ᠣᠨᠴᠠᠯᠠᠬᠤ ᠥᠭᠦᠯᠡᠯ/2018 1 ᠍ ᠳᠦᠭᠡᠷ ᠰᠠᠷ᠎ᠠ
ᠪᠠᠢ' ᠪᠤᠶᠤ Baip (ᠪᠠᠢ ᠬᠡᠯᠡ: Baipho /pɛ̰˦˨xo̰˦/ (白和); ᠬᠢᠲᠠᠳ: 白族; ᠬᠢᠲᠠᠳ ᠯᠠᠲ᠋ᠢᠨ: Báizú; ᠨᠤᠲᠤᠭ ᠤᠨ ᠠᠶᠠᠯᠭᠤ ᠪᠠᠷ [pɛ̀tsī]) ᠦᠨᠳᠦᠰᠦᠲᠡᠨ ᠪᠣᠯ ᠲᠤᠮᠳᠠᠳᠤ ᠤᠯᠤᠰ ᠤᠨ 56 ᠦᠨᠳᠦᠰᠦᠲᠡᠨ ᠤ ᠨᠢᠭᠡ ᠮᠥᠨ᠃ 2010ᠣᠨ ᠤ ᠲᠣᠭᠠᠯᠠᠯᠭ᠎ᠠ ᠪᠠᠷ 1933510 ᠬᠦᠮᠦᠨ ᠠᠮᠠ ᠲᠠᠢ᠂ ᠳᠤᠮᠳᠠᠳᠤ ᠤᠯᠤᠰ ᠤᠨ 14 ᠳ᠋ᠡᠬᠢ ᠬᠦᠮᠦᠨ ᠠᠮᠠ ᠣᠯᠠᠨ ᠲᠠᠢ ᠦᠨᠳᠦᠰᠦᠲᠡᠨ ᠶᠤᠮ᠃ ᠪᠠᠢ ᠦᠨᠳᠦᠰᠦᠲᠡᠨ ᠦ ᠠᠷᠠᠠᠳ ᠲᠦᠮᠡᠨ ᠥᠪᠡᠷ ᠢ ᠪᠡᠨ "Baipzix" (pɛ42 tsi33; ᠪᠠᠢᠽᠢ 白子), "Baip'ho" (pɛ42 xo44; ᠪᠠᠢ ᠬᠣ᠋ 白伙), "Baip yinl" (pɛ42 ji21; ᠪᠠᠢ ᠶᠢ 白尼)ᠭᠡᠳᠡᠭ᠂ "ᠪᠠᠢ" ᠭᠡᠳᠡᠭ ᠨᠢ 'ᠴᠠᠭᠠᠨ' ᠭᠡᠰᠡᠨ ᠦᠭᠡ ᠮᠥᠨ ᠃ 1956 ᠤᠨ ᠳᠤ ᠂ᠳᠤᠮᠳᠠᠳᠤ ᠤᠯᠤᠰ ᠤᠨ ᠵᠠᠰᠠᠭ ᠤᠨ ᠣᠷᠳᠣᠨ ᠪᠠᠢ ᠦᠨᠳᠦᠰᠦᠲᠡᠨ ᠦ ᠥᠪᠡᠷ ᠦᠨ ᠰᠠᠨᠠᠭ᠎ᠠ ᠪᠠᠷ ᠨᠢ ᠪᠠᠢ ᠦᠨᠳᠦᠰᠦᠲᠡᠨ ᠭᠡᠵᠦ ᠨᠢᠭᠡᠳᠭᠡᠨ ᠨᠡᠷᠡᠶᠢᠳᠦᠵᠡᠢ᠃ ᠲᠡᠦᠬᠡᠨ ᠳᠦ 14 ᠳ᠋ᠦᠭᠡᠷ ᠵᠠᠭᠤᠨ ᠠᠴᠠ 1949 ᠤᠨ ᠪᠣᠯᠲᠠᠯ᠎ᠠ᠂ ᠬᠢᠲᠠᠳ ᠦᠨᠳᠦᠰᠦᠲᠡᠨ ᠲᠠᠳᠡᠨ ᠢ ᠮᠢᠨ ᠵᠢᠶᠠ(民家) ᠭᠡᠵᠦ ᠨᠡᠷᠡᠯᠡᠵᠦ ᠪᠠᠶᠢᠵᠠᠢ᠃ (ᠪᠦᠷᠢᠨ ᠠᠭᠤᠯᠭ᠎ᠠ ᠶᠢ ᠤᠩᠰᠢᠬᠤ)
ᠲᠣᠭᠯᠠᠭᠠᠮ ᠤᠨ ᠣᠨᠣᠯ (ᠠᠩᠭᠯᠢ: Game theory; ᠣᠷᠣᠰ: ᠲᠧᠣᠷᠢᠶᠠ ᠢᠭᠷ) ᠭᠡᠳᠡᠭ ᠨᠢ 20 ᠳ᠋ᠤᠭᠠᠷ ᠵᠠᠭᠤᠨᠢ ᠳᠤᠮᠳᠠᠭᠤᠷ ᠡᠭᠦᠰᠴᠢ ᠬᠥᠭᠵᠢᠭᠰᠡᠨ ᠤᠬᠠᠭᠠᠨ ᠪᠥᠭᠡᠳ ᠦᠢᠯᠡᠳᠦᠯ ᠦᠨ ᠰᠢᠨᠵᠢᠯᠡᠭᠡ᠂ ᠮᠢᠺᠷᠣ᠋ ᠡᠳ᠋ ᠦᠨ ᠵᠠᠰᠠᠭ᠂ ᠤᠯᠤᠰ ᠲᠥᠷᠥ ᠰᠤᠳᠤᠯᠤᠯ᠂ ᠣᠯᠠᠨ ᠤᠯᠤᠰ ᠤᠨ ᠬᠠᠷᠢᠯᠴᠠᠭ᠎ᠠ᠂ ᠰᠡᠳᠬᠢᠯ ᠰᠤᠳᠤᠯᠤᠯ ᠵᠡᠷᠭᠡ ᠲᠡᠢ ᠥᠷᠭᠡᠨ ᠬᠣᠯᠪᠣᠭ᠎ᠠ ᠲᠠᠢ᠃ (ᠪᠦᠷᠢᠨ ᠠᠭᠤᠯᠭ᠎ᠠ ᠶᠢ ᠤᠩᠰᠢᠬᠤ)
ᠢᠩᠲᠣᠣᠷ ᠨᠢ ᠰᠠᠷᠠᠨᠠᠢ ᠶᠢᠨ ᠬᠢᠨ ᠣᠪᠤᠭ ᠤᠨ ᠢᠩᠲᠣᠣᠷ ᠤᠨ ᠪᠦᠯᠢ ᠶᠢᠨ ᠨᠠᠪᠴᠢᠲᠤ ᠮᠣᠳᠣ ᠪᠤᠶᠤ ᠲᠡᠭᠦᠨ ᠦ ᠦᠷ᠎ᠡ ᠵᠢᠮᠢᠰ ᠢ ᠬᠡᠯᠡᠨ᠎ᠡ᠃ ᠢᠩᠲᠣᠣᠷ ᠤᠨ ᠵᠢᠮᠢᠰ ᠨᠢ ᠳᠤᠭᠤᠢ ᠬᠡᠯᠪᠡᠷᠢ ᠲᠡᠢ᠂ ᠭᠣᠣᠯᠳᠠᠭᠤ ᠤᠯᠠᠭᠠᠨ ᠥᠩᠭᠡ ᠲᠡᠢ᠂ ᠰᠣᠷᠲ ᠠᠴᠠ ᠪᠠᠨ ᠬᠠᠮᠢᠶᠠᠷᠤᠭᠠᠳ ᠰᠢᠷᠭᠠᠯ᠂ ᠤᠯᠠᠭᠠᠨ ᠬᠦᠷᠢᠨ ᠵᠡᠷᠭᠡ ᠥᠩᠭᠡ ᠲᠡᠢ ᠪᠠᠶᠢᠳᠠᠭ᠃ ᠭᠣᠣᠯ ᠳᠤ ᠪᠠᠨ 1 ᠰᠢᠷᠬᠡᠭ ᠦᠷᠡᠲᠡᠢ᠃ ᠶᠠᠫᠣᠨ ᠤ ᠠᠯᠳᠠᠷᠲᠠᠢ ᠰᠠᠺᠦ᠋ᠷᠠ ᠨᠢ ᠢᠩᠲᠣᠣᠷ ᠤᠨ ᠨᠢᠭᠡ ᠲᠥᠷᠥᠯ ᠪᠣᠯᠪᠠᠴᠤ ᠰᠠᠺᠦ᠋ᠷᠠᠭ ᠤᠨ ᠵᠢᠮᠢᠰ ᠨᠢ ᠢᠳᠡᠬᠦ ᠳᠦ ᠲᠣᠬᠢᠷᠠᠮᠵᠢ ᠦᠭᠡᠢ᠂ ᠵᠢᠵᠢᠭ᠍ᠭᠡᠨ ᠪᠠᠶᠢᠳᠠᠭ᠃ ᠬᠦᠨᠡᠰᠦᠨ ᠳᠦ ᠵᠢᠮᠢᠰ ᠢ ᠨᠢ ᠬᠡᠷᠡᠭᠯᠡᠳᠡᠭ ᠢᠩᠲᠣᠣᠷ ᠨᠢ ᠭᠣᠣᠯ ᠲᠥᠯᠥᠪ ᠵᠡᠷᠯᠢᠭ ᠢᠩᠲᠣᠣᠷ (ᠯᠠᠲ᠋ᠢᠨ ᠶᠢᠡᠷ Prunus avium) ᠪᠠᠶᠢᠳᠠᠭ᠃ ᠮᠥᠨ ᠢᠰᠬᠦᠯᠡᠩ ᠢᠩᠲᠣᠣᠷ (ᠯᠠᠲ᠋ᠢᠨ ᠶᠢᠡᠷ Prunus cerasus) ᠍ ᠢ ᠴᠤ ᠬᠦᠨᠡᠰᠦᠨ ᠳᠦ ᠬᠡᠷᠡᠭᠯᠡᠳᠡᠭ᠃ (ᠪᠦᠷᠢᠨ ᠠᠭᠤᠯᠭ᠎ᠠ ᠶᠢ ᠤᠩᠰᠢᠬᠤ)
ᠪᠠᠭ᠎ᠠ ᠪᠠᠯᠴᠢᠷ ᠨᠠᠰᠤᠨ ᠠᠴᠠ ᠪᠠᠨ ᠮᠢᠩᠭᠠᠲᠤ ᠶᠢᠨ ᠠᠪᠢᠶᠠᠰ ᠪᠢᠯᠢᠭ ᠲᠣᠳᠣᠷᠠᠵᠤ᠂ ᠬᠣᠰᠢᠭᠤ ᠨᠤᠲᠤᠭ ᠲᠤ ᠪᠠᠨ ᠠᠯᠳᠠᠷᠰᠢᠭᠰᠠᠨ ᠲᠤᠯᠠᠳᠠ ᠮᠠᠨᠵᠤ ᠶᠢᠨ ᠬᠠᠭᠠᠨ ᠤ ᠣᠷᠳᠣᠨ ᠤ ᠳᠡᠷᠭᠡᠳᠡ ᠡᠴᠡ 《ᠲᠣᠭᠠᠨ ᠤ ᠤᠬᠠᠭᠠᠨ ᠰᠤᠷᠬᠤ ᠲᠡᠩᠬᠢᠮ》 ᠍ ᠳᠦ ᠬᠦᠷᠭᠡᠭᠳᠡᠨ ᠰᠤᠷᠤᠯᠴᠠᠵᠤ᠂ ᠭᠠᠷᠮᠠᠭᠠᠢ ᠰᠠᠶᠢᠨ ᠢᠶᠠᠷ ᠲᠡᠬᠦᠰᠦᠬᠡᠳ᠂ ᠤᠯᠠᠮ ᠢᠶᠠᠷ ᠬᠠᠭᠠᠨ ᠤ ᠲᠩᠷᠢ ᠶᠢ ᠰᠦᠰᠦᠭᠯᠡᠬᠦ ᠶᠠᠮᠤᠨ ᠳᠤ ᠣᠳᠣᠨ ᠣᠷᠣᠨ ᠤ ᠶᠠᠪᠤᠳᠠᠯ ᠢ ᠲᠣᠭᠠᠴᠠᠭᠠᠯᠠᠨ ᠪᠣᠳᠣᠬᠤ ᠠᠵᠢᠯ ᠢ ᠡᠷᠬᠢᠯᠡᠭᠰᠡᠨ ᠲᠦᠰᠢᠮᠡᠯ ᠢᠶᠡᠷ ᠲᠣᠮᠢᠯᠠᠭᠳᠠᠭᠰᠠᠨ ᠴᠣᠷ ᠤᠨ ᠭᠠᠭᠴᠠ ᠡᠷᠳᠡᠮᠲᠡᠨ ᠪᠣᠯᠵᠤ᠂ ᠳᠠᠶᠠᠭᠠᠷ ᠣᠯᠠᠨ ᠳᠤ ᠪᠠᠨ ᠶᠡᠬᠡ ᠮᠢᠩᠭᠠᠲᠤ ᠬᠡᠮᠡᠨ ᠠᠯᠳᠠᠷᠰᠢᠵᠠᠢ᠃ ᠮᠠᠨᠵᠤ ᠶᠢᠨ ᠬᠠᠭᠠᠨ ᠤ ᠣᠷᠳᠣᠨ ᠤ ᠳᠡᠷᠭᠡᠳᠡᠬᠢ 《ᠲᠣᠭᠠᠨ ᠤ ᠤᠬᠠᠭᠠᠨ ᠰᠤᠷᠬᠤ ᠭᠠᠵᠠᠷ》 ᠍ ᠳᠦ ᠰᠢᠯᠢᠭᠳᠡᠨ ᠢᠷᠡᠭᠰᠡᠨ ᠬᠡᠦᠬᠡᠳ ᠦᠳ ᠡᠴᠡ ᠠᠪᠢᠶᠠᠰ ᠴᠢᠳᠠᠪᠤᠷᠢ ᠪᠠᠷ ᠢᠯᠡᠳᠲᠡ ᠲᠤᠳᠤᠷᠠᠵᠤ᠂ ᠴᠠᠭᠠᠰᠢᠯᠠᠨ ᠬᠣᠯᠠᠳᠠᠭᠰᠠᠭᠠᠷ ᠶᠡᠬᠡ ᠲᠣᠭᠠᠨ ᠤᠬᠠᠭᠠᠨ᠂ ᠣᠳᠣᠨ ᠵᠢᠷᠤᠬᠠᠢ᠂ ᠰᠠᠪᠠ ᠰᠢᠮ᠎ᠡ ᠶᠢᠨ ᠶᠢᠷᠲᠢᠨᠴᠦ ᠶᠢᠨ ᠤᠬᠠᠭᠠᠨ ᠳᠤ ᠰᠢᠮᠡᠳᠡᠨ ᠪᠣᠯᠪᠠᠰᠤᠷᠠᠵᠤ᠂ ᠬᠠᠭᠠᠨ ᠤ ᠬᠠᠷᠢᠶ᠎ᠠ ᠠᠯᠪᠠᠨ ᠤ ᠰᠤᠳᠤᠯᠤᠭᠠᠴᠢ ᠲᠦᠰᠢᠮᠡᠯ ᠦᠨ ᠠᠯᠪᠠ ᠶᠢ ᠪᠠᠷᠤᠭ ᠬᠠᠭᠠᠰ ᠵᠠᠭᠤᠨ ᠵᠢᠯ ᠬᠠᠰᠢᠬᠤ ᠳᠤ ᠪᠠᠨ᠂ ᠠᠰᠤᠷᠤ ᠶᠡᠬᠡ ᠰᠤᠳᠤᠯᠭ᠎ᠠ ᠰᠢᠨᠵᠢᠯᠡᠭᠡ ᠬᠢᠵᠦ᠂ ᠪᠦᠲᠦᠭᠡᠯ ᠲᠤᠭᠤᠷᠪᠢᠯ ᠢ ᠭᠠᠷᠭᠠᠵᠠᠢ᠃ ᠲᠤᠬᠠᠶᠢᠯᠠᠨ ᠴᠠᠭ ᠤᠯᠠᠷᠢᠯ ᠤᠨ ᠲᠣᠭᠠᠨ ᠤ ᠪᠢᠴᠢᠭ ᠵᠣᠬᠢᠶᠠᠬᠤ᠂ ᠬᠢᠨᠠᠬᠤ᠂ ᠨᠠᠷᠠ ᠰᠠᠷ᠎ᠠ ᠬᠡᠳᠦᠢ ᠳᠦ ᠭᠬᠢᠷᠲᠤᠬᠦ ᠶᠢ ᠲᠣᠭᠠᠴᠠᠭᠠᠯᠠᠨ ᠪᠣᠳᠣᠬᠤ ᠵᠡᠷᠭᠡ ᠠᠵᠢᠯ ᠦᠢᠯᠡ ᠶᠢ ᠢᠳᠡᠪᠬᠢᠲᠡᠢ ᠰᠠᠶᠢᠨ ᠭᠦᠢᠴᠡᠳᠭᠡᠵᠦ ᠪᠠᠶᠢᠭᠰᠠᠨ ᠪᠠᠷᠢᠮᠲᠠ ᠲᠣᠳᠣᠷᠬᠠᠢ ᠦᠯᠡᠳᠡᠵᠡᠢ᠃ᠢᠲᠡᠭᠡᠯ ᠲᠡᠢ ᠰᠠᠶᠢᠨ ᠭᠡᠳᠡᠭ ᠦᠨ ᠬᠤᠪᠢ ᠳᠤ ᠶᠡᠬᠡ ᠡᠷᠳᠡᠮᠲᠡᠨ ᠲᠤᠭᠠᠨ ᠤ ᠤᠬᠠᠭᠠᠨᠳᠠᠨ ᠮᠠᠨᠢ ᠮᠠᠨᠵᠤ ᠶᠢᠨ ᠬᠠᠭᠠᠨ ᠰᠢᠷᠡᠭᠡᠨ ᠢᠶᠡᠨ ᠳᠠᠷᠠᠭᠠᠯᠠᠨ ᠵᠠᠯᠠᠷᠠᠭᠰᠠᠨ ᠭᠤᠷᠪᠠᠨ ᠬᠠᠭᠠᠨ ᠪᠣᠯᠬᠤ ᠡᠩᠬᠡ ᠠᠮᠤᠭᠤᠯᠠᠩ ᠬᠠᠭᠠᠨ ᠤ ᠦᠶ᠎ᠡ ᠳᠦ ᠠᠷᠪᠠᠭᠠᠳ ᠵᠢᠯ᠂ ᠨᠠᠶᠢᠷᠠᠯᠲᠤ ᠲᠥᠪ ᠬᠠᠭᠠᠨ ᠤ ᠦᠶ᠎ᠡ ᠳᠦ ᠠᠷᠪᠠᠨ ᠬᠣᠶᠠᠷ ᠵᠢᠯ᠂ ᠲᠩᠷᠢ ᠲᠡᠳᠬᠦᠭᠴᠢ ᠬᠠᠭᠠᠨ ᠤ ᠦᠶ᠎ᠡ ᠳᠦ ᠪᠠᠷᠤᠭ ᠭᠤᠴᠢᠭᠠᠳ ᠵᠢᠯ ᠳᠡᠭᠡᠷᠡᠬᠢ ᠠᠯᠪᠠ ᠶᠢ ᠲᠠᠰᠤᠷᠠᠯᠲᠠ ᠦᠭᠡᠢ ᠬᠠᠭᠠᠭᠰᠠᠨ ᠪᠠᠶᠢᠨ᠎ᠠ᠃ ᠶᠡᠬᠡ ᠮᠢᠩᠭᠠᠲᠤ ᠴᠢᠩ ᠭᠦᠷᠦᠨ ᠦ ᠦᠶ᠎ᠡ ᠳᠦ ᠮᠠᠨᠵᠤ ᠶᠢᠨ ᠬᠠᠭᠠᠨ ᠤ ᠠᠯᠪᠠᠨ ᠳᠤ ᠵᠢᠳᠬᠦᠵᠦ ᠪᠠᠶᠢᠭᠰᠠᠨ ᠨᠢ ᠨᠢᠭᠡ ᠬᠡᠷᠡᠭ᠂ ᠬᠠᠷᠢᠨ ᠡᠨᠡ ᠢᠯᠳᠠᠮ ᠳᠤ ᠣᠷᠴᠢᠨ ᠴᠠᠭ ᠤᠨ ᠲᠤᠭᠠᠨ ᠤ ᠤᠬᠠᠭᠠᠨ ᠳᠤ ᠵᠢᠩᠲᠡᠢ ᠬᠤᠪᠢ ᠨᠡᠮᠡᠷᠢ ᠪᠣᠯᠬᠤ ᠭᠠᠶᠢᠬᠠᠮᠰᠢᠭᠲᠤ ᠪᠦᠲᠦᠭᠡᠯ ᠲᠤᠭᠤᠷᠪᠢᠵᠤ᠂ ᠣᠳᠣᠨ ᠵᠢᠷᠤᠬᠠᠢ ᠶᠢ ᠬᠥᠭᠵᠢᠭᠦᠯᠵᠦ᠂ ᠤᠯᠠᠮ ᠢᠶᠠᠷ ᠭᠠᠵᠠᠷ ᠤᠨ ᠵᠢᠷᠤᠭ ᠬᠡᠮᠵᠢᠬᠦ ᠲᠣᠭᠠᠴᠠᠭᠠᠨ ᠤ ᠨᠠᠷᠢᠨ ᠠᠷᠭ᠎ᠠ ᠪᠣᠯᠪᠠᠰᠤᠷᠠᠭᠤᠯᠤᠨ ᠬᠡᠷᠡᠭᠯᠡᠵᠦ ᠪᠠᠶᠢᠭᠰᠠᠨ ᠨᠢ ᠥᠨᠥ ᠶᠢᠨ ᠰᠢᠨᠵᠢᠯᠡᠬᠦ ᠤᠬᠠᠭᠠᠨ ᠤ ᠲᠦᠪᠰᠢᠨ ᠲᠡᠢ ᠵᠢᠰᠢᠬᠦᠶᠢᠴᠡ ᠪᠠᠶᠢᠭ᠎ᠠ ᠨᠢ ᠲᠡᠭᠦᠨ ᠦ ᠠᠭᠤᠤ ᠲᠣᠮᠣ ᠡᠷᠳᠡᠮᠲᠡᠨ ᠪᠣᠯᠬᠤ ᠶᠢᠨ ᠬᠥᠳᠡᠯᠦᠰᠢ ᠦᠭᠡᠢ ᠨᠤᠳᠠᠯᠠᠯᠳᠠ ᠶᠤᠮ᠃ (ᠪᠦᠷᠢᠨ ᠠᠭᠤᠯᠭ᠎ᠠ ᠶᠢ ᠤᠩᠰᠢᠬᠤ)
ᠵᠠᠷᠤᠳ ᠬᠤᠰᠢᠭᠤ ᠪᠤᠯ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠦᠩᠯᠢᠶᠤᠤ ᠬᠤᠳᠠ ᠶᠢᠨ ᠬᠠᠷᠢᠶ᠎ᠠ ᠬᠤᠰᠢᠭᠤ᠃ ᠲᠤᠰ ᠬᠤᠰᠢᠭᠤ ᠨᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠡᠭᠦᠨ ᠬᠡᠰᠡᠭ᠂ ᠲᠦᠩᠯᠢᠶᠤᠤ ᠬᠤᠳᠠ ᠶᠢᠨ ᠪᠠᠷᠠᠭᠤᠨ ᠬᠤᠶᠢᠳᠦ ᠬᠡᠰᠡᠭ ᠲᠦ ᠪᠠᠶᠢᠷᠢᠯᠠᠵᠦ᠂ᠡᠮᠦᠨ᠎ᠠ ᠲᠠᠯ᠎ᠠ ᠪᠠᠷ ᠶ᠋ᠢᠡᠨ ᠺᠠᠶᠢᠯᠦ ᠰᠢᠶᠠᠨ ᠪᠠ ᠬᠣᠷᠴᠢᠨ ᠵᠡᠭᠦᠨ ᠭᠠᠷᠤᠨ ᠲᠤᠮᠳᠠᠳᠤ ᠬᠤᠰᠢᠭᠤ ᠲᠠᠢ ᠂ ᠪᠠᠷᠠᠭᠤᠨ ᠲᠠᠯ᠎ᠠ ᠪᠡᠷ ᠶ᠋ᠢᠡᠨ ᠠᠷᠤ ᠬᠣᠷᠴᠢᠨ ᠬᠤᠰᠢᠭᠤ ᠲᠠᠢ᠂ ᠬᠤᠶᠢᠲᠦ ᠲᠠᠯ᠎ᠠ ᠪᠡᠷ ᠶ᠋ᠢᠡᠨ ᠵᠡᠭᠦᠨ ᠪᠠᠷᠠᠭᠤᠨ ᠬᠤᠶᠠᠷ ᠦᠵᠦᠮᠦᠴᠢᠨ ᠬᠤᠰᠢᠭᠤ ᠪᠠ ᠬᠤᠤᠯᠢᠨ ᠭᠤᠤᠯ ᠬᠤᠳᠠ ᠲᠠᠢ᠂ ᠵᠡᠭᠦᠨ ᠲᠠᠯ᠎ᠠ ᠪᠡᠷ ᠶ᠋ᠢᠡᠨ ᠬᠣᠷᠴᠢᠨ ᠪᠠᠷᠠᠭᠤᠨ ᠭᠠᠷᠤᠨ ᠲᠤᠮᠳᠠᠳᠦ ᠬᠤᠰᠢᠭᠤ ᠲᠠᠢ ᠲᠤᠰ ᠲᠤᠰ ᠬᠦᠷᠰᠢᠯᠡᠵᠦ᠂ ᠵᠡᠭᠦᠨ ᠤᠳᠤᠷᠢᠭ ᠦᠨ119°14 ᠡᠴᠡ125°57᠂ ᠤᠮᠠᠷᠠᠲᠦ ᠦᠷᠭᠡᠷᠢᠭ ᠦᠨ43°50 ᠡᠴᠡ 45°50 ᠳᠦ ᠪᠠᠶᠢᠷᠢᠰᠢᠵᠦ ᠂ 17500 ᠺᠦᠸᠠᠳ᠋ ᠺᠢᠯᠤᠮᠸᠲ᠋ᠷ ᠨᠤᠲᠤᠭ ᠲᠡᠪᠢᠰᠭᠡᠷ ᠡᠵᠡᠯᠡᠵᠦ ᠪᠤᠢ᠃ ᠵᠠᠷᠤᠳ ᠬᠤᠰᠢᠭᠤ ᠨᠢ ᠮᠤᠩᠭᠤᠯ᠂ ᠮᠠᠨᠵᠦ᠂ ᠬᠢᠳᠠᠳ᠂ ᠬᠤᠳᠤᠩ ᠵᠡᠷᠭᠡ ᠠᠷᠪᠠᠨ ᠭᠤᠷᠪᠠᠨ ᠠᠬ᠎ᠠ ᠲᠡᠭᠦᠦ ᠦᠨᠳᠦᠰᠦᠲᠡᠨ ᠪᠡᠷ ᠪᠦᠷᠢᠯᠳᠦᠭᠰᠡᠨ᠂ ᠨᠡᠶᠢᠲᠡ279371(ᠲᠦᠩᠯᠢᠶᠤᠤ ᠬᠤᠳᠠ ᠶᠢᠨ 2010 ᠤᠨ ᠦ ᠵᠢᠷᠭᠤᠳᠤᠭᠠᠷ ᠬᠤᠭᠤᠴᠠᠭᠠᠨ ᠦ ᠬᠦᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ ᠳ᠋ᠠᠢᠲ᠋ᠠ ) ᠬᠦᠮᠦᠨ ᠠᠮᠠ ᠲᠠᠢ ᠪᠠᠶᠢᠵᠦ᠂ᠮᠤᠩᠭᠤᠯ ᠦᠨᠳᠦᠰᠦᠲᠡᠨ ᠦ ᠬᠦᠮᠦᠨ ᠠᠮᠠ ᠨᠢ 48.7% ᠵᠢ ᠡᠵᠡᠯᠡᠳᠡᠭ᠃ (ᠪᠦᠷᠢᠨ ᠠᠭᠤᠯᠭ᠎ᠠ ᠶᠢ ᠤᠩᠰᠢᠬᠤ)
ᠰᠢᠬᠢᠷ ᠦᠨ ᠰᠢᠵᠢᠩ (ᠯᠠᠲ᠋ᠢᠨ ᠶᠢᠡᠷ Diabetes mellitus) ᠨᠢ ᠨᠣᠶᠢᠷ ᠪᠤᠯᠴᠢᠷᠬᠠᠢ ᠬᠠᠩᠭᠠᠯᠲᠠ ᠲᠠᠢ ᠬᠡᠮᠵᠢᠶᠡᠨ ᠦ ᠢᠨᠰᠤᠯᠢᠨ ᠪᠣᠯᠪᠠᠰᠤᠷᠠᠭᠤᠯᠵᠤ ᠴᠢᠳᠠᠬᠤ ᠦᠭᠡᠢ᠂ ᠡᠰᠡᠪᠡᠯ ᠪᠣᠯᠪᠠᠰᠤᠷᠠᠭᠰᠠᠨ ᠢᠨᠰᠤᠯᠢᠨ ᠨᠢ ᠪᠡᠶ᠎ᠡ ᠶᠢᠨ ᠡᠰ ᠦᠳ ᠲᠦ ᠨᠥᠯᠦᠭᠡᠯᠡᠵᠦ ᠴᠢᠳᠠᠬᠤ ᠦᠭᠡᠢ ᠪᠣᠯᠤᠭᠰᠠᠨ ᠦᠶ᠎ᠡ ᠳᠦ ᠡᠭᠦᠰᠳᠡᠭ ᠪᠣᠳᠠᠰ ᠤᠨ ᠰᠣᠯᠢᠯᠴᠠᠭᠠᠨ ᠤ ᠪᠦᠯᠦᠭ ᠡᠪᠡᠳᠴᠢᠨ ᠪᠢᠯᠡ᠃ ᠰᠢᠬᠢᠷ ᠦᠨ ᠰᠢᠵᠢᠩ ᠦᠨ ᠦᠶ᠎ᠡ ᠳᠦ ᠬᠦᠮᠦᠨ ᠦ ᠴᠢᠰᠤᠨ ᠳᠠᠬᠢ ᠰᠢᠬᠢᠷ ᠤᠨ ᠬᠡᠮᠵᠢᠶ᠎ᠡ ᠥᠨᠳᠥᠷ ᠪᠣᠯᠳᠠᠭ᠃ ᠴᠢᠰᠤᠨ ᠳᠠᠬᠢ ᠰᠢᠬᠢᠷ ᠤᠨ ᠲᠥᠪᠰᠢᠨ ᠶᠡᠬᠡ ᠪᠠᠶᠢᠬᠤ ᠶᠢᠨ ᠰᠣᠩᠭᠣᠳᠠᠭ ᠰᠢᠨᠵᠢ ᠲᠡᠮᠳᠡᠭ ᠦᠳ ᠨᠢ᠂ ᠬᠦᠮᠦᠨ ᠨᠢ ᠰᠢᠭᠡᠮᠬᠡᠢ (ᠤᠳᠠᠬᠤ ᠦᠭᠡᠢ ᠰᠢᠭᠡᠰᠦ ᠬᠦᠷᠬᠦ)᠂ ᠴᠠᠩᠭᠠᠮᠠᠬᠠᠢ (ᠠᠮᠠ ᠬᠡᠲᠦ ᠴᠠᠩᠭᠠᠬᠤ) ᠪᠠ ᠢᠳᠡᠮᠡᠬᠡᠢ (ᠬᠡᠲᠦ ᠬᠣᠭᠣᠯᠠᠨ ᠳᠤ ᠤᠷᠤᠬᠤ) ᠪᠣᠯᠳᠠᠭ᠃ (ᠪᠦᠷᠢᠨ ᠠᠭᠤᠯᠭ᠎ᠠ ᠶᠢ ᠤᠩᠰᠢᠬᠤ)
ᠸᠯᠠᠳᠢᠮᠢᠷ ᠸᠯᠠᠳᠢᠮᠢᠷᠣᠸᠢᠴ ᠫᠦ᠋ᠲ᠋ᠢᠨ (ᠣᠷᠣᠰ ᠶᠢᠡᠷ ᠸᠯᠠᠳᠢᠮᠢᠷ ᠸᠯᠠᠳᠢᠮᠢᠷᠣᠸᠢᠴ ᠫᠦ᠋ᠲ᠋ᠢᠨ᠂ ᠬᠢᠲᠠᠳ ᠶᠢᠡᠷ 普京) ᠨᠢ ᠣᠷᠣᠰ ᠤᠨ ᠬᠣᠯᠪᠣᠭᠠᠨ ᠤ ᠤᠯᠤᠰ ᠍ ᠤᠨ 2 ᠳᠠᠬᠢ ᠶᠡᠷᠦᠩᠬᠡᠶᠢᠯᠡᠭᠴᠢ ᠶᠤᠮ᠃ ᠣᠷᠣᠰ ᠬᠣᠯᠪᠣᠭᠠᠨ ᠤ ᠤᠯᠤᠰ ᠤᠨ ᠶᠡᠷᠦᠩᠬᠡᠢ ᠰᠠᠶᠢᠳ᠂ 《ᠨᠢᠭᠡᠳᠦᠭᠰᠡᠨ ᠣᠷᠣᠰ》 ᠨᠠᠮ ᠤᠨ ᠳᠠᠷᠤᠭ᠎ᠠ᠂ ᠣᠷᠣᠰ ᠬᠣᠯᠪᠣᠭᠠᠨ ᠤ ᠤᠯᠤᠰ ᠤᠨ ᠶᠡᠷᠦᠩᠬᠡᠶᠢᠯᠡᠭᠴᠢ ᠪᠠᠢᠪᠠ᠃ ᠸᠯᠠᠳᠢᠮᠢᠷ ᠫᠦ᠋ᠲ᠋ᠢᠨ 2000-2008 ᠡᠤᠨ ᠤ ᠬᠣᠭᠣᠷᠣᠨᠳᠣ ᠣᠷᠣᠰ ᠬᠣᠯᠪᠣᠭᠠᠨ ᠤ ᠤᠯᠤᠰ ᠤᠨ 2 ᠳᠠᠬᠢ ᠶᠡᠷᠦᠩᠬᠡᠶᠢᠯᠡᠭᠴᠢ ᠪᠡᠷ ᠠᠵᠢᠯᠯᠠᠵᠤ ᠪᠠᠶᠢᠭᠰᠠᠨ ᠶᠤᠮ᠃ 1999 ᠡᠤᠨ ᠤ ᠰᠡᠭᠦᠯ ᠡᠴᠡ 2000 ᠡᠤᠨ ᠤ ᠬᠣᠭᠣᠷᠣᠨᠳᠣ ᠣᠷᠣᠰ ᠤᠨ ᠶᠡᠷᠦᠩᠬᠡᠶᠢᠯᠡᠭᠴᠢ ᠶᠢᠨ ᠡᠭᠦᠷᠭᠡ ᠭᠦᠢᠴᠡᠳᠬᠡᠭᠴᠢ᠂ 1999 ᠡᠤᠨ ᠳᠤ ᠣᠷᠣᠰ ᠬᠣᠯᠪᠣᠭᠠᠨ ᠤ ᠤᠯᠤᠰ ᠤᠨ ᠶᠡᠷᠦᠩᠬᠡᠢ ᠰᠠᠶᠢᠳ᠂ 1998-1999 ᠡᠤᠨ ᠳᠤ ᠬᠣᠯᠪᠣᠭᠠᠨ ᠤ ᠠᠶᠤᠯ ᠦᠭᠡᠢ ᠪᠠᠶᠢᠳᠠᠯ ᠤᠨ ᠭᠠᠵᠠᠷ ᠤᠨ ᠳᠠᠷᠤᠭ᠎ᠠ᠂ 1997-1998 ᠡᠤᠨ ᠳᠤ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠣᠷᠣᠯᠠᠭᠴᠢ ᠳᠠᠷᠤᠭ᠎ᠠ᠂ 1996-1997 ᠡᠤᠨ ᠳᠤ ᠶᠡᠷᠦᠩᠬᠡᠶᠢᠯᠡᠭᠴᠢ ᠶᠢᠨ ᠠᠵᠢᠯ ᠤᠨᠨ ᠠᠯᠪᠠᠨ ᠤ ᠣᠷᠣᠯᠠᠭᠴᠢ ᠳᠠᠷᠤᠭ᠎ᠠ᠂ 1975-1990 ᠡᠤᠨ ᠤ ᠬᠣᠭᠣᠷᠣᠨᠳᠣ ᠵᠥᠪᠯᠡᠯᠲᠦ ᠬᠣᠯᠪᠣᠭᠠᠲᠤ ᠤᠯᠤᠰ ᠤᠨ ᠤᠯᠤᠰ ᠢ ᠠᠶᠤᠯ ᠠᠴᠠ ᠬᠠᠮᠠᠭᠠᠯᠠᠬᠤ ᠭᠠᠵᠠᠷ ᠠᠵᠢᠯᠯᠠᠵᠤ ᠪᠠᠶᠢᠭᠰᠠᠨ᠃ 1997 ᠡᠤᠨ ᠳᠤ ᠡᠳ᠋ ᠍ ᠦᠨ ᠵᠠᠰᠠᠭ ᠤᠨ ᠰᠢᠨᠵᠢᠯᠡᠬᠦ ᠤᠬᠠᠭᠠᠨ ᠤ ᠳ᠋ᠣᠺᠲ᠋ᠣᠷ ᠤᠨ ᠵᠡᠷᠭᠡ ᠬᠠᠮᠠᠭᠠᠯᠠᠵᠠᠢ᠃ (ᠪᠦᠷᠢᠨ ᠠᠭᠤᠯᠭ᠎ᠠ ᠶᠢ ᠤᠩᠰᠢᠬᠤ)
ᠬᠠᠷᠠᠩᠭ᠎ᠠ ᠨᠢ ᠮᠣᠩᠭᠣᠯ ᠤᠨ ᠷᠣᠺ ᠬᠠᠮᠲᠤᠯᠢᠭ ᠶᠤᠮ᠃ ᠬᠠᠮᠲᠤᠯᠢᠭ ᠤᠨ ᠭᠡᠰᠢᠭᠦᠳ 1977 ᠤᠨ ᠳᠤ ᠠᠷᠠᠳ ᠤᠨ ᠠᠷᠮᠢ ᠳᠤ ᠲᠠᠲᠠᠭᠳᠠᠨ ᠲᠠᠨᠢᠯᠴᠠᠵᠤ 《ᠰᠣᠶᠣᠮᠪᠣ》 ᠬᠠᠮᠲᠤᠯᠢᠭ ᠲᠤ ᠬᠠᠮᠲᠤ ᠲᠣᠭᠯᠠᠬᠤ ᠪᠣᠯᠤᠭᠰᠠᠨ᠃ ᠡᠭᠦᠨ ᠡᠴᠡ ᠬᠣᠶᠢᠰᠢ 10 ᠭᠠᠷᠤᠨ ᠵᠢᠯ ᠬᠠᠮᠲᠤ ᠳᠤ ᠪᠠᠨ ᠲᠣᠭᠯᠠᠵᠤ ᠪᠠᠶᠢᠭᠠᠳ ᠴᠡᠷᠢᠭ ᠡᠴᠡ ᠬᠠᠯᠠᠭᠳᠠᠵᠤ 1989 ᠤᠨ ᠳᠤ ᠳ᠋ᠷᠠᠮ ᠤᠨ ᠲᠢᠶᠠᠲ᠋ᠷ ᠤᠨ ᠳᠡᠷᠭᠡᠳᠡ 《ᠬᠠᠷᠠᠩᠭ᠎ᠠ》 ᠬᠠᠮᠲᠤᠯᠢᠭ ᠢ ᠪᠠᠶᠢᠭᠤᠯᠵᠠᠢ᠃ 2016 ᠤᠨ ᠳᠤ 《ᠠᠯᠳᠠᠷ ᠤᠨ ᠣᠳᠣ》 ᠱᠠᠩᠨᠠᠯ ᠬᠦᠷᠲᠡᠭᠰᠡᠨ 2 ᠳᠠᠬᠢ ᠬᠠᠮᠲᠤᠯᠢᠭ ᠪᠣᠯᠤᠭᠰᠠᠨ ᠪᠥᠭᠡᠳ ᠰᠤᠶᠤᠯ ᠤᠨ ᠲᠥᠪ ᠥᠷᠭᠦᠭᠡᠨ ᠦ ᠣᠷᠴᠢᠮ ᠳᠤ ᠲᠤᠰ ᠬᠠᠮᠲᠤᠯᠢᠭ ᠤᠨ ᠬᠦᠨᠳᠦᠳᠬᠡᠯ ᠦᠨ ᠰᠠᠮᠪᠠᠷ᠎ᠠ ᠶᠢ ᠪᠠᠶᠢᠷᠢᠯᠠᠭᠤᠯᠤᠭᠰᠠᠨ᠃ 2009᠂ 2011 ᠤᠨ ᠳᠤ ᠮᠣᠩᠭᠣᠯ ᠣᠷᠣᠨ ᠢᠶᠠᠨ ᠪᠦᠲᠦᠨ ᠲᠣᠭᠣᠷᠢᠵᠤ᠂ ᠲᠣᠭᠯᠠᠯᠲᠠ ᠬᠢᠭᠰᠡᠨ᠃ (ᠪᠦᠷᠢᠨ ᠠᠭᠤᠯᠭ᠎ᠠ ᠶᠢ ᠤᠩᠰᠢᠬᠤ)
ᠤᠰᠦᠠ ᠰᠢᠨᠵᠢᠯᠡᠭᠡᠨ ᠦ ᠥᠷᠳᠡᠭᠡ (hydrological station᠂ ᠬᠢᠳᠠᠳ ᠬᠡᠯᠡᠨ ᠳᠤ᠄ 水文站) ᠨᠢ ᠭᠣᠣᠯ ᠮᠥᠷᠡᠨ ᠂ ᠨᠠᠭᠤᠷ ᠂ ᠤᠰᠤᠨ ᠴᠥᠭᠥᠷᠥᠮ ᠵᠡᠷᠭᠡ ᠤᠰᠥᠨ ᠴᠤᠭᠴᠠ ᠶᠢᠨ ᠤᠰᠤᠨ ᠰᠢᠨᠵᠢᠯᠡᠭᠡᠨ ᠂ ᠴᠠᠭ ᠠᠭᠤᠷ ᠤᠨ ᠮᠠᠲ᠋ᠧᠷᠢᠶᠠᠯ ᠢ ᠠᠵᠢᠭᠯᠠᠨ ᠬᠡᠮᠵᠢᠬᠦ ᠪᠠ ᠴᠤᠭᠯᠠᠭᠤᠯᠬᠤ ᠦᠨᠳᠦᠰᠦᠨ ᠱᠠᠲᠤᠨ ᠤ ᠤᠰᠤᠨ ᠰᠢᠨᠵᠢᠯᠡᠭᠡ ᠶᠢᠨ ᠪᠠᠶᠢᠭᠤᠯᠤᠮᠵᠢ ᠪᠤᠯᠤᠨ᠎ᠠ ᠃ ᠤᠰᠦᠠ ᠰᠢᠨᠵᠢᠯᠡᠭᠡᠨ ᠦ ᠥᠷᠳᠡᠭᠡ ᠠᠵᠢᠭᠯᠠᠨ ᠬᠡᠮᠵᠢᠬᠦ ᠤᠰᠤᠨ ᠵᠦᠢ ᠶᠢᠨ ᠡᠯᠧᠮᠧᠨ᠋ᠲ ᠳᠤ ᠤᠰᠤᠨ ᠲᠦᠪᠰᠢᠨ ᠂ ᠤᠷᠤᠰᠬᠤ ᠬᠤᠷᠳᠤᠴᠠ ᠂ ᠤᠷᠤᠰᠬᠠᠯ ᠤᠨ ᠴᠡᠭ ᠂ ᠳᠤᠯᠬᠢᠶ᠎ᠠ ᠂ ᠡᠯᠡᠰᠦᠨ ᠠᠭᠤᠯᠤᠭᠳᠠᠴᠠ ᠂ ᠤᠰᠤᠨ ᠤ ᠳᠤᠯᠠᠭᠠᠨ ᠂ ᠮᠥᠰᠥᠲᠦᠬᠦ ᠪᠠᠶᠢᠳᠠᠯ ᠂ ᠭᠠᠵᠠᠷ ᠳᠣᠣᠷᠠᠬᠢ ᠤᠰᠤ ᠂ ᠤᠰᠤᠨ ᠤ ᠴᠢᠨᠠᠷ ᠵᠡᠷᠭᠡ ᠪᠠᠭᠲᠠᠨ᠎ᠠ ᠃ ᠴᠠᠭ ᠠᠭᠤᠷ ᠤᠨ ᠡᠯᠧᠮᠧᠨ᠋ᠲ ᠳᠤ ᠲᠤᠨᠳᠠᠰᠤᠨ ᠤ ᠬᠡᠮᠵᠢᠶ᠎ᠡ ᠂ ᠠᠭᠣᠷᠰᠢᠴᠠ ᠂ ᠠᠭᠠᠷ ᠤᠨ ᠳᠤᠯᠠᠭᠠᠴᠠ ᠂ ᠴᠢᠭᠢᠭᠲᠦᠴᠡ ᠂ ᠠᠭᠠᠷ ᠤᠨ ᠳᠠᠷᠤᠴᠠ ᠪᠠ ᠰᠠᠯᠬᠢ ᠵᠡᠷᠭᠡ ᠪᠠᠭᠲᠠᠨ᠎ᠠ᠃ (ᠪᠦᠷᠢᠨ ᠠᠭᠤᠯᠭ᠎ᠠ ᠶᠢ ᠤᠩᠰᠢᠬᠤ)
ᠺᠢᠷᠢᠯ ᠦᠰᠦᠭ ᠨᠢ ᠭᠷᠧᠺ ᠴᠠᠭᠠᠨ ᠲᠣᠯᠣᠭᠠᠢ ᠠᠴᠠ ᠭᠠᠷᠤᠯ ᠲᠠᠢ ᠪᠥᠭᠡᠳ ᠭᠣᠣᠯᠴᠢᠯᠠᠨ ᠰᠯᠠᠸ (斯拉夫) ᠤᠭᠰᠠᠭᠠᠨ ᠤ ᠠᠷᠠᠳ ᠲᠦᠮᠡᠨ ᠦ ᠳᠤᠮᠳᠠ ᠲᠦᠭᠡᠭᠰᠡᠨ ᠪᠢᠴᠢᠭ ᠦᠨ ᠲᠣᠭᠲᠠᠯᠴᠠᠭ᠎ᠠ ᠶᠤᠮ᠃
ᠡᠭᠦᠰᠦᠯ
ᠾᠷᠢᠰᠲ᠋ᠤᠰ ᠤᠨ ᠨᠣᠮᠯᠠᠭᠴᠢᠳ ᠪᠣᠯᠬᠤ ᠠᠬ᠎ᠠ ᠳᠡᠭᠦᠦ ᠺᠢᠷᠢᠯ᠂ ᠮᠧᠹᠣᠳᠢ ᠨᠠᠷ 10 ᠍ ᠳᠦᠭᠡᠷ ᠵᠠᠭᠤᠨ ᠤ ᠦᠶ᠎ᠡ ᠳᠦ ᠰᠯᠠᠸᠶᠠᠨ ᠦᠨᠳᠦᠰᠦᠲᠡᠨ ᠳᠦ ᠾᠷᠢᠰᠲ᠋ᠤᠰ ᠤᠨ ᠰᠤᠷᠭᠠᠯ ᠢ ᠨᠣᠮᠯᠠᠵᠤ ᠪᠠᠶᠢᠬᠤ ᠦᠶ᠎ᠡ ᠳᠦ ᠪᠡᠨ ᠵᠣᠬᠢᠶᠠᠭᠰᠠᠨ ᠪᠠᠶᠢᠨ᠎ᠠ᠃ ᠲᠡᠳᠡ ᠥᠪᠡᠷᠰᠡᠳ ᠦᠨ ᠰᠤᠷᠭᠠᠯ ᠢ ᠠᠷᠠᠳ ᠲᠦᠮᠡᠨ ᠳᠦ ᠣᠶᠢᠯᠠᠭᠠᠮᠵᠢᠲᠠᠢ ᠪᠣᠯᠭᠠᠬᠤ ᠡᠭᠦᠳᠡᠨ ᠡᠴᠡ ᠰᠯᠠᠸᠶᠠᠨ ᠬᠡᠯᠡᠨ ᠦ ᠪᠦᠲᠦᠴᠡ ᠳᠦ ᠲᠣᠬᠢᠷᠠᠭᠤᠯᠤᠨ ᠰᠯᠠᠸᠶᠠᠨ ᠴᠠᠭᠠᠨ ᠲᠣᠯᠣᠭᠠᠢ ᠶᠢ (ᠣᠳᠣ ᠶᠢᠨ ᠺᠢᠷᠢᠯ ᠴᠠᠭᠠᠨ ᠲᠣᠯᠣᠭᠠᠢ) ᠭᠷᠧᠺ ᠴᠠᠭᠠᠨ ᠲᠣᠯᠣᠭᠠᠢ ᠶᠢᠨ ᠤ ᠨᠢᠭᠡᠨ ᠬᠤᠪᠢᠯᠪᠤᠷᠢ ᠪᠣᠯᠬᠤ ᠨᠢᠭᠡᠨ ᠵᠦᠢᠯ ᠦᠨ ᠴᠠᠭᠠᠨ ᠲᠣᠯᠣᠭᠠᠢ ᠠᠴᠠ ᠰᠠᠨᠠᠭ᠎ᠠ ᠠᠪᠤᠨ ᠵᠣᠬᠢᠶᠠᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)
ᠬᠠᠭ ᠬᠠᠭ ᠬᠡᠵᠤ ᠬᠦᠮᠦᠨ ᠤ ᠲᠤᠯᠤᠭᠠᠢ ᠵᠢᠨ ᠬᠡᠰᠡᠭ ᠤᠨ ᠠᠷᠠᠰᠤᠨ ᠤ ᠭᠠᠳᠠᠷ ᠡᠰ ᠤᠨ ᠰᠢᠨ᠎ᠠ ᠬᠠᠭᠤᠴᠢᠨ ᠤ ᠰᠤᠯᠢᠯᠴᠠᠭᠠᠨ ᠡᠴᠡ ᠡᠬᠦᠰᠦᠭᠰᠡᠨ ᠪᠤᠳᠠᠰ ᠪᠤᠯᠤᠨ᠎ᠠ᠃ ᠬᠠᠭ ᠡᠭᠦᠰᠬᠦ ᠭᠣᠣᠯ ᠰᠢᠯᠲᠠᠭᠠᠨ ᠤ ᠨᠢᠭᠡ ᠪᠣᠯ ᠬᠤᠶᠢᠬᠠᠨ ᠤ ᠬᠠᠭᠤᠷᠠᠶᠢᠰᠢᠯᠲᠠ ᠶᠤᠮ᠃ ᠪᠢᠳᠡ ᠦᠰᠦᠨ ᠳᠦ ᠪᠡᠨ ᠬᠠᠩᠭᠠᠯᠲᠠ ᠲᠠᠢ ᠠᠩᠬᠠᠷᠤᠯ ᠬᠠᠨᠳᠤᠭᠤᠯᠬᠤ ᠦᠬᠡᠢ ᠪᠤᠯ ᠬᠤᠶᠢᠬ᠎ᠠ ᠬᠠᠭᠤᠷᠠᠶᠢᠰᠢᠵᠤ᠂ ᠬᠠᠭ ᠡᠬᠦᠰᠦᠨ᠎ᠠ᠃ (ᠪᠦᠷᠢᠨ ᠠᠭᠤᠯᠭ᠎ᠠ ᠶᠢ ᠤᠩᠰᠢᠬᠤ)
ᠬᠢᠮᠡᠯ ᠣᠶᠤᠨ ᠤᠬᠠᠭᠠᠨ ( Artificial Intelligence, AI) ᠭᠡᠳᠡᠭ ᠨᠢ ᠮᠠᠰᠢᠨ ᠲᠧᠭᠨᠢᠭ ᠪᠣᠯᠤᠨ ᠺᠣᠮᠫᠢᠦ᠋ᠲ᠋ᠧᠷ ᠲᠦ ᠰᠠᠭᠤᠷᠢᠯᠠᠭᠰᠠᠨ ᠣᠶᠤᠨ ᠤᠬᠠᠭᠠᠨ ᠢ ᠵᠢᠭᠠᠵᠣ ᠪᠠᠢᠭ᠎ᠠ ᠶᠤᠮ᠃ ᠮᠥᠨ ᠡᠨᠡ ᠠᠰᠠᠭᠤᠳᠠᠯ ᠢ ᠰᠤᠳᠤᠯᠳᠠᠭ ᠰᠢᠨᠵᠢᠯᠡᠬᠦ ᠤᠬᠠᠭᠠᠨ ᠤ ᠰᠠᠯᠪᠤᠷᠢ᠂ ᠰᠤᠳᠤᠯᠭ᠎ᠠ ᠰᠢᠨᠵᠢᠯᠡᠭᠡᠨ ᠦ ᠴᠢᠭᠯᠡᠯ᠂ ᠶᠡᠬᠡ ᠳᠡᠭᠡᠳᠦ ᠰᠤᠷᠭᠠᠭᠤᠯᠢ ᠶᠢᠨ ᠬᠢᠴᠢᠶᠡᠯ ᠢ ᠨᠡᠷᠡᠯᠡᠬᠦ ᠳᠦ ᠪᠡᠨ ᠡᠨᠡ ᠨᠡᠷ᠎ᠡ ᠲᠣᠮᠢᠶ᠎ᠠ ᠶᠢ ᠠᠰᠢᠭᠯᠠᠨ᠎ᠠ᠃ ᠬᠢᠮᠡᠯ ᠣᠶᠤᠨ ᠤᠬᠠᠭᠠᠨ ᠰᠤᠳᠤᠯᠤᠯ᠂ ᠬᠢᠮᠡᠯ ᠣᠶᠤᠨ ᠤᠬᠠᠭᠠᠨ ᠤ ᠬᠢᠴᠢᠶᠡᠯ ᠭᠡᠬᠦ ᠮᠡᠲᠦ᠃ ᠠᠩᠬ᠎ᠠ ᠬᠢᠮᠡᠯ ᠣᠶᠤᠨ ᠤᠬᠠᠭᠠᠨ ᠬᠡᠮᠡᠬᠦ ᠨᠡᠷ᠎ᠡ ᠲᠣᠮᠢᠶ᠎ᠠ ᠶᠢ John McCarthy (computer scientist) 1955 ᠤᠨ ᠳᠤ ᠥᠪᠡᠷ ᠦᠨ ᠪᠦᠲᠦᠭᠡᠯ ᠳᠦ ᠪᠡᠨ ᠠᠰᠢᠭᠯᠠᠵᠤ ᠤᠬᠠᠭᠠᠨᠲᠤ ᠮᠠᠰᠢᠨ ᠲᠧᠭᠨᠢᠭ ᠪᠦᠲᠦᠭᠡᠬᠦ ᠣᠨᠣᠯ ᠤᠨ ᠪᠣᠯᠤᠨ ᠢᠨᠵᠧᠨᠧᠷ ᠦᠨ ᠰᠢᠨᠵᠢᠯᠡᠬᠦ ᠤᠬᠠᠭᠠᠨ ᠭᠡᠵᠦ ᠲᠣᠳᠣᠷᠬᠠᠶᠢᠯᠠᠵᠠᠢ᠃
ᠪᠢᠳᠡ ᠪᠦᠬᠦᠨ ᠬᠢᠮᠡᠯ ᠣᠶᠤᠨ ᠢ ᠮᠠᠰᠢᠨ ᠬᠦᠮᠦᠨ ᠢᠶᠠᠷ ᠲᠥᠰᠦᠭᠡᠯᠡᠵᠦ ᠪᠣᠯᠤᠨ᠎ᠠ᠃ ᠭᠡᠬᠦ ᠳᠦ ᠪᠡᠨ ᠥᠨᠥ ᠶᠢᠨ ᠮᠠᠰᠢᠨ ᠬᠦᠮᠦᠨ ᠪᠣᠯ ᠵᠥᠪᠬᠡᠨ ᠲᠤᠬᠠᠢ ᠶᠢᠨ ᠵᠣᠬᠢᠶᠠᠭᠴᠢ ᠶᠢᠨ ᠪᠢᠴᠢᠭᠳᠡᠭᠰᠡᠨ ᠶᠣᠰᠣ ᠳᠠᠷᠠᠭᠠᠯᠠᠯ ᠢᠶᠠᠷ ᠠᠵᠢᠯᠯᠠᠳᠠᠭ ᠪᠢᠯᠡ᠃ ᠥᠨᠥ ᠶᠢᠨ ᠺᠣᠮᠫᠢᠦ᠋ᠲ᠋ᠧᠷ ᠲᠣᠭᠯᠠᠭᠠᠮ ᠨᠤᠭᠤᠳ ᠨᠢ ᠡᠭᠦᠨ ᠦ ᠲᠣᠳᠣ ᠵᠢᠱᠢᠶ᠎ᠡ ᠶᠤᠮ᠃ ᠬᠡᠷᠪᠡ ᠪᠢᠳᠡ ᠲᠡᠭᠦᠰ ᠬᠢᠮᠡᠯ ᠣᠶᠤᠨ ᠢ ᠵᠣᠬᠢᠶᠠᠨ ᠪᠦᠲᠦᠭᠡᠬᠦ ᠠᠪᠠᠰᠤ ᠬᠦᠮᠦᠨ ᠲᠥᠷᠥᠯᠬᠢᠲᠡᠨ ᠥᠪᠡᠷᠰᠡᠳ ᠦᠨ ᠢᠶᠡᠨ ᠪᠦᠲᠦᠭᠡᠭᠰᠡᠨ ᠵᠦᠢᠯ ᠳᠦ ᠤᠰᠠᠳᠴᠤ ᠦᠭᠡᠢ ᠪᠣᠯᠬᠤ ᠮᠠᠭᠠᠳᠯᠠᠯ ᠲᠠᠢ᠃
ᠬᠢᠮᠡᠯ ᠣᠶᠤᠨ ᠳᠤ ᠪᠠᠶᠢᠪᠠᠯ ᠵᠣᠬᠢᠬᠤ ᠴᠢᠳᠠᠪᠤᠷᠢ ᠨᠤᠭᠤᠳ: 1. ᠥᠪᠡᠷᠳᠡᠭᠡᠨ ᠰᠢᠨᠵᠢᠯᠡᠭᠡ ᠬᠢᠵᠦ ᠬᠠᠷᠢᠭᠤᠯᠲᠠ ᠶᠢ ᠥᠪᠡᠷ ᠦᠨ ᠬᠢ ᠪᠡᠷ ᠢᠯᠡᠷᠬᠡᠶᠢᠯᠡᠳᠡᠭ ᠪᠠᠶᠢᠬᠤ 2. ᠥᠪᠡᠷ ᠦᠨ ᠠᠯᠳᠠᠭ᠎ᠠ ᠶᠢ ᠣᠯᠵᠤ ᠵᠠᠰᠠᠪᠤᠷᠢᠯᠠᠳᠠᠭ 3. ᠬᠦᠮᠦᠨ ᠦ ᠰᠡᠳᠬᠢᠬᠦᠢ ᠡᠴᠡ ᠢᠯᠡᠭᠦᠦ ᠳᠠᠪᠠᠭᠣᠯᠵᠣ ᠰᠡᠳᠭᠢᠭᠦ (ᠪᠦᠷᠢᠨ ᠠᠭᠤᠯᠭ᠎ᠠ ᠶᠢ ᠤᠩᠰᠢᠬᠤ)
ᠭᠡᠷᠯᠡᠯᠲᠡ ᠭᠡᠳᠡᠭ ᠨᠢ ᠡᠷᠡᠭᠲᠡᠢ ᠪᠣᠯᠤᠨ ᠡᠮᠡᠭᠲᠡᠢ ᠬᠦᠮᠦᠨ ᠬᠣᠭᠣᠷᠣᠨᠳᠣ ᠶᠢᠨ ᠬᠠᠷᠢᠯᠴᠠᠭ᠎ᠠ ᠪᠠᠨ ᠢᠯᠡᠭᠦᠦ ᠭᠦᠨᠵᠡᠭᠡᠢ᠂ ᠳᠣᠲᠣᠨᠣ ᠬᠡᠮᠵᠢᠶᠡᠨ ᠳᠦ ᠪᠠᠶᠢᠯᠭᠠᠬᠤ ᠵᠣᠷᠢᠯᠭ᠎ᠠ ᠪᠠᠷ /ᠬᠦᠰᠡᠯ ᠢᠶᠡᠷ/ ᠴᠢᠨᠠᠭᠰᠢᠳᠠ ᠬᠠᠮᠲᠤ ᠠᠮᠢᠳᠤᠷᠠᠬᠤ ᠪᠠᠷ ᠲᠣᠬᠢᠷᠠᠯᠴᠠᠭᠰᠠᠨ ᠰᠢᠢᠳᠪᠦᠷᠢ ᠭᠠᠷᠭᠠᠭᠰᠠᠨ ᠢᠶᠠᠨ ᠪᠤᠰᠤᠳ ᠲᠤ ᠢᠯᠡᠷᠬᠡᠶᠢᠯᠡᠵᠦ ᠪᠤᠢ ᠭᠠᠳᠠᠭᠠᠳᠤ ᠬᠡᠯᠪᠡᠷᠢ᠃ ᠮᠣᠩᠭᠣᠯ ᠬᠡᠯᠡᠨ ᠦ《ᠭᠡᠷᠯᠡᠯᠲᠡ》 ᠬᠡᠮᠡᠬᠦ ᠦᠭᠡ ᠨᠢ 《ᠭᠡᠷ》 ᠭᠡᠰᠡᠨ ᠦᠭᠡᠨ ᠡᠴᠡ ᠭᠠᠷᠤᠯ ᠲᠠᠢ ᠪᠥᠭᠡᠳ 2 ᠬᠦᠮᠦᠨ ᠦ ᠬᠣᠭᠣᠷᠣᠨᠳᠣ ᠶᠢᠨ ᠭᠡᠷ᠎ᠡ ᠶᠤᠮ᠃ ᠡᠨᠡ ᠭᠡᠷ᠎ᠡ ᠨᠢ ᠢᠷᠡᠭᠡᠳᠦᠢ ᠶᠢᠨ ᠠᠮᠢᠳᠤᠷᠠᠯ ᠳᠤ ᠪᠠᠨ ᠵᠢᠷᠭᠠᠭᠰᠠᠨ ᠴᠤ ᠵᠣᠪᠠᠭᠰᠠᠨ ᠴᠤ ᠦᠷᠭᠦᠯᠵᠢ ᠬᠠᠮᠲᠤ ᠳᠤ ᠪᠠᠨ ᠪᠠᠶᠢᠨ᠎ᠠ ᠭᠡᠰᠡᠨ ᠤᠳᠬ᠎ᠠ ᠪᠦᠬᠦᠢ᠃ ᠳᠡᠯᠡᠬᠡᠢ ᠶᠢᠨ ᠶᠡᠬᠡᠩᠬᠢ ᠤᠯᠤᠰ ᠣᠷᠣᠨ ᠨᠤᠭᠤᠳ ᠲᠤ ᠭᠡᠷᠯᠡᠬᠦ ᠶᠣᠰᠣᠯᠠᠯ ᠪᠠᠶᠢᠳᠠᠭ ᠪᠥᠭᠡᠳ ᠮᠠᠰᠢ ᠬᠦᠨᠳᠦᠳᠬᠡᠯᠲᠡᠢ᠂ ᠶᠣᠰᠣ ᠲᠥᠷᠥ ᠲᠡᠢ᠂ ᠨᠠᠷᠢᠨ ᠳᠦᠷᠢᠮ ᠵᠢᠷᠤᠮ ᠲᠠᠢ ᠪᠠᠶᠠᠷ ᠤᠨ ᠠᠷᠭ᠎ᠠ ᠬᠡᠮᠵᠢᠶ᠎ᠡ ᠪᠣᠯᠵᠤ ᠥᠩᠭᠡᠷᠡᠳᠡᠭ᠃ ᠤᠯᠤᠰ ᠣᠷᠣᠨ᠂ ᠦᠨᠳᠦᠰᠦᠲᠡᠨ ᠶᠠᠰᠤᠲᠠᠨ ᠪᠦᠷᠢ ᠶᠢᠨ ᠭᠡᠷᠯᠡᠬᠦ ᠶᠣᠰᠣᠯᠠᠯ ᠥᠪᠡᠷ ᠦᠨ ᠭᠡᠰᠡᠨ ᠥᠪᠡᠷᠮᠢᠴᠡ ᠣᠨᠴᠠᠯᠢᠭ ᠲᠠᠢ᠃ ᠭᠡᠷᠯᠡᠯᠲᠡ ᠶᠢᠨ ᠡᠰᠡᠷᠬᠦ ᠦᠭᠡ ᠨᠢ ᠰᠠᠯᠤᠯᠲᠠ᠃ ᠡᠶᠢᠮᠦ ᠤᠴᠢᠷ ᠠᠴᠠ ᠭᠡᠷᠯᠡᠯᠲᠡ ᠶᠢ ᠮᠥᠨ ᠨᠡᠶᠢᠯᠡᠯᠲᠡ ᠭᠡᠵᠦ ᠣᠶᠢᠯᠠᠭᠠᠵᠤ ᠪᠣᠯᠬᠤ ᠶᠤᠮ᠃ ᠮᠣᠩᠭᠣᠯᠴᠤᠳ ᠤᠨ ᠤᠯᠠᠮᠵᠢᠯᠠᠯᠲᠤ ᠪᠠᠶᠠᠷ ᠴᠠᠭᠠᠨ ᠰᠠᠷ᠎ᠠ ᠪᠠᠷ ᠪᠦᠬᠦ ᠬᠦᠮᠦᠰ ᠬᠣᠭᠣᠷᠣᠨᠳᠣ ᠪᠠᠨ ᠵᠣᠯᠭᠠᠳᠠᠭ ᠰᠠᠶᠢᠬᠠᠨ ᠤᠯᠠᠮᠵᠢᠯᠠᠯ ᠲᠠᠢ᠃ ᠭᠡᠬᠦ ᠳᠦ ᠪᠡᠨ ᠡᠬᠡᠨᠡᠷ᠂ ᠨᠥᠬᠥᠷ ᠪᠤᠶᠤ ᠭᠡᠷᠯᠡᠭᠰᠡᠨ ᠬᠣᠣᠰ ᠤᠳ ᠬᠣᠭᠣᠷᠣᠨᠳᠣ ᠪᠠᠨ ᠵᠣᠯᠭᠠᠳᠠᠭ ᠦᠭᠡᠢ᠃ ᠤᠴᠢᠷ ᠨᠢ ᠲᠡᠳᠡᠨ ᠢ ᠨᠢᠭᠡ ᠪᠡᠶ᠎ᠡ ᠭᠡᠵᠦ ᠦᠵᠡᠳᠡᠭ᠃ (ᠪᠦᠷᠢᠨ ᠠᠭᠤᠯᠭ᠎ᠠ ᠶᠢ ᠤᠩᠰᠢᠬᠤ)
ᠰᠢᠷ᠎ᠠ ᠲᠠᠩ ᠭᠡᠳᠡᠭ ᠨᠢ ᠵᠦᠷᠦᠷ᠎ᠠ30 g ᠂ ᠠᠷᠤᠷ᠎ᠠ 25g ᠂ ᠪᠠᠷᠤᠷ᠎ᠠ 15g ᠡᠳᠡᠭᠡᠷ ᠢ ᠪᠦᠳᠦᠭᠦᠯᠢᠭ ᠲᠠᠯᠠᠭᠳᠠᠵᠤ ᠲᠠᠩ ᠡᠮ ᠪᠤᠶᠤ ᠪᠦᠷᠢᠮᠡᠯ (ᠮᠦᠬᠦᠯᠢᠭ) ᠡᠮ ᠢᠶᠡᠷ ᠬᠡᠷᠡᠭᠯᠡᠬᠦ ᠶᠢ ᠬᠡᠯᠡᠨ᠎ᠡ᠃ ᠲᠤᠰ ᠨᠠᠢᠷᠠᠯᠭ᠎ᠠ ᠪᠣᠯ ᠭᠠᠰᠢᠭᠤᠨ ᠂ ᠢᠰᠭᠦᠯᠡᠩ ᠂ ᠠᠮᠲᠠᠯᠢᠭ ᠂ ᠡᠬᠡᠭᠦᠨ ᠂ ᠭᠤᠱᠤᠭᠤᠨ ᠵᠡᠷᠭᠡ ᠲᠠᠪᠤᠨ ᠠᠮᠲᠠ ᠶᠢᠨ ᠨᠠᠢᠷᠠᠯᠭ᠎ᠠ ᠪᠣᠯᠬᠤ ᠮᠥᠷᠲᠡᠭᠡᠨ ᠭᠠᠰᠢᠭᠤᠨ ᠂ ᠠᠮᠲᠠᠯᠢᠭ ᠲᠡᠳᠦᠢ ᠂ ᠢᠰᠭᠦᠯᠡᠩ ᠲᠡᠳᠦᠢ ᠂ ᠭᠤᠱᠤᠭᠤᠨ ᠵᠡᠷᠭᠡ ᠰᠢᠩᠭᠡᠭᠡᠯᠲᠡ ᠶᠢᠨ ᠠᠮᠲᠠ ᠪᠦᠬᠦᠢ ᠠᠮᠲᠠ ᠂ ᠰᠢᠩᠭᠡᠭᠡᠯᠲᠡ ᠂ ᠴᠢᠳᠠᠯ ᠵᠣᠬᠢᠯᠳᠤᠭᠰᠠᠨ ᠂ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ ᠡᠭᠦᠨ ᠳᠤ ᠢᠰᠭᠦᠯᠡᠩ ᠭᠠᠰᠢᠭᠤᠨ ᠠᠮᠲᠠ ᠂ ᠮᠣᠬᠤᠳᠠᠭ ᠡᠷᠳᠡᠮ ᠪᠦᠬᠦᠢ ᠴᠢᠰᠤᠨ ᠬᠠᠯᠠᠭᠤᠨ ᠢ ᠠᠷᠢᠯᠭᠠᠬᠤ ᠵᠦᠷᠤᠷ᠎ᠠ ᠪᠡᠷ ᠭᠣᠣᠯᠯᠠᠭᠴᠢ ᠪᠣᠯᠭᠠᠵᠤ ᠂ ᠳᠠᠪᠤᠰᠤᠯᠢᠭ ᠡᠴᠡ ᠪᠤᠰᠤᠳ ᠲᠠᠪᠤᠨ ᠠᠮᠲᠠ ᠂ ᠨᠠᠢ᠍ᠮᠠᠨ ᠴᠢᠳᠠᠯ ᠲᠡᠬᠦᠰᠦᠭᠰᠡᠨ ᠂ ᠮᠠᠬᠠᠪᠤᠳ ᠢ ᠲᠡᠭᠰᠢᠳᠭᠡᠬᠦ ᠠᠷᠤᠷ᠎ᠠ ᠶᠢ ᠬᠠᠪᠰᠤᠷᠬᠤ ᠡᠮ ᠪᠣᠯᠭᠠᠵᠤ ᠂ ᠭᠠᠰᠢᠭᠤᠨ ᠂ ᠡᠬᠡᠭᠦᠨ ᠠᠮᠲᠠ ᠂ ᠬᠥᠩᠭᠡᠨ ᠡᠷᠳᠡᠮ ᠪᠦᠬᠦᠢ ᠬᠠᠷ᠎ᠠ ᠰᠢᠷ᠎ᠠ ᠤᠰᠤ ᠶᠢ ᠬᠠᠲᠠᠭᠠᠵᠤ ᠂ ᠪᠠᠳ᠌ᠭᠠᠨ ᠰᠢᠷ᠎ᠠ ᠶᠢ ᠠᠷᠢᠯᠭᠠᠬᠤ ᠪᠠᠷᠤᠷ᠎ᠠ ᠶᠢ ᠲᠤᠰᠠᠯᠠᠬᠤ ᠡᠮ ᠨᠠᠢᠷᠠᠭᠤᠯᠤᠭᠰᠠᠠ ᠲᠤᠯᠠ ᠴᠢᠰᠤᠨ ᠬᠠᠯᠠᠭᠤᠨ ᠢ ᠠᠷᠢᠯᠭᠠᠬᠤ ᠮᠥᠷᠲᠡᠭᠡᠨ ᠮᠠᠭᠤ ᠴᠢᠰᠤ ᠂ ᠲᠠᠮᠢᠷ ᠤᠨ ᠴᠢᠰᠤ ᠶᠢ ᠢᠯᠭᠠᠬᠤ ᠴᠢᠳᠠᠯ ᠪᠦᠷᠢᠳᠦᠭᠰᠨ ᠶᠤᠮ ᠃ (ᠪᠦᠷᠢᠨ ᠠᠭᠤᠯᠭ᠎ᠠ ᠶᠢ ᠤᠩᠰᠢᠬᠤ)
ᠰᠢᠨ᠎ᠡ ᠵᠢᠯ ᠦᠨ ᠪᠠᠶᠠᠷ ᠨᠢ ᠡᠤᠨ ᠲᠣᠭᠠᠯᠠᠯ ᠤᠨ ᠴᠠᠭᠠᠯᠪᠤᠷᠢ ᠍ ᠶᠢᠨ ᠬᠠᠭᠤᠴᠢᠨ ᠡᠤᠨ ᠤᠯᠠᠷᠢᠵᠤ᠂ ᠰᠢᠨ᠎ᠡ ᠡᠤᠨ ᠭᠠᠷᠴᠤ ᠪᠤᠢ ᠶᠢ ᠲᠡᠮᠳᠡᠭᠯᠡᠬᠦ ᠪᠠᠶᠠᠷ ᠶᠤᠮ᠃ ᠶᠠᠮᠠᠷ ᠴᠠᠭᠠᠯᠪᠤᠷᠢ ᠬᠡᠷᠡᠭᠯᠡᠵᠦ ᠪᠤᠢ ᠠᠴᠠ ᠰᠢᠯᠲᠠᠭᠠᠯᠠᠨ ᠰᠢᠨ᠎ᠡ ᠵᠢᠯ ᠦᠨ ᠪᠠᠶᠠᠷ ᠨᠢ ᠣᠷᠣᠨ ᠪᠦᠷᠢ ᠳᠦ ᠢᠵᠢᠯ ᠪᠠᠶᠢᠳᠠᠭ ᠦᠭᠡᠢ ᠴᠤ ᠳᠡᠯᠡᠬᠡᠢ ᠶᠢᠨ ᠶᠡᠬᠡᠩᠬᠢ ᠤᠯᠤᠰ ᠣᠷᠣᠨ ᠳᠤ ᠭᠠᠷᠣᠷ ᠤᠨ ᠲᠣᠭᠠᠯᠠᠯ ᠤᠨ ᠡᠬᠢᠨ ᠦ ᠡᠳᠦᠷ ᠪᠤᠶᠤ 1 ᠳ᠋ᠤᠭᠡᠷ ᠰᠠᠷ᠎ᠠ ᠶᠢᠨ 1 ᠍ ᠳᠤ ᠰᠢᠨ᠎ᠡ ᠵᠢᠯ ᠦᠨ ᠪᠠᠶᠠᠷ ᠢ ᠲᠡᠮᠳᠡᠭᠯᠡᠳᠡᠭ᠃ ᠮᠣᠩᠭᠤᠯ ᠤᠯᠤᠰ ᠲᠤ ᠠᠷᠭ᠎ᠠ ᠶᠢᠨ ᠪᠣᠯᠤᠨ ᠪᠢᠯᠢᠭ ᠦᠨ ᠲᠣᠭᠠᠯᠠᠯ ᠤᠨ ᠰᠢᠨ᠎ᠡ ᠵᠢᠯ ᠦᠳ ᠦᠨ ᠠᠯᠢ ᠠᠯᠢ ᠵᠢ ᠨᠢ ᠬᠦᠨᠳᠦᠳᠬᠡᠨ ᠤᠯᠤᠰ ᠳᠠᠶᠠᠭᠠᠷ ᠢᠶᠠᠨ ᠲᠡᠮᠳᠡᠭᠯᠡᠳᠡᠭ ᠪᠣᠯᠪᠠᠴᠤ ᠠᠷᠭ᠎ᠠ ᠶᠢᠨ ᠲᠣᠭᠠᠯᠠᠯ ᠤᠨ ᠰᠢᠨ᠎ᠡ ᠵᠢᠯ ᠢ ᠰᠢᠨ᠎ᠡ ᠵᠢᠯ ᠦᠨ ᠪᠠᠶᠠᠷ ᠬᠡᠮᠡᠨ ᠨᠡᠷᠡᠶᠢᠳᠳᠡᠭ᠃ ᠮᠣᠩᠭᠣᠯ ᠳᠤ ᠰᠢᠨ᠎ᠡ ᠡᠤᠨ ᠤ ᠡᠬᠢᠨ ᠦ ᠡᠳᠦᠷ ᠨᠢ ᠤᠯᠤᠰ ᠨᠡᠶᠢᠲᠡ ᠪᠡᠷ ᠠᠮᠠᠷᠠᠬᠤ ᠪᠠᠶᠠᠷ ᠤᠨ ᠡᠳᠦᠷ ᠶᠤᠮ᠃ (ᠪᠦᠷᠢᠨ ᠠᠭᠤᠯᠭ᠎ᠠ ᠶᠢ ᠤᠩᠰᠢᠬᠤ)
2016ᠨᠠᠶᠢᠷᠠᠭᠣᠯᠬᠣ
ᠭᠤᠷᠪᠠᠳᠤᠭᠠᠷ ᠰᠠᠷ᠎ᠠ᠂ ᠳᠥᠷᠪᠡᠳᠦᠭᠡᠷ ᠰᠠᠷ᠎ᠠ᠂ ᠲᠠᠪᠤᠳᠤᠭᠠᠷ ᠰᠠᠷ᠎ᠠ᠂ ᠵᠢᠷᠭᠤᠳᠤᠭᠠᠷ ᠰᠠᠷ᠎ᠠ᠂ ᠳᠣᠯᠤᠳᠤᠭᠠᠷ ᠰᠠᠷ᠎ᠠ᠂ ᠨᠠᠢ᠍ᠮᠠᠳᠤᠭᠠᠷ ᠰᠠᠷ᠎ᠠ᠂ ᠶᠢᠰᠦᠳᠦᠭᠡᠷ ᠰᠠᠷ᠎ᠠ᠂ ᠠᠷᠪᠠᠳᠤᠭᠠᠷ ᠰᠠᠷ᠎ᠠ᠂ ᠠᠷᠪᠠᠳᠤᠭᠠᠷ ᠨᠢᠭᠡᠳᠦᠭᠡᠷ ᠰᠠᠷ᠎ᠠ᠂ ᠠᠷᠪᠠᠳᠤᠭᠠᠷ ᠬᠣᠶᠠᠳᠤᠭᠠᠷ ᠰᠠᠷ᠎ᠠ
2017ᠨᠠᠶᠢᠷᠠᠭᠣᠯᠬᠣ
ᠨᠢᠭᠡᠳᠦᠭᠡᠷ ᠰᠠᠷ᠎ᠠ᠂ ᠬᠣᠶᠠᠳᠤᠭᠠᠷ ᠰᠠᠷ᠎ᠠ᠂ ᠭᠤᠷᠪᠠᠳᠤᠭᠠᠷ ᠰᠠᠷ᠎ᠠ᠂ ᠳᠥᠷᠪᠡᠳᠦᠭᠡᠷ ᠰᠠᠷ᠎ᠠ᠂ ᠲᠠᠪᠤᠳᠤᠭᠠᠷ ᠰᠠᠷ᠎ᠠ᠂ ᠵᠢᠷᠭᠤᠳᠤᠭᠠᠷ ᠰᠠᠷ᠎ᠠ᠂ ᠳᠣᠯᠤᠳᠤᠭᠠᠷ ᠰᠠᠷ᠎ᠠ᠂ ᠨᠠᠢ᠍ᠮᠠᠳᠤᠭᠠᠷ ᠰᠠᠷ᠎ᠠ᠂ ᠶᠢᠰᠦᠳᠦᠭᠡᠷ ᠰᠠᠷ᠎ᠠ
2018ᠨᠠᠶᠢᠷᠠᠭᠣᠯᠬᠣ
ᠨᠢᠭᠡᠳᠦᠭᠡᠷ ᠰᠠᠷ᠎ᠠ᠂ ᠬᠣᠶᠠᠳᠤᠭᠠᠷ ᠰᠠᠷ᠎ᠠ