ᠣᠲᠣᠭ ᠤᠨ ᠡᠮᠦᠨᠡᠲᠦ ᠬᠣᠰᠢᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
15:59, 2 ᠨᠠᠢᠮᠠᠳᠤᠭᠠᠷ ᠰᠠᠷ᠎ᠠ 2016- ᠶᠢᠨ ᠪᠠᠢᠢᠳᠠᠯ ᠶᠢᠡᠷ ᠬᠢ BRGD (ᠶᠠᠷᠢᠶ᠎ᠠ | ᠬᠤᠪᠢ ᠨᠡᠮᠡᠷᠢ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ
ᠣᠲᠣᠭ ᠤᠨ ᠡᠮᠦᠨᠡᠲᠦ ᠬᠣᠰᠢᠭᠤ
ᠬᠣᠰᠢᠭᠤ
ᠣᠷᠳᠣᠰ ᠬᠣᠲᠠ ᠳᠡᠬᠢ ᠣᠲᠣᠭ ᠤᠨ ᠡᠮᠦᠨᠡᠲᠦ ᠬᠣᠰᠢᠭᠤ
ᠤᠯᠤᠰ ᠣᠷᠣᠨ ᠳᠤᠮᠳᠠᠳᠤ ᠤᠯᠤᠰ
ᠮᠤᠵᠢ᠂ ᠣᠷᠣᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ
ᠠᠶᠢᠮᠠᠭ᠂ ᠲᠣᠭᠣᠷᠢᠭ ᠣᠷᠳᠣᠰ ᠬᠣᠲᠠ
ᠬᠣᠰᠢᠭᠤ᠂ ᠰᠢᠶᠠᠨ ᠣᠲᠣᠭ ᠶᠢᠨ ᠡᠮᠤᠨᠡᠳᠤ ᠬᠣᠰᠢᠭᠤ
ᠭᠠᠵᠠᠷ ᠨᠤᠲᠤᠭ 12,318 км²
ᠴᠠᠬᠢᠮ ᠭᠠᠵᠠᠷ ᠣᠲᠣᠭ ᠤᠨ ᠡᠮᠦᠨᠡᠲᠦ ᠬᠣᠰᠢᠭᠤ (ᠬᠢᠲᠠᠳ ᠢᠶᠠᠷ)

ᠣᠲᠣᠭ ᠤᠨ ᠡᠮᠦᠨᠡᠲᠦ ᠬᠣᠰᠢᠭᠤ ( ᠬᠢᠲᠠᠳ ᠢᠶᠠᠷ 鄂托克前旗) — ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠥᠪᠥᠷ ᠮᠣᠩᠭᠣᠯ ᠤᠨ ᠦᠪᠡᠷᠳᠡᠭᠡᠨ ᠵᠠᠰᠠᠬᠤ ᠣᠷᠣᠨ ᠤ  ᠶᠠᠬᠡ ᠵᠤᠤ ᠠᠶᠢᠮᠠᠭ ︵ᠣᠷᠳᠣᠰ ᠬᠣᠲᠠ ︶ ᠤᠨ ᠬᠠᠷᠢᠶᠠᠲᠤ ᠬᠣᠰᠢᠭᠤ᠃ ᠴᠢᠩ ᠤᠯᠤᠰ ᠤᠨ ᠡᠬᠢᠨ ᠦ ᠦᠶ᠎ᠡ ᠳᠦ ᠣᠷᠳᠣᠰ ᠪᠠᠷᠠᠭᠤᠨ ᠭᠠᠷᠤᠨ ᠳᠤᠮᠳᠠᠳᠤ ᠬᠣᠰᠢᠭᠤ ᠭᠡᠵᠤ ᠪᠠᠶᠢᠵᠠᠢ᠃ ᠢᠷᠭᠡᠨ ᠤᠯᠤᠰ ᠤᠨ ᠦᠶ᠎ᠡ ᠳᠦ ᠤᠳᠤᠭ ᠬᠣᠰᠢᠭᠤ  ᠲᠠᠢ ᠬᠠᠮᠲᠤ ᠪᠠᠶᠢᠵᠠᠢ ᠃ 1980 ᠤᠨ  ᠤ 8 ᠰᠠᠷᠠᠶᠢᠨ12 ᠳᠤ ᠂ ᠤᠯᠤᠰ  ᠤᠨ 208 ᠳ᠋ᠤᠭᠠᠷ ᠲᠣᠭᠠᠲᠤ ᠪᠢᠴᠢᠭ ᠮᠠᠲ᠋ᠧᠷᠢᠶᠠᠯ  ᠢᠶᠠᠷ ᠣᠲᠣᠭ ᠤᠨ ᠡᠮᠦᠨᠡᠲᠦ ᠬᠣᠰᠢᠭᠤ ᠭᠡᠵᠤ ᠵᠥᠪᠰᠢᠶᠡᠷᠡᠭᠰᠡᠨ ᠪᠠᠶᠢᠨ᠎ᠠ᠃ ᠮᠤᠩᠭᠤᠯ ᠦᠨᠳᠦᠰᠦᠲᠡᠨ 23406᠂ ᠂ᠪᠦᠬᠦ ᠬᠦᠮᠦᠨ ᠠᠮᠠ ᠶᠢᠨ29.89% ᠢ ᠡᠵᠡᠯᠡᠨ᠎ᠡ᠃

ᠲᠡᠥᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠣᠲᠣᠭ ᠤᠨ ᠡᠮᠦᠨᠡᠲᠦ ᠬᠣᠰᠢᠭᠤ  ᠨᠢ ᠴᠢᠯᠠᠭᠤᠨ ᠵᠡᠪᠰᠡᠭ ᠦᠨ ᠦᠶ᠎ᠡ ᠪᠠ ᠰᠢᠨ᠎ᠡ ᠴᠢᠯᠠᠭᠤᠨ ᠵᠡᠪᠰᠡᠭ ᠦᠨ ᠦᠶ᠎ᠡ ᠳᠦ ᠳᠠᠷᠤᠶ ᠬᠥᠮᠦᠨ ᠲᠥᠷᠥᠯᠬᠢᠲᠡᠨ ᠠᠵᠢᠯᠯᠠᠭ᠎ᠠ ᠪᠠᠶᠢᠵᠤ ᠂ ᠠᠭᠤᠯᠠᠨ ᠣᠷᠭᠢᠯ ᠳᠠᠬᠢ ᠴᠢᠯᠠᠭᠤᠵᠢᠮᠠᠯ ᠪᠠ ᠰᠣᠶᠣᠯ ᠤᠨ ᠦᠯᠡᠳᠡᠭᠳᠡᠯ  ᠤᠯᠳᠠᠵᠠᠢ ᠃ ᠣᠳᠣ ᠶᠢᠨ ᠱᠠᠩᠬᠠᠶ ᠶᠢᠨ ᠰᠦᠮ᠎ᠡ ᠂ ᠪᠣᠷᠣ ᠪᠠᠯᠭᠠᠰᠤ ᠵᠡᠷᠭᠡ ᠭᠠᠵᠠᠷ ᠣᠷᠣᠨ ᠳᠤ ᠶᠡᠬᠡ ᠬᠡᠮᠵᠢᠶᠡᠨ ᠦ ᠶᠠᠡᠭᠱᠤᠤ ᠂ ᠯᠤᠩᠱᠠᠨ  ᠤ ᠦᠯᠡᠳᠡᠭᠳᠠᠯ  ᠢ ᠢᠯᠡᠷᠠᠭᠦᠯᠵᠠᠢ ᠃
 • ᠰᠢᠶᠠ ᠂ ᠱᠠᠩ ᠂ ᠵᠧᠦ ᠤᠯᠤᠰ ᠤᠨ ᠦᠶ᠎ᠡ ᠳᠦ ᠂ ᠡᠷᠲᠡᠨ  ᠤ ᠨᠡᠭᠦᠳᠡᠯᠴᠢᠨ ᠠᠶᠢᠮᠠᠭ ᠡᠭᠦᠪᠡᠷ ᠨᠤᠲᠤᠭᠯᠠᠵᠤ ᠪᠠᠶᠢᠪᠠ ᠃
 • ᠴᠦᠨ ᠴᠢᠦ ᠶᠢᠨ ᠦᠶ᠎ᠡ ᠳᠦ ᠂  ᠴᠦ ᠶᠠᠨ ᠵᠡᠷᠭᠡ ᠠᠶᠢᠮᠠᠭ  ᠡᠭᠦᠪᠡᠷ ᠨᠡᠭᠦᠳᠡᠯᠯᠡᠨ ᠮᠠᠯᠵᠢᠬᠤ ᠪᠠᠶᠢᠭᠰᠠᠨ ᠶᠤᠮ ᠃ ᠪᠠᠶᠢᠯᠳᠤᠭᠠᠨᠲᠤ ᠤᠯᠤᠰ ᠤᠨ ᠦᠢ᠎ᠡ ᠶᠢᠨ ᠯᠢᠨ ᠬᠤ ᠂ ᠯᠦ᠋ᠤ ᠹᠠᠨ ᠵᠡᠷᠭᠡ ᠠᠶᠢᠮᠠᠭ  ᠤᠳ ᠨᠡᠭᠦᠵᠦ  ᠨᠤᠲᠤᠭᠯᠠᠵᠤ ᠪᠠᠶᠢᠵᠠᠢ ᠃ ᠡᠭᠦᠨ ᠡᠴᠡ ᠰᠡᠭᠦᠯᠡᠷ ᠮᠠᠰᠢ ᠤᠷᠲᠤ ᠲᠡᠦᠬᠡᠨ ᠴᠠᠭ ᠬᠤᠭᠤᠴᠠᠭᠠᠨ ᠳᠤ ᠂ ᠡᠮᠦᠨᠡᠲᠦ ᠶᠡᠬᠡᠩᠬᠢ ᠬᠡᠰᠡᠭ ᠭᠠᠵᠠᠷ ᠣᠷᠣᠨ ᠨᠢ ᠾᠦᠩᠨᠦ ᠦᠨᠳᠦᠰᠦᠲᠡᠨ ᠦ ᠴᠢᠬᠤᠯᠠ ᠠᠵᠢᠯᠯᠠᠭᠠᠨ ᠤ ᠭᠠᠵᠠᠷ ᠣᠷᠣᠨ ᠪᠠᠶᠢᠪᠠ ᠃
 • ᠴᠢᠨ ᠱᠢ ᠬᠤᠸᠠᠩ ᠳᠤᠮᠳᠠᠳᠤ ᠤᠯᠤᠰ ᠢ ᠨᠢᠭᠡᠳᠬᠡᠭᠰᠡᠨ ᠡᠴᠡ ᠬᠣᠶᠢᠰᠢ ᠂ ᠵᠢᠶᠦ᠋ᠨ ᠰᠢᠶᠠᠨ ᠤ ᠳᠦᠷᠢᠮ ᠢ ᠬᠡᠷᠡᠭᠵᠢᠭᠦᠯᠵᠤ ᠂ ᠪᠧᠶ ᠳ᠋ᠢ ᠵᠢᠶᠦ᠋ᠨ  ᠳᠤ ᠬᠠᠷᠢᠶᠠᠯᠠᠭᠳᠠᠭᠤᠯᠪᠠ ᠃
 • ᠬᠠᠨ ᠤᠯᠤᠰ ᠤᠨ ᠦᠶ᠎ᠡ ᠳᠦ ᠱᠠᠨᠳᠦ᠋ᠩ ᠦᠨ ᠥᠯᠥᠰᠬᠥᠯᠡᠩ ᠳᠠᠯᠠ ᠭᠠᠷᠤᠶ ᠲᠦᠮᠡᠨ ᠢᠷᠭᠡᠨ ᠨᠡᠭᠦᠵᠦ ᠂ ᠪᠣᠷᠣᠲᠣᠬᠣᠶ ᠵᠡᠷᠭᠡ ᠭᠠᠵᠠᠷ ᠲᠤ ᠠᠲᠠᠷ ᠬᠠᠭᠠᠯᠪᠤᠷᠢᠯᠠᠨ ᠲᠠᠷᠢᠶ᠎ᠠ ᠲᠠᠷᠢᠵᠤ ᠂ ᠬᠢᠯᠢ ᠬᠢᠵᠠᠭᠠᠷ  ᠢ ᠰᠠᠬᠢᠨ ᠬᠠᠮᠠᠭᠠᠯᠠᠵᠤ ᠪᠠᠶᠢᠵᠠᠢ ᠃
 • ᠪᠠᠷᠠᠭᠤᠨ ᠵᠡᠭᠦᠨ ᠢᠢᠨ ᠂ ᠠᠷᠪᠠᠨ ᠵᠢᠷᠭᠤᠭᠠᠨ ᠤᠯᠤᠰ ᠤᠨ ᠦᠶ᠎ᠡ  ᠳᠤ ᠂ ᠡᠮᠦᠨ᠎ᠡ ᠬᠣᠶᠢᠨ᠎ᠠ ᠵᠣᠣ ᠂ ᠡᠮᠦᠨ᠎ᠡ ᠬᠣᠶᠢᠨ᠎ᠠ ᠴᠢᠨ  ᠤ ᠬᠠᠷᠢᠶ᠎ᠠ ᠣᠷᠣᠨ  ᠪᠠᠶᠢᠪᠠ ᠃
 • ᠰᠦᠶ ᠤᠯᠤᠰ ᠲᠠᠩ ᠤᠯᠤᠰ ᠤᠨ ᠦᠶ᠎ᠡ ᠳᠦ ᠂ ᠤᠲᠤᠭ  ᠤᠨ ᠡᠮᠦᠨᠡᠲᠦ ᠬᠤᠰᠢᠭᠤ  ᠨᠢ  ᠰᠤᠤ ᠹᠠᠩ ᠂ ᠯᠢᠩ ᠦ᠋ ᠂  ᠶᠠᠨ ᠴᠤᠸᠠᠨ3 ᠵᠢᠶᠦ᠋ᠨ  ᠳᠤ ᠰᠠᠯᠠᠨ ᠬᠠᠮᠢᠶᠠᠷᠠᠭᠳᠠᠵᠤ ᠪᠠᠶᠢᠪᠠ ᠃
 • ᠰᠦᠩ ᠤᠯᠤᠰ ᠂ ᠪᠠᠷᠠᠭᠤᠨ ᠰᠢᠶᠠ ᠤᠯᠤᠰ ᠤᠨ ᠦᠶ᠎ᠡ ᠳᠦ ᠂ ᠰᠢᠶᠠ ᠵᠧᠸ ᠂ ᠢᠦ ᠵᠧᠸ ᠂ ᠶᠸᠮᠽᠦ᠋ ᠬᠠᠷᠢᠶ᠎ᠠ  ᠳᠤ ᠪᠠᠶᠢᠵᠠᠢ ᠃
 • 13 ᠳ᠋ᠤᠭᠠᠷ ᠵᠠᠭᠤᠨ ᠤ ᠡᠬᠢᠨ ᠳᠦ ᠮᠣᠩᠭᠣᠯ ᠦᠨᠳᠦᠰᠦᠲᠡᠨ ᠲᠠᠯ᠎ᠠ  ᠨᠤᠲᠤᠭ ᠠᠴᠠ ᠪᠤᠵᠠᠭᠠᠶᠢᠷᠠᠨ ᠬᠦ᠋ᠭᠵᠢᠵᠦ᠂ ᠴᠢᠩᠭᠢᠰ ᠬᠠᠭᠠᠨ ᠤᠷᠢᠳ ᠬᠣᠵᠢᠳ ᠲᠠᠪᠤ ᠤᠳᠠᠭ᠎ᠠ ᠪᠠᠷᠠᠭᠤᠨ ᠰᠢᠶᠠ ᠤᠯᠤᠰ  ᠢ ᠳᠠᠶᠢᠯᠠᠵᠤ ᠂ 1227 ᠤᠨ ᠳᠤ ᠪᠠᠷᠠᠭᠤᠨ ᠰᠢᠶᠠ ᠤᠯᠤᠰ ᠮᠥᠬᠥᠭᠰᠡᠨ ᠪᠠᠶᠢᠨ᠎ᠠ ᠃
 • ᠮᠢᠩ ᠤᠯᠤᠰ ᠤᠨ ᠬᠣᠩ ᠡᠦ ᠶᠢᠨ ᠵᠢᠷᠭᠤᠭᠠᠨ ᠤᠨ ( ᠤᠨ ᠲᠤᠭᠠᠯᠠᠯ  ᠤᠨ1376 ᠤᠨ) ᠤᠲᠤᠭ  ᠤᠨ ᠡᠮᠦᠨᠡᠲᠦ ᠬᠣᠰᠢᠭᠤ  ᠨᠢᠩᠰᠢᠶᠠ  ᠂  ᠳᠦ᠋ᠩᠱᠸᠩ ᠸᠧᠢ  ᠳᠤ ᠂ ᠱᠠᠨᠰᠢ ᠮᠤᠵᠢ ᠶᠢᠨ ᠬᠠᠷᠢᠶ᠎ᠠ ᠪᠠᠶᠢᠵᠠᠢ ᠃
 • ᠴᠢᠩ ᠤᠯᠤᠰ ᠤᠨ ᠡᠬᠢᠨ ᠦ ᠦᠶ᠎ᠡ ᠣᠷᠳᠣᠰ ᠪᠠᠷᠠᠭᠤᠨ ᠭᠠᠷᠤᠨ ᠳᠤᠮᠳᠠᠳᠤ ᠬᠣᠰᠢᠭᠤ ᠭᠡᠵᠤ ᠪᠠᠶᠢᠵᠠᠢ ᠃
 • ᠢᠷᠭᠡᠨ ᠤᠯᠤᠰ ᠤᠨ ᠦᠶ᠎ᠡ ᠳᠦ ᠤᠳᠤᠭ ᠬᠣᠰᠢᠭᠤ  ᠲᠠᠢ ᠬᠠᠮᠲᠤ ᠪᠠᠶᠢᠵᠠᠢ ᠃
 • 1936 ᠤᠨ ᠤ 10 ᠰᠠᠷ᠎ᠠ ᠳᠤ ᠂ ᠳᠠᠬᠢᠯᠳᠤ ᠠᠵᠢᠯᠯᠠᠬᠤ ᠬᠣᠷᠢᠶ᠎ᠠ ᠪᠠᠶᠢᠭᠤᠯᠤᠭᠳᠠᠵᠤ ᠂ ᠰᠠᠷ᠎ᠠ ᠶᠢᠨ ᠰᠡᠭᠦᠯᠴᠢ ᠪᠡᠷ ᠪᠠᠶᠢᠭᠤᠯᠤᠭᠳᠠᠭᠰᠠᠨ ᠳᠠᠬᠢᠯᠳᠤ ᠂ ᠢᠮᠠᠭᠠᠯᠠᠢ ᠵᠦᠪᠯᠡᠯᠳᠤ ᠵᠠᠰᠠᠭ ᠪᠤᠢ ᠪᠤᠯᠪᠠ ᠃
 • 1941 ᠤᠨ ᠤ 11 ᠰᠠᠷ᠎ᠠ ᠳᠤ ᠪᠣᠷᠣᠪᠠᠯᠭᠠᠰᠤ ᠴᠢᠯᠦᠭᠡᠯᠡᠭᠳᠡᠵᠤ᠂ ᠮᠣᠩᠭᠣᠯ ᠺᠣᠮᠢᠰ ᠪᠠᠶᠢᠭᠤᠯᠵᠠᠶ ᠃
 • 1980 ᠤᠨ  ᠤ8 ᠰᠠᠷᠠᠶᠢᠨ12  ᠳᠤ ᠂ ᠤᠯᠤᠰ  ᠤᠨ 208 ᠳ᠋ᠤᠭᠠᠷ ᠲᠣᠭᠠᠲᠤ ᠪᠢᠴᠢᠭ ᠮᠠᠲ᠋ᠧᠷᠢᠶᠠᠯ  ᠢᠶᠠᠷ ᠣᠲᠣᠭ ᠤᠨ ᠡᠮᠦᠨᠡᠲᠦ ᠬᠣᠰᠢᠭᠤ ᠭᠡᠵᠤ ᠵᠥᠪᠰᠢᠶᠡᠷᠡᠭᠰᠡᠨ ᠪᠠᠶᠢᠨ᠎ᠠ ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠲᠣᠭ ᠤᠨ ᠡᠮᠦᠨᠡᠲᠦ ᠬᠣᠰᠢᠭᠤ ᠨᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠪᠠᠷᠠᠭᠤᠨ ᠡᠮᠤᠨ᠎ᠡ ᠭᠡᠰᠡᠭ  ᠂ ᠤᠮᠠᠷᠠᠲᠤ ᠦᠷᠭᠡᠷᠢᠭ ᠦᠨ37°44′~38°44′ ᠂ ᠵᠡᠭᠦᠨ ᠤᠷᠲᠤᠷᠢᠭ ᠤᠨ106°26′~108°32᠂ ᠤᠷᠴᠢᠮ ᠳᠤ ᠪᠠᠶᠢᠷᠢᠰᠢᠨ᠎ᠠ ᠃ ᠬᠤᠶᠢᠰᠢ ᠤᠲᠤᠭ ᠬᠤᠰᠢᠭᠤ ᠂ ᠵᠠᠭᠦᠨᠰᠢ ᠦᠦᠰᠢᠨ ᠬᠤᠰᠢᠭᠤ ᠂ ᠡᠮᠤᠨᠡᠰᠢ ᠱᠠᠨᠱᠢ ᠮᠤᠵᠢ ᠶᠢᠨ ᠢᠮᠠᠭᠠᠯᠠᠢ ᠂ ᠪᠠᠷᠠᠭᠤᠨᠰᠢ ᠨᠢᠩᠰᠢᠶᠠ ᠶᠢᠨ ᠲᠤᠯᠤᠢ ᠰᠢᠶᠠᠨ ᠂ ᠯᠢᠩ ᠥ ᠰᠢᠶᠠᠨ ᠲᠠᠢ ᠬᠢᠯᠢ ᠵᠠᠯᠭᠠᠯᠳᠤᠵᠤ ᠪᠤᠢ ᠃

ᠵᠠᠰᠠᠭ ᠵᠠᠬᠢᠷᠭᠠᠨ ᠤ ᠨᠢᠭᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠣᠲᠣᠭ ᠤᠨ ᠡᠮᠦᠨᠡᠲᠦ ᠬᠣᠰᠢᠭᠤ ᠳᠣᠲᠣᠷ᠎ᠠ ᠪᠠᠨ 4 ᠪᠠᠯᠭᠠᠰᠤ ᠪᠣᠯᠵᠤ ᠬᠤᠪᠢᠶᠠᠭᠳᠠᠨ᠎ᠠ᠃
 • ᠪᠠᠰᠠ68 ᠭᠠᠴᠠᠭ᠎ᠠ ᠲᠤᠰᠬᠤᠨ ᠂7 ᠵᠡᠭᠡᠯᠢ ᠭᠤᠳᠤᠮᠵᠢ ᠪᠠᠭᠲᠠᠨ᠎ᠠ ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2014 ᠤᠨ ᠤ ᠬᠦᠮᠦᠨ ᠠᠮᠠ ᠶᠢᠨ ᠪᠠᠶᠢᠴᠠᠭᠠᠯᠲᠠ ᠳ᠋ᠥ78320 ᠬᠦᠮᠦᠨ ᠪᠠᠶᠢᠵᠤ ᠂ ᠡᠭᠦᠨ ᠳ᠋ᠥ ᠬᠦᠳᠡᠭᠡ ᠲᠤᠰᠬᠤᠨ ᠤ ᠬᠦᠮᠦᠨ ᠠᠮᠠ56378 ᠂ ᠪᠦᠬᠦ ᠬᠦᠮᠦᠨ ᠠᠮᠠ ᠶᠢᠨ72 %  ᠶᠢ ᠡᠵᠡᠯᠡᠨ᠎ᠠ ᠃ ᠮᠤᠩᠭᠤᠯ ᠦᠨᠳᠦᠰᠦᠲᠡᠨ23406᠂ ᠂ᠪᠦᠬᠦ ᠬᠦᠮᠦᠨ ᠠᠮᠠ ᠶᠢᠨ29.89% ᠢ ᠡᠵᠡᠯᠡᠨ᠎ᠡ ᠃

ᠦᠭᠡ ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠳᠤᠭ ᠤᠨ ᠡᠮᠦᠨᠡᠲᠦ ᠬᠣᠰᠢᠭᠤ ᠠᠯᠪᠠᠨ ᠤ ᠬᠡᠯᠡ ᠨᠢ ᠮᠣᠩᠭᠣᠯ ᠬᠡᠯᠡ ᠪᠣᠯᠤᠨ ᠬᠢᠲᠠᠳ ᠨᠡᠶᠢᠲᠡᠯᠢᠭ ᠬᠡᠯᠡ ᠃ ᠬᠢᠲᠠᠳ ᠦᠨᠳᠦᠰᠦᠲᠡᠨ ᠦ ᠡᠳᠦᠷ ᠲᠤᠲᠤᠮ ᠤᠨ ᠠᠮᠢᠳᠤᠷᠠᠯ ᠳᠤ ᠬᠡᠷᠡᠭᠯᠡᠵᠦ ᠪᠠᠶᠢᠭ᠎ᠠ ᠬᠡᠯᠡ ᠨᠢ ᠱᠠᠨ ᠰᠢ ᠶᠢᠨ ᠬᠡᠯᠡᠨ ᠦ ᡁᠢ ᠳ᠋ᠠᠨ — ᠶᠠᠨ ᠠᠨ ᠤ ᠨᠤᠲᠤᠭ ᠤᠨ ᠠᠶᠠᠯᠭᠤ ᠪᠤᠯᠤᠨ᠎ᠠ ᠃

ᠪᠠᠶᠢᠭᠠᠯᠢ ᠶᠢᠨ ᠡᠬᠢ ᠪᠠᠶᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

===ᠠᠭᠤᠯᠠ ᠠᠭᠤᠷᠬᠠᠢ=== ᠨᠡᠭᠦᠷᠡᠰᠦᠨ ᠦ ᠡᠬᠢ ᠪᠠᠶᠠᠯᠢᠭ ᠨᠢ ᠭᠤᠤᠯᠳᠠᠭᠤ ᠱᠠᠩᠬᠠᠢ ᠶᠢᠨ ᠰᠦᠮ᠎ᠡ ᠪᠠᠯᠭᠠᠰᠤᠨ ᠳᠤ ᠪᠠᠶᠢᠵᠤ ᠂ ᠨᠡᠶᠢᠲᠡ4000 ᠭᠠᠷᠤᠢ ᠺᠦᠸᠠᠲ ᠺᠢᠯᠤᠮᠸ᠋ᠲᠷ ᠲᠠᠯᠠᠪᠠᠢ ᠲᠠᠢ ᠃ ᠡᠭᠦᠨ ᠳᠦ 2013 ᠤᠨ ᠪᠤᠯᠲᠠᠯ᠎ᠠ ᠨᠢᠭᠡᠨᠲᠡ ᠬᠠᠶᠢᠨ ᠮᠡᠳᠡᠭᠰᠡᠨ ᠨᠢ142 ᠳ᠋ᠦᠩᠰᠢᠭᠤᠷ ᠲᠤᠨ ᠬᠦᠷᠴᠦ ᠂ ᠪᠠᠰᠠ500 ᠲᠤᠨ ᠠᠴᠠ ᠳᠡᠭᠡᠭᠰᠢ ᠬᠠᠳᠠᠭᠠᠯᠠᠮᠵᠢ ᠪᠠᠶᠢᠬᠤ ᠪᠤᠯᠤᠮᠵᠢ ᠲᠠᠢ ᠃ ᠲᠡᠯᠡᠬᠡᠢ ᠶᠢᠨ ᠲᠡᠰ ᠦᠨ ᠰᠢᠲᠠᠮᠠᠬᠠᠢ ᠬᠡᠢ ︵ ᠭᠠᠰ︶ ᠶᠢᠨ ᠲᠠᠯᠠᠪᠤᠷ ᠪᠤᠯᠠᠬᠤ ᠱᠦᠭᠦᠷᠭᠡᠢ ᠶᠢᠨ ᠰᠢᠲᠠᠮᠠᠬᠠᠢ ᠬᠡᠢ ᠶᠢᠨ ᠲᠠᠯᠠᠪᠤᠷ ᠤᠨ60 %  ᠨᠢ ᠣᠲᠣᠭ ᠤᠨ ᠡᠮᠦᠨᠡᠲᠦ ᠬᠤᠰᠢᠭᠤᠨ ᠳᠤ ᠪᠠᠶᠢᠷᠢᠰᠢᠵᠤ ᠂ ᠨᠢᠭᠡᠨᠲᠡ ᠬᠠᠶᠢᠨ ᠮᠡᠳᠡᠭᠰᠡᠨ ᠬᠠᠳᠠᠭᠠᠯᠠᠮᠵᠢ7000 ᠪᠤᠰᠤᠭ᠎ᠠ ᠲᠦᠷᠪᠡᠯᠵᠢᠨ ᠮᠧᠲᠷ ᠬᠦᠷᠴᠡᠢ ᠃

ᠠᠮᠢᠲᠠᠨ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠲᠣᠭ ᠤᠨ ᠡᠮᠦᠨᠡᠲᠦ ᠬᠣᠰᠢᠭᠤ ᠬᠦᠷᠢᠨ ᠴᠡᠴᠡᠭᠲᠦ ᠴᠠᠷᠭᠤᠰᠤ ᠶᠢ ᠰᠠᠶᠢᠨ ᠲᠠᠷᠢᠳᠠᠭ ᠂35.7 ᠲᠦᠮᠡᠨ ᠮᠤ᠋ ᠭᠦᠷᠴᠤ ᠪᠤᠢ ᠃ ᠡᠪᠡᠰᠤᠨ ᠡᠮ ᠦᠨ ᠪᠠᠶᠠᠯᠢᠭ ᠡᠯᠪᠡᠭ ᠢᠶᠡᠷ ᠢᠶᠡᠨ ︽ ᠡᠪᠡᠰᠤᠨ ᠡᠮ ᠦᠨ ᠨᠤᠲᠤᠭ︾ ᠭᠡᠰᠡᠨ ᠰᠠᠶᠢᠬᠠᠨ ᠠᠯᠳᠠᠷᠲᠠᠢ ᠃ ᠲᠦᠯᠦᠭᠡᠯᠡᠬᠦ ᠤᠷᠭᠤᠮᠠᠯ ᠄ ᠤᠳᠠ ᠮᠤᠳᠤ ᠂ ᠤᠯᠠᠭᠠᠨ ᠤᠳᠠ ᠂ ᠳᠡᠷᠡᠰᠤ ᠂ ᠰᠤᠯᠢ ᠵᠡᠷᠭᠡ ᠃ ᠲᠦᠯᠦᠭᠡᠯᠡᠬᠦ ᠠᠮᠢᠲᠠᠨ ᠄ ᠲᠠᠤᠯᠠᠢ ᠂ ᠦᠨᠡᠭᠡ ᠂ ᠢᠲᠠᠭᠤ ᠂ ᠰᠢᠷ᠎ᠠ ᠰᠤᠯᠤᠩᠭ᠎ᠠ ᠂ ᠵᠠᠷᠠᠭ᠎ᠠ ᠂ ᠰᠤᠯᠤᠩᠭ᠎ᠠ ᠵᠡᠷᠭᠡ ᠃

ᠤᠢ ᠰᠢᠭᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠲᠣᠭ ᠤᠨ ᠡᠮᠦᠨᠡᠲᠦ ᠬᠤᠰᠢᠭᠤᠨ ᠤ ᠤᠢ ᠰᠢᠭᠤᠢ ᠳ᠋ᠥ ᠬᠡᠷᠡᠭᠯᠡᠬᠦ  ᠲᠠᠯᠠᠪᠠᠢ912.77 ᠲᠦᠮᠡᠨ ᠮᠤ᠋ ᠂ ᠶᠡᠷᠦᠩᠭᠡᠢ ᠲᠠᠯᠠᠪᠠᠢ ᠶᠢᠨ48.8% ᠢ ᠡᠵᠡᠯᠡᠨ᠎ᠠ ᠃ ᠤᠢ ᠰᠢᠭᠤᠢ ᠳ᠋ᠥ ᠬᠡᠷᠡᠭᠯᠡᠬᠦ ᠪᠤᠰᠤ ᠭᠠᠵᠠᠷ ᠤᠨ ᠲᠠᠯᠠᠪᠠᠢ961.48 ᠲᠦᠮᠡᠨ ᠮᠤ᠋ ᠂ᠶᠡᠷᠦᠩᠭᠡᠢ ᠲᠠᠯᠠᠪᠠᠢ ᠶᠢᠨ51.2% ᠢ ᠡᠵᠡᠯᠡᠨ᠎ᠠ ᠃2010 ᠤᠨ ᠳ᠋ᠥ ᠤᠢ ᠰᠢᠭᠤᠢ ᠶᠢᠨ ᠪᠦᠷᠬᠦᠯᠲᠡ16.28 % ᠪᠠᠶᠢᠵᠠᠢ ᠃

ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠭᠡᠷ ᠠᠵᠤ ᠤᠶᠢᠯᠡᠰ[ᠵᠠᠰᠠᠪᠤᠷᠢᠯᠠᠬᠤ | ᠺᠣᠳ᠋ ᠢᠶᠠᠷ ᠵᠠᠰᠠᠬᠣ]

2014ᠤᠨ ᠤ ᠪᠦᠷᠢᠳᠭᠡᠯ ᠳᠦ ᠣᠲᠣᠭ ᠤᠨ ᠡᠮᠦᠨᠡᠲᠦ ᠬᠣᠰᠢᠭᠤ ᠪᠦᠬᠦ ᠬᠤᠰᠢᠭᠤᠨ ᠤ ᠮᠠᠯ ᠤᠨ ᠲᠤᠭ᠎ᠠ ᠪᠠᠷᠤᠭ230 ᠲᠦᠮᠡᠨ ᠲᠤᠯᠤᠭᠠᠢ᠃ ᠮᠢᠬᠠᠨ ᠪᠦᠲᠦᠭᠡᠭᠳᠡᠭᠦᠨ18555 ᠲᠤᠨ᠃ ᠰᠦ᠋ ᠶᠢᠨ ᠭᠠᠷᠤᠯᠲᠠ 7095 ᠲᠤᠨ᠃ ᠢᠮᠠᠭᠠᠨ ᠨᠤᠤᠰᠤᠨ ᠭᠠᠷᠤᠯᠳᠠ300 ᠲᠤᠨ ᠬᠦᠷᠴᠠᠢ᠃

ᠭᠤᠷᠪᠠᠳᠤᠭᠠᠷ ᠠᠵᠤ ᠤᠶᠢᠯᠡᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠲᠣᠭ ᠤᠨ ᠡᠮᠦᠨᠡᠲᠦ ᠬᠣᠰᠢᠭᠤᠨ ᠤ ᠪᠤᠷᠤᠪᠠᠯᠭᠠᠰᠤ ᠪᠤᠯ ᠡᠷᠲᠡᠨ ᠦ ︽ ᠪᠤᠷᠤ ᠲᠤᠬᠤᠢ ᠶᠢᠨ ᠬᠦᠮᠦᠨ︾ ᠦ ᠡᠭᠦᠰᠦᠯᠲᠠᠢ ᠨᠤᠲᠤᠭ ᠃ ᠡᠭᠦᠨ ᠡᠴᠡ ᠭᠠᠳᠠᠨ᠎ᠠ ᠲᠠᠩ ᠤᠯᠤᠰ ᠤᠨ ᠶᠥᠦ ᠵᠧᠦ ᠡᠷᠲᠡᠨ ᠦ ᠬᠤᠲᠠ ᠶᠢᠨ ᠪᠠᠭᠤᠷᠢ ᠂ ᠤᠯᠠᠨ ᠬᠠᠨ ᠤᠯᠤᠰ ᠦᠨ ᠬᠡᠭᠦᠷ ᠤᠩᠭᠤᠨ ᠵᠢᠴᠢ ᠰᠢᠷᠠᠤᠰᠤ ᠴᠢᠯᠠᠭᠤᠵᠢᠮᠠᠯ ᠤᠨ ᠰᠦᠷᠦᠭᠵᠢᠯ ᠪᠤᠢ ᠃ ᠤᠷᠲᠤ ᠤᠳᠠᠭᠠᠨ ᠵᠢᠯ ᠦᠨ ᠲᠡᠤᠬᠡᠨ ᠬᠤᠷᠤᠮᠳᠠᠯ ᠂ ᠤᠯᠠᠨ ᠠᠴᠠ ᠤᠨᠴᠠᠭᠠᠢ ᠡᠬᠡ ᠪᠠᠶᠢᠭᠠᠯᠢ ᠂ ᠤᠷᠳᠤᠰ ᠨᠤᠲᠤᠭ ᠤᠨ ᠵᠠᠩ ᠠᠭᠠᠯᠢ ᠨᠢ ᠡᠨᠡ ᠰᠠᠶᠢᠬᠠᠨ ᠪᠠᠬᠠᠷᠬᠠᠯᠲᠤ ᠨᠤᠲᠤᠭ ᠢ ᠪᠤᠢ ᠪᠤᠯᠭᠠᠵᠤ ᠪᠢᠯᠡ ᠃

ᠪᠦᠬᠦ ᠤᠷᠤᠨ ᠤ ᠪᠤᠯᠪᠠᠰᠤᠨ ᠬᠤᠰᠢᠭᠤ[ᠵᠠᠰᠠᠪᠤᠷᠢᠯᠠᠬᠤ | ᠺᠣᠳ᠋ ᠢᠶᠠᠷ ᠵᠠᠰᠠᠬᠣ]

2014 ᠤᠨ ᠤ 2 ᠳ᠋ᠤᠭᠠᠷ ᠰᠠᠷ᠎ᠠ  ᠶᠢᠨ 12  ᠤᠨ ᠡᠳᠦᠷ ᠂ ᠥᠪᠥᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ  ᠤ 《 ᠪᠤᠯᠪᠠᠰᠤᠨ ᠬᠤᠰᠢᠭᠤ ᠂ ᠪᠤᠯᠪᠠᠰᠤᠨ ᠪᠠᠶᠢᠭᠤᠯᠭ᠎ᠠ  ᠨᠢᠬᠡᠴᠡ ᠂ ᠪᠤᠯᠪᠠᠰᠤᠨ ᠲᠤᠰᠬᠤᠨ ᠪᠠᠯᠭᠠᠰᠤ  ᠶᠢ ᠠᠳᠠᠯᠢᠤᠨᠬᠠᠨ ᠰᠢᠯᠭᠠᠷᠠᠭᠤᠯᠬᠤ ᠦᠷ᠎ᠡ ᠳ᠋ᠦ᠋ᠩ 》  ᠳᠤ ᠂ ᠤᠲᠤᠭ  ᠤᠨ ᠡᠮᠥᠨᠡᠲᠤ ᠬᠤᠰᠢᠭᠤ ᠡᠨᠡ ᠤᠳᠠᠭ᠎ᠠ ᠪᠦ᠋ᠬᠦ ᠤᠷᠤᠨ  ᠤ 6 ᠪᠤᠯᠪᠠᠰᠤᠨ ᠬᠤᠰᠢᠭᠤᠨ  ᠤ ᠠᠯᠳᠠᠨ ᠰᠠᠮᠪᠠᠷ᠎ᠠ ᠳᠡᠭᠡᠷ᠎ᠡ ᠠᠯᠳᠠᠷ  ᠨᠡᠷ᠎ᠡ  ᠪᠠᠨ ᠳᠡᠮᠳᠡᠭᠯᠡᠬᠦᠯᠵᠤ ᠂ ᠦᠩᠭᠡ ᠬᠡᠷᠡᠯᠳᠡᠢ  ᠪᠠᠷ 《 ᠥᠪᠥᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ  ᠤ ᠪᠤᠯᠪᠠᠰᠣᠨ ᠬᠤᠰᠢᠭᠤ 》  ᠪᠡᠷ  ᠨᠡᠷᠡᠶᠢᠳᠳᠥᠭᠳᠡᠭᠰᠡᠨ ᠪᠠᠶᠢᠨ᠎ᠠ ᠃

ᠡᠬᠦᠨ  ᠳᠤ ᠪᠠᠰᠠ ᠂ ᠤᠲᠤᠭ  ᠤᠨ ᠡᠮᠥᠨᠡᠲᠤ ᠬᠤᠰᠢᠭᠤᠨ  ᠤ ᠴᠠᠬᠢᠯᠭᠠᠨ ᠬᠠᠩᠭᠠᠬᠤ ᠺᠤᠮᠫᠠᠨᠢ  ᠨᠢ 《 ᠥᠪᠥᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ  ᠤ ᠪᠤᠯᠪᠠᠰᠤᠨ  ᠨᠢᠬᠡᠴᠡ  ᠶᠢᠨ ᠳᠠᠭᠤᠷᠢᠶᠠᠯ 》  ᠢᠶᠠᠷ ᠂ ᠤᠲᠤᠭ  ᠤᠨ ᠡᠮᠥᠨᠡᠲᠤ ᠬᠤᠰᠢᠭᠤᠨ  ᠤ ᠴᠠᠭ ᠠᠭᠤᠷ  ᠤᠨ ᠲᠤᠪᠴᠢᠶ᠎ᠠ  ᠨᠢ 《 ᠥᠪᠥᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ  ᠤ ᠪᠤᠯᠪᠠᠰᠤᠨ  ᠨᠢᠬᠡᠴᠡ 》  ᠪᠡᠷ ᠂ ᠤᠲᠤᠭ  ᠤᠨ ᠡᠮᠥᠨᠡᠲᠤ ᠬᠤᠰᠢᠭᠤᠨ  ᠤ ᠱᠠᠩᠬᠠᠢ  ᠶᠢᠨ ᠰᠦ᠋ᠮ᠎ᠡ ᠪᠠᠯᠭᠠᠰᠤᠨ  ᠤ ᠲᠦ᠋ᠪᠡᠤᠨ ᠭᠠᠴᠠᠭ᠎ᠠ  ᠨᠢ 《 ᠥᠪᠥᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ  ᠤ ᠪᠤᠯᠪᠠᠰᠤᠨ ᠭᠠᠴᠠᠭ᠎ᠠ 》  ᠪᠡᠷ ᠲᠤᠰᠪᠤᠷᠢ ᠴᠣᠯᠠᠯᠠᠭᠳᠠᠭᠰᠠᠨ ᠪᠠᠶᠢᠨ᠎ᠠ ᠃

ᠦᠷᠭᠡᠨ ᠤᠯᠠᠨ ᠠᠷᠠᠳ ᠲᠦ᠋ᠮᠡᠨ ᠪᠤᠯᠪᠠᠰᠤᠨ ᠬᠤᠰᠢᠭᠤ  ᠶᠢ ᠡᠬᠦᠳᠦᠨ ᠪᠠᠶᠢᠭᠤᠯᠬᠤ ᠳᠤᠮᠳᠠ ᠂ ᠬᠤᠪᠢᠷᠠᠯᠳᠠ  ᠶᠢ ᠤᠯᠵᠤ ᠬᠠᠷᠠᠵᠤ ᠂ ᠪᠤᠳᠠᠳᠤ ᠦᠷ᠎ᠡ ᠠᠰᠢᠭ  ᠢ ᠤᠯᠵᠤ ᠬᠦ᠋ᠷᠳᠡᠨ ᠂ ᠰᠤᠶᠤᠯᠵᠢᠭᠤᠨ ᠪᠤᠯᠪᠠᠰᠤᠨ ᠂ ᠦᠵᠡᠰᠬᠦᠯᠡᠩᠳᠤ ᠰᠠᠶᠢᠬᠠᠨ ᠬᠡᠷ ᠤᠷᠤᠨ  ᠢᠶᠠᠨ ᠪᠦ᠋ᠲᠦᠬᠡᠨ ᠪᠠᠶᠢᠭᠤᠯᠬᠤ  ᠳᠤ ᠢᠳᠡᠭᠡᠯ  ᠲᠡᠢ ᠂ ᠵᠢᠷᠭᠠᠯ  ᠲᠡᠢ ᠂ ᠤᠮᠤᠭᠰᠢᠯ  ᠲᠡᠢ ᠤᠪᠤᠷ ᠰᠤᠷᠳᠠᠯ  ᠢᠶᠠᠷ ᠪᠤᠯᠪᠠᠰᠤᠨ  ᠤ ᠠᠵᠢᠯᠯᠠᠭᠠᠨ  ᠳᠤ ᠢᠲᠡᠪᠬᠢᠲᠡᠢ ᠤᠷᠤᠯᠴᠠᠵᠠᠭᠠᠭᠰᠠᠨ ᠪᠠᠶᠢᠨ᠎ᠠ ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1.ᠴᠢ ᠂ ᠭᠠᠩᠵᠤᠷᠢᠭᠳᠤ  ᠶᠢᠨ ᠪᠦᠷᠬᠡ  ᠡᠴᠡ

--brgd (talk) 21:22, 31 ᠭᠤᠷᠪᠠᠳᠤᠭᠠᠷ ᠰᠠᠷ᠎ᠠ 2016 (CST)

ᠪᠢᠴᠢᠭᠡᠰᠦ