ᠪᠧᠯᠬᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠧᠯ ᠶᠢᠨ ᠸᠠᠩᠲᠤ ᠤᠯᠤᠰ
Königreich Belgien (ᠭᠧᠷᠮᠠᠨ)
Koninkrijk België (ᠬᠣᠯᠠᠨᠳ᠋)
Royaume de Belgique (ᠹᠷᠠᠨᠼᠢ)
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
"Brabançonne" (ᠪᠷᠠᠪᠠᠨᠲ)

ᠧᠦ᠋ᠷᠣᠫᠠ᠂ ᠧᠦ᠋ᠷᠣᠫᠠ ᠶᠢᠨ ᠬᠣᠯᠪᠣᠭᠠᠨ ᠤ ᠭᠠᠵᠠᠷ ᠤᠨ ᠵᠢᠷᠤᠭ ᠲᠤ ᠪᠧᠯᠭ ᠢ ᠤᠯᠠᠭᠠᠨ ᠢᠶᠠᠷ
ᠧᠦ᠋ᠷᠣᠫᠠ᠂ ᠧᠦ᠋ᠷᠣᠫᠠ ᠶᠢᠨ ᠬᠣᠯᠪᠣᠭᠠᠨ ᠤ ᠭᠠᠵᠠᠷ ᠤᠨ ᠵᠢᠷᠤᠭ ᠲᠤ ᠪᠧᠯᠭ ᠢ ᠤᠯᠠᠭᠠᠨ ᠢᠶᠠᠷ
ᠨᠡᠶᠢᠰᠯᠡᠯGreater coat of arms of the City of Brussels.svg ᠪᠷᠣᠰᠸᠸᠯ
ᠲᠣᠮᠣ ᠬᠣᠲᠠ ᠠᠩᠲ᠋ᠤᠧᠷᠫᠡᠨᠭᠧᠨ ᠳᠦ
ᠠᠯᠪᠠᠨ ᠬᠡᠯᠡ ᠭᠧᠷᠮᠠᠨᠬᠣᠯᠠᠨᠳ᠋ᠹᠷᠠᠨᠼᠢ
ᠲᠥᠷᠥ ᠵᠠᠰᠠᠭ ᠫᠠᠷᠯᠠᠮᠧᠨᠲ ᠤᠨ ᠪᠦᠭᠦᠳᠡ
ᠨᠠᠶᠢᠷᠠᠮᠳᠠᠬᠤ ᠵᠠᠰᠠᠭ
 -  ᠸᠠᠩ ᠹᠢᠯᠢᠫᠫ (2013)
 -  ᠶᠡᠷᠦᠩᠬᠡᠢ ᠰᠠᠶᠢᠳ ᠰᠢᠷᠠᠯ ᠮᠥᠱᠧᠯ (2014)
ᠤᠯᠤᠰ ᠤᠨ ᠬᠤᠷᠠᠯ ᠌ᠬᠣᠯᠪᠣᠭᠠᠨ ᠤ ᠫᠠᠷᠯᠠᠮᠧᠨᠲ
(ᠬᠣᠯᠪᠣᠭᠠᠨ ᠤ ᠤᠯᠤᠰ ᠤᠨ ᠬᠤᠷᠠᠯ)
 -  ᠳᠡᠭᠡᠳᠦ ᠲᠠᠩᠬᠢᠮ ᠰᠧᠨᠠᠲ (ᠴᠢᠭᠤᠯᠭᠠᠨ)
 -  ᠳᠣᠣᠷᠠᠳᠣ ᠲᠠᠩᠬᠢᠮ ᠲᠥᠯᠥᠭᠡᠯᠡᠭᠴᠢᠳ ᠦᠨ ᠲᠠᠩᠬᠢᠮ
ᠨᠤᠲᠤᠭ ᠳᠡᠪᠢᠰᠬᠡᠷ
 -  ᠪᠦᠬᠦ ᠲᠠᠯᠠᠪᠠᠢ 30,528 km2 (115)
 -  ᠭᠠᠳᠠᠷᠭᠤ ᠶᠢᠨ ᠤᠰᠤ (%) 6.4 ᠬᠤᠪᠢ
ᠬᠦᠮᠦᠨ ᠠᠮᠠ
 -  ᠲᠣᠭᠠᠯᠠᠯᠭ᠎ᠠ (2013) 11,099,554 ᠬᠦᠮᠦᠨ (76)
 -  ᠨᠢᠭᠲᠠᠴᠠ ᠰᠡᠶᠢᠷᠡᠭ 364[1] ᠬᠦᠮᠦᠨ/km2 
GDP (ХАЧТ) 2012 ᠣᠨ ᠤ ᠲᠣᠭᠠᠴᠠᠭ᠎ᠠ
 -  ᠨᠡᠶᠢᠲᠡ ᠳ᠋ᠦᠩ 420.307 ᠲᠡᠷᠪᠤᠮ (1ᠲᠡᠷᠪᠤᠮ = 10 ᠳ᠋ᠦᠩᠰᠢᠭᠤᠷ) $[2] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 30  ᠳᠦ
 -  ᠨᠢᠭᠡ ᠬᠦᠨᠳᠦ 37,883 $ ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ20 ᠳᠦ
GDP (ᠨᠡᠷᠡᠯᠡᠭᠰᠡᠨ) 2012 ᠣᠨ ᠤ ᠲᠣᠭᠠᠴᠠᠭ᠎ᠠ
 -  ᠨᠡᠶᠢᠲᠡ ᠳ᠋ᠦᠩ 484.692 ᠲᠡᠷᠪᠤᠮ $  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ21 ᠳᠦ
 -  ᠨᠢᠭᠡ ᠬᠦᠨᠳᠦ $43,686 ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ16]])
Gini (2011) 26.3 (ᠰᠠᠶᠢᠨ
ᠬᠡᠦᠬᠡᠳ ᠦᠨ ᠬᠥᠭᠵᠢᠯ ᠦᠨ ᠢᠨᠳᠧᠺᠰ (2013) 0.897[3] (ᠮᠠᠰᠢ ᠰᠠᠶᠢᠨ) (17)
ᠮᠥᠩᠭᠥᠨ ᠦ ᠨᠢᠭᠡᠴᠡ ᠧᠦ᠋ᠷᠣ1 (€) (EUR)
ᠴᠠᠭ ᠤᠨ ᠪᠥᠰᠡ ᠲᠥᠪ ᠧᠦ᠋ᠷᠣᠫᠠ ᠶᠢᠨ ᠴᠠᠭ (GMT+1)
 -  ᠵᠤᠨ ᠤ ᠴᠠᠭ ᠲᠥᠪ ᠧᠦ᠋ᠷᠣᠫᠠ ᠶᠢᠨ ᠵᠤᠨ ᠤ ᠴᠠᠭ (GMT+2)
ᠤᠲᠠᠰᠤ᠂ ᠳᠣᠮᠡᠢ ᠶᠢᠨ +32 / .be2
ᠨᠡᠷ᠎ᠡ ᠲᠣᠮᠢᠶ᠎ᠠ BE, BEL / ᠪᠧᠯᠪᠤ
1 1999-2002 ᠣᠨ ᠠᠴᠠ ᠡᠮᠦᠨ᠎ᠡ ᠪᠧᠯᠬᠢ ᠶᠢᠨ ᠹᠷᠠᠨᠺ ᠨᠢᠭᠡᠴᠡ ᠲᠡᠢ ᠪᠠᠶᠢᠪᠠ᠃
2 ᠧᠦ᠋ᠷᠣᠫᠠ ᠶᠢᠨ ᠬᠣᠯᠪᠣᠭᠠᠨ ᠤ ᠭᠡᠰᠢᠭᠦᠨ ᠤᠯᠤᠰ ᠲᠤᠯᠠ .eu ᠍ ᠢ ᠪᠠᠰᠠ ᠬᠡᠷᠡᠭᠯᠡᠨ᠎ᠡ᠃
2001 ᠣᠨ ᠤ 7 ᠍ ᠳᠦᠭᠡᠷ ᠰᠠᠷ᠎ᠠ ᠳᠤ ᠬᠢᠮᠡᠯ ᠳᠠᠭᠠᠭᠤᠯᠢ ᠠᠴᠠ ᠪᠧᠯᠬᠢ  ᠶᠢ ᠬᠠᠷᠠᠭᠰᠠᠨ ᠨᠢ
2001 ᠣᠨ ᠤ 7 ᠍ ᠳᠦᠭᠡᠷ ᠰᠠᠷ᠎ᠠ ᠳᠤ ᠬᠢᠮᠡᠯ ᠳᠠᠭᠠᠭᠤᠯᠢ ᠠᠴᠠ ᠪᠧᠯᠬᠢ  ᠶᠢ ᠬᠠᠷᠠᠭᠰᠠᠨ ᠨᠢ

ᠪᠧᠯᠬᠢ(ᠬᠢᠲᠠᠳ ᠢᠶᠠᠷ 比利时) ᠠᠯᠪᠠᠨ ᠶᠣᠰᠣᠭᠠᠷ ᠪᠧᠯᠬᠢ ᠶᠢᠨ ᠸᠠᠩᠲᠤ ᠤᠯᠤᠰ ᠨᠢ ᠪᠠᠷᠠᠭᠤᠨ ᠬᠣᠶᠢᠳᠤ ᠧᠦ᠋ᠷᠣᠫᠠ ᠳᠤ ᠪᠠᠶᠢᠷᠢᠯᠠᠬᠤ ᠤᠯᠤᠰ ᠶᠤᠮ᠃ ᠬᠣᠯᠠᠨᠳ᠋ᠭᠧᠷᠮᠠᠨᠯᠦᠺᠰᠧᠨᠪᠦ᠋ᠷᠦᠺᠹᠷᠠᠨᠼᠢ ᠣᠷᠣᠨ ᠨᠤᠭᠤᠳ ᠲᠠᠢ ᠬᠢᠯᠢᠯᠡᠨ᠎ᠡ᠃ ᠧᠦ᠋ᠷᠣᠫᠠ ᠶᠢᠨ ᠨᠢᠭᠡᠳᠦᠯNorth Atlantic Treaty Organization ᠵᠡᠷᠭᠡ ᠪᠠᠶᠢᠭᠤᠯᠤᠯᠭ᠎ᠠ ᠨᠤᠭᠤᠳ ᠢ ᠡᠭᠦᠰᠬᠡᠭᠰᠡᠨ ᠣᠷᠣᠨ ᠨᠤᠭᠤᠳ ᠤᠨ ᠨᠢᠭᠡ ᠪᠥᠭᠡᠳ ᠧᠦ᠋ᠷᠣᠫᠠ ᠶᠢᠨ ᠨᠢᠭᠡᠳᠦᠯ ᠦᠨ ᠲᠥᠪ ᠪᠠᠶᠢᠷᠢ ᠨᠢ ᠡᠨᠳᠡ ᠪᠠᠶᠢᠷᠢᠯᠠᠨ᠎ᠠ᠃ ᠭᠠᠵᠠᠷ ᠨᠤᠲᠤᠭ ᠨᠢ 30,528 ᠺᠦᠸᠠᠳ᠋ ᠺᠢᠯᠣᠮᠧᠲ᠋ᠷ ᠪᠥᠭᠡᠳ ᠬᠦᠮᠦᠨ ᠠᠮᠠ ᠨᠢ 1050 ᠲᠦᠮᠡ ᠣᠷᠴᠢᠮ ᠶᠤᠮ᠃

ᠭᠧᠷᠮᠠᠨ ᠪᠣᠯᠤᠨ ᠯᠠᠲ᠋ᠢᠨ ᠧᠦ᠋ᠷᠣᠫᠠ ᠶᠢᠨ ᠰᠤᠶᠤᠯ ᠤᠳ ᠤᠨ ᠬᠢᠯᠢ ᠳᠡᠭᠡᠷ᠎ᠡ ᠤᠷᠤᠰᠢᠬᠤ ᠪᠧᠯᠬᠢ ᠤᠯᠤᠰ ᠤᠨ ᠬᠠᠮᠤᠭ ᠤᠨ ᠲᠣᠮᠣ ᠪᠥᠰᠡ ᠨᠦᠭᠦᠳ ᠨᠢ ᠬᠣᠢᠳᠤ ᠲᠠᠯ᠎ᠠ ᠶᠢᠨ ᠬᠣᠯᠠᠨᠳ᠋ ᠬᠡᠯᠡ ᠪᠡᠷ ᠶᠠᠷᠢᠳᠠᠭ ᠹᠯᠢᠨᠳᠧᠷᠰ (ᠬᠦᠮᠦᠨ ᠠᠮᠠ ᠶᠢᠨ 58%)᠂ ᠹᠷᠠᠨᠼᠢ ᠬᠡᠯᠡ ᠪᠡᠷ ᠶᠠᠷᠢᠳᠠᠭ ᠡᠮᠦᠨᠡᠲᠦ ᠲᠠᠯ᠎ᠠ ᠶᠢᠨ ᠸᠠᠯᠯᠤᠨᠢᠪᠠᠨ (32%) ᠶᠤᠮ᠃ ᠨᠡᠶᠢᠰᠯᠡᠯ ᠪᠷᠣᠰᠸᠸᠯ ᠦᠨ ᠪᠥᠰᠡ ᠨᠢ ᠠᠯᠪᠠᠨ ᠶᠣᠰᠣᠨ ᠤ ᠬᠣᠶᠠᠷ ᠬᠡᠯᠡ ᠲᠡᠢ ᠪᠣᠯᠪᠠᠴᠤ ᠭᠣᠣᠯᠳᠠᠭᠤ ᠹᠷᠠᠨᠼᠢ ᠬᠡᠯᠡ ᠲᠡᠢ᠂ ᠹᠯᠢᠨᠳᠧᠷᠰ ᠪᠥᠰᠡ ᠶᠢᠨ ᠳᠤᠮᠳᠠ᠂ ᠸᠠᠯᠯᠠᠨ ᠤ ᠪᠥᠰᠡ ᠶᠢᠨ ᠣᠷᠴᠢᠮ ᠤᠷᠤᠰᠢᠬᠤ ᠪᠥᠭᠡᠳ ᠬᠦᠮᠦᠨ ᠠᠮᠠ ᠶᠢᠨ 10% ᠨᠢ ᠠᠮᠢᠳᠤᠷᠠᠳᠠᠭ᠃ ᠵᠡᠭᠦᠨ ᠸᠠᠯᠯᠣᠨᠢ ᠳᠤ ᠭᠧᠷᠮᠠᠨ ᠬᠡᠯᠡ ᠪᠡᠷ ᠶᠠᠷᠢᠳᠠᠭ ᠵᠢᠵᠢᠭ ᠬᠦᠮᠦᠨ ᠠᠮᠠ ᠪᠤᠢ᠃ ᠪᠧᠯᠬᠢ ᠶᠢᠨ ᠬᠡᠯᠡᠨ ᠦ ᠣᠯᠠᠨ ᠶᠠᠩᠵᠤ ᠪᠠᠶᠢᠳᠠᠯ᠂ ᠤᠯᠤᠰ ᠲᠥᠷᠥ᠂ ᠰᠤᠶᠤᠯ ᠤᠨ ᠰᠥᠷᠭᠡᠯᠳᠦᠭᠡᠨ ᠨᠦᠭᠦᠳ ᠨᠢ ᠤᠯᠤᠰ ᠲᠥᠷᠥ ᠶᠢᠨ ᠲᠡᠦᠬᠡ᠂ ᠵᠠᠰᠠᠭᠯᠠᠯ ᠤᠨ ᠲᠥᠪᠡᠭᠲᠡᠢ ᠰᠢᠰᠲ᠋ᠧᠮ ᠳᠦ ᠲᠤᠰᠬᠠᠯ ᠢᠶᠠᠨ ᠣᠯᠵᠠᠢ᠃

ᠪᠧᠯᠬᠢ ᠭᠡᠰᠡᠨ ᠨᠡᠷ᠎ᠡ ᠨᠢ Gallia Belgica ᠭᠡᠭᠴᠢ ᠭᠠᠯᠯ ᠍ ᠤᠨ ᠬᠣᠶᠢᠳᠤ ᠬᠡᠰᠡᠭ ᠲᠦ ᠤᠷᠤᠰᠢᠬᠤ ᠷᠤᠮᠠᠨᠢᠶ ᠠ ᠡᠵᠡᠨᠲᠦ ᠭᠦᠷᠦᠨ ᠦ ᠮᠤᠵᠢ ᠶᠢᠨ ᠨᠡᠷ᠎ᠡ ᠡᠴᠡ ᠭᠠᠷᠤᠯ ᠲᠠᠢ᠃ ᠡᠨᠳᠡ ᠪᠧᠯᠭᠢ (Belgae) ᠭᠡᠭᠴᠢ ᠭᠧᠷᠮᠠᠨ ᠤ ᠬᠦᠮᠦᠨ ᠠᠮᠠ ᠠᠮᠢᠳᠤᠷᠠᠵᠤ ᠪᠠᠶᠢᠴᠠᠢ᠃ ᠲᠡᠦᠬᠡ ᠶᠢᠨ ᠬᠤᠪᠢ ᠳᠤ ᠪᠧᠯᠬᠢ᠂ ᠬᠣᠯᠠᠨᠳ᠋ᠯᠦᠺᠰᠧᠨᠪᠦ᠋ᠷᠦᠺ ᠤᠯᠤᠰ ᠤᠳ ᠨᠢ ᠨᠠᠮ ᠳᠣᠣᠷ᠎ᠠ ᠤᠯᠤᠰ ᠤᠳ ᠭᠡᠭᠳᠡᠳᠡᠭ ᠪᠠᠶᠢᠭᠰᠠᠨ ᠪᠥᠭᠡᠳ ᠡᠨᠡ ᠨᠢ ᠣᠳᠣ ᠶᠢᠨ ᠪᠧᠨᠯᠶᠤᠶᠢᠺᠰ ᠬᠣᠯᠪᠣᠭᠠᠨ ᠠᠴᠠ ᠠᠷᠠᠢ ᠢᠯᠡᠭᠦᠦ ᠭᠠᠵᠠᠷ ᠢ ᠡᠵᠡᠯᠡᠳᠡᠭ ᠪᠠᠶᠢᠪᠠ᠃ ᠳᠤᠮᠳᠠᠳᠤ ᠵᠠᠭᠤᠨ ᠤ ᠦᠶᠡᠰ ᠬᠤᠳᠠᠯᠳᠤᠭ᠎ᠠ᠂ ᠰᠤᠶᠤᠯ ᠤᠷᠠᠯᠢᠭ ᠤᠨ ᠲᠣᠮᠣᠬᠠᠨ ᠲᠥᠪ ᠪᠠᠶᠢᠴᠠᠢ᠃ 16 ᠳ᠋ᠣᠭᠠᠷ ᠵᠠᠭᠤᠨ ᠠᠴᠠ 1830 ᠣᠨ ᠤ ᠬᠤᠪᠢᠰᠬᠠᠯ ᠬᠦᠷᠲᠡᠯ᠎ᠡ ᠪᠧᠯᠭᠢ ᠶᠢᠨ ᠨᠤᠲᠤᠭ ᠳᠡᠪᠢᠰᠬᠡᠷ ᠳᠡᠭᠡᠷ᠎ᠡ ᠣᠯᠠᠨ ᠧᠦ᠋ᠷᠣᠫᠠ ᠶᠢᠨ ᠤᠯᠤᠰ ᠤᠳ ᠳᠠᠶᠢᠲᠤᠵᠤ ᠪᠠᠶᠢᠭᠰᠠᠨ ᠪᠥᠭᠡᠳ ᠦᠷ᠎ᠡ ᠳ᠋ᠦᠩ ᠳᠦ ᠨᠢ "ᠧᠦ᠋ᠷᠣᠫᠠ ᠶᠢᠨ ᠳᠠᠶᠢᠨ ᠤ ᠲᠠᠪᠴᠠᠩ" ᠭᠡᠭᠳᠡᠬᠦ ᠪᠣᠯᠤᠭᠰᠠᠨ ᠪᠠᠶᠢᠨ᠎ᠠ᠃ ᠲᠤᠰᠠᠭᠠᠷ ᠲᠣᠭᠲᠠᠨᠢᠭᠰᠠᠨ ᠠᠴᠠ ᠬᠣᠶᠢᠰᠢ ᠪᠧᠯᠬᠢ ᠨᠢ ᠠᠵᠤ ᠦᠢᠯᠡᠳᠪᠦᠷᠢ ᠶᠢᠨ ᠬᠤᠪᠢᠰᠬᠠᠯ ᠳᠦ ᠢᠳᠡᠪᠬᠢ ᠲᠡᠢ ᠣᠷᠣᠯᠴᠠᠨ ᠪᠠᠶᠠᠵᠢᠵᠤ᠂ ᠬᠡᠷᠡᠭᠴᠡᠭᠡᠳᠦ ᠲᠦᠭᠦᠬᠡᠢ ᠡᠳ᠋ ᠍ ᠢᠶᠡᠨ ᠣᠯᠬᠤ ᠶᠢᠨ ᠲᠤᠯᠠᠳᠠ ᠠᠹᠷᠢᠺᠠ ᠳᠤ ᠣᠯᠠᠨ ᠺᠣᠯᠣᠨᠢ ᠍ ᠶᠢ ᠪᠠᠶᠢᠭᠤᠯᠵᠠᠢ᠃

ᠨᠡᠢᠢᠰᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠪᠷᠣᠰᠸᠸᠯ
ᠪᠷᠣᠰᠸᠸᠯ ᠬᠣᠲᠠ

ᠪᠷᠣᠰᠸᠸᠯ (ᠹᠷᠠᠨᠼᠢ ᠪᠠᠷ Bruxelles, ᠬᠣᠯᠠᠨᠳ᠋ ᠢᠶᠡᠷ Brussel) ᠨᠢ ᠪᠧᠯᠬᠢ ᠍ ᠶᠢᠨ ᠬᠠᠮᠤᠭ ᠤᠨ ᠲᠣᠮᠣ ᠬᠣᠲᠠ ᠪᠥᠭᠡᠳ ᠧᠦ᠋ᠷᠣᠫᠠ ᠶᠢᠨ ᠬᠣᠯᠪᠣᠭᠠᠨ ᠤ ᠵᠠᠰᠠᠭ ᠵᠠᠬᠢᠷᠭᠠᠨ ᠤ ᠲᠥᠪ ᠨᠢ ᠶᠤᠮ᠃ ᠪᠷᠣᠰᠸᠸᠯ-ᠨᠡᠶᠢᠰᠯᠡᠯ ᠦᠨ ᠪᠥᠰᠡ ᠳᠠᠬᠢ ᠪᠷᠣᠰᠸᠸᠯ ᠬᠣᠲᠠ ᠨᠢ ᠤᠯᠤᠰ ᠤᠨ ᠨᠡᠶᠢᠰᠯᠡᠯ ᠨᠢ ᠪᠣᠯᠤᠨ᠎ᠠ᠃ ᠥᠨᠥ ᠶᠢᠨ ᠪᠷᠣᠰᠸᠸᠯ ᠬᠣᠲᠠ ᠨᠢ ᠶᠡᠬᠡ ᠺᠠᠷᠯ ᠍ ᠤᠨ ᠠᠴᠢ ᠬᠦᠦ ᠶᠢᠨ ᠪᠠᠶᠢᠭᠤᠯᠤᠭᠰᠠᠨ ᠴᠠᠶᠢᠵᠠ ᠠᠴᠠ ᠨᠢᠭᠡ ᠰᠠᠶ᠎ᠠ ᠭᠠᠷᠤᠢ ᠣᠷᠣᠰᠢᠨ ᠰᠠᠭᠤᠭᠴᠢ ᠲᠠᠢ ᠲᠣᠮᠣ ᠬᠣᠳᠠ ᠪᠣᠯᠲᠠᠯ᠎ᠠ ᠪᠠᠨ ᠬᠥᠭᠵᠢᠵᠡᠢ᠃

ᠪᠷᠣᠰᠸᠸᠯ ᠨᠢ ᠧᠦ᠋ᠷᠣᠫᠠ ᠶᠢᠨ ᠬᠣᠯᠪᠣᠭᠠᠨ ᠤ 《ᠨᠡᠶᠢᠰᠯᠡᠯ 》 ᠭᠡᠭᠳᠡᠳᠡᠭ ᠪᠥᠭᠡᠳ ᠺᠣᠮᠢᠰ᠂ ᠫᠠᠷᠯᠠᠮᠧᠨᠲ᠂ ᠵᠥᠪᠯᠡᠯ ᠭᠡᠰᠡᠨ ᠧᠦ᠋ᠷᠣᠫᠠ ᠶᠢᠨ ᠬᠣᠯᠪᠣᠭᠠᠨ ᠤ ᠭᠣᠣᠯ ᠬᠡᠰᠡᠭ ᠦᠳ ᠡᠨᠳᠡ ᠪᠠᠶᠢᠷᠢᠯᠠᠨ᠎ᠠ᠃ ᠧᠦ᠋ᠷᠣᠫᠠ ᠶᠢᠨ ᠣᠯᠠᠨ ᠪᠠᠶᠢᠭᠤᠯᠤᠯᠭ᠎ᠠ ᠨᠤᠭᠤᠳ ᠪᠣᠯᠤᠨ North Atlantic Treaty Organization ᠍ ᠦᠨ ᠲᠥᠪ ᠦᠳ ᠡᠨᠳᠡ ᠪᠠᠶᠢᠷᠢᠯᠠᠳᠠᠭ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Population statistics". Statistics Belgium,
  2. "Belgium". International Monetary Fund
  3. "Human Development Report 2013".
http://wiki.uhaan.com/index.php?title=ᠪᠧᠯᠬᠢ&oldid=467578》 ᠍  ᠡᠴᠡ ᠠᠪᠤᠭᠰᠠᠨ

ᠪᠢᠴᠢᠭᠡᠰᠦ