ᠨᠢᠭᠤᠷ ᠬᠠᠭᠤᠳᠠᠰᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
21:16, 23 ᠬᠤᠶᠠᠳᠤᠭᠠᠷ ᠰᠠᠷ᠎ᠠ 2019- ᠶᠢᠨ ᠪᠠᠢᠢᠳᠠᠯ ᠶᠢᠡᠷ ᠬᠢ Baiyin (ᠶᠠᠷᠢᠶ᠎ᠠ | ᠬᠤᠪᠢ ᠨᠡᠮᠡᠷᠢ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ


2019 3 ᠰᠠᠷ᠎ᠠ 19 ᠣᠨᠴᠠᠯᠠᠬᠤ ᠥᠭᠦᠯᠡᠯ
Adai.png

ᠠᠳᠠᠢ ᠬᠠᠭᠠᠨ 1400 ᠤᠨ ᠤ ᠴᠠᠭᠠᠨ ᠯᠤᠤ ᠵᠢᠯ ᠲᠥᠷᠦᠵᠢ᠂ 1438 ᠤᠨ ᠤ ᠰᠢᠷ᠎ᠠ ᠮᠣᠷᠢᠨ ᠵᠢᠯ ᠲᠠᠭᠠᠯᠠᠯ ᠲᠡᠭᠦᠰᠴᠡᠢ᠃ 1426 ᠤᠨ ᠤ ᠰᠢᠷ᠎ᠠ ᠮᠣᠷᠢᠨ ᠵᠢᠯ ᠬᠠᠭᠠᠨ ᠣᠷᠣ ᠰᠠᠭᠤᠭᠰᠠᠨ᠃ ᠬᠠᠭᠠᠨ 38 ᠨᠠᠰᠤᠯᠠᠵᠠᠢ᠃ ᠲᠡᠷᠡ ᠪᠡᠷ ᠡᠩᠬᠡᠵᠣᠷᠢᠭᠲᠤ ᠬᠠᠭᠠᠨ ᠤ ᠬᠦᠦ ᠬᠠᠷᠠᠬᠤᠴᠠᠭ ᠤᠨ ᠬᠦᠦ ᠪᠠᠶᠢᠵᠠᠢ᠃ ᠠᠳᠠᠢ ᠬᠠᠭᠠᠨ 1425 ᠤᠨ ᠳᠤ ᠲᠥᠪ ᠪᠣᠯᠤᠨ ᠵᠡᠭᠦᠨ ᠮᠣᠩᠭᠣᠯ ᠤᠨ ᠨᠤᠲᠤᠭ ᠳᠡᠪᠢᠰᠬᠡᠷ ᠢ ᠨᠢᠭᠡᠳᠬᠡᠨ᠂ ᠨᠤᠲᠤᠭ ᠳᠡᠪᠢᠰᠬᠡᠷ ᠢᠶᠡᠨ ᠥᠷᠭᠡᠳᠬᠡᠵᠦ ᠴᠢᠳᠠᠭᠰᠠᠨ᠃ ᠴᠢᠩᠭᠢᠰ ᠬᠠᠭᠠᠨ ᠤ ᠡᠷᠡᠨ ᠦᠶ᠎ᠡ ᠰᠢᠭ ᠰᠡᠷᠭᠦᠨ ᠮᠠᠨᠳᠤᠵᠤ ᠬᠦᠴᠦᠲᠡᠢ ᠪᠣᠯᠴᠢᠬᠠᠬᠣ ᠦᠭᠡᠢ ᠬᠡᠮᠡᠨ ᠭᠡᠵᠦ ᠰᠡᠷᠡᠮᠵᠢᠯᠡᠨ ᠮᠢᠩ ᠤᠯᠤᠰ ᠣᠶᠢᠷᠠᠳ ᠢ ᠳᠡᠮᠵᠢᠨ ᠵᠡᠭᠦᠨ ᠮᠣᠩᠭᠣᠯ ᠳᠠᠬᠢ ᠣᠪᠤᠭ ᠠᠶᠢᠮᠠᠭ ᠪᠣᠯᠤᠨ ᠲᠥᠪ ᠮᠣᠩᠭᠣᠯ ᠳᠠᠬᠢ ᠣᠪᠤᠭ ᠠᠶᠢᠮᠠᠭ ᠢ ᠬᠣᠭᠣᠷᠣᠨᠳᠣ ᠨᠢ ᠬᠠᠭᠠᠷᠠᠯᠳᠤᠭᠤᠯᠵᠤ ᠪᠠᠶᠢᠪᠠ᠃ ᠠᠳᠠᠢ ᠬᠠᠭᠠᠨ ᠤ ᠪᠠᠷᠠᠭᠤᠨ ᠮᠣᠩᠭᠣᠯ ᠢ ᠨᠢᠭᠡᠳᠬᠡᠬᠦ ᠦᠢᠯᠡ ᠠᠵᠢᠯᠯᠠᠭᠠᠨ ᠳᠤ ᠣᠶᠢᠷᠠᠳ ᠤᠳ ᠶᠡᠬᠡ ᠪᠡᠷ ᠰᠠᠭᠠᠳ ᠪᠣᠯᠵᠤ ᠪᠠᠶᠢᠪᠠ᠃ ᠬᠣᠶᠠᠷ ᠲᠠᠯ᠎ᠠ ᠠᠷᠪᠠ ᠭᠠᠷᠤᠢ ᠵᠢᠯ ᠬᠣᠭᠣᠷᠣᠨᠳᠣ ᠪᠠᠨ ᠪᠠᠶᠢᠯᠳᠤᠵᠤ᠂ ᠪᠡᠶ᠎ᠡ ᠪᠡᠶ᠎ᠡ ᠪᠡᠨ ᠶᠡᠬᠡ ᠪᠡᠷ ᠬᠥᠨᠥᠭᠡᠬᠦ ᠪᠣᠯᠪᠠ᠃ ᠲᠡᠷᠡ ᠪᠡᠷ ᠵᠡᠭᠦᠨ ᠪᠣᠯᠤᠨ ᠲᠥᠪ ᠨᠤᠲᠤᠭ ᠳᠠᠬᠢ ᠮᠣᠩᠭᠣᠯᠴᠤᠳ ᠢ ᠨᠢᠭᠡᠳᠬᠡᠭᠡᠳ᠂ 1426 ᠤᠨ ᠳᠤ ᠥᠪᠡᠷ ᠢ ᠪᠡᠨ ᠬᠠᠭᠠᠨ ᠭᠡᠵᠦ ᠵᠠᠷᠯᠠᠪᠠ᠃ ᠠᠳᠠᠢ ᠬᠠᠭᠠᠨ ᠥᠪᠡᠷ ᠦᠨ ᠳᠡᠭᠦᠦ ᠬᠠᠳᠠᠢ ᠪᠣᠯᠤᠨ ᠠᠷᠤᠭᠲᠠᠢ ᠲᠠᠢ ᠨᠢᠭᠡᠳᠦᠨ ᠣᠶᠢᠷᠠᠳ ᠤᠳ ᠢ ᠢᠯᠠᠵᠤ᠂ ᠲᠡᠳᠡᠨ ᠦ ᠶᠡᠬᠡᠩᠬᠢ ᠲᠣᠯᠣᠭᠠᠶᠢᠯᠠᠭᠴᠢᠳ ᠢ ᠨᠢ ᠬᠥᠨᠥᠭᠡᠪᠡ᠃ ᠠᠳᠠᠢ ᠬᠠᠭᠠᠨ ᠣᠶᠢᠷᠠᠳ ᠤᠨ ᠨᠣᠶᠠᠳ ᠢ ᠪᠠᠷᠢᠭᠰᠠᠨ ᠤ ᠳᠠᠷᠠᠭ᠎ᠠ ᠭᠦᠯᠢᠴᠢᠭ ᠦᠨ ᠡᠬᠡᠨᠡᠷ ᠢ ᠠᠪᠴᠤ ᠰᠠᠭᠤᠪᠠ᠃ ᠮᠥᠨ ᠪᠠᠲᠤᠯᠠ ᠴᠢᠩᠰᠠᠩ ᠤᠨ ᠬᠦᠦ ᠪᠣᠯᠬᠤ ᠪᠠᠬᠠᠮᠣ ᠶᠢ ᠣᠯᠵᠠᠯᠠᠨ ᠠᠪᠴᠤ᠂ ᠲᠣᠭᠣᠭᠠᠨ ᠳᠣᠣᠷ᠎ᠠ ᠬᠥᠮᠦᠷᠢᠴᠥ ᠲᠣᠭᠣᠭᠠᠨ(ᠲᠣᠭᠣᠨ) ᠬᠡᠮᠡᠬᠦ ᠨᠡᠷ᠎ᠡ ᠥᠭᠭᠦᠭᠡᠳ ᠪᠣᠭᠣᠯ ᠢᠶᠠᠨ ᠪᠣᠯᠭᠠᠪᠠ᠃ ᠭᠡᠰᠡᠨ ᠬᠡᠳᠦᠢ ᠴᠤ ᠪᠠᠷᠠᠭᠤᠨ ᠮᠣᠩᠭᠣᠯᠴᠤᠳ ᠠᠳᠠᠢ ᠬᠠᠭᠠᠨ ᠢ ᠬᠠᠭᠠᠨ ᠢᠶᠠᠨ ᠭᠡᠵᠦ ᠪᠦᠷᠢᠨ ᠳᠦᠭᠦᠷᠡᠩ ᠬᠦᠯᠢᠶᠡᠨ ᠠᠪᠤᠭᠰᠠᠨ ᠦᠭᠡᠢ᠃ ᠲᠤᠬᠠᠢ ᠶᠢᠨ ᠦᠶ᠎ᠡ ᠳᠦ ᠪᠠᠷᠠᠭᠤᠨ ᠮᠣᠩᠭᠣᠯᠴᠤᠳ ᠥᠪᠡᠷ ᠦᠨ ᠭᠡᠰᠡᠨ ᠬᠠᠨ ᠦᠭᠡᠢ ᠪᠠᠶᠢᠭᠰᠠᠨ ᠲᠤᠯᠠ ᠠᠳᠠᠢ ᠬᠠᠭᠠᠨ 9 ᠵᠢᠯ ᠪᠠᠷᠠᠭᠤᠨ ᠮᠣᠩᠭᠣᠯ ᠢ ᠵᠠᠬᠢᠷᠤᠭᠰᠠᠨ᠃ ᠣᠶᠢᠷᠠᠳ ᠤᠨ ᠲᠠᠶᠢᠰᠢ ᠶᠢᠨ ᠪᠡᠯᠪᠡᠰᠦᠨ ᠡᠬᠡᠨᠡᠷ ᠲᠣᠭᠣᠭᠠᠨ ᠢ ᠪᠠᠷᠠᠭᠤᠨ ᠮᠣᠩᠭᠣᠯ ᠤᠨ ᠬᠠᠭᠠᠨ ᠬᠡᠮᠡᠨ ᠵᠠᠷᠯᠠᠪᠠ᠃ 1422, 1423 ᠤᠨ ᠳᠤ ᠪᠣᠯᠤᠭᠰᠠᠨ ᠦᠢᠯᠡ ᠶᠠᠪᠤᠳᠠᠯ ᠠᠴᠠ ᠪᠣᠯᠵᠤ ᠠᠳᠠᠢ ᠬᠠᠭᠠᠨ 1430 ᠤᠨ ᠭᠡᠬᠦ ᠳᠦ ᠮᠠᠰᠢ ᠶᠡᠬᠡ ᠬᠣᠬᠢᠷᠠᠯ ᠠᠮᠰᠠᠭᠰᠠᠨ ᠪᠠᠶᠢᠪᠠ᠃ 3 ᠳᠠᠬᠢ ᠤᠳᠠᠭ᠎ᠠ ᠪᠠᠨ ᠣᠶᠢᠷᠠᠳ ᠤᠳ ᠲᠡᠭᠦᠨ ᠦ ᠭᠣᠣᠯ ᠬᠦᠴᠦ ᠶᠢ ᠪᠤᠲᠠ ᠴᠣᠬᠢᠭᠰᠠᠨ ᠠᠴᠠ ᠪᠣᠯᠵᠤ ᠲᠡᠷᠡ ᠪᠡᠷ ᠦᠷ᠎ᠡ ᠳ᠋ᠦᠩ ᠲᠡᠢ ᠳᠠᠭᠠᠷᠢᠯᠲᠠ ᠬᠢᠵᠦ ᠴᠢᠳᠠᠬᠤ ᠦᠭᠡᠢ ᠪᠣᠯᠪᠠ᠃ 1434 ᠤᠨ ᠳᠤ ᠣᠶᠢᠷᠠᠳ ᠤᠳ ᠢᠯᠠᠭᠰᠠᠨ ᠢᠶᠠᠷ ᠠᠳᠠᠢ ᠬᠠᠭᠠᠨ ᠬᠠᠳᠠᠢ ᠪᠣᠯᠤᠨ ᠠᠷᠤᠭᠲᠠᠢ ᠨᠠᠷ ᠢᠯᠠᠭᠳᠠᠵᠠᠭᠠᠪᠠ᠃ (ᠪᠦᠷᠢᠨ ᠠᠭᠤᠯᠭ᠎ᠠ ᠶᠢ ᠤᠩᠰᠢᠬᠤ)

ᠡᠮᠦᠨᠡᠬᠢ ᠣᠨᠴᠠᠯᠠᠬᠤ ᠥᠭᠦᠯᠡᠯ
ᠶᠡᠬᠡ ᠮᠣᠩᠭᠣᠯ ᠤᠯᠤᠰ ᠤᠨ ᠶᠡᠬᠡ ᠬᠠᠭᠠᠨ ᠤ ᠲᠠᠮᠠᠭ᠎ᠠ

 ᠶᠡᠬᠡ ᠮᠣᠩᠭᠣᠯ ᠤᠯᠤᠰ ᠤᠨ ᠶᠡᠬᠡ ᠬᠠᠭᠠᠨ ᠤ ᠲᠠᠮᠠᠭ᠎ᠠ ᠨᠢ ᠴᠢᠩᠭᠢᠰ ᠬᠠᠭᠠᠨ ᠤ ᠵᠠᠷᠯᠢᠭ ᠢᠶᠠᠷ ᠠᠩᠬ᠎ᠠ ᠪᠦᠲᠦᠭᠡᠭᠳᠡᠭᠰᠡᠨ᠃ ᠤᠭ ᠲᠠᠮᠠᠭ᠎ᠠ ᠨᠢ ᠮᠣᠩᠭᠣᠯ ᠤᠨ ᠶᠡᠬᠡ ᠬᠠᠭᠠᠨ ᠤ ᠡᠷᠬᠡ ᠮᠡᠳᠡᠯ᠂ ᠵᠠᠬᠢᠷᠬᠤ ᠡᠷᠬᠡ ᠵᠦᠢ ᠶᠢᠨ ᠬᠡᠮ ᠬᠡᠮᠵᠢᠶ᠎ᠡ ᠶᠢ ᠨᠡᠶᠢᠲᠡ ᠳᠦ ᠲᠤᠩᠬᠠᠭᠯᠠᠨ ᠵᠠᠷᠯᠠᠵᠤ᠂ ᠪᠠᠲᠤᠯᠠᠭᠠᠵᠢᠭᠤᠯᠤᠭᠰᠠᠨ ᠴᠢᠬᠤᠯᠠ ᠪᠦᠲᠦᠭᠡᠯ ᠶᠤᠮ᠃ ᠬᠠᠭᠠᠨ ᠬᠦᠮᠦᠨ ᠲᠥᠷᠥ ᠶᠢᠨ ᠲᠠᠮᠠᠭ᠎ᠠ ᠬᠡᠷᠡᠭᠯᠡᠬᠦ ᠶᠣᠰᠣ ᠨᠢ ᠨᠢ᠋ᠮᠠᠨ ᠠᠶᠢᠮᠠᠭ ᠢ ᠡᠵᠡᠯᠡᠭᠰᠡᠨ ᠦᠶᠡᠰ ᠮᠣᠩᠭᠣᠯ ᠲᠥᠷᠥ ᠶᠢᠨ ᠤᠯᠠᠮᠵᠢᠯᠠᠯ ᠪᠣᠯᠵᠤ᠂ ᠬᠤᠪᠢᠯᠠᠢ ᠬᠠᠭᠠᠨ ᠤ ᠦᠶ᠎ᠡ ᠬᠦᠷᠲᠡᠯ᠎ᠡ ᠶᠡᠬᠡ ᠬᠠᠭᠠᠨ ᠤ ᠲᠠᠮᠠᠭ᠎ᠠ ᠶᠢ ᠬᠡᠷᠡᠭᠯᠡᠵᠦ ᠪᠠᠶᠢᠵᠠᠢ᠃ ᠬᠤᠪᠢᠯᠠᠢ ᠬᠠᠭᠠᠨ ᠰᠢᠷᠡᠭᠡᠨ ᠳᠦ ᠰᠠᠭᠤᠭᠰᠠᠨ ᠠᠴᠠ ᠬᠣᠶᠢᠰᠢ ᠥᠪᠡᠷ ᠦᠨ ᠭᠡᠰᠡᠨ ᠰᠢᠨ᠎ᠡ ᠲᠠᠮᠠᠭ᠎ᠠ ᠶᠢ ᠴᠢᠳᠬᠤᠨ ᠬᠡᠷᠡᠭᠯᠡᠬᠦ ᠪᠣᠯᠤᠭᠰᠠᠨ ᠪᠥᠭᠡᠳ ᠡᠨᠡ ᠦᠶᠡᠰ ᠴᠢᠩᠭᠢᠰ ᠬᠠᠭᠠᠨ ᠤ ᠲᠠᠮᠠᠭ᠎ᠠ ᠰᠤᠷᠠᠭ ᠲᠠᠰᠤᠷᠠᠭᠰᠠᠨ᠃ 1271  ᠤᠨ ᠳᠤ ᠤᠯᠤᠰ ᠤᠨ ᠢᠶᠠᠨ ᠨᠡᠷ᠎ᠡ ᠶᠢ ᠰᠤᠯᠢᠵᠤ᠂ ᠶᠡᠬᠡ ᠶᠤᠸᠠᠨ ᠤᠯᠤᠰ ᠬᠡᠮᠡᠬᠦ ᠪᠣᠯᠤᠭᠰᠠᠨ ᠪᠠ ᠡᠨᠡ ᠦᠶᠡᠰ ᠫᠠᠭᠪᠠ ᠯᠠᠮᠠ ᠶᠢᠨ ᠵᠣᠬᠢᠶᠠᠭᠳᠠᠭᠰᠠᠨ ᠳᠥᠷᠪᠡᠯᠵᠢᠨ ᠦᠰᠦᠭ ᠢᠶᠡᠷ ᠪᠢᠴᠢᠭᠰᠡᠨ ᠪᠢᠴᠢᠭᠡᠰᠦ ᠪᠦᠬᠦᠢ ᠰᠢᠨ᠎ᠡ ᠲᠠᠮᠠᠭ᠎ᠠ ᠵᠢ ᠬᠡᠷᠡᠭᠯᠡᠬᠦ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠥᠭᠦᠯᠡᠯ ᠦᠨ ᠠᠩᠬᠢᠯᠠᠯ
Emblem-web.svg

ᠪᠠᠶᠢᠭᠠᠯᠢ ᠶᠢᠨ ᠰᠢᠨᠵᠢᠯᠡᠬᠦ ᠤᠬᠠᠭᠠᠨ • ᠲᠣᠭᠠᠨ ᠤ ᠤᠬᠠᠭᠠᠨ • ᠬᠢᠮᠢ • ᠹᠢᠽᠢᠺ • ᠭᠠᠵᠠᠷ ᠵᠦᠢ • ᠠᠮᠢᠳᠣ ᠪᠣᠳᠠᠰ • ᠠᠨᠠᠭᠠᠬᠤ ᠤᠬᠠᠭᠠᠨ • ᠴᠠᠭ ᠠᠭᠤᠷ • ᠣᠳᠣᠨ ᠣᠷᠣᠨ

Exquisite-amorok.png

ᠨᠡᠶᠢᠭᠡᠮ ᠤᠨ ᠰᠢᠨᠵᠢᠯᠡᠬᠦ ᠤᠬᠠᠭᠠᠨ • ᠨᠡᠶᠢᠭᠡᠮ ᠰᠤᠳᠤᠯᠤᠯ • ᠬᠡᠯᠡ ᠰᠢᠨᠵᠢᠯᠡᠯ • ᠭᠦᠨ ᠤᠬᠠᠭᠠᠨ • ᠬᠠᠤᠯᠢ • ᠱᠠᠰᠢᠨ • ᠨᠠᠮᠲᠠᠷ • ᠲᠡᠦᠬᠡ • ᠰᠡᠳᠬᠢᠯ ᠵᠦᠢ • ᠴᠡᠷᠢᠭ ᠳᠠᠶᠢᠨ

Gnome-fs-home.svg

ᠬᠡᠷᠡᠭᠯᠡᠭᠡᠨ ᠦ ᠰᠢᠨᠵᠢᠯᠡᠬᠦ ᠤᠬᠠᠭᠠᠨ • ᠲᠧᠭᠨᠣᠯᠣᠭᠢ • ᠮᠡᠳᠡᠭᠡᠯᠡᠯ • ᠺᠣᠮᠫᠢᠶᠦ᠋ᠲ᠋ᠧᠷ • ᠬᠣᠯᠪᠣᠭ᠎ᠠ ᠬᠠᠷᠢᠯᠴᠠᠭ᠎ᠠ • ᠴᠠᠬᠢᠯᠭᠠᠨ ᠬᠡᠷᠡᠭᠰᠡᠯ • ᠪᠠᠷᠢᠯᠭ᠎ᠠ • ᠡᠨᠧᠷᠭᠢ

Exquisite-kfm home.png

ᠤᠯᠤᠰ ᠲᠥᠷᠥ • ᠤᠯᠤᠰ ᠣᠷᠣᠨ • ᠪᠠᠶᠢᠭᠤᠯᠤᠯᠭ᠎ᠠ • ᠡᠳ᠋ ᠍ ᠦᠨ ᠵᠠᠰᠠᠭ • ᠮᠦᠩᠬᠦᠨ ᠭᠦᠢᠯᠡᠭᠡᠭᠡᠨ • ᠠᠵᠤ ᠦᠢᠯᠡᠳᠪᠦᠷᠢ • ᠬᠥᠳᠡᠭᠡ ᠠᠵᠤ ᠠᠬᠤᠢ • ᠭᠡᠷ ᠪᠦᠯᠢ • ᠰᠣᠷᠭᠠᠨ ᠬᠦᠮᠦᠵᠢᠯ

Exquisite-amorok.png

ᠰᠤᠶᠤᠯ • ᠲᠠᠮᠢᠷ • ᠤᠷᠠᠯᠢᠭ • ᠤᠳᠬ᠎ᠠ ᠵᠣᠬᠢᠶᠠᠯ • ᠺᠢᠨᠣ᠋ • ᠳᠠᠭᠤᠷᠢ • ᠲᠣᠭᠯᠠᠭᠠᠮ • ᠤᠷᠠᠨ ᠵᠢᠷᠤᠭ • ᠬᠥᠭᠵᠢᠮ • ᠪᠥᠬᠡ • ᠵᠦᠴᠦᠭᠡᠴᠢᠨ • ᠵᠣᠬᠢᠶᠠᠯᠴᠢ • ᠣᠯᠢᠮᠫᠢᠺ

ᠲᠤᠰᠬᠠᠢ ᠰᠡᠳᠦᠪ
ᠰᠢᠨ᠎ᠡ ᠬᠥᠳᠡᠯᠦᠯ ᠲᠠᠢ ᠥᠭᠦᠯᠡᠯ ᠤᠳ
ᠬᠡᠨ ᠴᠤ ᠨᠡᠮᠡᠷᠢᠯᠡᠵᠦ ᠪᠣᠯᠬᠤ ᠨᠡᠪᠲᠡᠷᠬᠡᠢ ᠲᠣᠯᠢ

ᠬᠣᠳᠤᠭᠤᠳᠤ ᠡᠪᠡᠳᠬᠦ · ᠬᠥᠬᠡᠬᠣᠲᠠ ᠶᠢᠨ ᠮᠣᠩᠭᠣᠯ ᠦᠨᠳᠦᠰᠦᠲᠡᠨ ᠤ ᠰᠤᠷᠭᠠᠭᠤᠯᠢ · ᠪᠠᠭᠠᠷᠢᠨ ᠵᠡᠭᠦᠨ ᠬᠤᠰᠢᠭᠤ · ᠤᠳᠤᠭ  ᠤᠨ ᠡᠮᠦᠨᠡᠲᠤ ᠬᠤᠰᠢᠭᠤᠨ  ᠤ ᠮᠤᠩᠭᠤᠯ ᠦᠨᠳᠦᠰᠦᠳᠠᠨ  ᠤ ᠲᠤᠮᠳᠠᠳᠤ ᠰᠤᠷᠭᠠᠭᠤᠯᠢ · ᠲᠦᠩᠯᠢᠶᠣᠤ  ᠶᠢᠨ ᠮᠤᠨᠭᠭᠤᠯ ᠥᠨᠳᠤᠰᠤᠳᠡᠨ  ᠤ ᠲᠤᠮᠳᠠᠳᠤ ᠰᠤᠷᠭᠠᠭᠤᠯᠢ · ᠳ᠋ᠠᠪᠠᠨ  ᠤ ᠨᠢᠭᠡᠳᠤᠭᠡᠷ ᠳᠤᠮᠳᠠᠳᠤ ᠰᠤᠷᠭᠠᠭᠤᠯᠢ · ᠮᠤᠨᠭᠭᠤᠯ ᠰᠤᠷᠭᠠᠭᠤᠯᠢ · ᠬᠠᠷᠢᠶᠠᠲᠦ ᠲᠣᠮᠳᠠᠳᠦ ᠰᠣᠷᠭᠠᠭᠤᠯᠢ ᠶᠢᠨ ᠮᠣᠩᠭᠣᠯ ᠢᠶᠠᠷ ᠬᠢᠴᠢᠶᠡᠯᠯᠡᠬᠦ ᠬᠡᠯᠲᠡᠰ · ᠤᠷᠳᠤᠰ ᠬᠤᠷᠢᠮ · ᠮ᠊ • ᠬᠠᠰᠪᠠᠭᠠᠨ᠎ᠠ · ᠣᠲᠣᠭ ᠤᠨ ᠡᠮᠦᠨᠡᠲᠦ ᠬᠣᠰᠢᠭᠤ · ᠰᠠᠷᠢᠮᠰ · ᠬᠡᠪ ᠤᠨ  ᠴᠠᠢ · ᠫᠸ᠋ᠷᠰ ᠬᠠᠭᠠᠨᠲᠤ ᠤᠯᠤᠰ · ᠬᠠᠨᠭᠭᠠᠢ ᠬᠠᠮᠲᠤᠯᠢᠭ · ᠪᠠᠶᠠᠨᠳᠠᠯ᠎ᠠ ᠰᠤᠮᠤ · ᠸᠸᠯᠯᠢᠶᠠᠮ ᠱᠧᠺᠰᠫᠸᠷ · ᠠᠪᠤ᠋ · ᠣᠩᠨᠢᠭᠤᠳ · ᠠᠭᠠᠯᠵᠢ · · ᠢᠨᠢᠶᠡᠬᠦ ᠶᠢᠨ ᠤᠬᠠᠭᠠᠨ‎ · ᠠᠷᠤ ᠬᠤᠷᠴᠢᠨ ᠬᠤᠰᠢᠭᠤ‎ · ᠪᠠᠭᠠᠷᠢᠨ ᠪᠠᠷᠠᠭᠤᠨ ᠬᠤᠰᠢᠭᠤ

ᠲᠣᠮᠳᠠᠳᠣ ᠰᠣᠷᠭᠠᠭᠣᠯᠢ ᠶᠢᠨ ᠰᠡᠳᠥᠪ ᠪᠣᠯᠪᠠᠰᠣᠷᠠᠯ
ᠲᠣᠮᠳᠠᠳᠣ ᠰᠣᠷᠭᠠᠭᠣᠯᠢ ᠶᠢᠨ ᠰᠡᠳᠥᠪ ᠪᠣᠯᠪᠠᠰᠣᠷᠠᠯ
  1. ᠣᠷᠭᠠᠨᠢᠭ ᠪᠣᠳᠠᠰ ‍ᠤᠨ ᠲᠥᠷᠣᠯ ᠵᠥᠢᠯ ᠣᠯᠠᠨ ‍᠂‍ ᠬᠡᠪᠡᠴᠥ ᠨᠡᠷᠡᠶᠢᠳᠣᠬᠥ ᠨᠢ ᠵᠢᠮ᠎ᠡ ᠬᠠᠣᠯᠢ ᠲᠠᠢ ᠪᠠᠶᠢᠳᠠᠭ ‍᠂‍ ᠲᠣᠣᠷᠠᠬᠢ ᠣᠷᠭᠠᠨᠢᠭ ᠪᠣᠳᠠᠰ ‍ᠤᠨ ᠨᠡᠷᠡᠶᠢᠳᠣᠯ ᠳᠦ ᠵᠥᠪ ᠨᠢ ‍(‍ ‍)‍
    A) CH3CH2CH2CH3 1 ,4- ᠬᠣᠶᠠᠷ ᠮᠸᠲᠢᠯᠳᠣ ᠪᠥᠲᠸᠨ
    B) CH2CH(CH3)CH=CH2 3- ᠮᠸᠲᠢᠯᠳᠣ ᠪᠥᠲᠸᠨ
    C) CH3CH2CH(CH3)CH3 2- ᠮᠸᠲᠢᠯᠳᠣ ᠪᠥᠲᠸᠨ
    D) CH2ClCH2Cl ᠬᠣᠶᠠᠷ ᠾᠯᠤᠷᠳᠤ ᠡᠲ᠋ᠸᠨ

  2. ᠲᠣᠣᠷᠠᠬᠢ ᠬᠡᠯᠡᠯᠬᠡ ᠶ᠋ᠢᠨ ᠵᠥᠪ ᠨᠢ ‍᠄‍
    A) SO2 ᠠᠩᠬᠢᠵᠢᠷᠠᠭᠣᠯᠬᠣ ᠴᠢᠨᠠᠷ ᠲᠠᠢ ‍᠂‍ ᠴᠠᠶᠢᠷᠠᠭᠣᠯᠣᠭᠴᠢ ᠬᠢᠵᠥ ᠪᠣᠯᠣᠨ᠎ᠠ
    B) Na ᠶ᠋ᠢᠨ ᠲᠡᠮᠥᠷᠯᠢᠭ ᠴᠢᠨᠠᠷ ᠨᠢ Mg  ᠠᠴᠠ ᠴᠢᠩᠭ᠎᠎ᠠ ‍᠂‍ ᠡᠶᠢᠮᠥ  ᠠᠴᠠ Na  ᠢ ᠬᠡᠷᠡᠭᠯᠡᠵᠥ MgCl2 ᠶ᠋ᠢᠨ ᠠᠭᠣᠰᠣᠮᠠᠯ  ᠠᠴᠠ Mg  ᠢ ᠣᠯᠵᠥ ᠪᠣᠯᠣᠨ᠎ᠡ
    C) ᠥᠳᠬᠡᠨ HNO3 ᠬᠡᠷᠡᠯ ᠥᠵᠡᠪᠠᠯ ᠵᠠᠳᠠᠷᠠᠨ᠎ᠡ ‍᠂‍ ᠡᠶᠢᠮᠥ  ᠠᠴᠠ ᠲᠣᠷᠰᠢᠯᠳᠠ ᠶ᠋ᠢᠨ ᠲᠠᠰᠣᠭ ᠲᠤ ᠵᠠᠷᠢᠮ ᠳᠠᠭᠠᠨ ᠰᠢᠷ᠎ᠠ ᠥᠩᠬᠡ ᠢᠯᠡᠷᠡᠬᠥᠯᠳᠡᠭ ‍᠃‍
    D) Fe ᠨᠢ Cl2 ᠬᠡᠢ ᠲᠣᠳᠣᠷ᠎ᠠ ᠰᠢᠳᠠᠵᠥ FeCl3 ᠡᠬᠥᠰᠣᠨ᠎ᠡ ‍᠂‍ ᠪᠣᠰᠣᠳ ᠲᠡᠮᠥᠷᠯᠢᠭ ᠪᠣᠰᠣ ᠲᠠᠢ ᠣᠷᠪᠠᠯᠳᠣᠭᠰᠠᠨ ᠪᠥᠳᠣᠬᠡᠭᠳᠡᠬᠥᠨ ᠳ᠋ᠠᠬᠢ ᠸᠠᠯᠸᠨᠲ Fe ᠶ᠋ᠢᠨ ᠸᠠᠯᠸᠨᠲ ᠨᠢ ᠮᠥᠨ +3 ‍᠃‍

    (ᠪᠦᠷᠢᠨ ᠠᠭᠤᠯᠭ᠎ᠠ ᠶᠢ ᠤᠩᠰᠢᠬᠤ)
ᠸᠢᠺᠢ ᠤᠬᠠᠭᠠᠨ ᠤ ᠲᠤᠬᠠᠢ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠸᠢᠺᠢ ᠤᠬᠠᠭᠠᠨ》 (www.uhaan.com ᠪᠤᠶᠤ wiki.uhaan.com)  ᠤ ᠰᠢᠨ᠎ᠡ ᠬᠡᠪ ᠮᠡᠨᠳᠦᠯᠡᠭᠰᠡᠨ ᠵᠠᠷᠯᠠᠯ ᠳᠤ ᠬᠠᠨᠳᠤᠭᠰᠠᠨ ᠲᠠ ᠪᠦᠬᠦᠨ ᠳᠦ ᠪᠠᠶᠠᠷᠯᠠᠯ᠎ᠠ᠃ 《ᠸᠢᠺᠢ ᠤᠬᠠᠭᠠᠨ》 ᠰᠦᠯᠵᠢᠶ᠎ᠡ ᠪᠤᠯ ᠣᠯᠠᠨ ᠤᠯᠤᠰ ᠤᠨ ᠪᠠᠷᠢᠮᠵᠢᠶ᠎ᠠ ᠺᠣᠳ᠋ (unicode)  ᠳ᠌ᠤ᠋ ᠰᠠᠭᠤᠷᠢᠯᠠᠭᠰᠠᠨ ᠮᠤᠩᠭᠤᠯ ᠪᠢᠴᠢᠭ ᠦᠨ ᠰᠦᠯᠵᠢᠶᠡᠨ ᠨᠡᠪᠲᠡᠷᠬᠡᠢ ᠲᠤᠯᠢ  ᠶᠤᠮ᠃ 《 ᠣᠬᠠᠭᠠᠨ 》 ᠭᠡᠳᠡᠭ  ᠨᠢ ᠮᠤᠩᠭᠤᠯᠴᠤᠳ  ᠤᠨ ᠣᠢ ᠪᠢᠯᠢᠭ ᠂ ᠣᠣᠷ ᠴᠢᠳᠠᠪᠣᠷᠢ ᠂ ᠣᠶᠢᠯᠠᠭᠠᠨ ᠮᠡᠳᠡᠷᠡᠬᠦᠢ ᠶᠢᠨ ᠪᠡᠯᠭᠡᠳᠡᠯ ᠪᠤᠯᠭᠠᠵᠤ ᠬᠡᠷᠡᠭᠯᠡᠭᠰᠡᠨ ᠬᠦᠨ ᠣᠳᠬ᠎ᠠ ᠲᠠᠢ ᠦᠭᠡ ᠪᠢᠯᠡ ᠃ 《 ᠸᠢᠺᠢ》 ᠭᠡᠳᠡᠭ ᠨᠢ ᠬᠦᠮᠦᠨ ᠪᠤᠯᠭᠠᠨ ᠢᠨᠲ᠋ᠸᠷᠨ᠋ᠸᠲ ᠲᠠᠪᠴᠠᠩ ᠶᠢᠡᠷ ᠳᠠᠮᠵᠢᠨ ᠣᠷᠣᠯᠴᠠᠵᠣ ᠪᠤᠯᠳᠠᠭ ᠴᠢᠯᠦᠭᠡᠲᠠᠢ᠂ ᠨᠡᠭᠡᠭᠡᠯᠲᠡᠳᠡᠢ ᠭᠡᠬᠦ ᠤᠳᠬ᠎ᠠ ᠪᠡᠷ ᠢᠶᠠᠨ ᠣᠨᠴᠠᠯᠠᠭᠳᠠᠨ᠎ᠠ᠃ 《ᠸᠢᠺᠢ ᠤᠬᠠᠭᠠᠨ》 ᠭᠡᠳᠡᠭ ᠨᠡᠷ᠎ᠡ ᠪᠡᠷ ᠦᠷᠭᠡᠨ ᠮᠡᠳᠡᠯᠭᠡ ᠶᠢᠨ ᠬᠡᠪᠴᠢᠶ᠎ᠡ ᠵᠢ ᠬᠠᠮᠤᠷᠠᠭᠰᠠᠨ ᠂ ᠴᠢᠯᠦᠭᠡᠲᠡᠢ ᠂ ᠬᠦᠮᠦᠨ ᠪᠦᠬᠦᠨ ᠣᠷᠤᠯᠴᠠᠵᠤ ᠪᠤᠯᠳᠠᠭ ᠲᠤᠰ ᠲᠠᠪᠴᠠᠩ ᠤᠨ ᠨᠡᠷᠡᠢ᠋ᠳᠦᠯ ᠪᠤᠯᠭᠠᠭᠰᠠᠨ ᠨᠢ ᠡᠢ᠋ᠮᠦ ᠣᠴᠢᠷ ᠲᠠᠢ ᠃

ᠸᠢᠺᠢ ᠣᠬᠠᠭᠠᠨ ᠤ ᠲᠣᠬᠠᠢ ᠨᠡᠩ ᠰᠠᠢᠨ ᠣᠶᠢᠯᠠᠭᠠᠵᠣ ᠢᠳᠡᠪᠬᠡᠢᠯᠡᠨ ᠣᠷᠣᠯᠴᠠᠬᠣ ᠳᠤ 《ᠪᠦᠷᠢᠨ ᠠᠭᠣᠯᠭ᠎ᠠ ᠶᠢ ᠣᠩᠰᠢᠬᠣ》 ᠲᠠᠷᠣᠪᠴᠢ ᠶᠢ ᠲᠠᠷᠣᠵᠤ ᠨᠠᠷᠢᠨ ᠠᠭᠣᠯᠭ᠎ᠠ ᠶᠢ ᠣᠩᠰᠢᠭᠠᠷᠠᠢ ᠃ ᠲᠠ ᠣᠯᠠᠨ ᠬᠡᠷᠡᠭᠯᠡᠭᠴᠢᠳ  ᠤᠨ ᠲᠤᠰᠤᠯ ᠤᠰᠤ ᠰᠢᠭ ᠲᠤᠰᠠ ᠨᠡᠮᠡᠷᠢ ᠨᠢ ᠸᠢᠺᠢ ᠤᠬᠠᠭᠠᠨ ᠨᠡᠪᠲᠡᠷᠬᠡᠢ ᠲᠤᠯᠢ  ᠳᠦ ᠳᠠᠯᠠᠢ ᠶᠡᠭᠡ ᠰᠤᠶᠤᠯ ᠰᠢᠨᠵᠢᠯᠡᠬᠦ ᠤᠬᠠᠭᠠᠨ ᠦ ᠮᠡᠳᠡᠯᠭᠡ ᠂ ᠵᠠᠨᠭᠬᠢ ᠬᠤᠷᠠᠮᠳᠤᠭᠤᠯᠬᠤ ᠪᠤᠯᠤᠨ᠎ᠠ᠃ (ᠪᠦᠷᠢᠨ ᠠᠭᠤᠯᠭ᠎ᠠ ᠶᠢ ᠤᠩᠰᠢᠬᠤ)