ᠣᠶᠢᠷᠠᠳ–ᠬᠠᠯᠢᠮᠠᠭ ᠠᠶᠠᠯᠭᠤ ᠪᠢᠴᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠥᠷᠥᠨᠡᠲᠦ ᠠᠶᠠᠯᠭᠤ
ᠣᠷᠴᠢᠨ ᠴᠠᠭ ᠤᠨ ᠮᠣᠩᠭᠣᠯ ᠬᠡᠯᠡᠨ ᠦ ᠥᠷᠥᠨᠡᠲᠦ ᠠᠶᠠᠯᠭᠤ
ᠭᠠᠵᠠᠷ ᠣᠷᠣᠨᠬᠢᠲᠠᠳ ᠤᠯᠤᠰ ᠤᠨ ᠰᠢᠨᠵᠢᠶᠠᠩ ᠣᠷᠣᠨ᠂ ᠬᠥᠬᠡᠨᠠᠭᠤᠷ ᠮᠤᠵᠢ᠂ ᠥᠪᠥᠷ ᠮᠣᠩᠭᠣᠯ ᠣᠷᠣᠨ; ᠣᠷᠣᠰ ᠤᠯᠤᠰ ᠤᠨ ᠬᠠᠯᠢᠮᠠᠭ ᠣᠷᠣᠨ; ᠮᠣᠩᠭᠣᠯ ᠤᠯᠤᠰ ᠤᠨ ᠬᠣᠪᠳᠣᠤᠪᠰᠤᠪᠠᠶᠠᠨ-ᠥᠯᠥᠭᠡᠢᠤᠯᠠᠭᠠᠨᠪᠠᠭᠠᠲᠤᠷ ᠵᠡᠷᠭᠡ ᠠᠶᠢᠮᠠᠭ ᠨᠡᠶᠢᠰᠯᠡᠯ; ᠬᠢᠷᠭᠢᠰ ᠤᠯᠤᠰ; ᠠᠮᠧᠷᠢᠺᠠ ᠶᠢᠨ ᠨᠢᠭᠡᠳᠦᠭᠰᠡᠨ ᠤᠯᠤᠰ ..
ᠡᠵᠡᠮᠨᠡᠭᠴᠢ400,000 ᠬᠦᠮᠦᠨ (ᠪᠠᠭᠴᠠᠭ᠎ᠠ)
ᠬᠡᠯᠡᠲᠡᠨᠣᠶᠢᠷᠠᠳ ᠶᠠᠰᠤᠲᠠᠨ (ᠬᠠᠯᠢᠮᠠᠭ ᠪᠠᠭᠲᠤᠭᠰᠠᠨ)
ᠲᠥᠷᠥᠯ ᠵᠦᠢ
ᠠᠯᠲᠠᠢ ᠢᠵᠠᠭᠤᠷ
ᠣᠨᠴᠠᠯᠠᠬᠤ ᠠᠶᠠᠯᠭᠤ
ᠲᠥᠯᠥᠭᠡᠯᠡᠬᠦ ᠥᠷᠥᠨᠡᠲᠦ ᠠᠶᠠᠯᠭᠤ:
1. ᠰᠢᠨᠵᠢᠶᠠᠩ ᠦᠨ ᠣᠶᠢᠷᠠᠳ ᠤᠨ ᠠᠶᠠᠯᠭᠤ
2. ᠢᠵᠢᠯ ᠦᠨ ᠣᠶᠢᠷᠠᠳ ᠤᠨ ᠠᠶᠠᠯᠭᠤ
ᠲᠥᠪ ᠥᠷᠥᠨᠡᠲᠦ ᠶᠢᠨ ᠵᠠᠪᠰᠠᠷ ᠤᠨ ᠠᠶᠠᠯᠭᠤ:
3. ᠬᠣᠪᠳᠣ᠂ ᠤᠪᠰᠤ ᠤᠨ ᠣᠶᠢᠷᠠᠳ ᠤᠨ ᠠᠶᠠᠯᠭᠤ
4. ᠬᠥᠬᠡᠨᠠᠭᠤᠷ᠂ ᠠᠯᠠᠱᠠ ᠤ ᠣᠶᠢᠷᠠᠳ ᠤᠨ ᠠᠶᠠᠯᠭᠤ
ᠪᠢᠴᠢᠭ ᠦᠰᠦᠭ1. ᠬᠠᠯᠢᠮᠠᠭ ᠺᠢᠷᠢᠯ ᠦᠰᠦᠭ (1941–ᠥᠨᠥ)
2. ᠲᠣᠳᠣ ᠮᠣᠩᠭᠣᠯ ᠦᠰᠦᠭ (1648–ᠥᠨᠥ)
3. ᠮᠣᠩᠭᠣᠯ ᠺᠢᠷᠢᠯ ᠦᠰᠦᠭ (1941–ᠥᠨᠥ)
4. ᠬᠤᠳᠤᠮ ᠮᠣᠩᠭᠣᠯ ᠦᠰᠦᠭ (1204–ᠥᠨᠥ)
ᠠᠯᠪᠠᠨ ᠶᠣᠰᠣᠭᠠᠷ ᠬᠡᠷᠡᠭᠯᠡᠳᠡᠭ ᠭᠠᠵᠠᠷ ᠣᠷᠣᠨ
ᠦᠨᠳᠦᠰᠦᠨ ᠨᠢᠭᠡ«ᠮᠣᠩᠭᠣᠯ» → ᠮᠣᠩᠭᠣᠯ ᠮᠣᠩᠭᠣᠯ (ᠮᠣᠩᠭᠣᠯ ᠤᠯᠤᠰ)
ᠬᠣᠶᠠᠷ ᠤᠨ ᠨᠢᠭᠡ«ᠬᠠᠯᠢᠮᠠᠭ» → ᠪᠦᠭᠦᠳᠡ ᠨᠠᠶᠢᠷᠠᠮᠳᠠᠬᠤ ᠬᠠᠯᠢᠮᠠᠭ ᠤᠯᠤᠰ ᠬᠠᠯᠢᠮᠠᠭ (БНХалУ)
«ᠮᠣᠩᠭᠣᠯ» → ᠥᠪᠥᠷ ᠮᠣᠩᠭᠣᠯ (ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ)
ᠲᠣᠬᠢᠷᠠᠭᠤᠯᠤᠭᠴᠢᠮᠣᠩᠭᠣᠯ ᠬᠡᠯᠡ ᠥᠭᠦᠯᠡᠯ ᠦᠨ ᠬᠡᠰᠡᠭ ᠢ ᠦᠵᠡᠬᠦ
ᠣᠯᠠᠨ ᠤᠯᠤᠰ ᠤᠨ ᠲᠣᠮᠢᠶᠠᠯᠠᠪᠤᠷᠢ  (ᠠᠩᠭᠯ᠃)
ISO 639-2xal
ISO 639-3xal
Oirat-map-ru.png
ᠣᠶᠢᠷᠠᠳ ᠠᠶᠠᠯᠭᠤ ᠨᠤᠭᠤᠳ ᠭᠡᠰᠡᠨ ᠣᠷᠣᠰ ᠬᠡᠯᠡᠭᠡᠷᠬᠡ ᠭᠠᠵᠠᠷ ᠤᠨ ᠵᠢᠷᠤᠭ

ᠬᠠᠯᠢᠮᠠᠭ ᠠᠶᠠᠯᠭᠤ (ᠬᠠᠯᠢᠮᠠᠭ ᠺᠢᠷᠢᠯ ᠢᠶᠡᠷ Хальмг келн ᠭᠡᠵᠦ ᠪᠢᠴᠢᠭᠳᠡᠳᠡᠭ) — ᠣᠷᠣᠰ ᠤᠨ ᠬᠣᠯᠪᠣᠭᠠᠨ ᠤ ᠤᠯᠤᠰ ᠍ ᠤᠨ ᠬᠣᠯᠪᠣᠭᠠᠨ ᠤ ᠨᠢᠭᠡᠴᠡ ᠪᠣᠯᠬᠤ ᠪᠦᠭᠦᠳᠡ ᠨᠠᠶᠢᠷᠠᠮᠳᠠᠬᠤ ᠬᠠᠯᠢᠮᠠᠭ ᠤᠯᠤᠰᠲᠤ ᠣᠷᠣᠰᠢᠨ ᠰᠠᠭᠤᠵᠤ ᠪᠤᠢ ᠬᠠᠯᠢᠮᠠᠭ ᠦᠳ ᠤᠨ ᠬᠡᠯᠡᠯᠴᠡᠬᠦ ᠮᠣᠩᠭᠣᠯ ᠬᠡᠯᠡ ᠶᠢᠨ ᠠᠶᠠᠯᠭᠤ ᠶᠤᠮ᠃ ᠬᠠᠯᠢᠮᠠᠭ ᠠᠶᠠᠯᠭᠤ ᠪᠣᠯ ᠮᠣᠩᠭᠣᠯ ᠤᠯᠤᠰ ᠍ ᠤᠨ ᠪᠣᠯᠤᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠣᠶᠢᠷᠠᠳ ᠍ ᠤᠨ ᠬᠡᠯᠡᠯᠴᠡᠬᠦ ᠣᠶᠢᠷᠠᠳ ᠠᠶᠠᠯᠭᠤᠲᠠᠢ ᠦᠭᠡᠰ ᠦᠨ ᠰᠠᠩ ᠤᠨ ᠪᠦᠲᠦᠴᠡ ᠪᠡᠷ ᠢᠯᠭᠠᠷᠠᠬᠤ ᠠᠴᠠ ᠪᠤᠰᠤᠳ ᠢᠶᠠᠷ ᠪᠣᠯ ᠠᠳᠠᠯᠢ ᠶᠤᠮ᠃

ᠦᠨᠡᠨ ᠳᠦ ᠪᠡᠨ ᠣᠷᠣᠰ ᠳᠠᠬᠢ ᠣᠶᠢᠷᠠᠳ ᠤᠨ ᠲᠠᠰᠤᠷᠬᠠᠢ ᠬᠡᠰᠡᠭ ᠳᠥᠷᠪᠡᠳᠲᠣᠷᠭᠤᠳ ᠍ ᠢ ᠣᠷᠣᠰ ᠢᠶᠠᠷ "калмык" (ᠮᠣᠩᠭᠣᠯ ᠢᠶᠠᠷ "ᠬᠠᠯᠢᠮᠠᠭ") ᠭᠡᠵᠦ ᠨᠡᠷᠡᠯᠡᠳᠡᠭ ᠪᠣᠯᠤᠭᠰᠠᠨ ᠠᠴᠠ ᠬᠡᠯᠡ ᠶᠠᠷᠢᠭ᠎ᠠ ᠶᠢ ᠨᠢ ᠣᠶᠢᠷᠠᠳ ᠠᠴᠠ ᠰᠠᠯᠭᠠᠵᠤ ᠲᠤᠰ ᠲᠤ ᠨᠢ "ᠬᠠᠯᠢᠮᠠᠭ ᠬᠡᠯᠡ" ᠭᠡᠵᠦ ᠦᠵᠡᠳᠡᠭ ᠣᠷᠣᠰ ᠪᠣᠯᠤᠨ ᠧᠦ᠋ᠷᠣᠫᠠ ᠵᠦᠭ ᠦᠨ ᠤᠭᠰᠠᠭᠠᠲᠠᠨ ᠤ ᠣᠨᠴᠠᠯᠢᠭ ᠠᠴᠠ ᠢᠯᠡᠭᠦᠦ ᠲᠡᠢ ᠭᠠᠵᠠᠷ ᠵᠦᠢ ᠶᠢᠨ ᠰᠠᠭᠤᠷᠢᠰᠢᠯ ᠢᠶᠠᠷ ᠠᠩᠭᠢᠯᠠᠬᠤ ᠬᠡᠯᠡ ᠰᠢᠨᠵᠢᠯᠡᠯ ᠶᠢᠨ ᠬᠡᠪ ᠮᠠᠶ᠍ᠢᠭ ᠪᠠᠶᠢᠳᠠᠭ᠃ ᠬᠠᠷᠢᠨ ᠮᠣᠩᠭᠣᠯ ᠤᠨ ᠬᠡᠯᠡ ᠰᠢᠨᠵᠢᠯᠡᠯᠴᠢᠳ ᠬᠠᠯᠢᠮᠠᠭ ᠨᠢ ᠣᠶᠢᠷᠠᠳ ᠠᠶᠠᠯᠭᠤᠨ ᠤ ᠨᠢᠭᠡ ᠰᠠᠯᠠᠭ᠎ᠠ ᠭᠡᠵᠦ ᠦᠵᠡᠳᠡᠭ ᠪᠣᠯ ᠬᠢᠲᠠᠳ ᠤᠨ ᠬᠡᠯᠡ ᠰᠢᠨᠵᠢᠯᠡᠯᠴᠢᠳ ᠶᠠᠮᠠᠷ ᠲᠤ ᠪᠠᠨ ᠴᠤ ᠬᠢᠲᠠᠳ ᠪᠣᠯᠤᠨ ᠮᠣᠩᠭᠣᠯ ᠳᠠᠬᠢ ᠣᠶᠢᠷᠠᠳ ᠤᠨ ᠬᠡᠯᠡᠵᠦ ᠶᠠᠷᠢᠬᠤ ᠨᠢ ᠮᠣᠩᠭᠣᠯ ᠬᠡᠯᠡᠨ ᠦ ᠠᠶᠠᠯᠭᠤ ᠮᠥᠨ ᠭᠡᠵᠦ ᠥᠪᠡᠷ ᠦᠨ ᠤᠯᠤᠰ ᠤᠨ ᠪᠣᠳᠣᠯᠭ᠎ᠠ ᠳᠤ ᠲᠣᠬᠢᠷᠠᠭᠤᠯᠤᠨ ᠠᠩᠭᠢᠯᠠᠳᠠᠭ ᠠᠵᠢ᠃

ᠪᠢᠴᠢᠭ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠢᠮᠠᠭ ᠤᠳ 1607 ᠤᠨ ᠠᠴᠠ ᠣᠶᠢᠷᠠᠳ ᠤᠨ ᠨᠤᠲᠤᠭ ᠠᠴᠠ ᠪᠠᠷᠠᠭᠤᠨᠰᠢ ᠨᠡᠭᠦᠭᠰᠡᠨ᠃ ᠲᠤᠬᠠᠢ ᠶᠢᠨ ᠦᠶ᠎ᠡ ᠳᠦ ᠣᠶᠢᠷᠠᠳ ᠮᠣᠩᠭᠣᠯ (ᠬᠤᠳᠤᠮ) ᠦᠰᠦᠭ ᠢᠶᠡᠷ ᠪᠢᠴᠢᠳᠡᠭ ᠪᠠᠶᠢᠯ᠎ᠠ᠃ 1648 ᠤᠨ ᠳᠤ ᠵᠦᠩᠭᠠᠷ ᠲᠤ ᠰᠠᠭᠤᠵᠤ ᠠᠭᠰᠠᠨ ᠣᠶᠢᠷᠠᠳ ᠤᠨ ᠵᠠᠶ᠎ᠠ ᠪᠠᠨᠳᠢᠳᠠ ᠨᠠᠮᠬᠠᠶᠢᠵᠠᠮᠼᠤ (ᠣᠭᠲᠠᠷᠭᠤᠢᠨᠳᠠᠯᠠᠢ) ᠬᠤᠳᠤᠮ ᠦᠰᠦᠭ ᠦᠨ ᠬᠣᠶᠠᠷ ᠠᠪᠢᠶ᠎ᠠ ᠶᠢ ᠨᠢᠭᠡ ᠬᠡᠯᠪᠡᠷᠢ ᠪᠡᠷ ᠲᠡᠮᠳᠡᠭᠯᠡᠳᠡᠭ ᠭᠡᠬᠦ ᠮᠡᠲᠦ ᠶᠢᠨ ᠢᠯᠭᠠᠭᠳᠠᠬᠤ ᠠᠪᠢᠶ᠎ᠠ ᠪᠦᠷᠢ ᠶᠢ ᠲᠤᠰ ᠪᠦᠷᠢ ᠨᠢᠭᠡ ᠦᠰᠦᠭ ᠪᠣᠯᠭᠠᠨ ᠰᠠᠶᠢᠵᠢᠷᠠᠭᠤᠯᠵᠤ ᠲᠣᠳᠣ ᠦᠰᠦᠭ ᠬᠡᠮᠡᠨ ᠨᠡᠷᠡᠶᠢᠳᠦᠭᠰᠡᠨ ᠶᠤᠮ᠃ ᠢᠵᠢᠯ ᠮᠥᠷᠡᠨ ᠦ ᠣᠶᠢᠷᠠᠳ ᠲᠣᠳᠣ ᠮᠣᠩᠭᠣᠯ ᠦᠰᠦᠭ ᠢ 1660 ᠍ ᠊ᠭᠠᠳ ᠤᠨ ᠠᠴᠠ ᠬᠡᠷᠡᠭᠯᠡᠬᠦ ᠪᠣᠯᠤᠭᠰᠠᠨ ᠠᠴᠠ ᠬᠣᠶᠢᠰᠢ ᠬᠠᠯᠢᠮᠠᠭ ᠤᠳ 1924 ᠤᠨ ᠬᠦᠷᠲᠡᠯ᠎ᠡ ᠲᠣᠳᠣ ᠪᠢᠴᠢᠭᠲᠡᠢ ᠶᠠᠪᠤᠭᠰᠠᠨ᠃ 1924-1930 ᠤᠨ ᠤ ᠬᠣᠭᠣᠷᠣᠨᠳᠣ ᠺᠢᠷᠢᠯ᠂ 1930-1938 ᠤᠨ ᠤ ᠬᠣᠭᠣᠷᠣᠨᠳᠣ ᠯᠠᠲ᠋ᠢᠨ ᠦᠰᠦᠭ ᠲᠤ ᠰᠢᠯᠵᠢᠵᠦ ᠦᠵᠡᠭᠡᠳ 1938 ᠤᠨ ᠠᠴᠠ ᠺᠢᠷᠢᠯ ᠦᠰᠦᠭ ᠦᠨ ᠪᠢᠴᠢᠭᠲᠡᠢ ᠪᠣᠯᠤᠭᠠᠳ ᠥᠨᠥ ᠶᠢ ᠬᠦᠷᠦᠯ᠎ᠡ᠃ ᠬᠠᠯᠢᠮᠠᠭ ᠤᠨ ᠺᠢᠷᠢᠯ ᠪᠢᠴᠢᠭ ᠲᠦ ᠦᠭᠡ ᠶᠢᠨ ᠡᠬᠢᠨ ᠦ ᠦᠶᠡᠰ ᠬᠣᠶᠢᠰᠢᠬᠢ ᠪᠠᠯᠠᠷᠬᠠᠢ ᠡᠭᠡᠰᠢᠭ ᠭᠡᠭᠡᠭᠳᠡᠬᠦ ᠭᠡᠬᠦ ᠮᠡᠲᠦ ᠦᠭᠡ ᠶᠢᠨ ᠳᠠᠭᠤᠳᠠᠯᠭ᠎ᠠ ᠶᠢ ᠶᠠᠭ ᠲᠡᠮᠳᠡᠭᠯᠡᠬᠦ ᠳᠦᠷᠢᠮ ᠪᠠᠷᠢᠭᠰᠠᠨ ᠠᠴᠠ ᠲᠣᠳᠣ ᠪᠢᠴᠢᠭ ᠦᠨ ᠪᠣᠯᠤᠭᠠᠳ ᠮᠣᠩᠭᠣᠯ ᠬᠡᠯᠡ ᠲᠡᠢ ᠬᠣᠯᠪᠣᠭᠳᠠᠬᠤ ᠤᠯᠠᠮᠵᠢᠯᠠᠯᠲᠤ ᠬᠡᠪ ᠵᠣᠬᠢᠰ ᠨᠢ ᠨᠡᠯᠢᠶᠡᠳ ᠠᠯᠳᠠᠭᠳᠠᠵᠠᠢ᠃

ᠺᠢᠷᠢᠯ ᠴᠠᠭᠠᠨ ᠲᠣᠯᠣᠭᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠥ ᠶᠢᠨ ᠬᠠᠯᠢᠮᠠᠭ ᠴᠠᠭᠠᠨ ᠲᠣᠯᠣᠭᠠᠢ ᠳᠤ 38 ᠦᠰᠦᠭ ᠪᠠᠶᠢᠨ᠎ᠠ᠃ ᠡᠨᠡᠬᠦ ᠺᠢᠷᠢᠯ ᠦᠰᠦᠭ ᠦᠳ ᠢ ᠮᠣᠩᠭᠣᠯ ᠤᠨ ᠬᠢ ᠲᠠᠢ ᠬᠠᠷᠢᠴᠠᠭᠤᠯᠤᠨ ᠳᠣᠣᠷ᠎ᠠ ᠬᠠᠷᠠᠭᠤᠯᠤᠯ᠎ᠠ᠃

ᠬᠠᠯᠢᠮᠠᠭ ᠺᠢᠷᠢᠯ ᠦᠰᠦᠭ ᠬᠠᠷᠠᠭᠠᠯᠵᠠᠬᠤ ᠣᠯᠠᠨ ᠤᠯᠤᠰ ᠤᠨ ᠠᠪᠢᠶ᠎ᠠ ᠵᠦᠢ ᠶᠢᠨ ᠦᠰᠦᠭ ᠮᠣᠩᠭᠣᠯ ᠺᠢᠷᠢᠯ ᠦᠰᠦᠭ ᠬᠠᠯᠢᠮᠠᠭ ᠺᠢᠷᠢᠯ ᠦᠰᠦᠭ ᠬᠠᠷᠠᠭᠠᠯᠵᠠᠬᠤ ᠣᠯᠠᠨ ᠤᠯᠤᠰ ᠤᠨ ᠠᠪᠢᠶ᠎ᠠ ᠵᠦᠢ ᠶᠢᠨ ᠦᠰᠦᠭ ᠮᠣᠩᠭᠣᠯ ᠺᠢᠷᠢᠯ ᠦᠰᠦᠭ
Аа a a Оо ɔ o
Әә æ а Өө o ө
Бб p, pʲ б Пп (, pʲʰ) п
Вв w, wʲ в Рр r, rʲ р
Гг ɡ, ɡʲ, ɢ г Сс s с
Һһ h г (зөөлөн) Тт , tʲʰ т
Дд t, tʲ д Уу ʊ у
Ее je е Үү u ү
Ёё ё Фф (f) ф
Жж ж Хх x, xʲ х
Җҗ ж Цц tsʰ ц
Зз ts з Чч tʃʰ ч
Ии i и Шш ʃ ш
Йй j й Щщ (stʃ) щ
Кк (k, kʲ) к Ыы i ы
Лл ɮ, ɮʲ л Ьь ʲ ь
Мм m, mʲ м Ээ e э
Нн n, nʲ н Юю ю
Ңң ŋ н (нг) Яя ja я

 ᠨᠡᠮᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Wikipedia
ᠸᠢᠺᠢ ᠤᠬᠠᠭᠠᠨ: ᠣᠶᠢᠷᠠᠳ–ᠬᠠᠯᠢᠮᠠᠭ ᠠᠶᠠᠯᠭᠤ ᠪᠢᠴᠢᠭᠡᠭᠡᠷᠡ


ᠪᠢᠴᠢᠭᠡᠰᠦ