ᠣᠯᠠᠨ ᠤᠯᠤᠰ ᠤᠨ ᠡᠮᠡᠭᠲᠡᠶᠢᠴᠦᠳ ᠦᠨ ᠡᠳᠦᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
09:28, 8 ᠭᠤᠷᠪᠠᠳᠤᠭᠠᠷ ᠰᠠᠷ᠎ᠠ 2017- ᠶᠢᠨ ᠪᠠᠢᠢᠳᠠᠯ ᠶᠢᠡᠷ ᠬᠢ Sqqinggel (ᠶᠠᠷᠢᠶ᠎ᠠ | ᠬᠤᠪᠢ ᠨᠡᠮᠡᠷᠢ) ᠬᠡᠷᠡᠭ᠍ᠯᠡᠭᠴᠢ ᠶᠢᠨ ᠬᠢᠭ᠍ᠰᠡᠨ ᠵᠠᠰᠠᠪᠤᠷᠢ

(ᠢᠯᠭᠠᠭ᠎ᠠ) ←ᠬᠠᠭᠤᠴᠢᠨ ᠵᠠᠰᠠᠪᠤᠷᠢ | ᠤᠳᠤ ᠶᠢᠨ ᠵᠠᠰᠠᠪᠤᠷᠢ (ᠢᠯᠭᠠᠭ᠎ᠠ) | ᠰᠢᠨ᠎ᠡ ᠵᠠᠰᠠᠪᠤᠷᠢ→ (ᠢᠯᠭᠠᠭ᠎ᠠ)
ᠬᠠᠷᠠᠶᠢᠬᠤ: ᠤᠳᠤᠷᠢᠳᠬᠤ, ᠬᠠᠶᠢᠯᠲᠠ
002.jpeg

ᠣᠯᠠᠨ ᠤᠯᠤᠰ ᠤᠨ ᠡᠮᠡᠭᠲᠡᠶᠢᠴᠦᠳ ᠦᠨ ᠡᠳᠦᠷ ᠪᠤᠶᠤ ᠬᠠᠭᠤᠴᠢᠨ ᠢᠶᠠᠷ ᠣᠯᠠᠨ ᠤᠯᠤᠰ ᠤᠨ ᠠᠵᠢᠯᠴᠢᠨ ᠡᠮᠡᠭᠲᠡᠶᠢᠴᠦᠳ ᠦᠨ ᠡᠳᠦᠷ ᠨᠢ ᠵᠢᠯ ᠪᠦᠷᠢ ᠶᠢᠨ 3 ᠰᠠᠷ᠎ᠠ ᠶᠢᠨ 8 ᠍ ᠳᠦ ᠪᠣᠯᠳᠠᠭ᠃ ᠣᠯᠠᠨ ᠤᠯᠤᠰ ᠤᠨ ᠡᠮᠡᠭᠲᠡᠶᠢᠴᠦᠳ ᠦᠨ ᠬᠠᠮᠤᠭ ᠤᠨ ᠥᠷᠭᠡᠨ ᠲᠡᠮᠳᠡᠭᠯᠡᠳᠡᠭ ᠪᠠᠶᠠᠷ ᠶᠤᠮ᠃ ᠤᠯᠤᠰ ᠣᠷᠣᠨ ᠨᠤᠭᠤᠳ ᠪᠦᠬᠦ ᠨᠡᠶᠢᠲᠡ ᠶᠢᠨ ᠪᠠᠶᠠᠷ ᠤᠨ ᠡᠳᠦᠷ ᠪᠣᠯᠭᠠᠬᠤ ᠠᠴᠠ ᠡᠬᠢᠯᠡᠭᠡᠳ ᠡᠮᠡᠭᠲᠡᠶᠢᠴᠦᠳ ᠦᠨ ᠡᠳ᠋ ᠍ ᠦᠨ ᠵᠠᠰᠠᠭ᠂ ᠤᠯᠤᠰ ᠲᠥᠷᠥ᠂ ᠨᠡᠶᠢᠭᠡᠮ ᠳᠦ ᠡᠵᠡᠯᠡᠬᠦ ᠪᠠᠶᠢᠷᠢ ᠰᠠᠭᠤᠷᠢ ᠶᠢ ᠪᠡᠬᠢᠵᠢᠭᠦᠯᠬᠦ ᠳᠦ ᠠᠩᠬᠠᠷᠬᠤ ᠵᠡᠷᠭᠡ ᠪᠡᠷ ᠶᠠᠩᠵᠤ ᠪᠦᠷᠢ ᠪᠡᠷ ᠲᠡᠮᠳᠡᠭᠯᠡᠳᠡᠭ᠃

ᠳᠡᠯᠡᠬᠡᠢ ᠢᠢᠨ ᠤᠯᠤᠰ ᠣᠷᠤᠨ ᠦ ᠲᠡᠮᠳᠡᠭᠯᠡᠬᠦ ᠪᠠᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠽᠢᠶᠠᠯᠢᠰᠲᠤ ᠤᠯᠤᠰ ᠲᠥᠷᠥ ᠶᠢᠨ ᠬᠥᠳᠡᠯᠭᠡᠭᠡᠨ ᠡᠴᠡ ᠤᠯᠪᠠᠭ᠎ᠠ ᠲᠠᠢ ᠲᠤᠰ ᠪᠠᠶᠠᠷ ᠢ ᠵᠡᠭᠦᠨ ᠧᠦ᠋ᠷᠣᠫᠠᠣᠷᠣᠰ ᠵᠡᠷᠭᠡ ᠬᠠᠭᠤᠴᠢᠨ ᠵᠥᠪᠯᠡᠯᠲᠦ ᠶᠢᠨ ᠪᠯᠣᠺᠶ᠋ᠢᠨ ᠣᠷᠣᠨ ᠨᠤᠭᠤᠳ ᠲᠤ ᠥᠷᠭᠡᠨ ᠲᠡᠮᠳᠡᠭᠯᠡᠳᠡᠭ᠃ ᠬᠠᠷᠢᠨ ᠡᠳᠦᠭᠡ ᠶᠡᠬᠡᠩᠬᠢ ᠤᠯᠤᠰ ᠲᠤ ᠤᠯᠤᠰ ᠲᠥᠷᠥ ᠶᠢᠨ ᠤᠳᠬ᠎ᠠ ᠪᠠᠨ ᠠᠯᠳᠠᠵᠤ᠂ ᠡᠷᠡᠭᠲᠡᠶᠢᠴᠦᠳ ᠡᠮᠡᠭᠲᠡᠶᠢᠴᠦᠳ ᠲᠦ ᠬᠠᠶᠢᠷ᠎ᠠ ᠪᠠᠨ ᠢᠯᠡᠷᠬᠡᠶᠢᠯᠡᠨ᠂ ᠡᠵᠢ ᠨᠦᠭᠦᠳ ᠦᠨ ᠡᠳᠦᠷ ᠪᠣᠯᠤᠨ ᠭᠡᠭᠡᠨ ᠸᠠᠯᠧᠨᠲᠤᠨ ᠤ ᠡᠳᠦᠷ ᠵᠡᠷᠭᠡ ᠪᠠᠶᠠᠷᠲᠠᠢ ᠲᠥᠰᠲᠡᠢ ᠪᠡᠷ ᠲᠡᠮᠳᠡᠭᠯᠡᠳᠡᠭ ᠪᠣᠯᠵᠠᠢ᠃ ᠮᠣᠩᠭᠣᠯ ᠤᠯᠤᠰ ᠲᠤ ᠴᠤ ᠮᠥᠨ ᠤᠭ ᠪᠠᠶᠠᠷ ᠨᠢ ᠡᠶᠢᠮᠦ ᠤᠳᠬ᠎ᠠ ᠲᠠᠢ ᠪᠣᠯᠤᠭᠰᠠᠨ ᠪᠥᠭᠡᠳ ᠪᠦᠬᠦ ᠨᠡᠶᠢᠲᠡ ᠪᠡᠷ ᠠᠮᠠᠷᠠᠬᠤ ᠪᠠᠶᠠᠷ ᠤᠨ ᠡᠳᠦᠷ ᠪᠣᠯᠤᠭᠰᠠᠨ ᠪᠠᠶᠢᠳᠠᠭ᠃ ᠬᠠᠷᠢᠨ ᠵᠠᠷᠢᠮ ᠤᠯᠤᠰ᠂ ᠪᠥᠰᠡ ᠨᠤᠲᠤᠭ ᠲᠤ ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ ᠠᠩᠬᠠᠨ ᠤ ᠤᠯᠤᠰ ᠲᠥᠷᠥ ᠶᠢᠨ᠂ ᠬᠦᠮᠦᠨ ᠦ ᠡᠷᠬᠡ ᠶᠢᠨ ᠤᠳᠬ᠎ᠠ ᠶᠢ ᠨᠢ ᠬᠠᠳᠠᠭᠠᠯᠠᠵᠤ᠂ ᠳᠠᠶᠠᠩ ᠳᠡᠯᠡᠬᠡᠢ ᠶᠢᠨ ᠡᠮᠡᠭᠲᠡᠶᠢᠴᠦᠳ ᠲᠦ ᠢᠲᠡᠭᠡᠯ ᠨᠠᠶᠢᠳᠠᠪᠤᠷᠢ ᠥᠭᠬᠦ᠂ ᠤᠯᠤᠰ ᠲᠥᠷᠥ᠂ ᠨᠡᠶᠢᠭᠡᠮ ᠤᠨ ᠠᠩᠬᠠᠷᠤᠯ ᠢ ᠬᠠᠨᠳᠤᠭᠤᠯᠬᠤ ᠲᠠᠯ᠎ᠠ ᠪᠠᠷ ᠠᠵᠢᠯᠯᠠᠳᠠᠭ᠃

1975 ᠤᠨ ᠳᠤ ᠠᠦ᠋ᠰᠲ᠋ᠷᠢᠯᠢᠶ᠎ᠠ ᠶᠢᠨ ᠪᠠᠷᠢᠯᠭ᠎ᠠ ᠶᠢᠨ ᠠᠵᠢᠯᠴᠢᠳ ᠤᠨ ᠬᠣᠯᠪᠣᠭᠠᠨ ᠤ ᠡᠮᠡᠭᠲᠡᠢ ᠭᠡᠰᠢᠭᠦᠳ ᠣᠯᠠᠨ ᠤᠯᠤᠰ ᠤᠨ ᠡᠮᠡᠭᠲᠡᠶᠢᠴᠦᠳ ᠦᠨ ᠡᠳᠦᠷ ᠢᠶᠡᠷ ᠵᠢᠭᠰᠠᠵᠤ ᠪᠠᠶᠢᠭ᠎ᠠ ᠨᠢ᠃
ᠭᠠᠮᠪᠠ ᠴᠡᠴᠡᠭ ᠨᠢ ᠢᠲ᠋ᠠᠯᠢᠣᠷᠣᠰ ᠲᠤ ᠣᠯᠠᠨ ᠤᠯᠤᠰ ᠤᠨ ᠡᠮᠡᠭᠲᠡᠶᠢᠴᠦᠳ ᠦᠨ ᠡᠳᠦᠷ ᠦᠨ ᠪᠡᠯᠭᠡᠳᠡᠯ ᠪᠣᠯᠳᠠᠭ᠃

ᠲᠤᠰ ᠪᠠᠶᠠᠷ ᠦᠨ ᠢᠷᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1910 ᠡᠤᠨ ᠳᠤ ᠬᠣᠶᠠᠳᠤᠭᠠᠷ ᠢᠨᠲ᠋ᠧᠷᠨᠠᠼᠢᠤᠨᠠᠯ ᠠᠩᠬ᠎ᠠ ᠤᠳᠠᠭ᠎ᠠ ᠣᠯᠠᠨ ᠤᠯᠤᠰ ᠤᠨ ᠡᠮᠡᠭᠲᠡᠶᠢᠴᠦᠳ ᠦᠨ ᠴᠢᠭᠤᠯᠭᠠᠨ ᠢ ᠺᠣᠫᠸᠨ᠋ᠬᠠᠭᠧᠨ ᠬᠣᠲᠠᠨ ᠳᠤ ᠬᠤᠷᠠᠯᠳᠤᠭᠤᠯᠵᠤ᠂ ᠣᠯᠠᠨ ᠤᠯᠤᠰ ᠤᠨ ᠡᠮᠡᠭᠲᠡᠶᠢᠴᠦᠳ ᠦᠨ ᠡᠳᠦᠷ ᠢ ᠪᠤᠢ ᠪᠣᠯᠭᠠᠵᠠᠢ᠃ ᠰᠠᠨᠠᠭᠠᠴᠢᠯᠠᠭᠴᠢ ᠨᠢ ᠭᠧᠷᠮᠠᠨ ᠤ ᠰᠣᠽᠢᠶᠠᠯᠢᠰᠲᠤ ᠦᠵᠡᠯ ᠲᠡᠢ ᠡᠮᠡᠭᠲᠡᠢ ᠺᠯᠠᠷᠠ ᠴᠧᠲ᠋ᠬᠢᠨ ᠭᠡᠵᠦ ᠦᠵᠡᠳᠡᠭ ᠪᠥᠭᠡᠳ ᠠᠩᠬ᠎ᠠ ᠬᠡᠵᠢᠶ᠎ᠡ ᠰᠠᠨᠠᠭᠠᠴᠢᠯᠠᠭᠰᠠᠨ ᠨᠢ ᠲᠣᠳᠣᠷᠬᠠᠢ ᠦᠭᠡᠢ᠃[1] ᠡᠶᠢᠨ ᠬᠦ 1911 ᠡᠤᠨ ᠤ 3 ᠰᠠᠷ᠎ᠠ ᠶᠢᠨ 19 ᠍ ᠳᠦ ᠤᠭ ᠡᠳᠦᠷ ᠢ ᠠᠦ᠋ᠰᠲᠷᠢᠶ᠎ᠠᠳ᠋ᠠᠨᠮᠠᠷᠺᠭᠧᠷᠮᠠᠨᠰᠸᠢᠰ ᠵᠡᠷᠭᠡ ᠣᠷᠣᠨ ᠤ ᠰᠠᠶ᠎ᠠ ᠭᠠᠷᠤᠢ ᠬᠦᠮᠦᠨ ᠲᠡᠮᠳᠡᠭᠯᠡᠵᠡᠢ᠃[2] ᠮᠥᠨ ᠡᠤᠨ ᠤ 3 ᠰᠠᠷ᠎ᠠ ᠶᠢᠨ 25 ᠍ ᠳᠦ ᠨᠢᠤᠢ-ᠶᠣᠷᠺ ᠬᠣᠲᠠ ᠳ᠋ᠠᠬᠢ ᠨᠢᠭᠡᠨ ᠣᠶᠣᠳᠠᠯ ᠤᠨ ᠦᠢᠯᠡᠳᠪᠦᠷᠢ ᠳᠦ ᠭᠠᠯ ᠭᠠᠷᠴᠤ᠂ 140 ᠠᠵᠢᠯᠴᠢᠨ ᠨᠠᠰᠤ ᠪᠠᠷᠠᠭᠰᠠᠨ ᠤ ᠶᠡᠬᠡᠩᠬᠢ ᠨᠢ ᠡᠮᠡᠭᠲᠡᠢ ᠪᠠᠶᠢᠭᠰᠠᠨ ᠪᠥᠭᠡᠳ ᠠᠶᠤᠯ ᠦᠭᠡᠢ ᠪᠠᠶᠢᠳᠠᠯ ᠢ ᠬᠠᠩᠭᠠᠭ᠎ᠠ ᠦᠭᠡᠢ ᠪᠠᠶᠢᠭᠰᠠᠨ ᠤ ᠤᠯᠠᠮ ᠠᠴᠠ ᠨᠠᠰᠤ ᠪᠠᠷᠠᠭᠰᠠᠳ ᠤᠨ ᠲᠣᠭ᠎ᠠ ᠣᠯᠠᠨ ᠪᠣᠯᠤᠭᠰᠠᠨ ᠠᠵᠢ᠃ ᠡᠨᠡ ᠨᠢ ᠴᠤ ᠨᠥᠯᠦᠭᠡᠯᠡᠵᠦ᠂ ᠳᠡᠯᠡᠬᠡᠢ ᠶᠢᠨ ᠨᠢᠭᠡᠳᠦᠭᠡᠷ ᠳᠠᠶᠢᠨ ᠦ ᠡᠮᠦᠨ᠎ᠡ ᠪᠤᠶᠤ 1913 ᠡᠤᠨ ᠤ 3 ᠰᠠᠷ᠎ᠠ ᠶᠢᠨ 8 ᠍ ᠳᠦ ᠧᠦ᠋ᠷᠣᠫᠠ ᠳᠠᠶᠠᠭᠠᠷ ᠡᠩᠬᠡ ᠲᠠᠶᠢᠪᠤᠩ ᠤᠨ ᠲᠥᠯᠥᠭᠡ ᠵᠢᠭᠰᠠᠭᠠᠯ ᠥᠷᠨᠢᠵᠡᠢ᠃

ᠡᠮᠡᠭᠲᠡᠢᠴᠦᠳ ᠬᠢᠭᠡᠳ ᠬᠦᠮᠦᠨ ᠦ ᠡᠷᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ