ᠬᠠᠯᠬ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠯᠬ᠎ᠠ ᠶᠠᠰᠤᠲᠠᠨ
ᠣᠯᠠᠨ ᠨᠡᠷ᠎ᠡᠬᠤᠳᠤᠮ ᠮᠣᠩᠭᠣᠯ ᠢᠶᠠᠷ –
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠬᠠᠯᠬ᠎ᠠ ᠪᠠᠨ
ᠮᠣᠩᠭᠣᠯ ᠺᠢᠷᠢᠯ ᠢᠶᠡᠷ – ᠬᠠᠯᠬ᠎ᠠ (ᠬᠠᠯᠬ᠎ᠠ ᠨᠤᠭᠤᠳ)
ᠪᠤᠷᠢᠶᠠᠳ ᠺᠢᠷᠢᠯ ᠢᠶᠡᠷ – ᠬᠠᠯᠬᠠ (ᠬᠠᠯᠬᠠᠨ ᠨᠤᠭᠤᠳ)
ᠬᠠᠯᠢᠮᠠᠭ ᠺᠢᠷᠢᠯ ᠢᠶᠡᠷ – ᠬᠠᠯᠬ᠎ᠠ (ᠬᠠᠯᠬᠠᠰᠤ)
ᠥᠨᠥ ᠶᠢᠨ ᠪᠠᠶᠢᠳᠠᠯ
ᠨᠤᠲᠤᠭ ᠣᠷᠣᠨᠳᠡᠯᠡᠬᠡᠢ ᠳᠠᠶᠠᠭᠠᠷ — 2.2 ᠰᠠᠶ᠎ᠠ. ᠡᠭᠦᠨ ᠡᠴᠡ:
ᠮᠣᠩᠭᠣᠯ ᠮᠣᠩᠭᠣᠯ (ᠮᠣᠩᠭᠣᠯ ᠤᠯᠤᠰ) — 2,168,141 (2010)[1]
Flag of the People's Republic of China.svg ᠬᠢᠲᠠᠳ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ) — 4,000 (ᠪᠠᠭᠴᠠᠭ᠎ᠠ)[2]
ᠬᠡᠯᠡ ᠠᠶᠠᠯᠭᠤᠮᠣᠩᠭᠣᠯ ᠬᠡᠯᠡ (ᠲᠥᠪ ᠠᠶᠠᠯᠭᠤ᠂ ᠬᠠᠯᠬ᠎ᠠ ᠶᠢᠨ ᠰᠠᠯᠪᠤᠷᠢ ᠠᠶᠠᠯᠭᠤ)
ᠪᠢᠴᠢᠭ ᠦᠰᠦᠭᠺᠢᠷᠢᠯ ᠦᠰᠦᠭ ᠲᠡᠢ ᠮᠣᠩᠭᠣᠯ ᠪᠢᠴᠢᠭ (1941 ᠣᠨ ᠠᠴᠠ)
ᠰᠢᠲᠦᠯᠭᠡDharma Wheel.svg ᠪᠤᠳ᠋ᠳ᠋ᠾᠠ ᠶᠢᠨ ᠱᠠᠰᠢᠨ ᠤ ᠪᠤᠶᠠᠨ ᠤ ᠶᠣᠰᠣ (ᠰᠢᠷ᠎ᠠ ᠶᠢᠨ ᠱᠠᠰᠢᠨ),
ᠲᠩᠷᠢ ᠭᠠᠵᠠᠷ ᠢᠶᠠᠨ ᠠᠷᠭᠠᠳᠠᠬᠤ ᠤᠬᠠᠭᠠᠨ᠂ ᠰᠢᠲᠦᠯᠭᠡ ᠦᠭᠡᠢ ᠵᠠᠩ
ᠲᠥᠷᠥᠯ ᠬᠣᠯᠪᠣᠭ᠎ᠠ
ᠣᠶᠢᠷ᠎ᠠ ᠲᠥᠷᠥᠯᠡᠯᠵᠢᠭᠢᠨᠳᠠᠷᠢᠭᠠᠩᠭ᠎ᠠᠬᠣᠲᠣᠭᠣᠶᠢᠳᠴᠠᠬᠠᠷ
ᠦᠵᠦᠮᠦᠴᠢᠨ ᠭᠡᠬᠦ ᠮᠡᠲᠦ ᠪᠤᠰᠤᠳ ᠮᠣᠩᠭᠣᠯ ᠦᠨᠳᠦᠰᠦᠲᠡᠨ
ᠬᠡᠯᠡ ᠤᠭᠰᠠᠭ᠎ᠠᠮᠣᠩᠭᠣᠯ ᠤᠭᠰᠠᠭᠠᠲᠠᠨ (ᠮᠣᠩᠭᠣᠯ ᠲᠥᠷᠥᠯ ᠦᠨ ᠬᠡᠯᠡᠲᠡᠨ)

ᠬᠠᠯᠬ᠎ᠠ[3] — ᠡᠷᠲᠡᠨ ᠦ ᠨᠢᠭᠡᠨ ᠮᠣᠩᠭᠣᠯ ᠲᠦᠮᠡᠨ[4], ᠣᠳᠣ ᠶᠢᠨ ᠮᠣᠩᠭᠣᠯ ᠦᠨᠳᠦᠰᠦᠲᠡᠨ ᠦ ᠨᠢᠭᠡᠨ ᠶᠠᠰᠤᠲᠠᠨ[5]᠃ 2010 ᠣᠨ ᠤ ᠲᠣᠭᠠᠯᠠᠯᠭ᠎ᠠ ᠪᠠᠷ ᠮᠣᠩᠭᠣᠯ ᠤᠯᠤᠰᠠᠳᠠ ᠣᠷᠣᠰᠢᠨ ᠰᠠᠭᠤᠭ᠎ᠠ 2,168,141 ᠬᠦᠮᠦᠨ (ᠰᠠᠭᠤᠷᠢᠨ ᠬᠦᠮᠦᠨ ᠠᠮᠠ ᠶᠢᠨ 82.4%) ᠬᠠᠯᠬ᠎ᠠ ᠭᠡᠵᠦ ᠪᠦᠷᠢᠳᠬᠡᠭᠳᠡᠵᠡᠢ[6]᠃ ᠬᠠᠯᠬ᠎ᠠ ᠳᠣᠲᠣᠷ᠎ᠠ ᠪᠠᠨ ᠶᠠᠰᠤᠲᠠᠨ ᠳᠤ ᠬᠤᠪᠢᠶᠠᠭᠳᠠᠳᠠᠭ ᠦᠭᠡᠢ ᠪᠣᠯᠪᠠᠴᠤ ᠡᠳᠦᠭᠡ ᠳᠠᠷᠢᠭᠠᠩᠭ᠎ᠠᠰᠠᠷᠲᠠᠭᠤᠯᠡᠯᠵᠢᠭᠢᠨ ᠶᠠᠰᠤᠲᠠᠨ ᠨᠡᠷᠡᠨ ᠡᠴᠡ ᠪᠤᠰᠤᠳ ᠢᠶᠠᠷ ᠬᠠᠯᠬ᠎ᠠ ᠠᠴᠠ ᠢᠯᠭᠠᠭᠳᠠᠬᠤ ᠦᠭᠡᠢ᠃ ᠬᠠᠯᠬ᠎ᠠ ᠠᠶᠠᠯᠭᠤᠨ ᠳᠤ ᠨᠡᠶᠢᠴᠡᠭᠦᠯᠵᠦ ᠮᠣᠩᠭᠣᠯ ᠬᠡᠯᠡᠨᠢᠭᠢ ᠺᠢᠷᠢᠯ ᠪᠢᠴᠢᠭ ᠦᠨ ᠳᠦᠷᠢᠮ ᠢ ᠴ᠃ᠳᠠᠮᠳᠢᠨᠰᠦ᠋ᠷᠦᠩ ᠨᠠᠷ ᠵᠣᠬᠢᠶᠠᠵᠠᠢ᠃

ᠨᠡᠷ᠎ᠡ ᠶᠢᠨ ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

«ᠬᠠᠯᠬᠠᠪᠴᠢ»᠂ «ᠪᠠᠮᠪᠠᠢ» ᠵᠡᠷᠭᠡ ᠲᠡᠢ ᠣᠶᠢᠷᠠᠯᠴᠠᠭ᠎ᠠ ᠤᠳᠬ᠎ᠠ ᠲᠠᠢ «ᠬᠠᠯᠬ ᠠ» (ᠨᠠᠷᠠᠨ ᠤ ᠬᠠᠯᠬ᠎ᠠ᠂ ᠭᠠᠯ ᠤᠨ ᠬᠠᠯᠬ᠎ᠠ ...) ᠭᠡᠬᠦ ᠮᠣᠩᠭᠣᠯ ᠦᠭᠡᠨ ᠡᠴᠡ ᠨᠡᠷ᠎ᠡ ᠥᠭᠭᠦᠭᠳᠡᠭᠰᠡᠨ ᠭᠡᠵᠦ ᠦᠵᠡᠳᠡᠭ᠃ ᠮᠣᠩᠭᠣᠯᠴᠢ ᠡᠷᠳᠡᠮᠲᠡᠳ 《ᠬᠠᠯᠬ᠎ᠠ》, 《ᠬᠠᠯᠬ᠎ᠠ ᠪᠠᠮᠪᠠᠢ》 ᠭᠡᠰᠡᠨ ᠦᠭᠡᠨ ᠡᠴᠡ ᠬᠠᠯᠬ᠎ᠠ ᠶᠠᠰᠤᠲᠠᠨ ᠤ ᠨᠡᠷ᠎ᠡ ᠡᠭᠦᠰᠦᠨ ᠭᠡᠵᠦ ᠦᠵᠡᠳᠡᠭ᠃


ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠢ ᠳᠠᠬᠢᠨ ᠨᠢᠭᠡᠳᠬᠡᠭᠰᠡᠨ ᠪᠠᠲᠤᠮᠦ᠋ᠩᠬᠡ ᠳᠠᠶᠠᠩ ᠬᠠᠭᠠᠨ 1500 ᠣᠨ ᠤ ᠦᠶ᠎ᠡ ᠳᠦ ᠤᠯᠤᠰ ᠢᠶᠠᠨ ᠵᠡᠭᠦᠨ ᠪᠠᠷᠠᠭᠤᠨ 2 ᠭᠠᠷ᠂ 6 ᠲᠦᠮᠡᠨ ᠪᠣᠯᠭᠠᠨ ᠬᠤᠪᠢᠶᠠᠨ ᠬᠥᠪᠡᠭᠦᠳ ᠳᠤ ᠪᠡᠨ ᠥᠪᠯᠡᠭᠦᠯᠵᠡᠢ᠃ ᠡᠭᠦᠨ ᠦ ᠪᠠᠷᠠᠭᠤᠨ ᠭᠠᠷ ᠤᠨ 6 ᠲᠦᠮᠡᠨ ᠦ ᠨᠢᠭᠡ ᠶᠢ ᠬᠠᠯᠬ᠎ᠠ ᠬᠡᠮᠡᠵᠡᠢ᠃ ᠠᠭᠯᠠᠭ ᠤᠨ 12 ᠬᠦᠷᠢᠶ᠎ᠡ ᠬᠠᠯᠬ᠎ᠠ ᠭᠡᠵᠦ ᠠᠯᠳᠠᠷᠰᠢᠵᠤ ᠪᠠᠶᠢᠪᠠ᠃ ᠢᠩᠭᠦᠬᠦ ᠳᠦ ᠪᠡᠨ 6 ᠍ ᠳᠦᠭᠡᠷ ᠬᠦᠦ ᠠᠯᠴᠢᠪᠣᠯ ᠳᠤᠣᠳᠣ ᠪᠠᠭᠠᠷᠢᠨᠪᠠᠶᠠᠭᠤᠳᠵᠢᠷᠠ ᠨᠤᠭᠤᠳᠦᠵᠢᠭᠡᠳᠬᠣᠩᠭᠢᠷᠠᠳ ᠣᠲᠣᠭ᠎ᠠ ᠶᠢ ᠨᠡᠶᠢᠯᠡᠭᠦᠯᠦᠨ ᠥᠭᠭᠦᠭᠰᠡᠨ ᠨᠢ ᠥᠪᠥᠷ ᠬᠠᠯᠬ᠎ᠠ ᠍ ᠤᠨ 5 ᠣᠲᠣᠭ ᠬᠡᠮᠡᠨ ᠨᠡᠷᠡᠯᠡᠭᠳᠡᠭᠰᠡᠨ ᠪᠠᠶᠢᠨ᠎ᠠ᠂ ᠬᠣᠵᠢᠮ ᠨᠢ ᠥᠪᠥᠷ ᠮᠣᠩᠭᠣᠯ ᠤᠨ ᠵᠤᠤ ᠤᠳᠠ ᠴᠢᠭᠤᠯᠭᠠᠨ ᠳᠤ ᠬᠤᠪᠢᠶᠠᠭᠳᠠᠵᠤ᠂ᠪᠠᠭᠠᠷᠢᠨ ᠵᠡᠭᠦᠨ ᠪᠠᠷᠠᠭᠤᠨ ᠬᠣᠶᠠᠷ ᠬᠣᠰᠢᠭᠤ(ᠣᠳᠣ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤᠯᠠᠭᠠᠨᠬᠠᠳᠠ ᠬᠣᠲᠠ ᠶᠢᠨ ᠪᠠᠭᠠᠷᠢᠨ ᠵᠡᠭᠦᠨ ᠪᠠᠷᠠᠭᠤᠨ ᠬᠣᠶᠠᠷ ᠬᠣᠰᠢᠭᠤ),ᠵᠢᠷᠠ ᠨᠤᠭᠤᠳ ᠵᠡᠭᠦᠨ ᠪᠠᠷᠠᠭᠤᠨ ᠬᠣᠶᠠᠷ ᠬᠣᠰᠢᠭᠤ(ᠣᠳᠣ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠲᠤᠩᠯᠢᠶᠠ ᠬᠣᠲᠠ ᠶᠢᠨ ᠵᠢᠷᠠ ᠨᠤᠭᠤᠳ ᠬᠣᠰᠢᠭᠤ) ᠭᠡᠵᠦ᠂ᠬᠣᠩᠭᠢᠷᠠᠳ ᠨᠢ ᠪᠠᠭᠠᠷᠢᠨ᠂ᠠᠷᠤ ᠬᠣᠷᠴᠢᠨ ᠳᠤ ᠠᠭᠤᠰᠴᠤ᠂ᠦᠵᠢᠭᠡᠳ᠂ᠪᠠᠶᠠᠭᠤᠳ ᠢ ᠮᠠᠨᠵᠤ ᠨᠠᠶᠢᠮᠠᠨ ᠬᠣᠰᠢᠭᠤᠨ ᠳᠤ ᠣᠷᠣᠭᠤᠯᠵᠠᠢ᠃ ᠬᠠᠷᠢᠨ 11 ᠍ ᠳᠦᠭᠡᠷ ᠪᠤᠶᠤ ᠣᠳᠬᠣᠨ ᠬᠦᠦ ᠭᠡᠷᠰᠡᠩᠡᠳ᠋ ᠬᠡᠷᠡᠶᠢᠳᠵᠠᠯᠠᠶᠢᠷᠬᠣᠩᠭᠢᠷᠠᠳᠣᠯᠬᠣᠩ ᠳᠤᠪᠡᠰᠦᠲᠤᠡᠯᠵᠢᠭᠢᠨᠭᠣᠷᠯᠣᠰᠤᠷᠢᠶᠠᠩᠬᠠᠢᠰᠠᠷᠲᠠᠭᠤᠯᠲᠠᠩᠭᠣᠳᠬᠦᠷᠢᠶ᠎ᠡᠴᠣᠬᠣᠷ ᠣᠲᠣᠭ᠎ᠠ ᠶᠢ ᠨᠡᠶᠢᠯᠡᠭᠦᠯᠦᠨ ᠥᠭᠭᠦᠭᠰᠡᠨ ᠨᠢ ᠠᠷᠤ ᠬᠠᠯᠬ᠎ᠠ ᠭᠡᠵᠦ ᠶᠠᠪᠤᠭᠠᠳ ᠡᠳᠦᠭᠡ ᠬᠠᠯᠬ᠎ᠠ ᠭᠡᠵᠦ ᠨᠡᠷᠡᠯᠡᠭᠳᠡᠬᠦ ᠪᠣᠯᠵᠠᠢ᠃

ᠠᠯᠳᠠᠷᠲᠠᠢ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 2010 ᠣᠨ ᠤ ᠬᠦᠮᠦᠨ ᠠᠮᠠ᠂ ᠣᠷᠣᠨ ᠰᠠᠭᠤᠴᠠᠨ ᠤ ᠤᠯᠤᠰ ᠤᠨ ᠲᠣᠭᠠᠯᠠᠯᠭ᠎ᠠ ᠶᠢᠨ ᠳᠦᠩ
  2. ᠭᠠᠨᠰᠤ ᠮᠤᠵᠢ ᠶᠢᠨ ᠰᠦ᠋ᠪᠡᠢ ᠰᠢᠶᠠᠨ ᠳᠤ ᠠᠮᠢᠳᠤᠷᠠᠵᠤ ᠪᠤᠢ ᠴᠠᠰᠤᠲᠤ ᠶᠢᠨ ᠬᠠᠯᠬ᠎ᠠ ᠮᠣᠩᠭᠣᠯᠴᠤᠳ ᠤᠨ ᠲᠣᠭ᠎ᠠ
  3. 《ᠬᠠᠯᠬ᠎ᠠ》 ᠭᠡᠵᠦ ᠭᠠᠭᠴᠠ ᠲᠣᠭᠠᠨ ᠤ ᠨᠡᠷ᠎ᠡ᠃ ᠣᠯᠠᠨ ᠲᠣᠭᠠᠨ ᠳᠤ 《ᠬᠠᠯᠬᠠᠰᠤ》 (ᠬᠠᠯᠠ᠃ 《ᠬᠠᠯᠬᠠᠰᠤ》), 《ᠬᠠᠯᠬ᠎ᠠ ᠨᠤᠭᠤᠳ》, 《ᠬᠠᠯᠬᠠᠴᠤᠳ》 (ᠪᠤᠷ᠃ 《ᠬᠠᠯᠬᠠᠴᠢ ᠨᠤᠭᠤᠳ》).
  4. ᠪᠠᠲᠤᠮᠦ᠋ᠩᠬᠡ ᠳᠠᠶᠠᠩ ᠬᠠᠭᠠᠨ 12 ᠣᠲᠣᠭ ᠢ ᠨᠡᠶᠢᠯᠡᠭᠦᠯᠦᠨ ᠮᠣᠩᠭᠣᠯ ᠤᠨ 6 ᠲᠦᠮᠡᠨ ᠦ ᠨᠢᠭᠡ ᠬᠠᠯᠬ᠎ᠠ ᠲᠦᠮᠡᠨ ᠭᠡᠳ ᠠᠷᠤ ᠬᠠᠯᠬ᠎ᠠ ᠶᠢ ᠭᠡᠷᠰᠡᠩᠵᠡᠳ᠂ ᠥᠪᠥᠷ ᠬᠠᠯᠬ᠎ᠠ ᠶᠢ ᠠᠯᠴᠢᠪᠣᠯᠳ ᠲᠤ ᠥᠪᠯᠡᠭᠦᠯᠪᠡ᠃ ᠠᠷᠤ ᠬᠠᠯᠬ᠎ᠠ ᠨᠢ ᠬᠣᠵᠢᠮ ᠢᠶᠠᠨ ᠥᠨᠥ ᠶᠢᠨ ᠬᠠᠯᠬ᠎ᠠ ᠪᠣᠯᠵᠤ ᠨᠡᠷᠡᠯᠡᠭᠳᠡᠵᠡᠢ᠃
  5. ᠮᠣᠩᠭᠣᠯ ᠤᠯᠤᠰ ᠤᠨ ᠠᠯᠪᠠᠨ ᠪᠦᠷᠢᠳᠬᠡᠯ ᠳᠦ ᠶᠠᠰᠤᠲᠠᠨ ᠭᠡᠨ᠎ᠡ᠃ ᠭᠡᠬᠦ ᠳᠦ ᠪᠡᠨ ᠪᠤᠰᠤᠳ ᠶᠠᠰᠤᠲᠠᠨ ᠠᠴᠠ ᠪᠠᠨ ᠦᠨᠡᠮᠯᠡᠬᠦᠢ ᠣᠯᠠᠨ᠃
  6. ᠮᠣᠩᠭᠣᠯ ᠤᠯᠤᠰ ᠤᠨ 2010 ᠣᠨ ᠤ ᠬᠦᠮᠦᠨ ᠠᠮᠠ᠂ ᠣᠷᠣᠨ ᠰᠠᠭᠤᠴᠠᠨ ᠤ ᠲᠣᠭᠠᠯᠠᠯᠭ᠎ᠠ ᠶᠢᠨ ᠳᠦᠩ (ᠤᠷᠢᠳᠴᠢᠯᠠᠭᠰᠠᠨ)
http://wiki.uhaan.com/index.php?title=ᠬᠠᠯᠬ᠎ᠠ&oldid=434971》 ᠍  ᠡᠴᠡ ᠠᠪᠤᠭᠰᠠᠨ

ᠪᠢᠴᠢᠭᠡᠰᠦ