ᠤᠯᠠᠭᠠᠨᠪᠠᠭᠠᠲᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
<tr class="mergedtoprow"> <td>ᠴᠠᠭ ᠤᠨ ᠪᠥᠰᠡ</td> <td>УБ ᠍ ᠤᠨ ᠴᠠᠭ (GMT+8) </td> </tr> <tr class="mergedtoprow"> <td>ᠤᠲᠠᠰᠤᠨ ᠳ᠋ᠣᠭᠠᠷ</td> <td class="adr">(+976) 11</td> </tr> <tr class="mergedrow"> <td>ᠰᠢᠤᠳᠠᠨ ᠳᠤᠭᠠᠷ</td> <td class="adr">210 xxx</td> </tr> <tr class="mergedrow"> <td>ᠮᠠᠰᠢᠨ ᠤ ᠳ᠋ᠣᠭᠠᠷ</td> <td>УБ᠂ ᠤᠯᠤᠰ ᠤᠨ ᠨᠠᠴᠢᠨ</td> </tr> <tr class="mergedtoprow"> <td>ᠴᠠᠬᠢᠮ ᠭᠠᠵᠠᠷ</td> <td>ulaanbaatar.mn</td> </tr> <tr class="mergedtoprow"> <td colspan="2" style="text-align:center" align="center">
ᠪᠣᠭᠳᠠ ᠠᠭᠤᠯᠠ ᠶᠢᠨ ᠠᠷᠤ ᠳᠤ ᠤᠯᠠᠭᠠᠨᠪᠠᠭᠠᠲᠤᠷ ᠬᠣᠲᠠ ᠴᠠᠶᠢᠷᠠᠨ ᠪᠠᠶᠢᠨ᠎ᠠ

</td> </tr>


</table>

ᠤᠯᠠᠭᠠᠨᠪᠠᠭᠠᠲᠤᠷ ᠬᠣᠲᠠ
ᠨᠡᠶᠢᠰᠯᠡᠯ
ᠵᠠᠶᠢᠰᠠᠩ ᠲᠣᠯᠣᠭᠠᠢ ᠳᠡᠭᠡᠷ᠎ᠡ ᠡᠴᠡ ᠬᠠᠷᠠᠭᠳᠠᠬᠤ ᠤᠯᠠᠭᠠᠨᠪᠠᠭᠠᠲᠤᠷ ᠬᠣᠲᠠ ᠶᠢᠨ ᠦᠵᠡᠮᠵᠢ (2009 ᠤᠨ)

ᠰᠦᠯᠳᠡ ᠲᠤᠭ

ᠰᠦᠯᠳᠡ ᠲᠡᠮᠳᠡᠭ
ᠬᠣᠴᠢ:    "ᠠᠽᠢᠶ᠎ᠠ ᠶᠢᠨ ᠴᠠᠭᠠᠨ ᠳᠠᠭᠢᠨᠢ"
ᠮᠣᠩᠭᠣᠯ ᠳ᠋ᠠᠬᠢ ᠤᠯᠠᠭᠠᠨᠪᠠᠭᠠᠲᠤᠷ ᠨᠡᠶᠢᠰᠯᠡᠯ

ᠤᠯᠠᠭᠠᠨᠪᠠᠭᠠᠲᠤᠷ
ᠮᠣᠩᠭᠣᠯ ᠳ᠋ᠠᠬᠢ ᠤᠯᠠᠭᠠᠨᠪᠠᠭᠠᠲᠤᠷ ᠬᠣᠲᠠ
ᠤᠯᠤᠰ ᠣᠷᠣᠨ Flag of Mongolia.svg ᠮᠣᠩᠭᠣᠯ
ᠨᠡᠶᠢᠰᠯᠡᠯ ᠤᠯᠠᠭᠠᠨᠪᠠᠭᠠᠲᠤᠷ
ᠳᠡᠭᠦᠷᠭᠡ ᠤᠯᠠᠭᠠᠨᠪᠠᠭᠠᠲᠤᠷ ᠨᠡᠶᠢᠰᠯᠡᠯ ᠦᠨ
ᠨᠡᠷ᠎ᠡ ᠪᠦᠬᠦᠢ 9 ᠳᠡᠭᠦᠷᠭᠡ᠂ ᠲᠡᠳᠡᠨ ᠡᠴᠡ
6 ᠨᠢ ᠤᠯᠠᠭᠠᠨᠪᠠᠭᠠᠲᠤᠷ ᠬᠣᠲᠠ ᠶᠢᠨ ᠬᠢ᠃
ᠭᠠᠵᠠᠷ ᠨᠤᠲᠤᠭ 4,704.4 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ ᠳᠡᠭᠡᠭᠰᠢ1350 ᠮᠸᠲᠷ
ᠬᠦᠮᠦᠨ ᠠᠮᠠ (ᠲᠣᠭᠠᠯᠠᠯ) 2010 ᠣᠨ ᠳᠤ 1,240,048 ᠬᠦᠮᠦᠨ[1]
- ᠮᠣᠩᠭᠣᠯ ᠤᠯᠤᠰ ᠶᠢᠨ ᠢᠷᠭᠡᠨ 1,230,712 ᠬᠦᠮᠦᠨ (99.2%) [2]
ᠨᠢᠭᠲᠠᠴᠠ ᠰᠡᠶᠢᠷᠡᠭ 2010 ᠣᠨ ᠳᠤ 256.5 ᠬᠦᠮᠦᠨ/ᠺᠦᠸᠠᠳ᠋ ᠺᠢᠯᠣᠮᠧᠲ᠋ᠷ
ᠠᠷᠠᠳ ᠲᠦᠮᠡᠨ ᠣᠯᠠᠩᠬᠢ ᠨᠢ ᠮᠣᠩᠭᠣᠯ ᠦᠨᠳᠦᠰᠦᠲᠡᠨ
ᠨᠤᠲᠤᠭ ᠤᠨ ᠣᠯᠠᠨ - ᠤᠯᠠᠭᠠᠨᠪᠠᠭᠠᠲᠤᠷ ᠤᠨ ᠬᠢᠨ
- ᠨᠡᠶᠢᠰᠯᠡᠯ ᠦᠨ ᠬᠢᠨ
1639 ᠣᠨ ᠥᠷᠭᠥᠭᠡ ᠡᠭᠦᠰᠦᠭᠰᠡᠨ
1709 ᠣᠨ ᠶᠡᠬᠡ ᠬᠦᠷᠢᠶ᠎ᠡ ᠪᠣᠯᠤᠭᠰᠠᠨ
1778 ᠣᠨ ᠣᠳᠣᠨ ᠤ ᠭᠠᠵᠠᠷ ᠲᠤ ᠲᠥᠪᠬᠢᠨᠡᠭᠰᠡᠨ
1911 ᠣᠨ ᠨᠡᠶᠢᠰᠯᠡᠯ ᠬᠦᠷᠢᠶ᠎ᠡ ᠪᠣᠯᠤᠭᠰᠠᠨ
1924 ᠣᠨ ᠤᠯᠠᠭᠠᠨᠪᠠᠭᠠᠲᠤᠷ ᠪᠣᠯᠤᠭᠰᠠᠨ
ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠳᠠᠰᠢᠵᠠᠮᠰᠤ ᠶᠢᠨ ᠪᠠᠲᠤᠲ᠋ᠤᠯᠭ᠎ᠠ (ᠠᠷᠠᠳᠴᠢᠯᠠᠭᠰᠠᠨ ᠨᠠᠮ)
ᠵᠠᠰᠠᠭ ᠳᠠᠷᠤᠭ᠎ᠠ ᠡᠷᠳᠡᠨᠢ ᠶᠢᠨ ᠪᠠᠲᠤ-ᠡᠭᠦᠯᠡ (ᠠᠷᠠᠳᠴᠢᠯᠠᠭᠰᠠᠨ ᠨᠠᠮ)</th>
ᠲᠡᠶᠢᠨ ᠢᠯᠭᠠᠯ
ᠨᠡᠷᠡᠯᠡᠬᠦ ᠤᠯᠠᠭᠠᠨᠪᠠᠭᠠᠲᠤᠷ ᠤᠯᠠᠭᠠᠨᠪᠠᠭᠠᠲᠤᠷ
ᠬᠠᠷᠢᠶᠠᠯᠠᠬᠤ ᠤᠯᠠᠭᠠᠨᠪᠠᠭᠠᠲᠤᠷ ᠤᠨ ᠤᠯᠠᠭᠠᠨᠪᠠᠭᠠᠲᠤᠷ ᠤᠨ
ᠥᠭᠬᠦ ᠤᠷᠤᠰᠢᠬᠤ ᠤᠯᠠᠭᠠᠨᠪᠠᠭᠠᠲᠤᠷ ᠲᠤ ᠤᠯᠠᠭᠠᠨᠪᠠᠭᠠᠲᠤᠷ ᠲ᠋ᠤ
ᠵᠢᠭᠠᠬᠤ ᠤᠯᠠᠭᠠᠨᠪᠠᠭᠠᠲᠤᠷ ᠢ ᠤᠯᠠᠭᠠᠨᠪᠠᠭᠠᠲᠤᠷ ᠢ
ᠭᠠᠷᠬᠤ ᠤᠯᠠᠭᠠᠨᠪᠠᠭᠠᠲᠤᠷ ᠠᠴᠠ ᠤᠯᠠᠭᠠᠨᠪᠠᠭᠠᠲᠤᠷ ᠠᠴᠠ
ᠦᠢᠯᠡᠳᠬᠦ ᠤᠯᠠᠭᠠᠨᠪᠠᠭᠠᠲᠤᠷ ᠢᠶᠠᠷ ᠤᠯᠠᠭᠠᠨᠪᠠᠭᠠᠲᠤᠷ ᠶᠢᠠᠷ
ᠬᠠᠮᠲᠤᠷᠠᠬᠤ ᠤᠯᠠᠭᠠᠨᠪᠠᠭᠠᠲᠤᠷ ᠲᠠᠢ ᠤᠯᠠᠭᠠᠨᠪᠠᠭᠠᠲᠤᠷ ᠲᠠᠢ
ᠴᠢᠢᠭᠯᠡᠬᠦ ᠤᠯᠠᠭᠠᠨᠪᠠᠭᠠᠲᠤᠷ ᠤᠷᠤᠭᠤ ᠤᠯᠠᠭᠠᠨᠪᠠᠭᠠᠲᠤᠷ ᠤᠷᠤᠭᠤ
ᠲᠠᠶᠢᠯᠪᠤᠷᠢ: Chrome ᠦᠢᠯᠡᠳᠦᠯ ᠦᠨ ᠰᠢᠰᠲ᠋ᠧᠮ ᠳᠦ ᠬᠤᠳᠤᠮ
ᠮᠣᠩᠭᠣᠯ ᠪᠢᠴᠢᠭ ᠦᠨ ᠬᠠᠷᠢᠶᠠᠯᠠᠬᠤ᠂ ᠥᠭᠬᠦ ᠤᠷᠤᠰᠢᠬᠤ᠂ ᠵᠢᠭᠠᠬᠤ᠂
ᠦᠢᠯᠡᠳᠬᠦ ᠲᠡᠶᠢᠨ ᠢᠯᠭᠠᠯ ᠪᠤᠷᠤᠭᠤ ᠪᠤᠶᠤ ᠦᠭᠡ ᠶᠢᠨ ᠳᠤᠮᠳᠠᠬᠢ
ᠬᠡᠯᠪᠡᠷᠢ ᠪᠡᠷ ᠬᠠᠷᠠᠭᠳᠠᠬᠤ ᠦᠭᠡᠢ ᠪᠠᠶᠢᠭ᠎ᠠ ᠶᠢ ᠠᠩᠬᠠᠷᠤᠨ᠎ᠠ ᠤᠤ᠃

ᠤᠯᠠᠭᠠᠨᠪᠠᠭᠠᠲᠤᠷᠮᠣᠩᠭᠣᠯ ᠤᠯᠤᠰ ᠍ ᠤᠨ ᠨᠡᠶᠢᠰᠯᠡᠯ ᠪᠦᠭᠡᠳ ᠪᠠᠰᠠ ᠮᠣᠩᠭᠣᠯ ᠤᠯᠤᠰ ᠤᠨ ᠴᠣᠷ ᠤᠨ ᠭᠠᠭᠴᠠ ᠵᠠᠭᠤᠨ ᠲᠦᠮᠡ ᠡᠴᠡ ᠳᠡᠭᠡᠭᠰᠢ ᠬᠦᠮᠦᠨ ᠠᠮᠠ ᠲᠠᠢ ᠬᠣᠲᠠ ᠪᠤᠯᠤᠨ᠎ ᠠ᠃ 1992 ᠣᠨ ᠤ ᠰᠢᠨ᠎ᠡ ᠬᠤᠪᠢᠶᠠᠷᠢ ᠪᠠᠷ ᠦᠨᠳᠦᠰᠦᠨ 6 ᠲᠡᠭᠦᠷᠭᠡ ᠪᠤᠯᠤᠨ ᠳᠠᠭᠠᠭᠤᠯᠢ 3 ᠲᠡᠭᠦᠷᠭᠡ᠂ ᠨᠡᠶᠢᠲᠡ 9 ᠳᠡᠭᠦᠷᠭᠡ ᠲᠡᠢ᠂ 4704.4 ᠺᠦᠸᠠᠳ᠋ ᠺᠢᠯᠣᠮᠧᠲ᠋ᠷ ᠲᠠᠯᠠᠪᠠᠢ ᠨᠤᠲᠤᠭ ᠲᠡᠪᠢᠰᠭᠡᠷ ᠲᠠᠢ᠃ 2014 ᠣᠨ ᠤ ᠰᠡᠭᠦᠯᠡᠷᠬᠢ ᠲᠣᠭᠠᠴᠠᠭᠠᠯᠠᠭᠰᠠᠨ ᠢᠶᠠᠷ᠂ ᠨᠡᠶᠢᠰᠯᠡᠯ ᠤᠯᠠᠭᠠᠨᠪᠠᠭᠠᠲᠤᠷ ᠳᠦ 1244000 ᠬᠦᠮᠦᠨ ᠠᠮᠠ ᠣᠷᠣᠰᠢᠨ ᠰᠠᠭᠤᠵᠤ ᠪᠠᠶᠢᠨ᠎ᠠ᠃[3]

ᠤᠯᠠᠭᠠᠨᠪᠠᠭᠠᠲᠤᠷ ᠬᠣᠲᠠ ᠨᠢ ᠮᠣᠩᠭᠣᠯ ᠤᠯᠤᠰ ᠤᠨ ᠲᠥᠪ ᠬᠡᠰᠡᠭ ᠲᠦ ᠪᠠᠶᠢᠷᠢᠯᠠᠵᠤ᠂ ᠬᠠᠭᠤᠴᠢᠨ ᠢᠶᠠᠷ ᠠᠯᠲᠠᠨ ᠲᠡᠪᠰᠢ ᠶᠢᠨ ᠬᠥᠨᠳᠡᠢ᠂ ᠥᠨᠥ ᠶᠢᠨ ᠬᠢ ᠪᠡᠷ ᠲᠤᠤᠯᠠ-ᠰᠡᠯᠪᠢ ᠶᠢᠨ(ᠲᠤᠤᠯᠠ ᠭᠤᠤᠯ ᠪᠤᠯᠤᠨ ᠰᠡᠯᠪᠢ ᠭᠤᠤᠯ ᠤᠨ) ᠪᠡᠯᠴᠢᠷ ᠬᠥᠨᠳᠡᠶ ᠳᠤ᠂ ᠳᠠᠯᠠᠢ ᠶᠢᠨ ᠲᠦᠪᠰᠢᠨ ᠡᠴᠡ ᠳᠡᠭᠡᠭᠰᠢ 1300-1350 ᠮᠧᠲ᠋ᠷ ᠥᠨᠳᠥᠷ ᠲᠦ ᠪᠣᠭᠳᠠ ᠬᠠᠨᠰᠣᠩᠭᠢᠨ᠎ᠠ ᠬᠠᠶᠢᠷᠬᠠᠨᠴᠡᠩᠭᠡᠯᠲᠠᠢᠪᠠᠶᠠᠨᠵᠢᠷᠦᠬᠡ ᠵᠡᠷᠭᠡ ᠳᠥᠷᠪᠡᠨ ᠰᠠᠶᠢᠬᠠᠨ ᠠᠭᠤᠯᠠ ᠪᠠᠷ ᠬᠦᠷᠢᠶᠡᠯᠡᠭᠳᠡᠨ ᠣᠷᠣᠰᠢᠳᠠᠭ᠃

1639 ᠣᠨ ᠳᠤ ᠰᠢᠷᠡᠭᠡᠲᠦ ᠴᠠᠭᠠᠨ ᠨᠠᠭᠤᠷ ᠲᠤ ᠥᠨᠳᠥᠷ ᠭᠡᠭᠡᠨ ᠢ ᠵᠠᠯᠠᠵᠤ ᠣᠷᠳᠣ ᠥᠷᠭᠥᠭᠡ ᠪᠣᠰᠤᠭᠠᠭᠰᠠᠨ ᠠᠴᠠ ᠡᠬᠢᠯᠡᠨ ᠨᠡᠶᠢᠰᠯᠡᠯ ᠬᠣᠲᠠ ᠶᠢᠨ ᠲᠡᠦᠬᠡ ᠶᠢ ᠲᠣᠭᠠᠯᠠᠨ᠎ᠠ᠃ 1778 ᠣᠨ ᠳᠤ ᠣᠳᠣ ᠶᠢᠨ ᠭᠠᠵᠠᠷ ᠠᠴᠠ ᠨᠡᠭᠦᠯ ᠦᠭᠡᠢ ᠲᠣᠭᠲᠠᠪᠠ᠃ ᠡᠮᠦᠨ᠎ᠡ ᠨᠢ ᠱᠠᠰᠢᠨ ᠰᠤᠷᠲᠠᠬᠤᠨ᠂ ᠠᠷᠠᠯᠵᠢᠶ ᠠ ᠬᠤᠳᠠᠯᠳᠤᠭᠠᠨ ᠤ ᠲᠥᠪ ᠪᠠᠶᠢᠭᠰᠠᠨ ᠪᠣᠯ 1911 ᠣᠨ ᠠᠴᠠ ᠤᠯᠤᠰ ᠤᠨ ᠨᠡᠶᠢᠰᠯᠡᠯ ᠪᠣᠯᠵᠤ᠂ ᠬᠣᠷᠢᠳᠤᠭᠠᠷ ᠵᠠᠭᠤᠨ ᠳᠤ ᠪᠠᠷᠢᠯᠭᠠᠵᠢᠵᠤᠠᠵᠤ ᠦᠢᠯᠡᠳᠪᠦᠷᠢᠵᠢᠵᠤ21 ᠳ᠋ᠤᠭᠠᠷ ᠵᠠᠭᠤᠨ ᠳᠤ ᠤᠯᠠᠮ ᠶᠡᠬᠡ ᠬᠣᠲᠠ ᠶᠢᠨ ᠲᠥᠷᠬᠥ ᠪᠥᠷᠢᠳᠴᠦ ᠪᠠᠶᠢᠨ᠎ᠠ᠃ ᠤᠯᠠᠭᠠᠨᠪᠠᠭᠠᠲᠤᠷ ᠨᠢ ᠮᠣᠩᠭᠣᠯ ᠤᠯᠤᠰ ᠍ ᠤᠨ ᠤᠯᠤᠰ ᠲᠥᠷᠥᠡᠳ᠋ ᠍ ᠦᠨ ᠵᠠᠰᠠᠭᠡᠷᠳᠡᠮ ᠪᠣᠯᠪᠠᠰᠤᠷᠠᠯ ᠍ ᠤᠨ ᠲᠥᠪ ᠪᠢᠯᠡ᠃

ᠭᠠᠷᠴᠠᠭ

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

Oerguge,ulaganbagatur.png

1639 ᠣᠨ ᠳᠤ ᠰᠢᠷᠡᠭᠡᠲᠦ ᠨᠠᠭᠤᠷ ᠍ ᠤᠨ ᠭᠠᠵᠠᠷ ᠵᠠᠨᠠᠪᠠᠽᠠᠷ ᠍ ᠢ ᠱᠠᠰᠢᠨ ᠤ ᠲᠡᠷᠢᠭᠦᠨ ᠶᠢᠡᠷ ᠡᠷᠭᠦᠮᠵᠢᠯᠡᠵᠦ ᠣᠷᠳᠣ ᠥᠷᠭᠥᠭᠡ ᠪᠠᠷᠢᠭᠰᠠᠨ ᠨᠢ ᠬᠤᠵᠢᠮ ᠨᠢ ᠥᠷᠭᠡᠵᠢᠭᠰᠡᠭᠡᠷ ᠪᠠᠶᠢᠵᠤ ᠤᠯᠠᠭᠠᠨᠪᠠᠭᠠᠲᠤᠷ ᠪᠣᠯᠵᠠᠢ᠃ ᠲᠡᠦᠬᠡᠨ ᠳᠦ ᠬᠡᠳᠤ ᠤᠳᠠᠭ᠎ ᠠ ᠨᠡᠷ ᠡ ᠰᠤᠯᠢᠭᠳᠠᠵᠤ ᠦᠩᠭᠡᠷᠡᠵᠡᠢ᠃ 1639 ᠣᠨ ᠠᠴᠠ ᠥᠷᠭᠦᠭᠡ᠂ 1651 ᠣᠨ ᠠᠴᠠ ᠨᠣᠮ ᠤᠨ ᠬᠦᠷᠢᠶ ᠡ᠂ 1706 ᠣᠨ ᠠᠴᠠ ᠶᠡᠬᠡ ᠬᠦᠷᠢᠶ ᠡ᠂ 1912 ᠣᠨ ᠠᠴᠠ ᠨᠡᠶᠢᠰᠯᠡᠯ ᠬᠦᠷᠢᠶ ᠡ ᠬᠡᠮᠡᠨ ᠲᠤᠰ ᠲᠤᠰ ᠨᠡᠷᠡᠯᠡᠭᠳᠡᠵᠤ ᠪᠠᠶᠢᠭᠠᠳ᠂ 1924 ᠣᠨ ᠠᠴᠠ ᠬᠣᠶᠢᠰᠢ ᠤᠯᠠᠭᠠᠨᠪᠠᠭᠠᠲᠤᠷ ᠭᠡᠵᠤ ᠨᠡᠷᠡᠯᠡᠪᠡ᠃[4] ᠠᠷᠪᠠᠨ ᠲᠠᠪᠤᠳᠤᠭᠠᠷ ᠵᠠᠭᠤᠨ ᠤ ᠡᠬᠢᠨ ᠳᠦ ᠪᠣᠭᠳᠠ ᠶᠢᠨ ᠬᠦᠷᠢᠶ᠎ᠡᠳᠠ ᠬᠦᠷᠢᠶ᠎ᠡ᠂ ᠵᠦᠭᠡᠷ ᠯᠠ ᠬᠦᠷᠢᠶ᠎ᠡ ᠬᠦᠷᠢᠶ ᠡ ᠭᠡᠬᠦ ᠳᠦ ᠣᠶᠢᠯᠠᠭᠠᠳᠠᠭ ᠪᠠᠶᠢᠭᠰᠠᠨ ᠰᠢᠭ ᠣᠳᠣ УБᠨᠡᠶᠢᠰᠯᠡᠯ ᠭᠡᠵᠦ ᠪᠢᠴᠢᠬᠦ᠂ ᠬᠣᠲᠠ ᠭᠡᠵᠦ ᠶᠠᠷᠢᠬᠤ ᠳᠤ ᠲᠣᠳᠣᠷᠬᠠᠢ ᠲᠠᠨᠢᠭᠳᠠᠨ᠎ᠠ᠃

ᠭᠠᠳᠠᠭᠠᠳᠤ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠧᠦ᠋ᠷᠣᠫᠠ ᠵᠦᠭ ᠦᠨ ᠬᠡᠯᠡᠨ ᠳᠦ ᠠᠩᠬ᠎ᠠ ᠤᠷᠭᠤ (Urga) ᠭᠡᠵᠦ ᠪᠠᠶᠢᠭᠰᠠᠨ ᠪᠣᠯ ᠣᠳᠣ ᠤᠯᠠᠨ-ᠪᠠᠲ᠋ᠤᠷ (Ulan Bator) ᠭᠡᠬᠦ ᠮᠠᠶ᠋ᠢᠭ ᠢᠶᠠᠷ ᠭᠠᠯᠢᠭᠯᠠᠨ ᠨᠡᠷᠡᠯᠡᠨ ᠬᠡᠯᠡᠭᠳᠡᠳᠡᠭ᠃ ᠵᠠᠷᠢᠮ ᠲᠣᠬᠢᠶᠠᠯᠳᠤᠯ ᠳᠤ Ulaanbaatar ᠭᠡᠵᠦ ᠨᠡᠷᠡᠯᠡᠬᠦ ᠲᠣᠬᠢᠶᠠᠯᠳᠤᠯ ᠰᠡᠭᠦᠯ ᠦᠨ ᠦᠶ᠎ᠡ ᠳᠦ ᠭᠠᠷᠴᠤ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠢᠳᠤ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠨᠢᠭᠤᠴᠠ ᠲᠣᠪᠴᠢᠶ᠎ᠠ ᠳᠤ ᠲᠡᠮᠳᠡᠭᠯᠡᠭᠰᠡᠨ ᠢᠶᠡᠷ 12 ᠍ ᠳᠦᠭᠡᠷ ᠵᠠᠭᠤᠨ ᠤ ᠰᠡᠭᠦᠯᠴᠢ ᠶᠢᠨ ᠬᠠᠭᠠᠰ ᠲᠤ ᠬᠡᠷᠡᠶᠢᠳ ᠠᠶᠢᠮᠠᠭ ᠤᠨ ᠤᠳᠤᠷᠢᠳᠤᠭᠴᠢ ᠸᠠᠩ ᠬᠠᠨ ᠤ ᠥᠷᠭᠥᠭᠡ ᠨᠢ ᠲᠤᠤᠯ ᠤᠨ ᠬᠠᠷ᠎ᠠ ᠰᠢᠭᠤᠢ ᠭᠡᠳᠡᠭ ᠭᠠᠵᠠᠷ ᠪᠠᠶᠢᠪᠠ ᠭᠡᠵᠦ ᠲᠡᠮᠳᠡᠭᠯᠡᠭᠰᠡᠨ ᠨᠢ ᠣᠳᠣ ᠶᠢᠨ ᠤᠯᠠᠭᠠᠨᠪᠠᠭᠠᠲᠤᠷ ᠬᠣᠲᠠ ᠣᠷᠣᠰᠢᠵᠤ ᠪᠤᠢ ᠬᠥᠨᠳᠡᠢ ᠶᠢ ᠭᠡᠵᠦ ᠰᠤᠳᠤᠯᠤᠭᠠᠴᠢᠳ ᠲᠠᠭᠠᠮᠠᠭᠯᠠᠳᠠᠭ᠃ ᠶᠡᠬᠡ ᠮᠣᠩᠭᠣᠯ ᠤᠯᠤᠰ ᠍ ᠤᠨ ᠠᠩᠬᠠᠨ ᠤ ᠨᠡᠶᠢᠰᠯᠡᠯ ᠬᠠᠷᠠᠬᠣᠷᠣᠮ ᠬᠣᠲᠠ ᠨᠢ ᠣᠷᠬᠣᠨ ᠭᠣᠣᠯ ᠤᠨ ᠬᠥᠨᠳᠡᠶ ᠳᠤ ᠴᠣᠭᠴᠠᠯᠠᠭᠰᠠᠨ ᠪᠠ ᠶᠤᠸᠠᠨ ᠤᠯᠤᠰ ᠨᠤᠷᠠᠨ ᠤᠨᠠᠭᠰᠠᠨ ᠤ ᠳᠠᠷᠠᠭ᠎ᠠ᠂ ᠮᠢᠩ ᠤᠯᠤᠰ ᠍ ᠤᠨ ᠳᠣᠪᠲᠣᠯᠭᠠᠨ ᠳᠤ ᠬᠣᠶᠠᠷ ᠤᠳᠠᠭ᠎ ᠠ ᠭᠠᠯᠳᠠᠨ ᠰᠢᠲᠠᠭᠠᠭᠳᠠᠵᠠᠢ᠃ ᠲᠡᠭᠦᠨ ᠡᠴᠡ ᠬᠣᠶᠢᠰᠢ ᠮᠣᠩᠭᠣᠯᠴᠤᠳ ᠨᠢᠭᠡᠳᠦᠮᠡᠯ ᠪᠠᠶᠢᠳᠠᠯ ᠦᠭᠡᠢ ᠪᠣᠯᠤᠭᠠᠳ ᠨᠡᠭᠦᠳᠡᠯ ᠦᠨ ᠢᠷᠭᠡᠨᠰᠢᠯ ᠳᠦ ᠪᠦᠷᠢᠨ ᠰᠢᠯᠵᠢᠵᠦ᠂ ᠬᠣᠲᠠ ᠪᠠᠶᠢᠭᠤᠯᠵᠤ ᠵᠠᠪᠳᠤᠯ ᠦᠭᠡᠢ ᠳᠣᠲᠣᠭᠠᠳᠤ ᠭᠠᠳᠠᠭᠠᠳᠤ ᠳᠤ ᠲᠡᠮᠡᠴᠡᠯᠳᠦᠨ ᠪᠠᠶᠢᠯᠳᠤᠵᠠᠭᠠᠵᠤ ᠪᠠᠶᠢᠭᠰᠠᠨ ᠠᠴᠠ᠂ ᠠᠮᠤᠷᠯᠢᠩᠭᠤᠢ ᠪᠠᠶᠢᠳᠠᠯ ᠢ ᠳᠡᠯᠭᠡᠷᠡᠭᠦᠯᠬᠦ ᠪᠡᠷ 16 ᠍ ᠳᠦᠭᠡᠷ ᠵᠠᠭᠤᠨ ᠠᠴᠠ ᠰᠢᠷ᠎ᠠ ᠶᠢᠨ ᠱᠠᠰᠢᠨ ᠳᠤ ᠰᠦᠰᠦᠭᠯᠡᠭᠰᠡᠨ ᠢᠶᠡᠷ ᠮᠣᠩᠭᠣᠯ ᠤᠷᠤᠨ ᠳᠤ ᠰᠦᠮ᠎ᠡ ᠬᠡᠶᠢᠳ ᠦᠳ ᠪᠠᠷᠢᠭᠳᠠᠵᠤ ᠡᠬᠢᠯᠡᠭᠰᠡᠨ ᠶᠤᠮ᠃ ᠢᠩᠭᠢᠭᠰᠡᠨ ᠢᠶᠡᠷ ᠮᠣᠩᠭᠣᠯᠴᠤᠳ ᠤᠨ ᠬᠣᠲᠠ᠂ ᠬᠦᠷᠢᠶ᠎ᠡ ᠴᠣᠭᠴᠠᠯᠠᠬᠤ ᠢᠳᠡᠪᠬᠢ ᠰᠡᠷᠭᠦᠵᠦ᠂ ᠠᠩᠬᠠᠯᠠᠨ ᠠᠪᠠ ᠲᠠᠢ ᠰᠠᠶᠢᠨ ᠬᠠᠭᠠᠨ ᠬᠠᠷᠠᠬᠣᠷᠣᠮ ᠬᠣᠲᠠ ᠶᠢᠨ ᠪᠠᠭᠤᠷᠢᠨ ᠳᠤ ᠡᠷᠳᠡᠨᠢ ᠵᠤᠤ ᠬᠡᠶᠢᠳ ᠢ ᠪᠣᠰᠬᠠᠵᠠᠢ᠃

ᠲᠦᠰᠢᠶᠡᠲᠦ ᠬᠠᠨ ᠭᠣᠮᠪᠣᠳᠣᠷᠵᠢ ᠶᠢᠨ ᠬᠦᠦ ᠵᠠᠨᠠᠪᠠᠽᠠᠷ ᠍ ᠢ ᠠᠩᠬᠠᠨ ᠤ ᠪᠣᠭᠳᠠ ᠵᠢᠪᠵᠤᠩᠳᠠᠮᠪᠠ ᠬᠤᠲᠤᠭᠲᠤ ᠪᠠᠷ ᠡᠷᠭᠦᠮᠵᠢᠯᠡᠨ᠂ 1639 ᠣᠨ ᠳᠤ ᠣᠳᠣ ᠶᠢᠨ ᠥᠪᠦᠷᠬᠠᠩᠭᠠᠢ ᠠᠶᠢᠮᠠᠭ ᠤᠨ ᠪᠦᠷᠢᠳᠦ ᠰᠤᠮᠤ ᠶᠢᠨ ᠨᠤᠲᠤᠭ ᠳ᠋ᠠᠬᠢ ᠰᠢᠷᠡᠭᠡᠲᠦ ᠴᠠᠭᠠᠨ ᠨᠠᠭᠤᠷ ᠭᠡᠳᠡᠭ ᠭᠠᠵᠠᠷ ᠥᠷᠭᠥᠭᠡ ᠨᠡᠷ᠎ᠡ ᠲᠡᠢ ᠪᠡᠷ ᠣᠳᠣ ᠶᠢᠨ УБ ᠍ ᠦᠨ ᠰᠠᠭᠤᠷᠢ ᠶᠢ ᠦᠨᠳᠦᠰᠦᠯᠡᠵᠡᠢ᠃ ᠢᠩᠭᠢᠵᠦ ᠨᠡᠭᠦᠯᠭᠡᠬᠦ ᠳᠦ ᠪᠡᠨ ᠡᠷᠳᠡᠨᠢ ᠵᠤᠤ ᠬᠡᠶᠢᠳ ᠦᠨ ᠳᠣᠲᠣᠷᠠᠬᠢ ᠮᠥᠩᠬᠡ ᠶᠢᠨ ᠭᠠᠯ ᠲᠠᠢ ᠪᠠᠷᠠᠭᠤᠨ ᠥᠷᠭᠥᠭᠡ ᠶᠢ ᠨᠡᠭᠦᠯᠭᠡᠨ ᠭᠠᠷᠭᠠᠵᠤ ᠵᠠᠨᠠᠪᠠᠽᠠᠷ ᠤᠨ ᠥᠷᠭᠥᠭᠡ ᠲᠡᠢ ᠨᠢᠭᠡᠳᠦᠭᠦᠯᠵᠦ ᠰᠢᠷᠡᠭᠡ ᠴᠠᠭᠠᠨ ᠨᠠᠭᠤᠷ ᠲᠤ ᠠᠪᠠᠴᠢᠵᠠᠢ᠃ ᠪᠠᠷᠠᠭᠤᠨ ᠥᠷᠭᠥᠭᠡ ᠨᠢ ᠲᠥᠷᠥ ᠶᠢᠨ ᠭᠠᠯ ᠭᠣᠯᠣᠮᠲᠠ ᠶᠢᠨ ᠪᠡᠯᠭᠡᠳᠡᠯ ᠥᠷᠭᠥᠭᠡ ᠪᠠᠶᠢᠵᠠᠢ᠃ ᠢᠩᠭᠢᠵᠦ ᠲᠥᠷᠥ᠂ ᠱᠠᠰᠢᠨ ᠤ ᠭᠣᠣᠯ ᠦᠨᠡᠲᠦ ᠵᠦᠢᠯᠡᠰ ᠢ ᠨᠢᠭᠡᠳᠦᠭᠦᠯᠦᠭᠰᠡᠨ ᠢᠶᠡᠷ ᠨᠡᠶᠢᠰᠯᠡᠯ ᠡᠭᠦᠰᠦᠭᠰᠡᠨ ᠭᠡᠵᠦ ᠦᠵᠡᠳᠡᠭ᠃ ᠨᠡᠶᠢᠰᠯᠡᠯ ᠮᠠᠨᠢ ᠣᠷᠬᠣᠨᠲᠠᠮᠢᠷᠲᠤᠤᠯᠠ ᠭᠣᠣᠯ ᠤᠳ ᠤᠨ ᠬᠥᠨᠳᠡᠢ ᠳᠠᠭᠠᠤ 29 ᠤᠳᠠᠭ᠎ᠠ ᠨᠡᠭᠦᠳᠡᠯᠯᠡᠭᠰᠡᠨ ᠦ ᠡᠴᠦᠰ ᠲᠦ᠂ 1778 ᠣᠨ ᠳᠤ ᠣᠳᠣ ᠶᠢᠨ ᠪᠠᠶᠢᠭ᠎ᠠ ᠭᠠᠵᠠᠷ ᠰᠠᠭᠤᠷᠢᠰᠢᠵᠤ ᠶᠡᠬᠡ ᠬᠦᠷᠢᠶ᠎ᠡ ᠨᠡᠷ᠎ᠡ ᠲᠡᠢ ᠪᠣᠯᠵᠠᠢ᠃ 1756 ᠣᠨ ᠳᠤ ᠠᠩᠬᠠᠨ ᠤ ᠱᠠᠰᠢᠨ ᠤ ᠰᠤᠷᠭᠠᠭᠤᠯᠢ ᠪᠣᠯᠬᠤ "ᠴᠠᠨᠢᠭ" ᠪᠠᠶᠢᠭᠤᠯᠤᠭᠳᠠᠭᠰᠠᠨ ᠪᠥᠭᠡᠳ 1786 ᠣᠨ ᠠᠴᠠ ᠮᠠᠨᠵᠤ ᠠᠮᠪᠠᠨ ᠳᠤ ᠰᠡᠴᠡᠨ ᠬᠠᠨᠲᠦᠰᠢᠶᠡᠲᠦ ᠬᠠᠨ ᠬᠣᠶᠠᠷ ᠠᠶᠢᠮᠠᠭ ᠢ ᠬᠠᠷᠢᠭᠤᠴᠠᠭᠤᠯᠬᠤ ᠪᠣᠯᠤᠭᠰᠠᠨ ᠵᠡᠷᠭᠡ ᠣᠯᠠᠨ ᠰᠢᠯᠲᠠᠭᠠᠨ ᠠᠴᠠ ᠶᠡᠬᠡ ᠬᠦᠷᠢᠶ᠎ᠡ ᠰᠠᠭᠤᠷᠢᠰᠢᠬᠤ ᠱᠠᠭᠠᠷᠳᠠᠯᠭ᠎ᠠ ᠲᠠᠢ ᠪᠣᠯᠵᠠᠢ᠃ 1780-1870 ᠣᠨ ᠤ ᠬᠣᠭᠣᠷᠣᠨᠳᠣ 70 ᠭᠠᠷᠤᠢ ᠰᠠᠭᠤᠷᠢᠨ ᠰᠦᠮ᠎ᠡ᠂ ᠳᠤᠭᠠᠩ᠂ ᠢᠯᠠᠩᠭᠤᠶ᠎ᠠ ᠥᠨᠥ ᠶᠢᠨ ᠭᠠᠨᠳᠠᠩᠳᠦᠭᠴᠢᠩᠯᠢᠩ ᠬᠡᠶᠢᠳ 1809 ᠣᠨ ᠳᠤ ᠪᠠᠶᠢᠭᠤᠯᠤᠭᠳᠠᠵᠠᠢ᠃ 1861 ᠣᠨ ᠳᠤ ᠣᠷᠣᠰ ᠤᠨ ᠬᠡᠷᠡᠭ ᠤᠨ ᠭᠠᠵᠠᠷ ᠪᠠᠶᠢᠭᠤᠯᠤᠭᠳᠠᠵᠠᠢ᠃ ᠬᠦᠷᠢᠶᠡᠨ ᠦ ᠬᠦᠮᠦᠨ ᠠᠮᠠ ᠨᠡᠮᠡᠭᠳᠡᠭᠰᠡᠭᠡᠷ 1910 ᠣᠨ ᠳᠤ 50000 ᠬᠦᠮᠦᠨ ᠠᠮᠠ ᠲᠠᠢ ᠪᠣᠯᠵᠠᠢ[5]

ᠣᠷᠴᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1911 ᠣᠨ ᠤ 12 ᠍ ᠳᠦᠭᠡᠷ ᠰᠠᠷ᠎ᠠ ᠳᠤ ᠪᠣᠭᠳᠠ ᠬᠠᠭᠠᠨᠲᠤ ᠮᠣᠩᠭᠣᠯ ᠤᠯᠤᠰ ᠲᠤᠩᠬᠠᠭᠯᠠᠭᠳᠠᠵᠤ᠂ ᠨᠡᠶᠢᠰᠯᠡᠯ ᠬᠦᠷᠢᠶ᠎ᠡ ᠨᠡᠷ᠎ᠡ ᠲᠡᠢ ᠪᠣᠯᠤᠭᠰᠠᠨ ᠶᠤᠮ᠃ 1919 ᠣᠨ ᠳᠤ ᠰᠶᠤ ᠱᠥᠵᠧᠨ ᠶᠢᠡᠷ ᠲᠣᠯᠣᠭᠠᠶᠢᠯᠠᠭᠤᠯᠤᠭᠰᠠᠨ ᠬᠢᠲᠠᠳ ᠴᠡᠷᠢᠭ ᠲᠦ ᠬᠣᠲᠠ ᠡᠵᠡᠯᠡᠭᠳᠡᠭᠰᠡᠨ ᠪᠠ 1921 ᠣᠨ ᠤ 2 ᠍ ᠳᠦᠭᠡᠷ ᠰᠠᠷ᠎ᠠ ᠳᠤ ᠪᠠᠷᠤᠨ ᠤᠩᠭᠧᠷᠨ ᠪᠡᠷ ᠲᠣᠯᠣᠭᠠᠶᠢᠯᠠᠭᠤᠯᠤᠭᠰᠠᠨ ᠴᠠᠭᠠᠨ ᠴᠡᠷᠢᠭ ᠦᠳ ᠬᠢᠲᠠᠳ ᠴᠡᠷᠢᠭ ᠡᠴᠡ ᠬᠦᠷᠢᠶ᠎ᠡ ᠶᠢ ᠴᠢᠯᠦᠭᠡᠯᠡᠵᠦ᠂ ᠪᠣᠭᠳᠠ ᠶᠢ ᠳᠠᠬᠢᠨ ᠬᠠᠭᠠᠨ ᠰᠢᠷᠡᠭᠡᠨ ᠳᠦ ᠵᠠᠯᠠᠭᠰᠠᠨ ᠪᠣᠯ᠂ 3 ᠍ ᠳᠦᠭᠡᠷ ᠰᠠᠷ᠎ᠠ ᠳᠤ ᠬᠢᠶᠠᠭᠲᠤ ᠬᠣᠲᠠ ᠶᠢ ᠴᠢᠯᠦᠭᠡᠯᠡᠭᠰᠡᠨ ᠮᠣᠩᠭᠣᠯ-ᠵᠥᠪᠯᠡᠯᠲᠦ ᠶᠢᠨ ᠴᠡᠷᠢᠭ ᠦᠳ ᠴᠠᠭᠠᠨᠲᠠᠨ ᠨᠤᠭᠤᠳ ᠢ 6 ᠍ ᠳᠦᠭᠡᠷ ᠰᠠᠷ᠎ᠠ ᠳᠤ ᠴᠣᠬᠢᠨ ᠳᠤᠲᠠᠭᠠᠯᠭᠠᠭᠰᠠᠨ ᠠᠴᠠ ᠬᠣᠶᠢᠰᠢ ᠨᠡᠶᠢᠰᠯᠡᠯ ᠨᠢ ᠭᠠᠳᠠᠭᠠᠳᠤ ᠶᠢᠨ ᠴᠡᠷᠢᠭ ᠦᠨ ᠲᠦᠷᠢᠮᠡᠭᠡᠶᠢᠯᠡᠯ ᠡᠴᠡ ᠴᠢᠯᠦᠭᠡᠯᠡᠭᠳᠡᠭᠰᠡᠨ ᠶᠤᠮ᠃ 1924 ᠣᠨ ᠤ ᠦᠨᠳᠦᠰᠦᠨ ᠬᠠᠤᠯᠢ ᠪᠠᠷ ᠤᠯᠠᠭᠠᠨᠪᠠᠭᠠᠲᠤᠷ ᠨᠡᠷ᠎ᠡ ᠲᠡᠢ ᠪᠣᠯᠤᠭᠰᠠᠨ ᠪᠢᠯᠡ᠃ ᠨᠡᠶᠢᠭᠡᠮ ᠵᠢᠷᠤᠮᠲᠤ ᠶᠢᠨ ᠦᠶ᠎ᠡ ᠳᠦ ᠪᠣᠯᠤᠨ ᠭᠣᠣᠯᠳᠠᠭᠤ ᠳᠡᠯᠡᠬᠡᠢ ᠶᠢᠨ ᠬᠣᠶᠠᠳᠤᠭᠠᠷ ᠳᠠᠶᠢᠨ ᠤ ᠳᠠᠷᠠᠭ᠎ᠠ᠂ ᠵᠥᠪᠯᠡᠯᠲᠦ ᠬᠣᠯᠪᠣᠭᠠᠲᠤ ᠤᠯᠤᠰ ᠍ ᠤᠨ ᠲᠡᠳᠬᠦᠯᠭᠡ ᠲᠡᠢ ᠪᠡᠷ ᠬᠠᠭᠤᠴᠢᠨ ᠤ ᠭᠡᠷ ᠬᠣᠷᠢᠶᠠᠯᠠᠯ ᠨᠢ ᠠᠭᠠᠵᠢᠮ ᠢᠶᠠᠷ ᠪᠠᠶᠢᠷᠢ ᠪᠠᠷ ᠰᠣᠯᠢᠭᠳᠠᠵᠤ ᠡᠬᠢᠯᠡᠭᠰᠡᠨ ᠶᠤᠮ᠃ ᠨᠤᠱᠺᠢ-ᠤᠯᠠᠭᠠᠨᠪᠠᠭᠠᠲᠤᠷ-ᠵᠠᠮ ᠤᠨ ᠡᠭᠦᠳᠡ ᠶᠢᠨ ᠴᠢᠭᠯᠡᠯ ᠦᠨ ᠵᠠᠮ ᠤᠳ 1949᠂ 1956 ᠣᠨ ᠨᠤᠭᠤᠳ ᠲᠤ ᠪᠠᠷᠢᠭᠳᠠᠭᠰᠠᠨ ᠢᠶᠠᠷ ᠵᠠᠭᠦᠨ᠂ ᠪᠠᠷᠠᠭᠤᠨ ᠲᠠᠢ ᠲᠡᠮᠦᠷ ᠵᠠᠮ ᠢᠶᠠᠷ ᠬᠣᠯᠪᠣᠭᠳᠠᠭᠰᠠᠨ ᠪᠥᠭᠡᠳ ᠺᠢᠨᠣ᠋ ᠲᠢᠶᠠᠲ᠋ᠷ᠂ ᠵᠦᠵᠦᠭᠡ ᠶᠢᠨ ᠲᠢᠶᠠᠲ᠋ᠷ᠂ ᠮᠦᠽᠧᠢ ᠵᠡᠷᠭᠡ ᠣᠯᠠᠨ ᠢᠶᠠᠷ ᠪᠠᠷᠢᠭᠳᠠᠵᠠᠢ᠃ ᠬᠠᠷᠢᠨ ᠨᠥᠭᠥᠭᠡ ᠲᠠᠯ᠎ᠠ ᠠᠴᠠ 1930 ᠍ ᠊ᠭᠠᠳ ᠣᠨ ᠤ ᠰᠡᠭᠦᠯᠴᠢ ᠶᠢᠨ ᠬᠡᠯᠮᠡᠭᠳᠡᠭᠦᠯᠦᠯᠲᠡ ᠶᠢᠨ ᠳᠠᠷᠠᠭ᠎ᠠ ᠨᠡᠶᠢᠭᠡᠮ ᠵᠢᠷᠤᠮ ᠤᠨ ᠡᠮᠦᠨᠡᠬᠢ ᠦᠶ᠎ᠡ ᠶᠢᠨ ᠰᠦᠮ᠎ᠡ᠂ ᠬᠡᠶᠢᠳ ᠦᠳ ᠲᠠᠯᠬᠠᠭᠳᠠᠭᠰᠠᠨ ᠪᠠᠶᠢᠨ᠎ᠠ᠃

ᠤᠶᠢᠷ ᠠ ᠣᠷᠴᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1990 ᠣᠨ ᠤ ᠠᠷᠠᠳᠴᠢᠯᠠᠭᠰᠠᠨ ᠨᠡᠶᠢᠭᠡᠮ᠂ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠤᠨ ᠲᠥᠯᠦᠭᠡᠨ ᠤ ᠲᠡᠮᠡᠴᠡᠯ ᠤᠯᠠᠭᠠᠨᠪᠠᠭᠠᠲᠤᠷ ᠲᠤ ᠥᠷᠨᠢᠵᠡᠢ᠃ ᠡᠨᠡ ᠲᠡᠮᠡᠴᠡᠯ ᠦᠨ ᠦᠷ᠎ᠡ ᠳ᠋ᠦᠩ ᠳᠦ ᠳᠡᠯᠡᠬᠡᠢ ᠳᠦ ᠨᠡᠭᠡᠭᠡᠯᠲᠡ ᠲᠡᠢ ᠪᠣᠯᠤᠭᠰᠠᠨ ᠶᠠᠪᠤᠳᠠᠯ ᠠᠴᠠ ᠤᠯᠠᠭᠠᠨᠪᠠᠭᠠᠲᠤᠷ ᠬᠣᠲᠠ ᠰᠢᠨ᠎ᠡ ᠬᠥᠭᠵᠢᠯ ᠦᠨ ᠦᠶ ᠡ ᠪᠠᠨ ᠡᠬᠢᠯᠡᠭᠦᠯᠵᠡᠢ᠃ ᠬᠥᠭᠵᠢᠯ᠂ ᠲᠥᠪᠯᠡᠷᠡᠯ ᠢ ᠳᠠᠭᠠᠵᠤ ᠨᠡᠶᠢᠰᠯᠡᠯ ᠳᠦ ᠬᠦᠮᠦᠨ ᠠᠮᠠ ᠶᠢᠨ ᠬᠡᠲᠦ ᠲᠥᠪᠯᠡᠷᠡᠯ ᠭᠠᠷᠴᠤ᠂ ᠰᠡᠭᠦᠯ ᠦᠨ 15 ᠵᠢᠯ ᠳᠤ ᠬᠣᠶᠠᠷ ᠳᠠᠬᠢᠨ ᠥᠰᠴᠠᠢ᠃ ᠥᠨᠥᠳᠥᠷ ᠨᠡᠶᠢᠰᠯᠡᠯ ᠳᠦ ᠬᠦᠮᠦᠨ ᠠᠮᠠ ᠨᠡᠮᠡᠭᠳᠡᠭᠰᠡᠨ ᠡᠴᠡ ᠭᠡᠷ ᠬᠦᠷᠢᠶ᠎ᠡ ᠪᠡᠨ ᠤᠯᠠᠮ ᠲᠡᠯᠡᠭᠰᠡᠭᠡᠷ ᠪᠠᠶᠢᠨ᠎ᠠ᠃ ᠮᠥᠨ ᠨᠡᠶᠢᠲᠡ ᠮᠣᠩᠭᠣᠯ ᠤᠯᠤᠰ ᠤᠨ ᠬᠦᠮᠦᠨ ᠠᠮᠠ ᠶᠢᠨ 40% ᠨᠢ ᠡᠨᠳᠡ ᠪᠠᠶᠢᠭ᠎ ᠠ ᠤᠴᠢᠷ ᠡᠴᠡ ᠣᠯᠠᠨ ᠨᠡᠶᠢᠭᠡᠮ ᠤᠨ᠂ ᠪᠠᠶᠢᠭᠠᠯᠢ ᠶᠢᠨ᠂ ᠲᠡᠭᠡᠭᠡᠪᠦᠷᠢ ᠶᠢᠨ ᠪᠡᠷᠬᠡᠰᠢᠶᠡᠯ ᠦᠳ ᠲᠤᠯᠭᠠᠷᠴᠤ ᠪᠠᠶᠢᠨ᠎ᠠ᠃ ᠰᠡᠭᠦᠯ ᠦᠨ ᠵᠢᠯ ᠤᠳ ᠲᠤ ᠰᠢᠨ᠎ᠡ ᠪᠠᠷᠢᠯᠭ᠎ᠠ ᠣᠯᠠᠨ ᠢᠶᠠᠷ ᠪᠠᠷᠢᠭᠳᠠᠵᠤ ᠪᠠᠶᠢᠭ᠎ᠠ ᠪᠥᠭᠡᠳ ᠣᠷᠣᠨ ᠰᠠᠭᠤᠴᠠᠨ ᠤ ᠦᠨ᠎ᠡ ᠴᠤ ᠮᠠᠰᠢ ᠶᠡᠬᠡ ᠥᠰᠴᠤ ᠪᠠᠶᠢᠨ᠎ ᠠ᠃

ᠤᠯᠠᠭᠠᠨᠪᠠᠭᠠᠲᠤᠷ ᠬᠣᠲᠠ ᠶᠢᠨ ᠢᠷᠡᠭᠡᠳᠦᠢ ᠶᠢᠨ ᠲᠥᠯᠥᠪᠯᠡᠯᠲᠡ ᠨᠢ ᠮᠣᠩᠭᠣᠯ ᠤᠯᠤᠰ ᠤᠨ ᠰᠢᠨᠵᠢᠯᠡᠬᠦ ᠤᠬᠠᠭᠠᠨ᠂ ᠦᠢᠯᠡᠳᠪᠦᠷᠢᠯᠡᠯ ᠦᠨ ᠲᠥᠪ ᠪᠣᠯᠤᠨ ᠬᠥᠭᠵᠢᠬᠦ ᠠᠯᠤᠰ ᠬᠡᠲᠦ ᠶᠢᠨ ᠬᠠᠨᠳᠤᠯᠭ᠎ᠠ ᠲᠠᠢ ᠪᠠᠶᠢᠨ᠎ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠠᠭᠠᠨᠪᠠᠭᠠᠲᠤᠷ ᠬᠣᠲᠠ ᠨᠢ ᠬᠡᠨᠲᠡᠢ ᠶᠢᠨ ᠨᠢᠷᠤᠭᠤ ᠤ ᠤᠷᠳᠤ ᠦᠵᠦᠭᠦᠷ ᠪᠣᠯᠬᠤ ᠪᠠᠶᠠᠨᠵᠢᠷᠦᠬᠡᠪᠣᠭᠳᠠ ᠬᠠᠨᠰᠣᠩᠭᠢᠨ᠎ᠠ ᠬᠠᠶᠢᠷᠬᠠᠨᠴᠡᠩᠭᠡᠯᠲᠡᠢ ᠬᠠᠶᠢᠷᠬᠠᠨ ᠵᠡᠷᠭᠡ ᠠᠭᠤᠯᠠᠰ ᠢᠶᠠᠷ ᠵᠡᠭᠦᠨ᠂ ᠤᠷᠢᠲᠤ᠂ ᠪᠠᠷᠠᠭᠤᠨ᠂ ᠬᠣᠶᠢᠳᠤ ᠲᠠᠯ᠎ᠠ ᠪᠠᠷ ᠢᠶᠠᠨ ᠲᠤᠰ ᠲᠤᠰ ᠬᠦᠷᠢᠶᠡᠯᠡᠭᠳᠡᠭᠰᠡᠨ ᠪᠥᠭᠡᠳ ᠲᠤᠤᠯᠠᠰᠡᠯᠪᠢ ᠭᠣᠣᠯ ᠤᠳ ᠤᠨ ᠪᠡᠯᠴᠢᠷ ᠬᠥᠨᠳᠡᠶ ᠳᠤ ᠪᠠᠶᠢᠷᠢᠯᠠᠳᠠᠭ᠃ ᠳᠤᠮᠳᠠᠴᠢ ᠪᠠᠷ ᠳᠠᠯᠠᠢ ᠶᠢᠨ ᠲᠦᠪᠰᠢᠨ ᠡᠴᠡ ᠳᠡᠭᠡᠭᠰᠢ 1351 ᠮᠸᠲᠷ ᠥᠨᠳᠥᠷ ᠲᠦ ᠣᠷᠣᠰᠢᠳᠠᠭ᠃ ᠨᠡᠶᠢᠲᠡ 4704.4 ᠺᠦᠸᠠᠳ᠋ ᠺᠢᠯᠣᠮᠧᠲ᠋ᠷ ᠨᠤᠲᠤᠭ ᠲᠠᠢ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠠᠭᠠᠨᠪᠠᠭᠠᠲᠤᠷ ᠬᠣᠲᠠ
ᠠᠭᠤᠷ ᠠᠮᠢᠰᠬᠤᠯ

ᠤᠯᠠᠭᠠᠨᠪᠠᠭᠠᠲᠤᠷ ᠨᠢ ᠮᠠᠰᠢ ᠥᠨᠳᠥᠷ ᠭᠠᠵᠠᠷ ᠲᠤ᠂ ᠬᠠᠷᠢᠴᠠᠩᠭᠤᠢ ᠥᠨᠳᠥᠷ ᠥᠷᠭᠡᠷᠢᠭ ᠲᠦ᠂ ᠶᠠᠮᠠᠷ ᠴᠤ ᠡᠷᠭᠢ ᠡᠴᠡ ᠬᠡᠳᠦᠨ ᠵᠠᠭᠤᠨ ᠺᠢᠯᠣᠮᠧᠲ᠋ᠷ ᠵᠠᠶᠢᠲᠠᠢ ᠣᠷᠣᠰᠢᠳᠠᠭ ᠵᠡᠷᠭᠡ ᠰᠢᠯᠲᠠᠭᠠᠨ ᠠᠴᠠ ᠪᠣᠯᠵᠤ ᠳᠡᠯᠡᠬᠡᠢ ᠶᠢᠨ ᠬᠠᠮᠤᠭ ᠤᠨ ᠬᠦᠢᠲᠡᠨ ᠨᠡᠶᠢᠰᠯᠡᠯ ᠳᠦ ᠲᠣᠭᠠᠴᠠᠭᠳᠠᠳᠠᠭ᠃ ᠵᠢᠯ ᠦᠨ ᠳᠤᠮᠳᠠᠴᠢ ᠲᠣᠯᠠᠭᠠᠨ ᠤ ᠬᠡᠮᠵᠢᠶ᠎ᠡ ᠨᠢ -1.3 °C᠃ ᠪᠣᠭᠣᠨᠢ᠂ ᠳᠤᠯᠠᠭᠠᠨ ᠵᠤᠨ ᠲᠠᠢ ᠪᠥᠭᠡᠳ ᠤᠷᠲᠤ᠂ ᠮᠠᠰᠢ ᠬᠦᠢᠲᠡᠨ᠂ ᠬᠠᠭᠤᠷᠠᠢ ᠡᠪᠦᠯ ᠲᠡᠢ᠃ ᠵᠢᠯ ᠦᠨ ᠳᠤᠮᠳᠠᠴᠢ ᠬᠤᠷ᠎ᠠ ᠲᠤᠨᠤᠳᠠᠰᠤ ᠨᠢ 242.7 ᠮᠢᠯᠢᠮᠧᠲ᠋ᠷ᠂ ᠳᠤᠮᠳᠠᠴᠢ ᠴᠢᠭᠢᠭ ᠤᠨ ᠬᠡᠮᠵᠢᠶ ᠡ ᠨᠢ 69% ᠪᠠᠶᠢᠳᠠᠭ᠃

ᠤᠯᠠᠭᠠᠨᠪᠠᠭᠠᠲᠤᠷ ᠬᠣᠲᠠ ᠶᠢᠨ ᠬᠠᠪᠤᠷ ᠤᠨ ᠤᠯᠠᠷᠢᠯ ᠨᠢ 5 ᠰᠠᠷ᠎ᠠ ᠶᠢᠨ ᠳᠤᠮᠳᠠ ᠬᠦᠷᠲᠡᠯ᠎ᠡ ᠦᠷᠭᠦᠯᠵᠢᠯᠡᠬᠦ ᠪᠥᠭᠡᠳ ᠳᠤᠮᠳᠠᠴᠢ ᠪᠠᠷ 5°C ᠳᠤᠯᠠᠭᠠᠬᠠᠨ ᠡᠳᠦᠷ ᠦᠳ ᠲᠡᠢ ᠡᠴᠡ ᠭᠠᠳᠠᠨ᠎ᠠ ᠪᠠᠰᠠ ᠰᠡᠷᠢᠭᠦᠬᠡᠨ ᠴᠤ ᠡᠳᠦᠷ ᠦᠳ ᠲᠡᠢ᠃ ᠮᠥᠨ ᠭᠡᠨᠡᠳᠲᠡ ᠴᠠᠰᠤᠨ ᠰᠢᠭᠤᠷᠭ᠎ᠠ ᠴᠤ ᠪᠤᠰᠳᠠᠭ᠃ ᠬᠠᠷᠢᠨ ᠵᠤᠨ ᠤ ᠤᠯᠠᠷᠢᠯ ᠨᠢ ᠳᠤᠮᠳᠠᠴᠢ ᠪᠠᠷ 15°C ᠳᠤᠯᠠᠭᠠᠨ᠂ ᠪᠣᠷᠣᠭ᠎ᠠ ᠲᠠᠢ᠂ ᠵᠠᠷᠢᠮ ᠲᠣᠬᠢᠶᠠᠯᠳᠤᠯ ᠳᠤ ᠭᠡᠨᠡᠳᠲᠡ ᠶᠢᠨ ᠮᠥᠨᠳᠥᠷ ᠴᠤ ᠣᠷᠣᠳᠠᠭ᠃

ᠨᠠᠮᠤᠷ ᠤᠨ ᠤᠯᠠᠷᠢᠯ ᠳᠤ ᠨᠠᠷᠠᠯᠠᠭ ᠨᠠᠯᠠᠭᠠᠷ ᠡᠳᠦᠷ ᠦᠳ ᠤᠳᠠᠭᠠᠨ ᠢᠶᠠᠷ ᠦᠷᠭᠦᠯᠵᠢᠯᠡᠳᠡᠭ ᠪᠥᠭᠡᠳ ᠳᠤᠮᠳᠠᠴᠢ ᠳᠤᠯᠠᠭᠠᠨ ᠨᠢ 7 °C᠃ ᠮᠣᠳᠣᠳ ᠤᠨ ᠨᠠᠪᠴᠢᠰ ᠰᠢᠷᠠᠯᠠᠵᠤ᠂ ᠠᠭᠠᠵᠢᠮ ᠢᠶᠠᠷ ᠬᠦᠢᠲᠡᠷᠡᠨ ᠴᠠᠰᠤ ᠠᠭᠠᠵᠢᠮ ᠢᠶᠠᠷ ᠣᠷᠣᠵᠤ ᠡᠬᠢᠯᠡᠳᠡᠭ᠃ ᠤᠯᠠᠩᠬᠢ ᠳᠤ ᠪᠠᠨ ᠤᠯᠠᠭᠠᠨᠪᠠᠭᠠᠲᠤᠷ ᠬᠣᠳᠠ ᠳᠤ ᠮᠠᠰᠢ ᠬᠦᠢᠲᠡᠨ ᠡᠪᠦᠯ ᠪᠣᠯᠳᠠᠭ᠃ ᠳᠤᠮᠳᠠᠴᠢ ᠲᠣᠯᠠᠭᠠᠨ ᠤ ᠬᠡᠮᠵᠢᠶ᠎ᠡ ᠨᠢ -19°C ᠬᠦᠷᠳᠡᠭ᠃ ᠡᠪᠦᠯ ᠬᠡᠳᠦᠢᠢᠪᠡᠷ ᠬᠦᠢᠲᠡᠨ ᠴᠤ ᠶᠠᠮᠠᠷ ᠴᠤ ᠡᠭᠦᠯᠡ ᠦᠭᠡᠢ ᠨᠠᠷᠠᠯᠢᠭ ᠡᠳᠦᠷ ᠦᠳ ᠪᠠᠰᠠ ᠭᠠᠷᠳᠠᠭ᠃

ᠵᠠᠰᠠᠭ ᠵᠠᠬᠢᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠵᠢᠷᠤᠭ
ᠭᠣᠣᠯ ᠥᠭᠦᠯᠡᠯ: ᠳᠡᠭᠦᠷᠭᠡ

ᠤᠯᠠᠭᠠᠨᠪᠠᠭᠠᠲᠤᠷ ᠨᠢ ᠮᠣᠩᠭᠣᠯ ᠤᠯᠤᠰ ᠤᠨ ᠨᠡᠶᠢᠰᠯᠡᠯ ᠪᠥᠭᠡᠳ ᠪᠠᠶᠠᠨᠵᠢᠷᠦᠬᠡᠪᠠᠶᠠᠨᠭᠣᠣᠯᠰᠣᠩᠭᠢᠨᠠᠬᠠᠶᠢᠷᠬᠠᠨᠴᠡᠩᠬᠡᠯᠲᠠᠢᠰᠦᠬᠡᠪᠠᠭᠠᠲᠤᠷᠬᠠᠨ-ᠠᠭᠤᠯᠠᠨᠠᠯᠠᠶᠢᠬᠤᠪᠠᠭᠠᠨᠠᠭᠤᠷᠪᠠᠭᠠᠬᠠᠩᠭᠠᠢ ᠭᠡᠰᠡᠨ ᠨᠡᠶᠢᠲᠡ 9 ᠳᠡᠭᠦᠷᠭᠡ ᠳᠦ ᠬᠤᠪᠢᠶᠠᠭᠳᠠᠳᠠᠭ᠃ ᠳᠡᠭᠦᠷᠭᠡ ᠪᠦᠷᠢ ᠨᠢ ᠬᠣᠷᠢᠶ ᠠ ᠳᠤ ᠬᠤᠪᠢᠶᠠᠭᠳᠠᠨ᠎ᠠ᠃

ᠬᠣᠲᠠ ᠶᠢ 4 ᠵᠢᠯ ᠲᠤᠲᠤᠮ ᠳᠤ ᠬᠣᠲᠠ ᠶᠢᠨ ᠢᠶᠠᠨ ᠨᠡᠶᠢᠲᠡ ᠢᠷᠭᠡᠳ ᠳᠤ ᠰᠣᠩᠭᠣᠭᠳᠠᠳᠠᠭ ᠢᠷᠭᠡᠳ ᠦᠨ ᠲᠥᠯᠥᠭᠡᠯᠡᠭᠴᠢᠳ ᠦᠨ ᠬᠤᠷᠠᠯ ᠡᠴᠡ ᠤᠳᠤᠷᠢᠳᠤᠳᠠᠭ ᠪᠥᠭᠡᠳ ᠢᠷᠭᠡᠳ ᠦᠨ ᠲᠥᠯᠥᠭᠡᠯᠡᠭᠴᠢᠳ ᠦᠨ ᠬᠤᠷᠠᠯ ᠬᠣᠲᠠ ᠶᠢᠨ ᠳᠠᠷᠤᠭ᠎ᠠ ᠶᠢᠨ ᠨᠡᠷ᠎ᠡ ᠶᠢ ᠳᠡᠪᠰᠢᠭᠦᠯᠵᠦ ᠮᠣᠩᠭᠣᠯ ᠤᠯᠤᠰ ᠤᠨ ᠶᠡᠷᠦᠩᠬᠡᠢ ᠰᠠᠶᠢᠳ ᠲᠤ ᠡᠷᠭᠦᠨ ᠪᠠᠷᠢᠳᠠᠭ ᠪᠥᠭᠡᠳ ᠶᠡᠷᠦᠩᠬᠡᠢ ᠰᠠᠶᠢᠳ ᠪᠦᠷᠢᠨ ᠡᠷᠬᠡ ᠶᠢᠨ ᠬᠦᠷᠢᠶᠡᠨ ᠳᠦ ᠬᠣᠲᠠ ᠶᠢᠨ ᠳᠠᠷᠤᠭ᠎ᠠ ᠶᠢ 4 ᠵᠢᠯ ᠦᠨ ᠬᠤᠭᠤᠴᠠᠭ᠎ᠠ ᠲᠠᠢ ᠪᠠᠷᠲᠣᠮᠯᠠᠳᠠᠭ᠃ ᠬᠣᠲᠠ ᠶᠢᠨ ᠳᠠᠷᠤᠭ᠎ᠠ ᠨᠢ ᠤᠯᠠᠭᠠᠨᠪᠠᠭᠠᠲᠤᠷ ᠬᠣᠲᠠ ᠶᠢᠨ ᠨᠡᠶᠢᠲᠡ ᠭᠠᠵᠠᠷ ᠨᠤᠲᠤᠭ ᠲᠤ ᠮᠣᠩᠭᠣᠯ ᠤᠯᠤᠰ ᠤᠨ ᠬᠠᠤᠯᠢ ᠶᠢ ᠬᠡᠷᠡᠭᠵᠢᠭᠦᠯᠳᠡᠭ᠃

ᠤᠯᠠᠭᠠᠨᠪᠠᠭᠠᠲᠤᠷ ᠬᠣᠲᠠ ᠶᠢᠨ ᠳᠡᠭᠦᠷᠭᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠭᠦᠷᠭᠡ ᠨᠢ ᠤᠯᠠᠭᠠᠨᠪᠠᠭᠠᠲᠤᠷ ᠬᠣᠲᠠ ᠶᠢᠨ ᠵᠠᠰᠠᠭ ᠵᠠᠬᠢᠷᠭᠠᠨ ᠤ ᠨᠢᠭᠡᠴᠡ ᠶᠤᠮ᠃ ᠤᠯᠠᠭᠠᠨᠪᠠᠭᠠᠲᠤᠷ ᠬᠣᠲᠠ ᠨᠢ 9 ᠳᠡᠭᠦᠷᠭᠡ ᠲᠡᠢ ᠪᠥᠭᠡᠳ ᠲᠡᠳᠡᠭᠡᠷ ᠨᠢ ᠴᠢᠨᠠᠭᠰᠢ ᠪᠠᠨ ᠬᠣᠷᠢᠶ ᠠ ᠳᠤ ᠬᠤᠪᠢᠶᠠᠭᠳᠠᠨ᠎ᠠ᠃ ᠳᠡᠭᠦᠷᠭᠡ ᠪᠦᠷᠢ ᠨᠢ ᠤᠯᠤᠰ ᠤᠨ ᠶᠡᠬᠡ ᠬᠤᠷᠠᠯ ᠤᠨ ᠰᠣᠩᠭᠣᠭᠤᠯᠢ ᠳᠤ ᠲᠣᠭᠣᠷᠢᠭ ᠪᠣᠯᠳᠠᠭ᠃

ᠤᠯᠠᠭᠠᠨᠪᠠᠭᠠᠲᠤᠷ ᠬᠣᠲᠠ ᠶᠢᠨ ᠳᠡᠭᠦᠷᠭᠡ ᠨᠦᠭᠦᠳ[6]
ᠳᠡᠭᠦᠷᠭᠡ ᠬᠣᠷᠢᠶ᠎ᠠ ᠳᠤ ᠬᠦᠮᠦᠨ ᠠᠮᠠ
2006.01.01
ᠬᠦᠮᠦᠨ ᠠᠮᠠ ᠶᠢᠨ
ᠥᠰᠦᠯᠲᠡ
(%)
ᠬᠦᠮᠦᠨ ᠠᠮᠠ
2007.01.01
ᠬᠦᠮᠦᠨ ᠠᠮᠠ ᠶᠢᠨ
ᠥᠰᠦᠯᠲᠡ
(%)
ᠬᠦᠮᠦᠨ ᠠᠮᠠ
2008.01.01
ᠭᠠᠵᠠᠷ ᠨᠤᠲᠤᠭ
km²
ᠨᠢᠭᠲᠠᠰᠢᠯ
/km²
ᠪᠠᠭᠠᠨᠠᠭᠤᠷ 4 25261 1.9 25731 0.9 25969 620.2 41.9
ᠪᠠᠭᠠᠬᠠᠩᠭᠠᠢ 2 3776 1.4 3827 1.0 3864 140.0 27.6
ᠪᠠᠶᠠᠨᠭᠣᠣᠯ 20 160479 0.2 160818 2.7 165159 29.5 5598.6
ᠪᠠᠶᠠᠨᠵᠢᠷᠦᠬᠡ 20 196132 7.9 211614 4.7 221565 1244.1 178.1
ᠨᠠᠯᠠᠶᠢᠬᠤ 6 26529 2.9 27297 3.1 28152 687.6 40.9
ᠰᠣᠩᠭᠢᠨᠠᠬᠠᠶᠢᠷᠬᠠᠨ 21 204587 3.2 211056 4.4 220295 1200.6 183.5
ᠰᠦᠬᠡᠪᠠᠭᠠᠲᠤᠷ 16 117233 5.0 123041 5.2 129486 208.4 621.3
ᠬᠠᠨ-ᠠᠭᠤᠯᠠ 14 87912 3.4 90925 4.1 94670 484.7 195.3
ᠴᠢᠩᠭᠢᠯ ᠲᠡᠢ 18 130501 1.8 132883 2.4 136014 89.3 1523.1
ᠨᠡᠶᠢᠲᠡ 121 952410 3.7 987192 3.8 1025,174 4704.4 217.9
ᠴᠢᠩᠭᠢᠰ ᠵᠣᠴᠢᠳ ᠪᠠᠭᠤᠳᠠᠯ
ᠪᠸᠯᠦ᠋ ᠰᠸᠺᠠᠢ ᠲᠠᠸᠠ

ᠬᠦᠮᠦᠨ ᠠᠮᠠ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

2012 ᠣᠨ ᠤ 12 ᠰᠠᠷ᠎ᠠ ᠶᠢᠨ 31 ᠍ ᠦ ᠪᠠᠶᠢᠳᠠᠯ ᠢᠶᠠᠷ ᠤᠯᠠᠭᠠᠨᠪᠠᠭᠠᠲᠤᠷ ᠬᠣᠲᠠ ᠶᠢᠨ ᠬᠦᠮᠦᠨ ᠠᠮᠠ ᠨᠢ 1227000 ᠪᠥᠭᠡᠳ ᠨᠢᠭᠲᠠᠰᠢᠯ ᠨᠢ ᠺᠦᠸᠠᠳ᠋ ᠺᠢᠯᠣᠮᠧᠲ᠋ᠷ ᠪᠦᠷᠢ ᠳᠤ 300 ᠬᠦᠮᠦᠨ ᠪᠠᠶᠢᠵᠠᠢ᠃

ᠨᠡᠶᠢᠲᠡ ᠬᠣᠲᠠ ᠶᠢᠨ ᠬᠦᠮᠦᠨ ᠠᠮᠠ ᠶᠢᠨ 67% ᠍ ᠢ 35 ᠍ ᠠᠴᠠ ᠳᠣᠭᠣᠭᠰᠢ ᠨᠠᠰᠤᠨ ᠤ ᠵᠠᠯᠠᠭᠤᠴᠤᠳ ᠡᠵᠡᠯᠡᠳᠡᠭ ᠪᠥᠭᠡᠳ ᠡᠭᠦᠨ ᠡᠴᠡ 30% ᠨᠢ 16 ᠍ ᠠᠴᠠ ᠳᠣᠭᠣᠭᠰᠢ ᠨᠠᠰᠤᠨ ᠤ ᠬᠡᠦᠬᠡᠳ ᠦᠳ ᠪᠠᠶᠢᠨ᠎ᠠ᠃

ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠠᠨ ᠤᠯᠤᠰ ᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠠᠭᠠᠨᠪᠠᠭᠠᠲᠤᠷ ᠲᠤ ᠬᠣᠲᠠ ᠶᠢᠨ ᠪᠠᠷᠠᠭᠤᠨ ᠡᠮᠦᠨᠡᠲᠦ ᠬᠡᠰᠡᠭ ᠲᠦ᠂ 18 ᠺᠢᠯᠣᠮᠧᠲ᠋ᠷ ᠵᠠᠢ ᠳᠤ ᠤᠷᠤᠰᠢᠬᠤ ᠴᠢᠩᠭᠢᠰ ᠬᠠᠭᠠᠨ ᠣᠯᠠᠨ ᠤᠯᠤᠰ ᠤᠨ ᠨᠢᠰᠬᠦ ᠪᠠᠭᠤᠳᠠᠯ ᠪᠠᠶᠢᠷᠢᠯᠠᠳᠠᠭ᠃ᠡᠨᠡ ᠨᠢᠰᠬᠦ ᠪᠠᠭᠤᠳᠠᠯ ᠠᠴᠠ ᠦᠨᠳᠦᠰᠦᠨ ᠦ ᠲᠡᠭᠡᠭᠡᠪᠦᠷᠢᠯᠡᠭᠴᠢ ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ ᠲᠥᠷᠥ ᠶᠢᠨ ᠥᠮᠴᠢᠯᠡᠯᠲᠤ ᠺᠣᠮᠫᠠᠨᠢ ᠨᠢ ᠲᠣᠤᠺᠢᠣ᠋ᠰᠤᠤᠯᠪᠧᠷᠯᠢᠨᠮᠣᠰᠺᠸᠠᠡᠷᠡᠬᠦᠦᠪᠡᠭᠡᠵᠢᠩᠰᠢᠶᠠᠩᠭᠠᠩ ᠵᠡᠷᠭᠡ ᠬᠣᠲᠠ ᠨᠤᠭᠤᠳ ᠤᠷᠤᠭᠤ ᠨᠢᠰᠦᠯᠭᠡ ᠦᠢᠯᠡᠳᠳᠡᠭ᠃ ᠮᠥᠨ ᠭᠠᠳᠠᠭᠠᠳᠤ ᠲᠠᠢ ᠮᠣᠩᠭᠣᠯ ᠤᠨ ᠲᠡᠮᠦᠷ ᠵᠠᠮ ᠢᠶᠠᠷ ᠲᠷᠠᠨᠰ-ᠰᠢᠪᠸᠷᠢᠶ ᠠ ᠶᠢᠨ ᠲᠡᠮᠦᠷ ᠵᠠᠮᠳᠤᠮᠳᠠᠳᠤ ᠤᠯᠤᠰ ᠤᠨ ᠲᠡᠮᠦᠷ ᠵᠠᠮ ᠍ ᠤᠨ ᠰᠦᠯᠵᠢᠶ᠎ᠡ ᠲᠡᠢ ᠬᠣᠯᠪᠣᠭᠳᠠᠳᠠᠭ᠃

ᠬᠣᠲᠠ ᠳᠣᠲᠣᠷ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠠᠭᠠᠨᠪᠠᠭᠠᠲᠤᠷ ᠬᠣᠲᠠ ᠶᠢᠨ ᠳᠣᠲᠣᠷᠠᠬᠢ ᠲᠡᠭᠡᠭᠡᠪᠦᠷᠢ ᠶᠢᠨ ᠦᠢᠯᠡᠴᠢᠯᠡᠭᠡ ᠶᠢ ᠨᠡᠶᠢᠰᠯᠡᠯ ᠦᠨ ᠨᠡᠶᠢᠲᠡ ᠶᠢᠨ ᠲᠡᠭᠡᠭᠡᠪᠦᠷᠢ ᠶᠢᠨ ᠭᠠᠵᠠᠷ ᠤᠳᠤᠷᠢᠳᠤᠨ ᠵᠣᠬᠢᠶᠠᠨ ᠪᠠᠶᠢᠭᠤᠯᠳᠠᠭ ᠪᠠ ᠨᠡᠶᠢᠲᠡ ᠶᠢᠨ ᠲᠡᠭᠡᠭᠡᠪᠦᠷᠢ ᠶᠢᠨ ᠦᠢᠯᠡᠴᠢᠯᠡᠭᠡ ᠨᠢ ᠦᠨᠳᠦᠰᠦᠨ᠂ ᠲᠤᠰᠯᠠᠬᠤ᠂ ᠪᠤᠤᠬᠢᠶ᠎ᠠ᠂ ᠬᠣᠲᠠ ᠣᠷᠴᠢᠮ ᠤᠨ ᠲᠦᠷᠢᠶᠡᠰᠦᠨ ᠮᠠᠰᠢᠨ (ᠲᠠᠺᠰᠢ) ᠭᠡᠰᠡᠨ ᠠᠩᠬᠢᠯᠠᠯ ᠢᠶᠠᠷ ᠵᠣᠬᠢᠶᠠᠨ ᠪᠠᠶᠢᠭᠤᠯᠤᠭᠳᠠᠳᠠᠭ᠃ ᠦᠢᠯᠡᠴᠢᠯᠡᠭᠡᠨ ᠳᠦ ᠲᠷᠣᠯᠯᠧᠢᠪᠦ᠋ᠰ(ᠴᠠᠬᠢᠯᠭᠠᠨ ᠲᠡᠷᠭᠡ)᠂ ᠠᠦ᠋ᠲ᠋ᠣᠪᠦ᠋ᠰ(ᠨᠡᠶᠢᠲᠡ ᠶᠢᠨ ᠮᠠᠰᠢᠨ)᠂ ᠮᠢᠺᠷᠣᠪᠦ᠋ᠰ(ᠵᠢᠵᠢᠭ ᠨᠡᠶᠢᠲᠡ ᠶᠢᠨ ᠮᠠᠰᠢᠨ)᠂ ᠲᠠᠺᠰᠢ(ᠳᠦᠷᠢᠶᠡᠰᠦᠨ ᠮᠠᠰᠢᠨ) ᠵᠡᠷᠭᠡ ᠤᠳ ᠦᠢᠯᠡᠴᠢᠯᠡᠳᠡᠭ᠃

ᠬᠣᠯᠪᠣᠭ᠎ᠠ ᠰᠢᠤᠳᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠪ ᠰᠢᠤᠳᠠᠨ ᠤ ᠦᠢᠯᠡᠴᠢᠯᠡᠭᠡ

ᠤᠯᠠᠭᠠᠨᠪᠠᠭᠠᠲᠤᠷ ᠬᠣᠳᠠ ᠳᠤ ᠠᠩᠬ᠎ᠠ 1919 ᠣᠨ ᠳᠤ ᠲᠧᠯᠧᠭᠷᠠᠹ (电报) ᠬᠣᠯᠪᠣᠭ᠎ᠠ ᠪᠠᠶᠢᠭᠤᠯᠤᠭᠳᠠᠵᠤ ᠣᠯᠠᠨ ᠤᠯᠤᠰ ᠤᠨ ᠲᠧᠯᠧᠭᠷᠠᠹ ᠤᠨ ᠰᠦᠯᠵᠢᠶᠡᠨ ᠳᠦ ᠣᠷᠣᠭᠰᠠᠨ ᠪᠢᠯᠡ᠃ ᠲᠡᠭᠦᠨ ᠡᠴᠡ ᠡᠮᠦᠨ᠎ᠡ ᠡᠩ ᠦᠨ ᠴᠠᠭᠠᠰᠤᠨ ᠬᠡᠯᠪᠡᠷᠢ ᠶᠢᠨ ᠰᠢᠤᠳᠠᠨ ᠬᠣᠯᠪᠣᠭ᠎ᠠ ᠠᠵᠢᠯᠯᠠᠵᠤ ᠪᠠᠶᠢᠪᠠ᠃ 1924 ᠣᠨ ᠳᠤ ᠮᠣᠩᠭᠣᠯ ᠤᠨ ᠴᠠᠬᠢᠯᠭᠠᠨ ᠬᠣᠯᠪᠣᠭᠠᠨ ᠤ ᠭᠠᠵᠠᠷ ᠡᠭᠦᠰᠦᠨ ᠪᠠᠶᠢᠭᠤᠯᠤᠭᠳᠠᠵᠤ ᠪᠦᠬᠦ ᠰᠢᠤᠳᠠᠨ ᠬᠠᠷᠢᠯᠴᠠᠭ᠎ᠠ ᠶᠢ ᠤᠳᠤᠷᠢᠳᠥᠵᠤ ᠨᠢᠭᠡᠳᠬᠡᠭᠰᠡᠨ ᠪᠠᠶᠢᠨ᠎ᠠ᠃ 1995 ᠣᠨ ᠳᠤ ᠠᠩᠬᠠᠨ ᠤ ᠢᠨᠲ᠋ᠧᠷᠨᠡᠲ ᠬᠠᠷᠢᠯᠴᠠᠭᠠᠨ ᠤ ᠮᠡᠳᠡᠭᠡᠯᠡᠯ ᠬᠠᠷᠢᠯᠴᠠᠭ᠎ ᠠ ᠬᠤᠯᠪᠤᠭᠠᠨ ᠤ ᠬᠢᠵᠠᠭᠠᠷᠲᠤ ᠺᠤᠮᠫᠠᠨᠢ ᠶᠢᠨ ᠦᠢᠯᠡᠴᠢᠯᠡᠭᠡ ᠪᠡᠷ ᠢᠷᠭᠡᠳ ᠦᠨ ᠢᠨᠲ᠋ᠧᠷᠨᠡᠲ ᠬᠠᠷᠢᠯᠴᠠᠭᠠᠨ ᠤ ᠡᠬᠢᠯᠡᠯ ᠲᠠᠯᠪᠢᠭᠳᠠᠭᠰᠠᠨ ᠶᠤᠮ᠃ ᠣᠳᠣᠬᠠᠨ ᠳᠤ ᠤᠯᠠᠭᠠᠨᠪᠠᠭᠠᠲᠤᠷ ᠲᠤ ᠮᠣᠩᠭᠣᠯ ᠤᠨ ᠴᠠᠬᠢᠯᠭᠠᠨ ᠱᠤᠭᠤᠮ ᠤᠨ ᠬᠣᠯᠪᠣᠭᠠᠨ ᠤ ᠦᠢᠯᠡᠴᠢᠯᠡᠭᠡ᠂ ᠡᠭᠦᠷ ᠦᠨ ᠤᠲᠠᠰᠤᠨ ᠤ ᠦᠢᠯᠡᠴᠢᠯᠡᠭᠡ ᠪᠤᠯᠤᠨ ᠮᠣᠩᠭᠣᠯ ᠰᠢᠤᠳᠠᠨ ᠺᠣᠮᠫᠠᠨᠢ ᠡᠩ ᠦᠨ ᠰᠢᠤᠳᠠᠨ ᠤ ᠦᠢᠯᠡᠴᠢᠯᠡᠭᠡ ᠨᠤᠭᠤᠳ ᠢ ᠂ 80 ᠭᠠᠷᠤᠢ ᠢᠨᠲ᠋ᠧᠷᠨᠡᠲ ᠬᠣᠯᠪᠣᠯᠲᠠ ᠶᠢᠨ ᠺᠣᠮᠫᠠᠨᠢ ᠨᠤᠭᠤᠳ ᠪᠠ 4 ᠡᠭᠦᠷ ᠦᠨ ᠤᠲᠠᠰᠤᠨ ᠤ ᠬᠤᠪᠢ ᠤᠨ ᠺᠣᠮᠫᠠᠨᠢ ᠨᠤᠭᠤᠳ ᠲᠤᠰ ᠲᠤᠰ ᠬᠠᠷᠢᠭᠤᠴᠠᠵᠤ ᠪᠠᠶᠢᠨ᠎ᠠ᠃

ᠰᠢᠨᠵᠢᠯᠡᠬᠦ ᠤᠬᠠᠭᠠᠨ ᠲᠧᠭᠨᠣᠯᠣᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠴᠢᠨ ᠦᠶ᠎ᠡ ᠳᠦ ᠬᠤᠪᠢ ᠤᠨ ᠺᠣᠮᠫᠠᠨᠢ ᠨᠤᠭᠤᠳ ᠪᠠ ᠶᠡᠬᠡ ᠰᠤᠷᠭᠠᠭᠤᠯᠢ ᠨᠤᠭᠤᠳ ᠤᠯᠠᠭᠠᠨᠪᠠᠭᠠᠲᠤᠷ ᠲᠤ ᠥᠪᠡᠷᠰᠡᠳ ᠦᠨ ᠪᠠ ᠭᠠᠳᠠᠨ᠎ᠠ ᠶᠢᠨ ᠳᠡᠮᠵᠢᠯᠭᠡ ᠲᠡᠢ ᠰᠤᠳᠤᠯᠭ᠎ᠠ ᠲᠤᠷᠰᠢᠯᠲᠠ ᠨᠤᠭᠤᠳ ᠢ ᠡᠷᠴᠢᠮᠲᠡᠢ ᠬᠥᠭᠵᠢᠭᠦᠯᠵᠦ ᠭᠠᠳᠠᠭᠠᠳᠤ ᠡᠴᠡ ᠤᠷᠤᠭᠤᠯᠬᠤ ᠶᠢ ᠤᠷᠤᠯᠠᠬᠤ ᠪᠦᠲᠦᠭᠡᠭᠳᠡᠬᠦᠨ ᠦᠢᠯᠡᠳᠪᠦᠷᠢᠯᠡᠯ ᠢ ᠡᠷᠴᠢᠮᠲᠡᠢ ᠬᠥᠭᠵᠢᠭᠦᠯᠵᠦ ᠪᠠᠶᠢᠨ᠎ᠠ᠃ ᠨᠠᠷᠠᠨ ᠤ ᠵᠠᠢ ᠶᠢᠨ ᠰᠢᠨ᠎ᠡ ᠲᠧᠭᠨᠣᠯᠣᠭᠢ ᠶᠢᠨ ᠦᠢᠯᠡᠳᠪᠦᠷᠢ᠂ ᠴᠠᠬᠢᠯᠭᠠᠨ ᠦᠷᠲᠦᠭᠡ ᠶᠢᠨ ᠰᠢᠰᠲ᠋ᠧᠮ ᠦᠨ ᠤᠳᠤᠷᠢᠳᠤᠯᠭ᠎ᠠ ᠶᠢ ᠳᠣᠲᠣᠭᠠᠳᠤ ᠳᠤ ᠪᠠᠨ ᠪᠦᠷᠢᠨ ᠪᠦᠲᠦᠭᠡᠬᠦ ᠠᠵᠢᠯ ᠤᠳ 2011-2013 ᠣᠨ ᠨᠤᠭᠤᠳ ᠲᠤ ᠬᠤᠪᠢ ᠤᠨ ᠺᠣᠮᠫᠠᠨᠢ ᠨᠤᠭᠤᠳ ᠤᠨ ᠣᠷᠣᠯᠴᠠᠭ᠎ᠠ ᠲᠠᠢ ᠪᠠᠷ ᠠᠮᠵᠢᠯᠲᠠ ᠲᠠᠢ ᠬᠢᠭᠳᠡᠵᠦ ᠮᠣᠩᠭᠣᠯ ᠤᠨ ᠰᠢᠨᠵᠢᠯᠡᠬᠦ ᠤᠬᠠᠭᠠᠨ ᠲᠧᠭᠨᠣᠯᠣᠭᠢ ᠶᠢᠨ ᠬᠥᠭᠵᠢᠯ ᠢ ᠳᠡᠯᠡᠬᠡᠢ ᠶᠢᠨ ᠲᠦᠪᠰᠢᠨ ᠳᠦ ᠣᠶᠢᠷᠠᠲᠤᠭᠤᠯᠤᠭᠰᠠᠨ ᠠᠯᠬᠤᠮ ᠤᠳ ᠶᠠᠪᠤᠭᠳᠠᠵᠤ ᠪᠠᠶᠢᠨ᠎ᠠ᠃ ᠤᠯᠠᠭᠠᠨᠪᠠᠭᠠᠲᠤᠷ ᠳ᠋ᠠᠬᠢ 90 ᠣᠷᠴᠢᠮ ᠶᠡᠬᠡ ᠳᠡᠭᠡᠳᠦ ᠰᠤᠷᠭᠠᠭᠤᠯᠢ ᠨᠤᠭᠤᠳ ᠨᠢ ᠰᠤᠳᠤᠯᠭ᠎ᠠ ᠰᠢᠨᠵᠢᠯᠡᠭᠡ ᠶᠢ ᠬᠥᠭᠵᠢᠭᠦᠯᠬᠦ ᠨᠡᠶᠢᠭᠡᠮ ᠡᠳ᠋ ᠍ ᠦᠨ ᠵᠠᠰᠠᠭ ᠤᠨ ᠳᠡᠪᠰᠢᠯ ᠢ ᠬᠠᠩᠭᠠᠬᠤ ᠭᠣᠣᠯ ᠲᠦᠰᠢᠴᠡ ᠪᠣᠯᠵᠤ ᠲᠥᠰᠥᠯ ᠬᠥᠭᠵᠢᠭᠦᠯᠦᠯᠲᠡ ᠶᠢᠨ ᠠᠵᠢᠯ ᠤᠳ ᠬᠢᠭᠳᠡᠵᠦ ᠪᠠᠶᠢᠨ᠎ᠠ᠃ 2013 ᠣᠨ ᠠᠴᠠ ᠠᠵᠢᠯᠯᠠᠭᠠᠨ ᠤ ᠰᠢᠰᠲ᠋ᠧᠮ ᠦᠨ ᠦᠢᠯᠡᠳᠪᠦᠷᠢᠯᠡᠯ ᠦᠨ ᠡᠬᠢᠨ ᠦ ᠰᠠᠭᠤᠷᠢ ᠤᠯᠠᠭᠠᠨᠪᠠᠭᠠᠲᠤᠷ ᠳ᠋ᠠᠬᠢ ᠮᠡᠳᠡᠭᠡᠯᠡᠯ ᠦᠨ ᠲᠧᠭᠨᠣᠯᠣᠭᠢ ᠶᠢᠨ ᠰᠠᠯᠪᠤᠷᠢ ᠳᠤ ᠲᠠᠯᠪᠢᠭᠳᠠᠯ᠎ᠠ᠃

ᠰᠤᠶᠤᠯ ᠤᠷᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠦᠨᠳᠦᠰᠦᠨ ᠦ ᠲᠥᠪ ᠦᠵᠡᠰᠭᠦᠯᠡᠩ ᠤᠨ ᠤᠷᠳᠤᠨ

ᠤᠯᠠᠭᠠᠨᠪᠠᠭᠠᠲᠤᠷ ᠬᠣᠳᠠ ᠳᠤ ᠰᠤᠶᠤᠯ ᠤᠷᠠᠯᠢᠭ ᠤᠨ ᠰᠢᠨ᠎ᠡ ᠬᠠᠨᠳᠤᠯᠭ᠎ᠠ ᠨᠤᠭᠤᠳ ᠦᠨᠳᠦᠰᠦᠨ ᠦ ᠤᠯᠠᠮᠵᠢᠯᠠᠯ ᠤᠨ ᠨᠥᠯᠥᠭᠡ ᠪᠡᠷ ᠧᠦ᠋ᠷᠣᠫᠠ ᠍ ᠤᠨ ᠰᠤᠶᠤᠯ ᠤᠷᠠᠯᠢᠭ ᠲᠠᠢ ᠥᠪᠡᠷᠮᠢᠴᠡ ᠪᠡᠷ ᠬᠣᠣᠰᠯᠠᠨ ᠬᠥᠭᠵᠢᠵᠦ ᠪᠠᠶᠢᠨ᠎ᠠ᠃ ᠳᠠᠭᠤᠤ ᠬᠥᠭᠵᠢᠮᠳᠠᠷᠤᠮ᠎ᠠᠪᠠᠯᠧᠲ ᠶᠢᠨ ᠣᠯᠠᠨ ᠠᠷᠪᠠᠨ ᠵᠢᠯ ᠦᠨ ᠥᠪᠡᠷᠮᠢᠴᠡ ᠬᠣᠣᠰᠯᠠᠭᠰᠠᠨ ᠬᠥᠭᠵᠢᠯ ᠪᠠ ᠦᠨᠳᠦᠰᠦᠨ ᠦ ᠭᠠᠷ ᠤᠷᠠᠯᠠᠯ ᠤᠨ ᠣᠯᠠᠨ ᠵᠠᠭᠤᠨ ᠵᠢᠯ ᠦᠨ ᠤᠷ᠎ᠠ ᠤᠬᠠᠭᠠᠨ ᠤ ᠪᠠᠶᠠᠯᠢᠭ ᠥᠪ ᠰᠠᠩ ᠡᠨᠡ ᠬᠣᠳᠠ ᠳᠤ ᠲᠥᠪᠯᠡᠷᠡᠳᠡᠭ᠃ ᠣᠳᠣ ᠪᠠᠷ ᠤᠯᠠᠭᠠᠨᠪᠠᠭᠠᠲᠤᠷ ᠬᠣᠳᠠ ᠳᠤ 70 ᠭᠠᠷᠤᠢ ᠰᠤᠶᠤᠯ ᠤᠷᠠᠯᠢᠭ ᠤᠨ ᠪᠠᠶᠢᠭᠤᠯᠤᠯᠭ᠎ᠠ ᠣᠯᠠᠨ ᠨᠡᠶᠢᠲᠡ ᠳᠦ ᠦᠢᠯᠡᠴᠢᠯᠡᠵᠦ ᠪᠠᠶᠢᠨ᠎ᠠ᠃

ᠳᠡᠯᠭᠡᠮᠡᠯ ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
Улаанбаатар хотын өмнө зүгт орших Зайсан толгой дээрээс: Зайсан толгойн баруун талд ХААИС, Туул гол тодхон харагдана, 2005 он
Дөрвөн жилийн дараа харьцуулалт хийж үзвэл ХААИС болон Туул гол нь бараг ялгарч харагдахгүй болж, 2009 он

ᠦᠢᠯᠡᠳᠪᠦᠷᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠬᠣᠲᠠ ᠶᠢᠨ ᠨᠢᠭᠡ ᠣᠨᠴᠠᠯᠢᠭ ᠨᠢ ᠦᠨᠳᠦᠰᠦᠨ ᠦ ᠬᠠᠮᠤᠭ ᠤᠨ ᠶᠡᠬᠡ ᠦᠢᠯᠡᠳᠪᠦᠷᠢᠯᠡᠯ ᠦᠢᠯᠡᠴᠢᠯᠡᠭᠡ ᠲᠥᠪᠯᠡᠷᠡᠭᠰᠡᠨ ᠪᠥᠰᠡ ᠪᠣᠯᠳᠠᠭ ᠪᠥᠭᠡᠳ ᠣᠳᠣ ᠪᠠᠷ 40000 ᠣᠷᠴᠢᠮ ᠲᠣᠮᠣ ᠵᠢᠵᠢᠭ ᠺᠣᠮᠫᠠᠨᠢ ᠨᠤᠭᠤᠳ ᠮᠣᠩᠭᠣᠯ ᠤᠯᠤᠰ ᠤᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠤ 46% ᠍ ᠶᠢ ᠦᠢᠯᠡᠳᠪᠦᠷᠢᠯᠡᠵᠦ ᠪᠠᠶᠢᠨ᠎ᠠ᠃

ᠠᠶᠠᠯᠠᠯ ᠵᠢᠭᠤᠯᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠶᠢᠵᠣᠩ ᠯᠠᠮ᠎ᠠ ᠶᠢᠨ ᠰᠦᠮ᠎ᠡ ᠮᠦᠽᠧᠢ
ᠭᠠᠨᠳᠠᠩᠳᠦᠭᠴᠢᠩᠯᠢᠩ ᠬᠡᠶᠢᠳ ᠨᠢ ᠵᠢᠭᠤᠯᠴᠢᠳ ᠤᠨ ᠬᠥᠯ ᠲᠠᠰᠤᠷᠠᠳᠠᠭ ᠦᠭᠡᠢ ᠭᠠᠵᠠᠷ

ᠤᠯᠠᠭᠠᠨᠪᠠᠭᠠᠲᠤᠷ ᠬᠣᠳᠠ ᠳᠤ ᠳᠡᠯᠡᠬᠡᠢ ᠳᠦ ᠬᠣᠣᠰ ᠦᠭᠡᠢ ᠦᠨᠡᠲᠦ ᠦᠵᠡᠮᠦᠷᠢ ᠲᠡᠢ ᠮᠦᠽᠧᠢ ᠨᠤᠭᠤᠳ᠂ ᠪᠤᠳ᠋ᠳ᠋ᠾᠠ ᠶᠢᠨ ᠰᠤᠶᠤᠯ ᠤᠨ ᠭᠠᠵᠠᠷ ᠤᠳᠬᠣᠲᠠ ᠶᠢᠨ ᠲᠥᠪ ᠲᠠᠯᠠᠪᠠᠢ ᠪᠣᠯᠤᠨ ᠬᠣᠲᠠ ᠶᠢᠨ ᠣᠶᠢᠷ᠎ᠠ ᠣᠷᠴᠢᠮ ᠤᠨ ᠠᠶᠠᠯᠠᠯ ᠵᠤᠭᠠᠯᠠᠭ᠎ᠠ ᠶᠢᠨ ᠭᠠᠵᠠᠷ ᠤᠳ ᠲᠠᠢ᠃ ᠰᠡᠭᠦᠯ ᠦᠨ ᠦᠶ᠎ᠡ ᠳᠦ ᠣᠯᠠᠨ ᠦᠨᠳᠦᠰᠦᠲᠡᠨ ᠦ ᠠᠮᠲᠠᠲᠤ ᠬᠣᠭᠣᠯᠠ ᠪᠠᠷ ᠦᠢᠯᠡᠴᠢᠯᠡᠳᠡᠭ ᠬᠤᠭᠤᠯᠠᠨ ᠭᠡᠷ ᠨᠤᠭᠤᠳ ᠣᠯᠠᠨ ᠢᠶᠠᠷ ᠨᠡᠭᠡᠭᠡᠭᠳᠡᠭᠰᠡᠨ ᠶᠤᠮ᠃ ᠮᠥᠨ ᠵᠢᠭᠤᠯᠴᠢᠨ ᠤ ᠪᠠᠶᠢᠭᠤᠯᠤᠯᠭ᠎ᠠ ᠨᠤᠭᠤᠳ ᠬᠣᠲᠠ ᠶᠢᠨ ᠠᠶᠠᠯᠠᠯ ᠤᠨ ᠬᠥᠲᠥᠯᠪᠦᠷᠢ ᠳᠦ ᠪᠦᠲᠦᠭᠡᠯᠴᠢ ᠪᠡᠷ ᠠᠩᠬᠠᠷᠴᠤ ᠪᠠᠶᠢᠭ᠎ᠠ ᠨᠢ ᠤᠯᠠᠭᠠᠨᠪᠠᠭᠠᠲᠤᠷ ᠬᠣᠳᠠ ᠳᠤ ᠰᠣᠨᠢᠷᠬᠠᠯᠲᠠᠢ ᠠᠶᠠᠯᠠᠯ ᠬᠢᠬᠦ ᠪᠣᠯᠤᠮᠵᠢ ᠶᠢ ᠤᠯᠠᠮ ᠰᠠᠶᠢᠵᠢᠷᠠᠭᠤᠯᠵᠤ ᠪᠠᠶᠢᠨ᠎ᠠ᠃

ᠠᠬ᠎ᠠ ᠳᠡᠭᠦᠦ ᠬᠣᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

2012 ᠣᠨ ᠤ 11 ᠰᠠᠷ᠎ᠠ ᠶᠢᠨ 13 ᠍ ᠤ ᠪᠠᠶᠢᠳᠠᠯ ᠢᠶᠠᠷ:[7]

ᠠᠯᠳᠠᠷᠲᠠᠢ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠲᠥᠷᠥ᠂ ᠨᠡᠶᠢᠭᠡᠮ ᠤᠨ ᠵᠢᠳᠬᠦᠯᠲᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠫᠣᠷᠲ ᠤᠨ ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠯᠢᠭ ᠤᠨ ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠴᠠᠨᠳᠤ ᠶᠢᠨ ᠪᠠᠲᠤᠴᠢᠯᠠᠭᠤᠨ᠂ ᠨᠡᠷᠡᠲᠦ ᠬᠥᠭᠵᠢᠮ ᠦᠨ ᠤᠳᠤᠷᠢᠳᠤᠭᠠᠴᠢ᠂ МУАЖ᠂ "ᠮᠣᠷᠢᠨ ᠬᠤᠭᠤᠷ" ᠴᠢᠭᠤᠯᠭ᠎ᠠ ᠶᠢᠨ ᠳᠠᠷᠤᠭ᠎ᠠ ᠪᠠᠷ ᠠᠵᠢᠯᠯᠠᠵᠤ ᠪᠠᠶᠢᠪᠠ᠃

ᠳᠠᠭᠤᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠭᠵᠢᠮ ᠦᠨ ᠵᠣᠬᠢᠶᠠᠯᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠯᠤᠪᠰᠠᠩᠵᠠᠮᠪᠠ ᠶᠢᠨ ᠮᠥᠩᠬᠡᠳᠣᠷᠵᠢ
 • ᠪ᠃ᠳᠣᠯᠭᠢᠶᠠᠨ᠂ ᠬᠥᠭᠵᠢᠮ ᠦᠨ ᠵᠣᠬᠢᠶᠠᠯᠴᠢ᠂ ᠰᠤᠶᠤᠯ ᠤᠨ ᠭᠠᠪᠢᠶᠠᠲᠤ ᠵᠢᠳᠬᠦᠯᠲᠡᠨ
 • ᠪ᠃ᠠᠩᠭᠢᠷᠠᠮ ᠢᠶᠠᠨ᠂ ᠬᠥᠭᠵᠢᠮ ᠦᠨ ᠵᠣᠬᠢᠶᠠᠯᠴᠢ᠂ ᠫᠷᠣᠳᠢᠶᠦ᠋ᠰᠰᠧᠷ

ᠵᠦᠵᠦᠭᠡᠴᠢᠳ᠂ ᠨᠠᠶᠢᠷᠠᠭᠤᠯᠤᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]


ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢ ᠦᠨᠳᠦᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠪᠠᠨ ᠶᠣᠰᠣᠨ ᠤ
ᠪᠤᠰᠤᠳ
Commons
Викимедиа дуу дүрсний сан: ᠤᠯᠠᠭᠠᠨᠪᠠᠭᠠᠲᠤᠷ ᠬᠣᠲᠠ

ᠰᠥᠨᠢ ᠶᠢᠨ ᠨᠡᠶᠢᠰᠯᠡᠯ ᠤᠯᠠᠭᠠᠨᠪᠠᠭᠠᠲᠤᠷ ᠬᠣᠲᠠ ᠶᠢᠨ ᠬᠠᠷᠠᠭᠤᠯᠤᠭᠰᠠᠨ ᠸᠢᠳᠢᠣ᠋ ᠪᠢᠴᠢᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠳᠡ ᠳᠠᠷᠤᠵᠤ ᠦᠵᠡᠨ᠎ᠡ ᠦᠦ
 1. ᠬᠦᠮᠦᠨ ᠠᠮᠠ᠂ ᠣᠷᠣᠨ ᠰᠠᠭᠤᠴᠠᠨ ᠤ 2010 ᠣᠨ ᠤ ᠤᠯᠤᠰ ᠤᠨ ᠲᠣᠭᠠᠯᠠᠯᠭ᠎ᠠ᠃ ᠨᠢᠭᠡᠳᠦᠭᠰᠡᠨ ᠳᠦᠩ
 2. ᠮᠣᠩᠭᠣᠯ ᠤᠯᠤᠰ ᠤᠨ ᠬᠦᠮᠦᠨ ᠠᠮᠠ ᠶᠢᠨ ᠲᠣᠭ᠎ᠠ᠂ ᠠᠶᠢᠮᠠᠭ᠂ ᠨᠡᠶᠢᠰᠯᠡᠯ᠂ 2010 ᠣᠨ ᠤ ᠲᠣᠭᠠᠯᠠᠯᠭ᠎ᠠ ᠶᠢᠨ ᠳᠦᠩᠭᠡ ᠪᠡᠷ
 3. ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ᠄ name ᠶ᠋ᠢᠨ ᠴᠢᠨᠠᠷ ᠨᠢ .E1.A0.AC.E1.A0.A6.E1.A0.AE.E1.A0.A6.E1.A0.A8.E1.A0.A0.E1.A0.AE ᠪᠤᠯᠬᠤ ᠣᠷᠤᠯᠪᠤᠷᠢ ᠋ᠳ᠋ᠥ ᠦᠰᠦᠭ ᠬᠠᠨᠭᠭᠠᠭᠰᠠᠨ ᠦᠭᠡᠢ
 4. МОНГОЛ УЛСЫН НИЙСЛЭЛ УЛААНБААТАР ХОТЫН ТҮҮХ
 5. ᠣᠷᠢᠭᠣ᠃ᠮᠨ ᠰᠠᠶᠢᠲᠤ ᠶᠢᠨ ᠮᠡᠳᠡᠭᠡᠯᠡᠯ: ᠥᠷᠭᠥᠭᠡ-ᠤᠯᠠᠭᠠᠨᠪᠠᠭᠠᠲᠤᠷ ᠬᠣᠲᠠ
 6. ᠤᠯᠠᠭᠠᠨᠪᠠᠭᠠᠲᠤᠷ ᠬᠣᠲᠠ ᠶᠢᠨ ᠰᠲ᠋ᠠᠲ᠋ᠢᠰᠲ᠋ᠢᠭ ᠤᠨ ᠭᠠᠵᠠᠷ᠂ stat2701.pdf pop2006.01.01.pdf
 7. ᠠᠬ᠎ᠠ(ᠡᠭᠡᠴᠢ) ᠳᠡᠭᠦᠦ ᠶᠢᠨ ᠬᠠᠷᠢᠯᠴᠠᠭ᠎ᠠ ᠳᠤ ᠬᠣᠲᠠ ᠨᠤᠭᠤᠳ

ᠪᠢᠴᠢᠭᠡᠰᠦ