ᠤᠢᠢᠯ ᠳᠤ ᠴᠧᠮᠪᠧᠷᠯᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Wilt Chamberlain2.jpg

ᠤᠢᠢᠯ ᠳᠤ ᠴᠧᠮᠪᠧᠷᠯᠡᠨ (ᠠᠩᠭᠯᠢ ᠪᠠᠷ Wilt Chamberlain, ᠪᠦᠲᠦᠨ ᠨᠡᠷ᠎ᠡ ᠨᠢ Wilton Norman Chamberlain, 1936 ᠣᠨ ᠤ 8 ᠰᠠᠷ᠎ᠠ ᠶᠢᠨ 21 - 1999 ᠣᠨ ᠤ 10 ᠰᠠᠷ᠎ᠠ ᠶᠢᠨ 12) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠰᠠᠭᠰᠤᠨ ᠪᠥᠮᠪᠥᠭᠡᠴᠤ᠃ 1960 ᠍ ᠊ᠭᠠᠳ ᠣᠨ ᠠᠴᠠ 1970 ᠍ ᠊ᠭᠠᠳ ᠣᠨ ᠳᠤ NBA ᠍ ᠳᠦ ᠲᠣᠭᠯᠠᠵᠤ ᠪᠠᠶᠢᠭᠰᠠᠨ ᠲᠥᠪ ᠦᠨ ᠲᠣᠭᠯᠠᠭᠴᠢ᠃ ᠲᠡᠷᠡ ᠪᠡᠷ NBA ᠍ ᠦᠨ ᠮᠠᠰᠢ ᠣᠯᠠᠨ ᠲᠥᠷᠥᠯ ᠦᠨ ᠳᠡᠭᠡᠳᠦ ᠠᠮᠵᠢᠯᠲᠠ ᠲᠣᠭᠲᠠᠭᠠᠴᠠᠢ᠃ ᠫᠧᠨᠰᠢᠯᠪᠠᠨᠢ ᠮᠤᠵᠢ ᠤᠯᠤᠰ ᠤᠨ ᠹᠢᠯᠠᠳᠧᠯᠹᠢ ᠬᠣᠳᠠ ᠳᠤ ᠲᠦᠷᠦᠭᠰᠡᠨ᠂ ᠥᠨᠳᠥᠷ ᠨᠢ 216 ᠰᠠᠨᠲ᠋ᠢᠮᠧᠲ᠋ᠷ᠃

ᠮᠡᠷᠭᠡᠵᠢᠯ ᠦᠨ ᠲᠠᠮᠢᠷᠴᠢᠨ ᠪᠣᠯᠬᠤ ᠠᠴᠠ ᠡᠮᠦᠨ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠬᠠᠯᠠᠬᠤ ᠰᠤᠷᠭᠠᠭᠤᠯᠢ ᠳᠤ ᠪᠠᠶᠢᠬᠤ ᠳᠤ ᠪᠠᠨ ᠣᠸᠧᠷᠪᠠᠷᠰᠺ ᠰᠤᠷᠭᠠᠭᠤᠯᠢ ᠶᠢᠨ ᠢᠶᠠᠨ ᠰᠠᠭᠰᠤᠨ ᠪᠥᠮᠪᠥᠭᠡ ᠶᠢᠨ ᠪᠠᠭ ᠲᠤ ᠲᠣᠭᠯᠠᠵᠤ ᠪᠠᠶᠢᠭᠰᠠᠨ ᠪᠥᠭᠡᠳ ᠲᠡᠭᠦᠨ ᠢ ᠪᠠᠶᠢᠭᠰᠠᠨ 3 ᠵᠢᠯ ᠦᠨ ᠬᠤᠭᠤᠴᠠᠭᠠᠨ ᠳᠤ ᠪᠠᠭ ᠨᠢ 56 ᠢᠯᠠᠵᠤ᠂ 3 ᠢᠯᠠᠭᠳᠠᠭᠰᠠᠨ ᠪᠠᠶᠢᠳᠠᠭ᠃ ᠴᠧᠮᠪᠧᠷᠯᠡᠨ ᠨᠢᠭᠡ ᠲᠣᠭᠯᠠᠯᠲᠠᠨ ᠳᠤ 90 ᠣᠨᠣᠭ᠎ᠠ (ᠲᠡᠭᠦᠨ ᠦ ᠪᠡᠨ 60 ᠍ ᠶᠢ ᠨᠢ 12 ᠮᠢᠨᠦ᠋ᠲᠤᠨ ᠳᠤ) ᠠᠪᠴᠤ ᠪᠠᠶᠢᠭᠰᠠᠨ ᠤᠳᠠᠭ᠎ᠠ ᠲᠠᠢ᠃ ᠪᠠᠭ ᠤᠨ ᠬᠢᠨ ᠨᠢ ᠴᠧᠮᠪᠧᠷᠯᠢᠨ ᠢ ᠰᠠᠮᠪᠠᠷ᠎ᠠ ᠠᠴᠠ ᠠᠪᠤᠨ᠎ᠠ ᠭᠡᠳᠡᠭ ᠲᠦ ᠢᠲᠡᠭᠡᠯ ᠲᠡᠢ ᠪᠠᠶᠢᠳᠠᠭ ᠲᠤᠯᠠ ᠴᠢᠯᠦᠭᠡᠲᠦ ᠰᠢᠳᠡᠯᠲᠡ ᠪᠡᠨ ᠠᠯᠪᠠ ᠪᠠᠷ ᠠᠯᠠᠳᠠᠳᠠᠭ ᠪᠠᠶᠢᠴᠠᠢ᠃ ᠴᠧᠮᠪᠧᠷᠯᠡᠨ 1955 ᠣᠨ ᠳᠤ ᠠᠮᠧᠷᠢᠺᠠ ᠶᠢᠨ ᠠᠬᠠᠯᠠᠬᠤ ᠰᠤᠷᠭᠠᠭᠤᠯᠢ ᠨᠤᠭᠤᠳ ᠤᠨ ᠪᠡᠯᠭᠡᠳᠡᠯ ᠦᠨ ᠰᠢᠭᠰᠢᠭᠡ ᠪᠠᠭ ᠲᠤ ᠨᠡᠷᠡᠯᠡᠭᠳᠡᠵᠦ ᠪᠠᠶᠢᠪᠠ᠃

ᠲᠡᠭᠦᠨ ᠦ ᠪᠡᠶ᠎ᠡ ᠶᠢᠨ ᠣᠨᠴᠠᠯᠢᠭ ᠠᠴᠠ ᠨᠢ ᠪᠣᠯᠵᠤ "Wilt the Stilt" ("ᠮᠣᠳᠣᠨ ᠬᠥᠯ ᠳᠦ ᠤᠢᠢᠯ ᠳᠤ") ᠬᠡᠮᠡᠨ ᠲᠡᠷᠡ ᠦᠶᠡᠰ ᠨᠡᠷᠡᠯᠡᠬᠦ ᠪᠣᠯᠤᠭᠰᠠᠨ ᠪᠥᠭᠡᠳ ᠤᠢᠢᠯ ᠳᠤ ᠥᠪᠡᠷ ᠢᠶᠡᠨ ᠤᠭ ᠬᠣᠴᠢ ᠳᠤ ᠪᠠᠨ ᠳᠤᠷ᠎ᠠ ᠦᠭᠡᠢ ᠪᠠᠶᠢᠭᠰᠠᠨ ᠬᠡᠳᠦᠢ ᠴᠤ ᠥᠷᠭᠡᠨ ᠲᠠᠷᠬᠠᠵᠠᠢ᠃ ᠮᠥᠨ ᠥᠨᠳᠥᠷ ᠤᠴᠢᠷ ᠠᠴᠠ ᠬᠠᠭᠠᠯᠭ᠎ᠠ ᠪᠠᠷ ᠣᠷᠣᠬᠤ ᠳᠤ ᠪᠠᠨ ᠪᠥᠭᠲᠥᠶᠢᠳᠡᠭ ᠡᠴᠡ ᠪᠣᠯᠵᠤ "The Big Dipper" ("ᠲᠣᠮᠣ ᠰᠢᠨᠠᠭ᠎ᠠ") ᠬᠡᠮᠡᠬᠦ ᠬᠣᠴᠢᠲᠠᠢ ᠪᠣᠯᠤᠭᠰᠠᠨ᠃

200 ᠭᠠᠷᠤᠢ ᠶᠡᠬᠡ ᠰᠤᠷᠭᠠᠭᠤᠯᠢ ᠴᠧᠮᠪᠧᠷᠯᠢᠨ ᠢ ᠠᠪᠬᠤ ᠪᠠᠷ ᠬᠥᠭᠡᠭᠡᠴᠡᠯᠳᠦᠭᠰᠡᠨ ᠦ ᠡᠴᠦᠰ ᠲᠦ ᠤᠢᠢᠯ ᠳᠤ ᠺᠠᠨᠵᠠᠰ ᠶᠡᠬᠡ ᠰᠤᠷᠭᠠᠭᠤᠯᠢ ᠶᠢ ᠰᠣᠩᠭᠣᠵᠠᠢ᠃ ᠶᠡᠬᠡ ᠰᠤᠷᠭᠠᠭᠤᠯᠢ ᠶᠢᠨ ᠢᠶᠠᠨ ᠠᠩᠬᠠᠨ ᠤ ᠲᠣᠭᠯᠠᠯᠲᠠᠨ ᠳᠤ ᠯᠠ ᠪᠠᠭ ᠤᠨ ᠢᠶᠠᠨ ᠲᠡᠦᠬᠡᠨ ᠳᠦ ᠬᠠᠮᠤᠭ ᠤᠨ ᠥᠨᠳᠥᠷ ᠣᠨᠣᠭ᠎ᠠ ᠪᠣᠯᠬᠤ 52 ᠣᠨᠣᠭ᠎ᠠ ᠠᠪᠤᠭᠰᠠᠨ᠃ 1957 ᠣᠨ ᠳᠤ ᠪᠠᠭ ᠨᠢ NCAA ᠍ ᠦᠨ ᠰᠢᠭᠰᠢᠭᠡ ᠲᠣᠭᠯᠠᠯᠲᠠᠨ ᠳᠤ ᠬᠦᠷᠴᠦ᠂ ᠦᠵᠦᠭᠦᠷᠯᠡᠭᠰᠡᠨ ᠪᠥᠭᠡᠳ ᠤᠢᠢᠯ ᠳᠤ ᠰᠢᠯᠢᠳᠡᠭ ᠲᠣᠭᠯᠠᠭᠴᠢ ᠪᠠᠷ ᠰᠢᠯᠭᠠᠷᠠᠪᠠ᠃ 3 ᠍ ᠳᠦᠭᠡᠷ ᠺᠦᠷᠰ ᠲᠦ ᠪᠠᠶᠢᠬᠤ ᠳᠤ ᠪᠠᠨ "The Sporting News" ᠰᠣᠨᠢᠨ ᠤ "ᠪᠦᠬᠦ ᠠᠮᠧᠷᠢᠺᠠ ᠶᠢᠨ ᠪᠡᠯᠭᠡᠳᠡᠯ ᠦᠨ ᠰᠢᠭᠰᠢᠭᠡ ᠪᠠᠭ" ᠍ ᠳᠦ ᠪᠠᠭᠲᠠᠵᠠᠢ᠃

ᠴᠧᠮᠪᠧᠷᠯᠡᠨ ᠠᠬᠠᠯᠠᠬᠤ ᠰᠤᠷᠭᠠᠭᠤᠯᠢ ᠪᠣᠯᠤᠨ ᠶᠡᠬᠡ ᠰᠤᠷᠭᠠᠭᠤᠯᠢ ᠳᠤ ᠪᠠᠶᠢᠬᠤ ᠳᠤ ᠪᠠᠨ ᠬᠥᠩᠭᠡᠨ ᠠᠲᠯᠧᠲ᠋ᠢᠭ ᠢᠶᠠᠷ ᠬᠢᠴᠢᠶᠡᠯᠯᠡᠳᠡᠭ ᠪᠠᠶᠢᠪᠠ᠃ 3 ᠍ ᠳᠦᠭᠡᠷ ᠺᠦᠷᠰ ᠲᠦ ᠪᠠᠶᠢᠬᠤ ᠳᠤ ᠪᠠᠨ ᠺᠣᠨᠹᠧᠷᠧᠨᠼ ᠤᠨ ᠬᠥᠩᠭᠡᠨ ᠠᠲᠯᠧᠲ᠋ᠢᠭ ᠤᠨ ᠲᠡᠮᠡᠴᠡᠭᠡᠨ ᠳᠦ ᠥᠨᠳᠥᠷ ᠦᠨ ᠬᠠᠷᠠᠶᠢᠯᠲᠠ ᠍ ᠤᠨ ᠲᠥᠷᠥᠯ ᠢᠶᠡᠷ ᠠᠪᠤᠷᠭᠤᠯᠠᠵᠤ ᠪᠠᠶᠢᠭᠰᠠᠨ᠂ ᠮᠥᠨ 100 ᠮᠧᠲ᠋ᠷ ᠦᠨ ᠭᠦᠶᠦᠯᠲᠡᠭᠤᠷᠪᠠ ᠶᠢᠨ ᠬᠠᠷᠠᠶᠢᠯᠲᠠ ᠢᠶᠠᠷ ᠠᠮᠵᠢᠯᠲᠠ ᠦᠵᠡᠭᠦᠯᠵᠦ ᠪᠠᠶᠢᠪᠠ᠃ ᠠᠪᠤᠷᠭᠤ ᠪᠡᠶ᠎ᠡ ᠲᠡᠢ ᠬᠡᠷᠡᠨ ᠢᠶᠡᠨ 100 ᠮᠧᠲ᠋ᠷ ᠦᠨ ᠵᠠᠢ ᠶᠢ 10.9 ᠰᠧᠺᠦᠶᠢᠨᠳ᠋ ᠍ ᠲᠦ ᠲᠤᠭᠤᠯᠳᠠᠭ ᠪᠠᠶᠢᠯ᠎ᠠ᠃

ᠮᠡᠷᠭᠡᠵᠢᠯ ᠦᠨ ᠰᠠᠭᠰᠤᠨ ᠪᠥᠮᠪᠥᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1958 ᠣᠨ ᠳᠤ ᠴᠧᠮᠪᠧᠷᠯᠡᠨ ᠮᠡᠷᠭᠡᠵᠢᠯ ᠦᠨ ᠲᠠᠮᠢᠷᠴᠢᠨ ᠪᠣᠯᠬᠣᠷ ᠰᠡᠳᠬᠢᠯ ᠰᠢᠯᠤᠭᠤᠳᠠᠪᠠ᠃ ᠬᠠᠷᠢᠨ 3 ᠍ ᠳᠦᠭᠡᠷ ᠺᠦᠷᠰ ᠲᠦ ᠪᠠᠶᠢᠭᠰᠠᠨ ᠤᠴᠢᠷ ᠠᠴᠠ ᠳᠦᠷᠢᠮ ᠶᠣᠰᠣᠭᠠᠷ NBA ᠍ ᠳᠦ ᠲᠣᠭᠯᠠᠬᠤ ᠪᠣᠯᠤᠮᠵᠢ ᠦᠭᠡᠢ ᠪᠠᠶᠢᠯ᠎ᠠ᠃ ᠲᠡᠶᠢᠮᠦ ᠡᠴᠡ ᠴᠧᠮᠪᠧᠷᠯᠡᠨ ᠠᠰᠠᠷ ᠶᠡᠬᠡ ᠴᠠᠯᠢᠩ ᠢᠶᠠᠷ ᠬᠠᠷᠯᠧᠮ ᠭᠣᠯᠣᠪᠧᠲ᠋ᠷᠣᠲ᠋ᠠᠲ᠋ᠧᠷᠰ ᠪᠠᠭ ᠲᠤ ᠣᠷᠣᠵᠤ᠂ ᠨᠢᠭᠡ ᠵᠢᠯ ᠲᠣᠭᠯᠠᠭᠰᠠᠨ᠃

ᠵᠢᠯ ᠦᠨ ᠳᠠᠷᠠᠭ᠎ᠠ ᠳ᠋ᠷᠠᠹᠲ ᠲᠤ ᠣᠷᠣᠵᠠᠢ᠃ ᠲᠡᠷᠡ ᠦᠶ᠎ᠡ ᠳᠦ NBA ᠍ ᠦᠨ ᠪᠠᠭ ᠤᠳ ᠳ᠋ᠷᠠᠹᠲ ᠤᠨ 1 ᠍ ᠳᠦᠭᠡᠷ ᠦᠶ᠎ᠡ ᠳᠦ ᠲᠠᠮᠢᠷᠴᠢᠨ ᠰᠤᠩᠭᠤᠬᠤ ᠡᠷᠬᠡ ᠶᠢᠨ ᠢᠶᠡᠨ ᠣᠷᠣᠨ ᠳᠤ᠂ ᠨᠤᠲᠤᠭ ᠤᠨ ᠢᠶᠠᠨ ᠲᠠᠮᠢᠷᠴᠢᠨ ᠢ ᠰᠣᠩᠭᠣᠵᠤ ᠪᠣᠯᠳᠠᠭ "ᠪᠥᠰᠡ ᠨᠤᠲᠤᠭ ᠤᠨ ᠳ᠋ᠷᠠᠹᠲ" ᠭᠡᠭᠳᠡᠬᠦ ᠳᠦᠷᠢᠮ ᠲᠡᠢ ᠪᠠᠶᠢᠭᠰᠠᠨ ᠪᠥᠭᠡᠳ ᠲᠡᠷᠡ ᠳᠦᠷᠢᠮ ᠦᠨ ᠳᠠᠭᠠᠤ ᠹᠢᠯᠠᠳᠧᠯᠹᠢ ᠤᠷᠷᠢᠣᠷᠽ ᠪᠠᠭ ᠲᠡᠭᠦᠨ ᠢ ᠰᠣᠩᠭᠣᠵᠠᠢ᠃

NBA ᠍ ᠦᠨ ᠲᠠᠮᠢᠷᠴᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠪᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨ᠎ᠡ ᠲᠣᠭᠯᠠᠭᠴᠢ ᠪᠣᠯᠤᠭᠰᠠᠨ 1959-60 ᠣᠨ ᠤ ᠤᠯᠠᠷᠢᠯ ᠳᠤ ᠳᠤᠮᠳᠠᠴᠢ ᠪᠠᠷ 37.6 ᠣᠨᠣᠭ᠎ᠠ᠂ 27 ᠰᠠᠮᠪᠠᠷ᠎ᠠ ᠠᠴᠠ ᠠᠪᠤᠯᠲᠠ ᠪᠠᠷ ᠰᠢᠯᠢᠳᠡᠭ ᠰᠢᠨ᠎ᠡ ᠲᠣᠭᠯᠠᠭᠴᠢ ᠪᠣᠯᠬᠤ ᠶᠢᠨ ᠬᠠᠮᠲᠤ ᠪᠠᠷ MVP ᠍ ᠢ ᠵᠡᠷᠭᠡ ᠬᠦᠷᠲᠡᠭᠰᠡᠨ ᠠᠩᠬᠠᠨ ᠤ ᠲᠣᠭᠯᠠᠭᠴᠢ ᠪᠣᠯᠵᠠᠢ᠃ ᠲᠡᠭᠦᠨ ᠢ NBA ᠍ ᠳᠦ ᠲᠣᠭᠯᠠᠵᠤ ᠪᠠᠶᠢᠬᠤ ᠦᠶ᠎ᠡ ᠨᠢ ᠹᠢᠯᠠᠳᠧᠯᠹᠢ ᠪᠠᠭ ᠲᠠᠢ ᠨᠢᠭᠡ ᠳ᠋ᠢᠸᠢᠽᠢᠦᠩ ᠳᠦ ᠬᠠᠷᠢᠶᠠᠯᠠᠭᠳᠠᠳᠠᠭ ᠪᠣᠰᠲᠠᠨ ᠰᠧᠯᠲ᠋ᠢᠺᠰ ᠪᠠᠭ ᠤᠨ ᠠᠯᠲᠠᠨ ᠦᠶ᠎ᠡ ᠪᠠᠶᠢᠭᠰᠠᠨ ᠪᠥᠭᠡᠳ ᠪᠢᠯ ᠷᠠᠰᠰᠧᠯᠯᠡᠶᠢᠨ ᠲᠡᠷᠢᠭᠦᠯᠡᠭᠰᠡᠨ ᠪᠣᠰᠲᠠᠨ ᠳᠤ 7 ᠵᠢᠯ ᠳᠠᠷᠠᠭᠠᠯᠠᠨ ᠫᠯᠧᠢ ᠣᠹᠹ ᠲᠤ ᠬᠣᠵᠢᠭᠳᠠᠨ᠂ ᠰᠢᠭᠰᠢᠭᠡ ᠲᠣᠭᠯᠠᠯᠲᠠᠨ ᠳᠤ ᠰᠢᠯᠭᠠᠷᠴᠢ ᠴᠢᠳᠠᠭ᠎ᠠ ᠦᠭᠡᠢ ᠶᠤᠮ᠃

1962 ᠣᠨ ᠳᠤ ᠹᠢᠯᠠᠳᠧᠯᠹᠢ ᠤᠷᠷᠢᠣᠷᠽ ᠪᠠᠭ ᠺᠠᠯᠢᠹᠣᠷᠨᠢ ᠷᠤ ᠨᠡᠭᠦᠵᠦ᠂ ᠰᠠᠨ ᠹᠷᠠᠨᠼᠢᠰᠺᠣ ᠤᠷᠷᠢᠣᠷᠽ ᠬᠡᠮᠡᠬᠦ ᠨᠡᠷ᠎ᠡ ᠲᠡᠢ ᠪᠣᠯᠤᠭᠰᠠᠨ᠃ ᠤᠢᠢᠯ ᠳᠤ 1964-65 ᠣᠨ ᠤ ᠤᠯᠠᠷᠢᠯ ᠠᠴᠠ ᠲᠥᠷᠥᠯᠬᠢ ᠬᠣᠲᠠ ᠶᠢᠨ ᠢᠶᠠᠨ ᠹᠢᠯᠠᠳᠧᠯᠹᠢ 76 ᠪᠠᠭ ᠷᠤ ᠰᠢᠯᠵᠢᠵᠡᠢ᠃

1966-67 ᠣᠨ ᠤ ᠤᠯᠠᠷᠢᠯ ᠳᠤ ᠹᠢᠯᠠᠳᠧᠯᠹᠢ ᠪᠠᠭ ᠢ ᠠᠯᠧᠺᠰ ᠬᠠᠨᠤᠮ᠎ᠠ ᠤᠳᠤᠷᠢᠳᠬᠤ ᠪᠣᠯᠵᠤ᠂ ᠴᠧᠮᠪᠧᠷᠯᠧᠨ ᠡᠮᠦᠨᠡᠬᠢ ᠡᠴᠡ ᠪᠡᠨ ᠪᠠᠭ᠎ᠠ ᠰᠢᠳᠡᠯᠲᠡ ᠭᠦᠢᠴᠡᠳᠭᠡᠵᠦ᠂ ᠠᠪᠳᠠᠭ ᠣᠨᠣᠭ᠎ᠠ ᠨᠢ ᠠᠩᠬ᠎ᠠ ᠤᠳᠠᠭ᠎ᠠ 30 ᠍ ᠰ ᠪᠠᠭ᠎ᠠ ᠪᠣᠯᠤᠭᠰᠠᠨ ᠴᠤ ᠳᠠᠮᠵᠢᠭᠤᠯᠤᠯᠲᠠ ᠨᠢ ᠡᠷᠡᠰ ᠥᠰᠴᠢ᠂ ᠪᠠᠭ ᠤᠨ ᠠᠮᠵᠢᠯᠲᠠ ᠨᠢ ᠴᠤ ᠰᠠᠶᠢᠵᠢᠷᠠᠨ ᠠᠩᠬ᠎ᠠ ᠤᠳᠠᠭ᠎ᠠ ᠰᠧᠯᠲ᠋ᠢᠺᠰᠡᠶᠢᠭ ᠢᠯᠠᠵᠤ᠂ ᠲᠡᠷᠡ ᠡᠷᠴᠢ ᠪᠡᠷ ᠢᠶᠡᠨ ᠠᠩᠬ᠎ᠠ ᠤᠳᠠᠭ᠎ᠠ ᠲᠦᠷᠦᠭᠦᠯᠡᠵᠡᠢ᠃

1968 ᠣᠨ ᠳᠤ ᠴᠧᠮᠪᠧᠷᠯᠡᠨ ᠯᠣᠰ ᠠᠨᠵᠧᠯᠧᠰ ᠯᠠᠢᠺᠧᠷᠰ ᠪᠠᠭ ᠲᠤ ᠰᠢᠯᠵᠢᠪᠡ᠃ ᠨᠠᠰᠤ ᠠᠬᠢᠬᠤ ᠶᠢᠨ ᠬᠢᠷᠢ ᠪᠡᠷ ᠣᠨᠣᠭ᠎ᠠ᠂ ᠰᠠᠮᠪᠠᠷ᠎ᠠ ᠠᠴᠠ ᠪᠥᠮᠪᠥᠭᠡ ᠠᠪᠬᠤ ᠦᠵᠡᠭᠦᠯᠦᠯᠲᠡ ᠨᠢ ᠪᠠᠭᠤᠷᠴᠢ ᠪᠠᠶᠢᠭᠰᠠᠨ ᠪᠣᠯᠪᠠᠴᠤ ᠲᠡᠷᠡ ᠦᠶ᠎ᠡ ᠳᠦ ᠬᠦᠴᠦᠷᠬᠡᠭ ᠪᠠᠶᠢᠭᠰᠠᠨ ᠯᠠᠢᠺᠧᠷᠰ ᠦᠨ ᠭᠣᠣᠯ ᠲᠣᠭᠯᠠᠭᠴᠢᠳ ᠤᠨ ᠨᠢᠭᠡ ᠪᠣᠯᠵᠤ᠂ 1972 ᠣᠨ ᠳᠤ 2 ᠳᠠᠬᠢ ᠤᠳᠤᠭ᠎ᠠ ᠪᠠᠨ ᠠᠪᠤᠷᠭᠤ ᠶᠢᠨ ᠴᠣᠮᠣ ᠶᠢ ᠭᠠᠷ ᠲᠤ ᠪᠠᠨ ᠠᠳᠬᠤᠵᠠᠢ᠃

ᠲᠣᠭᠯᠠᠵᠤ ᠪᠠᠶᠢᠭᠰᠠᠨ ᠪᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠵᠡᠭᠦᠯᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠣᠷᠣᠯᠴᠠᠭᠰᠠᠨ ᠲᠣᠭᠯᠠᠯᠲᠠ: 1,045
 • ᠠᠪᠤᠭᠰᠠᠨ ᠣᠨᠣᠭ᠎ᠠ: 31,419 (1 ᠲᠣᠭᠯᠠᠯᠲᠠ ᠶᠢᠨ ᠳᠤᠮᠳᠠᠴᠢ 30.06)
 • ᠰᠠᠮᠪᠠᠷ᠎ᠠ ᠠᠴᠠ ᠪᠥᠮᠪᠥᠭᠡ ᠠᠪᠤᠯᠲᠠ 23,924 (1 ᠲᠣᠭᠯᠠᠯᠲᠠ ᠶᠢᠨ ᠳᠤᠮᠳᠠᠴᠢ 22.9)
 • ᠣᠨᠣᠪᠴᠢᠲᠠᠢ ᠳᠠᠮᠵᠢᠭᠤᠯᠤᠯᠲᠠ: 4,643 (1 ᠲᠣᠭᠯᠠᠯᠲᠠ ᠶᠢᠨ ᠳᠤᠮᠳᠠᠴᠢ 4.4)

ᠨᠡᠶᠢᠲᠡ ᠠᠪᠤᠭᠰᠠᠨ 31,419 ᠣᠨᠣᠭ᠎ᠠ ᠪᠠᠷ ᠢᠶᠠᠨ ᠲᠡᠦᠬᠡᠨ ᠳᠦ ᠺᠠᠷᠢᠮ ᠠᠪᠳᠤᠯ ᠵᠠᠪᠪᠤᠷᠺᠠᠷᠯ ᠮᠡᠯᠦᠨᠮᠠᠶᠢᠺᠯ ᠵᠣᠷᠳᠠᠨᠢ ᠳᠠᠷᠤᠭ᠎ᠠ 4 ᠍ ᠳᠦ ᠣᠷᠣᠳᠠᠭ᠃

ᠮᠥᠨ ᠳᠤᠮᠳᠠᠴᠢ ᠣᠨᠣᠭ᠎ᠠ 30.06 ᠨᠢ ᠮᠠᠶᠢᠺᠯ ᠵᠣᠷᠳᠠᠨ (30.12) ᠍ ᠤ ᠳᠠᠷᠠᠭ᠎ᠠ ᠤᠷᠤᠬᠤ ᠦᠵᠡᠭᠦᠯᠦᠯᠲᠡ ᠶᠤᠮ᠃

ᠴᠢᠯᠦᠭᠡᠲᠦ ᠰᠢᠳᠡᠯᠲᠡ ᠶᠢᠨ ᠬᠤᠪᠢ 51% ᠪᠤᠶᠤ ᠮᠠᠰᠢ ᠳᠣᠣᠭᠤᠷ ᠦᠵᠡᠭᠦᠯᠦᠯᠲᠡ ᠲᠡᠢ᠃

ᠴᠧᠮᠪᠧᠷᠯᠢᠨ ᠡᠵᠡᠮᠰᠢᠳᠡᠭ NBA ᠍ ᠦᠨ ᠵᠠᠷᠢᠮ ᠳᠡᠭᠡᠳᠦ ᠠᠮᠵᠢᠯᠲᠠ ᠠᠴᠠ ᠳᠤᠷᠢᠳᠠᠪᠠᠯ᠂

 • ᠤᠯᠠᠷᠢᠯ ᠤᠨ ᠳᠤᠮᠳᠠᠴᠢ ᠣᠨᠣᠭ᠎ᠠ: 50.4 (1961-62)
 • ᠤᠯᠠᠷᠢᠯ ᠤᠨ ᠨᠡᠶᠢᠲᠡ ᠣᠨᠣᠭ᠎ᠠ: 4,029 (1961-62)
 • ᠨᠢᠭᠡ ᠲᠣᠭᠯᠠᠯᠲᠠᠨ ᠳᠤ ᠣᠷᠣᠯᠴᠠᠭᠰᠠᠨ ᠳᠤᠮᠳᠠᠴᠢ ᠬᠤᠭᠤᠴᠠᠭ᠎ᠠ: 48.5 ᠮᠢᠨᠦ᠋ᠲ (1961-62)
 • ᠨᠢᠭᠡ ᠲᠣᠭᠯᠠᠯᠲᠠᠨ ᠳᠤ ᠠᠪᠤᠭᠰᠠᠨ ᠣᠨᠣᠭ᠎ᠠ: 100 (1962 ᠣᠨ ᠤ 3 ᠰᠠᠷ᠎ᠠ ᠶᠢᠨ 2 ᠍ ᠳᠦ ᠨᠶᠤ ᠢᠣᠷᠺ ᠨᠢᠺᠰᠡᠶᠢᠨ ᠡᠰᠡᠷᠬᠦ ᠲᠣᠭᠯᠠᠭᠰᠠᠨ ᠲᠣᠭᠯᠠᠯᠲᠠ᠂ ᠫᠧᠨᠰᠡᠯᠸᠠᠩ ᠮᠤᠵᠢ ᠶᠢᠨ ᠬᠧᠷᠰᠢ ᠬᠣᠲᠠ)
 • ᠣᠨᠣᠪᠴᠢᠲᠠᠢ ᠰᠢᠳᠡᠯᠲᠡ ᠶᠢᠨ ᠬᠤᠪᠢ: 72.7% (1972-73)

ᠬᠤᠪᠢ ᠤᠨ ᠱᠠᠩᠨᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠰᠢᠯᠢᠳᠡᠭ ᠲᠣᠭᠯᠠᠭᠴᠢ 4 ᠤᠳᠠᠭ᠎ᠠ 1960, 1966-1968
 • ᠰᠢᠯᠢᠳᠡᠭ ᠰᠢᠨ᠎ᠡ ᠲᠣᠭᠯᠠᠭᠴᠢ 1960
 • NBA ᠍ ᠦᠨ ᠨᠢᠭᠡᠳᠦᠭᠡᠷ ᠪᠠᠭ 7 ᠤᠳᠠᠭ᠎ᠠ 1960-1962, 1964, 1966-1968
 • NBA ᠍ ᠦᠨ ᠬᠣᠶᠠᠳᠤᠭᠠᠷ ᠪᠠᠭ 3 ᠤᠳᠠᠭ᠎ᠠ 1963, 1965, 1972
 • NBA ᠍ ᠦᠨ ᠬᠠᠮᠠᠭᠠᠯᠠᠯᠲᠠ ᠶᠢᠨ ᠨᠢᠭᠡᠳᠦᠭᠡᠷ ᠪᠠᠭ 2 ᠤᠳᠠᠭ᠎ᠠ 1972, 1973

1978 ᠣᠨ ᠳᠤ ᠰᠠᠭᠰᠤᠨ ᠪᠥᠮᠪᠥᠭᠡ ᠶᠢᠨ ᠠᠯᠳᠠᠷ ᠤᠨ ᠲᠠᠩᠬᠢᠮ ᠳᠤ ᠪᠠᠭᠲᠤᠭᠰᠠᠨ᠃ 1996 ᠣᠨ ᠳᠤ "NBA ᠍ ᠦᠨ 50 ᠵᠢᠯ ᠦᠨ ᠲᠡᠦᠬᠡᠨ ᠳ᠋ᠡᠬᠢ ᠰᠢᠯᠢᠳᠡᠭ 50 ᠲᠣᠭᠯᠠᠭᠴᠢ" ᠍ ᠦᠨ ᠨᠢᠭᠡ ᠪᠡᠷ ᠨᠡᠷᠡᠯᠡᠭᠳᠡᠭᠰᠡᠨ᠃

ᠪᠤᠰᠤᠳ ᠰᠫᠣᠷᠲ[ᠵᠠᠰᠠᠪᠤᠷᠢᠯᠠᠬᠤ | ᠺᠣᠳ᠋ ᠢᠶᠠᠷ ᠵᠠᠰᠠᠬᠣ]

1970 ᠍ ᠊ᠭᠠᠳ ᠣᠨ ᠤ ᠰᠡᠭᠦᠯᠴᠢ ᠪᠡᠷ ᠮᠡᠷᠭᠡᠵᠢᠯ ᠦᠨᠸᠣᠯᠯᠧᠢᠪᠣᠯ ᠍ ᠤᠨ ᠯᠢᠭ "IVA" ᠍ ᠳᠦ ᠲᠣᠭᠯᠠᠵᠤ ᠪᠠᠶᠢᠭᠰᠠᠨ ᠪᠥᠭᠡᠳ ᠮᠣᠲ᠋ᠣᠰᠫᠣᠷᠲᠪᠣᠺᠰ ᠍ ᠤᠨ ᠲᠡᠮᠡᠴᠡᠭᠡᠨ ᠨᠦᠭᠦᠳ ᠲᠦ ᠴᠤ ᠣᠷᠣᠯᠴᠠᠵᠤ ᠪᠠᠶᠢᠪᠠ᠃ ᠮᠥᠨ 1966 ᠣᠨ ᠳᠤ ᠠᠮᠧᠷᠢᠺᠠ ᠬᠥᠯ ᠪᠥᠮᠪᠥᠭᠡᠡᠶᠢᠨ ᠺᠠᠨᠵᠠᠰ ᠰᠢᠲ᠋ᠢ ᠴᠢᠹᠰ ᠪᠠᠭ ᠲᠡᠭᠦᠨ ᠢ ᠠᠪᠬᠤ ᠰᠠᠨᠠᠯ ᠲᠠᠯᠪᠢᠵᠤ ᠪᠠᠶᠢᠴᠠᠢ᠃

ᠵᠣᠳᠣᠭ ᠲᠠᠶᠢᠯᠤᠭᠰᠠᠨ ᠤ ᠳᠠᠷᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1973 ᠣᠨ ᠳᠤ ᠵᠣᠳᠣᠭ ᠲᠠᠶᠢᠯᠤᠭᠠᠳ NBA ᠍ ᠲᠡᠢ ᠥᠷᠢᠰᠦᠯᠳᠦᠳᠡᠭ ᠪᠠᠶᠢᠭᠰᠠᠨ ABA ᠯᠢᠭᠢ ᠶᠢᠨ ᠰᠠᠨ ᠳ᠋ᠢᠧᠭᠣ ᠺᠣᠨᠺᠢᠰᠲ᠋ᠠᠳᠣᠷᠣᠰ ᠪᠠᠭ ᠤᠨ ᠳᠠᠰᠬᠠᠯᠵᠢᠭᠤᠯᠤᠭᠴᠢ ᠪᠠᠷ 1 ᠵᠢᠯ ᠠᠵᠢᠯᠯᠠᠪᠠ᠃

ᠮᠥᠨ ᠶᠠᠩᠵᠤ ᠪᠦᠷᠢ ᠶᠢᠨ ᠰᠫᠣᠷᠲ ᠪᠣᠯᠤᠨ ᠪᠢᠽᠢᠨ᠋ᠧᠰ ᠲᠦ ᠣᠷᠣᠯᠴᠠᠵᠤ᠂ 1984 ᠣᠨ ᠳᠤ ᠠᠷᠨᠤᠯ ᠳᠤ ᠱᠤᠪᠤᠷᠼᠧᠨᠧ ᠦᠭᠧᠷᠡᠶᠢᠨ ᠭᠣᠣᠯ ᠳᠦᠷᠢ ᠳᠦ ᠨᠢ ᠲᠣᠭᠯᠠᠭᠰᠠᠨ ""Conan the Destroyer" ᠺᠢᠨᠣᠨ ᠳᠤ ᠣᠷᠣᠯᠴᠠᠨ ᠲᠣᠭᠯᠠᠭᠰᠠᠨ᠃

1991 ᠣᠨ ᠳᠤ ᠬᠡᠪᠯᠡᠭᠦᠯᠦᠭᠰᠡᠨ ᠨᠠᠮᠲᠠᠷ ᠲᠤ ᠪᠠᠨ 20,000 ᠭᠠᠷᠤᠢ ᠡᠮᠡᠭᠲᠡᠢ ᠲᠡᠢ ᠪᠡᠯᠭᠡ ᠶᠢᠨ ᠬᠠᠷᠢᠴᠠᠭᠠᠨ ᠳᠤ ᠣᠷᠣᠭᠰᠠᠨ ᠲᠤᠬᠠᠢ ᠶᠢ ᠪᠠᠨ ᠪᠢᠴᠢᠭᠰᠡᠨ ᠪᠠᠶᠢᠳᠠᠭ᠃ ᠢᠲᠡᠭᠡᠬᠦ ᠳᠦ ᠪᠡᠷᠬᠡ ᠲᠣᠭ᠎ᠠ ᠪᠣᠯᠪᠠᠴᠤ ᠮᠡᠵᠢᠺ ᠵᠣᠩᠰᠣᠨ ДОХ ᠍ ᠶᠢᠨ ᠬᠠᠯᠳᠠᠪᠤᠷᠢ ᠠᠪᠤᠭᠰᠠᠨ ᠠᠴᠠ ᠪᠣᠯᠵᠤ ᠵᠣᠳᠣᠭ ᠲᠠᠶᠢᠯᠤᠭᠠᠳ ᠪᠠᠶᠢᠭᠰᠠᠨ ᠦᠶ᠎ᠡ ᠲᠤᠯᠠ ᠲᠡᠭᠦᠨ ᠦ ᠬᠥᠩᠭᠡᠮᠰᠦᠭ ᠶᠠᠪᠤᠳᠠᠯ ᠢ ᠰᠢᠭᠦᠨᠵᠢᠯᠡᠭᠴᠢᠳ ᠦᠨ ᠲᠣᠭ᠎ᠠ ᠮᠠᠰᠢ ᠶᠡᠬᠡ ᠪᠠᠶᠢᠯ᠎ᠠ᠃

1999 ᠣᠨ ᠤ 10 ᠰᠠᠷ᠎ᠠ ᠶᠢᠨ 12 ᠍ ᠳᠦ ᠭᠡᠷ ᠲᠦ ᠪᠡᠨ ᠤᠨᠲᠠᠵᠤ ᠪᠠᠶᠢᠬᠤ ᠳᠤ ᠪᠠᠨ ᠵᠢᠷᠦᠬᠡᠨ ᠦ ᠰᠢᠭᠢᠳᠦᠭᠡᠰᠦᠡᠭᠡᠷᠡ 63 ᠨᠠᠰᠤᠨ ᠳᠤ ᠪᠠᠨ ᠨᠠᠰᠤ ᠨᠥᠭᠴᠢᠵᠡᠢ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

NBA.com ᠤᠢᠢᠯ ᠳᠤ ᠴᠧᠮᠪᠧᠷᠯᠡᠨ (ᠠᠩᠭᠯᠢ ᠬᠡᠯᠡ ᠪᠡᠷ) ᠵᠠᠭᠪᠤᠷ:NBA ᠍ ᠦᠨ ᠤᠯᠠᠷᠢᠯ ᠤᠨ MVP

ᠪᠢᠴᠢᠭᠡᠰᠦ