ᠪᠢᠣᠯᠣᠭᠢ ᠶᠢᠨ ᠠᠩᠭᠢᠯᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
16:49, 20 ᠠᠷᠪᠠᠨ ᠬᠤᠶᠠᠳᠤᠭᠠᠷ ᠰᠠᠷ᠎ᠠ 2015- ᠶᠢᠨ ᠪᠠᠢᠢᠳᠠᠯ ᠶᠢᠡᠷ ᠬᠢ Narisu (ᠶᠠᠷᠢᠶ᠎ᠠ | ᠬᠤᠪᠢ ᠨᠡᠮᠡᠷᠢ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ

ᠠᠮᠢᠳᠤ ᠪᠡᠶᠡᠰ ᠢ ᠤᠳᠤᠮ ᠲᠥᠷᠥᠯ ᠦᠨ ᠢᠵᠢᠯ ᠲᠥᠰᠲᠡᠢ ᠪᠣᠯᠤᠨ ᠢᠯᠭᠠᠭ᠎ᠠ ᠲᠠᠢ ᠪᠠᠶᠢᠳᠠᠯ ᠳᠤ ᠲᠤᠯᠭᠠᠭᠤᠷᠢᠯᠠᠨ ᠪᠦᠯᠦᠭᠯᠡᠨ ᠬᠤᠪᠢᠶᠠᠬᠤ ᠵᠣᠷᠢᠯᠭ᠎ᠠ ᠪᠦᠬᠦᠢ ᠪᠢᠣᠯᠣᠭᠢ ᠶᠢᠨ ᠰᠢᠨᠵᠢᠯᠡᠬᠦ ᠤᠬᠠᠭᠠᠨ ᠤ ᠤᠬᠠᠭᠳᠠᠬᠤᠨ ᠢ ᠪᠢᠣᠯᠣᠭᠢ ᠶᠢᠨ ᠠᠩᠬᠢᠯᠠᠯ ᠭᠡᠳᠡᠭ᠃

ᠰᠲ᠋ᠠᠨᠳᠠᠷᠲ ᠠᠩᠬᠢᠯᠠᠯ᠂ ᠲᠡᠭᠦᠨ ᠦ ᠦᠨᠳᠦᠰᠦ ᠶᠢ Kᠠᠷᠯ ᠯᠢᠨᠡᠨᠢ ᠲᠠᠯᠪᠢᠵᠠᠢ᠃ ᠲᠡᠷᠡᠪᠡᠷ ᠵᠦᠢᠯ ᠦᠳ ᠢ ᠲᠥᠰᠲᠡᠢ ᠹᠢᠽᠢᠺ ᠰᠢᠨᠵᠢ ᠴᠢᠨᠠᠷ ᠢᠶᠠᠷ ᠨᠢ ᠪᠦᠯᠦᠭᠯᠡᠵᠦ ᠬᠤᠪᠢᠶᠠᠴᠠᠢ᠃ ᠮᠥᠨ ᠲᠡᠷᠡ ᠠᠩᠬ᠎ᠠ ᠤᠳᠠᠭ᠎ᠠ ᠤᠷᠭᠤᠮᠠᠯ᠂ ᠠᠮᠢᠲᠠᠨ ᠤ ᠵᠦᠢᠯ ᠲᠤᠰ ᠪᠦᠷᠢ ᠳᠦ ᠬᠣᠣᠰ ᠨᠡᠷᠡᠰᠢᠯ ᠢ ᠠᠩᠬ᠎ᠠ ᠨᠡᠪᠲᠡᠷᠡᠭᠦᠯᠵᠡᠢ᠃ ᠬᠣᠣᠰ ᠨᠡᠷᠡᠰᠢᠯ ᠨᠢ ᠲᠥᠷᠥᠯ ᠦᠨ ᠨᠡᠷ᠎ᠡ ᠶᠢᠨ ᠠᠷᠤ ᠠᠴᠠ ᠲᠤᠬᠠᠢ ᠶᠢᠨ ᠵᠦᠢᠯ ᠠᠮᠢᠲᠠᠨ ᠢ ᠲᠣᠳᠣᠷᠬᠠᠶᠢᠯᠠᠬᠤ ᠨᠡᠷ᠎ᠡ ᠶᠢ ᠵᠠᠯᠭᠠᠨ ᠨᠡᠷᠡᠯᠡᠬᠦ ᠵᠠᠷᠴᠢᠮ᠃ Homo sapiens ᠭᠡᠳᠡᠭ ᠨᠢ ᠬᠦᠮᠦᠨ ᠦ ᠪᠢᠣᠯᠣᠭᠢ ᠶᠢᠨ ᠵᠦᠢᠯ ᠦᠨ ᠨᠡᠷ᠎ᠡ ᠪᠥᠭᠡᠳ ᠬᠣᠮᠣ ᠲᠥᠷᠥᠯ ᠦᠨ ᠬᠣᠮᠣ ᠰᠠᠫᠧᠨᠰ ᠵᠦᠢᠯ ᠪᠤᠶᠤ ᠤᠬᠠᠭᠠᠨᠲᠤ ᠬᠦᠮᠦᠨ᠂ ᠣᠷᠴᠢᠨ ᠦᠶ᠎ᠡ ᠶᠢᠨ ᠬᠦᠮᠦᠨ ᠭᠡᠵᠦ ᠣᠶᠢᠯᠠᠭᠠᠨ᠎ᠠ᠃ Homo neanderthalesis ᠭᠡᠪᠡᠯ ᠮᠥᠨ ᠯᠠ ᠬᠣᠮᠣ ᠲᠥᠷᠥᠯ ᠦᠨ ᠬᠣᠮᠣ ᠨᠧᠦᠨᠳᠠᠷᠲᠠᠯ ᠪᠤᠶᠤ ᠪᠢᠳᠡᠨ ᠦ ᠬᠡᠯᠡᠵᠦ ᠵᠠᠩᠰᠢᠭᠰᠠᠨ ᠢᠶᠠᠷ ᠨᠧᠶᠠᠩᠳᠠᠲ᠋ᠠᠯ ᠬᠦᠮᠦᠨ᠃ ᠲᠥᠷᠥᠯ ᠵᠦᠢᠯ ᠦᠨ ᠬᠣᠣᠰ ᠨᠡᠷᠡᠰᠢᠯ ᠢ ᠨᠠᠯᠠᠤ ᠦᠰᠦᠭ ᠢᠶᠡᠷ ᠪᠢᠴᠢᠬᠦ ᠪᠠ ᠰᠢᠨᠵᠢᠯᠡᠬᠦ ᠤᠬᠠᠭᠠᠨ ᠤ ᠥᠭᠦᠯᠡᠯ ᠠᠯᠢᠪᠠ ᠠᠮᠢᠲᠠᠨ ᠤ ᠨᠡᠷ᠎ᠡ ᠶᠢ ᠵᠠᠪᠠᠯ ᠯᠠᠲ᠋ᠢᠨ ᠨᠡᠷ᠎ᠡ ᠶᠢ ᠡᠬᠢᠯᠡᠨ ᠳᠤᠷᠢᠳᠠᠨ᠂ ᠴᠢᠨᠠᠭᠰᠢᠳᠠ ᠥᠭᠡᠷ᠎ᠡ ᠠᠮᠢᠲᠠᠨ ᠲᠠᠢ ᠬᠣᠯᠢᠵᠤ ᠣᠶᠢᠯᠠᠭᠠᠬᠤ ᠠᠴᠠ ᠰᠡᠷᠭᠡᠶᠢᠯᠡᠳᠡᠭ᠃

ᠢᠩᠭᠢᠵᠦ ᠪᠦᠯᠦᠭᠯᠡᠨ ᠬᠤᠪᠢᠶᠠᠬᠤ ᠳᠤ ᠪᠠᠨ ᠨᠡᠶᠢᠲᠡᠯᠢᠭ ᠨᠢᠭᠡ ᠡᠪᠦᠭᠡ ᠡᠴᠡ ᠡᠭᠦᠰᠦᠯ ᠲᠡᠢ ᠬᠡᠮᠡᠬᠦ ᠳᠠᠷᠪᠢᠨ ᠤ ᠵᠠᠷᠴᠢᠮ ᠲᠠᠢ ᠨᠡᠶᠢᠴᠡᠭᠦᠯᠦᠨ ᠵᠠᠰᠠᠪᠤᠷᠢᠯᠠᠭᠰᠠᠭᠠᠷ ᠢᠷᠡᠭᠰᠡᠨ᠃ ᠮᠣᠯᠧᠺᠤᠯ ᠧᠣᠣᠯᠢᠶᠦ᠋ᠼ ᠦᠨ ᠰᠤᠳᠤᠯᠭ᠎ᠠ ᠨᠢ ᠳᠧᠽᠣᠺᠰᠢᠷᠢᠪᠨᠢᠺᠯᠧᠢᠨ ᠦ ᠬᠦᠴᠢᠯ ᠍ ᠦᠨ ᠳᠠᠷᠠᠭᠠᠯᠠᠯ ᠳᠤ ᠬᠢᠭᠰᠡᠨ ᠰᠢᠨᠵᠢᠯᠡᠭᠡᠨ ᠳᠦ ᠦᠨᠳᠦᠰᠦᠯᠡᠨ ᠠᠩᠬᠢᠯᠠᠯᠵᠦᠢ ᠳᠤ ᠣᠯᠠᠨ ᠰᠢᠨ᠎ᠡ ᠵᠠᠰᠠᠪᠤᠷᠢ ᠶᠢ ᠣᠷᠣᠭᠤᠯᠵᠤ ᠪᠠᠶᠢᠭ᠎ᠠ ᠪᠥᠭᠡᠳ ᠴᠢᠨᠠᠭᠰᠢᠳᠠ ᠴᠤ ᠵᠠᠰᠠᠪᠤᠷᠢ ᠤᠷᠤᠬᠤ ᠲᠥᠯᠥᠪ ᠠᠵᠢᠭᠡᠯᠡᠭᠳᠠᠵᠤ ᠪᠠᠶᠢᠨ᠎ᠠ᠃ ᠪᠢᠣᠯᠣᠭᠢ ᠶᠢᠨ ᠠᠩᠬᠢᠯᠠᠯ ᠪᠣᠯ ᠠᠩᠬᠢᠯᠠᠯᠵᠦᠢ ᠶᠢᠨ ᠰᠠᠯᠪᠤᠷᠢ ᠤᠬᠠᠭᠠᠨ ᠤ ᠪᠦᠲᠦᠭᠡᠭᠳᠡᠬᠦᠨ ᠶᠤᠮ᠃

ᠨᠢᠭᠡ ᠪᠦᠯᠦᠭ ᠲᠦ ᠪᠠᠭᠳᠠᠵᠣ ᠪᠠᠶᠢᠭ᠎ᠠ ᠠᠮᠢᠳᠤ ᠪᠡᠶᠡᠲᠦ ᠶᠢᠨ ᠬᠣᠭᠣᠷᠣᠨᠳᠣᠬᠢ ᠲᠥᠰᠲᠡᠢ ᠪᠠᠶᠢᠳᠠᠯ ᠢ ᠳᠤᠷ᠎ᠠ ᠵᠣᠷᠭ᠎ᠠ ᠪᠠᠷ ᠰᠢᠢᠳᠪᠦᠷᠢᠯᠡᠬᠦ ᠦᠭᠡᠢ᠂ ᠬᠠᠷᠢᠨ ᠨᠠᠷᠢᠨ ᠲᠣᠭᠲᠠᠭᠠᠭᠰᠠᠨ ᠠᠷᠭᠠᠴᠢᠯᠠᠯ ᠮᠡᠳᠡᠭᠡᠯᠡᠯ ᠳᠦ ᠲᠤᠯᠭᠠᠭᠤᠷᠢᠯᠠᠨ ᠲᠣᠭᠲᠠᠭᠠᠨ᠎ᠠ᠃ ᠢᠵᠢᠯ ᠰᠢᠨᠵᠢ ᠴᠢᠨᠠᠷ ᠨᠢ ᠬᠠᠮᠤᠭ ᠤᠨ ᠣᠶᠢᠷ᠎ᠠ ᠶᠢᠨ ᠨᠡᠶᠢᠯᠡᠭ ᠨᠢᠭᠡ ᠡᠪᠦᠭᠡ ᠡᠴᠡ ᠤᠯᠠᠮᠵᠢᠯᠠᠭᠰᠠᠨ ᠪᠠᠶᠢᠬᠤ ᠶᠣᠰᠣᠲᠠᠢ᠃ ᠡᠶᠢᠮᠦ ᠡᠴᠡ ᠪᠢᠣᠯᠣᠭᠢ ᠶᠢᠨ ᠠᠩᠬᠢᠯᠠᠯ ᠳᠤ ᠬᠡᠷᠡᠭᠯᠡᠭᠳᠬᠤ ᠴᠢᠬᠤᠯᠠ ᠰᠢᠨᠵᠢ ᠴᠢᠨᠠᠷ ᠪᠣᠯ ᠬᠣᠮᠣᠯᠣᠭ ᠰᠢᠨᠵᠢ ᠨᠦᠭᠦᠳ ᠲᠡᠢ ᠪᠠᠶᠢᠬᠤ ᠶᠤᠮ᠃ ᠬᠣᠮᠣᠯᠣᠭ ᠰᠢᠨᠵᠢ ᠭᠡᠳᠡᠭ ᠨᠢᠭᠡ ᠡᠪᠦᠭᠡ ᠡᠴᠡ ᠭᠠᠷᠤᠯ ᠲᠠᠢ ᠢᠵᠢᠯ ᠲᠥᠰᠲᠡᠢ ᠰᠢᠨᠵᠢ ᠶᠢ ᠢᠯᠡᠷᠬᠡᠶᠢᠯᠡᠨ᠎ᠡ᠃[1] ᠬᠣᠮᠣᠯᠣᠭ ᠢᠵᠢᠯ ᠲᠥᠰ ᠲᠦ ᠴᠢᠨᠠᠷ ᠨᠢ ᠠᠨᠠᠯᠣᠭ ᠢᠵᠢᠯ ᠲᠥᠰ ᠲᠦ ᠴᠢᠨᠠᠷ ᠠᠴᠠ ᠢᠯᠭᠠᠭ᠎ᠠ ᠲᠠᠢ᠃ ᠰᠢᠪᠠᠭᠤ ᠪᠣᠯᠤᠨ ᠰᠠᠷᠢᠰᠤᠨ ᠪᠠᠭᠪᠠᠬᠠᠢ ᠬᠣᠶᠠᠭᠤᠯᠠ ᠨᠢᠰᠬᠦ ᠴᠢᠳᠠᠪᠤᠷᠢᠲᠠᠢ ᠪᠣᠯᠪᠠᠴᠤ ᠲᠡᠳᠡᠭᠡᠷ ᠢ ᠨᠢᠭᠡᠳᠬᠡᠨ ᠨᠢᠭᠡ ᠠᠩᠬᠢᠯᠠᠯ ᠳᠤ ᠣᠷᠣᠭᠤᠯᠳᠠᠭ ᠦᠭᠡᠢ᠃ ᠤᠴᠢᠷ ᠨᠢ ᠲᠡᠳᠡ ᠡᠨᠡ ᠴᠢᠨᠠᠷ ᠢ ᠨᠢᠭᠡᠳᠦᠮᠡᠯ ᠨᠢᠭᠡ ᠡᠪᠦᠭᠡ ᠡᠴᠡ ᠥᠪᠯᠡᠵᠦ ᠠᠪᠤᠭ᠎ᠠ ᠦᠭᠡᠢ᠃ ᠰᠢᠪᠠᠭᠤ ᠡᠭᠦᠰᠦᠨ ᠪᠤᠢ ᠪᠣᠯᠬᠤ ᠳᠤ ᠪᠠᠨ ᠬᠡᠪᠡᠯᠢ ᠪᠡᠷ ᠶᠠᠪᠤᠭᠴᠢ ᠨᠢᠰᠳᠡᠭ ᠦᠭᠡᠢ ᠡᠪᠦᠭᠡ ᠡᠴᠡ ᠡᠭᠦᠰᠦᠭᠰᠡᠨ ᠪᠣᠯ ᠰᠠᠷᠢᠰᠤᠨ ᠪᠠᠭᠪᠠᠬᠠᠢ ᠰᠦ᠋ ᠍ ᠪᠡᠷ ᠪᠣᠶᠢᠵᠢᠭᠴᠢ ᠡᠪᠦᠭᠡ ᠡᠴᠡ ᠡᠭᠦᠰᠴᠡᠢ᠃

ᠬᠠᠷᠢᠨ ᠰᠠᠷᠢᠰᠤᠨ ᠪᠠᠭᠪᠠᠬᠠᠢ᠂ ᠬᠠᠯᠢᠮᠤ ᠬᠣᠶᠠᠷ ᠤᠨ ᠬᠣᠭᠣᠷᠣᠨᠳᠣᠬᠢ ᠣᠯᠠᠨ ᠢᠯᠭᠠᠭ᠎ᠠ ᠶᠢ ᠦᠯᠦ ᠬᠠᠷᠠᠭᠠᠯᠵᠠᠨ ᠵᠥᠪᠬᠡᠨ ᠦᠷ᠎ᠡ ᠲᠥᠯ ᠢᠶᠡᠨ ᠰᠦ᠋ ᠍ ᠪᠡᠷ ᠪᠣᠶᠢᠵᠢᠭᠤᠯᠳᠠᠭ ᠰᠢᠨᠵᠢ ᠳᠦ ᠦᠨᠳᠦᠰᠦᠯᠡᠨ ᠲᠡᠳᠡᠭᠡᠷ ᠢ ᠬᠥᠬᠥᠲᠡᠨ ᠳᠤ ᠬᠠᠮᠢᠶᠠᠷᠤᠭᠤᠯᠳᠠᠭ᠃ ᠤᠴᠢᠷ ᠨᠢ ᠲᠡᠳᠡ ᠨᠡᠶᠢᠲᠡᠯᠢᠭ ᠨᠢᠭᠡ ᠡᠪᠦᠭᠡ ᠡᠴᠡ ᠭᠠᠷᠤᠯᠲᠠᠢ ᠶᠤᠮ᠃

ᠬᠦᠮᠦᠰ ᠵᠦᠢᠯ ᠦᠳ ᠲᠤ ᠨᠡᠷ᠎ᠡ ᠣᠨᠣᠭᠠᠵᠤ ᠨᠡᠷᠡᠯᠡᠵᠦ ᠡᠬᠢᠯᠡᠬᠦ ᠦᠶ᠎ᠡ ᠳᠦ ᠯᠠᠲ᠋ᠢᠨ ᠬᠡᠯᠡ ᠳᠡᠯᠡᠬᠡᠢ ᠳᠠᠶᠠᠭᠠᠷ ᠬᠠᠮᠤᠭ ᠤᠨ ᠥᠷᠭᠡᠨ ᠬᠡᠷᠡᠭᠯᠡᠭᠳᠡᠳᠡᠭ ᠬᠡᠯᠡ ᠪᠠᠶᠢᠴᠠᠢ᠃ ᠡᠶᠢᠮᠦ ᠡᠴᠡ ᠪᠦᠬᠦ ᠵᠦᠢᠯ ᠦᠳ ᠥᠨᠥ ᠶᠢ ᠬᠦᠷᠲᠡᠯ᠎ᠡ ᠯᠠᠲ᠋ᠢᠨ ᠨᠡᠷᠡᠲᠡᠢ᠃ ᠡᠷᠳᠡᠮᠲᠡᠳ ᠥᠪᠡᠷᠰᠡᠳ ᠦᠨ ᠣᠯᠤᠭᠰᠠᠨ ᠰᠢᠨ᠎ᠡ ᠵᠦᠢᠯ ᠦᠨ ᠠᠯᠪᠠᠨ ᠶᠣᠰᠣᠨ ᠤ ᠲᠣᠳᠣᠬᠣᠶᠢᠯᠠᠯᠲᠠ ᠶᠢ ᠪᠢᠴᠢᠬᠦ ᠳᠦ ᠪᠡᠨ ᠯᠠᠲ᠋ᠢᠨ ᠬᠡᠯᠡ ᠶᠢ ᠬᠡᠷᠡᠭᠯᠡᠳᠡᠭ ᠪᠠᠶᠢᠪᠠ᠃ ᠨᠢᠭᠡ ᠵᠢᠯ ᠦᠨ ᠡᠮᠦᠨ᠎ᠡ ᠡᠴᠡ ᠠᠮᠢᠲᠠᠨ ᠰᠤᠳᠤᠯᠤᠭᠠᠴᠢᠳ ᠠᠮᠢᠲᠠᠳ ᠤᠨ ᠲᠣᠳᠣᠷᠬᠠᠶᠢᠯᠠᠯᠲᠠ ᠶᠢ ᠬᠢᠬᠦ ᠳᠦ ᠪᠡᠨ ᠯᠠᠲ᠋ᠢᠨ ᠬᠡᠯᠡ ᠶᠢ ᠠᠰᠢᠭᠯᠠᠬᠤ ᠶᠢᠨ ᠣᠷᠣᠨ ᠳᠤ ᠠᠩᠭᠯᠢ ᠬᠡᠯᠡ ᠶᠢ ᠬᠡᠷᠡᠭᠯᠡᠬᠦ ᠪᠣᠯᠵᠠᠢ᠃ 2012 ᠣᠨ ᠤ ᠨᠢᠭᠡᠳᠦᠭᠡᠷ ᠰᠠᠷ᠎ᠠ ᠶᠢᠨ ᠨᠢᠭᠡᠨ ᠡᠴᠡ ᠡᠬᠢᠯᠡᠨ ᠣᠯᠠᠨ ᠤᠯᠤᠰ ᠤᠨ ᠤᠷᠭᠤᠮᠠᠯ ᠰᠤᠳᠤᠯᠤᠯ ᠤᠨ ᠺᠣᠩᠷᠧᠰ ᠰᠢᠨ᠎ᠡ ᠤᠷᠭᠤᠮᠠᠯ ᠢ ᠲᠣᠳᠣᠷᠬᠠᠶᠢᠯᠠᠬᠤ ᠳᠤ ᠪᠠᠨ ᠠᠩᠭᠯᠢ ᠬᠡᠯᠡ ᠶᠢ ᠬᠡᠷᠡᠭᠯᠡᠬᠦ ᠪᠡᠷ ᠰᠢᠢᠳᠪᠦᠷᠢᠯᠡᠭᠰᠡᠨ᠃[2]

ᠨᠡᠷ᠎ᠡ ᠨᠦᠭᠦᠳ ᠦᠨ ᠲᠡᠭᠦᠰᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠷᠥᠯ ᠡᠴᠡ ᠳᠡᠭᠡᠭᠰᠢᠬᠢ ᠠᠩᠬᠢᠯᠠᠯ ᠤᠳ ᠦᠨᠳᠦᠰᠦᠨ ᠲᠥᠷᠥᠯ ᠦᠨ ᠢᠶᠡᠨ ᠨᠡᠷᠡᠨ ᠳᠦ ᠦᠨᠳᠦᠰᠦᠯᠡᠭᠰᠡᠨ ᠰᠲ᠋ᠠᠨᠳᠠᠷᠲ ᠲᠡᠭᠦᠰᠬᠡᠯ ᠲᠡᠢ᠃ ᠲᠡᠳᠡᠭᠡᠷ ᠲᠡᠭᠦᠰᠬᠡᠯ ᠦᠳ ᠢ ᠠᠯᠢ ᠠᠶᠢᠮᠠᠭ ᠲᠤ ᠬᠠᠮᠢᠶᠠᠷᠴᠢ ᠪᠠᠭ᠎ᠠ ᠠᠴᠠ ᠨᠢ ᠬᠠᠮᠢᠶᠠᠷᠤᠨ ᠲᠠᠯᠪᠢᠨ᠎ᠠ᠃ ᠵᠠᠷᠢᠮ ᠲᠣᠬᠢᠶᠠᠯᠳᠤᠯ ᠳᠤ ᠬᠦᠷᠢᠶ᠎ᠡ ᠠᠩᠭᠢ ᠠᠴᠠ ᠬᠠᠮᠢᠶᠠᠷᠤᠭᠤᠯᠵᠤ ᠲᠡᠭᠦᠰᠬᠡᠯ ᠲᠠᠯᠪᠢᠳᠠᠭ᠃ ᠳᠣᠣᠷᠠᠬᠢ ᠬᠦᠰᠦᠨᠦᠭᠲᠦ ᠡᠴᠡ ᠬᠠᠷᠠᠨ᠎ᠠ ᠤᠤ᠃


ᠵᠡᠷᠭᠡᠯᠡᠯ ᠤᠷᠭᠤᠮᠠᠯ ᠬᠥᠬᠡ ᠨᠣᠭᠣᠭᠠᠨ ᠵᠠᠮᠠᠭ ᠮᠥᠭᠥ ᠠᠮᠢᠲᠠᠨ
ᠬᠦᠷᠢᠶ᠎ᠡ/Phylum -phyta -mycota
ᠳᠡᠳ᠋ ᠬᠦᠷᠢᠶ᠎ᠡ/Subphylum -phytina -mycotina
ᠠᠩᠭᠢ -opsida -phyceae -mycetes
ᠳᠡᠳ᠋ ᠠᠩᠭᠢ -idae -phycidae -mycetidae
ᠳᠡᠭᠡᠳᠦ ᠪᠠᠭ -anae
ᠪᠠᠭ -ales
ᠳᠡᠳ᠋ ᠪᠠᠭ -ineae
ᠳ᠋ᠣᠣ ᠳᠤ ᠪᠠᠭ -aria
ᠳᠡᠭᠡᠳᠦ ᠣᠪᠤᠭ -acea -oidea
ᠣᠪᠤᠭ -aceae -idae
ᠳᠡᠳ᠋ ᠣᠪᠤᠭ -oideae -inae
ᠳ᠋ᠣᠣ ᠳᠤ ᠣᠪᠤᠭ/Infrafamily -eae -ini
ᠢᠵᠠᠭᠤᠷ -inae -ina

ᠺᠯᠠᠳ᠋ᠾᠠᠶᠢᠰᠮ ᠪᠤᠶᠤ ᠤᠳᠤᠮ ᠤᠨ ᠰᠠᠯᠠᠭ᠎ᠠ ᠡᠭᠦᠰᠭᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠣᠯᠣᠭᠢ ᠶᠢᠨ ᠠᠩᠬᠢᠯᠠᠯ ᠲᠠᠢ ᠬᠣᠯᠪᠣᠭ᠎ᠠ ᠲᠠᠢ ᠥᠭᠡᠷ᠎ᠡ ᠨᠢᠭᠡ ᠴᠢᠬᠤᠯᠠ ᠠᠷᠭᠠᠴᠢᠯᠠᠯ ᠪᠣᠯ ᠤᠳᠤᠮ ᠲᠥᠷᠥᠯ ᠦᠨ ᠰᠠᠯᠠᠭ᠎ᠠ ᠶᠢ ᠵᠢᠷᠤᠭᠯᠠᠬᠤ ᠶᠤᠮ᠃ ᠡᠨᠡ ᠠᠷᠭᠠᠴᠢᠯᠠᠯ ᠧᠣᠣᠯᠢᠶᠦ᠋ᠼ ᠦᠨ ᠮᠣᠳᠣ ᠶᠢ ᠰᠠᠯᠪᠤᠷᠢᠯᠠᠭᠤᠯᠬᠤ ᠳᠤ ᠦᠨᠳᠦᠰᠦᠯᠡᠳᠡᠭ᠃ ᠡᠭᠦᠨ ᠳᠦ ᠠᠩᠬᠢᠯᠠᠯ ᠤᠨ ᠰᠠᠯᠠᠭ᠎ᠠ ᠮᠥᠴᠢᠷ ᠢ ᠰᠢᠢᠳᠪᠦᠷᠢᠯᠡᠳᠡᠭ ᠰᠢᠨᠵᠢ ᠴᠢᠨᠠᠷ ᠤᠳ ᠢ ᠬᠡᠷᠡᠭᠯᠡᠳᠡᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠪᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Mayr, Ernst (2002). "Classifications and other ordering systems". J. Zool. Syst. Evol. Research 40 (4): 169–94. DOI:10.1046/j.1439-0469.2002.00211.x.
  2. Error on call to Template:cite web: Parameters url and title must be specifiedHiggins, Adrian (January 19, 2012). . Washington Post.
de:Taxonomie#Taxonomie in der Biologie

nl:Taxonomie#Taxonomie in de biologie

ᠪᠢᠴᠢᠭᠡᠰᠦ