ᠫᠠᠯᠧᠣᠨᠲ᠋ᠣᠯᠣᠭᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠫᠠᠯᠧᠣᠨᠲ᠋ᠣᠯᠣᠭᠢ (ᠭᠷᠧᠺ ᠭᠠᠷᠤᠯ ᠲᠠᠢ: paleo, 《ᠡᠷᠲᠡᠨ ᠦ》; ontos, 《ᠤᠷᠤᠰᠢᠬᠤ》; λόγος᠂ logos, 《ᠮᠡᠳᠡᠯᠭᠡ》) ᠨᠢ ᠡᠷᠲᠡᠨ ᠦ ᠠᠮᠢᠲᠠᠨᠤᠷᠭᠤᠮᠠᠯ ᠤᠨ ᠦᠯᠡᠳᠡᠭᠳᠡᠯ ᠦᠨ ᠰᠤᠳᠤᠯᠭᠠᠨ ᠳᠡᠭᠡᠷ᠎ᠡ ᠲᠤᠯᠭᠠᠭᠤᠷᠢᠯᠠᠨ᠂ ᠳᠡᠯᠡᠬᠡᠢ ᠳᠡᠭᠡᠷ᠎ᠡ ᠣᠷᠣᠰᠢᠨ ᠪᠠᠶᠢᠭᠰᠠᠨ ᠡᠷᠲᠡᠨ ᠦ ᠠᠮᠢᠳᠤᠷᠠᠯ᠂ ᠲᠡᠭᠦᠨ ᠦ ᠲᠥᠷᠥᠯ ᠦᠳ ᠢ ᠲᠣᠳᠣᠷᠬᠠᠶᠢᠯᠠᠳᠠᠭ ᠪᠢᠣᠯᠣᠭᠢ ᠪᠠ ᠭᠧᠣᠯᠣᠭᠢ ᠍ ᠶᠢᠨ ᠰᠢᠨᠵᠢᠯᠡᠬᠦ ᠤᠬᠠᠭᠠᠨ ᠤ ᠤᠯᠤᠪᠤᠷᠢ ᠳᠡᠭᠡᠷ᠎ᠡ ᠣᠷᠣᠰᠢᠳᠠᠭ ᠰᠠᠯᠪᠤᠷᠢ ᠰᠢᠨᠵᠢᠯᠡᠬᠦ ᠤᠬᠠᠭᠠᠨ ᠶᠤᠮ[1]᠃ ᠫᠠᠯᠧᠣᠨᠲ᠋ᠣᠯᠣᠭ ᠤᠨ ᠰᠢᠨᠵᠢᠯᠡᠬᠦ ᠤᠬᠠᠭᠠᠨ ᠨᠢ ᠠᠮᠢᠲᠠᠳ ᠢ ᠡᠷᠢᠮᠡᠯ ᠦᠯᠡᠳᠡᠭᠳᠡᠯ ᠢ ᠣᠯᠵᠤ ᠲᠣᠳᠣᠷᠬᠠᠶᠢᠯᠠᠭᠰᠠᠨ᠎ᠠ ᠪᠠᠷ ᠥᠨᠥ ᠣᠷᠣᠰᠢᠨ ᠪᠤᠢ ᠪᠠᠶᠢᠭᠠᠯᠢ ᠶᠢᠨ ᠲᠡᠦᠬᠡ ᠶᠢᠨ ᠳᠠᠯᠳᠠ ᠬᠡᠰᠡᠭ ᠢ ᠨᠡᠭᠡᠭᠡᠨ ᠢᠯᠡᠷᠡᠭᠦᠯᠵᠦ᠂ ᠤᠯᠠᠮ ᠢᠶᠠᠷ ᠧᠣᠣᠯᠢᠶᠦ᠋ᠼ ᠤᠨ ᠣᠨᠣᠯ ᠢ ᠤᠯᠠᠮ ᠪᠠᠲᠤᠯᠠᠭᠠᠵᠢᠭᠤᠯᠵᠤ ᠪᠠᠶᠢᠳᠠᠭ᠃ ᠡᠨᠡ ᠭᠠᠶᠢᠬᠠᠯᠲᠠᠢ ᠰᠢᠨᠵᠢᠯᠡᠬᠦ ᠤᠬᠠᠭᠠᠨ ᠮᠠᠰᠢ ᠣᠯᠠᠨ ᠲᠥᠷᠥᠯ ᠦᠨ ᠠᠷᠭ᠎ᠠ ᠬᠡᠷᠡᠭᠰᠡᠯ ᠢ ᠠᠰᠢᠭᠯᠠᠳᠠᠭ᠃ ᠲᠤᠬᠠᠶᠢᠯᠠᠪᠠᠯ᠂ ᠡᠩᠵᠨᠧᠷ ᠤᠨ᠂ ᠲᠣᠭᠠᠨ ᠤ ᠣᠬᠠᠭᠠᠨ ᠤᠨ᠂ ᠪᠢᠣᠬᠢᠮᠢ ᠶᠢᠨ᠂ ᠴᠥᠮ᠎ᠡ ᠶᠢᠨ ᠹᠢᠽᠢᠺ ᠦᠨ ᠠᠷᠭ᠎ᠠ ᠨᠤᠭᠤᠳ ᠢ ᠰᠤᠳᠤᠯᠭᠠᠨ ᠳᠤ ᠪᠠᠨ ᠬᠡᠷᠡᠭᠯᠡᠳᠡᠭ᠃ ᠫᠠᠯᠧᠣᠨᠲ᠋ᠣᠯᠣᠭ ᠤᠨ ᠰᠤᠳᠤᠯᠭ᠎ᠠ ᠪᠠᠷ ᠳᠡᠯᠡᠬᠡᠢ ᠳᠡᠭᠡᠷ᠎ᠡ 3.8 ᠲᠡᠷᠪᠤᠮ ᠵᠢᠯ ᠦᠨ ᠡᠮᠦᠨ᠎ᠡ ᠠᠩᠬ᠎ᠠ ᠠᠮᠢᠳᠤ ᠪᠡᠶᠡᠲᠦ ᠪᠤᠢ ᠪᠣᠯᠵᠠᠢ ᠭᠡᠳᠡᠭ ᠢ ᠲᠣᠭᠲᠠᠭᠠᠴᠠᠢ᠃ ᠮᠥᠨ ᠶᠠᠩᠵᠤ ᠪᠦᠷᠢ ᠶᠢᠨ ᠡᠷᠢᠮᠡᠯ ᠦᠯᠡᠳᠡᠭᠳᠡᠯ ᠳᠦ ᠦᠨᠳᠦᠰᠦᠯᠡᠨ ᠡᠷᠲᠡᠨ ᠦ ᠪᠠᠶᠢᠭᠠᠯᠢ ᠴᠠᠭ ᠠᠭᠤᠷ᠂ ᠣᠷᠴᠢᠨ ᠤ ᠥᠭᠡᠷᠡᠴᠢᠯᠡᠯᠲᠡ᠂ ᠠᠮᠢᠲᠠᠳ ᠤᠨ ᠬᠤᠪᠢᠰᠤᠯ᠂ ᠤᠰᠤᠲᠤᠯ ᠮᠥᠬᠥᠯ᠂ ᠳᠡᠯᠡᠬᠡᠢ ᠶᠢᠨ ᠭᠧᠣᠲᠣᠭᠲᠠᠴᠠ ᠶᠢᠨ ᠲᠡᠦᠬᠡ ᠵᠡᠷᠭᠡ ᠶᠢᠨ ᠰᠡᠷᠭᠦᠭᠡᠨ ᠮᠡᠳᠡᠵᠦ ᠪᠣᠯᠳᠠᠭ᠃ ᠡᠷᠢᠮᠡᠯ ᠦᠯᠡᠳᠡᠭᠳᠡᠯ ᠦᠨ ᠨᠠᠰᠤ ᠶᠢ ᠰᠠᠴᠤᠷᠠᠭ ᠢᠳᠡᠪᠡᠬᠦ ᠳᠦ ᠨᠡᠭᠦᠰᠦᠲᠥ᠋ᠷᠥᠭᠴᠢ ᠶᠢᠨ ᠠᠷᠭ᠎ᠠ ᠪᠠᠷ ᠮᠡᠳᠡᠵᠦ ᠪᠣᠯᠳᠠᠭ ᠪᠣᠯᠪᠠᠴᠤ ᠶᠡᠬᠡᠬᠡᠨ ᠤᠴᠢᠷ ᠳᠤᠲᠠᠭᠳᠠᠯ ᠲᠠᠢ᠃ ᠣᠯᠵᠤ ᠨᠡᠭᠡᠭᠡᠭᠰᠡᠨ ᠠᠮᠢᠲᠠᠳ ᠤᠨ ᠦᠯᠡᠳᠡᠭᠳᠡᠯ ᠢ ᠺᠠᠷᠯ ᠯᠢᠩᠨᠧᠢ ᠶᠢᠨ ᠤᠯᠠᠮᠵᠢᠯᠠᠯᠲᠤ ᠠᠩᠬᠢᠯᠠᠯ ᠵᠦᠢ ᠳᠤ ᠭᠠᠳᠠᠭᠠᠳᠤ ᠰᠢᠨᠵᠢ ᠶᠢ ᠨᠢ ᠦᠨᠳᠦᠰᠦᠯᠡᠨ ᠪᠠᠶᠢᠷᠢᠯᠠᠭᠤᠯᠳᠠᠭ᠃ ᠭᠡᠪᠡᠴᠦ ᠣᠷᠴᠢᠨ ᠦᠶ᠎ᠡ ᠳᠦ ᠶᠡᠬᠡᠩᠬᠢ ᠠᠮᠢᠳᠤ ᠣᠷᠭᠠᠨᠢᠰᠮ ᠢ ᠠᠮᠢᠳᠤᠷᠠᠯ ᠤᠨ ᠮᠣᠳᠣᠨ ᠳᠤ ᠪᠠᠶᠢᠷᠢᠰᠢᠭᠤᠯᠬᠤ ᠪᠠᠭᠴᠠᠯᠠᠬᠤ ᠠᠷᠭ᠎ᠠ ᠬᠡᠷᠡᠭᠯᠡᠬᠦ ᠪᠣᠯᠤᠭᠰᠠᠨ ᠪᠥᠭᠡᠳ ᠳᠧᠽᠣᠺᠰᠢᠷᠢᠪᠨᠢᠺᠯᠧᠢᠨ ᠦ ᠬᠦᠴᠢᠯ ᠳᠠᠷᠠᠭᠠᠯᠠᠯ ᠳᠤ ᠦᠨᠳᠦᠰᠦᠯᠡᠨ ᠢᠯᠡᠭᠦᠦ ᠨᠠᠷᠢᠪᠴᠢᠯᠠᠭᠰᠠᠨ ᠠᠩᠬᠢᠯᠠᠯ ᠬᠢᠳᠡᠭ᠃ ᠣᠷᠴᠢᠨ ᠦᠶ᠎ᠡ ᠶᠢᠨ ᠡᠨᠡ ᠨᠠᠷᠢᠪᠴᠢᠯᠠᠭᠰᠠᠨ ᠠᠩᠬᠢᠯᠠᠯ ᠨᠡᠩ ᠡᠷᠲᠡᠨ ᠦ ᠡᠷᠢᠮᠡᠯ ᠦᠯᠳᠡᠭᠡᠯ ᠦᠨ ᠬᠤᠪᠢ ᠳᠤ ᠲᠤᠶᠢᠯ ᠤᠨ ᠬᠦᠨᠳᠦᠷᠡᠯᠲᠡᠢ ᠪᠠᠶᠢᠳᠠᠭ᠃ ᠰᠡᠭᠦᠯ ᠦᠨ ᠦᠶ᠎ᠡ ᠳᠦ ᠨᠢᠺᠯᠶᠣᠲ᠋ᠢᠳ ᠦᠨ ᠳᠠᠷᠠᠭᠠᠯᠠᠯ ᠤᠨ ᠥᠭᠡᠷᠡᠴᠢᠯᠡᠯᠲᠡᠨ ᠳᠦ ᠦᠨᠳᠦᠰᠦᠯᠡᠭᠰᠡᠨ ᠮᠣᠯᠧᠺᠤᠯ ᠴᠠᠭ ᠲᠣᠳᠣᠷᠬᠠᠶᠢᠯᠠᠬᠤ ᠠᠷᠭ᠎ᠠ ᠭᠠᠷᠤᠭᠰᠠᠨ ᠪᠣᠯᠪᠠᠴᠤ ᠲᠡᠭᠦᠨ ᠦ ᠦᠨᠡᠨ ᠪᠣᠳᠠᠲᠤ ᠪᠠᠶᠢᠳᠠᠯ ᠤᠨ ᠲᠠᠯ᠎ᠠ ᠪᠠᠷ ᠦᠷᠭᠦᠯᠵᠢ ᠠᠰᠠᠭᠤᠳᠠᠯ ᠲᠠᠢ ᠪᠠᠶᠢᠳᠠᠭ᠃

ᠲᠣᠳᠣᠷᠬᠠᠶᠢᠯᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠠᠯᠧᠣᠨᠲ᠋ᠣᠯᠣᠭ ᠤᠨ ᠪᠣᠯ ᠡᠷᠲᠡᠨ ᠦ ᠠᠮᠢᠳᠤᠷᠠᠯ ᠤᠨ ᠲᠤᠬᠠᠢ ᠰᠤᠳᠤᠯᠬᠤ ᠤᠬᠠᠭᠠᠨ ᠭᠡᠵᠦ ᠡᠩ ᠦᠨ ᠢᠶᠡᠷ ᠲᠣᠳᠣᠷᠬᠠᠶᠢᠯᠠᠵᠤ ᠪᠣᠯᠬᠤ ᠶᠤᠮ᠃ ᠡᠷᠳᠡᠮᠲᠡᠳ ᠥᠩᠭᠡᠷᠡᠭᠰᠡᠨ ᠦᠶ᠎ᠡ ᠳᠦ ᠪᠠᠶᠢᠭᠰᠠᠨ ᠠᠮᠢᠳᠤᠷᠠᠯ ᠤᠨ ᠲᠠᠯ᠎ᠠ ᠪᠠᠷ ᠬᠡᠳᠦ ᠬᠡᠳᠦᠨ ᠴᠢᠭᠯᠡᠯ ᠳᠦ ᠮᠡᠳᠡᠭᠡᠯᠡᠯ ᠴᠤᠭᠯᠠᠭᠤᠯᠳᠠᠭ᠃ ᠲᠡᠳᠡᠭᠡᠷ ᠲᠦ ᠠᠮᠢᠳᠤᠷᠠᠯ ᠤᠨ ᠡᠭᠦᠰᠦᠯ ᠢ ᠲᠣᠳᠣᠷᠬᠠᠶᠢᠯᠠᠬᠤ᠂ ᠪᠠᠶᠢᠭᠰᠠᠨ ᠴᠠᠭ ᠦᠶ᠎ᠡ ᠶᠢ ᠲᠣᠳᠣᠷᠬᠠᠶᠢᠯᠠᠬᠤ᠂ ᠥᠩᠭᠡᠭᠰᠡᠨ ᠴᠠᠭ ᠬᠤᠭᠤᠴᠠᠭᠠᠨ ᠤ ᠣᠷᠣᠭᠨᠠᠨᠢᠭ ᠪᠣᠯᠤᠨ ᠣᠷᠭᠠᠨᠢᠭ ᠪᠤᠰᠤ ᠳᠡᠯᠡᠬᠡᠢ ᠶᠢᠷᠲᠢᠴᠡ ᠶᠢᠨ ᠳᠠᠯᠠᠭᠠᠷᠬᠢ ᠮᠡᠳᠡᠭᠡᠯᠡᠯ ᠦᠳ ᠪᠠᠭᠲᠠᠳᠠᠭ᠃

ᠲᠡᠦᠬᠡ ᠶᠢᠨ ᠰᠢᠨᠵᠢᠯᠡᠬᠦ ᠤᠬᠠᠭᠠᠨ ᠤ ᠨᠢᠭᠡ ᠬᠡᠰᠡᠭ ᠪᠣᠯᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠠᠯᠧᠣᠨᠲ᠋ᠣᠯᠣᠭᠢ ᠨᠢᠭᠡ ᠲᠠᠯ᠎ᠠ ᠠᠴᠠ ᠠᠷᠬᠧᠯᠣᠭᠢ᠂ ᠪᠢᠣᠯᠣᠭᠢ᠂ ᠹᠢᠯᠣᠯᠣᠭᠢ᠂ ᠺᠣᠰᠮᠠᠯᠣᠭᠢ᠂ ᠭᠧᠣᠯᠣᠭᠢ᠂ ᠠᠰᠲ᠋ᠷᠣᠨᠣᠮ ᠤᠨ ᠬᠠᠮᠲᠤ ᠪᠠᠷ ᠲᠡᠦᠬᠡ ᠶᠢᠨ ᠰᠢᠨᠵᠢᠯᠡᠬᠦ ᠤᠬᠠᠭᠠᠨ ᠤ ᠨᠢᠭᠡᠨ ᠪᠦᠷᠢᠯᠳᠦᠬᠦᠨ ᠬᠡᠰᠡᠭ ᠭᠡᠵᠦ ᠬᠡᠯᠡᠵᠦ ᠪᠣᠯᠤᠨ᠎ᠠ᠃ ᠡᠨᠡ ᠨᠢ ᠤᠭ ᠰᠢᠨᠵᠢᠯᠡᠬᠦ ᠤᠬᠠᠭᠠᠨ ᠥᠩᠭᠡᠷᠡᠭᠰᠡᠨ ᠴᠠᠭ ᠦᠶ᠎ᠡ ᠳᠦ ᠪᠣᠯᠤᠭᠰᠠᠨ ᠦᠵᠡᠭᠳᠡᠯ ᠢ ᠲᠣᠳᠣᠷᠬᠠᠶᠢᠯᠠᠬᠤ᠂ ᠰᠢᠯᠲᠠᠭᠠᠨ ᠢ ᠲᠠᠶᠢᠯᠪᠤᠷᠢᠯᠠᠬᠤ ᠣᠷᠣᠯᠳᠤᠯᠭ᠎ᠠ ᠬᠢᠳᠡᠭ ᠦᠨᠳᠦᠰᠦᠨ ᠵᠣᠷᠢᠯᠭ᠎ᠠ ᠲᠠᠢ ᠨᠢ ᠬᠣᠯᠪᠣᠭ᠎ᠠ ᠲᠠᠢ ᠪᠠᠷ ᠤᠷᠭᠤᠨ ᠭᠠᠷᠳᠠᠭ᠃ ᠡᠶᠢᠮᠡᠯ ᠤᠭ ᠰᠢᠨᠵᠢᠯᠡᠬᠦ ᠤᠬᠠᠭᠠᠨ ᠳᠤ ᠭᠤᠷᠪᠠᠨ ᠦᠨᠳᠦᠰᠦᠨ ᠪᠦᠷᠢᠳᠦᠯ ᠪᠠᠶᠢᠳᠠᠭ᠃ ᠡᠭᠦᠨ ᠳᠦ: ᠪᠠᠷᠢᠮᠲᠠ᠂ ᠦᠢᠯᠡ ᠶᠠᠪᠤᠳᠠᠯ ᠢ ᠲᠣᠳᠣᠷᠬᠠᠶᠢᠯᠠᠬᠤ᠂ ᠣᠯᠠᠨ ᠶᠠᠩᠵᠤ ᠶᠢᠨ ᠥᠭᠡᠷᠡᠴᠢᠯᠡᠯᠲᠡ ᠶᠢᠨ ᠰᠢᠯᠲᠠᠭᠠᠨ ᠢ ᠲᠠᠶᠢᠯᠪᠤᠷᠢᠯᠠᠬᠤ ᠣᠨᠣᠯ ᠪᠣᠯᠪᠠᠰᠤᠷᠠᠭᠤᠯᠬᠤ᠂ ᠲᠡᠳᠡᠭᠡᠷ ᠪᠣᠯᠪᠠᠰᠤᠷᠠᠭᠤᠯᠤᠭᠰᠠᠨ ᠣᠨᠣᠯ ᠢᠶᠠᠨ ᠰᠢᠨᠵᠢᠯᠡᠬᠦ ᠤᠬᠠᠭᠠᠨ ᠤ ᠪᠠᠷᠢᠮᠲᠠ ᠨᠤᠭᠤᠳ ᠲᠤ ᠬᠡᠷᠡᠭᠡᠵᠢᠭᠦᠯᠬᠦ ᠭᠡᠰᠡᠨ ᠭᠤᠷᠪᠠᠨ ᠪᠦᠷᠢᠳᠦᠯ ᠬᠡᠰᠡᠭ ᠪᠣᠯᠤᠨ᠎ᠠ᠃

ᠲᠥᠷᠥᠯ ᠰᠢᠨᠵᠢᠯᠡᠬᠦ ᠤᠬᠠᠭᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠳᠦᠢ ᠪᠡᠷ ᠤᠭ ᠰᠢᠨᠵᠢᠯᠡᠬᠦ ᠤᠬᠠᠭᠠᠨ ᠨᠢ ᠭᠧᠣᠯᠣᠭᠢ ᠪᠢᠣᠯᠣᠭᠢ ᠶᠢᠨ ᠵᠠᠪᠰᠠᠷ ᠤᠨ ᠰᠢᠨᠵᠢᠯᠡᠬᠦ ᠤᠬᠠᠭᠠᠨ ᠭᠡᠭᠡ ᠳᠦ ᠬᠢ ᠪᠣᠯᠪᠠᠴᠤ ᠣᠷᠴᠢᠨ ᠴᠠᠭ ᠲᠤ ᠪᠢᠣᠯᠣᠭᠢ ᠶᠢᠨ ᠲᠠᠯᠠᠷᠠᠤ ᠶᠢ ᠪᠠᠨ ᠶᠡᠬᠡᠳᠡ ᠬᠡᠯᠪᠡᠶᠢᠬᠦ ᠪᠣᠯᠤᠭᠰᠠᠨ ᠨᠢ ᠧᠣᠣᠯᠢᠶᠦ᠋ᠼ ᠤᠨ ᠣᠨᠣᠯ ᠳᠤ ᠲᠤᠯᠭᠠᠭᠤᠷᠢᠯᠠᠨ ᠠᠯᠢᠪᠠ ᠦᠯᠡᠳᠡᠭᠳᠡᠯ ᠢ ᠰᠤᠳᠤᠯᠵᠤ ᠳ᠋ᠦᠩᠨᠡᠯᠲᠡ ᠣᠨᠣᠯ ᠭᠠᠷᠭᠠᠬᠤ ᠪᠣᠯᠤᠭᠰᠠᠨ ᠲᠠᠢ ᠬᠣᠯᠠᠭ᠎ᠠ ᠲᠠᠢ ᠶᠤᠮ᠃ 19 ᠵᠠᠭᠤᠨ ᠠᠴᠠ ᠠᠷᠪᠠᠨ ᠲᠠᠪᠤᠳᠤᠭᠠᠷ ᠵᠠᠭᠤᠨ ᠤ ᠡᠬᠢᠨ ᠦᠶ᠎ᠡ ᠬᠦᠷᠲᠡᠯ᠎ᠡ ᠶᠡᠬᠡ ᠰᠤᠷᠭᠠᠭᠤᠯᠢ ᠨᠤᠭᠤᠳ ᠤᠨ ᠭᠧᠣᠯᠣᠭᠢ ᠶᠢᠨ ᠰᠠᠯᠪᠤᠷᠢ ᠰᠤᠷᠭᠠᠭᠤᠯᠢ ᠨᠤᠭᠤᠳ ᠲᠤ ᠫᠠᠯᠧᠣᠨᠲ᠋ᠣᠯᠣᠭ ᠤᠨ ᠰᠠᠯᠪᠤᠷᠢ ᠬᠠᠷᠢᠶᠠᠯᠠᠭᠳᠠᠳᠠᠭ ᠪᠠᠶᠢᠴᠠᠢ᠃ ᠤᠴᠢᠷ ᠨᠢ ᠴᠢᠯᠠᠭᠤᠯᠢᠭ ᠤᠨ ᠨᠠᠰᠤ ᠶᠢ ᠲᠣᠳᠣᠷᠬᠠᠶᠢᠯᠠᠬᠤ ᠳᠤ ᠫᠠᠯᠧᠣᠨᠲ᠋ᠣᠯᠣᠭ ᠤᠨ ᠪᠠᠷᠢᠮᠲᠠ ᠨᠤᠭᠤᠳ ᠴᠢᠬᠤᠯᠠ ᠪᠠᠶᠢᠴᠠᠢ᠃ ᠮᠡᠳᠡᠭᠡᠵᠢ ᠪᠡᠷ ᠪᠢᠣᠯᠣᠭᠢ ᠶᠢᠨ ᠰᠠᠯᠪᠤᠷᠢ ᠨᠤᠭᠤᠳ ᠪᠠᠭ᠎ᠠ ᠵᠡᠷᠭᠡ ᠰᠣᠨᠢᠷᠬᠠᠵᠤ ᠡᠬᠢᠯᠡᠵᠦ ᠪᠠᠶᠢᠴᠠᠢ᠃ ᠫᠠᠯᠧᠨᠲ᠋ᠣᠯᠣᠭᠢ ᠨᠢ ᠠᠷᠬᠧᠯᠢᠭ ᠤᠨ ᠰᠢᠨᠵᠢᠯᠡᠬᠦ ᠤᠬᠠᠭᠠᠨ ᠲᠠᠢ ᠵᠠᠷᠢᠮ ᠬᠡᠰᠡᠭ ᠢᠶᠡᠷ ᠢᠶᠡᠨ ᠳᠠᠪᠴᠢᠬᠠᠯ ᠭᠠᠷᠳᠠᠭ ᠪᠥᠭᠡᠳ ᠠᠨᠲᠷᠣᠫᠣᠯᠣᠭ ᠤᠨ ᠰᠢᠨᠵᠢᠯᠡᠬᠦ ᠤᠬᠠᠭᠠᠨᠴᠢ ᠮᠥᠨ ᠡᠭᠦᠨ ᠳᠦ ᠬᠠᠮᠢᠶᠠᠷᠤᠨ᠎ᠠ᠃ ᠰᠤᠳᠤᠯᠭᠠᠨ ᠤ ᠠᠷᠭ᠎ᠠ᠂ ᠰᠤᠳᠤᠯᠤᠭᠳᠠᠵᠤ ᠪᠠᠶᠢᠭ᠎ᠠ ᠵᠦᠢᠯ ᠡᠴᠡ ᠬᠠᠮᠢᠶᠠᠷᠤᠨ ᠮᠠᠲ᠋ᠧᠮᠠᠲ᠋ᠢᠺ᠂ ᠴᠠᠭ ᠠᠭᠤᠷ᠂ ᠣᠳᠣᠨ ᠣᠷᠣᠨ᠂ ᠭᠧᠣᠹᠢᠽᠢᠺ ᠵᠡᠷᠭᠡ ᠤᠬᠠᠭᠠᠨ ᠲᠠᠢ ᠶᠠᠮᠠᠷ ᠨᠢᠭᠡᠨ ᠬᠠᠮᠵᠢᠭᠡ ᠪᠡᠷ ᠬᠠᠮᠢᠶᠠᠷᠤᠯ ᠲᠠᠢ᠃ ᠠᠪᠤᠷᠠᠭ᠎ᠠ ᠲᠣᠮᠣ ᠪᠡᠶ᠎ᠡ ᠲᠡᠢ ᠠᠮᠢᠲᠠᠳ ᠬᠢᠷᠢ ᠬᠤᠷᠳᠤᠨ ᠬᠥᠳᠡᠯᠳᠡᠭ ᠪᠠᠶᠢᠪᠠ᠂ ᠶᠠᠭᠠᠬᠢᠵᠤ ᠨᠢᠰᠳᠡᠭ ᠪᠠᠶᠢᠪᠠ ᠪᠡᠶ᠎ᠡ ᠶᠢᠨ ᠨᠢᠭᠡ ᠬᠡᠰᠡᠭ ᠦᠨ ᠦᠯᠡᠳᠡᠭᠳᠡᠯ ᠢᠶᠡᠷ ᠪᠦᠬᠦᠯᠢ ᠳᠦ ᠪᠡᠨ ᠤᠭ ᠠᠮᠢᠲᠠᠨ ᠶᠠᠮᠠᠷ ᠬᠡᠮᠵᠢᠶ᠎ᠡ ᠲᠡᠢ ᠪᠠᠶᠢᠪᠠ ᠭᠡᠳᠡᠭ ᠢ ᠲᠣᠳᠣᠬᠣᠶᠢᠯᠠᠬᠤ ᠳᠤ ᠢᠨᠵᠢᠨᠧᠷ ᠤᠨ ᠰᠢᠨᠵᠢᠯᠡᠬᠦ ᠤᠬᠠᠭᠠᠨ ᠵᠠᠶᠢᠯᠠᠰᠢ ᠦᠭᠡᠢ ᠬᠡᠷᠡᠭᠯᠡᠭᠳᠡᠳᠡᠭ᠃

ᠰᠠᠯᠪᠤᠷᠢ ᠬᠤᠸᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠳᠤᠯᠵᠤ ᠪᠤᠢ ᠠᠮᠢᠲᠠᠨ ᠤ ᠦᠯᠡᠳᠡᠭᠳᠡᠯ ᠦᠨ ᠶᠠᠮᠠᠷ ᠠᠩᠬᠢᠯᠠᠯᠵᠦᠢ ᠶᠢᠨ ᠨᠢᠭᠡᠴᠡ ᠳᠦ ᠬᠠᠮᠢᠶᠠᠷᠤᠭᠳᠠᠳᠠᠭ ᠠᠴᠠ ᠰᠢᠯᠲᠠᠭᠠᠯᠠᠬᠤ ᠮᠠᠰᠢ ᠣᠯᠠᠨ ᠶᠠᠩᠵᠤ ᠪᠠᠶᠢᠳᠠᠭ᠃ ᠬᠥᠪᠴᠢᠲᠡᠨ ᠦ ᠫᠠᠯᠧᠣᠨᠲ᠋ᠣᠯᠣᠭᠢ ᠨᠡᠩ ᠡᠷᠲᠡᠨ ᠦ ᠵᠢᠭᠠᠰᠤᠨ ᠠᠴᠠ ᠡᠬᠢᠯᠡᠨ ᠰᠦ᠋ ᠍ ᠪᠡᠷ ᠪᠣᠶᠢᠵᠢᠭᠴᠢᠳ ᠢ ᠬᠦᠷᠲᠡᠯ᠎ᠡ ᠰᠤᠳᠤᠯᠭ᠎ᠠ ᠬᠢᠳᠡᠭ ᠪᠣᠯ ᠦᠶ᠎ᠡ ᠬᠥᠲᠦᠨ ᠦ᠂ ᠨᠢᠯᠴᠠᠭᠠᠢ ᠪᠡᠶᠡᠲᠡᠨ ᠦ᠂ ᠤᠷᠭᠤᠮᠠᠯ ᠤᠨ ᠪᠤᠶᠤ ᠫᠠᠯᠧᠣᠪᠣᠲ᠋ᠠᠨᠢᠺ ᠤᠨ ᠰᠠᠯᠪᠤᠷᠢ ᠴᠤ ᠭᠡᠵᠦ ᠪᠠᠶᠢᠳᠠᠭ᠃


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Newman, Garfield, et al (2001). Echoes from the past: world history to the 16th century. Toronto: McGraw-Hill Ryerson Ltd. ISBN 0-07-088739-X. 

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ