ᠪᠠᠭᠠᠷᠢᠨ ᠵᠡᠭᠦᠨ ᠬᠤᠰᠢᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
17:13, 29 ᠨᠠᠢᠮᠠᠳᠤᠭᠠᠷ ᠰᠠᠷ᠎ᠠ 2017- ᠶᠢᠨ ᠪᠠᠢᠢᠳᠠᠯ ᠶᠢᠡᠷ ᠬᠢ 58.18.128.148 (ᠶᠠᠷᠢᠶ᠎ᠠ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ
ᠪᠠᠭᠠᠷᠢᠨ ᠵᠡᠭᠦᠨ ᠬᠤᠰᠢᠭᠤ
ᠬᠤᠰᠢᠭᠤ

ᠪᠠᠭᠠᠷᠢᠨ ᠵᠡᠭᠦᠨ ᠬᠣᠰᠢᠭᠤ
ᠥᠪᠥᠷ ᠮᠣᠩᠭᠣᠯ ᠣᠷᠣᠨ ᠳᠠᠬᠢ ᠪᠠᠭᠠᠷᠢᠨ ᠵᠡᠭᠦᠨ ᠬᠣᠰᠢᠭᠤᠨ ᠤ ᠪᠠᠶᠢᠷᠢ ᠴᠡᠭ
ᠤᠯᠤᠰ ᠤᠷᠤᠨ Flag of the People's Republic of China.svg ᠬᠢᠲᠠᠳ
ᠮᠤᠵᠢ᠂ ᠣᠷᠣᠨ ᠥᠪᠥᠷ ᠮᠤᠩᠭᠤᠯ
ᠠᠶᠢᠮᠠᠭ᠂ ᠬᠤᠳᠠ ᠤᠯᠠᠭᠠᠨᠬᠠᠳᠠ ᠬᠤᠲᠠ
ᠬᠣᠰᠢᠭᠤ᠂ ᠰᠢᠶᠠᠨ ᠪᠠᠭᠠᠷᠢᠨ ᠵᠡᠭᠦᠨ ᠬᠤᠰᠢᠭᠤ
ᠰᠤᠮᠤ᠂ ᠰᠢᠶᠠᠩ᠂ ᠪᠠᠯᠭᠠᠰᠤ᠂ᠵᠡᠭᠡᠯᠢ 1.ᠯᠢᠨᠳᠦ᠋ᠩ ᠪᠠᠯᠭᠠᠰᠤ
2.ᠯᠦᠩ ᠴᠠᠩ ᠪᠠᠯᠭᠠᠰᠤ
3.ᠠᠷᠪᠠᠨ ᠭᠤᠷᠪᠠᠨ ᠣᠪᠣᠭ᠎ᠠ ᠪᠠᠯᠭᠠᠰᠤ
4.ᠪᠢᠯᠡᠭᠦᠦᠲᠡᠢ ᠪᠠᠯᠭᠠᠰᠤ
5.ᠹᠦ᠋ ᠾᠧ ᠪᠠᠯᠭᠠᠰᠤ
6.ᠪᠠᠶᠠᠨ᠋ᠠᠭᠤᠯᠠ ᠪᠠᠯᠭᠠᠰᠤ
7.ᠬᠠᠷᠠᠬᠠᠳᠠ ᠪᠠᠯᠭᠠᠰᠤ
8.ᠴᠠᠭᠠᠨᠬᠠᠳᠠ ᠰᠤᠮᠤ
9.ᠤᠯᠠᠭᠠᠨᠳᠠᠪᠠᠭ᠎ᠠ ᠰᠤᠮᠤ
10.ᠰᠠᠨ ᠱᠠᠨ ᠰᠢᠶᠠᠩ
11.ᠬᠤᠸᠠᠵᠢᠯᠭ᠎ᠠ ᠰᠢᠶᠠᠩ
12. ᠪᠠᠷᠠᠭᠤᠨ ᠵᠡᠭᠡᠯᠢ
13.ᠵᠡᠭᠦᠨ ᠵᠡᠭᠡᠯᠢ
ᠭᠠᠵᠠᠷ ᠨᠤᠲᠤᠭ 6644 ᠺᠦᠸᠠᠳ᠋ ᠺᠢᠯᠣᠮᠧᠲ᠋ᠷ
ᠬᠦᠮᠦᠨ ᠠᠮᠠ (2010) 327765 ᠬᠦᠮᠦᠨ
ᠰᠢᠤᠳᠠᠨ ᠳᠤᠭᠠᠷ 025450

ᠪᠠᠭᠠᠷᠢᠨ ᠵᠡᠭᠦᠨ ᠬᠤᠰᠢᠭᠤ ᠨᠢ ᠥᠪᠥᠷ ᠮᠤᠩᠭᠤᠯ ᠤᠨ ᠵᠡᠭᠦᠨ ᠡᠮᠦᠨ᠎ᠡ ᠬᠡᠰᠡᠭ ᠲᠤ ᠤᠷᠤᠰᠢᠵᠤ᠂ ᠤᠯᠠᠭᠠᠨᠬᠠᠳᠠ ᠬᠤᠳᠠ ᠵᠢᠨ ᠬᠤᠶᠢᠲᠦ ᠬᠡᠰᠡᠭ ᠲᠦ ᠤᠷᠤᠰᠢᠨ᠎ᠠ᠃ ᠵᠡᠭᠦᠨ ᠤᠷᠲᠤᠷᠢᠭ ᠤᠨ 118°44᠎᠍~119°48᠂ ᠤᠮᠠᠷᠠᠳᠤ ᠦᠷᠭᠡᠷᠢᠭ ᠤᠨ 43°~ 48°48᠋᠌᠋᠌‍ ᠤᠨ ᠤᠷᠤᠨ ᠳ᠋ᠦ ᠪᠠᠶᠢᠨ᠎ᠠ᠃ ᠵᠡᠭᠦᠨ ᠲᠠᠯ᠎ᠠ ᠪᠠᠷ ᠵᠢᠡᠨ ᠠᠷᠤ ᠬᠤᠷᠴᠢᠨ ᠬᠤᠰᠢᠭᠤ᠂ ᠪᠠᠷᠠᠭᠤᠨ ᠡᠮᠦᠨ᠎ᠡ ᠲᠠᠯ᠎ᠠ ᠪᠠᠷ ᠵᠢᠡᠨ ᠪᠠᠭᠠᠷᠢᠨ ᠪᠠᠷᠠᠭᠤᠨ ᠬᠤᠰᠢᠭᠤ᠂ ᠬᠤᠶᠢᠲᠦ ᠲᠠᠯ᠎ᠠ ᠪᠠᠷ ᠵᠢᠡᠨ ᠰᠢᠯᠢ ᠵᠢᠨ ᠭᠣᠣᠯ ᠠᠶᠢᠮᠠᠭ ᠤᠨ ᠪᠠᠷᠠᠭᠤᠨ ᠦᠵᠦᠮᠦᠴᠢᠨ ᠬᠣᠰᠢᠭᠤ ᠲᠠᠢ ᠬᠢᠯᠢ ᠵᠠᠯᠭᠠᠵᠤ ᠂ ᠶᠡᠷᠦᠩᠬᠡᠢ ᠲᠠᠯᠠᠪᠠᠢ 6644 ᠺᠦᠸᠠᠳ᠋ ᠺᠢᠯᠤᠮᠸᠲ᠋ᠷ᠃ ᠬᠦᠮᠦᠨ ᠠᠮᠠ 327765[1]᠃ ᠬᠤᠰᠢᠭᠤᠨ ᠲᠥᠪ ᠨᠢ ᠯᠢᠨᠳᠦ᠋ᠩ ᠪᠠᠯᠭᠠᠰᠤ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠤᠨ ᠵᠡᠪᠰᠡᠭ  ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠢᠨ ᠡᠴᠡ ᠡᠮᠦᠨ᠎ᠡ 5300 ᠵᠢᠯ ᠎ᠤᠨ ᠳᠡᠷᠳᠡᠭᠡ ᠬᠢᠩᠭᠠᠨ ᠨᠢᠷᠤᠭᠤ ᠲᠠᠭᠠᠭᠰᠠᠨ ᠡᠷᠲᠡᠨ ᠤ ᠰᠢᠨ᠎ᠡ ᠴᠢᠯᠠᠭᠤᠨ ᠵᠡᠪᠰᠡᠭ ᠤᠨ ᠰᠤᠶᠤᠯ᠂ ᠦᠯᠵᠡᠶᠢᠮᠦ᠋ᠷᠡᠨ ᠤ ᠰᠠᠪᠠ ᠲᠠᠭᠠᠤ ᠤᠷᠤᠨ ᠳ᠋ᠦ ᠤᠯᠠ ᠮᠥᠷ ᠵᠢᠡᠨ ᠦᠯᠡᠳᠡᠭᠡᠵᠡᠢ᠃

ᠳ᠋ᠦᠩᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠠᠩ ᠤᠯᠤᠰ ᠲᠠᠢ ᠵᠡᠷᠭᠡᠴᠡᠭᠡ ᠦᠶ᠎ᠡ ᠳ᠋ᠦ ᠲᠤᠰ ᠭᠠᠵᠠᠷ ᠳ᠋ᠦᠩᠬᠤ ᠵᠢᠨ ᠬᠠᠷᠢᠶᠠᠨ ᠳ᠋ᠦ ᠪᠠᠶᠢᠪᠠ᠂ ᠴᠦᠨ ᠴᠢᠦ ᠵᠢᠨ ᠦᠶ᠎ᠡ ᠪᠠᠷ ᠳ᠋ᠦᠩᠬᠤ ᠵᠢᠨ ᠠᠶᠢᠮᠠᠭ ᠤᠨ ᠬᠤᠯᠪᠤᠭ᠎ᠠ ᠪᠦᠷᠢᠯᠳᠦᠵᠦ ᠡᠨᠡ ᠭᠠᠵᠠᠷ ᠳ᠋ᠦᠩᠬᠤ ᠵᠢᠨ ᠡᠮᠦᠨ᠎ᠡ ᠬᠢᠵᠠᠭᠠᠷ ᠪᠣᠯᠪᠠ᠃

ᠾᠦᠩᠨᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠨ ᠲᠤᠭᠠᠯᠠᠯ ᠡᠴᠡ ᠡᠮᠦᠨ᠎ᠡ 209 ᠤᠨ ᠳ᠋ᠦ ᠾᠦᠩᠨᠦ ᠵᠢᠨ ᠮᠤᠳᠤᠨ ᠴᠠᠨ ᠢᠦᠢ ᠳ᠋ᠦᠩᠬᠤ ᠵᠢ ᠮᠦᠬᠦᠭᠡᠵᠦ ᠂ ᠡᠨᠡ ᠭᠠᠵᠠᠷ ᠾᠦᠩᠨᠦ ᠵᠢᠨ ᠵᠡᠭᠦᠨ ᠭᠠᠷ ᠤᠨ ᠸᠠᠩ ᠤᠨ ᠬᠠᠷᠢᠶᠠᠨ ᠳ᠋ᠦ ᠤᠷᠤᠪᠠ᠃ ᠳ᠋ᠦᠩᠬᠤ ᠵᠢᠨ ᠨᠢᠭᠡ ᠬᠡᠰᠡᠭ ᠨᠢ ᠦᠬᠤᠸᠠᠨ ᠠᠭᠤᠯᠠᠨ᠎ᠠ ᠰᠢᠷᠭᠤᠵᠤ ᠂ ᠥᠪᠡᠷ ᠢ ᠪᠠᠨ ᠦᠬᠤᠸᠠᠨ ᠬᠡᠮᠡᠵᠦ᠂ ᠪᠠᠰᠠ ᠨᠢᠭᠡ ᠬᠡᠰᠡᠭ ᠨᠢ ᠰᠢᠶᠠᠨᠪᠢ ᠠᠭᠤᠯᠠᠨ᠎ᠠ ᠰᠢᠷᠭᠤᠵᠤ ᠥᠪᠡᠷ ᠢ ᠪᠠᠨ ᠰᠢᠶᠠᠨᠪᠢ ᠬᠡᠮᠡᠪᠡ᠃

ᠦᠬᠤᠸᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠨ ᠲᠤᠭᠠᠯᠠᠯ ᠡᠴᠡ ᠡᠮᠦᠨ᠎ᠡ 119 ᠤᠨ ᠳ᠋ᠦ ᠾᠦᠩᠨᠦ ᠬᠠᠨ ᠤᠯᠤᠰ ᠲᠦ ᠢᠯᠠᠭᠳᠠᠵᠤ ᠡᠨᠡ ᠭᠠᠵᠠᠷ ᠳ᠋ᠦᠩᠬᠤ ᠵᠢᠨ ᠰᠠᠯᠪᠤᠷᠢ ᠦᠬᠤᠸᠠᠨ ᠤ ᠬᠠᠷᠢᠶᠠᠨ ᠋ᠳ᠋ᠦ ᠤᠷᠤᠵᠠᠢ ᠃ ᠤᠨ ᠲᠤᠭᠠᠯᠠᠯ ᠤᠨ 46 ᠤᠨ ᠳ᠋ᠦ ᠦᠬᠤᠸᠠᠨ ᠾᠦᠩᠨᠦ ᠵᠢᠨ ᠲᠤᠳᠤᠭᠠᠳᠤ ᠵᠢᠨ ᠰᠠᠮᠠᠭᠤᠨ ᠢ ᠲᠠᠯᠢᠮᠳᠠᠭᠤᠯᠤᠨ ᠬᠠᠷᠢᠭᠤ ᠲᠠᠭᠠᠷᠢᠵᠤ ᠪᠠᠶᠢᠪᠠ ᠃

ᠰᠢᠶᠠᠨᠪᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠨ ᠲᠤᠭᠠᠯᠠᠯ ᠤᠨ 49 ᠤᠨ ᠡᠴᠡ ᠬᠤᠶᠢᠰᠢ ᠦᠬᠤᠸᠠᠨ ᠳᠤᠲᠤᠭᠰᠢ ᠨᠡᠭᠦᠭᠰᠡᠨ ᠤ ᠳᠠᠷᠠᠭ᠎ᠠ ᠡᠨᠡ ᠭᠠᠵᠠᠷ ᠳ᠋ᠦᠩᠬᠤ ᠵᠢᠨ ᠨᠦᠭᠦᠭᠡ ᠨᠢᠭᠡᠨ ᠰᠠᠯᠪᠤᠷᠢ ᠰᠢᠶᠠᠨᠪᠢ ᠵᠢᠨ ᠬᠠᠷᠢᠶᠠᠨ ᠳ᠋ᠦ ᠣᠷᠣᠪᠠ᠂ ᠤᠨ ᠲᠣᠭᠠᠯᠠᠯ ᠤᠨ 89 ᠤᠨ ᠳ᠋ᠤ ᠰᠢᠶᠠᠨᠪᠢ ᠾᠦᠩᠨᠦ ᠵᠢᠨ ᠬᠠᠭᠠᠨ ᠢ ᠠᠯᠠᠵᠤ ᠤᠮᠠᠷᠠᠳᠤ ᠾᠦᠩᠨᠦ ᠵᠢᠨ ᠬᠦᠴᠦ ᠢ ᠶᠡᠬᠡᠪᠡᠷ ᠪᠠᠭᠤᠷᠠᠭᠤᠯᠪᠠ᠂ ᠰᠡᠭᠦᠯᠡᠷ ᠨᠢ ᠰᠢᠶᠠᠨᠪᠢ ᠡᠮᠦᠨᠡᠳᠤ ᠾᠦᠩᠨᠦᠵᠡᠭᠦᠨ ᠬᠠᠨ ᠤᠯᠤᠰ ᠲᠠᠢ ᠬᠠᠪᠰᠤᠵᠤ ᠤᠮᠠᠷᠠᠲᠤ ᠾᠦᠩᠨᠦ ᠵᠢ ᠳᠣᠪᠲᠣᠯᠵᠤ᠂ ᠾᠦᠩᠨᠦ ᠵᠢᠨ ᠠᠷᠪᠠᠨ ᠲᠦᠮᠡᠨ ᠡᠷᠦᠬᠡ ᠪᠠᠭᠤᠵᠤ ᠦᠭᠭᠦᠨ ᠦᠪᠡᠷ ᠢ ᠪᠠᠨ ᠰᠢᠶᠠᠨᠪᠢ ᠭᠡᠪᠡ᠃ ᠤᠨ ᠲᠤᠭᠠᠯᠠᠯ  ᠤᠨ 156 ᠤᠨ ᠳ᠋ᠦ ᠲᠠᠨ ᠱᠢ ᠬᠤᠸᠠᠢ ᠰᠢᠶᠠᠨᠪᠢ ᠬᠠᠭᠠᠨᠳᠤ ᠤᠯᠤᠰ ᠢ ᠪᠠᠶᠢᠭᠤᠯᠤᠨ ᠂ ᠤᠯᠤᠰ ᠵᠢᠡᠨ ᠵᠡᠭᠦᠨ ᠳᠤᠮᠳᠠᠳᠤ ᠪᠠᠷᠠᠭᠤᠨ ᠭᠡᠵᠦ ᠬᠤᠪᠢᠶᠠᠨ ᠡᠨᠡ ᠭᠠᠵᠠᠷ ᠵᠡᠭᠦᠨ ᠭᠠᠷ ᠤᠨ ᠢᠦᠢ ᠸᠸᠨ ᠰᠢᠶᠠᠨᠪᠢ ᠵᠢᠨ ᠬᠠᠷᠢᠶᠠᠨ ᠳ᠋ᠦ ᠤᠷᠤᠪᠠ᠃ ᠤᠨ ᠲᠣᠭᠠᠯᠠᠯ  ᠤᠨ 344 ᠤᠨ ᠳ᠋ᠦ ᠮᠦᠷᠥᠩ ᠰᠢᠶᠠᠨᠪᠢ ᠢᠦᠢ ᠸᠸᠨ ᠰᠢᠶᠠᠨᠪᠢ ᠵᠢᠨ ᠽᠢ ᠮᠸᠩ ᠴᠤᠸᠠᠨ(ᠣᠳᠣ ᠵᠢᠨ ᠴᠣᠣᠶᠠᠩ ᠣᠷᠴᠢᠮ) ᠢ ᠳᠠᠭᠠᠷᠢᠨ ᠡᠵᠡᠯᠡᠵᠤ ᠂ ᠢᠦᠢ ᠸᠸᠨ ᠬᠠᠭᠠᠨ ᠭᠤᠪᠢ ᠤᠷᠤᠭᠤ ᠳᠤᠲᠠᠭᠠᠨ ᠂ ᠡᠨᠡ ᠭᠠᠵᠠᠷ ᠮᠦᠷᠥᠩ ᠰᠢᠶᠠᠨᠪᠢ ᠵᠢᠨ ᠡᠮᠦᠨᠡᠲᠤ ᠶᠠᠨ ᠤᠯᠤᠰ ᠤᠨ ᠬᠠᠷᠢᠶᠠᠨ ᠳ᠋ᠦ ᠣᠷᠣᠵᠤ᠂ ᠢᠦᠢ ᠸᠸᠨ ᠰᠢᠶᠠᠨᠪᠢ ᠵᠢᠨ ᠲᠠᠳᠪᠢ(奚)᠂ ᠬᠢᠲᠠᠨ ᠨᠠᠷ ᠪᠤᠳᠠᠷᠠᠨ ᠰᠦ᠋ᠩ ᠮᠦᠸᠸ ᠤᠷᠤᠭᠤ ᠳᠤᠲᠠᠭᠠᠪᠠ᠃ ᠲᠤᠪᠠ ᠰᠢᠶᠠᠨᠪᠢ ᠵᠢᠨ ᠳ᠋ᠤᠤ ᠡᠤ ᠳ᠋ᠢ ᠬᠠᠭᠠᠨ ᠪᠠᠰᠠ ᠬᠢᠲᠠᠨ ᠲᠠᠳᠪᠢ ᠨᠠᠷ ᠢ ᠳᠠᠭᠠᠷᠢᠨ ᠪᠤᠲᠠᠷᠠᠭᠤᠯᠵᠤ᠂ ᠲᠠᠳᠪᠢ(奚)ᠲᠠᠬᠢᠨ ᠡᠨᠡ ᠭᠠᠵᠠᠷ ᠢᠷᠡᠵᠡᠢ᠃

ᠲᠦᠷᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

552 ᠤᠨ ᠳ᠋ᠦ ᠲᠦᠷᠦᠭ ᠮᠠᠨᠳᠤᠵᠤ ᠡᠨᠡ ᠭᠠᠵᠠᠷ ᠲᠦᠷᠦᠭ ᠤᠨ ᠬᠠᠷᠢᠶᠠᠨ ᠳ᠋ᠤ ᠣᠷᠣᠪᠠ᠃

ᠬᠢᠲᠠᠨ ᠯᠢᠶᠣᠣ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

860 ᠤᠨ- 873 ᠤᠨ ᠤ ᠤᠷᠴᠢᠮ ᠬᠢᠲᠠᠨ ᠮᠠᠨᠳᠤᠵᠦ ᠡᠬᠢᠯᠡᠨ ᠡᠨᠡ ᠭᠠᠵᠠᠷ ᠢ ᠲᠠᠳᠪᠢ(ᠰᠢ)ᠵᠢᠨ ᠭᠠᠷ ᠡᠴᠡ ᠤᠯᠵᠠᠢ᠃ ᠤᠨ ᠲᠣᠭᠠᠯᠠᠯ ᠤᠨ 909 ᠤᠨ ᠳ᠋ᠦ ᠶᠸᠯᠢᠦᠢ ᠠᠪᠤᠤᠵᠢ(ᠠᠮᠪᠠᠭᠢᠶᠠᠨ) ᠬᠢᠲᠠᠨ ᠬᠠᠭᠠᠨᠲᠤ ᠤᠯᠤᠰ ᠢ ᠪᠠᠶᠢᠭᠤᠯᠵᠤ ᠣᠳᠣ ᠵᠢᠨ ᠯᠢᠨᠳᠦ᠋ᠩᠣᠷᠴᠢᠮ ᠬᠠᠭᠠᠨ ᠣᠷᠳᠣ ᠪᠠᠶᠢᠭᠤᠯᠤᠨ᠂ 938 ᠤᠨ ᠳ᠋ᠦ ᠲᠠᠶᠢᠼᠦ᠋ᠩ ᠬᠠᠭᠠᠨ ᠡᠨᠡ ᠭᠠᠵᠠᠷ ᠢ ᠲᠡᠭᠡᠳᠤ ᠨᠠᠶᠢᠰᠯᠠᠯ (ᠱᠠᠩᠵᠢᠩ) ᠪᠣᠯᠭᠠᠵᠤ ᠂ ᠣᠷᠳᠣᠨ ᠪᠠᠶᠢᠭᠤᠯᠤᠨ ᠯᠢᠨᠬᠤᠸᠠᠩ ᠹᠦ᠋ ᠭᠡᠪᠡ᠃ ᠯᠢᠶᠣᠣ ᠤᠯᠤᠰ ᠤᠨ ᠲᠡᠦᠬᠡ ᠵᠢᠨ ᠭᠠᠵᠠᠷ ᠵᠦᠢ ᠵᠢᠨ ᠣᠢᠯᠠᠯᠭ᠎ᠠ ᠳ᠋ᠦ ᠲᠡᠮᠳᠡᠭᠯᠡᠭᠰᠡᠨ ᠵᠢᠡᠷ 《ᠯᠢᠨᠬᠤᠸᠠᠩ ᠹᠦ᠋ ᠵᠢᠨ ᠬᠠᠷᠢᠶᠠᠨ ᠳ᠋ᠤ ᠭᠤᠷᠪᠠᠨ ᠲᠦᠮᠡ ᠵᠢᠷᠭᠤᠭᠠᠨ ᠮᠢᠩᠭ᠎ᠠ ᠲᠠᠪᠤᠨ ᠵᠠᠭᠤᠨ ᠡᠷᠦᠬᠡ ᠂ ᠬᠣᠷᠢᠨ ᠲᠠᠪᠤᠨ ᠹᠦ᠋᠂ ᠵᠸᠦ᠂ ᠬᠣᠳᠠ ᠪᠠᠶᠢᠵᠤ ᠂ ᠰᠢᠶᠠᠨ ᠠᠷᠪᠠ ᠵᠢ ᠰᠢᠭᠤᠳ ᠵᠠᠬᠢᠷᠴᠦ ᠪᠠᠶᠢᠪᠠ᠃》ᠭᠡᠵᠦ ᠲᠡᠮᠳᠡᠭᠯᠡᠭᠰᠡᠨ ᠪᠠᠶᠢᠳᠠᠭ᠃ ᠡᠨᠡ ᠦᠶᠡᠰ ᠪᠠᠭᠠᠷᠢᠨ ᠵᠡᠭᠦᠨ ᠬᠤᠰᠢᠭᠤᠨ ᠤ ᠭᠠᠵᠠᠷ ᠨᠢ ᠬᠢᠲᠠᠨ ᠭᠦᠷᠦᠨ ᠤ ᠠᠵᠤ ᠠᠬᠤᠢ᠂ ᠤᠯᠤᠰ ᠲᠥᠷᠥ᠂ ᠰᠣᠶᠣᠯ  ᠤᠨ ᠲᠥᠪ ᠪᠣᠯᠵᠤ ᠪᠠᠶᠢᠵᠠᠢ ᠃ ᠬᠢᠲᠠᠨ ᠤ ᠳᠡᠭᠡᠳᠤ ᠨᠡᠶᠢᠰᠯᠠᠯ (ᠱᠠᠩᠵᠢᠩ) ᠤᠨ ᠪᠠᠭᠠᠷᠢᠨ ᠵᠡᠭᠦᠨ ᠬᠤᠰᠢᠭᠤ ᠣᠷᠴᠢᠮ ᠪᠠᠶᠢᠭᠤᠯᠤᠭᠰᠠᠨ ᠵᠸᠦ ᠰᠢᠶᠠᠨ ᠤᠳ ᠄ ᠱᠠᠩᠵᠢᠩ ᠤᠨ ᠬᠠᠷᠢᠶᠠᠨ ᠤ ᠽᠦ ᠵᠸᠦ ᠬᠣᠳᠠ (ᠶᠧᠯᠢᠦᠢ ᠠᠮᠪᠠᠭᠢᠶᠠᠨ ᠤ ᠲᠥᠷᠥᠭᠰᠡᠨ ᠭᠠᠵᠠᠷ)᠂ ᠦᠭᠡ ᠸᠠᠩ ᠤᠨ ᠬᠣᠳᠠ(ᠢᠦᠢ ᠶᠤᠸᠠᠢ ᠸᠠᠩ ᠤᠨ ᠬᠤᠲᠠ)

ᠽᠦ ᠵᠸᠦ ᠬᠣᠳᠠ(祖州城) ᠦᠭᠡ ᠸᠠᠩ ᠤᠨ ᠬᠤᠳᠠ(于越王城)
ᠰᠢᠶᠠᠨ ᠪᠠᠶᠢᠷᠢᠰᠢᠯ ᠬᠠᠷᠢᠶᠠᠳᠤ ᠠᠷᠠᠳ ᠡᠷᠦᠬᠡ ᠬᠤᠶᠠᠭ ᠰᠢᠶᠠᠨ ᠪᠠᠶᠢᠷᠢᠰᠠᠯ ᠬᠠᠷᠢᠶᠠᠳᠤ ᠠᠷᠠᠳ ᠡᠷᠦᠬᠡ ᠬᠤᠶᠠᠭ
ᠴᠠᠩ ᠪᠠ(长霸县) ᠬᠤᠳᠠ ᠵᠢᠨ ᠵᠡᠭᠦᠨ 2000 4000 ᠽᠦ ᠵᠧᠦ ᠬᠤᠳᠠ ᠵᠢᠨ ᠵᠡᠭᠦᠨ ᠡᠮᠦᠨ᠎ᠡ ᠲᠠᠩᠭᠤᠳᠲᠤᠭᠤᠨ  ᠤ ᠤᠯᠵᠠᠯᠠᠭᠳᠠᠭᠰᠠᠳ 1000 2000
ᠰᠢᠶᠠᠨ ᠨᠢᠩ(咸宁县) ᠬᠤᠳᠠ ᠵᠢᠨ ᠪᠠᠷᠠᠭᠤᠨ 1000 2000

ᠱᠠᠩᠵᠢᠩ  ᠤᠨ ᠰᠢᠭᠤᠳ ᠬᠠᠷᠢᠶ᠎ᠠ ᠰᠢᠶᠠᠨ ᠤᠳ

ᠰᠢᠶᠠᠨ ᠵᠠᠬᠢᠷᠭ᠎ᠠ ᠵᠢᠨ ᠰᠠᠭᠤᠭ᠎ᠠ ᠭᠠᠵᠠᠷ ᠪᠠᠶᠢᠷᠢᠰᠢᠯ ᠬᠠᠷᠢᠶᠠᠳᠤ ᠠᠷᠠᠳ ᠡᠷᠦᠬᠡ ᠬᠤᠶᠠᠭ
ᠯᠢᠨᠬᠤᠸᠠᠩ(临潢县) ᠬᠠᠭᠠᠨ  ᠤ ᠬᠣᠳᠠ ᠳᠣᠲᠣᠷ᠎ᠠ ᠰᠢᠷᠠᠮᠦ᠋ᠷᠡᠨ  ᠤ ᠬᠣᠶᠢᠲᠤ ᠡᠷᠭᠢ  ᠶᠠᠨ᠂ ᠰᠦ ᠬᠤᠶᠠᠷ ᠭᠠᠵᠠᠷ  ᠤᠨ ᠬᠢᠲᠠᠳ ᠠᠷᠠᠳ 3000 7000
ᠴᠠᠩ ᠲᠠᠢ(长泰县) ᠬᠠᠭᠠᠨ ᠬᠣᠳᠠ ᠵᠢᠨ ᠳᠣᠲᠣᠷ᠎ᠠ ᠱᠠᠩᠵᠢᠩ  ᠤᠨ ᠪᠠᠷᠠᠭᠤᠨ ᠬᠤᠶᠢᠲᠤ ᠲᠠᠯ᠎ᠠ ᠳ᠋ᠦ ᠬᠢᠲᠠᠳᠪᠦᠸᠸᠬᠠᠢ ᠬᠦᠮᠦᠰ 4000 8000
ᠳ᠋ᠢᠩ ᠪᠠ ᠰᠢᠶᠠᠨ(定霸县) ᠱᠠᠩᠵᠢᠩ  ᠤᠨ ᠬᠢᠲᠠᠳ ᠬᠣᠳᠠ ᠵᠢᠨ ᠳᠣᠲᠣᠷ᠎ᠠ ᠱᠠᠩᠵᠢᠩ  ᠤᠨ ᠪᠠᠷᠠᠭᠤᠨ ᠲᠠᠯ᠎ᠠ ᠳ᠋ᠦ ᠪᠦᠸᠸᠬᠠᠢᠬᠢᠲᠠᠳ ᠬᠦᠮᠦᠨ 3000 6000
ᠪᠣᠣ ᠾᠸ (保和县) ᠱᠠᠩᠵᠢᠩ  ᠤᠨ ᠬᠢᠲᠠᠳ ᠬᠣᠳᠠ ᠵᠢᠨ ᠳᠤᠲᠤᠷ᠎ᠠ ᠱᠠᠩᠵᠢᠩ  ᠤᠨ ᠡᠮᠦᠨ᠎ᠡ ᠲᠠᠯ᠎ᠠ ᠳ᠋ᠦ ᠪᠦᠸᠸᠬᠠᠢ ᠬᠦᠮᠦᠨ 4000 6000
ᠯᠦ(潞县) ᠱᠠᠩᠵᠢᠩ  ᠤᠨ ᠬᠢᠲᠠᠳ ᠬᠣᠳᠠ ᠵᠢᠨ ᠳᠣᠲᠣᠷ᠎ᠠ ᠱᠠᠩᠵᠢᠩ ᠤᠨ ᠡᠮᠦᠨ᠎ᠡ ᠲᠠᠯ᠎ᠠ ᠳ᠋ᠦ ᠪᠦᠸᠸᠬᠠᠢᠬᠢᠲᠠᠳ ᠬᠦᠮᠦᠰ 3000 6000
ᠢ ᠰᠦ (易俗县) ᠱᠠᠩᠵᠢᠩ  ᠤᠨ ᠬᠢᠲᠠᠳ ᠬᠣᠳᠠ ᠵᠢᠨ ᠳᠣᠲᠣᠷ᠎ᠠ ᠱᠠᠩᠵᠢᠩ  ᠤᠨ ᠬᠣᠢᠲᠤ ᠲᠠᠯ᠎ᠠ ᠳ᠋ᠦ ᠪᠦᠧᠧᠬᠠᠢ ᠬᠦᠮᠦᠨ 3000 1500
ᠰᠢᠤᠸᠠᠨ ᠬᠤᠸᠠ(宣化县) ᠱᠠᠩᠵᠢᠩ  ᠤᠨ ᠬᠢᠲᠠᠳ ᠬᠣᠳᠠ ᠱᠠᠩᠵᠢᠩ  ᠤᠨ ᠡᠮᠦᠨ᠎ᠡ ᠲᠠᠯ᠎ᠠ ᠳ᠋ᠦ ᠯᠢᠶᠣᠣᠳᠦᠩ  ᠤᠨ ᠬᠢᠲᠠᠳ ᠠᠷᠠᠳ 4000 4000
ᠰᠢᠩ ᠿᠸᠨ(兴仁县) ᠱᠠᠩᠵᠢᠩ  ᠤᠨ ᠬᠢᠲᠠᠳ ᠬᠣᠳᠠ ᠵᠢᠨ ᠳᠣᠲᠣᠷ᠎ᠠ ᠲᠤᠳᠤᠷᠬᠠᠢ ᠦᠭᠡᠢ ᠲᠤᠳᠤᠷᠬᠠᠢ ᠦᠭᠡᠢ ᠲᠤᠳᠤᠷᠬᠠᠢ ᠦᠭᠡᠢ ᠲᠤᠳᠤᠷᠬᠠᠢ ᠦᠭᠡᠢ
ᠪᠦᠧᠧᠬᠠᠢ ᠲᠤᠳᠤᠷᠬᠠᠢ ᠦᠭᠡᠢ ᠲᠤᠳᠤᠷᠬᠠᠢ ᠦᠭᠡᠢ ᠲᠤᠳᠤᠷᠬᠠᠢ ᠦᠭᠡᠢ ᠲᠤᠳᠤᠷᠬᠠᠢ ᠦᠭᠡᠢ ᠲᠤᠳᠤᠷᠬᠠᠢ ᠦᠭᠡᠢ

ᠡᠨᠡ ᠦᠶᠡᠰ ᠱᠠᠩᠵᠢᠩ ᠤᠨ ᠬᠦᠮᠦᠨ ᠠᠮᠠ 20 ᠲᠦᠮᠡ ᠣᠷᠴᠢᠮ ᠪᠠᠶᠢᠵᠤ᠂ ᠬᠢᠲᠠᠨ ᠠᠷᠠᠳ ᠨᠢ ᠭᠣᠣᠯᠳᠠᠭᠤ ᠬᠠᠷ᠎ᠠ ᠠᠭᠤᠯᠠ (ᠰᠠᠶᠢᠬᠠᠨ ᠬᠠᠨ ᠠᠭᠤᠯᠠ)ᠣᠷᠴᠢᠮ ᠵᠢᠡᠷ ᠮᠠᠯᠵᠢᠵᠤ᠂ ᠡᠷᠦᠬᠡ᠂ ᠬᠦᠮᠦᠨ ᠠᠮᠠ ᠲᠣᠳᠣᠷᠬᠠᠢ ᠦᠭᠡᠢ᠃ ᠬᠢᠲᠠᠨ ᠭᠦᠷᠦᠨ ᠤ ᠦᠶᠡᠰ ᠡᠨᠡ ᠭᠠᠵᠠᠷ  ᠤᠨ ᠠᠵᠤ ᠠᠬᠤᠢ᠂ ᠭᠠᠷ ᠤᠷᠠᠯᠠᠯ᠂ ᠠᠷᠠᠯᠵᠢᠶ᠎ᠠ ᠬᠤᠳᠠᠯᠳᠤᠭ᠎ᠠ ᠤᠷᠢᠳ ᠭᠠᠷᠤᠭ᠎ᠠ ᠦᠭᠡᠢ ᠬᠦᠭᠵᠢᠵᠤ ᠂ ᠱᠠᠩᠵᠢᠩ ᠤᠨ ᠬᠢᠲᠠᠳ ᠬᠣᠳᠠ ᠵᠢᠨ ᠳᠣᠣᠷ᠎ᠠ 《ᠤᠢᠭᠤᠷ ᠤᠨ ᠪᠠᠭᠤᠴᠠ》 ᠭᠠᠷᠭᠠᠨ ᠠᠷᠠᠪᠰᠤᠯᠤᠩᠭᠤᠰᠬᠢᠲᠠᠳ ᠣᠷᠣᠨ ᠤ ᠬᠤᠳᠠᠯᠳᠤᠭᠠᠴᠢᠳ ᠢ ᠪᠠᠭᠤᠯᠭᠠᠵᠤ ᠠᠷᠠᠯᠵᠢᠶ᠎ᠠ ᠮᠠᠶᠢᠮᠠᠢ ᠬᠢᠵᠦ ᠪᠠᠶᠢᠪᠠ᠃ ᠪᠤᠳᠤᠨᠴᠠᠷ ᠤᠨ ᠪᠠᠷᠢᠵᠦ ᠠᠪᠤᠭᠰᠠᠨ ᠡᠮ᠎ᠠ 《᠁ ᠪᠤᠳᠤᠨᠴᠠᠷ ᠡᠴᠡ ᠨᠢᠭᠡᠨ ᠬᠦᠪᠡᠭᠦᠨ ᠲᠥᠷᠥᠭᠥᠯᠪᠠᠢ᠂ ᠪᠠᠷᠢᠵᠦ ᠠᠪᠤᠭᠰᠠᠨ ᠡᠮ᠎ᠡ ᠪᠦᠯᠦᠭᠡ ᠬᠡᠮᠡᠨ ᠲᠡᠷᠡ ᠬᠦᠪᠡᠭᠦᠨ ᠢ ᠪᠠᠭᠠᠷᠢᠳᠠᠢ ᠨᠡᠷᠠᠶᠢᠳᠪᠠᠢ᠂ ᠪᠠᠭᠠᠷᠢᠨ ᠤ ᠡᠪᠦᠭᠡ ᠲᠡᠷᠡ ᠪᠤᠯᠪᠠᠢ 》᠃

ᠵᠦᠷᠴᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠨ ᠲᠣᠭᠠᠯᠠᠯ  ᠤᠨ 1120 ᠤᠨ ᠱᠠᠩᠵᠢᠩ ᠬᠣᠳᠠ ᠵᠡᠭᠦᠨ ᠬᠤᠶᠢᠲᠤ ᠡᠴᠡ ᠮᠠᠨᠳᠤᠭᠰᠠᠨ ᠵᠦᠷᠴᠢᠳ  ᠤᠨ ᠠᠯᠲᠠᠨ ᠤᠯᠤᠰ  ᠤᠨ ᠴᠡᠷᠢᠭ ᠲᠦ ᠲᠠᠯᠬᠢᠭᠳᠠᠵᠤ ᠰᠦᠢᠳᠦᠨ ᠂ ᠲᠤᠰ ᠭᠠᠵᠠᠷ ᠠᠯᠲᠠᠨ ᠤᠯᠤᠰ  ᠤᠨ ᠬᠠᠷᠢᠶᠠᠨ ᠳ᠋ᠦ ᠣᠷᠣᠵᠤ᠂ ᠯᠢᠨᠬᠤᠸᠠᠩ ᠹᠦ᠋ ᠭᠡᠵᠦ ᠬᠠᠭᠤᠴᠢᠨ ᠵᠠᠬᠢᠷᠭ᠎ᠠ ᠵᠢ ᠨᠢ ᠦᠯᠡᠳᠡᠭᠡᠵᠦ ᠪᠠᠢᠭᠰᠠᠨ ᠵᠢᠡᠨ 1153 ᠤᠨ ᠳ᠋ᠦ ᠠᠯᠲᠠᠨ ᠤᠯᠤᠰ ᠪᠡᠭᠡᠵᠢᠩ ᠢ ᠡᠵᠡᠯᠡᠨ ᠂ ᠣᠳᠣ ᠵᠢᠨ ᠨᠢᠩᠴᠸᠩ ᠣᠷᠴᠢᠮ ᠪᠸᠢᠵᠢᠩ ᠴᠦᠯᠭᠡ ᠪᠠᠶᠢᠭᠤᠯᠵᠤ ᠂ ᠯᠢᠨᠬᠤᠸᠠᠩ ᠹᠦ᠋ ᠪᠸᠢᠵᠢᠩ ᠴᠦᠯᠭᠡ ᠵᠢᠨ ᠬᠠᠷᠢᠶᠠᠨ ᠳ᠌᠌᠋ᠦ ᠯᠢᠨᠬᠤᠸᠠᠩ  ᠤᠨ ᠡᠷᠡᠭᠦᠦ ᠵᠢᠨ ᠶᠠᠮᠤᠨ ᠪᠠᠶᠢᠭᠤᠯᠤᠨ ᠡᠷᠭᠢᠨ ᠭᠠᠵᠠᠷ  ᠤᠨ ᠭᠢᠨᠳᠠᠨ᠂ ᠡᠷᠡᠭᠦᠦ ᠵᠢ ᠬᠠᠮᠢᠶᠠᠷᠴᠤ ᠪᠠᠶᠢᠪᠠ᠃ ᠠᠯᠲᠠᠨ ᠤᠯᠤᠰ  ᠤᠨ ᠦᠶ᠎ᠡ ᠳ᠋ᠦ ᠮᠣᠩᠭᠣᠯ  ᠤᠨ ᠬᠠᠳᠠᠭᠢᠨᠰᠠᠯᠵᠢᠭᠤᠳ ᠠᠶᠢᠮᠠᠭ ᠲᠤᠰ ᠬᠤᠰᠢᠭᠤᠨ  ᠤ ᠠᠷᠤ ᠵᠢᠨ ᠳᠠᠪᠠᠭ᠎ᠠ ᠨᠤᠭᠤᠳ ᠵᠢᠡᠷ ᠤᠷᠤᠭᠰᠢ ᠳᠦᠷᠢᠨ ᠠᠯᠲᠠᠨ ᠤᠯᠤᠰ  ᠤᠨ ᠬᠢᠯᠢ ᠵᠢ ᠬᠠᠯᠳᠠᠵᠤ ᠪᠠᠶᠢᠪᠠ᠂ ᠠᠯᠲᠠᠨ ᠤᠯᠤᠰ  ᠤᠨ ᠰᠢᠽᠦ᠋ᠩ ᠬᠠᠭᠠᠨ ᠳᠠᠪᠠᠭᠠᠨ ᠠᠷᠤ ᠵᠢᠨ ᠮᠣᠩᠭᠣᠯ  ᠤᠨ ᠬᠠᠯᠳᠠᠯᠭ᠎ᠠ ᠵᠢ ᠰᠡᠷᠭᠡᠶᠢᠯᠡᠬᠦ ᠵᠢᠨ ᠲᠤᠯᠠ ᠰᠡᠷᠭᠡᠶᠢᠯᠡᠯᠲᠡ ᠵᠢᠨ ᠭᠤᠤ ᠤᠬᠤᠵᠤ ᠪᠠᠶᠢᠭᠰᠠᠨ ᠵᠢᠡᠨ ᠵᠠᠩᠽᠦ᠋ᠩ ᠬᠠᠭᠠᠨ  ᠤ ᠦᠶ᠎ᠡ ᠳ᠋ᠦ ᠬᠢᠩᠭᠠᠨ ᠳᠠᠪᠠᠭ᠎ᠠ ᠳᠠᠭᠠᠨ ᠪᠠᠷᠠᠭᠤᠨᠰᠢ ᠮᠣᠨᠢ ᠠᠭᠤᠯᠠ ᠬᠦᠷᠬᠦ ᠪᠡᠬᠢᠯᠡᠯᠳᠡ ᠴᠠᠶᠢᠵᠡ ᠪᠠᠶᠢᠭᠤᠯᠤᠨ ᠮᠣᠩᠭᠣᠯ  ᠤᠨ ᠬᠠᠳᠠᠭᠢᠨᠰᠠᠯᠵᠢᠭᠤᠳᠲᠠᠲ᠋ᠠᠷ ᠵᠡᠷᠭᠡ ᠠᠶᠢᠮᠠᠭ  ᠢ ᠰᠡᠷᠭᠡᠶᠢᠯᠡᠵᠦ ᠪᠠᠶᠢᠪᠠ᠃ ᠮᠣᠩᠭᠣᠯᠴᠤᠳ ᠡᠭᠦᠨ ᠢ 《ᠤᠳᠠᠰᠤᠨ ᠬᠡᠷᠡᠮ》 ᠭᠡᠳᠡᠭ᠃ 1196ᠤᠨ ᠳ᠋ᠦ ᠲᠠᠲ᠋ᠠᠷ ᠠᠶᠢᠮᠠᠭ ᠤᠷᠪᠠᠭᠰᠠᠨ ᠳ᠋ᠦ ᠠᠯᠲᠠᠨ ᠤᠯᠤᠰ  ᠤᠨ ᠵᠠᠩᠽᠦ᠋ᠩ ᠬᠠᠭᠠᠨ ᠴᠢᠩᠰᠠᠩ ᠣᠩᠭᠢᠨ ᠰᠢᠶᠠᠩ ᠢ ᠲᠣᠮᠢᠯᠠᠵᠤ᠂ ᠡᠨᠳᠡ ᠡᠴᠡ ᠴᠡᠷᠢᠭ ᠮᠣᠷᠳᠠᠨ ᠂ ᠲᠡᠮᠦᠵᠢᠨᠲᠣᠭᠣᠷᠢᠯ ᠬᠠᠨ ᠲᠠᠢ ᠬᠠᠮᠰᠠᠨ ᠲᠠᠲ᠋ᠠᠷ  ᠢ ᠴᠣᠬᠢᠵᠤ ᠪᠠᠶᠢᠪᠠ᠃

ᠮᠤᠩᠭᠤᠯ ᠬᠠᠭᠠᠨᠳᠤ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠩᠭᠢᠰ ᠬᠠᠭᠠᠨ ᠠᠯᠲᠠᠨ ᠤᠯᠤᠰ ᠢ ᠳᠠᠶᠢᠯᠠᠬᠤ ᠦᠶ᠎ᠡ ᠲᠤᠰ ᠬᠤᠰᠢᠭᠤᠨ ᠤ ᠠᠷᠤ ᠵᠢᠨ ᠳᠠᠪᠠᠭ᠎ᠠ ᠨᠤᠭᠤᠳ ᠵᠢᠡᠷ ᠤᠳᠠᠰᠤᠨ ᠬᠡᠷᠡᠮ ᠢ ᠲᠠᠰᠤᠵᠤ ᠳᠠᠭᠠᠷᠢᠨ ᠦᠩᠭᠡᠷᠡᠵᠦ ᠂ ᠶᠧᠯᠢᠦᠢ ᠯᠢᠦᠬᠡ ᠵᠢ ᠡᠯᠰᠡᠨ ᠠᠪᠴᠤ᠂ ᠡᠨᠡ ᠭᠠᠵᠠᠷ ᠬᠤᠩᠭᠢᠷᠠᠳ ᠤᠨ ᠳᠠᠢ ᠰᠡᠴᠡᠨ ᠤ ᠡᠷᠭᠦᠮᠵᠢᠯᠡᠯ ᠭᠠᠵᠠᠷ ᠪᠤᠯᠵᠤ᠂ ᠬᠡᠷᠡᠭ ᠳᠡᠭᠡᠷ᠎ᠡ ᠪᠠᠨ ᠯᠢᠶᠤᠤ ᠸᠠᠩ ᠶᠧᠯᠢᠦᠢ ᠯᠢᠦᠭᠡ ᠵᠢᠨ ᠬᠠᠷᠢᠶᠠᠨ ᠳ᠋ᠦ ᠪᠠᠶᠢᠵᠠᠢ᠃ 1225 ᠤᠨ ᠳ᠋ᠦ ᠴᠢᠩᠭᠢᠰ ᠬᠠᠭᠠᠨ ᠶᠧᠯᠦᠢ ᠯᠢᠦᠭᠡ ᠵᠢᠨ ᠪᠡᠯᠪᠡᠰᠦᠨ ᠡᠬᠡᠨᠡᠷ ᠶᠤᠷᠢ ᠤᠪᠤᠭᠳᠤ(姚里氏) ᠵᠢᠨ ᠭᠤᠶᠤᠴᠢᠯᠠᠯ ᠵᠢᠡᠷ ᠲᠡᠭᠦᠨ ᠤ ᠤᠤᠭᠠᠨ ᠬᠦᠦ ᠰᠠᠳᠤ(薛阇) ᠵᠢ ᠯᠢᠶᠤᠤ ᠸᠠᠩ ᠪᠤᠯᠭᠠᠵᠤ ᠂ ᠳᠠᠷᠠᠭ᠎ᠠ ᠵᠢᠯ ᠨᠢ ᠰᠠᠳᠤ(薛阇) ᠵᠢ ᠵᠠᠩᠵᠤᠨ ᠡᠷᠭᠦᠮᠵᠢᠯᠡᠵᠦ᠂ ᠡᠨᠡ ᠭᠠᠵᠠᠷ ᠢ ᠪᠡᠯᠭᠦᠳᠠᠢ ᠵᠢᠨ ᠬᠠᠷᠢᠶᠠᠨ ᠳ᠋ᠦ ᠬᠢ ᠭᠤᠷᠪᠠᠨ ᠮᠢᠩᠭᠠᠨ ᠤ ᠬᠠᠷᠢᠶᠠᠨ ᠳ᠋ᠤ ᠤᠷᠤᠭᠤᠯᠵᠤ ᠂ ᠲᠡᠮᠦᠭᠡ ᠤᠳᠴᠢᠬᠢᠨ ᠢ ᠯᠢᠶᠤᠤ ᠸᠠᠩ ᠡᠷᠭᠦᠮᠵᠢᠯᠡᠵᠡᠢ᠃

ᠶᠤᠸᠠᠨ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

1287ᠤᠨ ᠳ᠋ᠦ ᠤᠳᠴᠢᠬᠢᠨ ᠦ ᠲᠦᠷᠪᠡᠳᠦᠭᠡᠷ ᠦᠶ᠎ᠡ ᠵᠢᠨ ᠣᠮᠪᠣᠯᠣ ᠨᠠᠶᠠᠨ ᠬᠤᠪᠢᠯᠠᠢ ᠡᠴᠡ ᠤᠷᠪᠠᠵᠤ ᠂ ᠬᠤᠪᠢᠯᠠᠢ ᠨᠠᠶᠠᠨ ᠵᠡᠷᠭᠡ ᠵᠢᠨ ᠤᠷᠪᠠᠯᠭᠠᠨ ᠢ ᠳᠠᠷᠤᠩᠭᠤᠯᠠᠭᠰᠠᠨ ᠦ ᠳᠠᠷᠠᠭ᠎ᠠ ᠡᠨᠡ ᠭᠠᠵᠠᠷ ᠢ ᠴᠢᠤᠸᠠᠨ ᠨᠢᠩ ᠴᠦᠯᠭᠡ ᠵᠢᠨ ᠬᠠᠷᠢᠶᠠᠨ ᠳ᠋ᠦ ᠤᠷᠤᠭᠤᠯᠵᠠᠢ᠃

ᠤᠮᠠᠷᠠᠲᠤ ᠶᠤᠸᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠢᠩ ᠤᠯᠤᠰ ᠤᠨ ᠦᠶ᠎ᠡ ᠳ᠋ᠦ ᠡᠨᠡ ᠭᠠᠵᠠᠷ ᠴᠢᠤᠸᠠᠨ ᠨᠢᠩ ᠬᠠᠷᠠᠭᠤᠯ  ᠤᠨ ᠬᠠᠷᠢᠶᠠᠨ ᠳ᠋ᠦ ᠤᠷᠤᠵᠠᠢ᠂ ᠰᠡᠭᠦᠯᠡᠷ ᠨᠢ ᠮᠢᠩ ᠤᠯᠤᠰ 《ᠤᠷᠢᠶᠠᠩᠬᠠᠢ ᠭᠤᠷᠪᠠᠨ ᠬᠠᠷᠠᠭᠤᠯ》 ᠪᠠᠶᠢᠭᠤᠯᠵᠤ ᠡᠨᠡ ᠭᠠᠵᠠᠷ ᠤᠷᠢᠶᠠᠩᠬᠠᠢ ᠭᠤᠷᠪᠠᠨ ᠬᠠᠷᠠᠭᠤᠯ  ᠤᠨ ᠬᠤᠶᠢᠲᠤ ᠵᠠᠬ᠎ᠠ ᠬᠢᠵᠠᠭᠠᠷ ᠪᠤᠯᠵᠠᠢ᠃ 15 ᠳ᠋ᠤᠭᠠᠷ ᠵᠠᠭᠤᠨ ᠤ ᠳᠤᠮᠳᠠᠴᠢ ᠪᠠᠷ ᠮᠤᠩᠭᠤᠯ ᠤᠨ ᠲᠠᠶᠠᠨ ᠬᠠᠨ ᠪᠦᠬᠦ ᠮᠤᠩᠭᠤᠯ ᠢ ᠨᠢᠭᠡᠳᠬᠡᠵᠤ ᠂ ᠪᠦᠬᠦ ᠮᠤᠩᠭᠤᠯ ᠢ ᠵᠢᠷᠭᠤᠭᠠᠨ ᠲᠦᠮᠡᠨ ᠵᠡᠭᠦᠨ ᠪᠠᠷᠠᠭᠤᠨ ᠭᠠᠷ ᠲᠦ ᠬᠤᠪᠢᠶᠠᠵᠤ᠂ ᠵᠡᠭᠦᠨ ᠭᠠᠷ  ᠤᠨ ᠲᠦᠮᠡᠨ ᠨᠢ ᠬᠠᠯᠬ᠎ᠠᠴᠠᠬᠠᠷᠤᠷᠢᠶᠠᠩᠬᠠᠢ ᠭᠡᠵᠦ᠃ ᠡᠭᠦᠨ ᠳ᠋ᠦ ᠬᠠᠯᠬ᠎ᠠ ᠲᠦᠮᠡᠨ ᠠᠷᠪᠠᠨ ᠬᠤᠶᠠᠷ ᠤᠲᠤᠭ ᠬᠤᠪᠢᠶᠠᠵᠤ᠂ ᠬᠠᠯᠬ᠎ᠠ ᠭᠤᠤᠯ ᠤᠨ ᠬᠤᠶᠠᠷ ᠬᠦᠪᠡᠭᠡ ᠪᠠᠷ ᠮᠠᠯᠵᠢᠨ᠂ ᠬᠠᠯᠬ᠎ᠠ ᠭᠤᠤᠯ  ᠤᠨ ᠪᠠᠷᠠᠭᠤᠨ ᠬᠦᠪᠡᠭᠡ ᠳ᠋ᠦ ᠪᠠᠶᠢᠬᠤ ᠳᠣᠯᠣᠭᠠᠨ ᠣᠲᠣᠭ  ᠢ 《ᠠᠷᠤ ᠳᠣᠯᠣᠭᠠᠨ ᠣᠲᠣᠭ》᠂ ᠬᠠᠯᠬ᠎ᠠ ᠭᠣᠣᠯ ᠤᠨ ᠵᠡᠭᠦᠨ ᠬᠦᠪᠡᠭᠡ ᠳ᠋ᠦ ᠪᠠᠶᠢᠬᠤ ᠲᠠᠪᠤᠨ ᠣᠲᠣᠭ ᠢ 《ᠥᠪᠥᠷ ᠲᠠᠪᠤᠨ ᠣᠲᠣᠭ 》 ᠭᠡᠵᠠᠢ᠃ ᠠᠷᠤ ᠳᠣᠯᠣᠭᠠᠨ ᠣᠲᠣᠭ ᠢ ᠲᠠᠶᠠᠨ ᠬᠠᠨ ᠤ ᠨᠠᠢᠮᠠᠳᠤᠭᠠᠷ ᠬᠦᠪᠡᠭᠦᠨ ᠭᠡᠷᠡᠰᠡᠨᠵᠡ ᠵᠠᠬᠢᠷᠤᠨ᠂ ᠥᠪᠥᠷ ᠲᠠᠪᠤᠨ ᠣᠲᠣᠭ ᠢ ᠲᠠᠶᠠᠨ ᠬᠠᠨ ᠤ ᠲᠠᠪᠤᠳᠤᠭᠠᠷ ᠬᠦᠪᠡᠭᠦᠨ ᠠᠯᠴᠤᠪᠣᠯᠣᠳ ᠵᠠᠬᠢᠷᠴᠤ ᠪᠠᠶᠢᠵᠠᠢ᠃ 16 ᠳ᠋ᠤᠭᠠᠷ ᠵᠠᠭᠤᠨ ᠤ ᠦᠶ᠎ᠡ ᠳ᠋ᠦ ᠲᠦᠮᠡᠳ ᠤᠨ ᠠᠯᠲᠠᠨ ᠬᠠᠨ ᠬᠦᠴᠦᠷᠬᠡᠭᠵᠢᠵᠦ᠂ ᠴᠠᠬᠠᠷ ᠤᠨ ᠳᠠᠷᠠᠢᠰᠤᠨ ᠬᠦᠳᠡᠩ ᠬᠠᠭᠠᠨ ᠴᠠᠬᠠᠷ ᠲᠦᠮᠡᠨ  ᠵᠢᠡᠨ ᠠᠪᠤᠨ ᠰᠢᠷᠠᠮᠦᠷᠡᠨ ᠤ ᠰᠠᠪᠠ ᠳ᠋ᠦ ᠨᠠᠭᠦᠵᠦ ᠢᠷᠡᠵᠦ᠂ ᠥᠪᠥᠷ ᠲᠠᠪᠤᠨ ᠣᠲᠣᠭ ᠬᠠᠯᠬ᠎ᠠ ᠵᠢᠨ ᠠᠯᠴᠤᠪᠣᠯᠣᠳ  ᠤᠨ ᠬᠦᠪᠡᠭᠦᠨ ᠬᠤᠷᠠᠭᠴᠢ ᠬᠠᠰᠠᠷ ᠠᠶᠢᠮᠠᠭ  ᠵᠢᠡᠨ ᠳᠠᠭᠠᠭᠤᠯᠤᠨ ᠬᠢᠩᠭᠠᠨ ᠳᠠᠪᠠᠭ᠎ᠠ ᠵᠢ ᠳᠠᠪᠠᠨ ᠯᠢᠶᠤᠤ ᠾᠧ ᠭᠤᠤᠯ ᠤᠨ ᠳᠤᠮᠳᠠ ᠰᠠᠪᠠ ᠳ᠋ᠦ ᠨᠡᠭᠦᠵᠦ ᠢᠷᠡᠵᠦ᠂ᠠᠯᠲᠠᠨ ᠬᠠᠨ ᠪᠣᠯᠣᠨ ᠮᠢᠩ ᠤᠯᠤᠰ ᠤᠨ ᠬᠠᠯᠳᠠᠯᠭ᠎ᠠ ᠵᠢ ᠰᠡᠷᠭᠡᠶᠢᠯᠠᠵᠦ ᠪᠠᠶᠢᠪᠠ᠃ 1560 ᠤᠨ ᠳ᠋ᠦ ᠥᠪᠥᠷ ᠲᠠᠪᠤᠨ ᠣᠲᠣᠭ ᠬᠠᠯᠬ᠎ᠠ ᠮᠢᠩ ᠤᠯᠤᠰ ᠤᠨ ᠤᠷᠢᠶᠠᠩᠬᠠᠢ ᠭᠤᠷᠪᠠᠨ ᠬᠠᠷᠠᠭᠤᠯ  ᠢ ᠴᠤᠬᠢᠨ ᠰᠦᠢᠷᠡᠭᠦᠯᠵᠤ᠂ᠬᠤᠷᠠᠭᠴᠢ ᠬᠠᠰᠠᠷ ᠤᠨ ᠬᠤᠶᠠᠳᠤᠭᠠᠷ ᠬᠦᠪᠡᠭᠦᠨ ᠰᠤᠪᠤᠬᠠ ᠳᠠᠷᠬᠠᠨ ᠨᠣᠶᠠᠨ ᠤ ᠬᠠᠷᠢᠶᠠᠨ ᠳ᠋ᠦ ᠬᠢ ᠪᠠᠭᠠᠷᠢᠨ ᠠᠶᠢᠮᠠᠭ ᠡᠨᠡ ᠭᠠᠵᠠᠷ ᠢ ᠡᠵᠡᠯᠡᠵᠦ ᠰᠠᠭᠤᠵᠠᠢ ᠃ ᠥᠪᠥᠷ ᠲᠠᠪᠤᠨ ᠣᠲᠣᠭ ᠬᠠᠯᠬ᠎ᠠ ᠮᠢᠩ ᠤᠯᠤᠰ  ᠤᠨ ᠬᠢᠵᠠᠭᠠᠷ ᠢ ᠦᠷᠭᠦᠯᠵᠢ ᠴᠤᠬᠢᠨ ᠳᠠᠭᠠᠷᠢᠵᠤ ᠪᠠᠶᠢᠵᠠᠢ᠂1582ᠤᠨ ᠰᠤᠪᠤᠬᠠᠢ ᠳᠠᠷᠬᠠᠨ ᠨᠤᠶᠠᠨ ᠮᠢᠩ ᠤᠯᠤᠰ  ᠤᠨ ᠢ ᠵᠧᠦ ᠵᠢ ᠴᠤᠬᠢᠬᠤ ᠳᠠᠶᠢᠨ ᠳ᠋ᠦ ᠬᠤᠯᠠᠭᠠᠢ ᠰᠣᠮᠣᠨ ᠳ᠋ᠦ ᠬᠠᠷᠪᠤᠭᠳᠠᠵᠤ ᠨᠠᠰᠤ ᠪᠠᠷᠠᠵᠤ᠂ ᠬᠤᠶᠠᠳᠤᠭᠠᠷ ᠬᠦᠪᠡᠭᠦᠨ ᠪᠠᠭᠠᠪᠠᠭᠠᠳᠤᠷ ᠡᠴᠢᠭᠡ ᠵᠢᠨ ᠦᠰᠢᠶ᠎ᠡ ᠵᠢ ᠠᠪᠬᠤ ᠭᠡᠵᠦ ᠤᠯᠠᠨᠳᠠ ᠮᠢᠩ ᠤᠯᠤᠰ ᠤᠨ ᠬᠢᠵᠠᠭᠠᠷ ᠢ ᠳᠠᠭᠠᠷᠢᠭᠰᠠᠨ ᠪᠣᠯᠪᠠᠴᠤ ᠪᠦᠷ ᠢᠯᠠᠭᠳᠠᠵᠠᠢ᠃ 1604ᠤᠨ ᠯᠢᠭᠳᠡᠨ ᠪᠠᠭᠠᠳᠤᠷ ᠬᠤᠩ ᠲᠠᠶᠢᠵᠢ ᠶᠡᠬᠡ ᠮᠤᠩᠭᠤᠯ ᠤᠯᠤᠰ ᠤᠨ ᠬᠠᠭᠠᠨ ᠰᠠᠭᠤᠵᠤ 《ᠯᠢᠭᠳᠡᠨ ᠬᠣᠲᠣᠭᠲᠤ》ᠭᠡᠪᠡ᠃

1619 ᠤᠨ ᠳ᠋ᠦ ᠥᠪᠥᠷ ᠲᠠᠪᠤᠨ ᠣᠲᠣᠭ ᠬᠠᠯᠬ᠎ᠠ ᠮᠠᠨᠵᠦ ᠵᠢᠨ ᠶᠡᠬᠡ ᠨᠠᠷᠠ ᠠᠶᠢᠮᠠᠭ ᠲᠠᠢ ᠬᠣᠯᠪᠣᠭᠠᠯᠠᠨ ᠨᠤᠷᠬᠠᠴᠢ ᠵᠢ ᠳᠠᠶᠢᠯᠠᠭᠠᠳ ᠢᠯᠠᠭᠳᠠᠵᠤ᠂ᠪᠠᠭᠠᠷᠢᠨ  ᠤ ᠡᠪᠦᠭᠡᠳᠠᠢ ᠨᠣᠶᠠᠨ ᠡᠯᠴᠢ ᠲᠣᠮᠢᠯᠠᠨ ᠨᠤᠷᠬᠠᠴᠢ ᠲᠠᠢ ᠡᠪᠰᠡᠪᠡ᠃ 1627ᠤᠨ ᠳ᠋ᠦ ᠴᠠᠬᠠᠷ  ᠤᠨ ᠯᠢᠭᠳᠡᠨ ᠬᠠᠭᠠᠨ ᠥᠪᠥᠷ ᠲᠠᠪᠤᠨ ᠣᠲᠣᠭ ᠬᠠᠯᠬ᠎ᠠ ᠵᠢ ᠳᠠᠭᠠᠷᠢᠵᠤ ᠂ ᠵᠠᠷᠤᠳᠠᠶᠢᠮᠠᠭ ᠬᠤᠷᠴᠢᠨ ᠢ ᠲᠦᠰᠢᠪᠡ᠃

ᠴᠢᠩ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

1628ᠤᠨ ᠤ ᠳᠥᠷᠪᠡᠨ ᠰᠠᠷ᠎ᠠ ᠳ᠋ᠦ ᠪᠠᠭᠠᠷᠢᠨ ᠤ ᠰᠡᠲᠡᠷᠰᠡᠷᠡᠩᠮᠠᠨᠵᠤᠰᠢᠷᠢ ᠠᠶᠢᠮᠠᠭ ᠵᠢᠡᠨ ᠠᠪᠴᠤ ᠬᠤᠶᠢᠲᠤ ᠠᠯᠲᠠᠨ ᠤᠯᠤᠰ ᠢ ᠲᠦᠰᠢᠪᠡ᠃ 1633 ᠤᠨ ᠳ᠋ᠦ ᠬᠤᠩ ᠲᠠᠶᠢᠵᠢ ᠴᠠᠬᠠᠷ ᠢ ᠳᠠᠶᠢᠯᠠᠵᠤ ᠪᠠᠭᠠᠷᠢᠨ ᠠᠶᠢᠮᠠᠭ 《 ᠮᠤᠷᠢ ᠲᠤᠷᠠᠩᠬᠠᠢ》 ᠬᠡᠮᠡᠨ ᠠᠯᠭᠤᠷᠯᠠᠵᠤ᠂ ᠬᠤᠩ ᠲᠠᠶᠢᠵᠢ ᠶᠡᠬᠡᠳᠡ ᠵᠢᠮᠡᠯᠡᠪᠡ᠃ 1639 ᠤᠨ ᠳ᠋ᠦ ᠪᠠᠭᠠᠷᠢᠨᠵᠠᠷᠤᠳᠠᠤᠬᠠᠨᠬᠡᠰᠢᠭᠲᠡᠨᠤᠩᠨᠢᠭᠤᠳ ᠵᠡᠷᠭᠡ ᠨᠠᠶᠮᠠᠨ ᠠᠶᠢᠮᠠᠭ ᠵᠤᠤ ᠤᠳᠠ ᠳ᠋ᠦ ᠴᠢᠭᠤᠯᠭᠠᠨ ᠬᠤᠷᠠᠪᠠ᠂
1648 ᠤᠨ ᠳ᠋ᠦ ᠴᠢᠩ ᠤᠯᠤᠰ ᠡᠴᠡ ᠪᠠᠭᠠᠷᠢᠨ ᠢ ᠬᠤᠰᠢᠭᠤ ᠬᠣᠪᠢᠶᠠᠵᠤ ᠂ᠮᠠᠨᠵᠦᠰᠢᠷᠢ ᠵᠢ ᠪᠠᠭᠠᠷᠢᠨ ᠵᠡᠭᠦᠨ ᠭᠠᠷᠤᠨ ᠬᠣᠰᠢᠭᠤᠨ ᠤ ᠵᠠᠰᠠᠭ ᠨᠣᠶᠠᠨ ᠪᠡᠶᠢᠰᠡ ᠡᠷᠭᠦᠮᠵᠢᠯᠡᠵᠦ᠂ ᠪᠠᠭᠠᠷᠢᠨ ᠠᠶᠢᠮᠠᠭ  ᠤᠨ ᠵᠡᠭᠦᠨ ᠬᠡᠰᠡᠭ ᠢ ᠵᠠᠬᠢᠷᠤᠭᠤᠯᠤᠨ᠂ ᠰᠡᠪᠲᠡᠨ ᠢ ᠪᠠᠭᠠᠷᠢᠨ ᠪᠠᠷᠠᠭᠤᠨ ᠭᠠᠷᠤᠨ ᠬᠤᠰᠢᠭᠤᠨ ᠵᠠᠰᠠᠭ᠂ ᠲᠤᠰᠠᠯᠠᠭᠴᠢ ᠭᠦᠩ ᠡᠷᠭᠦᠮᠵᠢᠯᠡᠵᠦ᠂ ᠰᠡᠭᠦᠯᠡᠷ ᠨᠢ ᠴᠢᠩ ᠤᠯᠤᠰ ᠤᠨ ᠭᠦᠷᠦᠨ ᠭᠦᠨᠵᠦ ᠵᠢ ᠪᠣᠭᠳᠠᠯᠠᠨ ᠦᠭᠴᠦ᠂ ᠵᠢᠶᠦᠨ ᠸᠠᠩ ᠵᠡᠷᠭᠡ ᠲᠦ ᠲᠡᠪᠰᠢᠭᠦᠯᠵᠦ᠂ ᠪᠠᠭᠠᠷᠢᠨ ᠠᠶᠢᠮᠠᠭ ᠤᠨ ᠪᠠᠷᠠᠭᠤᠨ ᠬᠡᠰᠡᠭ ᠢ ᠵᠠᠬᠢᠷᠤᠭᠤᠯᠪᠠ᠃ᠰᠡᠷᠡᠩ ᠢ ᠵᠠᠰᠠᠭ ᠲᠤ ᠣᠷᠣᠯᠴᠠᠬᠤ ᠦᠭᠡᠢ ᠬᠠᠶᠢᠷ᠎ᠠ ᠵᠢᠨ ᠪᠡᠶᠢᠰᠡ ᠡᠷᠭᠦᠮᠵᠢᠯᠡᠵᠦ᠂ ᠵᠡᠭᠦᠨ ᠬᠤᠰᠢᠭᠤᠨ ᠳ᠋ᠦ ᠬᠠᠷᠢᠶᠠᠯᠤᠭᠤᠯᠪᠠ᠂ ᠲᠡᠦᠬᠡᠨ ᠳ᠋ᠦ 《ᠵᠡᠩᠵᠦᠨ ᠪᠡᠶᠢᠰᠡ》 ᠭᠡᠳᠡᠭ ᠪᠢᠯᠡ᠃ ᠴᠢᠩ ᠤᠯᠤᠰ  ᠤᠨ ᠦᠶ᠎ᠡ ᠳ᠋ᠦ ᠵᠡᠭᠦᠨ ᠬᠤᠰᠢᠭᠤᠨ ᠤ ᠵᠠᠰᠠᠭ ᠪᠡᠶᠢᠰᠡ ᠵᠢᠨ ᠶᠠᠮᠤᠨ ᠣᠷᠳᠣᠨ ᠨᠢ ᠠᠴᠠᠲᠤ ᠲᠣᠯᠣᠭᠠᠢ ᠳ᠋ᠦ ᠪᠠᠶᠢᠵᠤ (ᠣᠳᠣ ᠵᠢᠨ ᠪᠠᠭᠠᠷᠢᠨ ᠪᠠᠷᠠᠭᠤᠨ ᠬᠤᠰᠢᠭᠤᠨ  ᠤ ᠵᠢᠷᠭᠠᠯ ᠵᠠᠮ ᠰᠣᠮᠣ ᠵᠢᠨ ᠬᠠᠷᠢᠶᠠᠨ ᠳ᠋ᠦ ᠪᠠᠶᠢᠨ᠎ᠠ)᠂ ᠵᠠᠩᠵᠦᠨ ᠪᠠᠶᠢᠰᠡ ᠵᠢᠨ ᠶᠠᠮᠤᠨ ᠣᠷᠳᠣᠨ ᠨᠢ ᠪᠠᠶᠢᠰᠡ ᠵᠢᠨ ᠰᠦᠮ᠎ᠡ ᠵᠢᠨ ᠵᠡᠭᠦᠨ ᠲᠠᠯ᠎ᠠ ᠬᠠᠶᠢᠴᠢᠨ ᠲᠠᠯ᠎ᠠ ᠳ᠋ᠦ ᠪᠠᠶᠢᠪᠠ᠃ ᠵᠡᠭᠦᠨ ᠪᠠᠷᠠᠭᠤᠨ ᠬᠤᠶᠡᠷ ᠭᠠᠷᠤᠨ ᠪᠠᠭᠠᠷᠢᠨ ᠬᠤᠰᠢᠭᠤ ᠵᠢ ᠵᠤᠤ ᠤᠳᠠ ᠵᠢᠨ ᠴᠢᠭᠤᠯᠭᠠᠨ ᠳ᠋ᠦ ᠬᠠᠷᠢᠶᠠᠯᠠᠭᠤᠯᠪᠠ᠃

ᠳᠤᠮᠳᠠᠳᠤ ᠢᠷᠭᠡᠨ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

1911 ᠤᠨ ᠳ᠋ᠦ ᠴᠢᠩ ᠤᠯᠤᠰ ᠮᠦᠬᠦᠵᠦ᠂ 12ᠰᠠᠷ᠎ᠠ ᠳ᠋ᠦ ᠠᠷᠤ ᠪᠣᠭᠳᠠ ᠵᠢᠪᠽᠤᠨᠳᠠᠮᠪᠠ ᠠᠷᠤ ᠮᠤᠩᠭᠤᠯ ᠢ ᠲᠤᠰᠭᠠᠷ ᠲᠣᠭᠲᠠᠨᠢᠭᠤᠯᠵᠤ᠂ 《ᠨᠠᠷᠠᠨ ᠭᠡᠷᠡᠯᠲᠤ ᠬᠠᠭᠠᠨ》 ᠬᠡᠮᠡᠪᠠ᠃ ᠬᠤᠰᠢᠭᠤᠨ ᠪᠠᠶᠢᠰᠡ ᠰᠸᠳᠡᠩᠨᠠᠮᠵᠢᠯᠸᠠᠩᠪᠤᠤ ᠢᠷᠭᠡᠨ ᠤᠯᠤᠰ  ᠤᠨ ᠵᠠᠰᠠᠭ  ᠤᠨ ᠣᠷᠳᠣᠨ ᠳ᠋ᠦ ᠰᠢᠳᠤᠷᠭᠤ ᠪᠠᠨ ᠢᠯᠡᠷᠬᠡᠢᠢᠯᠡᠭᠰᠡᠨ ᠡᠴᠡ ᠪᠡᠶᠢᠯᠡ᠂ ᠵᠢᠶᠦ᠋ᠨ ᠸᠠᠩ ᠵᠡᠷᠭᠡ ᠲᠡᠪᠰᠢᠵᠤ᠂ ᠰᠡᠭᠦᠯ ᠳ᠋ᠦ ᠵᠤᠤ ᠤᠳᠠ ᠵᠢᠨ ᠳᠡᠳ᠋ ᠴᠢᠭᠤᠯᠭᠠᠨ ᠳᠠᠷᠤᠭ᠎ᠠ ᠪᠣᠯᠪᠠ᠃ 1912 ᠤᠨ ᠳ᠋ᠦ ᠬᠠᠶᠢᠷ᠎ᠠ ᠵᠢᠨ ᠪᠠᠶᠢᠰᠡ ᠬᠠᠲᠤᠨ ᠲᠠᠢ ᠪᠠᠨ ᠪᠤᠭᠤᠯ ᠬᠤᠸᠠᠨᠳᠠᠢ᠂ ᠭᠸᠮᠫᠡᠯ ᠳ᠋ᠦ ᠬᠣᠣᠷᠯᠠᠭᠳᠠᠵᠤ᠂ ᠬᠠᠶᠢᠷ᠎ᠠ ᠵᠢᠨ ᠪᠠᠶᠢᠰᠡ ᠤᠳᠤᠮ ᠲᠠᠰᠦᠷᠠᠪᠠ᠃ 1916 ᠤᠨ ᠳ᠋ᠦ ᠪᠠᠪᠤᠵᠠᠪ ᠤᠨ ᠳᠠᠶᠢᠴᠢᠯᠠᠭᠰᠠᠨ 《ᠰᠢᠷ᠎ᠠ ᠴᠡᠷᠢᠭ》 ᠯᠢᠨᠰᠢ ᠵᠢ ᠴᠣᠬᠢᠭᠠᠳ ᠢᠯᠠᠭᠳᠠᠵᠤ᠂ ᠪᠠᠪᠤᠵᠠᠪ ᠳᠣᠣᠷᠠᠬᠢ ᠬᠦᠮᠦᠨ ᠳ᠋ᠦ ᠪᠠᠨ ᠬᠣᠣᠷᠯᠠᠭᠳᠠᠵᠤ ᠂ᠲᠡᠭᠦᠨ ᠤ ᠴᠡᠷᠢᠭ ᠳᠥᠷᠪᠡᠨ ᠲᠡᠢᠰᠢ ᠪᠤᠳᠠᠷᠠᠪᠠ᠃
1932 ᠤᠨ ᠳ᠋ᠦ ᠲᠤᠰ ᠬᠤᠰᠢᠭᠤᠨ ᠳ᠋ᠦ ᠯᠢᠨᠳᠦ᠋ᠩ ᠰᠢᠶᠠᠨ ᠢ ᠪᠠᠶᠢᠭᠤᠯᠵᠤ ᠂ ᠬᠤᠰᠢᠭᠤ ᠰᠢᠶᠠᠨ ᠵᠡᠷᠭᠡᠳᠡ ᠣᠷᠣᠰᠢᠨ᠂ ᠿᠸ ᠾᠸ ᠮᠣᠵᠢ ᠳ᠋ᠦ ᠬᠠᠷᠢᠶᠠᠯᠠᠭᠤᠯᠪᠠ᠃

ᠬᠠᠭᠤᠷᠮᠠᠭ ᠮᠠᠨᠵᠦ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠦ ᠤᠯᠤᠰ ᠤᠨ ᠦᠶ᠎ᠡ ᠪᠠᠭᠠᠷᠢᠨ ᠵᠡᠭᠦᠨ ᠬᠤᠰᠢᠭᠤᠨ ᠤ ᠲᠣᠪᠴᠢᠶ᠎ᠡ ᠵᠢ ᠪᠠᠶᠢᠭᠤᠯᠵᠤ ᠂ ᠰᠢᠶᠠᠨ᠂ ᠵᠠᠰᠠᠭ  ᠤᠨ ᠳᠦᠷᠢᠮ  ᠢ ᠦᠭᠡᠶᠢᠰᠭᠡᠵᠤ ᠂ ᠬᠢᠩᠭᠠᠨ ᠪᠠᠷᠠᠭᠤᠨ ᠮᠤᠵᠢ ᠳ᠋ᠦ ᠬᠠᠷᠢᠶᠠᠯᠠᠭᠤᠯᠪᠠ᠃

ᠤᠳᠤ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1945 ᠤᠨ ᠳ᠋ᠦ ᠥᠪᠥᠷ ᠮᠤᠩᠭᠤᠯ ᠤᠨ ᠥᠪᠡᠷᠲᠡᠭᠡᠨ ᠵᠠᠰᠠᠬᠤ ᠵᠰᠠᠭ ᠤᠨ ᠤᠷᠳᠤᠨ ᠡᠭᠦᠰᠴᠤ ᠂ ᠪᠠᠭᠠᠷᠢᠨ ᠵᠡᠭᠦᠨ ᠭᠠᠷᠤᠨ ᠬᠤᠰᠢᠭᠤᠨ ᠤ ᠬᠤᠰᠢᠭᠤᠨ ᠤ ᠵᠠᠰᠠᠭ ᠤᠨ ᠤᠷᠳᠤᠨ ᠪᠠᠶᠢᠭᠤᠯᠤᠭᠳᠠᠪᠠ᠃
1946 ᠤᠨ ᠤ 6 ᠰᠠᠷ᠎ᠠ ᠳ᠋ᠦ ᠳᠤᠮᠳᠠᠳᠤ ᠤᠯᠤᠰ ᠤᠨ ᠡᠪ ᠬᠠᠮᠳᠤ ᠨᠠᠮ ᠤᠨ ᠯᠢᠨᠳᠦ᠋ᠩ ᠤᠨ ᠵᠦᠪᠯᠡᠯ ᠪᠠᠶᠢᠭᠤᠯᠤᠭᠳᠠᠵᠤ ᠂ ᠪᠠᠭᠠᠷᠢᠨ ᠵᠡᠭᠦᠨ ᠭᠠᠷᠤᠨ ᠬᠤᠰᠢᠭᠤᠨ ᠵᠠᠰᠠᠭ ᠤᠨ ᠤᠷᠳᠤᠨ ᠲᠠᠢ ᠴᠤᠭ ᠿᠧᠾᠧ ᠮᠤᠵᠢ ᠵᠢᠨ ᠵᠤᠤ ᠤᠳᠠ ᠵᠢᠨ ᠴᠢᠭᠤᠯᠭᠠᠨ ᠤ ᠵᠠᠰᠠᠭ ᠤᠨ ᠵᠦᠪᠯᠡᠯ ᠳ᠋ᠦ ᠬᠠᠷᠢᠶᠠᠯᠠᠵᠤ ᠪᠠᠶᠢᠪᠠ᠃
1947 ᠤᠨ ᠤ 11 ᠰᠠᠷ᠎ᠠ ᠵᠢᠨ 25 ᠤ ᠡᠳᠦᠷ ᠯᠢᠨᠳᠦ᠋ᠩ ᠤᠨ ᠵᠦᠪᠯᠡᠯ᠂ ᠪᠠᠭᠠᠷᠢᠨ ᠵᠡᠭᠦᠨ ᠭᠠᠷᠤᠨ ᠬᠤᠰᠢᠭᠤᠨ ᠵᠠᠰᠠᠭ ᠤᠨ ᠤᠷᠳᠤᠨ ᠨᠡᠶᠢᠯᠡᠵᠦ᠂ ᠪᠠᠭᠠᠷᠢᠨ ᠵᠡᠭᠦᠨ ᠭᠠᠷᠤᠨ ᠬᠤᠰᠢᠭᠤᠨ ᠵᠠᠰᠠᠭ ᠤᠨ ᠤᠷᠳᠤᠨ ᠭᠡᠪᠡ ᠃
   1949 ᠤᠨ ᠤ 5.1 ᠳ᠋ᠦ ᠪᠠᠭᠠᠷᠢᠨ ᠵᠡᠭᠦᠨ ᠬᠤᠰᠢᠭᠤ ᠵᠢ ᠥᠪᠥᠷ ᠮᠤᠩᠭᠤᠯ  ᠤᠨ ᠥᠪᠡᠷᠲᠡᠭᠡᠨ ᠵᠠᠰᠠᠬᠤ ᠤᠷᠤᠨ  ᠤ ᠵᠤᠤ ᠤᠳᠠ ᠠᠶᠢᠮᠠᠭ ᠳ᠋ᠦ ᠬᠠᠷᠢᠶᠠᠯᠠᠭᠤᠯᠪᠠ᠃
1954 ᠤᠨ ᠤ 3 ᠰᠠᠷ᠎ᠠ ᠳ᠋ᠦ ᠪᠠᠭᠠᠷᠢᠨ ᠵᠡᠭᠦᠨ ᠭᠠᠷᠤᠨ ᠬᠤᠰᠢᠭᠤᠨ ᠠᠷᠠᠳ ᠤᠨ ᠵᠠᠰᠠᠭ  ᠤᠨ ᠤᠷᠳᠤᠨ ᠢ ᠪᠠᠭᠠᠷᠢᠨ ᠵᠡᠭᠦᠨ ᠬᠤᠰᠢᠭᠤᠨ ᠤ ᠠᠷᠠᠳ ᠤᠨ ᠵᠦᠪᠯᠡᠯ ᠭᠡᠪᠡ ᠃
1968 ᠤᠨ ᠤ 2 ᠰᠠᠷ᠎ᠠ ᠳ᠋ᠦᠪᠠᠭᠠᠷᠢᠨ ᠵᠡᠭᠦᠨ ᠬᠤᠰᠢᠭᠤᠨ ᠬᠤᠪᠢᠰᠬᠠᠯ ᠤᠨ ᠵᠦᠪᠯᠡᠯ ᠪᠠᠢᠭᠤᠯᠤᠭᠳᠠᠪᠠ᠃
1969 ᠤᠨ ᠤ 7 ᠰᠠᠷ᠎ᠠ ᠵᠢᠨ1 ᠳ᠋ᠦ ᠪᠠᠭᠠᠷᠢᠨ ᠵᠡᠭᠦᠨ ᠬᠤᠰᠢᠭᠤ ᠵᠤᠤ ᠤᠳᠠ ᠠᠶᠢᠮᠠᠭ ᠲᠠᠢ ᠬᠠᠮᠳᠤ ᠯᠢᠶᠤᠤᠨᠢᠩ ᠮᠤᠵᠢ ᠳ᠋ᠦ ᠤᠷᠤᠪᠠ᠃
1979 ᠤᠨ ᠤ 7 ᠰᠠᠷ᠎ᠠ ᠵᠢᠨ 1 ᠳ᠋ᠦ ᠪᠠᠭᠠᠷᠢᠨ ᠵᠡᠭᠦᠨ ᠬᠤᠰᠢᠭᠤ ᠵᠤᠤ ᠤᠳᠠ ᠠᠶᠢᠮᠠᠭ ᠲᠠᠢ ᠬᠠᠮᠳᠤ ᠳᠠᠬᠢᠨ ᠥᠪᠥᠷ ᠮᠤᠩᠭᠤᠯ ᠳ᠋ᠦ ᠪᠠᠨ ᠪᠤᠴᠠᠵᠠᠢ᠃
1981 ᠤᠨ ᠤ 7 ᠰᠠᠷ᠎ᠠ ᠳ᠋ᠦ ᠂ ᠪᠠᠭᠠᠷᠢᠨ ᠵᠡᠭᠦᠨ ᠬᠤᠰᠢᠭᠤᠨ ᠬᠤᠪᠢᠰᠬᠠᠯ ᠤᠨ ᠵᠦᠪᠯᠡᠯ ᠢ ᠦᠭᠡᠢᠢᠰᠭᠡᠵᠦ᠂ ᠪᠠᠭᠠᠷᠢᠨ ᠵᠡᠭᠦᠨ ᠬᠤᠰᠢᠭᠤᠨ ᠠᠷᠠᠳ ᠤᠨ ᠵᠠᠰᠠᠭ ᠤᠨ ᠤᠷᠳᠤᠨ ᠢ ᠰᠡᠷᠭᠦᠭᠡᠵᠠᠢ᠃
1983ᠤᠨ ᠳ᠋ᠦ ᠵᠤᠤ ᠤᠳᠠ ᠠᠶᠢᠮᠠᠭ ᠢ ᠤᠯᠠᠭᠠᠨᠬᠠᠳᠠ ᠬᠤᠳᠠ ᠭᠡᠵᠦ ᠥᠭᠡᠷᠡᠴᠢᠯᠡᠨ᠂ᠪᠠᠭᠠᠷᠢᠨ ᠵᠡᠭᠦᠨ ᠬᠤᠰᠢᠭᠤ ᠤᠯᠠᠭᠠᠨᠬᠠᠳᠠ ᠬᠤᠳᠠ ᠵᠢᠨ ᠬᠠᠷᠢᠶᠠᠨ ᠳ᠋ᠦ ᠤᠷᠤᠪᠠ᠃

ᠵᠠᠰᠠᠭ ᠵᠠᠬᠢᠷᠭᠠᠨ  ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠵᠡᠭᠦᠨ ᠬᠤᠰᠢᠭᠤ 7ᠪᠠᠯᠭᠠᠰᠤ᠂2 ᠵᠡᠭᠡᠯᠢ᠂ 2ᠰᠤᠮᠤ ᠂2 ᠰᠢᠶᠠᠩ ᠬᠤᠪᠢᠶᠠᠨ᠎ᠠ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2010ᠤᠨ ᠪᠤᠯᠳᠠᠯ᠎ᠠ ᠪᠠᠭᠠᠷᠢᠨ ᠵᠡᠭᠦᠨ ᠬᠤᠰᠢᠭᠤᠨ ᠤ ᠪᠦᠬᠦ ᠬᠦᠮᠦᠨ ᠠᠮᠠ 327765᠂ ᠬᠢᠲᠠᠳᠮᠣᠩᠭᠣᠯᠰᠢᠪᠡᠭᠡᠮᠠᠨᠵᠤᠳᠠᠭᠤᠷᠬᠤᠲᠤᠩ ᠵᠡᠷᠭᠡ ᠦᠨᠳᠦᠰᠦᠳᠡᠨ ᠲᠠᠢ᠃ [1] ᠮᠣᠩᠭᠤᠯ ᠦᠨᠳᠦᠰᠦᠲᠡᠨ ᠤ ᠬᠦᠮᠦᠨ ᠠᠮᠠ 12.6 ᠲᠦᠮᠡ ᠪᠠᠶᠢᠵᠤ᠂ ᠪᠦᠬᠦ ᠬᠦᠮᠦᠨ ᠠᠮᠠ ᠶᠢᠨ 35% ᠶᠢ ᠡᠵᠡᠯᠡᠨ᠂ ᠭᠤᠣᠯᠳᠠᠭᠤ ᠴᠠᠭᠠᠨᠬᠠᠳᠠ ᠰᠤᠮᠤ᠂ ᠤᠯᠠᠭᠠᠨᠳᠠᠪᠠᠭ᠎ᠠ ᠰᠤᠮᠤ᠂ ᠪᠠᠶᠠᠨ᠋ᠠ᠋ᠭᠤᠯᠠ ᠪᠠᠯᠭᠠᠰᠤᠨ ᠳᠤ ᠲᠦᠪᠯᠡᠷᠡᠨ ᠰᠠᠭᠤᠷᠢᠰᠢᠵᠤ ᠪᠣᠢ᠃ ᠡᠭᠦᠨ ᠳᠤ ᠮᠣᠩᠭᠤᠯ ᠦᠭᠡ ᠬᠡᠯᠡ ᠦᠰᠦᠭ ᠪᠢᠴᠢᠭ ᠤᠨ ᠰᠤᠷᠴᠤ ᠬᠡᠷᠡᠭᠯᠡᠵᠦ ᠪᠠᠶᠢᠭ᠎ᠠ ᠬᠦᠮᠦᠨ ᠤ ᠲᠤᠭ᠎ᠠ 31105 ᠪᠠᠶᠢᠵᠤ᠂ ᠪᠦᠬᠦ ᠬᠦᠮᠦᠨ ᠠᠮᠠ ᠶᠢᠨ 8.7% ᠶᠢ ᠡᠵᠡᠯᠡᠵᠦ ᠪᠠᠶᠢᠨ᠎ᠠ︔ ᠮᠠᠨᠵᠤ ᠦᠨᠳᠦᠰᠦᠲᠡᠨ ᠤ ᠬᠦᠮᠦᠨ ᠠᠮᠠ 11279 ᠪᠠᠶᠢᠵᠤ᠂ ᠭᠤᠣᠯᠳᠠᠭᠤ ᠯᠢᠨᠳᠦ᠋ᠩ ᠪᠠᠯᠭᠠᠰᠤ᠂ ᠯᠦᠩᠴᠠᠩ ᠪᠠᠯᠭᠠᠰᠤ᠂ ᠪᠢᠯᠡᠭᠦᠲᠠᠢ ᠪᠠᠯᠭᠠᠰᠤᠨ ᠳᠤ ᠲᠦᠪᠯᠡᠷᠡᠨ ᠰᠠᠭᠤᠷᠢᠰᠢᠵᠤ ᠪᠠᠶᠢᠨ᠎ᠠ︔ ᠬᠤᠲᠤᠩ ᠦᠨᠳᠦᠰᠦᠲᠡᠨ ᠤ ᠬᠦᠮᠦᠨ ᠠᠮᠠ754 ᠪᠠᠶᠢᠵᠤ᠂ ᠭᠤᠣᠯᠳᠠᠭᠤ ᠯᠢᠨᠳᠦ᠋ᠩ ᠪᠠᠯᠭᠠᠰᠤ ᠶᠢᠨ ᠵᠡᠭᠦᠨ ᠪᠠᠷᠠᠭᠤᠨ ᠬᠤᠲᠠ ᠲᠣᠭᠤᠷᠢᠭ ᠲᠤ ᠲᠦᠪᠯᠡᠷᠡᠨ ᠰᠠᠭᠤᠷᠢᠰᠢᠵᠤ ᠪᠠᠶᠢᠨ᠎ᠠ︔ ᠰᠣᠯᠤᠩᠭᠤᠰ ᠦᠨᠳᠦᠰᠦᠲᠡᠨ᠂ ᠳᠠᠭᠤᠷ ᠦᠨᠳᠦᠰᠦᠲᠡᠨ᠂ ᠣᠷᠴᠣᠨ ᠦᠨᠳᠦᠰᠦᠲᠡᠨ᠂ ᠵᠤᠸᠠᠩ ᠦᠨᠳᠦᠰᠦᠲᠡᠨ᠂ ᠲᠥᠪᠡᠳ ᠦᠨᠳᠦᠰᠦᠲᠡᠨ᠂ ᠰᠢᠪᠡᠭᠡ ᠦᠨᠳᠦᠰᠦᠲᠡᠨ ᠵᠢᠴᠢ ᠪᠣᠰᠤᠳ ᠦᠨᠳᠦᠰᠦᠲᠡᠨ ᠤ ᠬᠦᠮᠦᠨ ᠠᠮᠠ ᠨᠡᠶᠢᠯᠡᠭᠡᠳ 350 ᠭᠠᠷᠤᠢ ᠪᠠᠶᠢᠵᠤ᠂ ᠪᠦᠬᠦ ᠬᠤᠰᠢᠭᠤᠨ ᠤ ᠡᠯ᠎ᠡ ᠭᠠᠵᠠᠷ ᠣᠷᠣᠨ ᠳᠤ ᠲᠠᠷᠬᠠᠨ ᠰᠠᠭᠤᠷᠢᠰᠢᠵᠤ ᠪᠣᠢ᠃ [2]

ᠭᠠᠵᠠᠷ ᠵᠦᠢ  ᠤᠨ ᠤᠷᠴᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠷᠢᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠵᠡᠭᠦᠨ ᠬᠤᠰᠢᠭᠤ ᠨᠢ ᠥᠪᠥᠷ ᠮᠤᠩᠭᠤᠯ  ᠤᠨ ᠥᠪᠡᠷᠲᠡᠭᠡᠨ ᠵᠠᠰᠠᠬᠤ ᠤᠷᠤᠨ  ᠤ ᠤᠯᠠᠭᠠᠨᠬᠠᠳᠠ ᠬᠤᠳᠠ ᠵᠢᠨ ᠬᠣᠶᠢᠲᠤ ᠬᠡᠰᠡᠭ᠂ᠶᠡᠬᠡ ᠬᠢᠩᠭᠠᠨ ᠳᠠᠪᠠᠭ᠎ᠠ ᠵᠢᠨ ᠪᠠᠷᠠᠭᠤᠨ ᠡᠮᠦᠨ᠎ᠡ ᠦᠵᠦᠭᠦᠷ ᠲᠦ ᠂ᠦᠯᠵᠡᠶᠢᠮᠦ᠋ᠷᠡᠨ  ᠤ ᠳᠡᠭᠡᠳᠤ ᠤᠷᠤᠰᠬᠠᠯ᠂ ᠥᠪᠥᠷ ᠮᠤᠩᠭᠤᠯ  ᠤᠨ ᠦᠨᠳᠦᠷᠯᠢᠭ ᠪᠤᠯᠤᠨ ᠵᠡᠭᠦᠨ ᠬᠤᠶᠢᠲᠤ ᠵᠢᠨ ᠲᠠᠯ᠎ᠠ ᠭᠠᠵᠠᠷ  ᠤᠨ ᠠᠭᠤᠯᠵᠠᠭᠤᠷ  ᠲᠦ ᠤᠷᠤᠰᠢᠨ᠎ᠠ᠃ ᠵᠡᠭᠦᠨ ᠤᠷᠲᠤᠷᠢᠭ  ᠤᠨ 118°44 ~119°48᠂ ᠤᠮᠠᠷᠠᠳᠤ ᠦᠷᠭᠡᠷᠢᠭ  ᠤᠨ 43°~ 48°48 ᠤᠨ ᠤᠷᠤᠨ ᠳ᠋ᠦ᠃ ᠵᠡᠭᠦᠨ ᠲᠠᠯ᠎ᠠ ᠪᠠᠷ ᠵᠢᠡᠨ ᠠᠷᠤ ᠬᠤᠷᠴᠢᠨ ᠬᠤᠰᠢᠭᠤ᠂ ᠪᠠᠷᠠᠭᠤᠨ᠂ ᠡᠮᠦᠨ᠎ᠡ ᠲᠠᠯ᠎ᠠ ᠪᠠᠷ ᠵᠢᠡᠨ ᠪᠠᠭᠠᠷᠢᠨ ᠪᠠᠷᠠᠭᠤᠨ ᠬᠤᠰᠢᠭᠤ᠂ ᠬᠤᠶᠢᠲᠤ ᠲᠠᠯ᠎ᠠ ᠪᠠᠷ ᠵᠢᠡᠨ ᠰᠢᠯᠢ ᠵᠢᠨ ᠭᠤᠤᠯ ᠠᠶᠢᠮᠠᠭ  ᠤᠨ ᠪᠠᠷᠠᠭᠤᠨ ᠦᠵᠦᠮᠦᠴᠢᠨ ᠬᠤᠰᠢᠭᠤ ᠲᠠᠢ ᠬᠢᠯᠢ ᠵᠠᠯᠭᠠᠵᠤ ᠂ ᠶᠡᠷᠦᠩᠬᠡᠢ ᠲᠠᠯᠠᠪᠠᠢ 6644ᠺᠦᠸᠠᠳ᠋ ᠺᠢᠯᠤᠮᠸᠲ᠋ᠷ᠃

ᠭᠠᠵᠠᠷ  ᠤᠨ ᠪᠠᠶᠢᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠶᠢᠲᠤ ᠬᠡᠰᠡᠭ᠂ ᠳᠤᠮᠳᠠ ᠬᠡᠰᠡᠭ ᠲᠦ  ᠪᠠᠨ ᠠᠭᠤᠯᠠᠨ ᠭᠠᠵᠠᠷ ᠵᠢᠡᠷ ᠭᠤᠤᠯᠯᠠᠵᠤ᠂ ᠪᠦᠬᠦ ᠬᠤᠰᠢᠭᠤᠨ  ᠤ ᠨᠤᠲᠤᠭ  ᠤᠨ 60%ᠡᠴᠡ ᠳᠡᠭᠡᠭᠰᠢᠬᠢ ᠵᠢ ᠡᠵᠡᠯᠡᠨ᠎ᠡ᠃ ᠳᠤᠮᠳᠠ ᠬᠡᠰᠡᠭ ᠲᠦ ᠪᠠᠨ ᠲᠠᠯ᠎ᠠ ᠪᠤᠯᠤᠨ ᠬᠦᠨᠳᠡᠢ ᠪᠠᠷ ᠭᠤᠤᠯᠯᠠᠨ᠎ᠠ᠂ ᠡᠮᠦᠨ᠎ᠡ ᠬᠡᠰᠡᠭ ᠨᠢ ᠳᠤᠪᠤᠷᠬᠠᠭ ᠭᠠᠵᠠᠷ ᠵᠢᠡᠷ ᠭᠤᠤᠯᠯᠠᠨ᠎ᠠ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠵᠡᠭᠦᠨ ᠬᠤᠰᠢᠭᠤ ᠨᠢ ᠳᠤᠮᠳᠠ ᠰᠡᠷᠢᠭᠦᠨ ᠪᠦᠰᠡ ᠵᠢᠨ ᠬᠠᠭᠠᠰ ᠬᠠᠭᠤᠷᠠᠢ ᠤᠷᠤᠨ ᠳ᠋ᠦ ᠬᠠᠷᠢᠶᠠᠯᠠᠭᠳᠠᠵᠤ᠂ ᠵᠢᠯ  ᠤᠨ ᠳᠤᠮᠳᠠᠴᠢ ᠳᠤᠯᠠᠭᠠᠨ 5.3ᠬᠡᠮ᠂ ᠬᠢᠷᠠᠭᠤ ᠦᠭᠡᠢ ᠬᠤᠭᠤᠴᠠᠭ᠎ᠠ 110 ᠡᠳᠦᠷ ᠡᠴᠡ 130 ᠡᠳᠦᠷ᠃ ᠳᠤᠮᠳᠠᠴᠢ ᠨᠠᠷᠠᠨ ᠤ ᠳᠤᠰᠤᠯᠲᠠ ᠵᠢᠨ ᠬᠡᠮᠵᠢᠶ᠎ᠡ 3000 ᠴᠠᠭ ᠤᠷᠴᠢᠮ᠂ ᠵᠢᠯ  ᠤᠨ ᠳᠤᠮᠳᠠᠴᠢ ᠲᠤᠳᠠᠰᠤᠨ ᠤ ᠬᠡᠮᠵᠢᠶ᠎ᠡ 400cm ᠤᠷᠴᠢᠮ᠂ ᠵᠢᠯ  ᠤᠨ ᠳᠤᠮᠳᠠᠴᠢ ᠰᠠᠯᠬᠢᠨ ᠤ ᠬᠦᠴᠦᠨ 3-4m/s᠃

ᠤᠰᠤᠨ ᠰᠢᠰᠲ᠋ᠸᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠵᠡᠭᠦᠨ ᠬᠤᠰᠢᠭᠤ ᠨᠢ ᠯᠢᠶᠤᠤᠾᠸ ᠭᠤᠤᠯ ᠤᠨ ᠰᠠᠪᠠ ᠤᠷᠤᠨ ᠳ᠋ᠦ ᠬᠠᠷᠢᠶᠠᠯᠠᠭᠳᠠᠨ᠂ ᠬᠠᠮᠤᠭ ᠤᠨ ᠶᠡᠬᠡ ᠭᠤᠤᠯ ᠪᠤᠯ ᠦᠯᠵᠡᠶᠢᠮᠦ᠋ᠷᠡᠨ ᠭᠤᠤᠯ ᠶᠤᠮ᠂ ᠯᠢᠶᠤᠤ ᠤᠯᠤᠰᠴᠢᠩ ᠤᠯᠤᠰ ᠤᠨ ᠡᠬᠢᠨ ᠳ᠋ᠦ ᠤᠷᠳᠤ ᠴᠢᠨᠣ᠎ᠠ ᠵᠢᠨ ᠭᠤᠤᠯ ᠭᠡᠳᠡᠭ᠂ ᠤᠷᠳᠤ ᠪᠠᠷ 174.9km ᠂ ᠬᠤᠭᠤᠯᠠᠳᠤ ᠵᠢᠨ ᠭᠤᠤᠯᠤᠯᠠᠭᠠᠨᠳᠠᠪᠠᠭ᠎ᠠ ᠵᠢᠨ ᠭᠤᠤᠯ᠂ ᠭᠠᠨᠵᠤᠭ᠎ᠠ ᠵᠢᠨ ᠭᠤᠤᠯ ᠂ ᠤᠯᠠᠭᠠᠨᠪᠠᠶᠢᠴᠠ ᠵᠢᠨ ᠭᠤᠤᠯ᠂ ᠴᠠᠭᠠᠨᠪᠠᠶᠢᠴᠠ ᠵᠢᠨ ᠭᠤᠤᠯ᠂ ᠪᠤᠶᠠᠨ ᠭᠤᠤᠯ ᠵᠡᠷᠭᠡ ᠭᠤᠤᠯ ᠤᠳ ᠤᠷᠤᠰᠬᠠᠯ ᠨᠡᠶᠢᠯᠡᠵᠦ ᠪᠠᠶᠢᠨ᠎ᠠ᠂ ᠪᠦᠬᠦ ᠬᠤᠰᠢᠭᠤᠨ ᠶᠡᠬᠡ ᠪᠠᠭ᠎ᠠ ᠭᠤᠤᠯ ᠤᠳ 68 ᠭᠠᠷᠤᠢ ᠪᠠᠶᠢᠨ᠎ᠠ᠃

ᠪᠠᠶᠢᠭᠠᠯᠢ ᠵᠢᠨ ᠡᠬᠢ ᠪᠠᠶᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠤᠷᠬᠠᠢ ᠵᠢᠨ ᠡᠬᠢ ᠪᠠᠶᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠵᠡᠭᠦᠨ ᠬᠤᠰᠢᠭᠤᠨ ᠤ ᠠᠭᠤᠷᠬᠠᠢ ᠵᠢᠨ ᠡᠬᠢ ᠪᠠᠶᠠᠯᠢᠭ ᠮᠠᠰᠢ ᠡᠯᠪᠡᠭ᠂ 2007 ᠤᠨ ᠪᠤᠯᠲᠠᠯ᠎ᠠ ᠂ ᠬᠤᠰᠢᠭᠤᠨ ᠬᠢᠵᠠᠭᠠᠷ ᠡᠴᠡ ᠢᠯᠡᠷᠡᠭᠦᠯᠦᠭᠰᠡᠨ ᠡᠯ᠎ᠡ ᠵᠦᠢᠯ ᠤᠨ ᠠᠭᠤᠷᠬᠠᠢ ᠵᠢᠨ ᠨᠦᠭᠡᠴᠡ ᠲᠠᠢ ᠭᠠᠵᠠᠷ 130 ᠭᠠᠷᠤᠢ᠂ ᠡᠭᠦᠨ ᠤ ᠳᠤᠲᠤᠷ᠎ᠠ ᠠᠵᠤ ᠦᠢᠯᠡᠳᠪᠦᠷᠢ ᠵᠢᠨ ᠠᠭᠤᠷᠬᠠᠢ ᠵᠢᠨ ᠤᠷᠳᠤᠨ 5᠂ ᠠᠭᠤᠷᠬᠠᠢ ᠴᠡᠭ 50 ᠭᠠᠷᠤᠢ᠂ ᠭᠤᠤᠯᠳᠠᠭᠤ ᠡᠷᠲᠡᠨ ᠳ᠋ᠦ ᠮᠠᠭᠮᠠ ᠵᠢᠨ ᠬᠦᠳᠡᠯᠭᠡᠭᠡᠨ ᠡᠯᠪᠡᠭ ᠪᠠᠶᠢᠭᠰᠠᠨ ᠬᠤᠶᠢᠲᠤ ᠬᠡᠰᠡᠭ ᠲᠦ ᠲᠠᠷᠬᠠᠨ᠂ ᠨᠢᠭᠡᠨᠳᠡ ᠮᠡᠳᠡᠭᠰᠡᠨ ᠠᠭᠤᠷᠬᠠᠢ ᠵᠢᠨ ᠲᠦᠷᠦᠯ 30 ᠭᠠᠷᠤᠢ᠂ ᠭᠤᠤᠯᠳᠠᠭᠤ ᠴᠠᠶᠢᠷᠲᠤᠭᠤᠯᠭ᠎ᠠᠵᠡᠰᠴᠠᠭᠠᠨ ᠲᠤᠭᠤᠯᠭ᠎ᠠ ᠵᠡᠷᠭᠡ ᠥᠩᠭᠡᠲᠤ ᠲᠡᠮᠦᠷᠯᠢᠭ᠂ ᠠᠯᠳᠠᠮᠥᠩᠭᠥ ᠵᠡᠷᠭᠡ ᠦᠨᠡᠳᠦ ᠲᠡᠮᠦᠷᠯᠢᠭ᠂ ᠲᠡᠮᠦᠷᠮᠠᠩᠭᠠᠨ ᠵᠡᠷᠭᠡ ᠬᠠᠷ᠎ᠠ ᠥᠩᠭᠡᠲᠤ ᠲᠡᠮᠦᠷᠯᠢᠭ ᠪᠤᠯᠤᠨ ᠶᠧ ᠯᠠ ᠱᠢ ᠂ ᠰᠤᠪᠤᠳ ᠴᠢᠯᠠᠭᠤ᠂ ᠪᠤᠷᠵᠢᠨ ᠴᠢᠯᠠᠭᠤ ᠵᠡᠷᠭᠡ ᠲᠡᠮᠦᠷᠯᠢᠭ ᠪᠤᠰᠤ ᠪᠠᠶᠢᠵᠤ ᠂ ᠡᠳᠡᠭᠡᠷ ᠠᠭᠤᠷᠬᠠᠢ ᠵᠢᠨ ᠡᠬᠢ ᠪᠠᠶᠠᠯᠢᠭ ᠭᠤᠤᠯᠳᠠᠭᠤ ᠬᠤᠰᠢᠭᠤᠨ  ᠤ ᠪᠠᠶᠠᠨᠨᠢᠷᠤᠭᠤᠪᠢᠯᠡᠭᠦᠦᠲᠠᠢ᠂ ᠹᠦ᠋ ᠾᠧ᠂ ᠬᠠᠷᠠᠬᠠᠳᠠᠤᠯᠠᠭᠠᠨᠳᠠᠪᠠᠭ᠎ᠠ ᠵᠡᠷᠭᠡ ᠭᠠᠵᠠᠷ ᠵᠢᠡᠷ ᠲᠠᠷᠬᠠᠵᠤ ᠪᠠᠶᠢᠨ᠎ᠠ᠃ ᠡᠭᠦᠨ ᠳ᠋ᠦ ᠴᠠᠶᠢᠷᠲᠤᠭᠤᠯᠭ᠎ᠠ ᠵᠢᠨ ᠨᠦᠭᠡᠴᠡ 4687.98 ᠲᠦᠮᠡᠨ ᠲᠤᠨ᠂ ᠤᠳᠤ ᠳ᠋ᠦ ᠦᠯᠡᠳᠡᠵᠦ ᠪᠠᠶᠢᠭ᠎ᠠ ᠨᠢ 2656.498 ᠲᠦᠮᠡᠨ ᠲᠤᠨ᠂ ᠵᠠᠰ ᠤᠨ ᠠᠭᠤᠷᠬᠠᠢ ᠵᠢᠨ ᠬᠠᠳᠠᠭᠠᠯᠠᠭᠳᠠᠴᠠ 44.983 ᠲᠦᠮᠡᠨ ᠲᠤᠨ᠂ ᠮᠥᠩᠭᠥ 1400 ᠲᠤᠨ᠂ ᠲᠡᠮᠦᠷ 1618.7 ᠲᠦᠮᠡᠨ ᠲᠤᠨ᠂ ᠫᠢᠷᠢᠲ ᠤᠨ ᠠᠭᠤᠷᠬᠠᠢ 7300 ᠲᠦᠮᠡᠨ ᠲᠤᠨ᠂ ᠴᠤᠬᠤᠢ ᠵᠢᠨ ᠴᠢᠯᠠᠭᠤ ᠨᠦᠭᠡᠴᠡ 1 ᠳ᠋ᠦ᠋ᠩᠰᠢᠭᠤᠷ ᠲᠤᠨ ᠡᠴᠡ ᠳᠡᠭᠡᠭᠰᠢ᠂ ᠴᠠᠬᠢᠭᠤᠷ ᠴᠤᠬᠤᠢ ᠵᠢᠨ ᠴᠢᠯᠠᠭᠤ ᠵᠢᠨ ᠨᠦᠭᠡᠴᠡ 80.28 ᠲᠦᠮᠡᠨ ᠲᠤᠨ ᠡᠴᠡ ᠳᠣᠷᠤᠭᠰᠢ᠂ ᠪᠠᠰᠠ ᠸᠠᠭᠠᠷ  ᠤᠨ ᠰᠢᠷᠤᠢ᠂ ᠵᠤᠩᠰᠢ᠂ ᠼᠧᠤᠯᠢᠲ᠂ ᠪᠤᠯᠤᠷ ᠵᠡᠷᠭᠡ ᠲᠡᠮᠦᠷᠯᠢᠭ ᠪᠤᠰᠤ ᠡᠬᠢ ᠪᠠᠶᠠᠯᠢᠭ ᠲᠠᠢ ᠃

ᠲᠠᠷᠢᠶᠠᠯᠠᠩ ᠮᠠᠯ ᠠᠵᠤ ᠠᠬᠤᠢ ᠵᠢᠨ ᠡᠬᠢ ᠪᠠᠶᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠵᠡᠭᠦᠨ ᠬᠤᠰᠢᠭᠤ ᠲᠠᠷᠢᠶᠠᠯᠠᠩ ᠵᠢᠡᠷ ᠭᠤᠤᠯᠯᠠᠵᠤ᠂ ᠪᠠᠶᠠᠨ᠋ᠠᠭᠤᠯᠠ ᠂ ᠴᠠᠭᠠᠨᠬᠠᠳᠠᠤᠯᠠᠭᠠᠨᠳᠠᠪᠠᠭ᠎ᠠ ᠵᠡᠷᠭᠡ ᠮᠠᠯᠵᠢᠬᠤ ᠭᠤᠷᠪᠠᠨ ᠰᠤᠮᠤ ᠳ᠋ᠦ ᠮᠠᠯ ᠠᠵᠤ ᠠᠬᠤᠢ ᠪᠠᠷ ᠭᠤᠤᠯᠯᠠᠨ᠎ᠠ᠃ ᠤᠢ ᠰᠢᠭᠤᠢ ᠵᠢᠨ ᠪᠦᠷᠬᠦᠴᠡ 30.7% ᠳ᠋ᠦ ᠬᠦᠷᠴᠦ ᠪᠠᠶᠢᠨ᠎ᠠ᠃ 2007 ᠤᠨ ᠪᠤᠯᠳᠠᠯ᠎ᠠ᠂ ᠪᠠᠭᠠᠷᠢᠨ ᠵᠡᠭᠦᠨ ᠬᠤᠰᠢᠭᠤᠨ ᠤ ᠲᠠᠷᠢᠶᠠᠨ ᠭᠠᠵᠠᠷ 155 ᠲᠦᠮᠡᠨ ᠮᠦ᠂ ᠪᠡᠯᠴᠢᠭᠡᠷ 480 ᠲᠦᠮᠡᠨ ᠮᠦ᠂ ᠤᠢ ᠰᠢᠭᠤᠢ ᠵᠢᠨ ᠲᠠᠯᠠᠪᠠᠢ 305 ᠲᠦᠮᠡᠨ ᠮᠦ᠃ ᠪᠠᠭᠠᠷᠢᠨ ᠵᠡᠭᠦᠨ ᠬᠤᠰᠢᠭᠤ ᠪᠤᠯ ᠵᠡᠭᠦᠨ ᠬᠤᠶᠢᠲᠤ ᠬᠡᠰᠡᠭ ᠤᠨ ᠤᠷᠤᠨ ᠨᠤᠭᠤᠳ ᠤᠨ ᠬᠠᠮᠤᠭ ᠶᠡᠬᠡ ᠰᠢᠭᠦᠷ  ᠤᠨ ᠡᠪᠡᠰᠦ (ᠰᠢᠭᠦᠷ ᠬᠢᠬᠦ ᠴᠢᠬᠤᠯᠠ ᠮᠠᠲ᠋ᠸᠷᠢᠶᠠᠯ) ᠵᠢᠨ ᠲᠠᠷᠢᠯᠳᠠ ᠵᠢᠨ ᠤᠷᠤᠨ᠂ ᠪᠦᠬᠦ ᠤᠯᠤᠰ ᠤᠨ ᠴᠢᠬᠤᠯᠠ ᠠᠭᠤᠯᠠᠨ ᠬᠦᠢᠯᠡᠰᠦ ᠵᠢᠨ ᠭᠠᠷᠤᠯᠳᠠ ᠵᠢᠨ ᠤᠷᠤᠨ᠂ ᠪᠦᠬᠦ ᠤᠯᠤᠰ ᠤᠨ ᠪᠤᠭᠤ ᠵᠢᠨ ᠦᠢᠯᠡᠰ ᠤᠨ ᠴᠢᠬᠤᠯᠠ ᠤᠷᠤᠨ ᠶᠤᠮ᠃

ᠤᠰᠤᠨ ᠤ ᠡᠬᠢ ᠪᠠᠶᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠬᠦ ᠬᠤᠰᠢᠭᠤᠨ ᠤ ᠭᠠᠵᠠᠷ ᠤᠨ ᠭᠠᠳᠠᠷᠭᠤ ᠵᠢᠨ ᠤᠰᠤᠨ ᠤ ᠬᠡᠮᠵᠢᠶ᠎ᠡ 2.08 ᠳ᠋ᠦ᠋ᠩᠰᠢᠭᠤᠷ ᠪᠤᠰᠤᠭ᠎ᠠ ᠳᠦᠷᠪᠡᠯᠵᠢᠨ ᠮᠧᠲ᠋ᠷ᠂ ᠭᠠᠵᠠᠷ ᠳᠤᠤᠷᠠᠬᠢ ᠤᠰᠤᠨ ᠬᠡᠮᠵᠢᠶ᠎ᠡ 1.76 ᠳ᠋ᠦ᠋ᠩᠰᠢᠭᠤᠷ ᠪᠤᠰᠤᠭ᠎ᠠ ᠳᠦᠷᠪᠡᠯᠵᠢᠨ ᠮᠧᠲ᠋ᠷ᠃ ᠨᠢᠭᠡ ᠤᠰᠤᠨ ᠴᠦᠬᠦᠷᠦᠮ ᠲᠠᠢ᠂ᠴᠦᠬᠦᠷᠦᠮ ᠤᠨ ᠪᠠᠭᠲᠠᠭᠠᠮᠵᠢ 175 ᠲᠦᠮᠡᠨ ᠪᠤᠰᠤᠭ᠎ᠠ ᠳᠦᠷᠪᠡᠯᠵᠢᠨ ᠮᠧᠲ᠋ᠷ᠂ ᠪᠠᠭ᠎ᠠ ᠤᠰᠤᠨ ᠴᠦᠬᠦᠷᠦᠮ 5᠂ᠶᠡᠷᠦᠩᠬᠡᠢ ᠪᠠᠭᠲᠠᠭᠠᠮᠵᠢ 500 ᠲᠦᠮᠡᠨ ᠳᠦᠷᠪᠡᠯᠵᠢᠨ ᠮᠧᠲ᠋ᠷ ᠂ ᠪᠠᠭ᠎ᠠ ᠤᠰᠤᠨ ᠬᠠᠰᠢᠯᠭ᠎ᠠ 5 ᠂ ᠳᠤᠮᠳᠠ ᠪᠠᠭ᠎ᠠ ᠤᠰᠤᠯᠤᠯᠳᠠ ᠵᠢᠨ ᠤᠷᠤᠨ 43᠂ ᠮᠠᠰᠢᠨ ᠬᠤᠳᠳᠤᠭ 3761 ᠰᠠᠭᠤᠷᠢ᠂ ᠡᠭᠦᠨ ᠳ᠋ᠦ ᠄ ᠲᠠᠷᠢᠶᠠᠯᠠᠩ ᠤᠨ ᠤᠰᠤᠯᠠᠯᠳᠠ ᠵᠢᠨ ᠬᠤᠳᠳᠤᠭ 3442 ᠰᠠᠭᠤᠷᠢ᠂ᠠᠮᠢᠳᠤᠷᠠᠯ ᠳ᠋ᠦ ᠬᠡᠷᠡᠭᠰᠡᠬᠦ ᠬᠤᠳᠳᠤᠭ 235 ᠰᠠᠭᠤᠷᠢ᠂ ᠠᠵᠤ ᠦᠢᠯᠡᠳᠪᠦᠷᠢ ᠵᠢᠨ ᠬᠡᠷᠡᠭᠰᠡᠬᠦ ᠬᠤᠳᠳᠤᠭ 84 ᠰᠠᠭᠤᠷᠢ᠃

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠵᠡᠭᠦᠨ ᠬᠤᠰᠢᠭᠤ ᠪᠤᠯ ᠡᠷᠲᠡᠨ ᠤ ᠬᠢᠲᠠᠨ ᠤ ᠯᠢᠶᠤᠤ ᠤᠯᠤᠰ ᠤᠨ ᠨᠡᠶᠢᠰᠯᠡᠯ ᠬᠤᠳᠠ ᠪᠤᠯᠤᠭᠰᠠᠨ ᠤ ᠬᠤᠪᠢ ᠳ᠋ᠦ ᠤᠯᠠᠠ ᠠᠷᠪᠢᠨ ᠡᠷᠲᠡᠨ ᠤ ᠦᠯᠡᠳᠡᠭᠳᠡᠯ ᠰᠠᠭᠤᠷᠢᠨ ᠪᠠᠶᠢᠳᠠᠭ᠃ ᠪᠠᠭᠠᠷᠢᠨ ᠵᠡᠭᠦᠨ ᠬᠤᠰᠢᠭᠤᠨ ᠤ ᠬᠢᠵᠠᠭᠠᠷ ᠲᠦ ᠪᠠᠶᠢᠭ᠎ᠠ ᠡᠷᠲᠡᠨ ᠤ ᠰᠤᠶᠤᠯ ᠤᠨ ᠪᠠᠭᠤᠷᠢ ᠦᠯᠡᠳᠡᠭᠳᠡᠯ 273 ᠰᠠᠭᠤᠷᠢ᠂ ᠤᠯᠤᠰ ᠤᠨ ᠳᠡᠰ ᠤᠨ ᠬᠠᠮᠠᠭᠠᠯᠠᠯᠳᠠ ᠲᠠᠢ 2 ᠰᠠᠭᠤᠷᠢᠨ᠃ ᠬᠤᠰᠢᠭᠤᠨ ᠬᠢᠵᠠᠭᠠᠷ ᠲ᠋ᠦ ᠬᠢᠲᠠᠨ ᠤ ᠯᠢᠶᠤᠤ ᠤᠯᠤᠰ ᠤᠨ ᠨᠡᠶᠢᠰᠯᠡᠯ ᠱᠠᠩᠵᠢᠩ ᠤᠨ ᠪᠠᠭᠤᠷᠢ ᠪᠠᠶᠢᠨ᠎ᠠ᠃ ᠯᠢᠨᠳᠦ᠋ᠩ ᠤᠨ ᠡᠮᠦᠨ᠎ᠡ ᠤᠮᠠᠷ᠎ᠠ ᠤᠷᠤᠰᠢᠬᠤ ᠯᠢᠶᠤᠤ ᠤᠯᠤᠰ ᠤᠨ ᠬᠤᠶᠠᠷ ᠰᠤᠪᠤᠷᠭ᠎ᠠ᠂ ᠭᠢᠯᠤᠪᠠᠷ ᠵᠤᠤ ᠵᠢᠨ ᠴᠢᠯᠠᠭᠤᠨ ᠠᠭᠤᠢ ᠨᠤᠭᠤᠳ᠂ ᠽᠦ ᠵᠧᠦ᠂ ᠽᠦ ᠯᠢᠩ ᠤᠩᠭᠤᠨ᠂ ᠡᠷᠲᠡᠨ ᠤ ᠮᠦᠰᠦᠳᠦᠯᠭᠡ ᠵᠢᠨ ᠦᠶ᠎ᠡ ᠵᠢᠨ ᠦᠯᠡᠳᠡᠭᠳᠡᠯ ᠵᠡᠷᠭᠡ ᠡᠷᠲᠡᠨ ᠤ ᠰᠤᠶᠤᠯ  ᠤᠨ ᠦᠯᠡᠳᠡᠭᠳᠡᠯ ᠲᠠᠢ᠃ ᠡᠯ᠎ᠡ ᠦᠶ᠎ᠡ ᠵᠢᠨ ᠰᠤᠶᠤᠯ ᠤᠨ ᠦᠯᠡᠳᠡᠭᠳᠡᠯ 514᠂ ᠡᠭᠦᠨ ᠳ᠋ᠦ ᠤᠯᠤᠰ ᠤᠨ ᠳᠡᠰ ᠤᠨ ᠬᠠᠮᠠᠭᠠᠯᠠᠯᠳᠠ ᠲᠠᠢ ᠨᠢ 5 (ᠱᠠᠩᠵᠢᠩ ᠬᠤᠳᠠ ᠵᠢᠨ ᠪᠠᠭᠤᠷᠢ᠂ ᠬᠢᠲᠠᠨ ᠤ ᠽᠦ ᠵᠧᠤ ᠬᠤᠳᠠ ᠵᠢᠨ ᠳᠡᠭᠡᠳᠦᠰ ᠤᠨ ᠤᠩᠭᠤᠨ ᠤ ᠪᠠᠭᠤᠷᠢ ᠂ ᠭᠢᠯᠤᠪᠠᠷ ᠵᠤᠤᠬᠢᠲᠠᠨ ᠤ ᠬᠠᠨ ᠤᠪᠤᠭᠳᠤ ᠵᠢᠨ ᠤᠩᠭᠤᠨ᠂ ᠠᠯᠲᠠᠨ ᠤᠯᠤᠰ ᠤᠨ ᠤᠳᠠᠰᠤᠨ ᠬᠡᠷᠡᠮ)᠂ ᠥᠪᠡᠷᠲᠡᠭᠡᠨ ᠵᠠᠰᠠᠬᠤ ᠤᠷᠤᠨ ᠤ ᠳᠡᠰ ᠤᠨ ᠬᠠᠮᠠᠭᠠᠯᠠᠯᠳᠠ ᠲᠠᠢ 4 (ᠥᠪᠥᠷ ᠵᠤᠤ ᠵᠢᠨ ᠬᠢᠲᠠᠨ ᠤ ᠺᠠᠢ ᠬᠤᠸᠠ ᠰᠸ ᠰᠦᠮ᠎ᠡ ᠵᠢᠨ ᠪᠠᠭᠤᠷᠢ᠂ ᠬᠤᠷᠭᠤ ᠠᠭᠤᠯᠠ ᠵᠢᠨ ᠬᠢᠲᠠᠨ ᠤ ᠶᠦᠨ ᠮᠧᠨ ᠰᠧ ᠬᠡᠢᠢᠳ ᠤᠨ ᠪᠠᠭᠤᠷᠢ᠂ ᠹᠦ᠋ ᠾᠧ ᠭᠧᠦ ᠮᠧᠨ ᠦ ᠪᠠᠭᠤᠷᠢ᠂ ᠬᠠᠷᠠᠵᠠᠮ ᠤᠨ ᠲᠠᠬᠢᠯᠭ᠎ᠠ ᠵᠢᠨ ᠭᠠᠵᠠᠷ ᠤᠨ ᠪᠠᠭᠤᠷᠢ)᠃

ᠡᠷᠡᠭᠦᠯ ᠬᠠᠮᠠᠭᠠᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠬᠦ ᠬᠤᠰᠢᠭᠤᠨ ᠤ ᠰᠤᠮᠤ ᠰᠢᠶᠠᠩ ᠪᠠᠯᠭᠠᠰᠤ ᠠᠴᠠ ᠳᠡᠭᠡᠭᠰᠢᠬᠢ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ 304 ᠪᠠᠶᠢᠵᠤ᠂ ᠡᠭᠦᠨ ᠳᠤ ᠠᠵᠤ ᠠᠬᠤᠢ ᠶᠢᠨ ᠲᠥᠷᠥᠯ ᠢᠶᠠᠷ ᠬᠤᠪᠢᠶᠠᠪᠠᠯ᠂ ᠠᠯᠪᠠᠨ ᠠᠴᠠ ᠡᠷᠬᠢᠯᠡᠭᠰᠡᠨ ᠨᠢ 168᠂ ᠠᠯᠪᠠᠨ ᠤ ᠪᠤᠰᠤ ᠨᠢ 136 ᠪᠣᠢ︔ ᠭᠤᠣᠯ ᠡᠷᠬᠢᠯᠡᠭᠰᠡᠨ ᠪᠠᠶᠢᠭᠤᠯᠭ᠎ᠠ ᠪᠠᠷ ᠨᠢ ᠬᠤᠪᠢᠶᠠᠪᠠᠯ᠂ ᠵᠠᠰᠠᠭ ᠤᠨ ᠣᠷᠳᠣᠨ ᠠᠴᠠ ᠪᠠᠶᠢᠭᠤᠯᠤᠭᠰᠠᠨ ᠨᠢ 64᠂ ᠨᠡᠶᠢᠭᠡᠮ ᠤᠨ 64᠂ ᠬᠤᠪᠢ ᠬᠦᠮᠦᠨ ᠤ 176 ᠪᠣᠢ᠃ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠠᠵᠢᠯᠲᠠᠨ 2106 ᠪᠠᠶᠢᠵᠤ᠂ ᠡᠭᠦᠨ ᠳᠤ ᠲᠤᠰᠬᠠᠢ ᠡᠮᠴᠢ 446 ᠪᠠᠶᠢᠨ᠎ᠠ᠃ ᠰᠢᠨ᠎ᠡ ᠬᠡᠯᠪᠡᠷᠢ ᠶᠢᠨ ᠬᠦᠳᠡᠭᠡ ᠲᠤᠰᠬᠤᠨ ᠮᠠᠯᠵᠢᠬᠤ ᠣᠷᠣᠨ ᠤ ᠬᠤᠷᠰᠢᠭᠰᠠᠨ ᠡᠮᠨᠡᠯᠭᠡ ᠳᠤ ᠣᠷᠤᠯᠴᠠᠭᠰᠠᠨ ᠮᠠᠯᠴᠢᠨ ᠲᠠᠷᠢᠶᠠᠴᠢᠳ 26 ᠲᠦᠮᠡ ᠬᠦᠷᠴᠦ᠂ ᠣᠷᠤᠯᠴᠠᠭᠰᠠᠨ ᠨᠣᠷᠮ᠎ᠠ ᠨᠢ 95.9% ᠳᠤ ᠬᠦᠷᠴᠡᠢ᠃ ᠬᠤᠰᠢᠭᠤ ᠡᠮᠨᠡᠯᠭᠡ ᠶᠢᠨ ᠬᠤᠷᠢᠶ᠎ᠠ ᠶᠢ ᠭᠠᠵᠠᠷ ᠰᠢᠯᠵᠢᠭᠦᠯᠦᠨ ᠰᠢᠨ᠎ᠡ ᠪᠠᠷ ᠪᠠᠶᠢᠭᠤᠯᠬᠤ ᠪᠠ ᠮᠣᠩᠭᠤᠯ ᠬᠢᠲᠠᠳ ᠡᠮᠨᠡᠯᠭᠡ ᠶᠢᠨ ᠬᠤᠷᠢᠶ᠎ᠠ ᠶᠢᠨ ᠡᠭᠦᠳᠡᠨ ᠡᠮᠨᠡᠯᠭᠡ ᠶᠢᠨ ᠠᠰᠠᠷ ᠪᠠᠶᠢᠭᠤᠯᠬᠤ ᠵᠡᠷᠭᠡ ᠲᠥᠷᠥᠯ ᠵᠦᠢᠯ ᠢ ᠪᠦᠲᠦᠭᠡᠨ ᠪᠠᠶᠢᠭᠤᠯᠵᠤ ᠠᠰᠢᠭᠯᠠᠯᠲᠠ ᠳᠤ ᠣᠷᠤᠭᠤᠯᠪᠠ᠃[2]

ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

2014 ᠤᠨ ᠪᠣᠯᠬᠤ ᠳᠤ᠂ ᠪᠦᠬᠦ ᠬᠤᠰᠢᠭᠤᠨ ᠤ ᠣᠷᠣᠨ ᠨᠤᠲᠤᠭ ᠤᠨ ᠡᠳ᠋ ᠤᠨ ᠵᠠᠰᠠᠭ ᠤᠨ ᠣᠷᠤᠯᠭ᠎ᠠ ᠨᠢ8.09 ᠳ᠋ᠦᠩᠰᠢᠭᠤᠷ ᠲᠦᠭᠦᠷᠢᠭ ᠬᠦᠷᠴᠦ᠂ ᠵᠢᠯ ᠪᠦᠷᠢ ᠲᠡᠭᠰᠢᠳᠬᠡᠭᠡᠳ 16.9% ᠪᠠᠷ ᠨᠡᠮᠡᠭᠳᠡᠪᠡ᠃ ᠣᠷᠣᠨ ᠨᠤᠲᠤᠭ ᠤᠨ ᠡᠳ᠋ ᠤᠨ ᠵᠠᠰᠠᠭ ᠤᠨ ᠵᠠᠷᠤᠯᠭ᠎ᠠ ᠨᠢ 24 ᠳ᠋ᠦᠩᠰᠢᠭᠤᠷ ᠲᠦᠭᠦᠷᠢᠭ ᠬᠦᠷᠴᠦ᠂ ᠵᠢᠯ ᠪᠦᠷᠢ ᠲᠡᠭᠰᠢᠳᠬᠡᠭᠡᠳ 18% ᠪᠠᠷ ᠨᠡᠮᠡᠭᠳᠡᠪᠡ᠃ ᠡᠯ᠎ᠡ ᠵᠦᠢᠯ ᠤᠨ ᠬᠠᠳᠠᠭᠠᠯᠠᠮᠵᠢ ᠶᠢᠨ ᠦᠯᠡᠳᠡᠪᠦᠷᠢ ᠲᠤᠭ᠎ᠠ ᠨᠢ 55.7 ᠳ᠋ᠦᠩᠰᠢᠭᠤᠷ ᠲᠦᠭᠦᠷᠢᠭ ᠬᠦᠷᠴᠦ᠂ ᠵᠢᠯ ᠪᠦᠷᠢ ᠲᠡᠭᠰᠢᠳᠬᠡᠭᠡᠳ 18% ᠪᠠᠷ ᠨᠡᠮᠡᠭᠳᠡᠵᠦ᠂ ᠮᠦᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠡᠯ᠎ᠡ ᠵᠦᠢᠯ ᠤᠨ ᠵᠢᠭᠡᠯᠡᠯᠭᠡ ᠶᠢᠨ ᠦᠯᠡᠳᠡᠪᠦᠷᠢ ᠲᠤᠭ᠎ᠠ ᠨᠢ 36.4 ᠳ᠋ᠦᠩᠰᠢᠭᠤᠷ ᠲᠦᠭᠦᠷᠢᠭ ᠬᠦᠷᠴᠦ᠂ ᠵᠢᠯ ᠪᠦᠷᠢ ᠲᠡᠭᠰᠢᠳᠬᠡᠭᠡᠳ 12.7% ᠪᠠᠷ ᠨᠡᠮᠡᠭᠳᠡᠪᠡ᠃ [2]

ᠠᠯᠳᠠᠷᠲᠤ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠧᠯᠢᠦᠢ ᠠᠪᠤᠤᠵᠢ(872-926.9.6)—ᠯᠢᠶᠤᠤ ᠤᠯᠤᠰ  ᠤᠨ ᠬᠠᠭᠠᠨ
ᠬᠤᠷᠴᠢᠴᠢᠩᠭᠢᠰ ᠬᠠᠭᠠᠨ ᠤ ᠲᠦᠮᠡᠨ  ᠤ ᠨᠤᠶᠠᠨ
ᠨᠠᠶᠠᠭ᠎ᠠᠴᠢᠩᠭᠢᠰ ᠬᠠᠭᠠᠨ  ᠤ ᠲᠦᠮᠡᠨ  ᠤ ᠨᠤᠶᠠᠨ
ᠪᠠᠶᠠᠨ—(1236-1295.1.11)ᠶᠤᠸᠠᠨ ᠤᠯᠤᠰ  ᠤᠨ ᠵᠠᠩᠵᠤᠨ
ᠰᠤᠪᠤᠬᠠᠢ— ᠥᠪᠥᠷ ᠲᠠᠪᠤᠨ ᠬᠠᠯᠬ᠎ᠠ ᠵᠢᠨ ᠪᠠᠭᠠᠷᠢᠨ  ᠤ ᠨᠤᠶᠠᠨ
ᠱᠠᠭᠳᠠᠷ ᠰᠤᠯᠢᠶᠠᠲᠤ(1869 -1929 )—ᠠᠷᠠᠳ  ᠤᠨ ᠠᠮᠠᠨ ᠵᠤᠬᠢᠶᠠᠯᠴᠢ
ᠬ ᠳ᠋ᠠᠮᠪᠢᠵᠠᠯᠰᠠᠨ— ᠵᠤᠬᠢᠶᠠᠯᠴᠢ
ᠭ ᠰᠢᠷᠠᠪᠵᠠᠮᠰᠤ —ᠵᠤᠬᠢᠶᠠᠯᠴᠢ
ᠨᠤᠯᠮᠠᠰᠡᠷᠡᠩ— ᠵᠤᠬᠢᠶᠠᠯᠴᠢ

ᠠᠰᠢᠭᠯᠠᠭᠰᠠᠨ ᠮᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪᠠᠭᠠᠷᠢᠨ ᠵᠡᠭᠦᠨ ᠬᠤᠰᠢᠭᠤᠨ  ᠤ ᠲᠡᠦᠬᠡ

ᠪᠢᠴᠢᠭᠡᠰᠦ