ᠨᠠᠴᠤᠭ ᠤᠨ ᠪᠠᠭᠠᠪᠠᠨᠳᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠠᠴᠤᠭ ᠤᠨ ᠪᠠᠭᠠᠪᠠᠨᠳᠢ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

<small/></center>

ᠪᠦᠷᠢᠨ ᠡᠷᠬᠡ ᠶᠢᠨ ᠬᠤᠭᠤᠴᠠᠭ᠎ᠠ: 1997 ᠣᠨ ᠤ 6 ᠰᠠᠷ᠎ᠠ ᠶᠢᠨ 20 – 2005 ᠣᠨ ᠤ 6 ᠰᠠᠷ᠎ᠠ ᠶᠢᠨ 24

ᠲᠦᠷᠦᠭᠰᠡᠨ: 1950 ᠣᠨ ᠤ 4 ᠰᠠᠷ᠎ᠠ ᠶᠢᠨ 22
ᠢᠷᠠᠭᠤ ᠰᠤᠮᠤᠵᠠᠪᠬᠠᠨ
ᠤᠯᠤᠰ ᠲᠥᠷᠥ ᠶᠢᠨ ᠨᠠᠮ: ᠮᠣᠩᠭᠣᠯ ᠠᠷᠠᠳ ᠤᠨ ᠬᠤᠪᠢᠰᠬᠠᠯᠲᠤ ᠨᠠᠮ
ᠡᠬᠡᠨᠡᠷ (ᠨᠥᠬᠥᠷ): ᠠ᠃ ᠣᠶᠤᠨᠪᠢᠯᠢᠭ

ᠨᠠᠴᠤᠭ ᠤᠨ ᠪᠠᠭᠠᠪᠠᠨᠳᠢ ᠨᠢ ᠮᠣᠩᠭᠣᠯ ᠤᠨ ᠤᠯᠤᠰ ᠲᠥᠷᠥ ᠶᠢᠨ ᠵᠢᠳᠬᠦᠯᠲᠡᠨ᠂ ᠮᠣᠩᠭᠣᠯ ᠤᠯᠤᠰ ᠤᠨ ᠬᠣᠶᠠᠷ ᠳ᠋ᠡᠬᠢ ᠶᠡᠷᠦᠩᠬᠡᠶᠢᠯᠡᠭᠴᠢ ᠶᠤᠮ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠴᠤᠭ ᠤᠨ ᠪᠠᠭᠠᠪᠠᠨᠳᠢ 1950 ᠣᠨ ᠤ ᠳᠥᠷᠪᠡᠳᠦᠭᠡᠷ ᠰᠠᠷ᠎ᠠ ᠶᠢᠨ 22 ᠍ ᠍ ᠍ ᠳᠦ ᠵᠠᠪᠬᠠᠨ ᠠᠶᠢᠮᠠᠭ ᠤᠨ ᠢᠷᠠᠭᠤ ᠰᠤᠮᠤ ᠍ ᠍ ᠍ ᠤᠨ ᠨᠤᠲᠤᠭ ᠲᠤ ᠮᠠᠯᠴᠢᠨ ᠠᠷᠠᠳ ᠨᠠᠴᠤᠭ ᠤᠨ ᠲᠠᠪᠤ ᠳᠠᠬᠢ ᠬᠡᠦᠬᠡᠳ ᠪᠣᠯᠵᠤ ᠲᠦᠷᠦᠭᠰᠡᠨ᠂ ᠡᠬᠡᠨᠡᠷ᠂ ᠬᠣᠶᠠᠷ ᠬᠡᠦᠬᠡᠳ ᠲᠡᠢ᠃ ᠡᠬᠡᠨᠡᠷ᠎ᠠ᠃ᠣᠶᠤᠨᠪᠢᠯᠢᠭ 1975 ᠣᠨ ᠳᠤ ᠤᠯᠤᠰ ᠤᠨ ᠪᠠᠭᠰᠢ ᠶᠢᠨ ᠳᠡᠭᠡᠳᠦ ᠰᠤᠷᠭᠠᠭᠤᠯᠢ ᠲᠡᠭᠦᠰᠦᠭᠰᠡᠨ᠂ ᠪᠠᠭᠰᠢ ᠮᠡᠷᠭᠡᠵᠢᠯ ᠲᠡᠢ᠂ ᠬᠦᠮᠦᠨᠯᠢᠭ ᠦᠨ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠳᠠᠭ 《ᠬᠦᠮᠦᠨ ᠦ ᠲᠥᠯᠥᠭᠡ》 ᠰᠠᠩ ᠤᠨ ᠲᠡᠷᠢᠭᠦᠨ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡᠪᠡᠷ 1958-1968 ᠵᠠᠪᠬᠠᠨ ᠠᠶᠢᠮᠠᠭ ᠤᠨ ᠤᠯᠢᠶᠠᠰᠤᠲᠠᠢ ᠬᠣᠲᠠ ᠶᠢᠨ 10 ᠵᠢᠯ ᠦᠨ ᠳᠤᠮᠳᠠ ᠰᠤᠷᠭᠠᠭᠤᠯᠢ᠂ 1969-1972 ᠵᠥᠪᠯᠡᠯᠲᠦ ᠬᠣᠯᠪᠣᠭᠠᠲᠤ ᠤᠯᠤᠰ ᠍ ᠍ ᠍ ᠤᠨ ᠯᠧᠨᠢᠩᠷᠠᠳ᠋ (ᠣᠳᠣ ᠶᠢᠨ ᠰᠠᠨᠺᠲ ᠫᠧᠲ᠋ᠧᠷᠪᠦ᠋ᠷᠡᠭ) ᠬᠣᠲᠠ ᠶᠢᠨ ᠬᠥᠷᠥᠭᠡᠯᠲᠡ ᠶᠢᠨ ᠳᠤᠮᠳᠠ ᠰᠤᠷᠭᠠᠭᠤᠯᠢ᠂ 1975-1980 ᠦᠺᠷᠠᠶᠢᠨ ᠤ ᠣᠳᠧᠰ ᠬᠣᠲᠠ ᠶᠢᠨ ᠬᠦᠨᠡᠰᠦᠨ ᠦ ᠲᠧᠭᠨᠣᠯᠣᠭᠢ ᠶᠢᠨ ᠳᠡᠭᠡᠳᠦ ᠰᠤᠷᠭᠠᠭᠤᠯᠢ᠂ 1984-1987 ᠮᠣᠰᠺᠸᠠ ᠬᠣᠳᠠ ᠳᠤ ᠨᠡᠶᠢᠭᠡᠮ ᠤᠨ ᠤᠬᠠᠭᠠᠨ ᠤ ᠠᠺᠠᠳᠧᠮᠢ ᠶᠢ ᠲᠤᠰ ᠲᠤᠰ ᠲᠡᠭᠦᠰᠦᠭᠰᠡᠨ ᠬᠦᠨᠡᠰᠦᠨ ᠦ ᠢᠨᠵᠧᠨᠧᠷ ᠲᠧᠭᠨᠣᠯᠣᠭᠢᠴᠢ ᠮᠡᠷᠭᠡᠵᠢᠯ ᠲᠡᠢ᠃

ᠡᠷᠳᠡᠮ ᠦᠨ ᠵᠡᠷᠭᠡ ᠴᠣᠯᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1987 ᠣᠨ ᠳᠤ ᠹᠢᠯᠣᠰᠣᠹᠢ ᠶᠢᠨ ᠤᠬᠠᠭᠠᠨ ᠤ ᠳᠡᠳ᠋ ᠳ᠋ᠣᠺᠲ᠋ᠣᠷ ᠬᠦᠷᠲᠡᠭᠰᠡᠨ

ᠠᠵᠢᠯᠯᠠᠭᠰᠠᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠳᠦ ᠠᠶᠢᠯᠴᠢᠯᠠᠬᠤ ᠦᠶ᠎ᠡ ᠳᠦ
 • 1972-1975 ᠣᠨ ᠳᠤ ᠤᠯᠠᠭᠠᠨᠪᠠᠭᠠᠲᠤᠷ ᠬᠣᠲᠠ ᠶᠢᠨ ᠠᠷᠢᠬᠢ ᠫᠢᠸᠣ᠋ᠨ ᠤ ᠺᠣᠮᠪᠢᠨᠠᠲ᠋ᠠᠳ ᠵᠠᠰᠠᠪᠤᠷᠢᠴᠢᠨ᠂ ᠮᠧᠬᠠᠨᠢᠭᠴᠢ ᠢᠨᠵᠧᠨᠧᠷ
 • 1980-1984 ᠣᠨ ᠳᠤ ᠲᠥᠪ ᠠᠶᠢᠮᠠᠭ ᠤᠨ ᠨᠠᠮ ᠤᠨ ᠬᠣᠷᠢᠶᠠᠨ ᠤ ᠬᠡᠯᠲᠡᠰ ᠦᠨ ᠡᠷᠬᠢᠯᠡᠭᠴᠢ᠃
 • 1987-1990 ᠣᠨ ᠳᠤ ᠮᠣᠩᠭᠣᠯ ᠠᠷᠠᠳ ᠤᠨ ᠬᠤᠪᠢᠰᠬᠠᠯᠲᠤ ᠨᠠᠮ ᠍ ᠍ ᠍ ᠤᠨ ᠲᠥᠪ ᠬᠣᠷᠢᠶᠠᠨ ᠳᠤ ᠯᠧᠺᠲ᠋ᠣᠷ ᠰᠤᠷᠲᠠᠯ ᠨᠡᠪᠲᠡᠷᠡᠭᠦᠯᠦᠭᠴᠢ᠂ ᠲᠠᠰᠤᠭ ᠤᠨ ᠡᠷᠬᠢᠯᠡᠭᠴᠢ᠂ᠬᠡᠯᠲᠡᠰ ᠦᠨ ᠵᠦᠪᠳᠡᠬᠦ
 • 1990-1992 ᠣᠨ ᠳᠤ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠨᠠᠷᠢᠨ ᠪᠢᠴᠢᠭ ᠦᠨ ᠳᠠᠷᠤᠭ᠎ᠠ᠂ ᠳᠡᠳ᠋ ᠳᠠᠷᠤᠭ᠎ᠠ
 • 1992-1996 ᠣᠨ ᠳᠤ ᠤᠯᠤᠰ ᠤᠨ ᠶᠡᠬᠡ ᠬᠤᠷᠠᠯ ᠶᠢᠨ ᠭᠡᠰᠢᠭᠦᠨ᠂ ᠤᠯᠤᠰ ᠤᠨ ᠶᠡᠬᠡ ᠬᠤᠷᠠᠯ ᠤᠨ ᠳᠠᠷᠤᠭ᠎ᠠ
 • 1996-1997 ᠣᠨ ᠳᠤ ᠤᠯᠤᠰ ᠤᠨ ᠶᠡᠬᠡ ᠬᠤᠷᠠᠯ ᠶᠢᠨ ᠭᠡᠰᠢᠭᠦᠨ᠂ ᠤᠯᠤᠰ ᠤᠨ ᠶᠡᠬᠡ ᠬᠤᠷᠠᠯ ᠳᠠᠬᠢ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠪᠦᠯᠦᠭ ᠦᠨ ᠠᠬᠠᠯᠠᠭᠴᠢ
 • 1997-2005 ᠣᠨ ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠪᠡᠷ ᠬᠣᠶᠠᠷ ᠤᠳᠠᠭ᠎ᠠ ᠰᠣᠩᠭᠣᠭᠳᠠᠨ ᠠᠵᠢᠯᠯᠠᠭᠰᠠᠨ᠃

ᠪᠦᠲᠦᠭᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠷᠣᠪᠯᠧᠮ ᠤ ᠹᠣᠷᠮᠢᠷᠪᠠᠨᠢᠶ᠎ᠠ ᠣᠪᠱᠧᠰᠲ᠋ᠸᠧᠨᠨᠠᠭ ᠰᠣᠵᠠᠨᠠᠨᠢᠶ᠎ᠠ ᠲᠷᠤᠵᠧᠨᠨᠢᠺᠣᠸ ᠮᠣᠩᠭᠣᠯᠢᠰᠺᠣᠭᠣ ᠰᠧᠯ᠂ 1987 (ᠺᠠᠨᠳᠢᠳᠠᠲᠤᠰᠺᠠᠶ᠎ᠠ ᠳ᠋ᠢᠰᠰᠧᠷᠲ᠋ᠠᠼᠢᠶ᠎ᠠ)

 • 《ᠮᠣᠩᠭᠣᠯ ᠤᠨ ᠮᠠᠯᠴᠢᠳ ᠤᠨ ᠤᠬᠠᠮᠰᠠᠷ ᠤᠨ ᠲᠥᠯᠦᠪᠰᠢᠯ》 ᠨᠡᠶᠢᠭᠡᠮ ᠤᠨ ᠤᠬᠠᠭᠠᠨ ᠤ ᠠᠺᠠᠳᠧᠮᠢ ᠤᠨ ᠡᠷᠳᠡᠮ ᠰᠢᠨᠵᠢᠯᠡᠭᠡᠨ ᠦ ᠰᠡᠳᠬᠦᠯ᠂ 1987 (ᠥᠭᠦᠯᠡᠯ)
 • 《ᠬᠥᠳᠡᠭᠡ ᠳᠦ ᠵᠣᠬᠢᠶᠠᠬᠤ ᠣᠯᠠᠨ ᠲᠦᠮᠡᠨ ᠦ ᠠᠵᠢᠯ》, 《ᠦᠨᠡᠨ》 ᠰᠣᠨᠢᠨ᠂ 1986 (ᠥᠭᠦᠯᠡᠯ)
 • 《ᠮᠣᠩᠭᠣᠯ ᠰᠤᠷᠲᠠᠯ》 《ᠦᠨᠡᠨ》 ᠰᠣᠨᠢᠨ᠂ 1991 (ᠥᠭᠦᠯᠡᠯ)
 • 《ᠮᠣᠩᠭᠣᠯ ᠠᠷᠢᠨᠰᠢᠨ》 ᠤᠯᠠᠭᠠᠨᠪᠠᠭᠠᠲᠤᠷ ᠬᠣᠲᠠ᠂ 1992 /ᠨᠣᠮ/
 • 1990-1992 ᠣᠨ ᠳᠤ ᠮᠣᠩᠭᠣᠯ ᠤᠨ ᠨᠡᠶᠢᠭᠡᠮ ᠤᠨ ᠤᠯᠤᠰ ᠲᠥᠷᠥ ᠶᠢᠨ ᠰᠢᠨᠡᠴᠢᠯᠡᠯ᠂ ᠵᠠᠬ᠎ᠠ ᠵᠡᠭᠡᠯᠢ ᠶᠢᠨ ᠰᠡᠳᠦᠪ ᠢᠶᠡᠷ ᠲᠤᠭᠤᠷᠪᠢᠭᠰᠠᠨ ᠬᠠᠮᠲᠤ ᠶᠢᠨ ᠪᠦᠲᠦᠭᠡᠯ ᠦᠳ
 • 1992-1997 ᠣᠨ ᠳᠤ ᠦᠨᠳᠦᠰᠦᠨ ᠦ ᠪᠠᠶᠠᠷ᠂ ᠤᠯᠤᠰ ᠲᠤᠩᠬᠠᠭᠯᠠᠭᠰᠠᠨ ᠤ ᠣᠢ ᠶᠢᠨ ᠬᠤᠷᠠᠯ᠂ ᠡᠷᠳᠡᠮ ᠰᠢᠨᠵᠢᠯᠡᠭᠡᠨ ᠦ ᠬᠤᠷᠠᠯ ᠤᠳ ᠲᠤ ᠲᠠᠯᠪᠢᠭᠰᠠᠨ ᠤᠯᠤᠰ ᠲᠥᠷᠥ᠂ ᠰᠤᠳᠤᠯᠭᠠᠨ ᠤ ᠢᠯᠡᠳᠬᠡᠯ ᠦᠳ /ᠢᠯᠡᠳᠬᠡᠯ ᠦᠳ/
 • ᠶᠡᠷᠦᠩᠬᠡᠶᠢᠯᠡᠭᠴᠢ: ᠰᠢᠨ᠎ᠡ ᠵᠠᠭᠤᠨ ᠤ ᠡᠮᠦᠨᠡᠬᠢ ᠪᠣᠳᠣᠮᠵᠢ᠂ ᠰᠠᠨᠠᠮᠵᠢ᠂ ᠤᠯᠠᠭᠠᠨᠪᠠᠭᠠᠲᠤᠷ ᠬᠣᠲᠠ 1998 /ᠨᠣᠮ/
 • ᠶᠡᠷᠦᠩᠬᠡᠶᠢᠯᠡᠭᠴᠢ ᠶᠢᠨ ᠪᠣᠳᠣᠯᠭ᠎ᠠ᠂ ᠰᠡᠳᠬᠢᠯ᠃ ᠤᠯᠠᠭᠠᠨᠪᠠᠭᠠᠲᠤᠷ ᠬᠣᠲᠠ 2000 /ᠨᠣᠮ/

ᠰᠣᠩᠭᠣᠭᠤᠯᠢ ᠳᠤ ᠠᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 • 1980-1984 ᠲᠥᠪ ᠠᠶᠢᠮᠠᠭ ᠤᠨ ᠠᠷᠠᠳ ᠤᠨ ᠬᠤᠷᠠᠯ ᠤᠨ ᠳ᠋ᠧᠫᠦᠲ᠋ᠠᠲ
 • 1990-1992 ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠲᠡᠷᠢᠭᠦᠯᠡᠭᠴᠢ ᠭᠡᠰᠢᠭᠦᠨ
 • 1992-1996 ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠪᠠᠭ᠎ᠠ ᠬᠤᠷᠠᠯ ᠤᠨ ᠭᠡᠰᠢᠭᠦᠨ᠂ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠤᠳᠤᠷᠢᠳᠬᠤ ᠵᠥᠪᠯᠡᠯ ᠦᠨ ᠭᠡᠰᠢᠭᠦᠨ
 • 1992-1997 ᠤᠯᠤᠰ ᠤᠨ ᠶᠡᠬᠡ ᠬᠤᠷᠠᠯ ᠤᠨ ᠭᠡᠰᠢᠭᠦᠨ
 • 1997 ᠣᠨ ᠤ 2-6 ᠳ᠋ᠤᠭᠠᠷ ᠰᠠᠷ᠎ᠠ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠳᠠᠷᠤᠭ᠎ᠠ /ᠮᠣᠩᠭᠣᠯ ᠠᠷᠠᠳ ᠤᠨ ᠬᠤᠪᠢᠰᠬᠠᠯᠲᠤ ᠨᠠᠮ ᠤᠨ ХХП ᠶᠡᠬᠡ ᠬᠤᠷᠠᠯ ᠠᠴᠠ/

ᠱᠠᠩᠨᠠᠯ᠂ ᠠᠯᠳᠠᠷ ᠴᠣᠯᠠ[ᠵᠠᠰᠠᠪᠤᠷᠢᠯᠠᠬᠤ | ᠺᠣᠳ᠋ ᠢᠶᠠᠷ ᠵᠠᠰᠠᠬᠣ]

 • 1991 ᠠᠷᠠᠳ ᠤᠨ ᠬᠤᠪᠢᠰᠬᠠᠯ ᠤᠨ 70 ᠵᠢᠯ ᠦᠨ ᠣᠢ ᠶᠢᠨ ᠬᠦᠨᠳᠦᠳ ᠮᠧᠳᠠᠯ
 • 2000.4.19 ᠣᠷᠣᠰ ᠬᠣᠯᠪᠣᠭᠠᠨ ᠤ ᠤᠯᠤᠰ ᠤᠨ ᠶᠡᠷᠦᠩᠬᠡᠶᠢᠯᠡєᠭᠡᠴᠢ ᠶᠢᠨ ᠵᠠᠷᠯᠢᠭ ᠢᠶᠠᠷ 《ᠨᠠᠶᠢᠷᠠᠮᠳᠠᠯ》 ᠣᠳᠣᠨ ᠢᠶᠠᠷ / ᠣᠷᠳᠧᠨ ᠳᠠᠷᠤᠵᠤᠪ ᠤ /
 • 2006 ᠣᠨ ᠳᠤ ᠰᠦᠬᠡᠪᠠᠭᠠᠲᠤᠷ ᠤᠨ ᠣᠳᠣᠨ ᠢᠶᠠᠷ
 • 2005 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠢᠨᠳᠢᠶᠠᠨ᠎ᠠ ᠮᠤᠵᠢ ᠶᠢᠨ ᠪᠯᠦᠮᠢᠩᠲ᠋ᠣᠨ ᠬᠣᠲᠠ ᠶᠢᠨ ᠬᠦᠨᠳᠦᠲᠦ ᠢᠷᠭᠡᠨ

ᠬᠦᠨᠳᠦᠲᠦ ᠳ᠋ᠣᠺᠲ᠋ᠣᠷ ᠴᠣᠯᠠ[ᠵᠠᠰᠠᠪᠤᠷᠢᠯᠠᠬᠤ | ᠺᠣᠳ᠋ ᠢᠶᠠᠷ ᠵᠠᠰᠠᠬᠣ]

 • 1995 ᠣᠨ ᠳᠤ ᠦᠺᠷᠠᠶᠢᠨ ᠤᠯᠤᠰ ᠤᠨ ᠣᠳᠧᠰ ᠬᠣᠲᠠ ᠶᠢᠨ ᠬᠦᠨᠡᠰᠦᠨ ᠦ ᠲᠧᠭᠨᠣᠯᠣᠭᠢ ᠶᠢᠨ ᠤᠯᠤᠰ ᠤᠨ ᠠᠺᠠᠳᠧᠮᠢ ᠶᠢᠨ ᠬᠦᠨᠳᠦᠲᠦ ᠳ᠋ᠣᠺᠲ᠋ᠣᠷ ᠴᠣᠯᠠ
 • 1998 ᠣᠨ ᠳᠤ ᠬᠠᠰᠠᠭᠰᠲ᠋ᠠᠨ ᠤᠯᠤᠰ ᠤᠨ ᠠᠪᠠᠢ ᠶᠢᠨ ᠨᠡᠷᠡᠮᠵᠢᠲᠦ ᠠᠯᠮᠠᠲ ᠤ ᠶᠢᠨ ᠤᠯᠤᠰ ᠤᠨ ᠶᠡᠬᠡ ᠰᠤᠷᠭᠠᠭᠤᠯᠢ ᠶᠢᠨ ᠬᠦᠨᠳᠦᠳ ᠳ᠋ᠣᠺᠲ᠋ᠣᠷ ᠴᠣᠯᠠ
 • 1998 ᠣᠨ ᠳᠤ БНТУ ᠍ ᠍ ᠍ ᠤᠨ ᠠᠨᠺᠠᠷᠠᠭ ᠤᠨ ᠶᠡᠬᠡ ᠰᠤᠷᠭᠠᠭᠤᠯᠢ ᠶᠢᠨ ᠬᠦᠨᠳᠦᠳ ᠳ᠋ᠣᠺᠲ᠋ᠣᠷ ᠴᠣᠯᠠ
 • 1998 ᠣᠨ ᠳᠤ ᠶᠠᠫᠣᠨ ᠤ ᠰᠡᠩᠰᠶᠦ ᠶᠡᠬᠡ ᠰᠤᠷᠭᠠᠭᠤᠯᠢ ᠶᠢᠨ ᠬᠦᠨᠳᠦᠳ ᠳ᠋ᠣᠺᠲ᠋ᠣᠷ ᠴᠣᠯᠠ
 • 1999 ᠣᠨ ᠳᠤ ᠤᠳᠤᠷᠢᠳᠤᠯᠭ᠎ᠠ ᠶᠢᠨ ᠠᠺᠠᠳᠧᠮᠢ ᠶᠢᠨ ᠬᠦᠨᠳᠦᠲᠦ ᠳ᠋ᠣᠺᠲ᠋ᠣᠷ ᠴᠣᠯᠠ
 • 2005 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠢᠨᠳᠢᠶᠠᠨᠠᠭ ᠤᠨ ᠶᠡᠬᠡ ᠰᠤᠷᠭᠠᠭᠤᠯᠢ ᠶᠢᠨ ᠬᠦᠨᠳᠦᠳ ᠳ᠋ᠣᠺᠲ᠋ᠣᠷ ᠴᠣᠯᠠ
ᠡᠮᠦᠨᠡᠬᠢ
ᠫᠦᠩᠰᠠᠯᠮ᠎ᠠ ᠶᠢᠨ ᠸᠴᠢᠷᠪᠠᠲᠤ
ᠮᠣᠩᠭᠣᠯ ᠤᠯᠤᠰ ᠤᠨ ᠶᠡᠷᠦᠩᠬᠡᠶᠢᠯᠡᠭᠴᠢ
{{{on}}}
ᠳᠠᠷᠠᠭᠠᠬᠢ
ᠨᠠᠮᠪᠠᠷ ᠤᠨ ᠡᠩᠬᠡᠪᠠᠶᠠᠷ

ᠪᠢᠴᠢᠭᠡᠰᠦ