠲᠦᠰ ᠪᠠᠭ ᠤᠨ ᠡᠵᠡᠨ᠃ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭ᠎ᠠᠨ ᠤ ᠲᠠᠨᠢᠯᠴᠠᠭᠤᠯᠭ᠎ᠠ ᠳᠤ ᠲᠡᠭᠦᠨ ᠢ "ᠪᠦᠬᠦ ᠴᠠᠭ ᠦᠶ᠎ᠡ ᠶᠢᠨ ᠬᠠᠮᠤᠭ ᠤᠨ ᠰᠢᠯᠢᠳᠡᠭ ᠰᠠᠭᠰᠤᠨ ᠪᠥᠮᠪᠦᠭᠡᠴᠢᠨ" ᠭᠡᠵᠦ ᠲᠣᠳᠣᠷᠬᠠᠶᠢᠯᠠᠭᠰᠠᠨ ᠪᠠᠶᠢᠳᠠᠭ᠃ ᠲᠡᠷᠡ ᠪᠡᠷ ᠲᠤᠬᠠᠢ ᠶᠢᠨ ᠦᠶᠡᠳᠡᠭᠡ ᠪᠦᠬᠦ ᠰᠫᠣᠷᠲ ᠤᠨ ᠲᠠᠮᠢᠷᠴᠢᠳ ᠳᠤᠮᠳᠠ ᠪᠠᠨ ᠬᠠᠮᠤᠭ ᠤᠨ ᠠᠯᠳᠠᠷᠲᠠᠢ ᠲᠠᠮᠢᠷᠴᠢᠳ ᠤᠨ ᠨᠢᠭᠡ ᠪᠠᠶᠢᠭᠰᠠᠨ ᠪᠥᠭᠡᠳ 1980, 1990 ᠍ ᠊ᠭᠡᠳ ᠣᠨ ᠳᠤ NBA ᠍ ᠢ ᠳᠡᠯᠡᠬᠡᠢ ᠳᠠᠶᠠᠭᠠᠷ ᠨᠡᠷ᠎ᠡ ᠬᠦᠨᠳᠦᠲᠡᠢ ᠪᠣᠯᠭᠠᠬᠤ ᠳᠤ ᠲᠡᠭᠦᠨ ᠦ ᠭᠦᠢᠴᠡᠳᠭᠡᠭᠰᠡᠨ ᠡᠭᠦᠷᠭᠡ ᠶᠡᠬᠡ ᠪᠢᠯᠡ᠃

ᠴᠠᠫᠧᠯ ᠬᠢᠯᠢᠯ ᠳ᠋ᠡᠬᠢ ᠬᠣᠶᠢᠳᠤ ᠺᠠᠷᠣᠯᠢᠨᠠᠭ ᠤᠨ ᠶᠡᠬᠡ ᠰᠤᠷᠭᠠᠭᠤᠯᠢ ᠳᠤ 3 ᠤᠯᠠᠷᠢᠯ ᠲᠣᠭᠯᠠᠬᠤ ᠳᠤ ᠪᠠᠨ 1982 ᠣᠨ ᠳᠤ ᠦᠨᠳᠦᠰᠦᠨ ᠦ ᠠᠪᠤᠷᠭᠤ ᠴᠣᠯᠠ ᠳᠤ ᠬᠦᠷᠦᠭᠰᠡᠨ ᠲᠠᠷᠠ ᠬᠢᠭᠢᠯᠢᠰ ᠪᠠᠭ ᠤᠨ ᠭᠡᠰᠢᠭᠦᠨ ᠪᠠᠶᠢᠭᠠᠳ᠂ 1984 ᠣᠨ ᠳᠤ NBA ᠍ ᠦᠨ ᠴᠢᠺᠠᠭᠣ ᠪᠤᠯᠵᠠ ᠪᠠᠭ ᠲᠤ ᠣᠷᠣᠭᠰᠠᠨ ᠶᠤᠮ᠃ ᠣᠨᠣᠭ᠎ᠠ ᠠᠪᠤᠯᠲᠠ ᠭᠠᠶᠢᠬᠠᠯᠲᠠᠢ ᠴᠢᠳᠠᠪᠤᠷᠢ ᠶᠢᠨ ᠢᠶᠠᠨ ᠠᠴᠢ ᠪᠠᠷ ᠵᠣᠷᠳᠠᠨ ᠣᠯᠠᠨ ᠢ ᠭᠠᠶᠢᠬᠠᠰᠢᠷᠠᠭᠤᠯᠵᠤ᠂ ᠲᠡᠳᠦᠯ ᠦᠭᠡᠢ ᠯᠢᠭ ᠦᠨ ᠢᠶᠡᠨ ᠣᠳ ᠨᠢ ᠪᠣᠯᠵᠠᠢ᠃ ᠥᠪᠡᠷ ᠦᠨ ᠦᠰᠦᠷᠬᠦ ᠤᠷ᠎ᠠ ᠴᠢᠳᠠᠪᠤᠷᠢ ᠪᠠᠷ ᠢᠶᠠᠨ ᠴᠠᠭᠠᠷᠢᠭᠠᠨ ᠳᠡᠭᠡᠷ᠎ᠡ ᠡᠴᠡ ᠳᠣᠪᠲᠣᠯᠬᠤ ᠲᠡᠮᠡᠴᠡᠭᠡᠨ ᠳᠦ ᠣᠷᠣᠯᠴᠠᠵᠤ᠂ ᠴᠢᠯᠦᠭᠡᠲᠦ ᠰᠢᠳᠡᠯᠲᠡ ᠶᠢᠨ ᠵᠢᠷᠤᠭᠠᠰᠤᠨ ᠤ ᠠᠷᠠᠳ ᠠᠴᠠ ᠠᠮᠵᠢᠯᠲᠠ ᠲᠠᠢ ᠳᠣᠪᠲᠣᠯᠵᠤ ᠴᠢᠳᠠᠭᠰᠠᠨ᠃ ᠡᠨᠡᠬᠦ ᠦᠵᠡᠭᠦᠯᠪᠦᠷᠢ ᠡᠴᠡ ᠬᠣᠶᠢᠰᠢ ᠲᠡᠷᠡ ᠪᠡᠷ ᠨᠢᠰᠳᠡᠭ ᠵᠣᠷᠳᠠᠨ ᠭᠡᠵᠦ ᠳᠠᠭᠤᠳᠠᠭᠤᠯᠬᠤ ᠪᠣᠯᠤᠭᠰᠠᠨ᠃ ᠮᠥᠨ ᠰᠠᠭᠰᠤᠨ ᠪᠥᠮᠪᠥᠭᠡ ᠶᠢᠨ ᠰᠢᠯᠢᠳᠡᠭ ᠬᠠᠮᠠᠭᠠᠯᠠᠨ ᠲᠣᠭᠯᠠᠭᠴᠢᠳ ᠤᠨ ᠨᠢᠭᠡ ᠭᠡᠭᠳᠡᠳᠡᠭ᠃ ᠲᠡᠷᠡ ᠪᠡᠷ 1991 ᠣᠨ ᠳᠤ ᠪᠤᠯᠵᠠ ᠪᠠᠭ ᠲᠠᠢ ᠪᠠᠨ ᠠᠩᠬ᠎ᠠ ᠠᠪᠤᠷᠭᠤ ᠠᠪᠴᠤ᠂ ᠤᠯᠠᠮ ᠢᠶᠠᠷ 1992, 1993 ᠣᠨ ᠳᠤ ᠳᠠᠷᠠᠭᠠᠯᠠᠨ ᠠᠪᠤᠷᠭᠤ ᠪᠠᠨ ᠪᠠᠲᠤᠯᠠᠭᠠᠵᠢᠭᠤᠯᠤᠭᠰᠠᠨ᠃ 1993-1994 ᠣᠨ ᠤ ᠤᠯᠠᠷᠢᠯ ᠤᠨ ᠡᠬᠢᠨ ᠳᠦ ᠭᠡᠨᠡᠳᠲᠡ ᠵᠣᠳᠣᠭ ᠲᠠᠶᠢᠯᠤᠨ ᠪᠡᠶᠢᠰᠪᠣᠯ ᠲᠣᠭᠯᠠᠵᠤ ᠡᠬᠢᠯᠡᠭᠰᠡᠨ ᠴᠤ 1995 ᠣᠨ ᠳᠤ ᠰᠠᠭᠰᠤᠨ ᠪᠥᠮᠪᠥᠭᠡ ᠳᠦ ᠪᠡᠨ ᠡᠷᠭᠢᠨ ᠢᠷᠡᠵᠦ᠂ 1996-1998 ᠣᠨ ᠳᠤ ᠠᠬᠢᠨ 3 ᠤᠳᠠᠭ᠎ᠠ ᠠᠪᠤᠷᠭᠤ ᠪᠣᠯᠤᠭᠰᠠᠨ ᠶᠤᠮ᠃ 1995-1996 ᠣᠨ ᠤ ᠤᠯᠠᠷᠢᠯ ᠳᠤ ᠲᠡᠭᠦᠨ ᠦ ᠪᠠᠭ 72 ᠢᠯᠠᠯᠲᠠ ᠪᠠᠶᠢᠭᠤᠯᠤᠭᠰᠠᠨ ᠨᠢ ᠯᠢᠭᠢ ᠶᠢᠨ ᠳᠡᠭᠡᠳᠦ ᠠᠮᠵᠢᠯᠲᠠ ᠪᠣᠯᠤᠨ᠎ᠠ᠃ ᠲᠡᠷᠡ ᠪᠡᠷ 1999 ᠣᠨ ᠳᠤ 2 ᠳᠠᠬᠢ ᠤᠳᠤᠭ᠎ᠠ ᠪᠠᠨ ᠵᠣᠳᠣᠭ ᠲᠠᠶᠢᠯᠤᠭᠰᠠᠨ ᠴᠤ 2001 ᠣᠨ ᠳᠤ ᠸᠠᠰᠢᠩᠲ᠋ᠣᠨ ᠸᠢᠽᠠᠷᠳᠠᠰ ᠪᠠᠭ ᠲᠤ ᠡᠯᠰᠡᠨ᠂ 2 ᠵᠢᠯ ᠭᠠᠷᠤᠢ ᠲᠣᠭᠯᠠᠭᠰᠠᠨ ᠶᠤᠮ᠃

ᠵᠣᠷᠳᠠᠨ NBA ᠍ ᠦᠨ ᠵᠠᠮᠨᠠᠯ ᠳᠤ ᠪᠠᠨ ᠨᠢᠭᠡ ᠲᠣᠭᠯᠠᠯᠲᠠᠳ ᠳᠤᠮᠳᠠᠴᠢ ᠪᠠᠷ 30.12 ᠣᠨᠣᠭ᠎ᠠ ᠠᠪᠴᠤ ᠪᠠᠶᠢᠭᠰᠠᠨ ᠨᠢ ᠲᠡᠦᠬᠡᠨ ᠳᠦ ᠨᠢᠭᠡ ᠳᠦ ᠤᠷᠤᠬᠤ ᠠᠮᠵᠢᠯᠲᠠ ᠪᠢᠯᠡ᠃ ᠲᠡᠷᠡ ᠪᠡᠷ 1999 ᠣᠨ ᠳᠤ ESPN ᠍ ᠰ ᠰᠢᠯᠭᠠᠷᠠᠭᠤᠯᠤᠭᠰᠠᠨ ᠬᠣᠶᠢᠳᠤ ᠠᠮᠧᠷᠢᠺᠠ ᠶᠢᠨ ᠵᠠᠭᠤᠨ ᠤ ᠰᠢᠯᠢᠳᠡᠭ ᠲᠠᠮᠢᠷᠴᠢᠳ ᠤᠨ ᠵᠢᠭ᠌ᠰᠠᠭᠠᠯᠳᠠ ᠶᠢ ᠲᠡᠷᠢᠭᠦᠯᠡᠵᠦ᠂ Associated Press ᠍ ᠦᠨ ᠵᠢᠭ᠌ᠰᠠᠭᠠᠯᠳᠠ ᠳᠤ 2 ᠍ ᠳᠦ ᠪᠢᠴᠢᠭᠳᠡᠭᠰᠡᠨ᠃

ᠵᠣᠷᠳᠠᠨ ᠤ ᠨᠡᠷ᠎ᠡ ᠲᠡᠢ ᠪᠦᠲᠦᠭᠡᠭᠳᠡᠬᠦᠨ ᠨᠦᠭᠦᠳ ᠶᠡᠬᠡ ᠠᠮᠵᠢᠯᠲᠠ ᠳᠤ ᠬᠦᠷᠦᠭᠰᠡᠨ᠃ 1985 ᠣᠨ ᠳᠤ ᠠᠩᠬ᠎ᠠ ᠬᠤᠳᠠᠯᠳᠤᠭᠠᠨ ᠳᠤ ᠭᠠᠷᠴᠤ ᠪᠠᠶᠢᠭᠰᠠᠨ᠂ ᠨᠠᠶᠢᠺᠡᠶᠢᠨ ᠨᠢᠰᠳᠡᠭ ᠵᠣᠷᠳᠠᠨ ᠫᠦᠦᠵᠡ ᠡᠳᠦᠭᠡ ᠴᠤ ᠡᠷᠢᠯᠲᠡ ᠲᠡᠢ ᠬᠡᠪ ᠢᠶᠡᠷ ᠪᠠᠶᠢᠨ᠎ᠠ᠃

ᠲᠡᠭᠦᠨ ᠦ ᠵᠠᠮᠨᠠᠯ ᠤᠨ ᠦᠵᠡᠭᠦᠯᠦᠯᠲᠡ ᠨᠦᠭᠦᠳᠨᠠᠶᠢᠷᠠᠭᠣᠯᠬᠣ

ᠳᠣᠮᠣᠭ
  ОТ ᠣᠷᠣᠯᠴᠠᠭᠰᠠᠨ ᠲᠣᠭᠯᠠᠯᠲᠠ   ГГТ  ᠭᠠᠷᠠᠭᠠᠨ ᠳᠤ ᠭᠠᠷᠤᠭᠰᠠᠨ ᠲᠣᠭᠯᠠᠯᠲᠠ  ДМ  ᠳᠤᠮᠳᠠᠴᠢ ᠮᠢᠨᠦ᠋ᠲ
 ДХ%  ᠳᠣᠪᠲᠣᠯᠭᠠᠨ ᠤ ᠬᠤᠪᠢ  ХЗШ%  ᠬᠣᠯᠠ ᠶᠢᠨ ᠵᠠᠢ ᠶᠢᠨ ᠰᠢᠳᠡᠯᠲᠡ ᠶᠢᠨ ᠬᠤᠪᠢ  ЧШ%  ᠴᠢᠯᠦᠭᠡᠲᠦ ᠰᠢᠳᠡᠯᠲᠡ ᠶᠢᠨ ᠬᠤᠪᠢ
 ᠰ᠃ᠪ᠃ᠠ  ᠰᠠᠮᠪᠠᠷ᠎ᠠ ᠠᠴᠠ ᠪᠥᠮᠪᠥᠭᠡ ᠠᠪᠤᠯᠲᠠ ᠶᠢᠨ ᠳᠤᠮᠳᠠᠴᠢ  ᠣ᠃ᠳ  ᠣᠨᠣᠪᠴᠢᠲᠠᠢ ᠳᠠᠮᠵᠢᠭᠤᠯᠤᠯᠲᠠ ᠶᠢᠨ ᠳᠤᠮᠳᠠᠴᠢ  ᠪᠥᠮ᠃ᠲᠠᠰ  ᠪᠥᠮᠪᠥᠭᠡ ᠲᠠᠰᠤᠯᠤᠯᠲᠠ ᠶᠢᠨ ᠳᠤᠮᠳᠠᠴᠢ
 ᠬᠠᠭᠠᠯᠲᠠ  ᠬᠠᠭᠠᠯᠲᠠ ᠶᠢᠨ ᠳᠤᠮᠳᠠᠴᠢ  ᠣᠨᠣᠭ᠎ᠠ  ᠳᠤᠮᠳᠠᠴᠢ ᠣᠨᠣᠭ᠎ᠠ ᠠᠪᠤᠯᠲᠠ  ᠲᠣᠳᠣ  ᠵᠠᠮᠨᠠᠯ ᠤᠨ ᠳᠡᠭᠡᠳᠦ ᠦᠵᠡᠭᠦᠯᠦᠯᠲᠡ
ҮСБХны ᠠᠪᠤᠷᠭᠤ ᠪᠣᠯᠤᠭᠰᠠᠨ ᠤᠯᠠᠷᠢᠯ
ᠯᠢᠭ ᠢ ᠲᠡᠷᠢᠭᠦᠯᠡᠭᠰᠡᠨ

ᠤᠯᠠᠷᠢᠯ ᠳᠤᠨᠠᠶᠢᠷᠠᠭᠣᠯᠬᠣ

ᠣᠨ ᠲᠣᠭᠯᠠᠭᠰᠠᠨ ᠪᠠᠭ ОТ ГГТ ДМ ДХ% ХЗШ% ЧШ% ᠰ᠃ᠪ᠃ᠠ ᠣ᠃ᠳ ᠪᠥᠮ᠃ᠲᠠᠰ ᠬᠠᠭᠠᠯᠲᠠ ᠣᠨᠣᠭ᠎ᠠ
1984-85 ᠴᠢᠺᠠᠭᠣ 82 82 38.3 .515 .173 .845 6.5 5.9 2.4 .8 28.2
1985-86 ᠴᠢᠺᠠᠭᠣ 18 7 25.1 .457 .167 .840 3.6 2.9 2.1 1.2 22.7
1986-87 ᠴᠢᠺᠠᠭᠣ 82 82 40.0 .482 .182 .857 5.2 4.6 2.9 1.5 37.1
1987-88 ᠴᠢᠺᠠᠭᠣ 82 82 40.4 .535 .132 .841 5.5 5.9 3.2 1.6 35.0
1988-89 ᠴᠢᠺᠠᠭᠣ 81 81 40.2 .538 .276 .850 8.0 8.0 2.9 .8 32.5
1989-90 ᠴᠢᠺᠠᠭᠣ 82 82 39.0 .526 .376 .848 6.9 6.3 2.8 .7 33.6
1990-91 ᠴᠢᠺᠠᠭᠣ 82 82 37.0 .539 .312 .851 6.0 5.5 2.7 1.0 31.5
1991-92 ᠴᠢᠺᠠᠭᠣ 80 80 38.8 .519 .270 .832 6.4 6.1 2.3 .9 30.1
1992-93 ᠴᠢᠺᠠᠭᠣ 78 78 39.3 .495 .352 .837 6.7 5.5 2.8 .8 32.6
1994-95 ᠴᠢᠺᠠᠭᠣ 17 17 39.3 .411 .500 .801 6.9 5.3 1.8 .8 26.9
1995-96 ᠴᠢᠺᠠᠭᠣ 82 82 37.7 .495 .427 .834 6.6 4.3 2.2 .5 30.4
1996-97 ᠴᠢᠺᠠᠭᠣ 82 82 37.9 .486 .374 .833 5.9 4.3 1.7 .5 29.6
1997-98 ᠴᠢᠺᠠᠭᠣ 82 82 38.8 .465 .238 .784 5.8 3.5 1.7 .5 28.7
2001-02 ᠸᠠᠰᠢᠩᠲ᠋ᠣᠨ 60 53 34.9 .416 .189 .790 5.7 5.2 1.4 .4 22.9
2002-03 ᠸᠠᠰᠢᠩᠲ᠋ᠣᠨ 82 67 37.0 .445 .291 .821 6.1 3.8 1.5 .5 20.0
ᠵᠠᠮᠨᠠᠯ 1072 1039 38.3 .497 .327 .835 6.2 5.3 2.3 .8 30.1
ᠪᠦᠬᠦ ᠣᠳᠣᠳ ᠤᠨ ᠲᠣᠭᠯᠠᠯᠲᠠ 13 13 29.4 .472 .273 .750 4.7 4.2 2.8 .5 20.2

ᠬᠠᠰᠤᠭᠳᠠᠬᠤ ᠱᠠᠲᠤᠨ ᠤ ᠴᠤᠪᠤᠷᠠᠯ ᠳᠤᠨᠠᠶᠢᠷᠠᠭᠣᠯᠬᠣ

ᠣᠨ ᠲᠣᠭᠯᠠᠭᠰᠠᠨ ᠪᠠᠭ ОТ ГГТ ДМ ДХ% ХЗШ% ЧШ% ᠰ᠃ᠪ᠃ᠠ ᠣ᠃ᠳ ᠪᠥᠮ᠃ᠲᠠᠰ ᠬᠠᠭᠠᠯᠲᠠ ᠣᠨᠣᠭ᠎ᠠ
1985 ᠴᠢᠺᠠᠭᠣ 4 4 42.8 .436 .125 .828 5.8 8.5 2.8 1.0 29.3
1986 ᠴᠢᠺᠠᠭᠣ 3 3 45.0 .505 1.000 .872 6.3 5.7 2.3 1.3 43.7
1987 ᠴᠢᠺᠠᠭᠣ 3 3 42.7 .417 .400 .897 7.0 4.7 2.4 1.1 36.3
1988 ᠴᠢᠺᠠᠭᠣ 10 10 42.7 .531 .333 .869 7.1 7.6 2.5 .8 34.8
1989 ᠴᠢᠺᠠᠭᠣ 17 17 41.8 .510 .236 .799 7.0 7.6 1.7 1.8 29.1
1990 ᠴᠢᠺᠠᠭᠣ 16 16 42.1 .514 .320 .836 7.2 6.8 2.8 .9 36.7
1991 ᠴᠢᠺᠠᠭᠣ 17 17 40.5 .524 .385 .845 6.4 8.4 2.4 1.4 31.1
1992 ᠴᠢᠺᠠᠭᠣ 22 22 41.8 .499 .386 .857 6.2 5.8 2.0 .7 34.5
1993 ᠴᠢᠺᠠᠭᠣ 19 19 41.2 .475 .389 .805 6.7 6.0 2.1 .9 35.1
1995 ᠴᠢᠺᠠᠭᠣ 10 10 42.0 .484 .367 .810 6.5 4.5 2.3 1.4 31.5
1996 ᠴᠢᠺᠠᠭᠣ 18 18 40.7 .459 .403 .818 4.9 4.1 1.8 .3 30.7
1997 ᠴᠢᠺᠠᠭᠣ 19 19 42.3 .456 .194 .831 7.9 4.8 1.6 .9 31.1
1998 ᠴᠢᠺᠠᠭᠣ 21 21 41.5 .462 .302 .812 5.1 3.5 1.5 .6 32.4
ᠵᠠᠮᠨᠠᠯ 179 179 41.8 .487 .332 .828 6.4 5.7 2.1 .8 33.4


ᠵᠠᠭᠪᠤᠷ:ᠬᠤᠷᠢᠶᠠᠩᠭᠤᠢ ᠬᠦᠰᠦᠨᠦᠭ ᠲᠦ ᠵᠠᠭᠪᠤᠷ:NBA ᠍ ᠦᠨ ᠤᠯᠠᠷᠢᠯ ᠤᠨ MVP