ᠪᠧᠷᠯᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠧᠷᠯᠢᠨ ᠬᠣᠲᠠ
ᠮᠤᠵᠢ

ᠰᠦᠯᠳᠡ ᠲᠤᠭ

ᠰᠦᠯᠳᠡ ᠲᠡᠮᠳᠡᠭ
ᠭᠧᠷᠮᠠᠨ ᠣᠷᠣᠨ ᠳᠠᠬᠢ ᠪᠧᠷᠯᠢᠨ ᠦ ᠪᠠᠶᠢᠷᠢᠰᠢᠯ
ᠤᠯᠤᠰ ᠣᠷᠣᠨ Flag of Germany.svg ᠭᠧᠷᠮᠠᠨ
ᠮᠤᠵᠢ ᠪᠧᠷᠯᠢᠨ
ᠳᠡᠭᠦᠷᠭᠡ (12) ᠨᠡᠷ᠎ᠡ ᠪᠦᠬᠦᠢ 12 ᠳᠡᠭᠦᠷᠭᠡ
ᠭᠠᠵᠠᠷ ᠨᠤᠲᠤᠭ 891.85 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 34-130 ᠮ
ᠬᠦᠮᠦᠨ ᠠᠮᠠ 2011 ᠣᠨ ᠳᠤ 3,479,740 ᠬᠦᠮᠦᠨ
ᠨᠢᠭᠲᠠᠴᠠ ᠰᠡᠶᠢᠷᠡᠭ 3900 ᠬᠦᠮᠦᠨ/км²
ᠨᠤᠲᠤᠭ ᠤᠨ ᠣᠯᠠᠨ ᠪᠧᠷᠯᠢᠨ ᠦ ᠬᠢᠨ
ᠬᠣᠲᠠ ᠶᠢᠨ ᠳᠠᠷᠤᠭ᠎ᠠ ᠺᠯᠠᠦ᠋ᠰ ᠸᠣᠸᠧᠷᠠᠢ ᠳᠤ
ᠴᠠᠭ ᠤᠨ ᠪᠥᠰᠡ ᠲᠥᠪ ᠧᠦ᠋ᠷᠣᠫᠠ ᠶᠢᠨ ᠴᠠᠭ (ГЦ+1)
ᠤᠲᠠᠰᠤᠨ ᠳ᠋ᠣᠭᠠᠷ +49 30
ᠰᠢᠤᠳᠠᠨ ᠳᠤᠭᠠᠷ 10001—14199
ᠮᠠᠰᠢᠨ ᠤ ᠳ᠋ᠣᠭᠠᠷ B
ᠴᠠᠬᠢᠮ ᠭᠠᠵᠠᠷ berlin.de (ᠭᠧᠷᠮᠠᠨ ᠢᠶᠠᠷ)

ᠪᠧᠷᠯᠢᠨ (ᠭᠧᠷᠮᠠᠨ ᠢᠶᠠᠷ Berlin) ᠨᠢ ᠭᠧᠷᠮᠠᠨᠨᠡᠶᠢᠰᠯᠡᠯ ᠪᠥᠭᠡᠳ ᠬᠣᠯᠪᠣᠭᠠᠨ ᠤ ᠨᠢᠭᠡᠳᠦᠭᠰᠡᠨ 16 ᠤᠯᠤᠰ ᠤᠨ ᠨᠢᠭᠡ ᠭᠡᠵᠦ ᠲᠣᠭᠠᠴᠠᠳᠠᠭ᠃ 3.4 ᠰᠠᠶ᠎ᠠ ᠬᠦᠮᠦᠨ ᠠᠮᠠ ᠲᠠᠢ ᠪᠥᠭᠡᠳ ᠭᠧᠷᠮᠠᠨ ᠤ ᠬᠠᠮᠤᠭ ᠤᠨ ᠲᠣᠮᠣ ᠬᠣᠲᠠ ᠶᠤᠮ᠃ ᠧᠦ᠋ᠷᠣᠫᠠ ᠶᠢᠨ ᠬᠣᠯᠪᠣᠭ᠎ᠠᠨ ᠤ ᠬᠣᠲᠠ ᠨᠤᠭᠤᠳ ᠳᠣᠲᠣᠷ᠎ᠠ ᠬᠦᠮᠦᠨ ᠠᠮᠠ ᠪᠠᠷ ᠢᠶᠠᠨ ᠬᠣᠶᠠᠷ ᠲᠤ᠂ ᠰᠠᠭᠤᠷᠢᠨ ᠭᠠᠵᠠᠷ ᠤᠳ ᠲᠤ ᠶᠢᠰᠳ ᠵᠢᠭ᠌ᠰᠠᠳᠠᠭ᠃ ᠵᠡᠭᠦᠨ ᠬᠣᠶᠢᠳᠤ ᠭᠧᠷᠮᠠᠨ ᠳᠤ ᠪᠠᠶᠢᠷᠢᠯᠠᠬᠤ ᠪᠦᠭᠡᠳ ᠪᠧᠷᠯᠢᠨ-ᠪᠷᠠᠨᠳᠧᠨᠪᠦᠷᠦᠭ ᠮᠧᠲ᠋ᠷᠣᠫᠣᠯᠢ ᠨᠤᠲᠤᠭ ᠳᠡᠪᠢᠰᠬᠡᠷ ᠲᠦ ᠬᠠᠮᠢᠶᠠᠷᠤᠭᠳᠠᠨ᠎ᠠ᠃ ᠡᠨᠡ ᠨᠤᠲᠤᠭ ᠳᠡᠪᠢᠰᠬᠡᠷ ᠲᠦ 180 ᠭᠠᠷᠤᠢ ᠣᠷᠣᠨ ᠤ 5 ᠰᠠᠶ᠎ᠠ ᠢᠷᠭᠡᠨ ᠠᠮᠢᠳᠤᠷᠠᠳᠠᠭ ᠠᠵᠡᠢ᠃

13 ᠍ ᠳᠦᠭᠡᠷ ᠵᠠᠭᠤᠨ ᠳᠤ ᠪᠧᠷᠯᠢᠨ ᠢ ᠠᠩᠬ᠎ᠠ ᠳᠤᠷᠢᠳᠠᠭᠰᠠᠨ ᠪᠠᠶᠢᠳᠠᠭ ᠪᠥᠭᠡᠳ ᠳᠠᠷᠠᠭᠠᠯᠠᠨ ᠲᠤᠰ ᠲᠤᠰ ᠫᠷᠦ᠋ᠰ ᠤᠨ ᠡᠵᠡᠨ ᠳᠦ ᠭᠦᠷᠦᠨ ᠦ (1701-1918), ᠭᠧᠷᠮᠠᠨ ᠤ ᠡᠵᠡᠨᠲᠦ ᠭᠦᠷᠦᠨ ᠦ (1871-1918), ᠸᠧᠢᠮᠤᠷ ᠤᠨ ᠪᠦᠭᠦᠳᠡ ᠨᠠᠶᠢᠷᠠᠮᠳᠠᠬᠤ ᠤᠯᠤᠰ ᠍ ᠤᠨ (1919-1933), ᠭᠤᠷᠪᠠ ᠳᠠᠬᠢ ᠷᠧᠬᠡᠶᠢᠨ (1933-1945) ᠨᠡᠶᠢᠰᠯᠡᠯ ᠦᠳ ᠪᠠᠶᠢᠴᠠᠢ᠃ ᠳᠡᠯᠡᠬᠡᠢ ᠶᠢᠨ ᠬᠣᠶᠠᠳᠤᠭᠠᠷ ᠳᠠᠶᠢᠨᠢ ᠳᠠᠷᠤᠭ᠎ᠠ ᠪᠧᠷᠯᠢᠨ ᠨᠢ ᠬᠤᠪᠢᠶᠠᠭᠳᠠᠭᠰᠠᠨ; ᠵᠡᠭᠦᠨ ᠪᠧᠷᠯᠢᠨ ᠨᠢ ᠵᠡᠭᠦᠨ ᠭᠧᠷᠮᠠᠨᠢ ᠨᠡᠶᠢᠰᠯᠡᠯ ᠪᠣᠯᠤᠭᠰᠠᠨ ᠪᠣᠯ ᠪᠠᠷᠠᠭᠤᠨ ᠪᠧᠷᠯᠢᠨ ᠨᠢ 1961-1989 ᠣᠨ ᠬᠦᠷᠲᠡᠯ᠎ᠡ ᠪᠧᠷᠯᠢᠨ ᠤ ᠬᠠᠨᠠᠷᠤ ᠬᠠᠰᠢᠭᠳᠠᠵᠤ᠂ ᠪᠠᠷᠠᠭᠤᠨ ᠤ ᠬᠡᠰᠡᠭ ᠪᠣᠯᠤᠭᠰᠠᠨ ᠪᠠᠶᠢᠨ᠎ᠠ᠃ 1990 ᠣᠨ ᠳᠤ ᠭᠧᠷᠮᠠᠨ ᠤᠯᠤᠰ ᠳᠠᠬᠢᠨ ᠨᠢᠭᠡᠳᠦᠭᠰᠡᠨ ᠦ ᠳᠠᠷᠠᠭ᠎ᠠ ᠳᠠᠬᠢᠨ ᠪᠦᠬᠦ ᠭᠧᠷᠮᠠᠨ ᠤ ᠨᠡᠶᠢᠰᠯᠡᠯ ᠪᠣᠯᠵᠠᠢ᠃

ᠪᠧᠷᠯᠢᠨ ᠨᠢ ᠧᠦ᠋ᠷᠣᠫᠠ ᠍ ᠤᠨ ᠤᠯᠤᠰ ᠲᠥᠷᠥᠰᠤᠶᠤᠯ ᠤᠷᠠᠯᠢᠭᠮᠡᠳᠡᠭᠡᠯᠡᠯᠰᠢᠨᠵᠢᠯᠡᠬᠦ ᠤᠬᠠᠭᠠᠨᠢ ᠲᠣᠮᠣᠬᠠᠨ ᠲᠥᠪ ᠶᠤᠮ᠃ ᠮᠥᠨ ᠲᠢᠢᠪ ᠦᠨ ᠬᠢ ᠨᠢ ᠠᠭᠠᠷᠲᠡᠮᠦᠷ ᠵᠠᠮ ᠤᠨ ᠲᠡᠭᠡᠭᠡᠪᠦᠷᠢ ᠭᠣᠣᠯᠴᠢᠯᠠᠨ ᠲᠥᠪᠯᠡᠷᠡᠳᠡᠭ ᠬᠣᠲᠠ ᠨᠤᠭᠤᠳ ᠤᠨ ᠨᠢᠭᠡ ᠶᠠᠭᠤᠮ᠎ᠠ᠃ ᠬᠣᠲᠠ ᠶᠢᠨ ᠡᠳ᠋ ᠍ ᠦᠨ ᠵᠠᠰᠠᠭ ᠨᠢ ᠭᠣᠣᠯᠳᠠᠭᠤ ᠦᠢᠯᠡᠴᠢᠯᠡᠭᠡᠨ ᠦ ᠰᠠᠯᠪᠤᠷᠢ ᠲᠤ ᠲᠥᠪᠯᠡᠷᠡᠳᠡᠭ ᠪᠥᠭᠡᠳ ᠡᠭᠦᠨ ᠳᠦ᠂ ᠪᠦᠲᠦᠭᠡᠯ ᠦᠨ ᠠᠵᠤ ᠦᠢᠯᠡᠳᠪᠦᠷᠢ᠂ ᠮᠡᠳᠡᠭᠡᠯᠡᠯ ᠦᠨ ᠪᠠᠶᠢᠭᠤᠯᠤᠯᠭ᠎ᠠ ᠨᠤᠭᠤᠳ᠂ ᠪᠠᠶᠢᠭᠠᠯᠢ ᠣᠷᠴᠢᠨ ᠤ ᠦᠢᠯᠡᠴᠢᠯᠡᠭᠡ᠂ ᠬᠤᠷᠠᠯ ᠴᠤᠭᠯᠠᠭᠠᠨ ᠶᠠᠪᠤᠭᠤᠯᠬᠤ ᠭᠠᠵᠠᠷ ᠤᠳ ᠵᠡᠷᠭᠡ ᠣᠷᠣᠨ᠎ᠠ᠃ ᠪᠧᠷᠯᠢᠨ ᠨᠢ ᠢᠷᠡᠳᠡᠭ ᠵᠢᠭᠤᠯᠴᠢᠳ ᠤᠨ ᠢᠶᠠᠨ ᠲᠣᠭ᠎ᠠ ᠪᠠᠷ ᠧᠦ᠋ᠷᠣᠫᠠ ᠶᠢᠨ ᠬᠣᠯᠪᠣᠭᠠᠨ ᠳᠤ ᠭᠤᠷᠪᠠ ᠳᠤ ᠵᠢᠭ᠌ᠰᠠᠳᠠᠭ᠃ ᠮᠥᠨ ᠲᠡᠭᠡᠭᠡᠪᠦᠷᠢ ᠶᠢᠨ ᠢᠨᠵᠢᠨᠧᠷᠴᠢᠯᠡᠯ᠂ ᠣᠫᠲ᠋ᠣᠡᠯᠧᠺᠲ᠋ᠷᠣᠨᠢᠺ᠂ IT, ᠮᠠᠰᠢᠨ ᠤ ᠦᠢᠯᠡᠳᠪᠦᠷᠢᠯᠡᠯ᠂ ᠡᠷᠡᠭᠦᠯ ᠢ ᠬᠠᠮᠠᠭᠠᠯᠠᠬᠤ᠂ ᠪᠢᠣᠡᠮᠴᠢᠯᠡᠭᠡᠨ ᠦ ᠢᠨᠵᠢᠨᠧᠷᠴᠢᠯᠡᠯ᠂ ᠪᠢᠣᠲ᠋ᠧᠭᠨᠣᠯᠣᠭᠢ ᠵᠡᠷᠭᠡ ᠠᠵᠤ ᠦᠢᠯᠡᠳᠪᠦᠷᠢ ᠦᠢᠯᠡ ᠠᠵᠢᠯᠯᠠᠭ᠎ᠠ ᠶᠢ ᠪᠠᠨ ᠶᠠᠪᠤᠭᠤᠯᠳᠠᠭ᠃

ᠪᠧᠷᠯᠢᠨ ᠨᠢ ᠳᠡᠯᠡᠬᠡᠢ ᠳᠦ ᠠᠯᠳᠠᠷᠲᠠᠢ ᠣᠯᠠᠨ ᠶᠡᠬᠡ ᠰᠤᠷᠭᠠᠭᠤᠯᠢ᠂ ᠰᠤᠳᠤᠯᠭᠠᠨᠢᠢ ᠢᠨᠰᠲ᠋ᠢᠲ᠋ᠦᠶᠢᠲ᠂ ᠰᠫᠣᠷᠲ ᠍ ᠤᠨ ᠦᠢᠯᠡ ᠶᠠᠪᠤᠳᠠᠯ᠂ ᠨᠠᠶᠢᠷᠠᠯ ᠬᠥᠭᠵᠢᠮᠮᠦᠽᠧᠢ᠂ ᠬᠦᠮᠦᠰ ᠲᠡᠢ᠃ ᠪᠧᠷᠯᠢᠨ ᠳᠦ ᠬᠣᠲᠠ ᠶᠢᠨ ᠲᠥᠷᠬᠥ ᠪᠠᠶᠢᠳᠠᠯ᠂ ᠲᠡᠦᠬᠡ ᠶᠢᠨ ᠥᠪ ᠤᠯᠠᠮᠵᠢᠯᠠᠯ ᠵᠡᠷᠭᠡ ᠡᠴᠡ ᠰᠢᠯᠲᠠᠭᠠᠯᠠᠵᠤ ᠣᠯᠠᠨ ᠤᠯᠤᠰ ᠤᠨ ᠺᠢᠨᠣ᠋ ᠪᠦᠲᠦᠭᠡᠯ ᠶᠡᠬᠡ ᠪᠡᠷ ᠬᠢᠭᠳᠡᠳᠡᠭ᠃ ᠮᠥᠨ ᠹᠧᠰᠲ᠋ᠢᠸᠠᠯᠢ᠂ ᠥᠪᠡᠷᠮᠢᠴᠡ ᠠᠷᠬᠢᠲ᠋ᠧᠺᠲ᠋ᠣᠷᠰᠥᠨᠢ ᠶᠢᠨ ᠠᠮᠢᠳᠤᠷᠠᠯ᠂ ᠰᠤᠶᠤᠯ ᠤᠷᠠᠯᠢᠭ ᠢᠶᠠᠷ ᠢᠶᠠᠨ ᠠᠯᠳᠠᠷᠲᠠᠢ ᠪᠥᠭᠡᠳ ᠴᠢᠯᠦᠭᠡᠲᠦ ᠠᠮᠢᠳᠤᠷᠠᠯ᠂ ᠰᠢᠨ᠎ᠡ ᠦᠶ᠎ᠡ ᠶᠢᠨ ᠰᠡᠳᠬᠢᠯᠭᠡ᠂ ᠠᠮᠢᠳᠤᠷᠠᠯ ᠤᠨ ᠥᠷᠲᠡᠭ ᠪᠠᠭ᠎ᠠ ᠵᠡᠷᠭᠡ ᠳᠦ ᠨᠢ ᠬᠦᠮᠦᠰ ᠶᠡᠬᠡ ᠪᠡᠷ ᠲᠠᠲᠠᠭᠳᠠᠳᠠᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Berlin
http://wiki.uhaan.com/index.php?title=ᠪᠧᠷᠯᠢᠨ&oldid=432852》 ᠍  ᠡᠴᠡ ᠠᠪᠤᠭᠰᠠᠨ

ᠪᠢᠴᠢᠭᠡᠰᠦ