ᠬᠠᠰᠠᠭ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
11:08, 22 ᠬᠤᠶᠠᠳᠤᠭᠠᠷ ᠰᠠᠷ᠎ᠠ 2016- ᠶᠢᠨ ᠪᠠᠢᠢᠳᠠᠯ ᠶᠢᠡᠷ ᠬᠢ Bayaligch (ᠶᠠᠷᠢᠶ᠎ᠠ | ᠬᠤᠪᠢ ᠨᠡᠮᠡᠷᠢ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠬᠠᠰᠠᠭ ᠤᠯᠤᠰ ᠪᠦᠭᠦᠳᠡ ᠨᠠᠶᠢᠷᠠᠮᠳᠠᠬᠤ ᠬᠠᠰᠠᠭ ᠤᠯᠤᠰ
Қᠠᠵᠠқᠰᠲ᠋ᠠᠨ ᠷᠧᠰᠫᠦᠪᠯᠢᠺᠠᠰ ᠤ (ᠬᠠᠰᠠᠭ)
ᠷᠧᠰᠫᠦᠪᠯᠢᠺᠠ ᠬᠠᠰᠠᠭᠰᠲ᠋ᠠᠨ (ᠣᠷᠣᠰ)
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠬᠠᠰᠠᠭ ᠶᠢᠡᠷ «ᠮᠧᠨің Қᠠᠵᠠқᠰᠲ᠋ᠠᠨ ᠤᠮ»
(ᠬᠠᠰᠠᠭ ᠣᠷᠣᠨ ᠮᠢᠨᠢ)
ᠹᠠᠢᠢᠯ:Kazakhstan National Anthem 2012.ogg

ᠳᠡᠯᠡᠬᠡᠢ ᠶᠢᠨ ᠲᠠᠯ᠎ᠠ ᠪᠥᠮᠪᠥᠷᠴᠡᠭ ᠲᠦ ᠬᠠᠰᠠᠭ ᠢ ᠨᠣᠭᠣᠭᠠᠨ ᠢᠶᠠᠷ
ᠳᠡᠯᠡᠬᠡᠢ ᠶᠢᠨ ᠲᠠᠯ᠎ᠠ ᠪᠥᠮᠪᠥᠷᠴᠡᠭ ᠲᠦ ᠬᠠᠰᠠᠭ ᠢ ᠨᠣᠭᠣᠭᠠᠨ ᠢᠶᠠᠷ
ᠨᠡᠶᠢᠰᠯᠡᠯNew coat of arms of Astana.svg ᠠᠰᠲᠠᠨ᠎ᠠ (700 ᠮᠢᠩᠭ᠎ᠠ)
ᠲᠣᠮᠣ ᠬᠣᠲᠠ ᠠᠯᠮᠠᠲ ᠤᠱ ᠤᠮᠺᠧᠨᠲ
ᠠᠯᠪᠠᠨ ᠬᠡᠯᠡ ᠬᠠᠰᠠᠭ ᠬᠡᠯᠡ (ᠤᠯᠤᠰ ᠤᠨ)
ᠣᠷᠣᠰ ᠬᠡᠯᠡ (ᠠᠯᠪᠠᠨ ᠤ)
ᠠᠷᠠᠳ ᠲᠦᠮᠡᠨ 
(2010 ᠤᠨ)
ᠬᠠᠰᠠᠭ ᠤᠨ ᠠᠷᠠᠳ ᠲᠦᠮᠡᠨ:
63.1% – ᠬᠠᠰᠠᠭ ᠦᠨᠳᠦᠰᠦᠲᠡᠨ
23.7% – ᠣᠷᠣᠰ ᠦᠨᠳᠦᠰᠦᠲᠡᠨ
2.9% – ᠦᠽᠡᠪᠸᠺᠢᠰᠲᠠᠨ ᠦᠨᠳᠦᠰᠦᠲᠡᠨ
2.1% - ᠦᠺᠷᠠᠶᠢᠨ ᠦᠨᠳᠦᠰᠦᠲᠡᠨ
8.2% – ᠪᠤᠰᠤᠳ ᠠᠷᠠᠳ ᠲᠦᠮᠡᠨ
ᠣᠯᠠᠨ ᠲᠦᠮᠡᠨ ᠬᠠᠰᠠᠭ ᠤᠨ ᠬᠢᠨ
(ᠬᠠᠰᠠᠭ ᠤᠯᠤᠰ ᠤᠨ ᠬᠢᠨ)
ᠲᠥᠷᠥ ᠵᠠᠰᠠᠭ ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠶᠡᠷᠦᠩᠬᠡᠶᠢᠯᠡᠭᠴᠢ ᠶᠢᠨ
ᠪᠦᠭᠦᠳᠡ ᠨᠠᠶᠢᠷᠠᠮᠳᠠᠬᠤ ᠵᠠᠰᠠᠭᠲᠠᠢ
 -  ᠶᠡᠷᠦᠩᠬᠡᠶᠢᠯᠡᠭᠴᠢ ᠨᠤᠷᠠᠰᠤᠯᠲᠠᠨ ᠨᠠᠵᠠᠷᠪᠠᠸ (1990)
 -  ᠶᠡᠷᠦᠩᠬᠡᠢ ᠰᠠᠶᠢᠳ ᠺᠠᠷᠢᠮ ᠮᠠᠰᠢᠮᠣᠸ (2014)
ᠤᠯᠤᠰ ᠤᠨ ᠬᠤᠷᠠᠯ «ᠫᠠᠷᠠᠯᠮᠧᠨᠲ» (ᠤᠯᠤᠰ ᠤᠨ ᠬᠤᠷᠠᠯ)
 -  ᠳᠡᠭᠡᠳᠦ ᠲᠠᠩᠬᠢᠮ «ᠰᠧᠨᠠᠲ» (ᠴᠢᠭᠤᠯᠭᠠᠨ)
 -  ᠳᠣᠣᠷᠠᠳᠣ ᠲᠠᠩᠬᠢᠮ «ᠮᠠᠵᠢᠯᠢᠰ» (ᠬᠤᠷᠠᠯ)
ᠲᠡᠦᠬᠡ
 -  1465 ᠣᠨ ᠬᠠᠰᠠᠭ ᠤᠨ ᠬᠠᠨᠲᠠ ᠤᠯᠤᠰ ᠡᠭᠦᠰᠪᠡ 
 -  1936-12-26 ᠵᠥᠪᠯᠡᠯᠲᠦ ᠬᠠᠰᠠᠭ ᠪᠠᠶᠢᠭᠤᠯᠤᠭᠳᠠᠭᠰᠠᠨ 
 -  1991-12-25 ᠵᠥᠪᠯᠡᠯᠲᠦ ᠬᠣᠯᠪᠣᠭᠠᠲᠤ ᠤᠯᠤᠰ ᠪᠤᠲᠠᠷᠠᠴᠢ᠂ ᠬᠠᠰᠠᠭ ᠤᠯᠤᠰ ᠲᠣᠭᠲᠠᠪᠠ᠃ 
ᠨᠤᠲᠤᠭ ᠳᠡᠪᠢᠰᠬᠡᠷ
 -  ᠪᠦᠬᠦ ᠲᠠᠯᠠᠪᠠᠢ 2,724,900 km2 (9)
 -  ᠭᠠᠳᠠᠷᠭᠤ ᠶᠢᠨ ᠤᠰᠤ (%) 1.7 ᠬᠤᠪᠢ
ᠬᠦᠮᠦᠨ ᠠᠮᠠ
 -  ᠲᠣᠭᠠᠴᠠᠭ᠎ᠠ (2015) 17,476,141 ᠬᠦᠮᠦᠨ[1] (61)
 -  ᠨᠢᠭᠲᠠᠴᠠ ᠰᠡᠶᠢᠷᠡᠭ 6.4 ᠬᠦᠮᠦᠨ/km2 
GDP (ХАЧТ) 2014 ᠣᠨ ᠤ ᠲᠣᠭᠠᠴᠠᠭ᠎ᠠ
 -  ᠨᠡᠶᠢᠲᠡ ᠳ᠋ᠦᠩ 420.629 ᠲᠡᠷᠪᠤᠮ $[2] 
 -  ᠨᠢᠭᠡ ᠬᠦᠨᠳᠦ 24,143 $[2] 
GDP (ᠨᠡᠷᠡᠯᠡᠭᠰᠡᠨ) 2014 ᠣᠨ ᠤ ᠲᠣᠭᠠᠴᠠᠭ᠎ᠠ
 -  ᠨᠡᠶᠢᠲᠡ ᠳ᠋ᠦᠩ 225.619 ᠲᠡᠷᠪᠤᠮ $[2]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ50 ᠳᠦ
 -  ᠨᠢᠭᠡ ᠬᠦᠨᠳᠦ 12,950 $[2] 
Gini (2008) 28.8[3] (ᠪᠠᠭ᠎ᠠ
ᠬᠡᠦᠬᠡᠳ ᠦᠨ ᠬᠥᠭᠵᠢᠯ ᠦᠨ ᠢᠨᠳᠧᠺᠰ (2010) 0.714[4] (ᠰᠠᠶᠢᠨ) (66)
ᠮᠥᠩᠭᠥᠨ ᠦ ᠨᠢᠭᠡᠴᠡ ᠲᠧᠩ ᠢᠶ᠎ᠡ (Tenge symbol.svg) (KZT)
ᠴᠠᠭ ᠤᠨ ᠪᠥᠰᠡ ᠭᠣᠣᠯ ГЦ+6, ᠵᠠᠬ᠎ᠠ ᠶᠢᠨ ГЦ+5
ᠤᠲᠠᠰᠤ᠂ ᠳᠣᠮᠡᠢ ᠶᠢᠨ 7-6xx, +7-7xx / .kz + .қᠠᠵᠠ
ᠨᠡᠷ᠎ᠡ ᠲᠣᠮᠢᠶ᠎ᠠ KZ, KAZ / БНХасУ
ᠬᠠᠰᠠᠭ ᠤᠯᠤᠰ ᠤᠨ ᠭᠠᠵᠠᠷ ᠤᠨ ᠵᠢᠷᠤᠭ  (ᠠᠩᠭᠯ᠃)
ᠬᠠᠰᠠᠭ ᠤᠯᠤᠰ ᠤᠨ ᠭᠠᠵᠠᠷ ᠤᠨ ᠵᠢᠷᠤᠭ  (ᠠᠩᠭᠯ᠃)

ᠲᠤᠪᠴᠢ ᠪᠡᠷ ᠬᠠᠰᠠᠭ (ᠬᠠᠰᠠᠭ ᠶᠢᠡᠷ ᠺᠠᠰᠠᠭᠰᠲᠠᠨ, ᠣᠷᠣᠰ ᠶᠢᠡᠷ ᠬᠠᠰᠠᠭᠰᠲ᠋ᠠᠨ) ᠪᠤᠶᠤ ᠪᠦᠭᠦᠳᠡ ᠨᠠᠶᠢᠷᠠᠮᠳᠠᠬᠤ ᠬᠠᠰᠠᠭ ᠤᠯᠤᠰ (БНХасУ) — ᠲᠦᠪ ᠠᠽᠢᠶ᠎ᠠ ᠪᠣᠯᠤᠨ ᠳᠣᠷᠣᠨ᠎ᠠ ᠧᠦ᠋ᠷᠣᠫᠠ ᠍ ᠢ ᠳᠠᠮᠨᠠᠨ ᠣᠷᠣᠰᠢᠳᠠᠭ ᠪᠦᠷᠢᠨ ᠡᠷᠬᠡᠲᠦ ᠤᠯᠤᠰ. ᠬᠣᠶᠢᠳᠤ ᠲᠠᠯ᠎ᠠ ᠪᠠᠷ ᠢᠶᠠᠨ ᠣᠷᠣᠰ᠂ ᠵᠡᠭᠦᠨ ᠤᠷᠢᠳᠤ ᠲᠠᠯ᠎ᠠ ᠪᠠᠷ ᠢᠶᠠᠨ ᠬᠢᠲᠠᠳ᠂ ᠤᠷᠢᠳᠤ ᠲᠠᠯ᠎ᠠ ᠪᠠᠷ ᠢᠶᠠᠨ ᠬᠢᠷᠭᠢᠰᠦᠽᠡᠪᠸᠺᠢᠰᠲᠠᠨᠲᠦᠺᠮᠧᠨ ᠤᠯᠤᠰ ᠲᠠᠢ ᠬᠢᠯᠢᠯᠡᠵᠦ᠂ ᠪᠠᠷᠠᠭᠤᠨ ᠲᠠᠯ᠎ᠠ ᠳᠤ ᠪᠠᠨ ᠺᠠᠰᠫᠢ ᠲᠡᠩᠭᠢᠰ ᠤᠨ ᠡᠷᠭᠢ ᠲᠠᠢ ᠵᠠᠯᠭᠠᠵᠤ᠂ ᠳᠠᠯᠠᠢ ᠳᠤ ᠭᠠᠷᠤᠴᠠ ᠦᠭᠡᠢ ᠣᠷᠣᠨ. ᠨᠡᠶᠢᠰᠯᠡᠯ ᠨᠢ — ᠠᠰᠲᠠᠨ᠎ᠠ.

ᠠᠯᠲᠠᠢ ᠶᠢᠨ ᠨᠢᠷᠤᠭᠤ ᠡᠴᠡ ᠢᠵᠢᠯ ᠮᠥᠷᠡᠨᠡᠮᠦᠨ᠎ᠡ ᠰᠢᠪᠸᠷᠢᠶ ᠠ ᠶᠢᠨ ᠲᠡᠭᠰᠢ ᠲᠠᠯ᠎ᠠᠠ ᠠᠴᠠ ᠺᠤᠰᠤᠯᠺᠦ᠋ᠮᠲᠩᠷᠢ ᠠᠭᠤᠯᠠ ᠬᠦᠷᠦᠭᠰᠡᠨ 2 ᠰᠠᠶ᠎ᠠ 725 ᠮᠢᠩᠭᠠᠨ ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ ᠨᠤᠲᠤᠭ ᠲᠠᠢ ᠳᠡᠯᠡᠬᠡᠢ ᠶᠢᠨ 9 ᠍ ᠳᠦᠭᠡᠷ ᠲᠣᠮᠣ᠂ ᠳᠠᠯᠠᠢ ᠳᠤ ᠭᠠᠷᠤᠴᠠ ᠦᠭᠡᠢ ᠬᠠᠮᠤᠭ ᠤᠨ ᠲᠣᠮᠣ ᠣᠷᠣᠨ ᠪᠣᠯᠤᠨ᠎ᠠ᠃ 2015 ᠣᠨ ᠳᠤ ᠲᠣᠭᠠᠴᠠᠭᠠᠯᠠᠭᠰᠠᠨ ᠶᠢᠡᠷ ᠬᠦᠮᠦᠨ ᠠᠮᠠ ᠶᠢᠨ ᠲᠣᠭ᠎ᠠ – 17 ᠰᠠᠶ᠎ᠠ 500 ᠮᠢᠩᠭ᠎ᠠ᠃ ᠣᠯᠠᠩᠬᠢ ᠪᠤᠶᠤ 63 ᠬᠤᠪᠢ ᠨᠢ ᠬᠠᠰᠠᠭ ᠦᠨᠳᠦᠰᠦᠲᠡᠨ. ᠮᠥᠨ ᠣᠷᠣᠰᠦᠽᠡᠪᠸᠺᠢᠰᠲᠠᠨᠦᠺᠷᠠᠶᠢᠨ᠂ ᠤᠶᠢᠭᠤᠷ᠂ ᠲᠠᠲᠠᠷ᠂ ᠭᠧᠷᠮᠠᠨ᠂ ᠰᠣᠯᠣᠩᠭᠣᠰ ᠵᠡᠷᠭᠡ 100 ᠨᠡᠷ᠎ᠡ ᠶᠢᠨ ᠠᠷᠠᠳ ᠲᠦᠮᠡᠨ ᠠᠮᠢᠳᠤᠷᠠᠳᠠᠭ᠃ 70 ᠬᠤᠪᠢ ᠨᠢ ᠢᠰᠯᠠᠮ (ᠰᠤᠩᠨᠢ ᠳᠤ), 25 ᠬᠤᠪᠢ ᠨᠢ ᠾᠷᠢᠰᠲ ᠤᠨ ᠰᠢᠲᠦᠯᠭᠡ ᠲᠡᠢ᠃

ᠤᠷᠢᠳᠤ ᠴᠠᠭ ᠲᠤ ᠬᠠᠰᠠᠭ ᠣᠷᠣᠨ ᠢ ᠢᠷᠡᠨᠲᠦᠷᠦᠭᠮᠣᠩᠭᠣᠯ ᠤᠭᠰᠠᠭᠠᠲᠠᠨ ᠡᠵᠡᠷᠬᠡᠵᠦ ᠶᠠᠪᠤᠭᠰᠠᠨ᠃ ᠬᠠᠰᠠᠭ ᠤᠨ ᠬᠠᠨᠲᠠ ᠤᠯᠤᠰ 15 ᠍ ᠳᠦᠭᠡᠷ ᠵᠠᠭᠤᠨ ᠳᠤ ᠡᠭᠦᠰᠪᠡ᠃ 18 ᠍ ᠳᠦᠭᠡᠷ ᠵᠠᠭᠤᠨ ᠳᠤ ᠣᠷᠣᠰ ᠤᠨ ᠢᠪᠡᠭᠡᠯ ᠳᠦ ᠣᠷᠣᠵᠤ ᠵᠥᠪᠯᠡᠯᠲᠦ ᠬᠣᠯᠪᠣᠭᠠᠲᠤ ᠤᠯᠤᠰ ᠍ ᠤᠨ ᠮᠡᠳᠡᠯ ᠳᠦ 1936 ᠣᠨ ᠳᠤ «ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠠᠰᠠᠭ ᠤᠯᠤᠰ» ᠪᠣᠯᠤᠨ ᠥᠨᠥ ᠶᠢᠨ ᠬᠢᠯᠢ ᠬᠢᠵᠠᠭᠠᠷ ᠲᠣᠭᠲᠠᠵᠠᠢ᠃ 1991 ᠣᠨ ᠳᠤ ᠵᠥᠪᠯᠡᠯᠲᠦ ᠬᠣᠯᠪᠣᠭᠠᠲᠤ ᠤᠯᠤᠰ ᠪᠤᠲᠠᠷᠠᠨ БНХасУ ᠲᠤᠰᠠᠭᠠᠷ ᠲᠣᠭᠲᠠᠨᠢᠵᠤ 1992 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠤᠨ ᠪᠦᠷᠢᠨ ᠡᠷᠬᠡᠲᠦ ᠭᠡᠰᠢᠭᠦᠨ ᠪᠣᠯᠵᠠᠢ᠃ ᠲᠦᠷᠦᠭ ᠲᠥᠷᠥᠯ ᠦᠨ ᠪᠥᠭᠡᠳ ᠦᠨᠳᠦᠰᠦᠨ ᠠᠷᠠᠳ ᠲᠦᠮᠡᠨ ᠦ ᠬᠠᠰᠠᠭ ᠬᠡᠯᠡ ᠪᠣᠯᠤᠨ ᠬᠠᠭᠤᠴᠢᠨ ᠪᠠᠶᠢᠭᠰᠠᠨ ᠣᠷᠣᠰ ᠭᠡᠰᠡᠨ ᠬᠣᠶᠠᠷ ᠬᠡᠯᠡ ᠶᠢ ᠠᠯᠪᠠᠨ ᠶᠣᠰᠣᠭᠠᠷ ᠬᠡᠷᠡᠭᠯᠡᠳᠡᠭ᠃

ᠬᠠᠰᠠᠭ ᠪᠣᠯ ᠬᠥᠭᠵᠢᠵᠦ ᠪᠤᠢ ᠣᠷᠣᠨ᠃ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠤ ᠬᠡᠮᠵᠢᠶ᠎ᠡ ᠪᠡᠷ (420 ᠲᠡᠷᠪᠤᠮ ᠠᠮᠠ᠃ᠳ᠋ᠣᠯᠯᠠᠷ) ᠳᠡᠯᠡᠬᠡᠢ ᠳᠦ 43 ᠍ ᠳᠦ ᠵᠢᠭ᠌ᠰᠠᠵᠤ᠂ ᠬᠦᠮᠦᠨ ᠪᠦᠷᠢ ᠳᠤ ᠤᠨᠤᠭᠠᠭᠳᠠᠬᠤ ᠬᠡᠮᠵᠢᠶ᠎ᠡ ᠪᠡᠷ (24000$) ᠳᠤᠮᠳᠠ ᠠᠽᠢ ᠳᠤ ᠪᠠᠨ ᠲᠡᠷᠢᠭᠦᠯᠡᠵᠦ ᠪᠠᠶᠢᠨ᠎ᠠ᠃ ᠺᠠᠰᠫ ᠦᠨ ᠨᠠᠮ ᠳᠣᠣᠷ᠎ᠠ ᠭᠠᠵᠠᠷ ᠠᠴᠠ ᠴᠢᠯᠠᠭᠣᠨ ᠲᠣᠰᠣ ᠣᠯᠪᠤᠷᠢᠯᠠᠳᠠᠭ᠃ ᠮᠥᠩᠭᠥᠨ ᠦ ᠨᠢᠭᠡᠴᠡ — ᠲᠧᠩ ᠢᠶ᠎ᠡ᠃ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠᠧᠦ᠋ᠷᠣᠫᠠ ᠶᠢᠨ ᠠᠶᠤᠯ ᠦᠭᠡᠢ ᠪᠠᠶᠢᠳᠠᠯ᠂ ᠬᠠᠮᠲᠤ ᠶᠢᠨ ᠠᠵᠢᠯᠯᠠᠭᠠᠨ ᠤ ᠵᠥᠪᠯᠡᠯᠭᠡᠨТУХН, ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠЕАЭЗН ᠵᠡᠷᠭᠡ ᠣᠯᠠᠨ ᠤᠯᠤᠰ ᠤᠨ ᠪᠠᠶᠢᠭᠤᠯᠤᠯᠭ᠎ᠠ ᠶᠢᠨ ᠭᠡᠰᠢᠭᠦᠨ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠶᠢᠨ ᠢᠯᠭᠠᠯ
ᠨᠡᠷᠡᠯᠡᠬᠦ ᠬᠠᠰᠠᠭ ᠬᠠᠰᠠᠭᠰᠲ᠋ᠠᠨ
ᠬᠠᠷᠢᠶᠠᠯᠠᠬᠤ ᠬᠠᠰᠠᠭ ᠤᠨ ᠬᠠᠰᠠᠭᠰᠲ᠋ᠠᠨ
ᠥᠭᠬᠦ ᠤᠷᠤᠰᠢᠬᠤ ᠬᠠᠰᠠᠭ ᠲᠤ ᠬᠠᠰᠠᠭᠰᠲ᠋ᠠᠨ ᠳᠤ
ᠵᠢᠭᠠᠬᠤ ᠬᠠᠰᠠᠭ ᠢ ᠬᠠᠰᠠᠭᠰᠲ᠋ᠠᠨ ᠢ
ᠭᠠᠷᠬᠤ ᠬᠠᠰᠠᠭ ᠠᠴᠠ ᠬᠠᠰᠠᠭᠰᠲ᠋ᠠᠨ ᠠᠴᠠ
ᠦᠢᠯᠡᠳᠬᠦ ᠬᠠᠰᠠᠭ ᠢᠶᠠᠷ ᠬᠠᠰᠠᠭᠰᠲ᠋ᠠᠨ ᠢᠶᠠᠷ
ᠬᠠᠮᠲᠤᠷᠠᠬᠤ ᠬᠠᠰᠠᠭ ᠲᠠᠢ ᠬᠠᠰᠠᠭᠰᠲ᠋ᠠᠨ ᠲᠠᠢ
ᠴᠢᠢᠭᠯᠡᠬᠦ ᠬᠠᠰᠠᠭ ᠷᠤ ᠬᠠᠰᠠᠭᠰᠲ᠋ᠠᠨ ᠷᠤ

ᠲᠤᠰ ᠤᠯᠤᠰ ᠢ ᠬᠠᠰᠠᠭ ᠦᠨᠳᠦᠰᠦᠲᠡᠨ ᠦ ᠤᠯᠤᠰ ᠪᠣᠯᠬᠣᠷ «ᠬᠠᠰᠠᠭ ᠤᠯᠤᠰ» ᠭᠡᠨ᠎ᠡ᠃ ᠮᠣᠩᠭᠣᠯ ᠣᠨᠣᠭᠠᠭᠰᠠᠨ ᠨᠡᠷ᠎ᠡ ᠨᠢ «ᠬᠠᠰᠠᠭ»᠃ ᠮᠥᠨ ᠍ ᠰᠲ᠋ᠠᠨ (ᠤᠯᠤᠰ᠂ ᠣᠷᠣᠨ ᠭᠡᠰᠡᠨ ᠤᠳᠬ᠎ᠠ ᠲᠠᠢ) ᠳᠠᠭᠠᠪᠤᠷᠢ ᠵᠠᠯᠭᠠᠭᠳᠠᠵᠤ ᠣᠷᠣᠰ ᠨᠡᠷ᠎ᠡ ᠡᠴᠡ «ᠬᠠᠰᠠᠭᠰᠲ᠋ᠠᠨ»᠂ ᠬᠠᠰᠠᠭ ᠬᠡᠯᠡᠨ ᠦ ᠬᠢ ᠡᠴᠡ «ᠬᠠᠰᠠᠺᠰᠲᠠᠨ» ᠭᠡᠵᠦ ᠪᠢᠴᠢᠬᠦ ᠨᠢ ᠴᠤ ᠪᠤᠢ᠃

ᠲᠦᠷᠦᠭᠮᠣᠩᠭᠣᠯ ᠬᠡᠯᠡᠨ ᠦ ᠠᠪᠢᠶ᠎ᠠ᠂ ᠦᠰᠦᠭ ᠰᠡᠯᠭᠦᠴᠡ ᠪᠡᠷ ᠲᠦᠷᠦᠭ ᠦᠭᠡ ᠶᠢᠨ ᠺ (Қ) ᠨᠢ ᠮᠣᠩᠭᠣᠯ ᠪᠢᠴᠢᠭ ᠲᠦ ᠬ/ᠭ ᠪᠣᠯᠳᠠᠭ᠃ ᠵᠢᠱᠢᠶ᠎ᠡ ᠨᠢ: ᠺᠠᠰᠠᠭ (ᠬᠠᠰᠠᠭ᠂ ᠬᠠᠰᠠᠺ) — ᠬᠠᠰᠠᠭ᠂ ᠺᠠᠷ ᠠ — ᠬᠠᠷ᠎ᠠ᠂ ᠠᠶᠢᠮᠠᠺ — ᠠᠶᠢᠮᠠᠭ᠃

ᠮᠥᠨ ᠦᠭᠡ ᠶᠢ ᠬᠠᠵᠠᠭ (ᠬᠠᠰᠠᠺ) ᠴᠡᠷᠢᠭ ᠠᠷᠠᠳ ᠤᠨ ᠨᠡᠷ᠎ᠡ ᠲᠡᠢ ᠠᠨᠳᠠᠭᠤᠷᠴᠤ ᠪᠣᠯᠬᠤ ᠦᠭᠡᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠢᠽᠢᠺ ᠭᠠᠵᠠᠷ ᠤᠨ ᠵᠢᠷᠤᠭ
2006 ᠣᠨ ᠤ 4 ᠍ ᠳᠦᠭᠡᠷ ᠰᠠᠷ᠎ᠠ᠃ ᠡᠭᠴᠡ ᠳᠡᠭᠡᠷ᠎ᠡ ᠡᠴᠡ
ᠬᠠᠰᠠᠭ ᠤᠨ ᠬᠡᠭᠡᠷ᠎ᠡ ᠲᠠᠯ᠎ᠠ
ᠪᠠᠯᠬᠠᠰ ᠨᠠᠭᠤᠷ ᠤᠨ ᠰᠠᠪᠠ ᠭᠠᠵᠠᠷ  (ᠠᠩᠭᠯ᠃)

ᠬᠠᠰᠠᠭ ᠣᠷᠣᠨ 2,724,900 ᠺᠦᠸᠠᠳ᠋ ᠺᠢᠯᠣᠮᠧᠲ᠋ᠷ ᠨᠤᠲᠤᠭ ᠳᠡᠪᠢᠰᠬᠡᠷ ᠲᠡᠢ᠃ ᠠᠯᠵᠢᠷᠢᠶ ᠠ ᠍ ᠤᠨ ᠤᠷᠳᠤ ᠪᠤᠶᠤ ᠳᠡᠯᠡᠬᠡᠢ ᠶᠢᠨ 9 ᠍ ᠳᠦᠭᠡᠷ ᠪᠠᠶᠢᠷᠢ ᠶᠢᠨ ᠲᠣᠮᠣ , ᠮᠣᠩᠭᠣᠯ ᠡᠴᠡ ᠲᠣᠮᠣ ᠪᠤᠶᠤ ᠳᠠᠯᠠᠢ ᠳᠤ ᠭᠠᠷᠤᠴᠠ ᠦᠭᠡᠢ ᠬᠠᠮᠤᠭ ᠤᠨ ᠲᠣᠮᠣ ᠣᠷᠣᠨ ᠶᠤᠮ᠃

ᠪᠠᠶᠢᠷᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠯ ᠤᠨ ᠨᠢᠷᠤᠭᠤᠡᠮᠪᠧ ᠭᠣᠣᠯ ᠢᠶᠠᠷ ᠲᠠᠰᠤᠯᠤᠭᠳᠠᠵᠤ᠂[5] ᠦᠨᠳᠦᠰᠦᠨ ᠪᠡᠶ᠎ᠡ ᠨᠢ ᠠᠽᠢᠶ᠎ᠠ᠂ ᠪᠠᠭ᠎ᠠ ᠬᠡᠰᠡᠭ ᠨᠢ ᠧᠦ᠋ᠷᠣᠫᠠ ᠲᠢᠪ ᠲᠦ ᠬᠠᠮᠢᠶᠠᠷᠳᠠᠭ᠃ ᠬᠣᠶᠢᠳᠤ ᠥᠷᠭᠡᠷᠢᠭ ᠦᠨ 40° — 56°᠂ ᠵᠡᠭᠦᠨ ᠤᠷᠲᠤᠷᠢᠭ ᠤᠨ 46° — 88° ᠳᠣᠲᠣᠷ᠎ᠠ ᠪᠠᠭᠳᠠᠨ᠎ᠠ᠃

ᠤᠮᠠᠷᠠᠳᠤ ᠠᠴᠠ ᠨᠠᠷᠠ ᠵᠥᠪ ᠲᠣᠭᠣᠷᠢᠭᠤᠯᠪᠠᠯ ᠣᠷᠣᠰ (ᠬᠢᠯᠢ ᠶᠢᠨ ᠤᠷᠲᠤ 6846 ᠺᠢᠯᠣᠮᠧᠲ᠋ᠷ), ᠬᠢᠲᠠᠳ (1533), ᠬᠢᠷᠭᠢᠰ (1051 ᠺᠢᠯᠣᠮᠧᠲ᠋ᠷ), ᠦᠽᠡᠪᠸᠺᠢᠰᠲᠠᠨ (2203 ᠺᠢᠯᠣᠮᠧᠲ᠋ᠷ), ᠲᠦᠺᠮᠧᠨ (379 ᠺᠢᠯᠣᠮᠧᠲ᠋ᠷ) ᠭᠡᠰᠡᠨ ᠲᠠᠪᠤᠨ ᠣᠷᠣᠨ ᠲᠠᠢ 12012 ᠺᠢᠯᠣᠮᠧᠲ᠋ᠷ ᠵᠤᠷᠪᠤᠰ ᠢᠶᠠᠷ ᠬᠢᠯᠢᠯᠡᠵᠦ᠂ 1,894 ᠺᠢᠯᠣᠮᠧᠲ᠋ᠷ ᠭᠠᠵᠠᠷ ᠺᠠᠰᠫᠢ ᠲᠡᠩᠭᠢᠰ ᠲᠠᠢ ᠵᠠᠬᠠᠯᠠᠳᠠᠭ᠃

ᠭᠠᠵᠠᠷ ᠤᠨ ᠲᠣᠭᠲᠠᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠲᠤᠭ ᠤᠨ 36% ᠴᠥᠯ᠂ 18% ᠭᠣᠪᠢ᠂ 35% ᠲᠠᠯ᠎ᠠ ᠭᠡᠳᠡᠭ᠃[6]

ᠨᠤᠲᠤᠭ ᠤᠨ ᠲᠥᠪ ᠬᠡᠰᠡᠭ ᠲᠦ ᠬᠠᠰᠠᠭ ᠤᠳ ᠤᠨ ᠰᠠᠷᠤᠠᠷᠺᠠ («ᠰᠢᠷ᠎ᠠ ᠨᠢᠷᠤᠭᠤ») ᠭᠡᠵᠦ ᠨᠡᠷᠡᠶᠢᠳᠳᠡᠭ ᠥᠨᠳᠥᠷᠯᠢᠭ᠂ ᠲᠡᠭᠦᠨ ᠡᠴᠡ ᠬᠣᠶᠢᠰᠢᠯᠠᠬᠤ ᠳᠤ ᠨᠠᠮᠰᠠᠭᠰᠠᠭᠠᠷ ᠡᠰᠢᠮ ᠭᠣᠣᠯᠰᠢᠪᠸᠷᠢᠶ ᠠ ᠶᠢᠨ ᠲᠡᠭᠰᠢ ᠲᠠᠯ᠎ᠠ ᠭᠡᠵᠦ ᠪᠠᠶᠢᠨ᠎ᠠ᠃ ᠳᠣᠷᠣᠨ᠎ᠠ ᠧᠦ᠋ᠷᠣᠫᠠ ᠶᠢᠨ ᠲᠡᠭᠰᠢ ᠲᠠᠯ᠎ᠠᠺᠠᠰᠫ ᠦᠨ ᠨᠠᠮ ᠳᠣᠣᠷ᠎ᠠ ᠭᠠᠵᠠᠷ ᠣᠷᠣᠨ ᠤ ᠥᠷᠥᠨ᠎ᠡ ᠬᠡᠰᠡᠭ ᠢ ᠲᠥᠯᠦᠭᠡᠯᠡᠳᠡᠭ ᠪᠠ ᠮᠣᠭᠣᠵᠢᠷᠤ ᠵᠡᠷᠭᠡ ᠤᠷᠠᠯ ᠤᠨ ᠨᠢᠷᠤᠭᠤᠨ ᠤ ᠪᠠᠭ᠎ᠠ ᠰᠢᠭ ᠠᠭᠤᠯᠠᠰ ᠪᠤᠢ᠃

ᠨᠤᠲᠤᠭ ᠤᠨ ᠳᠣᠷᠣᠨ᠎ᠠ ᠲᠠᠯ᠎ᠠ ᠠᠭᠤᠯᠠᠷᠬᠠᠭ᠂ ᠵᠠᠶᠢᠰᠠᠩ ᠨᠠᠭᠤᠷ ᠍ ᠤᠨ ᠠᠷᠤ ᠠᠯᠲᠠᠢ᠂ ᠥᠪᠥᠷ ᠨᠢ ᠲᠠᠷᠪᠠᠭᠠᠲᠠᠢ ᠶᠢᠨ ᠨᠢᠷᠤᠭᠤ ᠭᠡᠳᠡᠭ᠃ ᠵᠡᠭᠦᠨ ᠡᠮᠦᠨᠡᠲᠦ ᠬᠢᠯᠢ ᠪᠡᠷ ᠪᠠᠷᠤᠭ ᠳᠣᠯᠣᠭᠠᠨ ᠮᠢᠩᠭᠠᠨ ᠮᠧᠲ᠋ᠷ ᠥᠨᠳᠥᠷ ᠲᠡᠢ ᠲᠩᠷᠢ ᠠᠭᠤᠯᠠ᠂ ᠲᠡᠭᠦᠨ ᠦ ᠠᠷᠤ ᠬᠣᠷᠮᠣᠢ ᠰᠠᠯᠪᠤᠷᠢ ᠠᠭᠤᠯᠠᠰ᠂ ᠲᠡᠭᠦᠨ ᠡᠴᠡ ᠪᠠᠷᠠᠭᠤᠨᠰᠢ ᠰᠤᠷᠲᠠᠷᠢᠶ᠎ᠠᠠᠷᠠᠯ ᠲᠡᠩᠭᠢᠰ ᠬᠠᠪ ᠤᠨ ᠨᠠᠮ ᠳᠣᠣᠷ᠎ᠠ᠂ ᠴᠥᠯᠡᠷᠬᠡᠭ ᠭᠣᠪᠢ ᠭᠠᠵᠠᠷ᠂ ᠬᠡᠭᠡᠷ᠎ᠡ ᠲᠠᠯ᠎ᠠ ᠺᠠᠰᠫᠢ ᠲᠡᠩᠭᠢᠰ ᠬᠦᠷᠲᠡᠯ᠎ᠡ ᠣᠷᠣᠰᠢᠵᠤ ᠪᠠᠶᠢᠭ᠎ᠠ᠃

ᠠᠭᠤᠯᠠ ᠨᠢᠷᠤᠭᠤ

ᠭᠣᠣᠯ ᠮᠥᠷᠡᠨ

ᠨᠠᠭᠤᠷ




«ᠠᠯᠲᠠᠨ ᠡᠮᠡᠭᠡᠯ» ᠮᠠᠩᠬᠠᠨ

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠡ ᠭᠠᠵᠠᠷ ᠤᠨ ᠠᠭᠤᠷ ᠠᠮᠢᠰᠬᠤᠯ ᠲᠠᠢ᠃ ᠵᠤᠨ ᠳᠤ ᠪᠠᠨ 30 °C ᠍ ᠡᠴᠡ ᠳᠡᠭᠡᠭᠰᠢ ᠬᠠᠯᠠᠵᠤ᠂ ᠡᠪᠦᠯ ᠳᠦ ᠪᠡᠨ −20 °C ᠍ ᠡᠴᠡ ᠳᠤᠷᠤᠭᠰᠢ ᠬᠦᠢᠲᠡᠷᠡᠨ᠎ᠡ᠃

ᠤᠷᠭᠤᠮᠠᠯ ᠠᠮᠢᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠰᠠᠭ ᠣᠷᠣᠨ ᠳᠤ 6000 ᠵᠦᠢᠯ ᠦᠨ ᠤᠷᠭᠤᠮᠠᠯ ᠤᠷᠭᠤᠳᠠᠭ᠃ ᠡᠭᠦᠨ ᠡᠴᠡ 88 ᠵᠦᠢᠯ ᠮᠣᠳᠣ ᠪᠠᠶᠢᠬᠤ ᠪᠠ ᠨᠤᠲᠤᠭ ᠳᠡᠪᠢᠰᠬᠡᠷ ᠦᠨ 5.9% ᠍ ᠶᠢ ᠣᠢ ᠪᠦᠷᠬᠡᠵᠡᠢ᠃

590 ᠵᠦᠢᠯ ᠦᠨ ᠰᠢᠪᠠᠭᠤ᠂ 178 ᠵᠦᠢᠯ ᠬᠥᠬᠥᠲᠡᠨ᠂ 39 ᠵᠦᠢᠯ ᠬᠡᠪᠡᠯᠢ ᠪᠡᠷ ᠶᠠᠪᠤᠭᠴᠢ᠂ 12 ᠵᠦᠢᠯ ᠬᠣᠶᠠᠷ ᠨᠤᠲᠤᠭᠲᠠᠨ᠂ 107 ᠵᠦᠢᠯ ᠵᠢᠭᠠᠰᠤ᠂ 30 ᠭᠠᠷᠤᠢ ᠵᠦᠢᠯ ᠤᠨ ᠰᠢᠪᠠᠵᠢ ᠪᠠᠶᠢᠨ᠎ᠠ᠃

ᠬᠦᠮᠦᠨ ᠠᠮᠠ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠨ ᠱᠠᠰᠢᠨ ᠰᠢᠲᠦᠯᠭᠡ [7]
ᠢᠰᠯᠠᠮ 70.2%
ᠾᠷᠢᠰᠲ᠋ 26.2%
ᠱᠢᠲᠦᠯᠭᠡ ᠦᠭᠡᠢ 2.8%
ᠬᠠᠷᠢᠭᠤᠯᠤᠭ᠎ᠠ ᠦᠭᠡᠢ 0.5%
ᠣᠨ ᠬᠦᠮᠦᠨ ᠠᠮᠠ [8]
1926 6,198,465
1959 9,309,847
1989 16,464,464
2015 17,476,141

ᠬᠠᠰᠠᠭ ᠤᠯᠤᠰ 2015 ᠣᠨ ᠳᠤ 17,476,141 ᠬᠦᠮᠦᠨ ᠲᠡᠢ (ᠳᠡᠯᠡᠬᠡᠢ ᠳᠦ 61 ᠍ ᠳᠦᠭᠡᠷ ᠣᠯᠠᠨ) ᠪᠠᠶᠢᠪᠠ᠃ 22 ᠬᠤᠪᠢ ᠨᠢ 0–14 ᠨᠠᠰᠤᠨ ᠤ ᠪᠠᠭᠠᠴᠤᠳ᠂ 70% ᠨᠢ 15–64 ᠨᠠᠰᠤᠨ ᠤ ᠬᠥᠳᠡᠯᠮᠦᠷᠢ ᠶᠢᠨ ᠴᠢᠳᠠᠪᠤᠷᠢᠲᠠᠨ᠂ 8 ᠨᠢ 65 ᠍ ᠡᠴᠡ ᠳᠡᠭᠡᠭᠰᠢ ᠥᠨᠳᠥᠷ ᠨᠠᠰᠤᠲᠠᠨ ᠶᠤᠮ᠃ ᠬᠦᠮᠦᠨ ᠠᠮᠠ ᠶᠢᠨ 54 ᠬᠤᠪᠢ ᠬᠣᠲᠠᠳ᠂ 46% ᠬᠥᠳᠡᠭᠡ ᠣᠷᠣᠰᠢᠨ ᠰᠠᠭᠤᠳᠠᠭ᠃ ᠵᠢᠯ ᠳᠤ 1.7% ᠍ ᠪᠠᠷ ᠥᠰᠴᠦ ᠪᠠᠶᠢᠨ᠌ ᠠ᠃ ᠬᠦᠮᠦᠨ ᠠᠮᠠ ᠶᠢᠨ ᠨᠢᠭᠲᠠᠴᠠ — 6.4 ᠬᠦᠮᠦᠨ/km2, ᠵᠢᠯ ᠦᠨ ᠥᠰᠦᠯᠲᠡ — 1.7 ᠬᠤᠪᠢ᠂ ᠳᠤᠮᠳᠠᠴᠢ ᠨᠠᠰᠤᠯᠠᠯᠲᠠ — 67.9 ᠵᠢᠯ᠂ ᠬᠦᠢᠰ ᠦᠨ ᠬᠠᠷᠢᠴᠠᠭ᠎ᠠ — 0.97.

ᠠᠷᠠᠳ ᠲᠦᠮᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠰᠤ ᠦᠨᠳᠦᠰᠦ ᠬᠦᠮᠦᠨ ᠠᠮᠠ
(2012 ᠣᠨ)[9]
ᠬᠤᠪᠢ
ᠬᠠᠰᠠᠭ ᠦᠨᠳᠦᠰᠦᠲᠡᠨ 11,244,547 65.5%
ᠣᠷᠣᠰ ᠦᠨᠳᠦᠰᠦᠲᠡᠨ 3,685,009 21.5%
ᠦᠽᠡᠪᠸᠺᠢᠰᠲᠠᠨ ᠦᠨᠳᠦᠰᠦᠲᠡᠨ 521,252 3.0%
ᠦᠺᠷᠠᠶᠢᠨ ᠦᠨᠳᠦᠰᠦᠲᠡᠨ 301,346 1.8%
ᠤᠶᠢᠭᠤᠷ ᠦᠨᠳᠦᠰᠦᠲᠡᠨ 246,777 1.4%
ᠲᠠᠲ᠋ᠠᠷ ᠦᠨᠳᠦᠰᠦᠲᠡᠨ 203,108 1.2%
ᠭᠧᠷᠮᠠᠨ ᠦᠨᠳᠦᠰᠦᠲᠡᠨ 181,928 1.1%
ᠰᠣᠯᠣᠩᠭᠣᠰ ᠦᠨᠳᠦᠰᠦᠲᠡᠨ 105,400 0.6%
ᠪᠤᠰᠤᠳ ᠠᠷᠠᠳ ᠲᠦᠮᠡᠨ 671,479 3.9 %

ᠵᠥᠪᠯᠡᠯᠲᠦ ᠬᠣᠯᠪᠣᠭᠠᠲᠤ ᠤᠯᠤᠰ ᠍ ᠳᠦ ᠪᠠᠶᠢᠭᠰᠠᠨ ᠤᠯᠤᠰ ᠤᠨ ᠵᠢᠱᠢᠭ ᠢᠶᠡᠷ ᠣᠯᠠᠨ ᠦᠨᠳᠦᠰᠦᠲᠡᠨ ᠦ ᠤᠯᠤᠰ ᠪᠣᠯᠤᠭᠰᠠᠨ᠃ ᠬᠦᠮᠦᠨ ᠠᠮᠠ ᠶᠢᠨ 65 ᠬᠤᠪᠢ (11 ᠰᠠᠶ᠎ᠠ) ᠬᠠᠰᠠᠭ ᠦᠨᠳᠦᠰᠦᠲᠡᠨ. ᠣᠷᠣᠰ 21 ᠬᠤᠪᠢ (3.7 ᠰᠠᠶ᠎ᠠ), ᠦᠽᠡᠪᠸᠺᠢᠰᠲᠠᠨ 3 ᠬᠤᠪᠢ (520 ᠮᠢᠩᠭ᠎ᠠ), ᠦᠺᠷᠠᠶᠢᠨ 1.8%, ᠤᠶᠢᠭᠤᠷ 1.4%, ᠲᠠᠲ᠋ᠠᠷ 1.2 ᠬᠤᠪᠢ᠂ ᠭᠧᠷᠮᠠᠨ 1.1%, ᠰᠣᠯᠣᠩᠭᠣᠰ 0.6%, ᠲᠦᠷᠺ᠂ ᠠᠽᠧᠷᠪᠠᠶᠢᠵᠠᠨ᠂ ᠳᠤᠩᠭᠠᠨ᠂ ᠪᠧᠯᠢᠶᠠᠷᠤᠰᠢ ᠭᠡᠳ 100 ᠭᠠᠷᠤᠢ ᠶᠠᠰᠤ ᠦᠨᠳᠦᠰᠦ ᠪᠠᠶᠢᠨ᠎ᠠ᠃ 1959 ᠣᠨ ᠠᠴᠠ᠂ ᠢᠯᠠᠩᠭᠤᠶ᠎ᠠ ᠵᠥᠪᠯᠡᠯᠲᠦ ᠬᠣᠯᠪᠣᠭᠠᠲᠤ ᠤᠯᠤᠰ ᠵᠠᠳᠠᠷᠠᠭᠰᠠᠨ ᠠᠴᠠ ᠬᠣᠶᠢᠰᠢ ᠣᠷᠣᠰ ᠤᠨ ᠡᠵᠡᠯᠡᠬᠦ ᠬᠤᠪᠢ ᠪᠠᠭᠤᠷᠴᠤ ᠬᠠᠰᠠᠭ ᠤᠨ ᠬᠢ ᠥᠰᠴᠠᠢ᠃ ᠬᠠᠰᠠᠭ ᠤᠨ ᠥᠰᠦᠯᠲᠡ ᠳᠤ ᠮᠥᠨ ᠬᠢᠲᠠᠳ᠂ ᠣᠷᠣᠰ᠂ ᠮᠣᠩᠭᠣᠯ᠂ ᠦᠽᠡᠪᠸᠺᠢᠰᠲᠠᠨ ᠵᠡᠷᠭᠡ ᠤᠯᠤᠰ ᠠᠴᠠ ᠨᠡᠭᠦᠨ ᠢᠷᠡᠭᠰᠡᠳ (ᠣᠷᠣᠯᠮᠠᠨ) ᠨᠥᠯᠦᠭᠡᠯᠡᠭᠰᠡᠨ᠃ ᠬᠠᠰᠠᠭ ᠦᠨᠳᠦᠰᠦᠲᠡᠨ ᠮᠠᠯᠴᠢᠨ ᠨᠡᠭᠦᠳᠡᠯᠴᠢᠨ᠂ ᠦᠽᠪᠧᠺ᠂ ᠣᠷᠣᠰ ᠨᠢ ᠲᠠᠷᠢᠶᠠᠴᠢᠨ ᠰᠠᠭᠤᠷᠢᠨ ᠰᠤᠶᠤᠯ ᠲᠠᠢ᠃ ᠬᠠᠰᠠᠭ᠂ ᠦᠽᠡᠪᠸᠺᠢᠰᠲᠠᠨ ᠨᠢ ᠠᠳᠠᠯᠢ ᠲᠦᠷᠦᠭ ᠤᠭᠰᠠᠭᠠᠲᠠᠨ᠂ ᠢᠰᠯᠠᠮ ᠱᠠᠰᠢᠨᠲᠠᠨ᠂ ᠣᠷᠣᠰ᠂ ᠦᠺᠷᠠᠶᠢᠨ ᠨᠢ ᠠᠳᠠᠯᠢᠬᠠᠨ ᠰᠯᠠᠪ ᠤᠭᠰᠠᠭᠠᠲᠠᠨ᠂ ᠾᠷᠢᠰᠲ᠋ᠦ᠋ᠰ ᠱᠠᠰᠢᠨᠲᠠᠨ᠃

ᠬᠡᠯᠡ᠂ ᠱᠠᠰᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠶᠢᠨ 70% ᠢᠰᠯᠠᠮ ᠱᠠᠰᠢᠨᠲᠠᠨ (ᠲᠦᠷᠦᠭᠳᠤᠩᠭᠠᠨ ᠠᠷᠠᠳ)᠃ 26% ᠾᠷᠢᠰᠲ᠋ᠣᠰ ᠤᠨ ᠱᠠᠰᠢᠨᠲᠠᠨ (ᠣᠷᠣᠰ᠂ ᠦᠺᠷᠠᠶᠢᠨ). 3% ᠱᠠᠰᠢᠨ ᠦᠭᠡᠢ᠃ 1990 ᠣᠨ ᠠᠴᠠ ᠬᠣᠶᠢᠰᠢ ᠱᠠᠰᠢᠨ ᠴᠢᠯᠦᠭᠡᠲᠡᠢ ᠪᠣᠯᠵᠤ᠂ ᠰᠦᠮ᠎ᠡ ᠬᠡᠶᠢᠳ ᠦᠨ ᠲᠣᠭ᠎ᠠ 4170 ᠪᠣᠯᠵᠤ ᠨᠡᠮᠡᠭᠳᠡᠵᠡᠢ᠃

ᠬᠠᠰᠠᠭᠣᠷᠣᠰ ᠬᠣᠶᠠᠷ ᠬᠡᠯᠡ ᠠᠯᠪᠠᠨ ᠳᠤ ᠬᠡᠷᠡᠭᠯᠡᠭᠳᠡᠨ᠎ᠡ᠃ ᠬᠠᠰᠠᠭ ᠬᠡᠯᠡ ᠲᠦᠷᠦᠭ ᠰᠠᠯᠪᠤᠷᠢ ᠶᠢᠨ ᠺᠤᠫᠴᠠᠺ ᠪᠦᠯᠦᠭ ᠲᠦ ᠬᠠᠮᠢᠶᠠᠷᠬᠤ ᠪᠠ ᠪᠥᠭᠡᠳ ᠬᠠᠷᠬᠣᠯᠫᠠᠺᠬᠢᠷᠭᠢᠰ ᠬᠡᠯᠡ ᠲᠡᠢ ᠣᠶᠢᠷ᠎ᠠ ᠲᠥᠷᠥᠯ ᠶᠤᠮ᠃ 1940 ᠣᠨ ᠠᠴᠠ ᠺᠢᠷᠢᠯ ᠦᠰᠦᠭ ᠢᠶᠡᠷ ᠪᠢᠴᠢᠳᠡᠭ ᠪᠣᠯᠤᠭᠰᠠᠨ᠃ ᠺᠢᠷᠢᠯ ᠬᠠᠰᠠᠭ ᠴᠠᠭᠠᠨ ᠲᠣᠯᠣᠭᠠᠢ 42 ᠦᠰᠦᠭ ᠲᠡᠢ (ᠮᠣᠩᠭᠣᠯ ᠤᠨ ᠬᠢ ᠠᠴᠠ Ә, Ғ, Қ, Ң᠂ Ұ᠂ Һ᠂ І ᠦᠰᠦᠭ ᠢᠶᠡᠷ ᠢᠯᠡᠭᠦᠦ).

ᠬᠣᠲᠠ ᠰᠠᠭᠤᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠰᠠᠭ ᠤᠯᠤᠰ ᠲᠤ 86 ᠬᠣᠲᠠ ᠪᠠᠶᠢᠨ᠎ᠠ᠃ᠤᠯᠤᠰ ᠤᠨ ᠠᠴᠢ ᠬᠣᠯᠪᠣᠭᠳᠠᠯ ᠲᠠᠢ 3 (ᠠᠰᠲᠠᠨ᠎ᠠ᠂ ᠠᠯᠮᠠᠲ ᠤ᠂ ᠪᠠᠶᠢᠺᠣᠨᠤᠷ), ᠮᠤᠵᠢ ᠶᠢᠨ ᠬᠠᠷᠢᠶ᠎ᠠ 38, ᠷᠠᠶᠣᠨ ᠤ 46 ᠬᠣᠲᠠ ᠪᠠᠶᠢᠨ᠎ᠠ᠃

ᠺᠺᠲ᠋ᠪᠧ (ᠬᠥᠬᠡ ᠳᠣᠪᠣ) ᠍ ᠨᠣᠣᠰᠣ ᠠᠯᠮᠠᠲ ᠤ
ᠹᠠᠢᠢᠯ:ᠭᠣᠷᠣᠳᠠ ᠬᠠᠰᠠᠭᠰᠲ᠋ᠠᠨ᠎ᠠ᠃svg
ᠬᠠᠰᠠᠭ ᠤᠨ ᠬᠣᠲᠠ ᠨᠤᠭᠤᠳ ᠢ ᠲᠡᠮᠳᠡᠭᠯᠡᠭᠰᠡᠨ ᠭᠠᠵᠠᠷ ᠤᠨ ᠵᠢᠷᠤᠭ  (ᠣᠷᠣᠰ᠃)
2009 ᠣᠨ ᠤ ᠬᠦᠮᠦᠨ ᠠᠮᠠ ᠶᠢᠨ ᠲᠣᠭ᠎ᠠ ᠪᠠᠷ:

1. ᠠᠯᠮᠠᠲ ᠤ (ᠠᠯᠮᠠ-ᠠᠲ᠋ᠠ)
2. ᠠᠰᠲᠠᠨ᠎ᠠ
3. ᠱ ᠤᠮᠺᠧᠨᠲ (ᠴᠢᠮᠺᠧᠨᠲ)
4. ᠺᠠᠷᠠᠩᠨᠳ᠋ ᠍ ᠤ (ᠺᠠᠷᠠᠭᠠᠩᠳᠠ)
5. ᠠᠺᠲᠥᠪᠧ (ᠠᠺᠲ᠋ᠢᠶᠦ᠋ᠪᠢᠨᠰᠺ)
6. ᠲᠠᠷᠠᠽ
7. ᠫᠠᠸᠯᠠᠳᠠᠷ
8. ᠥᠰᠺᠧᠮᠧᠨ
9. ᠰᠧᠮᠧᠢ (ᠰᠧᠮᠧᠫᠠᠯᠠᠲ᠋ᠢᠨᠰᠺ)

10. ᠺᠣᠰᠲ᠋ᠠᠨᠠᠢ
11. ᠣᠷᠣᠯ (ᠤᠷᠠᠯᠰᠺ)
12. ᠫᠧᠲ᠋ᠷᠣᠫᠠᠸᠯᠪᠠᠰᠺ
13. ᠺ ᠤᠰ ᠤᠯᠷᠲᠠ
14. ᠠᠲ ᠤᠠᠤ
15. ᠲᠧᠮᠢᠷᠲᠠᠤ
16. ᠠᠺᠲᠤ
17. ᠲᠦᠷᠺᠢᠰᠲᠠᠨ (ᠲᠦᠺᠧᠰᠲᠠᠨ)
18. ᠺᠣᠺᠱᠧᠲ᠋ᠠᠤ

ᠡᠰᠢ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

«ᠠᠯᠲᠠᠨ ᠬᠦᠮᠦᠨ»
1910 ᠣᠨ ᠤ ᠬᠠᠰᠠᠭ ᠠᠶᠢᠯ

ᠡᠷᠲᠡ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠰᠠᠭ ᠣᠷᠣᠨ ᠳᠤ ᠰᠢᠨ᠎ᠡ ᠴᠢᠯᠠᠭᠤᠨ ᠵᠡᠪᠰᠡᠭ ᠦᠨ ᠦᠶ᠎ᠡ ᠳᠤ ᠬᠦᠮᠦᠨ ᠠᠮᠢᠳᠤᠷᠠᠵᠤ ᠪᠠᠶᠢᠭᠰᠠᠨ ᠤᠯᠠ ᠮᠥᠷ ᠪᠠᠶᠢᠳᠠᠭ᠃ ᠲᠠᠯ᠎ᠠ ᠬᠡᠭᠡᠷ᠎ᠡ ᠵᠣᠩᠬᠢᠯᠠᠭᠰᠠᠨ ᠡᠨᠡ ᠭᠠᠵᠠᠷ ᠡᠷᠲᠡᠨ ᠡᠴᠡ ᠮᠠᠯᠴᠢᠨ ᠨᠡᠭᠦᠳᠡᠯᠴᠢᠨ ᠦ ᠥᠯᠥᠭᠡᠢ ᠪᠠᠶᠢᠪᠠ᠃ ᠡᠷᠲᠡ ᠦᠶ᠎ᠡ ᠳᠦ ᠰᠺᠢᠹᠰᠠᠺᠠ ᠵᠡᠷᠭᠡ ᠢᠷᠡᠨ ᠤᠭᠰᠠᠭᠠᠲᠠᠨ ᠰᠠᠭᠤᠷᠢᠰᠢᠵᠤ ᠪᠠᠶᠢᠪᠠ᠃[10] ᠠᠯᠮᠠᠲ ᠤ ᠣᠷᠴᠢᠮ ᠠᠴᠠ «ᠠᠯᠲᠠᠨ ᠬᠦᠮᠦᠨ» ᠬᠡᠮᠡᠭᠳᠡᠭᠰᠡᠨ ᠰᠠᠺᠠ ᠬᠦᠮᠦᠨ ᠦ ᠠᠯᠲᠠᠨ ᠬᠤᠪᠴᠠᠰᠤ ᠣᠯᠳᠠᠭᠰᠠᠨ᠃ 6 ᠍ ᠳᠦᠭᠡᠷ ᠵᠠᠭᠤᠨ ᠠᠴᠠ ᠲᠦᠷᠦᠭ ᠤᠭᠰᠠᠭᠠᠲᠠᠨ ᠲᠤᠰ ᠨᠤᠲᠤᠭ ᠲᠤ ᠵᠣᠩᠬᠢᠯᠠᠭᠰᠠᠨ᠃ ᠡᠮᠦᠨᠡᠲᠦ ᠨᠤᠲᠤᠭ ᠢᠶᠠᠷ ᠦᠰᠦᠨ᠂ ᠳᠣᠷᠣᠨᠠᠲᠤ ᠨᠤᠲᠤᠭ ᠢᠶᠠᠷ ᠾᠦᠩᠨᠦ᠂ ᠥᠷᠥᠨᠡᠲᠦ ᠨᠤᠲᠤᠭ ᠢᠶᠠᠷ ᠤᠭᠣᠷ ᠬᠦᠮᠦᠰ ᠣᠷᠣᠰᠢᠨ ᠪᠠᠶᠢᠪᠠ᠃ 556 ᠣᠨ ᠠᠴᠠ ᠲᠦᠷᠦᠭ ᠤᠯᠤᠰ ᠍ ᠤᠨ ᠮᠡᠳᠡᠯ ᠳᠦ ᠣᠷᠣᠭᠰᠠᠨ᠃ ᠴᠦᠢ᠂ ᠲᠠᠯᠠᠰ ᠭᠣᠣᠯ᠂ ᠰᠢᠷᠳᠠᠷᠢᠶ ᠠ ᠮᠥᠷᠡᠨ ᠦ ᠡᠷᠭᠢ ᠶᠢᠨ ᠪᠠᠯᠭᠠᠳ ᠢᠶᠠᠷ ᠲᠣᠷᠭᠠᠨ ᠵᠠᠮ ᠳᠠᠭᠠᠷᠢᠵᠤ ᠬᠤᠳᠠᠯᠳᠤᠭ᠎ᠠ ᠬᠦᠭᠵᠢᠪᠡ᠃ ᠺᠠᠰᠫᠢ ᠬᠠᠪᠢ ᠪᠠᠷ ᠬᠠᠵᠠᠷ ᠤᠯᠤᠰ (650—969), ᠳᠣᠯᠣᠭᠠᠨ ᠤᠰᠤᠨ ᠢᠶᠠᠷ ᠬᠠᠷᠯᠤᠭ ᠤᠯᠤᠰ (756—940) ᠲᠣᠭᠲᠠᠵᠠᠢ᠃ ᠠᠷᠠᠪ ᠤᠨ ᠪᠠᠶᠢᠯᠳᠤᠨ ᠳᠠᠭᠠᠭᠤᠯᠤᠯ ᠢᠶᠠᠷ ᠢᠰᠯᠠᠮ ᠱᠠᠰᠢᠨ᠂ ᠠᠷᠠᠪ ᠦᠰᠦᠭ ᠳᠡᠯᠭᠡᠷᠡᠭᠰᠡᠨ᠃ ᠲᠠᠪᠤᠳᠤᠭᠠᠷ ᠵᠠᠭᠤᠨ ᠠᠴᠠ ᠮᠠᠤᠧᠷᠠᠨᠠᠬᠢᠷ ᠭᠠᠵᠠᠷ ᠲᠤ ᠬᠠᠷ᠎ᠠ ᠬᠠᠨ ᠤ ᠤᠯᠤᠰ᠂ ᠠᠷᠠᠯ᠂ ᠺᠠᠰᠫᠢ ᠬᠠᠪᠢ ᠪᠠᠷ ᠣᠭᠤᠵᠠ ᠲᠦᠷᠦᠭ ᠪᠠᠶᠢᠪᠠ᠃ XI ᠵᠠᠭᠤᠨ ᠳᠤ ᠬᠢᠪᠴᠠᠭ ᠠᠶᠢᠮᠠᠭ ᠤᠳ ᠲᠠᠯ᠎ᠠ ᠨᠤᠲᠤᠭ ᠲᠤ ᠲᠦᠷᠡᠪᠡ᠃

ᠶᠡᠬᠡ ᠮᠣᠩᠭᠣᠯ ᠤᠯᠤᠰ ᠲᠦᠪ ᠠᠽᠢᠶ᠎ᠠ ᠍ ᠶᠢ ᠪᠠᠶᠢᠯᠳᠤᠨ ᠳᠠᠭᠠᠭᠤᠯᠵᠤ᠂ 1223 ᠣᠨ ᠳᠤ ᠵᠡᠪᠡᠰᠦᠪᠡᠭᠡᠳᠡᠢ ᠶᠢᠨ ᠴᠡᠷᠢᠭ ᠬᠢᠪᠴᠠᠭ ᠲᠠᠢ ᠲᠤᠯᠤᠯᠳᠤᠵᠤ ᠪᠠᠶᠢᠪᠠ᠃ 1237 ᠣᠨ ᠠᠴᠠ ᠵᠦᠴᠢ ᠶᠢᠨ ᠤᠯᠤᠰ ᠍ ᠤᠨ ᠪᠠᠲᠤ ᠬᠠᠨ ᠤ ᠮᠡᠳᠡᠯ ᠳᠦ ᠬᠠᠰᠠᠭ ᠤᠨ ᠲᠠᠯ᠎ᠠ ᠨᠤᠲᠤᠭ᠂ ᠬᠠᠷᠢᠨ ᠴᠠᠭᠠᠳᠠᠢ ᠶᠢᠨ ᠤᠯᠤᠰ ᠍ ᠤᠨ ᠬᠠᠷᠢᠶᠠᠨ ᠳᠤ ᠮᠠᠤᠧᠷᠠᠨᠠᠬᠢᠷ ᠣᠷᠣᠵᠠᠢ᠃ 1391 ᠣᠨ ᠳᠤ ᠲᠡᠮᠦᠷ ᠬᠠᠭᠠᠨ ᠢᠯᠠᠭᠳᠠᠭᠰᠠᠨ ᠢᠶᠠᠷ ᠲᠦᠪ ᠠᠽᠢᠶ᠎ᠠ ᠳᠤ ᠰᠠᠭᠤᠭᠰᠠᠨ ᠴᠥᠭᠡᠨ ᠨᠣᠶᠠᠷᠬᠠᠭᠴᠢ ᠮᠣᠩᠭᠣᠯ ᠪᠦᠷᠢᠨ ᠲᠦᠷᠦᠭᠵᠢᠪᠡ᠃

ᠬᠠᠰᠠᠭ ᠤᠨ ᠬᠠᠨᠲᠠ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠦᠴᠢ ᠶᠢᠨ ᠤᠯᠤᠰ ᠤᠨ ᠳᠣᠣᠷ᠎ᠠ ᠺᠤᠫᠴᠠᠺ ᠬᠡᠯᠡ ᠰᠤᠶᠤᠯ ᠳᠡᠯᠭᠡᠷᠴᠢ ᠬᠠᠰᠠᠭ ᠦᠨᠳᠦᠰᠦᠲᠡᠨ ᠪᠦᠷᠢᠯᠳᠦᠵᠡᠢ᠃ 1458 ᠣᠨ ᠳᠤ ᠠᠪᠤᠯᠢᠬᠠᠶᠢᠷ ᠬᠠᠨᠵᠠᠨᠢᠪᠧᠺᠺᠧᠷᠧᠢ ᠨᠠᠷ ᠨᠢᠭᠡᠳᠦᠭᠰᠡᠨ ᠢᠶᠡᠷ ᠬᠠᠰᠠᠭ ᠤᠨ ᠬᠠᠨᠲᠠ ᠤᠯᠤᠰ (1465—1847) ᠲᠣᠭᠲᠠᠪᠠ᠃ 1635 ᠣᠨ ᠠᠴᠠ ᠣᠶᠢᠷᠠᠳ ᠮᠣᠩᠭᠣᠯᠵᠦᠩᠭᠠᠷ ᠤᠯᠤᠰ ᠍ ᠤᠨ ᠬᠢᠨ ᠳᠣᠪᠲᠣᠯᠤᠭᠰᠠᠭᠠᠷ 1718 ᠣᠨ ᠳᠤ ᠬᠠᠰᠠᠭ ᠤᠳ ᠶᠡᠬᠡ ᠵᠤᠵᠠ (ᠡᠮᠦᠨᠡᠲᠦ ᠨᠤᠲᠤᠭ ᠲᠤ), ᠳᠤᠮᠳᠠ ᠵᠤᠵᠠ (ᠳᠣᠷᠣᠨᠠᠲᠤ), ᠪᠠᠭ᠎ᠠ ᠵᠤᠵᠠ (ᠥᠷᠥᠨᠡᠲᠦ) ᠪᠣᠯᠤᠨ ᠭᠤᠷᠪᠠ ᠬᠡᠰᠡᠭ ᠢᠯᠭᠠᠷᠠᠵᠠᠢ᠃ 1730 ᠣᠨ ᠠᠴᠠ ᠬᠣᠶᠢᠰᠢ ᠠᠪᠤᠯᠢᠬᠠᠶᠢᠷᠠᠪᠯᠠᠢ ᠵᠡᠷᠭᠡ ᠲᠡᠦᠬᠡᠨ ᠬᠠᠨ ᠲᠣᠳᠣᠷᠠᠵᠤ ᠪᠠᠶᠢᠪᠠ᠃

ᠣᠷᠣᠰ᠂ ᠵᠥᠪᠯᠡᠯᠲᠦ ᠶᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ ᠤᠯᠤᠰ ᠬᠠᠰᠠᠭ ᠣᠷᠣᠨ ᠶᠢᠡᠷ ᠬᠤᠳᠠᠯᠳᠤᠭᠠᠴᠢᠨ᠂ ᠺᠣᠯᠣᠨᠢᠴᠢᠯᠠᠭᠴᠢ ᠬᠠᠵᠠᠭ (ᠬᠠᠰᠠᠺ) ᠴᠡᠷᠢᠭ ᠢ ᠶᠠᠪᠤᠭᠤᠯᠵᠤ ᠪᠠᠶᠢᠪᠠ᠃ ᠤᠷᠠᠯ ᠭᠣᠣᠯ ᠤᠨ ᠡᠷᠭᠢ ᠳᠦ ᠶᠠᠢᠺ ᠰᠢᠪᠡᠭᠡ ᠶᠢ 1613 ᠣᠨ ᠳᠤ ᠪᠣᠰᠬᠠᠭᠰᠠᠨ ᠠᠴᠠ ᠠᠬᠢᠭᠤᠯᠤᠭᠰᠠᠭᠠᠷ 1731 ᠬᠠᠰᠠᠭ ᠤᠨ ᠪᠠᠭ᠎ᠠ ᠵᠤᠵᠠ ᠶᠢ ᠮᠡᠳᠡᠯ ᠳᠦ ᠪᠡᠨ ᠠᠪᠤᠭᠰᠠᠨ ᠠᠴᠠ ᠬᠣᠶᠢᠰᠢ 1818 ᠣᠨ ᠪᠤᠯᠬᠤ ᠳᠦ ᠣᠯᠠᠨ ᠠᠶᠢᠮᠠᠭ ᠣᠷᠣᠰ ᠤᠨ ᠢᠪᠡᠭᠡᠯ ᠳᠦ ᠣᠷᠣᠭᠰᠠᠨ ᠪᠠᠶᠢᠯ᠎ᠠ᠃ 1846 ᠣᠨ ᠳᠤ ᠬᠠᠰᠠᠭ ᠤᠨ ᠰᠡᠭᠦᠯᠴᠢ ᠶᠢᠨ ᠺᠧᠨ᠋ᠧᠰᠠᠷᠤ ᠬᠠᠨ ᠣᠷᠣᠰ ᠲᠠᠢ ᠪᠠᠶᠢᠯᠳᠤᠭᠠᠳ ᠳᠡᠶᠢᠯᠦᠭᠡ ᠦᠭᠡᠢ᠃ ᠣᠷᠣᠰ ᠤᠳ ᠣᠷᠧᠨᠪᠦᠷᠦᠭᠠᠯᠮᠠᠲᠤ ᠵᠡᠷᠭᠡ ᠣᠯᠠᠨ ᠰᠠᠭᠤᠷᠢᠨ ᠡᠭᠦᠰᠬᠡᠵᠡᠢ᠃ ᠣᠷᠣᠰ ᠲᠤ ᠲᠡᠷᠡ ᠦᠶ᠎ᠡ ᠳᠦ ᠬᠠᠰᠠᠭ ᠤᠳ ᠢ «ᠺᠢᠷᠭᠢᠽ ᠺᠠᠢ=ᠰᠠᠺ» (ᠬᠢᠷᠭᠢᠰ ᠬᠠᠰᠠᠭ), ᠬᠢᠷᠭᠢᠰ ᠢ «ᠺᠠᠷᠠ ᠺᠢᠷᠭᠢᠽ» (ᠬᠠᠷ᠎ᠠ ᠬᠢᠷᠭᠢᠰ) ᠭᠡᠵᠦ ᠨᠡᠷᠡᠶᠢᠳᠴᠦ ᠪᠠᠶᠢᠯ᠎ᠠ᠃ ᠣᠷᠣᠰ ᠤᠨ ᠢᠷᠭᠡᠨ ᠦ ᠳᠠᠶᠢᠨ ᠤ ᠦᠶ᠎ᠡ ᠳᠦ «ᠠᠯᠤᠰᠢ ᠣᠷᠳᠣ» (1917 ᠍ -1920) ᠠᠦ᠋ᠲ᠋ᠣᠨᠣᠮᠢᠲᠤ ᠤᠯᠤᠰ ᠲᠦᠷᠢ ᠲᠣᠭᠲᠠᠭᠠᠳ ᠨᠢᠴᠤᠭᠠᠭᠳᠠᠭᠰᠠᠨ᠃

ᠵᠥᠪᠯᠡᠯᠲᠦ ᠬᠣᠯᠪᠣᠭᠠᠲᠤ ᠤᠯᠤᠰ ᠤᠨ ᠳᠣᠣᠷ᠎ᠠ 1920 ᠣᠨ ᠳᠤ «ᠬᠢᠷᠭᠢᠰ» ᠨᠡᠷ᠎ᠡ ᠲᠡᠢ ᠡᠭᠦᠰᠦᠭᠰᠡᠨ ᠠᠦ᠋ᠲ᠋ᠣᠨᠣᠮᠢᠲᠤ ᠤᠯᠤᠰ 1925 ᠣᠨ ᠳᠤ «ᠬᠠᠰᠠᠭ» (ᠬᠠᠰᠠᠭ) ᠬᠡᠮᠡᠨ ᠨᠡᠷ᠎ᠡ ᠪᠡᠨ ᠰᠤᠯᠢᠵᠤ᠂ 1936 ᠣᠨ ᠳᠤ ᠵᠥᠪᠯᠡᠯᠲᠦ ᠬᠣᠯᠪᠣᠭᠠᠲᠤ ᠤᠯᠤᠰ ᠤᠨ ᠪᠦᠷᠢᠯᠳᠦᠬᠦᠨ 15 ᠤᠯᠤᠰ ᠤᠨ ᠨᠢᠭᠡ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠠᠰᠠᠭ ᠤᠯᠤᠰ (ЗСБНХасУ) ᠪᠣᠯᠤᠭᠰᠠᠨ ᠨᠢ 1991 ᠣᠨ ᠬᠦᠷᠲᠡᠯ᠎ᠡ ᠬᠡᠪ ᠢᠶᠡᠷ ᠪᠠᠶᠢᠪᠠ᠃ 1927 ᠣᠨ ᠳᠤ ᠠᠯᠮᠠ-ᠠᠲ᠋ᠠ ᠨᠡᠶᠢᠰᠯᠡᠯ ᠪᠣᠯᠤᠭᠰᠠᠨ᠃ ᠪᠦᠬᠦ ᠨᠡᠶᠢᠲᠡ ᠪᠢᠴᠢᠭ ᠦᠰᠦᠭ ᠮᠡᠳᠡᠳᠡᠭ ᠪᠣᠯᠵᠤ᠂ 1940 ᠣᠨ ᠠᠴᠠ ᠬᠠᠰᠠᠭ ᠬᠡᠯᠡᠡᠶᠢᠭ ᠺᠢᠷᠢᠯ ᠦᠰᠦᠭ ᠢᠶᠡᠷ ᠪᠢᠴᠢᠳᠡᠭ ᠪᠣᠯᠤᠭᠰᠠᠨ ᠪᠠ ᠵᠥᠪᠯᠡᠯᠲᠦ ᠬᠣᠯᠪᠣᠭᠠᠲᠤ ᠤᠯᠤᠰ ᠤᠨ ᠨᠢᠭᠡᠳᠦᠮᠡᠯ ᠪᠠᠶᠢᠳᠠᠯ ᠤᠨ ᠤᠷᠴᠢᠨ ᠳᠤ ᠣᠷᠣᠰ ᠬᠡᠯᠡ ᠬᠠᠰᠠᠭ ᠬᠡᠯᠡ ᠶᠢ ᠶᠡᠬᠡ ᠳᠠᠷᠤᠵᠠᠢ᠃ ᠰᠲ᠋ᠠᠯᠢᠨ ᠤ ᠵᠠᠷᠯᠢᠭ ᠢᠶᠠᠷ ᠤᠯᠤᠰ ᠲᠥᠷᠥ ᠶᠢᠨ ᠡᠰᠡᠷᠭᠦᠦ ᠭᠡᠭᠳᠡᠨ ᠫᠣᠯᠢᠰᠢ᠂ ᠭᠧᠷᠮᠠᠨ᠂ ᠴᠧᠴᠡᠨᠢ᠂ ᠰᠣᠯᠣᠩᠭᠣᠰ ᠭᠡᠬᠦ ᠮᠡᠲᠦ ᠣᠯᠠᠨ ᠠᠷᠠᠳ ᠢ ᠬᠠᠰᠠᠭ ᠤᠨ ᠲᠠᠯ᠎ᠠ ᠳᠤ ᠴᠥᠯᠡᠵᠦ ᠪᠠᠶᠢᠪᠠ᠃ 1930 ᠍ ᠊ᠭᠠᠳ ᠣᠨ ᠠᠴᠠ ᠬᠣᠶᠢᠰᠢ ᠠᠵᠤ ᠦᠢᠯᠡᠳᠪᠦᠷᠢ ᠬᠥᠭᠵᠢᠭᠰᠡᠨ᠃ 1949 ᠣᠨ ᠳᠤ ᠰᠧᠮᠢᠫᠠᠯᠠᠲ᠋ᠢᠨᠰᠺ ᠤᠨ ᠴᠥᠮ᠎ᠡ ᠶᠢᠨ ᠲᠤᠷᠰᠢᠯᠲᠠ ᠶᠢᠨ ᠲᠠᠯᠠᠪᠠᠢ ᠨᠡᠭᠡᠭᠡᠭᠳᠡᠵᠦ᠂ 1955 ᠣᠨ ᠳᠤ ᠪᠠᠶᠢᠺᠣᠨᠤᠷ ᠍ ᠤᠨ ᠰᠠᠨᠰᠠᠷ ᠤᠨ ᠪᠠᠭᠤᠳᠠᠯ ᠠᠰᠢᠭᠯᠠᠯᠲᠠ ᠳᠤ ᠣᠷᠣᠵᠤ ᠶᠦᠷᠡᠢ ᠭᠠᠭᠠᠷᠢᠨ 1961 ᠣᠨ ᠳᠤ ᠰᠠᠨᠰᠠᠷ ᠲᠤ ᠨᠢᠰᠴᠢ ᠪᠠᠶᠢᠪᠠ᠃

ᠲᠤᠰᠠᠭᠠᠷ ᠬᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠬᠠᠰᠠᠭ ᠤᠯᠤᠰ 1991 ᠣᠨ ᠤ 12 ᠰᠠᠷ᠎ᠠ ᠶᠢᠨ 15 ᠍ ᠳᠦ ᠲᠤᠰᠠᠭᠠᠷ ᠲᠣᠭᠲᠠᠨᠢᠯ ᠢᠶᠠᠨ ᠵᠠᠷᠯᠠᠨ ᠲᠤᠩᠬᠠᠭᠯᠠᠵᠤ᠂ 1992 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠶᠢᠨ ᠭᠡᠰᠢᠭᠦᠨ ᠪᠦᠷᠢᠨ ᠡᠷᠬᠡᠲᠦ ᠤᠯᠤᠰ ᠪᠣᠯᠵᠠᠢ᠃ 1989 ᠣᠨ ᠠᠴᠠ ᠵᠥᠪᠯᠡᠯᠲᠦ ᠬᠠᠰᠠᠭ ᠤᠨ ᠲᠡᠷᠢᠭᠦᠨ ᠪᠣᠯᠤᠭᠰᠠᠨ ᠨᠤᠷᠠᠰᠤᠯᠲᠠᠨ ᠨᠠᠵᠠᠷᠪᠠᠸ ᠦᠷᠭᠦᠯᠵᠢᠯᠡᠭᠦᠯᠦᠨ ᠲᠤᠰᠠᠭᠠᠷ ᠬᠠᠰᠠᠭ ᠤᠨ ᠶᠡᠷᠦᠩᠬᠡᠶᠢᠯᠡᠭᠴᠢ ᠪᠡᠷ ᠣᠳᠣ ᠳᠤ ᠬᠦᠷᠲᠡᠯ᠎ᠡ ᠠᠵᠢᠯᠯᠠᠵᠤ ᠪᠠᠶᠢᠨ᠎ᠠ᠃ 1998 ᠣᠨ ᠳᠤ ᠤᠯᠤᠰ ᠤᠨ ᠨᠡᠶᠢᠰᠯᠡᠯ ᠢ ᠠᠯᠮᠠᠲᠤ ᠠᠴᠠ ᠠᠺᠮᠠᠯ ᠳᠤ ᠰᠢᠯᠵᠢᠭᠦᠯᠦᠨ ᠠᠰᠲᠠᠨ᠎ᠠ (ᠨᠡᠶᠢᠰᠯᠡᠯ) ᠬᠡᠮᠡᠨ ᠨᠡᠷᠡᠶᠢᠳᠪᠡ᠃

ᠲᠥᠷᠥ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠷᠥ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠰᠠᠭ ᠤᠯᠤᠰ ᠠᠷᠠᠳᠴᠢᠯᠠᠭᠰᠠᠨ ᠳᠢᠭᠯᠢᠮ᠂ ᠶᠡᠷᠦᠩᠬᠡᠶᠢᠯᠡᠭᠴᠢᠡᠶᠢᠨ ᠡᠷᠬᠡ ᠮᠡᠳᠡᠯ ᠳᠠᠪᠠᠭᠤ ᠪᠦᠭᠦᠳᠡ ᠨᠠᠶᠢᠷᠠᠮᠳᠠᠬᠤ ᠵᠠᠰᠠᠭ ᠲᠠᠢ᠃

ᠲᠥᠷᠥ ᠤᠯᠤᠰ ᠤᠨ ᠲᠡᠷᠢᠭᠦᠨ ᠨᠢ ᠶᠡᠷᠦᠩᠬᠡᠶᠢᠯᠡᠭᠴᠢ ᠪᠠᠶᠢᠨ᠎ᠠ᠃ ᠨᠤᠷᠠᠰᠤᠯᠲᠠᠨ ᠨᠠᠵᠠᠷᠪᠠᠸ 1990 ᠣᠨ ᠠᠴᠠ ᠬᠣᠶᠢᠰᠢ ᠶᠡᠷᠦᠩᠬᠡᠶᠢᠯᠡᠭᠴᠢ ᠪᠡᠷ ᠠᠵᠢᠯᠯᠠᠵᠤ ᠪᠠᠶᠢᠨ᠎ᠠ᠃ 1991-2015 ᠣᠨ ᠤ ᠬᠣᠭᠣᠷᠣᠨᠳᠣ ᠲᠠᠪᠤᠨ ᠰᠣᠩᠭᠣᠭᠤᠯᠢ ᠪᠣᠯᠬᠤ ᠳᠤ ᠪᠠᠷᠤᠭ 100 ᠬᠤᠪᠢ ᠤᠨ ᠳᠡᠮᠵᠢᠯᠭᠡ ᠪᠡᠷ ᠰᠣᠩᠭᠣᠭᠳᠠᠳᠠᠭ ᠪᠣᠯᠤᠭᠰᠠᠨ᠃ ᠶᠡᠷᠦᠩᠬᠡᠶᠢᠯᠡᠭᠴᠢ ᠭᠦᠢᠴᠡᠳᠭᠡᠬᠦ ᠪᠠᠶᠢᠭᠤᠯᠤᠯᠭ᠋ ᠠ ᠡᠴᠡ ᠲᠡᠷᠢᠭᠦᠨ ᠶᠡᠷᠦᠩᠬᠡᠢ ᠰᠠᠶᠢᠳ ᠍ ᠢ ᠲᠣᠮᠢᠯᠠᠨ᠎ᠠ᠃ 1991 ᠣᠨ ᠠᠴᠠ 2015 ᠬᠦᠷᠲᠡᠯ᠎ᠡ 8 ᠬᠦᠮᠦᠨ ᠡᠭᠡᠯᠵᠢᠯᠡᠭᠰᠡᠨ ᠪᠥᠭᠡᠳ 2014 ᠣᠨ ᠠᠴᠠ ᠬᠣᠶᠢᠰᠢ ᠺᠠᠷᠢᠮ ᠮᠠᠰᠢᠮᠣᠸ ᠳᠠᠬᠢᠨ ᠲᠣᠮᠢᠯᠠᠭᠳᠠᠭᠠᠳ ᠪᠠᠶᠢᠨ᠎ᠠ᠃

ᠬᠣᠶᠠᠷ ᠲᠠᠩᠬᠢᠮ ᠳᠤ ᠤᠯᠤᠰ ᠤᠨ ᠬᠤᠷᠠᠯ (᠌ᠫᠠᠷᠯᠠᠮᠧᠨᠲ) ᠬᠠᠤᠯᠢ ᠲᠣᠭᠲᠠᠭᠠᠨ ᠪᠠᠲᠤᠯᠠᠳᠠᠭ᠃ ᠳᠡᠭᠡᠳᠦ ᠲᠠᠩᠬᠢᠮ ᠨᠢ 47 ᠭᠡᠰᠢᠭᠦᠨ ᠲᠡᠢ ᠰᠧᠨᠠᠲ (ᠴᠢᠭᠤᠯᠭᠠᠨ), ᠲᠠᠩᠬᠢᠮ ᠨᠢ 107 ᠰᠠᠭᠤᠳᠠᠯ ᠲᠠᠢ ᠮᠠᠵᠢᠯᠢᠰ (ᠬᠤᠷᠠᠯ) ᠪᠠᠶᠢᠨ᠎ᠠ᠃ ᠲᠤᠰ ᠤᠯᠤᠰ ᠲᠤ ᠨᠢᠭᠡ ᠨᠠᠮ ᠵᠣᠩᠬᠢᠯᠠᠳᠠᠭ᠃ 2012 ᠣᠨ ᠤ ᠮᠠᠵᠢᠯᠢᠰ ᠤᠨ ᠰᠣᠩᠭᠣᠭᠤᠯᠢ ᠶᠢᠨ ᠳ᠋ᠦᠩ:

  • «ᠨᠤᠷ-ᠣᠲ᠋ᠠᠨ» (ᠭᠡᠷᠡᠯᠲᠦ ᠡᠬᠡ ᠣᠷᠣᠨ) ᠠᠷᠠᠳᠴᠢᠯᠠᠭᠰᠠᠨ ᠨᠠᠮ — 83 ᠰᠠᠭᠤᠳᠠᠯ
  • «ᠠᠺ ᠵᠣᠯ» (ᠴᠠᠭᠠᠨ ᠵᠠᠮ) ᠠᠷᠠᠳᠴᠢᠯᠠᠭᠰᠠᠨ ᠨᠠᠮ — 8 ᠰᠠᠭᠤᠳᠠᠯ
  • «ᠬᠠᠰᠠᠭ ᠠᠷᠠᠳ ᠤᠨ ᠺᠣᠮᠮᠤᠨᠢᠰ ᠲᠤ (ᠡᠪ ᠬᠠᠮᠲᠤ) ᠨᠠᠮ» — 7 ᠰᠠᠭᠤᠳᠠᠯ

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠰᠠᠭ ᠤᠯᠤᠰ ᠤᠨ ᠨᠤᠲᠤᠭ ᠳᠡᠪᠢᠰᠬᠡᠷ ᠶᠡᠬᠡ ᠲᠦᠪᠰᠢᠨ ᠳᠦ 17, ᠳᠤᠮᠳᠠ ᠱᠠᠲᠤᠨ ᠳᠤ 208, ᠭᠤᠷᠪᠠᠳᠤᠭᠠᠷ ᠱᠠᠲᠤᠨ ᠳᠤ 2740 ᠨᠤᠲᠤᠭ ᠪᠣᠯᠵᠤ ᠬᠤᠪᠢᠶᠠᠭᠳᠠᠳᠠᠭ᠃[11] 17 ᠶᠡᠬᠡ ᠨᠤᠲᠤᠭ ᠢᠶᠠᠨ «ᠠᠶᠢᠮᠠᠺ» (ᠮᠣᠩᠭᠣᠯ «ᠠᠶᠢᠮᠠᠭ» ᠍ ᠲᠠᠢ ᠨᠢᠭᠡ ᠭᠠᠷᠤᠯ ᠤᠨ ᠪᠣᠯᠪᠠᠴᠤ ᠭᠠᠵᠠᠷ ᠨᠤᠲᠤᠭ ᠭᠡᠬᠦ ᠤᠳᠬ᠎ᠠ ᠲᠠᠢ) ᠭᠡᠵᠦ ᠪᠢᠴᠢᠳᠡᠭ᠃ ᠲᠡᠭᠦᠨ ᠦ 14 ᠨᠢ ᠮᠤᠵᠢ (ᠣᠪᠤᠰ), 3 ᠨᠢ ᠬᠣᠲᠠ (ᠤᠯᠤᠰ ᠤᠨ ᠠᠴᠢ ᠬᠣᠯᠪᠣᠭᠳᠠᠯ ᠲᠠᠢ ᠬᠣᠲᠠ) ᠪᠠᠶᠢᠨ᠎ᠠ᠃ ᠭᠤᠷᠪᠠᠨ ᠬᠣᠲᠠ ᠠᠴᠠ ᠪᠠᠶᠢᠺᠣᠨᠤᠷ ᠍ ᠢ 2050 ᠣᠨ ᠬᠦᠷᠲᠡᠯ᠎ᠡ ᠣᠷᠣᠰ ᠬᠣᠯᠪᠣᠭᠠᠨ ᠤ ᠤᠯᠤᠰ ᠲᠦᠷᠢᠶᠡᠰᠦᠯᠡᠭᠰᠡᠨ᠃[12] ᠮᠤᠵᠢ ᠳᠣᠲᠣᠷ᠎ᠠ ᠪᠠᠨ ᠠᠤᠳᠠᠨ (ᠬᠣᠰᠢᠭᠤ), ᠮᠤᠵᠢ ᠶᠢᠨ ᠬᠣᠲᠠ ᠪᠣᠯᠵᠤ ᠬᠤᠪᠢᠶᠠᠭᠳᠠᠬᠤ ᠪᠣᠯ ᠤᠯᠤᠰ ᠤᠨ ᠬᠣᠲᠠ ᠳᠣᠲᠣᠷ᠎ᠠ ᠪᠠᠨ ᠳᠡᠭᠦᠷᠭᠡ ᠲᠤ ᠬᠤᠪᠢᠶᠠᠭᠳᠠᠨ᠎ᠠ᠃

ᠵᠡᠷᠭᠡ ᠵᠠᠰᠠᠭ ᠵᠠᠬᠢᠷᠭᠠᠨ ᠤ ᠨᠢᠭᠡᠴᠡ
(ᠬᠠᠰᠠᠭ᠂ ᠣᠷᠣᠰ ᠢᠶᠠᠷ) — ᠲᠣᠭ᠎ᠠ
ᠨᠤᠲᠤᠭ ᠤᠨ ᠲᠣᠭ᠎ᠠ
I ᠮᠤᠵᠢ
(ᠣᠪᠤᠰ / ᠣᠪᠯᠠᠰᠲ) — 14
ᠤᠯᠤᠰ ᠤᠨ ᠠᠴᠢ ᠬᠣᠯᠪᠣᠭᠳᠠᠯ ᠲᠠᠢ ᠬᠣᠲᠠ — 3
(ᠷᠧᠰᠫᠦᠪᠯᠢᠺᠶᠠᠷᠤᠺᠠᠮᠠᠬᠤᠰ ᠤ ᠪᠠᠷᠰᠺᠠᠠᠯ /
ᠭᠣᠷᠣᠳ ᠷᠧᠰᠫᠦᠪᠯᠢᠺᠠᠨᠰᠺᠣᠭᠣ ᠵᠠᠨᠠᠴᠧᠨᠢᠶ᠎ᠠ)
17
II ᠬᠣᠰᠢᠭᠤ — 160
(ᠠᠤᠳᠠᠨ / ᠰᠧᠯᠰᠺ ᠦ ᠷᠠᠶᠣᠨ)
(ᠮᠤᠵᠢ ᠶᠢᠨ) ᠬᠣᠲᠠ — 38
(ᠺᠠᠠᠯ / ᠭᠣᠷᠣᠳ)
ᠳᠡᠭᠦᠷᠭᠡ — 10
( ᠠᠤᠳᠠᠨ / ᠭᠣᠷᠣᠳᠢᠰᠺᠤᠷᠠᠶᠣᠨ)
208
III ᠪᠠᠭ — 2453
( ᠠᠦ᠋ᠤᠯ ᠣᠺᠷᠤᠭ / ᠰᠧᠯᠰᠺ ᠦ ᠣᠺᠷᠤᠭ)
ᠰᠠᠭᠤᠷᠢᠨ — 241
(ᠺᠧᠨᠲ / ᠫᠣᠰᠶ᠋ᠢᠯᠣᠺ)
(ᠬᠣᠰᠢᠭᠤᠨ ᠤ) ᠬᠣᠲᠠ — 46
(ᠺᠠᠠᠯ / ᠭᠣᠷᠣᠳ)
2740
ᠨᠡᠶᠢᠯᠡᠪᠦᠷᠢ ᠭᠤᠷᠪᠠᠨ ᠲᠦᠪᠰᠢᠨ ᠦ ᠲᠠᠪᠤ ᠠᠴᠠ ᠳᠣᠯᠣᠭᠠᠨ ᠵᠦᠢᠯ ᠦᠨ 2965 ᠨᠤᠲᠤᠭ
ᠵᠢᠷᠤᠭ ᠤᠨ
ᠳ᠋ᠤᠭᠠᠷ
ᠮᠤᠵᠢ ᠨᠤᠲᠤᠭ ᠤᠨ ᠲᠥᠪ ᠲᠠᠯᠠᠪᠠᠢ
(ᠺᠦᠸᠠᠲ ᠺᠢᠯᠤᠮᠸᠲᠷ)
ᠬᠦᠮᠦᠨ ᠠᠮᠠ
(2009)
14 Almaty.JPG ᠠᠯᠮᠠᠲᠤ ᠲᠠᠯᠴᠤᠺᠣᠷᠭᠠᠨ 224,000 1,642,300
6 Coat of Arms of Aqmola Province.png ᠠᠺᠮᠠᠯ ᠺᠺᠱᠧᠲ᠋ᠠᠤ 146,000 744,700
3 Aktobe seal.png ᠠᠺᠲᠥᠪᠧ ᠠᠺᠲᠥᠪᠧ 300,600 707,900
2 Coats of arms of None.svg ᠠᠲᠤᠠᠤ ᠠᠲᠤᠠᠤ 118,600 496,000
8 Coats of arms of None.svg ᠮᠠᠩᠤᠰᠲ᠋ᠠᠤ ᠠᠺᠲᠤ 165,600 416,500
5 North Kazakhstan province seal.png ᠤᠮᠠᠷ᠎ᠠ ᠬᠠᠰᠠᠭᠰᠲ᠋ᠠᠨ ᠫᠧᠲ᠋ᠷᠣᠫᠠᠸᠯ 123,200 651,100
11 Coats of arms of None.svg ᠳᠣᠷᠣᠨ᠎ᠠ ᠬᠠᠰᠠᠭᠰᠲ᠋ᠠᠨ ᠥᠰᠺᠧᠮᠧᠨ 283,300 1,417,600
7 Coat of Arms of Pavlodar Province.png ᠫᠠᠸᠯᠠᠳᠠᠷ ᠫᠠᠸᠯᠠᠳᠠᠷ 124,800 747,600
10 Wappen ᠺᠠᠷᠠᠩᠨᠳ᠋ᠤ ᠺᠠᠷᠠᠩᠨᠳ᠋ᠤ 428,000 1,344,200
4 Logo kostanay.jpg ᠺᠣᠰᠲ᠋ᠠᠨᠠᠢ ᠺᠣᠰᠲ᠋ᠠᠨᠠᠢ 196,000 891,800
9 Kyzylorda province seal.png ᠺᠤᠰᠤᠯᠷᠲᠠ ᠺᠤᠰᠤᠯᠷᠲᠠ 226,000 636,900
13 Zhambyl province seal.png ᠵᠠᠮᠪᠤᠯ ᠲᠠᠷᠠᠽ 144,200 1,025,000
12 South Kazakhstan province seal.png ᠡᠮᠦᠨ᠎ᠡ ᠬᠠᠰᠠᠭᠰᠲ᠋ᠠᠨ ᠱᠤᠮᠺᠧᠨᠲ 117,300 2,356,500
1 Coats of arms of None.svg ᠥᠷᠥᠨ᠎ᠡ ᠬᠠᠰᠠᠭᠰᠲ᠋ᠠᠨ ᠣᠷᠣᠯ 151,300 617,100
ᠵᠢᠷᠤᠭ ᠤᠨ
ᠳ᠋ᠤᠭᠠᠷ
ᠤᠯᠤᠰ ᠤᠨ ᠬᠣᠲᠠ ᠲᠠᠯᠠᠪᠠᠢ (ᠺᠦᠸᠠᠲ ᠺᠢᠯᠤᠮᠸᠲᠷ) ᠬᠦᠮᠦᠨ ᠠᠮᠠ (2009)
17 Almaty seal.png ᠠᠯᠮᠠᠲᠤ 325 1,351,521
15 Astana city seal.gif ᠠᠰᠲᠠᠨ᠎ᠠ 720 653,800
16 Baikonur seal.png ᠪᠠᠶᠢᠺᠣᠨᠤᠷ 57 59,147
ᠲᠦᠺᠮᠧᠨᠦᠽᠡᠪᠸᠺᠢᠰᠲᠠᠨᠠᠽᠧᠷᠪᠠᠶᠢᠵᠠᠨᠭᠦᠷᠦᠵᠢᠶ ᠠᠬᠢᠷᠭᠢᠰᠲᠠᠵᠢᠺᠢᠰᠲᠠᠨᠬᠢᠲᠠᠳᠣᠷᠣᠰᠪᠠᠶᠢᠺᠣᠨᠤᠷᠠᠯᠮᠠᠲ ᠤ ᠬᠣᠲᠠᠠᠰᠲᠠᠨ᠎ᠠᠮᠠᠩ ᠤᠰᠲ᠋ᠠᠤᠠᠲ ᠤᠠᠤᠥᠷᠥᠨᠡᠲᠦᠠᠺᠲᠥᠪᠧᠺᠣᠰᠲ᠋ᠠᠨᠠᠢᠤᠮᠠᠷᠠᠳᠤᠠᠺᠮᠠᠯᠫᠠᠸᠯᠠᠳᠠᠷᠺᠠᠷᠠᠩᠨᠳ᠋ ᠍ ᠤᠺ ᠤᠰ ᠤᠯᠷᠲᠠᠡᠮᠦᠨᠡᠲᠦᠵᠠᠮᠪᠠᠯᠳᠣᠷᠣᠨᠠᠲᠤᠠᠯᠮᠠᠲ ᠤKarte
关于该图像

ᠨᠢᠭᠡ ᠮᠤᠵᠢ ᠳᠤᠮᠳᠠᠴᠢ ᠪᠠᠷ 1.03 ᠰᠠᠶ᠎ᠠ ᠬᠦᠮᠦᠨ᠂ 194 ᠮᠢᠩᠭᠠᠨ ᠺᠦᠸᠠᠲ ᠺᠢᠯᠤᠮᠸᠲ᠋ᠷ ᠲᠠᠯᠠᠪᠠᠢ ᠬᠠᠮᠤᠷᠳᠠᠭ ᠪᠤᠯᠬᠤᠷ ᠬᠠᠮᠤᠭ ᠤᠨ ᠪᠠᠭ᠎ᠠ ᠳᠤ ᠪᠠᠨ 10 ᠮᠢᠩᠭᠠᠨ ᠬᠦᠮᠦᠨ᠂ 1700 ᠺᠦᠸᠠᠳ᠋ ᠺᠢᠯᠣᠮᠧᠲ᠋ᠷ ᠲᠠᠯᠠᠪᠠᠢ ᠲᠠᠷᠬᠠᠨ᠌ ᠠ᠃ ᠮᠤᠵᠢ ᠶᠢᠨ ᠬᠣᠲᠠ ᠨᠤᠭᠤᠳ ᠠᠴᠠ 650 ᠮᠢᠩᠭᠠᠨ ᠬᠦᠮᠦᠨ ᠲᠡᠢ ᠲᠣᠮᠣ᠂ 5 ᠮᠢᠩᠭᠠᠨ ᠬᠦᠮᠦᠨ ᠲᠡᠢ ᠵᠢᠵᠢᠭ ᠨᠢ ᠴᠤ ᠪᠠᠶᠢᠬᠤ ᠪᠥᠭᠡᠳ ᠡᠩ ᠦᠨ ᠰᠠᠭᠤᠷᠢᠨ ᠤ ᠳᠤᠮᠳᠠ 59,425 ᠣᠷᠣᠰᠢᠨ ᠰᠠᠭᠤᠭᠴᠢ ᠲᠠᠢ ᠪᠠᠶᠢᠬᠤ ᠨᠢ ᠦᠨᠡᠬᠡᠷ ᠬᠠᠷᠢᠯᠴᠠᠨ ᠠᠳᠠᠯᠢ ᠦᠭᠡᠢ᠃

ᠴᠡᠷᠢᠭ ᠵᠡᠪᠰᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠪᠠᠮ᠎ᠠ᠂ ᠨᠠᠵᠠᠷᠪᠠᠸ᠂ ᠮᠧᠳᠪᠲᠦᠸ

ᠬᠠᠰᠠᠭᠰᠲ᠋ᠠᠨ ᠤ ᠵᠡᠪᠰᠡᠭᠲᠦ ᠬᠦᠴᠦᠨ ᠬᠠᠭᠤᠷᠠᠢ ᠵᠠᠮ ᠤᠨ᠂ ᠨᠢᠰᠬᠦ᠂ ᠠᠭᠠᠷ ᠤᠨ ᠳᠣᠪᠲᠣᠯᠭᠠᠨ ᠠᠴᠠ ᠬᠠᠮᠠᠭᠠᠯᠠᠬᠤ᠂ ᠲᠡᠩᠭᠢᠰ ᠦᠨ᠂ ᠬᠦᠨᠳᠦᠲᠦ ᠬᠠᠷᠠᠭᠤᠯ ᠤᠨ ᠭᠡᠵᠦ ᠰᠠᠯᠪᠤᠷᠢᠯᠠᠳᠠᠭ᠃ ᠴᠡᠷᠢᠭ ᠦᠨ ᠠᠯᠪᠠᠨ ᠬᠠᠭᠠᠭᠴᠢ ᠶᠢᠨ ᠲᠣᠭ᠎ᠠ 31,000. ᠪᠠᠲᠤᠯᠠᠨ ᠬᠠᠮᠠᠭᠠᠯᠠᠬᠤ ᠶᠢᠨ ᠵᠠᠷᠤᠳᠠᠯ ДНБ ᠍ ᠤᠨ 1.1%.

ᠵᠥᠪᠯᠡᠯᠲᠦ᠂ ᠣᠷᠣᠰ ᠲᠤ ᠦᠢᠯᠡᠳᠪᠦᠷᠢᠯᠡᠭᠰᠡᠨ ᠵᠡᠪᠰᠡᠭ ᠲᠧᠭᠨᠢᠭ ᠲᠡᠢ᠃ ᠵᠢᠱᠢᠶᠡᠯᠡᠪᠡᠯ ᠲ-72 ᠲᠠᠩᠺ — 670 ᠰᠢᠷᠬᠡᠭ᠂ БТР-70 ᠬᠤᠶᠠᠭᠲᠤ — 190, БМ-21 ᠫᠤᠤᠵᠢᠩ ᠬᠠᠷᠪᠤᠭᠴᠢ ᠮᠠᠰᠢᠨ — 190, ᠮᠢᠭ-29 ᠰᠥᠨᠥᠭᠡᠭᠴᠢ ᠣᠩᠭᠣᠴᠠ — 39 ᠪᠠᠶᠢᠨ᠎ᠠ᠃ ᠲᠡᠩᠭᠢᠰ ᠦᠨ ᠴᠡᠷᠢᠭ ᠦᠨ ᠪᠣᠭᠣᠮᠲᠠ ᠨᠢ ᠠᠺᠲᠤ.

ᠭᠠᠳᠠᠭᠠᠳᠤ ᠬᠠᠷᠢᠯᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠰᠠᠭ ᠤᠯᠤᠰ ᠬᠥᠷᠰᠢ ᠨᠦᠭᠦᠳ ᠲᠡᠢ ᠪᠡᠨ ᠨᠠᠶᠢᠷᠰᠠᠭ ᠬᠠᠷᠢᠯᠴᠠᠭ᠎ᠠ ᠲᠠᠢ᠃ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠᠧᠦ᠋ᠷᠣᠫᠠ ᠶᠢᠨ ᠠᠶᠤᠯ ᠦᠭᠡᠢ ᠪᠠᠶᠢᠳᠠᠯ᠂ ᠬᠠᠮᠲᠤ ᠶᠢᠨ ᠠᠵᠢᠯᠯᠠᠭᠠᠨ ᠤ ᠵᠥᠪᠯᠡᠯᠭᠡᠨТУХН, ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠЕАЭЗН, ИХАБ ᠵᠡᠷᠭᠡ ᠣᠯᠠᠨ ᠤᠯᠤᠰ ᠤᠨ ᠪᠠᠶᠢᠭᠤᠯᠤᠯᠭ᠎ᠠ ᠶᠢᠨ ᠭᠡᠰᠢᠭᠦᠨ ᠶᠤᠮ᠃ ᠳᠡᠯᠡᠬᠡᠢ ᠶᠢᠨ 130 ᠣᠷᠣᠨ ᠲᠠᠢ᠂ ᠲᠡᠭᠦᠨ ᠡᠴᠡ ᠮᠣᠩᠭᠣᠯ ᠤᠯᠤᠰᠲᠠᠢ 1992 ᠣᠨ ᠤ 1 ᠰᠠᠷ᠎ᠠ ᠶᠢᠨ 22 ᠍ ᠳᠦ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ᠃[13]

ᠰᠠᠨᠰᠠᠷ ᠤᠨ ᠪᠠᠭᠤᠳᠠᠯ ᠪᠦᠬᠦᠢ ᠪᠠᠶᠢᠺᠣᠨᠤᠷ ᠬᠣᠲᠠ ᠶᠢ ᠣᠷᠣᠰ ᠬᠣᠯᠪᠣᠭᠠᠨ ᠤ ᠤᠯᠤᠰ ᠍ ᠳᠦ ᠲᠦᠷᠢᠶᠡᠰᠦᠯᠡᠭᠦᠯᠦᠭᠰᠡᠨ᠃

ᠠᠵᠤ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠺᠱᠧᠲ᠋ᠠᠤᠭ ᠤᠨ ᠲᠠᠷᠢᠶᠠᠨ ᠲᠠᠯᠠᠪᠠᠢ
ᠭᠠᠵᠠᠷ ᠤᠨ ᠲᠣᠰᠣ᠂ ᠰᠢᠲᠠᠳᠠᠭ ᠬᠡᠢ ᠶᠢᠨ ᠣᠷᠳᠣ ᠨᠤᠭᠤᠳ ᠺᠠᠰᠫ ᠦᠨ ᠡᠷᠭᠢ ᠪᠡᠷ ᠪᠠᠶᠢᠳᠠᠭ᠃

2014 ᠣᠨ ᠳᠤ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠤ ᠬᠡᠮᠵᠢᠶ᠎ᠡ 420 ᠲᠡᠷᠪᠤᠮ ᠠᠮᠠ᠃ᠳ᠋ᠣᠯᠯᠠᠷ ᠪᠠᠶᠢᠭᠰᠠᠨ᠃ ᠨᠢᠭᠡ ᠬᠦᠨᠳᠦ 24000 $ ᠨᠣᠭᠳᠠᠨ᠎ᠠ᠃ ᠲᠦᠪ ᠠᠽᠢᠶ᠎ᠠ ᠳᠤ ᠡᠳ᠋ ᠍ ᠦᠨ ᠵᠠᠰᠠᠭ ᠤᠨ ᠴᠢᠳᠠᠪᠬ᠎ᠠ ᠪᠠᠷ ᠲᠡᠷᠢᠭᠦᠯᠡᠳᠡᠭ᠃ ᠵᠢᠯ ᠦᠨ ᠥᠰᠦᠯᠲᠡ ᠶᠢᠨ ᠬᠤᠪᠢ — 8%. ᠮᠥᠩᠭᠥᠨ ᠦ ᠨᠢᠭᠡᠴᠡ — ᠲᠧᠩ ᠢᠶ᠎ᠡ.

ᠴᠢᠯᠠᠭᠣᠨ ᠲᠣᠰᠣᠰᠢᠲᠠᠳᠠᠭ ᠬᠡᠢ ᠤ ᠣᠯᠪᠤᠷᠢᠯᠠᠯᠲᠠ ᠠᠴᠠ ᠶᠡᠬᠡ ᠣᠷᠣᠯᠭ᠎ᠠ ᠣᠯᠳᠠᠭ᠃ ᠮᠥᠨ ᠨᠡᠭᠦᠷᠡᠰᠦᠥᠩᠭᠡᠲᠦ ᠲᠡᠮᠦᠷᠯᠢᠭᠲᠡᠮᠦᠷ ᠦᠨ ᠬᠥᠳᠡᠷᠦᠷ᠎ᠡ ᠲᠠᠷᠢᠶ᠎ᠠ ᠡᠺᠰᠫᠣᠷᠲᠯᠠᠳᠠᠭ᠃

ᠪᠠᠩᠬᠢᠨ ᠤ ᠰᠢᠰᠲ᠋ᠧᠮ ᠦᠨ ᠬᠥᠭᠵᠢᠯ ᠰᠠᠶᠢᠨ᠃ ᠪᠠᠩᠬᠢᠨ ᠤ ᠨᠡᠶᠢᠲᠡ ᠬᠥᠷᠥᠩᠭᠡ ᠶᠢᠨ ᠬᠡᠮᠵᠢᠶ᠎ᠡ 50 ᠰᠠᠶ᠎ᠠ ᠳ᠋ᠣᠯᠯᠠᠷ ᠪᠠᠶᠢᠳᠠᠭ ᠢᠶᠠᠷ ᠢᠶᠠᠨ ᠦᠺᠷᠠᠶᠢᠨ ᠤ ᠵᠢᠱᠢᠭ ᠲᠦ ᠬᠦᠷᠦᠭᠰᠡᠨ᠃ ᠦᠨ᠎ᠡ ᠶᠢᠨ ᠥᠰᠦᠯᠲᠡ ᠲᠣᠭᠲᠠᠪᠤᠷᠢᠲᠠᠢ 10% ᠍ ᠠᠴᠠ ᠪᠠᠭ᠎ᠠ᠃

<timeline> ImageSize = width:450 height:225 PlotArea = left:30 bottom:20 top:20 right:20 TimeAxis = orientation:horizontal format:yyyy AlignBars = justify DateFormat = x.y Period = from:0 till:50.0 TimeAxis = orientation:horizontal AlignBars = early Colors =

id:gray value:rgb(0.97,0.97,0.97)
id:PAN value:rgb(0.4, 0.6, 1)
id:PRD value:rgb(1, 0.84314, 0)
id:PRI value:rgb(1, 0.5372, 0.5372)
id:ALT value:rgb(0.2, 0.6, 0.8)
id:NA value:rgb(0,0.4,0.4)
id:darkgray value:rgb(0.80,0.80,0.80)
id:midgray value:rgb(0.30,0.57,0)

ScaleMajor = gridcolor:black increment:10 start:0 ScaleMinor = gridcolor:gray increment:1 start:0

BarData=

barset:Países

PlotData=

width:15 fontsize:S textcolor:black align:left anchor:from shift:(10,-4) color:red
barset:Países 
from:0 till:21.00 color:PAN width:20 align:left fontsize:S text:"ᠬᠢᠲᠠᠳ (21.0%)"
from:0 till:09.90 color:PRD width:20 align:left fontsize:S text:"ᠣᠷᠣᠰ (9.9%)"
from:0 till:09.30 color:PRI width:20 align:left fontsize:S text:"ᠹᠷᠠᠨᠼᠢ (9.3%)"
from:0 till:06.90 color:ALT width:20 align:left fontsize:S text:"ᠭᠧᠷᠮᠠᠨ (6.9%)"
from:0 till:05.00 color:NA width:20 align:left fontsize:S text:"ᠢᠲ᠋ᠠᠯᠢ (5.0%)"
from:0 till:47.90 color:darkgray width:20 align:left fontsize:S text:"ᠪᠤᠰᠤᠳ ᠣᠷᠣᠨ (47.9%)"

TextData=

pos:(180,215) fontsize:M text:"ᠡᠺᠰᠫᠣᠷᠲ"
pos:(110,205) fontsize:S text:"ᠡᠬᠢ ᠰᠤᠷᠪᠤᠯᠵᠢ: ᠠᠮᠧᠷᠢᠺᠠ ᠶᠢᠨ ᠨᠢᠭᠡᠳᠦᠭᠰᠡᠨ ᠤᠯᠤᠰ ᠤᠨ ТТГ. 2012 ᠣᠨ᠃ 86.93 ᠲᠡᠷᠪᠤᠮ $"
pos:(400,1) fontsize:S text:(%)

</timeline>

<timeline> ImageSize = width:450 height:225 PlotArea = left:30 bottom:20 top:20 right:20 TimeAxis = orientation:horizontal format:yyyy AlignBars = justify DateFormat = x.y Period = from:0 till:50.0 TimeAxis = orientation:horizontal AlignBars = early Colors =

id:gray value:rgb(0.97,0.97,0.97)
id:PAN value:rgb(0.4, 0.6, 1)
id:PRD value:rgb(1, 0.84314, 0)
id:PRI value:rgb(1, 0.5372, 0.5372)
id:ALT value:rgb(0.2, 0.6, 0.8)
id:NA value:rgb(0,0.4,0.4)
id:darkgray value:rgb(0.80,0.80,0.80)
id:midgray value:rgb(0.30,0.57,0)

ScaleMajor = gridcolor:black increment:10 start:0 ScaleMinor = gridcolor:gray increment:1 start:0

BarData=

barset:Países

PlotData=

width:15 fontsize:S textcolor:black align:left anchor:from shift:(10,-4) color:red
barset:Países 
from:0 till:31.60 color:PAN width:20 align:left fontsize:S text:"ᠣᠷᠣᠰ (31.6%)"
from:0 till:26.60 color:PRI width:20 align:left fontsize:S text:"ᠬᠢᠲᠠᠳ (26.6%)"
from:0 till:06.00 color:PRD width:20 align:left fontsize:S text:"ᠭᠧᠷᠮᠠᠨ (6.0%)" 
from:0 till:04.40 color:ALT width:20 align:left fontsize:S text:"ᠦᠺᠷᠠᠶᠢᠨ (4.4%)"
from:0 till:31.40 color:darkgray width:20 align:left fontsize:S text:"ᠪᠤᠰᠤᠳ ᠣᠷᠣᠨ (31.4%)"

TextData=

pos:(180,215) fontsize:M text:"ᠢᠮᠫᠣᠷᠲ"
pos:(110,205) fontsize:S text:"ᠡᠬᠢ ᠰᠤᠷᠪᠤᠯᠵᠢ: ᠠᠮᠧᠷᠢᠺᠠ ᠶᠢᠨ ᠨᠢᠭᠡᠳᠦᠭᠰᠡᠨ ᠤᠯᠤᠰ ᠤᠨ ТТГ. 2012 ᠣᠨ᠃ 42.82 ᠲᠡᠷᠪᠤᠮ $"
pos:(400,1) fontsize:S text:(%)

</timeline>

ᠵᠠᠮ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠮᠠᠲᠤ ᠶᠢᠨ ᠵᠠᠮ

ᠬᠠᠰᠠᠭᠰᠲ᠋ᠠᠨ 189,000 ᠺᠢᠯᠣᠮᠧᠲ᠋ᠷ ᠠᠦ᠋ᠲ᠋ᠣ᠋ ᠵᠠᠮ ᠤᠨ 108,100 ᠺᠢᠯᠣᠮᠧᠲ᠋ᠷ ᠨᠢ ᠴᠠᠷᠳᠠᠮᠠᠯ ᠵᠠᠮ. ᠤᠯᠤᠰ ᠤᠨ ᠬᠡᠮᠵᠢᠶᠡᠨ ᠳᠦ 3,264,400 ᠲᠡᠭᠡᠭᠡᠪᠦᠷᠢ ᠶᠢᠨ ᠬᠡᠷᠡᠭᠰᠡᠯ ᠪᠠᠶᠢᠨ᠎ᠠ᠃ ᠠᠯᠮᠠᠲᠤ ᠠᠴᠠ ᠡᠬᠢ ᠲᠡᠢ ᠦᠽᠪᠧᠺ᠂ ᠣᠷᠣᠰ ᠤᠨ ᠬᠢᠯᠢ ᠬᠦᠷᠦᠭᠰᠡᠨ ᠲᠠᠪᠤᠨ ᠴᠢᠭᠯᠡᠯ ᠦᠨ ᠬᠤᠷᠳᠤᠨ ᠤ ᠵᠠᠮ ᠲᠠᠯᠪᠢᠭᠳᠠᠭᠰᠠᠨ ᠪᠠᠶᠢᠳᠠᠭ᠃

ᠲᠡᠮᠦᠷ ᠵᠠᠮ ᠍ ᠤᠨ ᠤᠷᠲᠤ 15333 ᠺᠢᠯᠣᠮᠧᠲ᠋ᠷ ᠪᠥᠭᠡᠳ ᠬᠠᠰᠠᠭ ᠤᠨ ᠲᠡᠮᠦᠷ ᠵᠠᠮ ᠲᠥᠷᠥ ᠶᠢᠨ ᠥᠮᠴᠢ ᠶᠢᠨ ᠬᠤᠪᠢᠴᠠᠭᠠᠲᠤ ᠺᠣᠮᠫᠠᠨᠢ ᠠᠵᠢᠯᠯᠠᠳᠠᠭ᠃ ᠪᠦᠬᠦ ᠲᠠᠪᠤᠨ ᠬᠥᠷᠰᠢ ᠲᠡᠢ ᠪᠡᠨ ᠲᠡᠮᠦᠷ ᠵᠠᠮ ᠢᠶᠠᠷ ᠬᠣᠯᠪᠣᠭᠳᠠᠭᠰᠠᠨ᠃ ᠳᠤᠮᠳᠠᠳᠤ ᠤᠯᠤᠰ ᠲᠠᠢ ᠳᠣᠰᠲᠤᠺ ᠬᠢᠯᠢ ᠶᠢᠨ ᠪᠣᠭᠣᠮᠲᠠ᠂ ᠵᠦᠩᠭᠠᠷ ᠤᠨ ᠬᠠᠭᠠᠯᠭ᠎ᠠ ᠪᠡᠷ ᠬᠣᠯᠪᠣᠭᠳᠠᠨ᠎ᠠ᠃ ᠴᠠᠷᠢᠭ ᠰᠣᠯᠢᠳᠠᠭ᠃ ᠠᠯᠮᠠᠲᠤ᠂ ᠠᠰᠲᠠᠨ᠎ᠠ ᠬᠣᠶᠠᠷ ᠬᠣᠲᠠ ᠮᠧᠲ᠋ᠷᠣ᠋ ᠲᠠᠢ᠃

ᠢᠷᠭᠡᠨ ᠦ ᠠᠭᠠᠷ ᠤᠨ ᠲᠡᠭᠡᠭᠡᠪᠦᠷᠢ ᠶᠢᠨ ᠡᠶᠢᠷ ᠠᠰᠲᠠᠨ᠎ᠠ ᠺᠣᠮᠫᠠᠨᠢ ᠠᠯᠮᠠᠲᠤ ᠶᠢᠨ ᠣᠯᠠᠨ ᠤᠯᠤᠰ ᠤᠨ ᠨᠢᠰᠬᠦ ᠪᠠᠭᠤᠳᠠᠯ᠂ ᠠᠰᠲ᠋ᠠᠨᠠᠭ ᠤᠨ ᠣᠯᠠᠨ ᠤᠯᠤᠰ ᠤᠨ ᠨᠢᠰᠬᠦ ᠪᠠᠭᠤᠳᠠᠯ᠂ ᠠᠲᠤᠠᠭᠤ ᠶᠢᠨ ᠨᠢᠰᠬᠦ ᠪᠠᠭᠤᠳᠠᠯ ᠢ ᠠᠰᠢᠭᠯᠠᠨ ᠳᠣᠲᠣᠭᠠᠳᠤ᠂ ᠭᠠᠳᠠᠭᠠᠳᠤ ᠶᠢᠨ ᠨᠢᠰᠦᠯᠭᠡ ᠦᠢᠯᠡᠳᠦᠨ᠎ᠡ᠃ ᠤᠯᠤᠰ ᠤᠨ ᠬᠡᠮᠵᠢᠶᠡᠨ ᠳᠦ 22 ᠲᠣᠮᠣᠬᠠᠨ ᠨᠢᠰᠬᠦ ᠪᠠᠭᠤᠳᠠᠯ ᠪᠤᠢ᠃

ᠥᠪ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠭᠦᠰᠦᠭᠡᠳ ᠤᠳᠠᠭ᠎ᠠ ᠦᠭᠡᠢ ᠴᠤ ᠨᠡᠷ᠎ᠡ ᠬᠦᠨᠳᠦᠲᠡᠢ ᠧᠦ᠋ᠷᠠᠽᠢ ᠶᠢᠨ ᠤᠯᠤᠰ ᠤᠨ ᠶᠡᠬᠡ ᠰᠤᠷᠭᠠᠭᠤᠯᠢ

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠰᠠᠭ ᠤᠨ ᠨᠠᠰᠤᠨ ᠳᠤ ᠬᠦᠷᠡᠭᠰᠡᠳ ᠦᠨ 99.5% ᠪᠢᠴᠢᠭ ᠦᠰᠦᠭ ᠲᠦ ᠲᠠᠶᠢᠯᠤᠭᠳᠠᠭᠰᠠᠨ᠃ ᠬᠡᠦᠬᠡᠳ ᠦᠳ ᠪᠠᠭ᠎ᠠ (1-4 ᠠᠩᠭᠢ), ᠳᠤᠮᠳᠠ (5-9 ᠠᠩᠭᠢ), ᠪᠦᠷᠢᠨ ᠳᠤᠮᠳᠠ (10, 11, 12) ᠪᠣᠯᠪᠠᠰᠤᠷᠠᠯ ᠡᠵᠡᠮᠰᠢᠳᠡᠭ᠃ ᠳᠡᠭᠡᠳᠦ ᠪᠣᠯᠪᠠᠰᠤᠷᠠᠯ ᠪᠠᠺᠠᠯᠠᠪᠠᠷ᠂ ᠮᠠᠭᠢᠰᠲ᠋ᠷ᠂ ᠳ᠋ᠣᠺᠲ᠋ᠣᠷ ᠤᠨ ᠵᠡᠷᠭᠡ ᠭᠡᠳ ᠱᠠᠲᠤᠯᠠᠨ᠎ᠠ᠃ ᠲᠣᠮᠣᠬᠠᠨ ᠶᠡᠬᠡ ᠰᠤᠷᠭᠠᠭᠤᠯᠢ:

ᠪᠠᠶᠠᠷ ᠶᠣᠰᠣᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠷ ᠶᠣᠰᠣᠯᠠᠯ ᠤᠨ ᠡᠳᠦᠷ ᠦᠳ:

ᠤᠷᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠳᠤᠭᠤᠨ ᠤ ᠮᠢᠬ᠎ᠠ «ᠬᠠᠰ ᠤ»

ᠬᠠᠰᠠᠭ ᠦᠨᠳᠦᠰᠦᠲᠡᠨ ᠦ ᠤᠷᠠᠯᠢᠭ ᠲᠤ ᠰᠠᠭᠤᠷᠢᠯᠠᠳᠠᠭ᠃ ᠳᠣᠩᠪᠤᠷᠺᠣᠪᠤᠽ ᠬᠥᠭᠵᠢᠮ ᠦᠨ ᠵᠢᠮᠰᠡᠭ ᠪᠤᠢ᠃ ᠭᠡᠷ ᠤᠷᠠᠯᠠᠯ᠂ ᠨᠡᠬᠡᠮᠡᠯ ᠡᠷᠲᠡᠨ ᠦ ᠬᠢ᠃

ᠬᠠᠰᠠᠭ ᠵᠣᠬᠢᠶᠠᠯᠴᠢ᠂ ᠹᠢᠯᠣᠰᠣᠹᠢᠴᠢ: ᠠᠪᠠᠢ ᠺᠦᠶᠢᠨᠤᠨᠪᠠᠸ᠂ ᠮᠠᠺᠠᠲ᠋ᠠᠸ᠂ ᠱᠠᠺᠠᠷᠢᠮ᠂ ᠪᠠᠢᠳᠤᠷᠰᠤᠨᠠᠪ᠂ ᠴᠣᠺᠠᠨ ᠸᠠᠯᠬᠤᠨᠠᠪᠣᠯᠵᠢᠰ ᠰᠤᠯᠠᠶᠢᠮᠧᠨᠠᠪᠮᠤᠬᠤᠪᠲᠤᠷ ᠠᠦ᠋ᠡᠵᠠᠪᠭᠠᠪᠢᠲ ᠮᠥᠰᠥᠷᠧᠫᠣᠪ ᠭᠡᠬᠦ ᠮᠡᠲᠦ᠃

ᠱᠠᠺᠸᠨ ᠠᠶᠢᠮᠠᠨᠨᠣᠸ ᠤᠨ ᠨᠡᠷᠡᠮᠵᠢᠲᠦ «ᠬᠠᠰᠠᠺᠹᠢᠯᠮ» (ᠬᠠᠰᠠᠭ ᠺᠢᠨᠣ᠋) ᠰᠲ᠋ᠦ᠋ᠳᠢ 1934 ᠣᠨ ᠳᠤ ᠨᠡᠭᠡᠭᠡᠭᠳᠡᠵᠦ᠂ ᠣᠯᠠᠨ ᠺᠢᠨᠣ᠋ ᠪᠦᠲᠦᠭᠡᠭᠰᠡᠨ᠃

ᠪᠧᠱᠪᠢᠷᠮᠠᠺᠬᠠᠰ ᠤᠺᠦ᠋ᠤᠷᠲᠠᠺᠫᠯᠣᠸ ᠵᠡᠷᠭᠡ ᠬᠣᠭᠣᠯᠠ ᠤᠯᠠᠮᠵᠢᠯᠠᠨ ᠬᠢᠵᠦ ᠢᠷᠡᠵᠡᠢ᠃

ᠰᠫᠣᠷᠲ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠡᠷᠭᠡᠵᠢᠯ ᠦᠨ ᠳᠤᠭᠤᠢ ᠶᠢᠨ "ᠠᠰᠲᠠᠨ᠎ᠠ" ᠪᠠᠭ

ᠪᠠᠶᠢᠭ᠎ᠠ᠂ ᠺᠤᠽᠺᠤ᠂ ᠺᠣᠺᠫᠠᠷ᠂ ᠬᠠᠰᠠᠭ ᠪᠥᠬᠡ ᠪᠠᠷᠢᠯᠳᠤᠭᠠᠨ᠂ ᠲᠣᠭᠤᠽ ᠺᠦ᠋ᠮᠠᠯᠠᠺ᠂ ᠠᠰᠤᠺ ᠵᠡᠷᠭᠡ ᠤᠯᠠᠮᠵᠢᠯᠠᠯᠲᠤ ᠲᠣᠭᠯᠠᠭᠠᠮ ᠨᠠᠭᠠᠳᠤᠮ ᠪᠠᠶᠢᠨ᠎ᠠ᠃

ᠬᠠᠰᠠᠭ ᠤᠯᠤᠰ ᠤᠨ ᠪᠠᠭ 1994 ᠣᠨ ᠠᠴᠠ ᠬᠣᠶᠢᠰᠢ ᠡᠪᠦᠯ᠂ ᠵᠤᠨ ᠤ ᠣᠯᠢᠮᠫᠢᠺ ᠲᠤ ᠣᠷᠣᠵᠤ ᠡᠬᠢᠯᠡᠭᠰᠡᠨ᠃ 2015 ᠣᠨ ᠤ ᠪᠠᠶᠢᠳᠠᠯ ᠢᠶᠠᠷ ᠵᠤᠨ ᠤ ᠣᠯᠢᠮᠫᠢᠺ ᠡᠴᠡ ᠨᠡᠶᠢᠲᠡ 52, ᠡᠭᠦᠨ ᠡᠴᠡ 16 ᠠᠯᠲᠠ᠂ ᠡᠪᠦᠯ ᠦᠨ ᠣᠯᠢᠮᠫᠢᠺ ᠡᠴᠡ ᠨᠡᠶᠢᠲᠡ 7, ᠡᠭᠦᠨ ᠡᠴᠡ 1 ᠠᠯᠲᠠᠨ ᠮᠧᠳᠠᠯ ᠬᠦᠷᠲᠡᠭᠡᠳ ᠪᠠᠶᠢᠨ᠎ᠠ᠃ ᠪᠣᠺᠰᠪᠥᠬᠡ ᠪᠠᠷᠢᠯᠳᠤᠭᠠᠨᠬᠦᠨᠳᠦ ᠶᠢ ᠡᠷᠭᠦᠯᠲᠡᠬᠥᠩᠭᠡᠨ ᠠᠲᠯᠧᠲ᠋ᠢᠭᠭᠦᠶᠦᠯᠲᠡ ᠶᠢᠨ ᠴᠠᠨ᠎ᠠ ᠪᠡᠷ ᠠᠯᠲᠠᠨ ᠮᠧᠳᠠᠯ ᠬᠦᠷᠲᠡᠵᠦ ᠪᠠᠶᠢᠪᠠ᠃ ᠳᠤᠭᠤᠶᠢᠴᠢᠨ ᠠᠯᠧᠺᠰᠠᠨᠳᠠᠷ ᠸᠢᠨᠣᠺᠦ᠋ᠷᠣᠪ᠂ ᠴᠠᠨᠠᠴᠢᠨ ᠸᠯᠠᠳᠢᠮᠢᠷ ᠰᠮᠢᠷᠨᠨᠣᠸ ᠵᠡᠷᠭᠡ ᠠᠯᠳᠠᠷᠲᠠᠢ ᠲᠠᠮᠢᠷᠴᠢᠳ ᠪᠤᠢ᠃

ᠣᠯᠠᠨ ᠨᠡᠶᠢᠲᠡ ᠶᠢᠨ ᠳᠤᠮᠳᠠ ᠬᠥᠯ ᠪᠥᠮᠪᠥᠭᠡ ᠬᠠᠮᠤᠭ ᠤᠨ ᠶᠡᠬᠡ ᠳᠡᠯᠭᠡᠷᠡᠭᠰᠡᠨ᠃ ᠬᠠᠰᠠᠭ ᠤᠨ ᠬᠥᠯᠪᠥᠮᠪᠥᠭᠡ ᠶᠢᠨ ᠳᠡᠭᠡᠳᠦ ᠯᠢᠭ ᠲᠦ 12 ᠪᠠᠭ ᠲᠣᠭᠯᠠᠳᠠᠭ᠃ ᠬᠠᠰᠠᠭ ᠤᠯᠤᠰ ᠤᠨ ᠬᠥᠯ ᠪᠥᠮᠪᠥᠭᠡ ᠶᠢᠨ ᠰᠢᠭᠰᠢᠭᠡ ᠪᠠᠭ ᠳᠡᠯᠡᠬᠡᠢ ᠶᠢᠨ ᠴᠢᠨᠰᠠᠭᠠᠨ ᠤ 134 ᠍ ᠳᠦᠭᠡᠷ ᠪᠠᠶᠢᠷᠢ ᠶᠢ ᠡᠵᠡᠯᠡᠵᠦ ᠪᠠᠶᠢᠨ᠎ᠠ᠃ ᠧᠦ᠋ᠷᠣᠫᠠ ᠶᠢᠨ ᠬᠥᠯ ᠪᠥᠮᠪᠥᠭᠡ ᠶᠢᠨ ᠬᠣᠯᠪᠣᠭ᠎ᠠ ᠤ ᠲᠡᠮᠡᠴᠡᠭᠡᠨ ᠳᠦ ᠲᠣᠭᠯᠠᠳᠠᠭ ᠪᠣᠯᠤᠭᠰᠠᠨ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠬᠠᠰᠠᠭ ᠤᠯᠤᠰ»

ᠯᠠᠪᠯᠠᠬᠤ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠣᠰᠣᠨᠠᠪᠤᠩ ᠤᠧ ᠰᠣᠴᠢᠶᠠᠯᠢᠨ᠎ᠠ ᠡᠺᠣᠨᠣᠮᠢᠴᠧᠰᠺᠧ ᠫᠣᠺᠠᠽᠠᠲ᠋ᠧᠯᠢ: ᠨᠠᠰᠧᠯᠧᠨᠧ ᠨᠠ 1 ᠠᠫᠷᠧᠯᠶᠠ 2015 ᠭᠣᠳᠠ᠃
  2. 2.0 2.1 2.2 2.3 ᠣᠯᠠᠨ ᠤᠯᠤᠰ ᠤᠨ ᠸᠠᠯᠦᠲ᠋ᠠ ᠶᠢᠨ ᠰᠠᠨ᠃"ᠬᠠᠰᠠᠭ ᠤᠯᠤᠰ".
  3. CIA World Factbook: Field listing, Distribution of family income – Gini index
  4. Human Development Report 2010. United Nations (2010).
  5. ᠧᠦᠢᠷᠣᠫᠠ — ᠰᠲ᠋ᠠᠲ᠋ᠢᠶ᠎ᠠ ᠢᠽ ᠪᠣᠯᠱᠣᠢ ᠰᠣᠸᠧᠲ᠋ᠰᠺᠣᠢ ᠡᠨᠼᠢᠺᠯᠣᠫᠧᠳᠢᠢ
  6. ᠢᠨᠹᠷᠮᠠᠼᠢᠶ᠎ᠠ ᠣ ᠬᠠᠰᠠᠭᠰᠲ᠋ᠠᠨᠧ ᠨᠠ ᠣᠹᠢᠼᠢᠠᠯᠨᠠᠮ ᠰᠠᠶᠢᠲᠤᠧ ᠫᠷᠧᠽᠢᠳᠧᠨᠲ᠋ᠠ РК
  7. ᠳᠧᠮᠣᠰᠺᠣᠫ Weekly
  8. ᠳᠧᠮᠣᠰᠺᠣᠫ Weekly
  9. ᠴᠢᠰᠯᠧᠨᠨᠣᠰᠲ ᠨᠠᠰᠧᠯᠧᠨᠢᠶ᠎ᠠ ᠷᠧᠰᠫᠦᠪᠯᠢᠺᠢ ᠬᠠᠰᠠᠭᠰᠲ᠋ᠠᠨ ᠫᠣ ᠣᠲᠣᠳᠧᠯᠩ ᠤᠮ ᠡᠲᠣᠨᠣᠰᠠᠮ ᠨᠠ ᠨᠠᠴᠢᠯᠠ 2014 ᠭᠣᠳᠠ
  10. "Scythian", The New Encyclopædia Britannica, Micropædia, vol. Volume 10 (15th ed.)
  11. ᠭᠧᠣᠭᠷᠠᠹᠢᠴᠧᠰᠺᠣᠧ ᠫᠣᠯᠣᠵᠧᠨᠧ᠂ ᠫᠷᠢᠷ ᠲᠤᠩ ᠤᠧ ᠤᠰᠤᠯᠪᠢᠶ᠎ᠠ
    ᠸ ᠷᠧᠰᠫᠦᠪᠯᠢᠺᠶ᠎ᠡ 14 ᠣᠪᠯᠡᠰᠲ᠋ᠧᠢ᠂ 86 ᠭᠷᠠᠮᠷᠣᠳᠣᠪ᠂ ᠸ ᠲᠣᠮᠣ ᠴᠢᠰᠯᠧ 2 ᠭᠷᠠᠮᠷᠣᠳᠠ ᠷᠧᠰᠫᠦᠪᠯᠢᠺᠠᠨᠰᠺᠣᠭᠣ ᠫᠣᠳᠣᠴᠢᠨᠧᠨᠢᠶ᠎ᠠ (ᠭ᠃ ᠠᠰᠲᠠᠨ᠎ᠠ᠂ ᠭ᠃ ᠠᠯᠮᠠᠲ ᠤ), 168 ᠷᠠᠶᠣᠨᠣᠪ (8 ᠷᠠᠶᠣᠨᠣᠪ ᠸ ᠭᠣᠷᠣᠳᠬᠤ), 174 ᠫᠣᠰᠧᠯᠺᠠ
  12. ᠭᠣᠷᠣᠳ ᠪᠠᠶᠢᠺᠣᠨᠤᠷ ᠸᠮᠧᠰᠲ᠋ᠧ ᠰ ᠲᠧᠷᠷᠢᠲ᠋ᠣᠷᠠᠶᠢ ᠣᠳᠣᠨᠠᠡᠮᠢᠶᠣᠩᠨᠠᠭ ᠺᠣᠰᠮᠣᠳᠣᠷᠤᠮᠠ ᠠᠷᠧᠨᠳᠣᠸᠠᠩ РФ ᠳᠣ᠋ 2050 ᠭᠷᠠᠮ ᠳᠤ ᠢ᠂ ᠶᠠᠪᠤᠯᠢᠢᠰᠢ ᠭᠣᠷᠣᠳᠣᠮ ᠹᠧᠳᠧᠷᠠᠯᠨᠠᠭ ᠵᠠᠨᠠᠴᠧᠨᠢᠶ᠎ᠠ РФ᠂ ᠣᠳᠣᠨᠠᠪᠤᠷᠧᠮᠧᠨᠨᠣ ᠰᠦᠪᠶᠧᠺᠲᠠᠮ РФ ᠨᠧ ᠶᠠᠪᠤᠯᠢᠧᠲ᠋ ᠍ ᠢᠶ᠎ᠠ᠃ ᠰᠢᠰᠲ᠋ᠧᠮᠠ ᠭᠣᠷᠣᠳᠰᠺᠣᠭᠣ ᠤᠫᠷᠠᠪᠯᠧᠨᠢᠶ᠎ᠠ ᠣᠫᠷᠧᠳᠧᠯᠢᠧᠲ᠋ᠢᠶ᠎ᠠ ᠰᠲ᠋ᠠᠲᠧᠢ 5 ᠰᠤᠭᠯᠠᠱᠧᠨᠢᠶ᠎ᠠ ᠮᠧᠵᠳᠤ [[РФ|ᠷᠣᠰᠡᠶᠢᠰᠺᠣᠢ ᠹᠧᠳᠧᠷᠠᠼᠢᠶᠢ ᠢᠷᠧᠰᠫᠦᠪᠯᠢᠺᠣᠢ ᠬᠠᠰᠠᠭᠰᠲ᠋ᠠᠨ ᠣ ᠰᠲ᠋ᠠᠲ᠋ᠦ᠋ᠰᠧ ᠭᠣᠷᠣᠳᠠ ᠪᠠᠶᠢᠺᠣᠨᠤᠷ᠂ ᠫᠤᠷ ᠲᠤᠺᠧ ᠹᠣᠷᠮᠢᠷᠪᠠᠨᠢᠶ᠎ᠠ ᠢ ᠰᠲ᠋ᠠᠲ᠋ᠦ᠋ᠰᠧ ᠶᠥᠭᠣ ᠣᠷᠭᠠᠨᠠᠪ ᠢᠰᠫᠣᠯᠣᠨᠢᠲ᠋ᠧᠯᠨᠨᠠᠢ ᠸᠯᠠᠰᠲ᠋ᠢ ᠣᠲᠣ 23 ᠳ᠋ᠧᠺᠡᠪᠷᠢ 2005 ᠭᠷᠠᠮ᠃ (ᠰᠮ᠃ ᠪᠠᠶᠢᠺᠣᠨᠤᠷ᠃ ᠶᠦᠷᠢᠰᠳᠢᠺᠼᠢᠶ᠎ᠠ)
  13. [http://www.monembassykaz.gov.mn/index.php?option=com_content&view=category&layout=blog&id=12&Itemid=22&lang=mn ᠮᠣᠩᠭᠣᠯ᠂ ᠬᠠᠰᠠᠺᠰᠲᠠᠨ ᠤ ᠬᠠᠷᠢᠯᠴᠠᠭᠠᠨ ᠤ ᠲᠤᠬᠠᠢ] (2010)

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ