打开主菜单

ᠣᠶᠢᠷᠠᠳ

ᠣᠶᠢᠷᠠ
Oirat Caravan.jpg
ᠬᠣᠷᠢᠳᠤᠭᠠᠷ ᠵᠠᠭᠤᠨ ᠤ ᠡᠬᠢ ᠪᠡᠷ ᠵᠢᠩ ᠲᠡᠭᠡᠭᠡᠵᠦ ᠶᠠᠪᠤᠭ᠎ᠠ ᠣᠶᠢᠷᠠᠳ
ᠥᠨᠥ ᠶᠢᠨ ᠪᠠᠶᠢᠳᠠᠯ
ᠨᠤᠲᠤᠭ ᠣᠷᠣᠨᠳᠡᠯᠡᠬᠡᠢ ᠳᠠᠶᠠᠭᠠᠷ — 690 ᠮᠢᠩᠭ᠎ᠠ (2010 ᠣᠨ). ᠡᠭᠦᠨ ᠡᠴᠡ:

Flag of the People's Republic of China.svg ᠬᠢᠲᠠᠳ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ) — 250,000 (ᠲᠣᠭᠠᠴᠠᠭ᠎ᠠ)

ᠮᠣᠩᠭᠣᠯ ᠮᠣᠩᠭᠣᠯ (ᠮᠣᠩᠭᠣᠯ ᠤᠯᠤᠰ)236,067

ᠣᠷᠣᠰ ᠣᠷᠣᠰ (ᠣᠷᠣᠰ ᠬᠣᠯᠪᠣᠭᠠᠨ ᠤ ᠤᠯᠤᠰ) — 183,372 (ᠲᠣᠭᠠᠯᠠᠯᠭ᠎ᠠ)[3]

ᠬᠢᠷᠭᠢᠰ ᠤᠯᠤᠰ ᠬᠢᠷᠭᠢᠰ (БНХирУ) — 4,188 [4]
ᠬᠡᠯᠡ ᠠᠶᠠᠯᠭᠤᠮᠣᠩᠭᠣᠯ ᠬᠡᠯᠡᠨᠢᠭᠢ ᠥᠷᠥᠨᠡᠲᠦ ᠠᠶᠠᠯᠭᠤ (ᠣᠶᠢᠷᠠᠳ ᠤᠨ
ᠦᠨᠳᠦᠰᠦᠨ), ᠲᠥᠪ ᠠᠶᠠᠯᠭᠤ᠂ ᠲᠥᠪ ᠥᠷᠥᠨᠡᠲᠦ ᠶᠢᠨ ᠵᠠᠪᠰᠠᠷ ᠤᠨ
ᠠᠶᠠᠯᠭᠤ᠂ ᠵᠠᠷᠢᠮ ᠬᠡᠰᠡᠭ ᠲᠦ ᠲᠤᠬᠠᠢ ᠶᠢᠨ ᠤᠯᠤᠰ ᠤᠨ
ᠣᠷᠣᠰᠬᠢᠲᠠᠳᠬᠢᠷᠭᠢᠰ᠂ ᠠᠩᠭᠯᠢ ᠬᠡᠯᠡ
ᠪᠢᠴᠢᠭ ᠦᠰᠦᠭᠤᠯᠠᠮᠵᠢᠯᠠᠯᠲᠤ ᠲᠣᠳᠣ ᠮᠣᠩᠭᠣᠯ ᠦᠰᠦᠭ᠂ ᠣᠷᠴᠢᠨ ᠴᠠᠭ ᠲᠤ
ᠨᠤᠲᠤᠭ ᠣᠷᠣᠨ ᠢᠶᠠᠨ ᠳᠠᠭᠠᠭᠠᠳ ᠬᠤᠳᠤᠮ ᠮᠣᠩᠭᠣᠯ ᠦᠰᠦᠭ᠂
ᠬᠠᠯᠢᠮᠠᠭ ᠺᠢᠷᠢᠯ᠂ ᠮᠣᠩᠭᠣᠯ ᠺᠢᠷᠢᠯ ᠢᠶᠡᠷ ᠪᠢᠴᠢᠳᠡᠭ᠃
ᠰᠢᠲᠦᠯᠭᠡDharma Wheel.svg ᠪᠤᠳ᠋ᠳ᠋ᠾᠠ ᠶᠢᠨ ᠱᠠᠰᠢᠨ ᠤ ᠪᠤᠶᠠᠨ ᠤ ᠶᠣᠰᠣ (ᠰᠢᠷ᠎ᠠ ᠶᠢᠨ ᠱᠠᠰᠢᠨ),
ᠲᠩᠷᠢ ᠭᠠᠵᠠᠷ ᠢᠶᠠᠨ ᠠᠷᠭᠠᠳᠠᠬᠤ ᠤᠬᠠᠭᠠᠨ᠂ ᠰᠢᠲᠦᠯᠭᠡ ᠦᠭᠡᠢ ᠵᠠᠩ
ᠲᠥᠷᠥᠯ ᠬᠣᠯᠪᠣᠭ᠎ᠠ
ᠣᠶᠢᠷ᠎ᠠ ᠲᠥᠷᠥᠯᠪᠤᠰᠤᠳ ᠮᠣᠩᠭᠣᠯ ᠦᠨᠳᠦᠰᠦᠲᠡᠨ
ᠬᠡᠯᠡ ᠤᠭᠰᠠᠭ᠎ᠠᠮᠣᠩᠭᠣᠯ ᠤᠭᠰᠠᠭᠠᠲᠠᠨ (ᠮᠣᠩᠭᠣᠯ ᠲᠥᠷᠥᠯ ᠦᠨ ᠬᠡᠯᠡᠲᠡᠨ)
ᠳᠣᠲᠣᠷ᠎ᠠ ᠪᠠᠨᠪᠤᠵᠠᠸᠠᠪᠠᠶᠠᠳᠳᠥᠷᠪᠡᠳᠵᠠᠬᠠᠴᠢᠨ
ᠮᠢᠩᠭᠠᠳᠥᠭᠡᠯᠡᠳᠰᠠᠷ᠎ᠠ ᠳᠤ ᠬᠠᠯᠢᠮᠠᠭᠲᠣᠷᠭᠤᠳ
ᠤᠷᠢᠶᠠᠩᠬᠠᠢᠬᠠᠯᠢᠮᠠᠭᠬᠣᠲᠠᠨ, ᠬᠣᠱᠤᠳ

ᠮᠣᠩᠭᠣᠯ ᠤᠭᠰᠠᠭᠠᠲᠠᠨ ᠪᠣᠯᠤᠨ ᠮᠣᠩᠭᠣᠯ ᠦᠨᠳᠦᠰᠦᠲᠡᠨ ᠦ ᠳᠤᠮᠳᠠ ᠪᠠᠷᠠᠭᠤᠨ ᠵᠦᠭ ᠲᠤ ᠪᠠᠶᠢᠳᠠᠭ ᠢᠶᠠᠷ ᠢᠶᠠᠨ᠂ ᠬᠡᠯᠡ ᠠᠶᠠᠯᠭᠤ᠂ ᠲᠡᠦᠬᠡᠨ ᠦᠷ᠎ᠡ ᠪᠡᠷ ᠪᠤᠰᠤᠳ ᠠᠴᠠ ᠪᠠᠨ ᠢᠯᠭᠠᠷᠠᠬᠤ ᠪᠦᠯᠦᠭ ᠢ ᠣᠶᠢᠷᠠᠳ ᠭᠡᠳᠡᠭ᠃ ᠰᠡᠭᠦᠯ ᠦᠨ ᠦᠶ᠎ᠡ ᠳᠦ ᠪᠠᠰᠠ ᠣᠶᠢᠷᠠᠳ ᠭᠡᠵᠦ ᠪᠢᠴᠢᠳᠡᠭ ᠪᠣᠯᠪᠠ᠃ ᠮᠣᠩᠭᠣᠯ ᠦᠰᠦᠭ ᠢᠶᠡᠷ ᠣᠶᠢᠷᠠᠳ,ᡆᡕᡅᠷᠠᡑ

ᠣᠶᠢᠷᠠᠳ ᠮᠣᠩᠭᠣᠯᠴᠤᠳ ᠠᠷᠪᠠᠨ ᠭᠤᠷᠪᠠᠳᠤᠭᠠᠷ ᠵᠠᠭᠤᠨ ᠤ ᠡᠬᠢᠨ ᠡᠴᠡ ᠶᠡᠬᠡ ᠮᠣᠩᠭᠣᠯ ᠤᠯᠤᠰ ᠍ ᠤᠨ ᠪᠦᠷᠢᠯᠳᠦᠬᠦᠨ ᠳᠦ ᠪᠠᠭᠳᠠᠵᠣ᠂ ᠠᠷᠪᠠᠨ ᠳᠥᠷᠪᠡᠳᠦᠭᠡᠷ ᠵᠠᠭᠤᠨ ᠤ ᠡᠴᠦᠰ ᠢᠶᠡᠷ ᠪᠠᠭ᠎ᠠ ᠬᠠᠭᠠᠳ ᠤᠨ ᠦᠶ᠎ᠡ ᠡᠬᠢᠯᠡᠬᠦ ᠳᠦ ᠬᠠᠭᠠᠨ ᠤ ᠵᠠᠬᠢᠷᠭ᠎ᠠ ᠲᠠᠢ ᠮᠥᠴᠡᠭᠡᠷᠬᠡᠵᠦ ᠵᠠᠶᠢᠳᠠᠭᠤᠬᠠᠨ ᠪᠠᠶᠢᠬᠤ ᠪᠣᠯᠵᠠᠢ᠃ ᠳᠥᠷᠪᠡᠨ ᠠᠶᠢᠮᠠᠭ ᠬᠣᠯᠪᠣᠭᠠᠯᠠᠭᠰᠠᠨ ᠢ ᠲᠡᠦᠬᠡᠨ ᠳᠦ ᠳᠥᠷᠪᠡᠨ ᠣᠶᠢᠷᠠᠳ ᠭᠡᠳᠡᠭ᠃ ᠳᠥᠷᠪᠡᠨ ᠣᠶᠢᠷᠠᠳ ᠠᠴᠠ ᠤᠯᠪᠠᠭᠠᠯᠠᠭᠰᠠᠨ ᠣᠶᠢᠷᠠᠳ ᠤᠨ ᠲᠥᠷᠥ ᠤᠯᠤᠰ ᠵᠦᠩᠭᠠᠷ ᠤᠨ ᠬᠠᠭᠠᠨᠲᠤ ᠤᠯᠤᠰᠬᠣᠱᠤᠳ ᠤᠨ ᠪᠣᠯᠤᠨ ᠬᠠᠯᠢᠮᠠᠭ ᠤᠨ ᠬᠠᠨᠲᠠ ᠤᠯᠤᠰ ᠍ ᠢ ᠪᠠᠶᠢᠭᠤᠯᠵᠤ 18 ᠳ᠋ᠣᠭᠠᠷ ᠵᠠᠭᠤᠨ ᠤ ᠳᠤᠮᠳᠠ ᠬᠦᠷᠲᠡᠯ᠎ᠡ 400 ᠭᠠᠷᠤᠢ ᠵᠢᠯ ᠲᠣᠳᠣᠷᠠᠵᠤ ᠶᠠᠪᠤᠭᠠᠳ ᠮᠠᠨᠵᠤ ᠴᠢᠩ ᠤᠯᠤᠰ᠂ ᠬᠠᠭᠠᠨᠲᠤ ᠣᠷᠣᠰ ᠤᠯᠤᠰ ᠤᠨ ᠬᠠᠷᠢᠶᠠᠨ ᠳᠤ ᠬᠤᠪᠢᠶᠠᠭᠳᠠᠭᠰᠠᠨ ᠠᠴᠠ 300 ᠭᠠᠷᠤᠢ ᠵᠢᠯ ᠪᠣᠯᠬᠤ ᠳᠤ ᠳᠠᠬᠢᠨ ᠤᠯᠤᠰ ᠪᠠᠶᠢᠭᠤᠯᠤᠭᠰᠠᠨ ᠦᠭᠡᠢ᠃ ᠡᠳᠦᠭᠡ ᠮᠣᠩᠭᠣᠯᠬᠢᠲᠠᠳᠣᠷᠣᠰ ᠭᠤᠷᠪᠠᠨ ᠤᠯᠤᠰ ᠲᠤ ᠲᠤᠰ ᠪᠦᠷᠢ ᠪᠠᠷᠤᠭ ᠲᠡᠩᠴᠡᠭᠦᠦ ᠲᠣᠭ᠎ᠠ ᠲᠠᠢ᠂ ᠪᠦᠭᠦᠳᠡ 700 ᠮᠢᠩᠭ᠎ᠠ ᠭᠠᠷᠤᠢ ᠣᠶᠢᠷᠠᠳ ᠤᠨ ᠶᠠᠰᠤ ᠠᠶᠢᠮᠠᠭ ᠤᠨ ᠬᠦᠮᠦᠨ ᠠᠮᠢᠳᠤᠷᠠᠵᠤ ᠪᠠᠶᠢᠨ᠎ᠠ᠃

ᠮᠣᠩᠭᠣᠯ ᠤᠯᠤᠰ ᠤᠨ ᠣᠶᠢᠷᠠᠳ ᠤᠳ ᠣᠷᠣᠨ ᠳᠠᠶᠠᠭᠠᠷ᠂ ᠭᠣᠣᠯᠴᠠᠭᠤ ᠤᠯᠠᠭᠠᠨᠪᠠᠭᠠᠲᠤᠷᠤᠪᠰᠤᠬᠣᠪᠳᠣ ᠳᠤ ᠣᠷᠣᠰᠢᠨ ᠰᠠᠭᠤᠵᠤ ᠪᠠᠶᠢᠨ᠎ᠠ᠃ ᠪᠠᠶᠠᠭᠤᠳᠳᠥᠷᠪᠡᠳᠵᠠᠬᠠᠴᠢᠨ ᠮᠢᠩᠭᠠᠳᠥᠭᠡᠯᠡᠳᠲᠣᠷᠭᠤᠳᠤᠷᠢᠶᠠᠩᠬᠠᠢᠬᠣᠲᠠᠨ ᠭᠡᠳ ᠬᠠᠭᠤᠴᠢᠨ ᠬᠣᠰᠢᠭᠤ᠂ ᠣᠳᠣ ᠶᠢᠨ ᠶᠠᠰᠤᠲᠠᠨ ᠤ ᠪᠠᠨ ᠨᠡᠷ᠎ᠡ ᠪᠡᠷ ᠪᠦᠷᠢᠳᠬᠡᠭᠳᠡᠳᠡᠭ᠃ 2010 ᠣᠨ ᠤ ᠲᠣᠭᠠᠯᠠᠯᠭ᠎ᠠ ᠪᠠᠷ 236 ᠮᠢᠩᠭᠠᠨ ᠬᠦᠮᠦᠨ ᠪᠠᠶᠢᠪᠠ᠃ ᠳᠤᠮᠳᠠᠳᠤ ᠤᠯᠤᠰ ᠤᠨ ᠣᠶᠢᠷᠠᠳ ᠤᠳ ᠬᠠᠭᠤᠴᠢᠨ ᠵᠦᠩᠭᠠᠷ᠂ ᠣᠳᠣ ᠶᠢᠨ ᠰᠢᠨᠵᠢᠶᠠᠩ ᠣᠷᠣᠨ ᠤ ᠪᠣᠷᠣᠳᠠᠯ᠎ᠠᠪᠠᠶᠠᠨᠭᠣᠣᠯᠬᠣᠪᠣᠭᠰᠠᠶᠢᠷ ᠨᠤᠲᠤᠭ᠂ ᠬᠥᠬᠡᠨᠠᠭᠤᠷ ᠮᠤᠵᠢ ᠪᠣᠯᠤᠨ ᠥᠪᠥᠷ ᠮᠣᠩᠭᠣᠯ ᠣᠷᠣᠨ ᠤ ᠠᠯᠠᠱᠠᠬᠥᠯᠦᠨ ᠪᠤᠶᠢᠷ ᠨᠤᠲᠤᠭ ᠲᠤ ᠠᠮᠢᠳᠤᠷᠠᠵᠤ᠂ ᠶᠠᠰᠤ ᠠᠶᠢᠮᠠᠭ ᠢᠶᠠᠷ ᠪᠤᠰᠤ ᠶᠡᠷᠦᠩᠬᠡᠢ «ᠮᠣᠩᠭᠣᠯ ᠦᠨᠳᠦᠰᠦᠲᠡᠨ» ᠦᠭᠡ ᠪᠡᠷ ᠪᠦᠷᠢᠳᠬᠡᠭᠳᠡᠵᠦ ᠪᠠᠶᠢᠨ᠎ᠠ᠃ ᠲᠣᠭᠠᠴᠠᠵᠤ ᠪᠠᠭᠴᠠᠭᠠᠯᠠᠭᠰᠠᠨ ᠢᠶᠠᠷ 250 ᠮᠢᠩᠭ᠎ᠠ ᠪᠠᠶᠢᠨ᠎ᠠ᠃ ᠡᠭᠦᠨ ᠳᠦ ᠲᠣᠷᠭᠤᠳᠬᠣᠱᠤᠳᠤᠷᠢᠶᠠᠩᠬᠠᠢ ᠶᠠᠰᠤ ᠭᠣᠣᠯᠯᠠᠳᠠᠭ᠃ ᠣᠶᠢᠷᠠᠳ ᠤᠨ ᠤᠭ ᠨᠤᠲᠤᠭ ᠠᠴᠠ 6000 ᠺᠢᠯᠣᠮᠧᠲ᠋ᠷ ᠠᠯᠤᠰᠯᠠᠭᠳᠠᠭᠰᠠᠨ ᠧᠦ᠋ᠷᠣᠫᠠ ᠲᠢᠪ᠂ ᠺᠠᠰᠫ ᠦᠨ ᠲᠡᠩᠭᠢᠰ ᠦᠨ ᠡᠷᠭᠢ ᠳᠦ ᠣᠷᠣᠰ ᠤᠨ ᠣᠶᠢᠷᠠᠳ ᠤᠳ ᠪᠤᠶᠤ ᠬᠠᠯᠢᠮᠠᠭ ᠬᠡᠮᠡᠬᠦ ᠰᠢᠨ᠎ᠡ ᠨᠡᠷᠡᠲᠡᠢ ᠭᠤᠷᠪᠠᠳᠠᠬᠢ ᠬᠡᠯᠲᠡᠰ ᠪᠠᠶᠢᠨ᠎ᠠ᠃ ᠭᠤᠷᠪᠠᠨ ᠤᠯᠤᠰ ᠤᠨ ᠣᠶᠢᠷᠠᠳ ᠠᠴᠠ ᠭᠠᠭᠴᠠ ᠬᠠᠯᠢᠮᠠᠭ ᠤᠳ ᠨᠢᠭᠡᠳᠦᠭᠡᠷ ᠵᠡᠷᠭᠡ ᠶᠢᠨ ᠥᠪᠡᠷᠲᠡᠭᠡᠨ ᠵᠠᠰᠠᠬᠤ ᠨᠤᠲᠤᠭ ᠲᠠᠢ ᠪᠠᠶᠢᠨ᠎ᠠ᠃ ᠣᠷᠣᠰ ᠤᠨ ᠬᠡᠮᠵᠢᠶᠡᠨ ᠳᠦ 183 ᠮᠢᠩᠭ᠎ᠠ᠂ ᠲᠡᠭᠦᠨ ᠡᠴᠡ ᠬᠠᠯᠢᠮᠠᠭ ᠣᠷᠣᠨ ᠳᠤ 163 ᠮᠢᠩᠭᠠᠨ ᠬᠠᠯᠢᠮᠠᠭ ᠲᠤᠰ ᠣᠷᠣᠨ ᠤ ᠪᠠᠨ ᠬᠦᠮᠦᠨ ᠠᠮᠠ ᠶᠢᠨ 58 ᠬᠤᠪᠢ ᠶᠢ ᠡᠵᠡᠯᠡᠨ ᠪᠠᠶᠢᠨ᠎ᠠ᠃ «ᠬᠠᠯᠢᠮᠠᠭ» ᠭᠡᠵᠦ ᠪᠦᠷᠢᠳᠬᠡᠭᠳᠡᠳᠡᠭ ᠪᠥᠭᠡᠳ ᠤᠭ ᠨᠢ ᠲᠣᠷᠭᠤᠳᠳᠥᠷᠪᠡᠳᠬᠣᠱᠤᠳᠵᠦᠩᠭᠠᠷᠬᠣᠶᠢᠳᠤ ᠠᠶᠢᠮᠠᠭ᠂ ᠰᠢᠨ᠎ᠡ ᠪᠤᠵᠠᠸᠠ ᠶᠠᠰᠤᠲᠠᠨ ᠠᠴᠠ ᠪᠦᠷᠢᠳᠴᠡᠢ᠃ 14 ᠵᠠᠭᠤᠨ ᠳᠤ ᠰᠢᠨᠵᠢᠶᠠᠩ ᠠᠴᠠ ᠠᠭᠤᠯᠠ ᠳᠠᠪᠠᠭᠠᠳ ᠬᠢᠷᠭᠢᠰ ᠣᠷᠣᠨ ᠳᠤ ᠰᠠᠭᠤᠭᠰᠠᠨ ᠴᠥᠭᠡᠨ ᠲᠣᠭᠠᠨ ᠤ ᠬᠣᠲᠠᠨ ᠬᠠᠯᠢᠮᠠᠭ᠂ ᠬᠣᠷᠢᠳᠤᠭᠠᠷ ᠵᠠᠭᠤᠨ ᠳᠤ ᠭᠠᠳᠠᠭᠠᠳᠤ ᠣᠷᠣᠭᠣ ᠴᠠᠭᠠᠴᠢᠯᠠᠭᠰᠠᠨ ᠬᠦᠮᠦᠰ ᠪᠠᠰᠠ ᠪᠤᠢ᠃

ᠣᠶᠢᠷᠠᠳ ᠤᠨ ᠬᠡᠯᠡ ᠠᠶᠠᠯᠭᠤ ᠭᠤᠷᠪᠠᠨ ᠬᠡᠰᠡᠭ ᠲᠦ ᠪᠡᠨ ᠵᠢᠭᠠᠬᠠᠨ ᠵᠥᠷᠢᠭᠦᠦ ᠲᠡᠢ ᠪᠣᠯᠤᠭᠰᠠᠨ᠃ ᠮᠣᠩᠭᠣᠯ ᠤᠨ ᠬᠡᠯᠡ ᠰᠢᠨᠵᠢᠯᠡᠯᠴᠢ ᠱ ᠯᠤᠪᠰᠠᠩᠸᠠᠩᠳᠠᠨ 1959 ᠣᠨ ᠳᠤ ᠤᠷᠢᠳᠤ ᠶᠢᠨ ᠣᠯᠠᠨ ᠰᠤᠳᠤᠯᠭ᠎ᠠ ᠶᠢ ᠨᠢᠭᠡᠳᠬᠡᠨ ᠳ᠋ᠦᠩᠨᠡᠵᠦ ᠮᠣᠩᠭᠣᠯ ᠬᠡᠯᠡ  ᠤ ᠬᠢ ᠥᠷᠥᠨᠡᠲᠦ ᠠᠶᠠᠯᠭᠤ ᠪᠠᠷ ᠰᠢᠨᠵᠢᠶᠠᠩ ᠦᠨ ᠣᠶᠢᠷᠠᠳ᠂ ᠢᠵᠢᠯ ᠦᠨ ᠣᠶᠢᠷᠠᠳ (ᠬᠠᠯᠢᠮᠠᠭ) ᠬᠢᠯᠢᠴᠡᠵᠦ ᠪᠠᠶᠢᠨ᠎ᠠ᠂ ᠮᠣᠩᠭᠣᠯ ᠬᠡᠯᠡᠨ ᠦ ᠥᠷᠥᠨᠡᠲᠦ ᠲᠥᠪᠥᠶᠢᠨ ᠵᠠᠪᠰᠠᠷ ᠤᠨ ᠠᠶᠠᠯᠭᠤ ᠪᠠᠷ ᠮᠣᠩᠭᠣᠯ ᠤᠯᠤᠰ ᠤᠨ ᠬᠣᠪᠳᠣ᠂ ᠤᠪᠰᠣ᠂ ᠪᠠᠶᠠᠨ-ᠥᠯᠥᠭᠡᠢ ᠶᠢᠨ ᠣᠶᠢᠷᠠᠳ᠂ ᠳᠤᠮᠳᠠᠳᠤ ᠤᠯᠤᠰ ᠤᠨ ᠬᠥᠬᠡᠨᠠᠭᠤᠷ᠂ ᠠᠯᠠᠱᠠ ᠶᠢᠨ ᠣᠶᠢᠷᠠᠳ ᠬᠢᠯᠢᠴᠡᠵᠦ ᠪᠠᠶᠢᠨ᠎ᠠ ᠭᠡᠳᠡᠭ ᠢ ᠲᠣᠳᠣᠳᠬᠠᠵᠠᠢ᠃ ᠣᠶᠢᠷᠠᠳ ᠬᠤᠳᠤᠮ ᠮᠣᠩᠭᠣᠯ ᠦᠰᠦᠭ ᠢᠶᠡᠷ ᠪᠢᠴᠢᠵᠦ ᠪᠠᠶᠢᠭᠠᠳ 16 ᠵᠠᠭᠤᠨ ᠠᠴᠠ ᠪᠤᠰᠤᠳ ᠮᠣᠩᠭᠣᠯᠴᠤᠳ ᠤᠨ ᠠᠳᠠᠯᠢ ᠪᠤᠷᠬᠠᠨ ᠤ ᠨᠣᠮ ᠰᠤᠳᠤᠯᠤᠨ ᠰᠠᠮᠭᠠᠷᠳᠢᠲᠥᠪᠡᠳ ᠪᠢᠴᠢᠭ ᠡᠴᠡ ᠮᠣᠩᠭᠣᠯᠴᠢᠯᠠᠵᠤ ᠪᠢᠴᠢᠭ ᠲᠦ ᠮᠡᠷᠭᠡᠰᠢᠭᠰᠡᠨ ᠳᠦ 1646 ᠣᠨ ᠳᠤ ᠵᠠᠶ᠎ᠠ ᠪᠠᠨᠳᠢᠳᠠ ᠨᠠᠮᠬᠠᠶᠢᠵᠠᠮᠼᠤ ᠲᠡᠷᠡ ᠦᠶ᠎ᠡ ᠶᠢᠨ ᠮᠣᠩᠭᠣᠯ ᠬᠡᠯᠡᠨ ᠢᠶᠡᠨ ᠲᠠᠭᠠᠷᠠᠭᠤᠯᠤᠨ ᠪᠢᠴᠢᠬᠦ ᠳᠦᠷᠢᠮ ᠢ ᠤᠶᠠᠯᠳᠤᠭᠤᠯᠵᠤ᠂ ᠦᠰᠦᠭ ᠥᠷᠭᠡᠳᠬᠡᠨ ᠬᠡᠯᠡ ᠪᠢᠴᠢᠭ ᠢ ᠣᠶᠢᠷᠠᠲᠤᠭᠤᠯᠵᠤ ᠲᠣᠳᠣᠷᠠᠭᠤᠯᠤᠭᠰᠠᠨ ᠨᠢ ᠲᠣᠳᠣ ᠦᠰᠦᠭ ᠪᠠᠶᠢᠪᠠ᠃ ᠬᠠᠯᠢᠮᠠᠭ᠂ ᠮᠣᠩᠭᠣᠯ ᠤᠨ ᠣᠶᠢᠷᠠᠳ ᠬᠣᠷᠢᠳᠤᠭᠠᠷ ᠵᠠᠭᠤᠨ ᠳᠤ ᠯᠠᠲ᠋ᠢᠨ᠂ ᠺᠢᠷᠢᠯ ᠲᠡᠢ ᠵᠣᠯᠭᠠᠬᠤ ᠬᠦᠷᠲᠡᠯ᠎ᠡ ᠲᠣᠳᠣ ᠪᠢᠴᠢᠭ ᠲᠡᠢ ᠪᠠᠶᠢᠭᠰᠠᠨ ᠪᠣᠯ ᠰᠢᠨᠵᠢᠶᠠᠩ ᠦᠨ ᠣᠶᠢᠷᠠᠳ ᠬᠤᠳᠤᠮ ᠦᠰᠦᠭ ᠦᠨ ᠬᠠᠵᠠᠭᠤ ᠪᠠᠷ ᠣᠳᠣ ᠴᠤ ᠲᠣᠳᠣ ᠦᠰᠦᠭ ᠢᠶᠡᠷ ᠪᠢᠴᠢᠵᠦ ᠪᠠᠶᠢᠨ᠎ᠠ᠃ ᠣᠶᠢᠷᠠᠳ ᠤᠳ ᠪᠡᠶᠡᠯᠡᠬᠦᠬᠥᠬᠡᠮᠡᠢᠯᠡᠬᠦ ᠳᠤᠷᠠᠲᠠᠢ᠂ «ᠵᠢᠩᠭᠠᠷ» ᠪᠠᠭᠠᠲᠤᠷ ᠤᠨ ᠲᠤᠤᠯᠢ ᠬᠠᠶᠢᠯᠠᠳᠠᠭ᠃

ᠨᠡᠷ᠎ᠡᠨᠠᠶᠢᠷᠠᠭᠣᠯᠬᠣ

«ᠣᠶᠢᠷᠠᠳ» ᠬᠡᠮᠡᠬᠦ ᠨᠡᠷ᠎ᠡ ᠶᠢᠨ ᠭᠠᠷᠤᠯ ᠤᠨ ᠲᠠᠯ᠎ᠠ ᠪᠡᠷ ᠬᠢ ᠳᠥᠷᠪᠡᠨ ᠰᠤᠳᠤᠯᠤᠭᠠᠴᠢ ᠶᠢᠨ ᠲᠠᠭᠠᠮᠠᠭ ᠢ ᠡᠨᠳᠡ ᠣᠨᠴᠠᠯᠠᠪᠠ᠃

  1. 19 ᠵᠠᠭᠤᠨ ᠳᠤ ᠬᠠᠭᠠᠨᠲᠤ ᠣᠷᠣᠰ ᠤᠨ ᠣᠷᠴᠢᠭᠤᠯᠤᠭᠴᠢ᠂ ᠬᠠᠷ᠎ᠠ ᠯᠠᠮᠠ ᠨᠢᠺᠢᠲ᠋ᠠ ᠪᠢᠴᠤᠷᠢᠨ ᠤ ᠳᠡᠪᠰᠢᠭᠦᠯᠦᠭᠰᠡᠨ ᠮᠣᠩᠭᠣᠯ ᠺᠢᠷᠢᠯ ᠦᠰᠦᠭ ᠢᠶᠡᠷ ᠣᠶᠢᠷ᠎ᠠ, ᠬᠠᠯᠢᠮᠠᠭ ᠺᠢᠷᠢᠯ ᠦᠰᠦᠭ ᠢᠶᠡᠷ ᠥᠪᠡᠷ (ᠬᠣᠶᠠᠭᠤᠯᠠ «ᠣᠶᠢᠷ᠎ᠠ᠂ ᠳᠥᠲᠡ᠂ ᠬᠣᠯᠠ ᠪᠢᠰᠢ» ᠬᠡᠮᠡᠬᠦ ᠤᠳᠬ᠎ᠠ ᠲᠠᠢ) ᠭᠡᠵᠦ ᠪᠢᠴᠢᠳᠡᠭ ᠦᠭᠡᠨ ᠡᠴᠡ ᠭᠠᠷᠤᠯᠲᠠᠢ ᠭᠡᠰᠡᠨ ᠨᠢ ᠬᠠᠮᠤᠭ ᠤᠨ ᠦᠨᠡᠮᠰᠢᠯ ᠲᠡᠢ ᠲᠠᠭᠠᠮᠠᠭ ᠶᠤᠮ᠃ ᠣᠶᠢᠷ᠎ᠠ ᠭᠡᠬᠦ ᠦᠭᠡᠨ ᠦ ᠠᠷᠤ ᠠᠴᠠ ᠣᠯᠠᠨ ᠲᠣᠭᠠᠨ ᠤ ᠳᠦ ᠨᠥᠬᠥᠴᠡᠯ ᠣᠶᠢᠷ᠎ᠠ ᠳᠦ ᠭᠡᠵᠦ ᠵᠠᠯᠭᠠᠭᠠᠳ «ᠣᠶᠢᠷ᠎ᠠ ᠲᠣᠭᠣᠷᠢᠨ ᠤ ᠶᠠᠭᠤᠮᠠᠰ» ᠭᠡᠰᠡᠨ ᠤᠳᠬ᠎ᠠ ᠪᠦᠬᠦᠢ ᠣᠶᠢᠷᠠᠳ ᠭᠡᠰᠡᠨ ᠦᠭᠡ ᠭᠠᠭᠴᠠ ᠴᠤ ᠦᠰᠦᠭ ᠦᠨ ᠵᠥᠷᠢᠭᠦᠦ ᠦᠭᠡᠢ ᠡᠭᠦᠰᠳᠡᠭ᠃
  2. 19 ᠵᠠᠭᠤᠨ ᠤ ᠣᠷᠣᠰ ᠤᠨ ᠪᠤᠷᠢᠶᠠᠳ ᠡᠷᠳᠡᠮᠲᠡᠨ ᠪ ᠳᠣᠷᠵᠢ «ᠣᠶᠢᠷᠠᠳ» ᠭᠡᠳᠡᠭ ᠨᠢ ᠣᠢ (ᠣᠢ ᠮᠣᠳᠣᠨ ᠤ ᠣᠢ)- ᠠᠷᠠᠳ ᠭᠡᠬᠦ ᠬᠣᠶᠠᠷ ᠦᠭᠡ ᠨᠡᠶᠢᠯᠡᠭᠰᠡᠨ ᠪᠠᠶᠢᠬᠤ ᠭᠡᠰᠡᠨ ᠡᠭᠦᠳᠡᠨ ᠡᠴᠡ «ᠣᠢ ᠶᠢᠨ ᠢᠷᠭᠡᠳ᠂ ᠣᠢ ᠶᠢᠨ ᠠᠷᠠᠳ» ᠭᠡᠬᠦ ᠤᠳᠬ᠎ᠠ ᠶᠢ ᠳᠡᠪᠰᠢᠭᠦᠯᠵᠦ᠂ ᠡᠨᠡ ᠨᠢ ᠴᠤ ᠮᠣᠩᠭᠣᠯ ᠤᠨ ᠨᠢᠭᠤᠴᠠ ᠲᠣᠪᠴᠢᠶᠠᠨ ᠤ ᠣᠷᠴᠢᠭᠤᠯᠭᠠᠨ ᠳᠤ ᠬᠡᠷᠡᠭᠯᠡᠭᠳᠡᠨ ᠲᠡᠦᠬᠡᠨ ᠳᠦ ᠣᠷᠣᠵᠠᠢ᠃
  3. 20 ᠵᠠᠭᠤᠨ ᠤ ᠡᠬᠢᠨ ᠳᠦ ᠹᠢᠨᠯᠠᠨ᠋ᠳ᠋ ᠍ ᠤᠨ ᠰᠸᠸᠳᠡᠨ ᠡᠷᠳᠡᠮᠲᠡᠨ ᠭ ᠷᠠᠮᠰᠲ᠋ᠧᠳᠲ «ᠣᠶᠢᠷᠠᠳ» «ᠣᠭᠤᠵᠠ» ᠬᠣᠶᠠᠷ ᠢ ᠬᠣᠯᠪᠣᠨ ᠳᠤᠷᠠᠳᠴᠤ ᠪᠠᠶᠢᠪᠠ᠃
  4. 1993 ᠣᠨ ᠳᠤ ᠣᠷᠣᠰ ᠤᠨ ᠬᠠᠯᠢᠮᠠᠭ ᠡᠷᠳᠡᠮᠲᠡᠨ ᠨ ᠤᠪᠤᠱᠠᠸ ᠺᠣᠢᠷᠠ (ᠨᠣᠬᠠᠢ) ᠭᠡᠬᠦ ᠦᠭᠡ ᠲᠡᠢ ᠬᠣᠯᠪᠣᠭᠳᠠᠭᠤᠯᠤᠨ ᠴᠢᠨᠣ᠎ᠠᠨᠣᠬᠠᠢ ᠶᠢ ᠳᠡᠭᠡᠳᠦᠯᠡᠬᠦ ᠦᠵᠡᠯ ᠡᠴᠡ ᠭᠠᠷᠤᠭᠰᠠᠨ ᠤᠤ ᠭᠡᠬᠦ ᠰᠠᠨᠠᠯ ᠳᠡᠪᠰᠢᠭᠦᠯᠦᠭᠰᠡᠨ᠃

ᠠᠩᠬᠠᠷᠬᠣ ᠨᠡᠷ᠎ᠡᠨᠠᠶᠢᠷᠠᠭᠣᠯᠬᠣ

ᠣᠶᠢᠷᠠᠳ ᠢ (ᠠᠩᠭᠯᠢ ᠪᠠᠷ Oirats) ᠣᠯᠠᠨ ᠤᠯᠤᠰ ᠲᠤ ᠳᠣᠣᠷᠠᠬᠢ ᠤᠳᠬ᠎ᠠ ᠪᠠᠷ ᠲᠥᠯᠦᠭᠡᠯᠡᠭᠦᠯᠵᠦ ᠪᠢᠴᠢᠬᠦ ᠨᠢ ᠪᠠᠶᠢᠳᠠᠭ᠃

  • ᠪᠠᠷᠠᠭᠤᠨ ᠮᠣᠩᠭᠣᠯ – ᠪᠠᠶᠢᠷᠢᠰᠢᠯ ᠢᠶᠠᠷ ᠨᠢ
  • ᠬᠠᠯᠢᠮᠠᠭ – ᠧᠦ᠋ᠷᠣᠫᠠ ᠳᠤ ᠣᠶᠢᠷ᠎ᠠ ᠬᠡᠰᠡᠭ ᠢᠶᠡᠷ ᠨᠢ
  • ᠵᠦᠩᠭᠠᠷ – ᠲᠡᠦᠬᠡᠨ ᠤᠯᠤᠰ ᠤᠨ ᠨᠡᠷ᠎ᠡ ᠪᠡᠷ ᠨᠢ

ᠲᠡᠦᠬᠡᠨᠠᠶᠢᠷᠠᠭᠣᠯᠬᠣ

ᠳᠤᠮᠳᠠᠳᠤ ᠵᠠᠭᠤᠨ ᠤ ᠦᠶ᠎ᠡ ᠶᠢᠨ ᠣᠶᠢᠷᠠᠳ ᠤᠨ ᠭᠠᠵᠠᠷ ᠤᠨ ᠵᠢᠷᠤᠭ᠃ ᠪᠠᠯᠬᠠᠰ ᠨᠠᠭᠤᠷ᠂ ᠢᠯᠢ᠂ ᠡᠷᠴᠢᠰ᠂ ᠣᠪᠢ ᠮᠥᠷᠡᠨ ᠢ ᠵᠢᠷᠤᠭᠰᠠᠨ ᠪᠠᠶᠢᠨ᠎ᠠ

ᠬᠦᠮᠦᠨ ᠠᠮᠠ ᠶᠢᠨ ᠲᠣᠭ᠎ᠠ᠂ ᠨᠤᠲᠤᠭ᠂ ᠣᠪᠤᠭ ᠠᠶᠢᠮᠠᠭᠨᠠᠶᠢᠷᠠᠭᠣᠯᠬᠣ

ᠡᠳᠦᠭᠡ ᠪᠠᠲᠤ ᠲᠠᠢ ᠣᠶᠢᠷᠠᠳ ᠤᠨ ᠶᠠᠰᠤᠲᠤ ᠬᠦᠮᠦᠨ ᠭᠡᠪᠡᠯ 700 ᠮᠢᠩᠭ᠎ᠠ ᠪᠠᠶᠢᠨ᠎ᠠ᠃ ᠡᠭᠦᠨ ᠡᠴᠡ ᠬᠢᠲᠠᠳ ᠲᠤ 250 ᠮᠢᠩᠭ᠎ᠠ᠂ ᠮᠣᠩᠭᠣᠯ ᠳᠤ 240 ᠮᠢᠩᠭ᠎ᠠ᠂ ᠣᠷᠣᠰ ᠲᠤ 190 ᠮᠢᠩᠭ᠎ᠠ ᠪᠤᠢ᠃

ᠮᠣᠩᠭᠣᠯ ᠤᠯᠤᠰ ᠲᠤᠨᠠᠶᠢᠷᠠᠭᠣᠯᠬᠣ

ᠮᠣᠩᠭᠣᠯ ᠤᠯᠤᠰ ᠤᠨ ᠬᠦᠮᠦᠨ ᠠᠮᠠ ᠶᠢᠨ ᠶᠠᠰᠤ ᠦᠨᠳᠦᠰᠦ᠂ ᠤᠭᠰᠠᠭᠠᠲᠠᠨ ᠤ ᠵᠦᠢ ᠶᠢᠨ ᠭᠠᠵᠠᠷ ᠤᠨ ᠵᠢᠷᠤᠭ᠃ 1979 ᠣᠨ

ᠮᠣᠩᠭᠣᠯ ᠤᠯᠤᠰ 2010 ᠣᠨ ᠳᠤ ᠬᠦᠮᠦᠨ ᠠᠷᠤ ᠳᠠᠭᠠᠨ ᠲᠣᠭᠠᠯᠠᠬᠤ ᠳᠤ ᠰᠠᠭᠤᠷᠢᠨ ᠬᠦᠮᠦᠨ ᠠᠮᠠ ᠶᠢᠨ 9.0 ᠬᠤᠪᠢ᠂ 236 ᠮᠢᠩᠭ᠎ᠠ ᠨᠢ ᠣᠶᠢᠷᠠᠳ ᠤᠨ ᠶᠠᠰᠤᠲᠠᠨ ᠪᠠᠶᠢᠯ᠎ᠠ᠃[5] ᠡᠭᠦᠨ ᠳᠦ ᠲᠣᠷᠭᠤᠳᠳᠥᠷᠪᠡᠳ (ᠳᠥᠷᠪᠡ ᠳᠦ ᠳᠣᠲᠣᠷ᠎ᠠ ᠬᠣᠲᠠᠨ), ᠪᠠᠶᠠᠳᠵᠠᠬᠠᠴᠢᠨ ᠮᠢᠩᠭᠠᠳᠬᠣᠶᠢᠳᠤᠬᠣᠱᠤᠳᠥᠭᠡᠯᠡᠳᠤᠷᠢᠶᠠᠩᠬᠠᠢ ᠪᠠᠶᠢᠨ᠎ᠠ᠃ ᠤᠨᠠᠭᠠᠨ ᠤᠪᠰᠤᠬᠣᠪᠳᠣᠪᠠᠶᠠᠨ-ᠥᠯᠥᠭᠡᠢᠬᠥᠪᠰᠥᠭᠥᠯ ᠠᠶᠢᠮᠠᠭ ᠪᠣᠯᠤᠨ ᠤᠯᠠᠭᠠᠨᠪᠠᠭᠠᠲᠤᠷ ᠨᠡᠶᠢᠰᠯᠡᠯ ᠳᠦ ᠣᠷᠣᠰᠢᠨ ᠰᠠᠭᠤᠵᠤ ᠪᠠᠶᠢᠨ᠎ᠠ᠃ ᠠᠵᠤ ᠦᠢᠯᠡᠳᠪᠦᠷᠢᠵᠢᠯᠲᠡ᠂ ᠠᠲᠠᠷ ᠤᠨ ᠠᠶᠠᠨ ᠢᠶᠠᠷ ᠳᠠᠷᠬᠠᠨᠡᠷᠳᠡᠨᠢᠲᠦᠰᠡᠯᠡᠩᠭᠡ ᠶᠢ ᠵᠣᠷᠢᠭᠰᠠᠨ ᠨᠢ ᠴᠥᠭᠡᠨ ᠦᠭᠡᠢ᠃

ᠶᠠᠰᠤ᠂ ᠠᠶᠢᠮᠠᠭ 2000 ᠣᠨ 2010 ᠣᠨ[5] 2010 ᠣᠨ ᠳᠤ ᠭᠣᠣᠯᠳᠠᠭᠤ ᠬᠠᠮᠢᠭ᠎ᠠ ᠨᠤᠲᠤᠭᠯᠠᠵᠤ ᠪᠠᠶᠢᠪᠠ
ᠳᠥᠷᠪᠡ ᠳᠦ 66,706 72,403 ᠤᠪᠰᠤ (42.9%), ᠣᠯᠠᠭᠠᠨᠪᠠᠭᠠᠳᠣᠷ (31.3%), ᠬᠣᠪᠳᠣ (7.1%)
ᠪᠠᠶᠠᠳ 50,824 56,573 ᠤᠪᠰᠤ (45.4%), ᠣᠯᠠᠭᠠᠨᠪᠠᠭᠠᠳᠣᠷ (32.5%), ᠳᠠᠷᠬᠠᠨ-ᠠᠭᠤᠯᠠ (6.9%)
ᠵᠠᠬᠠᠴᠢᠨ 29,766 32,845 ᠬᠣᠪᠳᠣ (60.3%), ᠣᠯᠠᠭᠠᠨᠪᠠᠭᠠᠳᠣᠷ (26.2%), ᠳᠠᠷᠬᠠᠨ-ᠠᠭᠤᠯᠠ (4.9%)
ᠤᠷᠢᠶᠠᠩᠬᠠᠢ 25,183 26,654 ᠬᠣᠪᠳᠣ (23.4%), ᠣᠯᠠᠭᠠᠨᠪᠠᠭᠠᠳᠣᠷ (23.0%), ᠪᠠᠶᠠᠨ-ᠥᠯᠥᠭᠡᠢ (19.9%)
ᠥᠭᠡᠯᠡᠳ 14,634 15,520 ᠣᠯᠠᠭᠠᠨᠪᠠᠭᠠᠳᠣᠷ (38.9%), ᠬᠣᠪᠳᠣ (32.1%), ᠠᠷᠤᠬᠠᠩᠭᠠᠢ (16.4%)
ᠲᠣᠷᠭᠤᠳ 12,628 14,176 ᠬᠣᠪᠳᠣ (44.1%), ᠣᠯᠠᠭᠠᠨᠪᠠᠭᠠᠳᠣᠷ (40.3%), ᠳᠠᠷᠬᠠᠨ-ᠠᠭᠤᠯᠠ (6.3%)
ᠬᠣᠲᠣᠩ 9,014 11,304 ᠤᠪᠰᠤ (47.6%), ᠣᠷᠬᠣᠨ (17.3%), ᠰᠡᠯᠡᠩᠭᠡ (14.4%)
ᠮᠢᠩᠭᠠᠳ 6,082 6,592 ᠬᠣᠪᠳᠣ (57.0%), ᠣᠯᠠᠭᠠᠨᠪᠠᠭᠠᠳᠣᠷ (29.7%), ᠤᠪᠰᠤ (2.7%)
ᠨᠡᠶᠢᠯᠡᠪᠦᠷᠢ 214,837 236,067 ᠣᠯᠠᠭᠠᠨᠪᠠᠭᠠᠳᠣᠷ᠂ ᠤᠪᠰᠣ᠂ ᠬᠣᠪᠳᠣ᠂ ᠳᠠᠷᠬᠠᠨ-ᠠᠭᠤᠯᠠ᠂ ᠣᠷᠬᠣᠨ᠂ ᠰᠡᠯᠡᠩᠭᠡ

ᠮᠥᠨ ᠳᠠᠷᠬᠠᠳᠬᠣᠲᠣᠭᠣᠶᠢᠳᠳᠠᠷᠢᠭᠠᠩᠭ᠎ᠠ ᠶᠠᠰᠤᠲᠠᠨ ᠢ ᠪᠦᠷᠢᠳᠦᠭᠦᠯᠬᠦ ᠳᠦ ᠣᠶᠢᠷᠠᠳ ᠣᠷᠣᠯᠴᠠᠭᠰᠠᠨ ᠭᠡᠳᠡᠭ᠃

ᠳᠤᠮᠳᠠᠳᠤ ᠤᠯᠤᠰ ᠲᠤᠨᠠᠶᠢᠷᠠᠭᠣᠯᠬᠣ

ᠮᠣᠩᠭᠣᠯ᠂ ᠬᠢᠲᠠᠳ ᠳᠠᠬᠢ ᠣᠶᠢᠷᠠᠳ ᠠᠶᠠᠯᠭᠤᠨ ᠤ ᠲᠣᠶᠢᠮᠣ ᠲᠡᠳᠦᠢ ᠭᠠᠵᠠᠷ ᠤᠨ ᠵᠢᠷᠤᠭ  (ᠣᠷᠣᠰ᠃)

ᠳᠤᠮᠳᠠᠳᠤ ᠤᠯᠤᠰ ᠲᠤ ᠮᠣᠩᠭᠣᠯ ᠦᠨᠳᠦᠰᠦᠲᠡᠨ ᠭᠡᠵᠦ ᠪᠦᠷᠢᠳᠬᠡᠳᠡᠭ ᠪᠣᠯᠬᠣᠷ ᠲᠡᠷᠡ ᠳᠣᠲᠣᠷᠠᠬᠢ ᠣᠶᠢᠷᠠᠳ ᠤᠨ ᠲᠣᠭ᠎ᠠ ᠶᠢ ᠢᠯᠭᠠᠨ ᠮᠡᠳᠡᠬᠦ ᠬᠡᠴᠡᠭᠦᠦ᠃ ᠨᠤᠲᠤᠭ ᠢᠶᠠᠷ ᠪᠠᠷᠢᠮᠵᠢᠶᠠᠯᠠᠭᠰᠠᠨ ᠰᠤᠳᠤᠯᠭ᠎ᠠ ᠶᠢ ᠳᠣᠣᠷ᠎ᠠ ᠬᠦᠰᠦᠨᠦᠭᠲᠦᠯᠡᠪᠡ᠃ ᠰᠢᠨᠵᠢᠶᠠᠩ ᠳᠤ 150 ᠮᠢᠩᠭ᠎ᠠ᠂ ᠬᠥᠬᠡᠨᠠᠭᠤᠷ ᠲᠤ 80 ᠮᠢᠩᠭ᠎ᠠ᠂ ᠪᠤᠰᠤᠳ ᠭᠠᠵᠠᠷ ᠲᠤ 20 ᠮᠢᠩᠭ᠎ᠠ ᠭᠡᠳ ᠪᠦᠭᠦᠳᠡ 250 ᠮᠢᠩᠭ᠎ᠠ ᠪᠠᠶᠢᠨ᠎ᠠ᠃ ᠰᠢᠨᠵᠢᠶᠠᠩ ᠤᠨ ᠲᠣᠷᠭᠤᠳᠬᠣᠱᠤᠳᠤᠷᠢᠶᠠᠩᠬᠠᠢᠥᠭᠡᠯᠡᠳᠬᠥᠬᠡᠨᠠᠭᠤᠷ ᠲᠤ ᠬᠣᠱᠤᠳ (ᠳᠡᠭᠡᠳᠦ ᠮᠣᠩᠭᠣᠯ), ᠥᠪᠥᠷ ᠮᠣᠩᠭᠣᠯ ᠍ ᠤᠨ ᠠᠯᠠᠱᠠ ᠳᠦ ᠬᠣᠱᠤᠳ᠂ ᠲᠣᠷᠭᠤᠳ᠂ ᠬᠥᠯᠦᠨ ᠪᠤᠶᠢᠷ ᠲᠤ ᠥᠭᠡᠯᠡᠳ ᠪᠠᠶᠢᠳᠠᠭ᠃

ᠮᠤᠵᠢ᠂ ᠣᠷᠣᠨ ᠠᠶᠢᠮᠠᠭ᠂ ᠬᠣᠲᠠ ᠬᠦᠮᠦᠨ ᠠᠮᠠ ᠶᠠᠰᠤ᠂ ᠠᠶᠢᠮᠠᠭ; ᠣᠯᠠᠩᠬᠢ ᠶᠢᠨ ᠨᠤᠲᠤᠭ
ᠰᠢᠨᠵᠢᠶᠠᠩ ᠪᠠᠶᠠᠨᠭᠣᠣᠯ 49,000 ᠲᠣᠷᠭᠤᠳ᠂ ᠬᠣᠱᠤᠳ; ᠬᠡᠵᠢᠨ ᠰᠢᠶᠠᠨ ᠳᠤ 30000
ᠪᠣᠷᠲᠠᠯ 26,000 ᠶᠡᠬᠡᠪᠴᠢᠯᠡᠨ ᠲᠣᠷᠭᠤᠳ; ᠷᠠᠰᠢᠶᠠᠨ ᠰᠢᠶᠠᠨ ᠳᠤ 11000
ᠢᠯᠢ 34,000 ᠥᠭᠡᠯᠡᠳ; ᠮᠣᠩᠭᠣᠯᠬᠢᠷᠢᠶ᠎ᠡ ᠰᠢᠶᠠᠨ ᠳᠤ 17000
ᠲᠠᠷᠪᠠᠭᠠᠲᠠᠢ 32,300 ᠲᠣᠷᠭᠤᠳ; ᠬᠣᠪᠣᠭᠰᠠᠶᠢᠷ ᠰᠢᠶᠠᠨ ᠳᠤ 17000
ᠥᠷᠦᠮᠴᠢ 7,000 ᠶᠡᠬᠡᠪᠴᠢᠯᠡᠨ ᠲᠣᠷᠭᠤᠳ᠂ ᠬᠣᠱᠤᠳ᠂ ᠥᠭᠡᠯᠡᠳ
ᠬᠠᠷᠮᠠᠢ 2,000 ᠲᠣᠷᠭᠤᠳ
ᠬᠠᠮᠢᠯ 2,000 ᠪᠠᠷᠬᠡᠯ ᠰᠢᠶᠠᠨ ᠳᠤ ᠰᠠᠭᠤᠳᠠᠭ
ᠴᠣᠨᠵᠢ 2,000 ᠵᠢᠮᠢᠰ ᠶᠢᠡᠷ ᠰᠢᠶᠠᠨ ᠳᠤ ᠰᠠᠭᠤᠳᠠᠭ
ᠬᠥᠬᠡᠨᠠᠭᠤᠷ 70,000 ᠬᠠᠶᠢᠰᠢ (ᠴᠠᠶᠢᠳᠠᠮ), ᠬᠢᠨᠠᠨ ᠳᠤ ᠪᠠᠶᠢᠨ᠎ᠠ
ᠭᠠᠨᠰᠤ ᠰᠦ᠋ᠪᠡᠢ ᠰᠢᠶᠠᠨ ᠳᠤ ᠪᠠᠶᠢᠵᠤ ᠮᠠᠭᠠᠳ ᠦᠭᠡᠢ
ᠥᠪᠥᠷ ᠮᠣᠩᠭᠣᠯ ᠠᠯᠠᠱᠠ ᠠᠯᠠᠱᠠ ᠬᠣᠱᠤᠳ᠂ ᠡᠵᠡᠨ᠎ᠡ ᠲᠣᠷᠭᠤᠳ
ᠬᠥᠯᠦᠨ ᠪᠤᠶᠢᠷ ᠡᠪᠡᠩᠬᠡ ᠬᠣᠰᠢᠭᠤᠨ ᠤ ᠢᠮᠢᠨ ᠭᠣᠣᠯ ᠤᠨ ᠡᠷᠭᠢ ᠳᠦ

ᠣᠷᠣᠰ ᠤᠯᠤᠰ ᠲᠤᠨᠠᠶᠢᠷᠠᠭᠣᠯᠬᠣ

ᠹᠠᠢᠢᠯ:ᠺᠠᠷᠲᠠ ᠺᠠᠯᠮ ᠤᠴᠺᠣᠭᠣ ᠢᠵᠠ ᠤᠺᠠ᠃ ᠫᠠᠸᠯᠠᠪᠠ ᠳ᠃ᠠ᠃ 1971 ᠭᠷᠠᠮ᠃.png
1971 ᠣᠨ ᠳᠤ ᠵᠢᠷᠤᠭᠰᠠᠨ ᠨᠤᠲᠤᠭ ᠤᠨ ᠠᠶᠠᠯᠭᠤᠨ ᠤ ᠭᠠᠵᠠᠷ ᠤᠨ ᠵᠢᠷᠤᠭ᠃ ᠤᠯᠠᠪᠢᠷ ᠰᠢᠷ᠎ᠠ ᠪᠠᠷ ᠲᠣᠷᠭᠤᠳ᠂ ᠡᠯᠡᠰᠦᠨ ᠰᠢᠷ᠎ᠠ ᠪᠠᠷ ᠳᠥᠷᠪᠡᠳ ᠢ ᠵᠢᠷᠤᠵᠠᠢ

ᠣᠷᠣᠰ ᠤᠯᠤᠰ ᠲᠤ ᠺᠠᠰᠫ ᠦᠨ ᠲᠡᠩᠭᠢᠰ᠂ ᠢᠵᠢᠯ ᠮᠥᠷᠡᠨ ᠦ ᠡᠷᠭᠢ ᠳᠦ ᠬᠠᠯᠢᠮᠠᠭ ᠣᠷᠣᠨ ᠪᠠᠶᠢᠨ᠎ᠠ᠃ 2010 ᠣᠨ ᠤ ᠬᠦᠮᠦᠨ ᠠᠮᠠ ᠶᠢᠨ ᠲᠣᠭᠠᠯᠠᠯᠭ᠎ᠠ ᠠᠴᠠ ᠦᠵᠡᠪᠡᠯ ᠬᠠᠯᠢᠮᠠᠭ ᠲᠤ 162,740 (ᠬᠦᠮᠦᠨ ᠠᠮᠠ ᠶᠢᠨ 58 ᠬᠤᠪᠢ), ᠠᠰᠲᠷᠠᠬᠠᠨᠢ ᠮᠤᠵᠢ ᠳᠤ 6,624, ᠮᠣᠰᠺᠸᠠ ᠬᠣᠳᠠ ᠳᠤ 3,996, ᠨᠡᠶᠢᠲᠡ ᠣᠷᠣᠰ ᠳᠠᠶᠠᠭᠠᠷ 183,372 ᠬᠠᠯᠢᠮᠠᠭ ᠪᠤᠶᠤ ᠣᠶᠢᠷᠠᠳ ᠬᠦᠮᠦᠨ ᠪᠠᠶᠢᠨ᠎ᠠ᠃[3]

ᠬᠠᠯᠢᠮᠠᠭ ᠭᠡᠵᠦ ᠨᠢᠭᠡᠳᠬᠡᠨ ᠪᠦᠷᠢᠳᠬᠡᠳᠡᠭ ᠪᠣᠯᠬᠤ ᠠᠴᠠ ᠡᠮᠦᠨ᠎ᠡ ᠬᠠᠮᠤᠭ ᠤᠨ ᠰᠡᠭᠦᠯ ᠳᠦ 1861 ᠣᠨ ᠳᠤ ᠣᠪᠤᠭ ᠠᠶᠢᠮᠠᠭ ᠢᠶᠠᠷ ᠪᠦᠷᠢᠳᠬᠡᠵᠡᠢ᠃ ᠡᠭᠦᠨ ᠳᠦ 45% ᠨᠢ ᠲᠣᠷᠭᠤᠳ᠂ 34 ᠬᠤᠪᠢ ᠨᠢ ᠳᠥᠷᠪᠡᠳ᠂ 15 ᠬᠤᠪᠢ ᠨᠢ ᠪᠤᠵᠠᠸᠠ᠂ 6 ᠬᠤᠪᠢ ᠨᠢ ᠬᠣᠱᠤᠳ ᠪᠠᠶᠢᠪᠠ᠃ ᠣᠳᠣ ᠴᠤ ᠭᠡᠰᠡᠨ ᠲᠡᠷᠡ ᠳ᠋ᠦᠩ ᠢᠶᠡᠨ ᠪᠠᠷᠢᠨ ᠲᠣᠭᠠᠴᠠᠪᠠᠯ 80 ᠮᠢᠩᠭᠠᠨ ᠲᠣᠷᠭᠤᠳ᠂ 60 ᠮᠢᠩᠭᠠᠨ ᠳᠥᠷᠪᠡ ᠳᠦ᠂ 30 ᠮᠢᠩᠭᠠᠨ ᠪᠤᠵᠠᠸᠠ᠂ 10 ᠮᠢᠩᠭᠠᠨ ᠬᠣᠰᠢ ᠨᠤᠭᠤᠳ ᠠᠴᠠ ᠪᠥᠷᠢᠳᠴᠦ ᠪᠠᠶᠢᠭ᠎ᠠ ᠶᠤᠮ᠃

ᠣᠷᠣᠰ ᠤᠨ ᠠᠯᠲᠠᠢ ᠶᠠᠰᠤᠲᠠᠨ ᠢ 1948 ᠣᠨ ᠬᠦᠷᠲᠡᠯ᠎ᠡ ᠣᠶᠢᠷᠠᠳ ᠭᠡᠭᠳᠡᠵᠦ ᠶᠠᠪᠤᠭᠰᠠᠨ ᠤ ᠬᠤᠪᠢ ᠳᠤ᠂ ᠲᠤᠸᠠ ᠶᠢ ᠤᠷᠢᠶᠠᠩᠬᠠᠢ ᠭᠡᠭᠳᠡᠵᠦ ᠶᠠᠪᠤᠭᠰᠠᠨ ᠤ ᠬᠤᠪᠢ ᠳᠤ ᠬᠠᠮᠢᠶᠠᠳᠠᠭᠤᠯᠬᠤ ᠨᠢ ᠪᠠᠶᠢᠳᠠᠭ᠃

ᠪᠤᠰᠤᠳ ᠣᠷᠣᠨ ᠳᠤᠨᠠᠶᠢᠷᠠᠭᠣᠯᠬᠣ

ᠬᠢᠷᠭᠢᠰ ᠤᠯᠤᠰ ᠲᠤ «ᠬᠠᠯᠢᠮᠠᠭ» ᠭᠡᠵᠦ ᠪᠦᠷᠢᠳᠬᠡᠭᠳᠡᠳᠡᠭ ᠣᠶᠢᠷᠠᠳ ᠪᠠᠶᠢᠨ᠎ᠠ᠃ ᠢᠰᠯᠠᠮ ᠱᠠᠰᠢᠨ ᠲᠠᠢ ᠪᠣᠯᠤᠭᠰᠠᠨ ᠤ ᠬᠤᠪᠢ ᠳᠤ ᠬᠣᠲᠠᠨ ᠬᠠᠯᠢᠮᠠᠭ ᠭᠡᠨ᠎ᠡ᠃ 1999 ᠣᠨ ᠳᠤ 5,824 ᠪᠠᠶᠢᠭᠰᠠᠨ ᠢᠶᠠᠨ 2009 ᠣᠨ ᠪᠣᠯᠬᠤ ᠳᠤ 4,188 ᠬᠦᠮᠦᠨ ᠬᠠᠯᠢᠮᠠᠭ ᠭᠡᠵᠦ ᠮᠡᠳᠡᠭᠦᠯᠵᠡᠢ᠃ ᠡᠭᠦᠨ ᠡᠴᠡ 2,805 ᠨᠢ ᠠᠺ-ᠰᠤᠢ᠂ 679 ᠨᠢ ᠬᠠᠷᠭᠣᠯ ᠬᠣᠳᠠ ᠳᠤ ᠣᠷᠣᠰᠢᠨ ᠰᠠᠭᠤᠵᠤ ᠪᠠᠶᠢᠨ᠎ᠠ᠃ ᠭᠡᠬᠦ ᠳᠦ ᠪᠡᠨ ᠥᠪᠡᠷᠰᠡᠳ ᠢ ᠪᠡᠨ ᠬᠢᠷᠭᠢᠰ ᠭᠡᠵᠦ ᠪᠦᠷᠢᠳᠬᠡᠭᠦᠯᠳᠡᠭ ᠪᠣᠯᠤᠭᠰᠠᠨ ᠢ ᠣᠷᠣᠭᠤᠯᠤᠭᠠᠳ ᠬᠣᠲᠠᠨ ᠬᠠᠯᠢᠮᠠᠭ ᠤᠳ ᠢ 10,000 ᠭᠠᠷᠤᠢ ᠪᠠᠶᠢᠭ᠎ᠠ ᠭᠡᠵᠦ ᠲᠣᠭᠠᠴᠠᠳᠠᠭ᠃

ᠣᠶᠢᠷᠠᠳ ᠭᠡᠳᠡᠭ ᠨᠢ ᠮᠡᠳᠡᠭᠳᠡᠵᠦ ᠪᠠᠶᠢᠭ᠎ᠠ ᠠᠴᠠ ᠬᠡᠯᠡᠪᠡᠯ ᠠᠮᠧᠷᠢᠺᠠ ᠶᠢᠨ ᠨᠢᠭᠡᠳᠦᠭᠰᠡᠨ ᠤᠯᠤᠰ ᠍ ᠳᠦ 2000, ᠴᠧᠬᠡ ᠳᠦ 2000, ᠹᠷᠠᠨᠼᠢ ᠳᠤ 800, ᠬᠠᠰᠠᠭ ᠲᠤ 1000, ᠦᠺᠷᠠᠶᠢᠨ ᠳᠤ 700 ᠣᠷᠴᠢᠮ ᠬᠠᠯᠢᠮᠠᠭ ᠪᠤᠶᠤ ᠣᠶᠢᠷᠠᠳ ᠪᠠᠶᠢᠨ᠎ᠠ᠃ ᠮᠣᠩᠭᠣᠯ ᠤᠯᠤᠰ ᠤᠨ 100 ᠮᠢᠩᠭ᠎ᠠ ᠭᠠᠷᠤᠢ ᠢᠷᠭᠡᠨ ᠭᠠᠳᠠᠭᠠᠳᠤ ᠳᠤ ᠠᠵᠢᠯᠯᠠᠵᠤ ᠠᠮᠢᠳᠤᠷᠠᠵᠤ ᠪᠠᠶᠢᠭ᠎ᠠ᠂ ᠲᠡᠳᠡᠨ ᠢ ᠳᠡᠭᠡᠷ᠎ᠡ ᠲᠣᠭᠠᠴᠠᠭᠠᠨ ᠳᠤ ᠣᠷᠣᠭᠤᠯᠤᠭ᠎ᠠ ᠦᠭᠡᠢ ᠶᠢ ᠪᠣᠳᠣᠨ ᠵᠢᠩᠯᠡᠪᠡᠯ 10,000 ᠮᠢᠩᠭ᠎ᠠ ᠣᠷᠴᠢᠮ ᠨᠢ ᠣᠶᠢᠷᠠᠳ ᠪᠠᠶᠢᠬᠤ ᠪᠣᠯᠤᠮᠵᠢ ᠲᠠᠢ᠃ ᠲᠠᠯ᠎ᠠ ᠠᠴᠠ ᠢᠯᠡᠭᠦᠦ ᠨᠢ ᠡᠮᠦᠨᠡᠲᠦ ᠰᠣᠯᠣᠩᠭᠣᠰ᠂ ᠠᠮᠧᠷᠢᠺᠠ ᠬᠣᠶᠠᠷ ᠲᠤ ᠪᠠᠶᠢᠭ᠎ᠠ᠃

ᠵᠦᠩᠭᠠᠷ ᠤᠨ ᠬᠠᠭᠠᠨᠲᠤ ᠤᠯᠤᠰ 600,000 ᠣᠶᠢᠷᠠᠳ ᠬᠦᠮᠦᠨ ᠠᠮᠠ ᠲᠠᠢ ᠪᠠᠶᠢᠭᠰᠠᠨ ᠴᠤ ᠮᠠᠨᠵᠤ ᠶᠢᠨ ᠲᠩᠷᠢ ᠶᠢᠨ ᠲᠡᠳᠬᠦᠭᠰᠡᠨ ᠬᠠᠭᠠᠨ ᠤ 15-18 ᠍ ᠳᠦᠭᠡᠷ ᠣᠨ ᠪᠤᠶᠤ 1755-1758 ᠣᠨ ᠳᠤ ᠮᠣᠩᠭᠣᠯ ᠤᠨ ᠵᠦᠩᠭᠠᠷ ᠤᠨ ᠬᠠᠭᠠᠨᠲᠤ ᠤᠯᠤᠰ ᠍ ᠢ ᠡᠵᠡᠯᠡᠨ ᠣᠶᠢᠷᠠᠳ ᠤᠳ ᠢ ᠮᠠᠨᠵᠤ ᠶᠢᠨ ᠡᠰᠡᠷᠬᠦ ᠳᠠᠬᠢᠨ ᠲᠡᠮᠡᠴᠡᠬᠦ ᠡᠴᠡ ᠰᠡᠷᠭᠡᠶᠢᠯᠡᠵᠦ ᠵᠤᠩᠭ᠋ᠠᠷᠴᠤᠳ ᠤᠨ ᠭᠤᠷᠪᠠᠨ ᠤ ᠬᠣᠶᠠᠷ ᠢ ᠨᠢ ᠬᠢᠲᠤᠵᠤ ᠳᠠᠭᠤᠰᠬᠠᠭᠰᠠᠨ ᠪᠢᠯᠡ᠃

ᠭᠠᠵᠠᠷ ᠨᠤᠲᠤᠭᠨᠠᠶᠢᠷᠠᠭᠣᠯᠬᠣ

ᠣᠶᠢᠷᠠᠳ ᠤᠳ ᠨᠢ ᠡᠷᠲᠡ ᠴᠠᠭ ᠲᠤ ᠪᠠᠶᠢᠭᠠᠯ ᠨᠠᠭᠤᠷ ᠤᠨ ᠪᠠᠷᠠᠭᠤᠨ ᠡᠷᠭᠢ ᠳᠦ ᠪᠠᠶᠢᠭᠠᠳ ᠬᠣᠵᠢᠮ ᠨᠢ ᠤᠷᠤᠭᠰᠢ ᠨᠡᠭᠦᠵᠢ ᠪᠡᠨ᠃ ᠳᠥᠷᠪᠡᠨ ᠣᠶᠢᠷᠠᠳ ᠨᠢ ᠠᠯᠲᠠᠢ ᠶᠢᠨ ᠨᠢᠷᠤᠭᠤᠨ ᠤ ᠪᠠᠷᠠᠭᠤᠨ ᠵᠡᠭᠦᠨ ᠲᠠᠯ᠎ᠠ᠂ ᠲᠩᠷᠢ ᠠᠭᠤᠯᠠ᠂ ᠪᠠᠯᠬᠠᠰ ᠨᠠᠭᠤᠷ᠂ ᠢᠰᠢᠺᠦᠶᠢᠯᠢ ᠨᠠᠭᠤᠷ᠂ ᠲᠠᠷᠪᠠᠭᠲᠠᠢ ᠶᠢᠨ ᠨᠢᠷᠤᠭᠤ ᠬᠣᠶᠢᠰᠢᠶ᠎ᠠ ᠶᠢ ᠪᠠᠨ ᠶᠡᠨᠢᠰᠡᠢ᠂ ᠣᠪᠢ᠂ ᠡᠷᠴᠢᠰ ᠮᠥᠷᠡᠨ ᠦ ᠰᠠᠪᠠ ᠭᠠᠵᠠᠷ ᠢ ᠪᠠᠭᠲᠠᠭᠠᠭᠰᠠᠨ ᠥᠷᠭᠡᠨ ᠠᠭᠤᠳᠠᠮ ᠨᠤᠲᠤᠭ ᠲᠤ ᠠᠮᠢᠳᠤᠷᠠᠵᠤ ᠪᠠᠶᠢᠴᠠᠢ᠃

ᠰᠤᠶᠤᠯᠨᠠᠶᠢᠷᠠᠭᠣᠯᠬᠣ

ᠤᠩᠰᠢᠬᠤ ᠪᠢᠴᠢᠭᠨᠠᠶᠢᠷᠠᠭᠣᠯᠬᠣ

ᠡᠰᠢᠯᠡᠯᠨᠠᠶᠢᠷᠠᠭᠣᠯᠬᠣ

  1. ᠤᠪᠰᠤ ᠠᠶᠢᠮᠠᠭ ᠳᠠᠬᠢ ᠣᠶᠢᠷᠠᠳ ᠤᠨ ᠲᠣᠭ᠎ᠠ ᠶᠢ ᠭᠠᠷᠭᠠᠬᠤ ᠳᠤ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩᠭᠡ ᠡᠴᠡ ᠲᠤᠬᠠᠢ ᠶᠢᠨ ᠶᠠᠰᠤᠲᠠᠨ ᠤ ᠲᠣᠭ᠎ᠠ᠂ ᠠᠶᠢᠮᠠᠭ᠂ ᠨᠡᠶᠢᠰᠯᠡᠯ ᠳᠦ ᠲᠠᠷᠬᠠᠨ ᠰᠠᠭᠤᠭᠰᠠᠨ ᠬᠤᠪᠢ ᠶᠢ ᠬᠠᠷᠢᠴᠠᠭᠤᠯᠪᠠ᠃ ᠡᠭᠦᠨ ᠳᠦ: ᠳᠥᠷᠪᠡ ᠳᠦ ᠨᠡᠶᠢᠲᠡ ᠳᠦ ᠪᠡᠨ 72,403 ᠪᠠᠶᠢᠭ᠎ᠠ ᠠᠴᠠ 42.9 ᠬᠤᠪᠢ ᠤᠪᠰᠤ ᠲᠤ ᠭᠡᠬᠦ ᠮᠡᠲᠦ ᠪᠡᠷ ᠦᠷᠡᠵᠢᠭᠦᠯᠵᠦ ᠲᠣᠭᠠᠴᠠᠪᠠ᠃
  2. ᠬᠣᠪᠳᠣ ᠠᠶᠢᠮᠠᠭ ᠳᠠᠬᠢ ᠣᠶᠢᠷᠠᠳ ᠤᠨ ᠲᠣᠭ᠎ᠠ ᠶᠢ ᠭᠠᠷᠭᠠᠬᠤ ᠳᠤ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩᠭᠡ ᠡᠴᠡ ᠲᠤᠬᠠᠢ ᠶᠢᠨ ᠶᠠᠰᠤᠲᠠᠨ ᠤ ᠲᠣᠭ᠎ᠠ᠂ ᠠᠶᠢᠮᠠᠭ᠂ ᠨᠡᠶᠢᠰᠯᠡᠯ ᠳᠦ ᠲᠠᠷᠬᠠᠨ ᠰᠠᠭᠤᠭᠰᠠᠨ ᠬᠤᠪᠢ ᠶᠢ ᠬᠠᠷᠢᠴᠠᠭᠤᠯᠪᠠ᠃ ᠡᠭᠦᠨ ᠳᠦ: ᠳᠥᠷᠪᠡ ᠳᠦ ᠨᠡᠶᠢᠲᠡ ᠳᠦ ᠪᠡᠨ 72,403 ᠪᠠᠶᠢᠭ᠎ᠠ ᠠᠴᠠ 7.1 ᠬᠤᠪᠢ ᠬᠣᠪᠳᠣᠳ ᠭᠡᠬᠦ ᠮᠡᠲᠦ ᠪᠡᠷ ᠦᠷᠡᠵᠢᠭᠦᠯᠵᠦ ᠲᠣᠭᠠᠴᠠᠪᠠ᠃
  3. 3.0 3.1 ᠢᠲ᠋ᠣᠭᠢ ВПН 2010
  4. ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ᠄ name ᠶ᠋ᠢᠨ ᠴᠢᠨᠠᠷ ᠨᠢ .E1.A0.AC.E1.A0.A2.E1.A0.B7.E1.A0.AD.E1.A0.A2.E1.A0.B0_2009 ᠪᠤᠯᠬᠤ ᠣᠷᠤᠯᠪᠤᠷᠢ ᠋ᠳ᠋ᠥ ᠦᠰᠦᠭ ᠬᠠᠨᠭᠭᠠᠭᠰᠠᠨ ᠦᠭᠡᠢ
  5. 5.0 5.1 ᠬᠦᠮᠦᠨ ᠠᠮᠠ᠂ ᠣᠷᠣᠨ ᠰᠠᠭᠤᠴᠠᠨ ᠤ 2010 ᠣᠨ ᠤ ᠤᠯᠤᠰ ᠤᠨ ᠲᠣᠭᠠᠯᠠᠯᠭ᠎ᠠ᠃ ᠨᠢᠭᠡᠳᠦᠭᠰᠡᠨ ᠳᠦᠩ