ᠢᠰᠷᠸᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠰᠷᠸᠯ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠵᠠᠰᠠᠭ ᠫᠠᠷᠯᠠᠮᠧᠨᠲ ᠤᠨ ᠵᠠᠰᠠᠭᠯᠠᠯ ᠲᠠᠢ ᠠᠷᠠᠳᠴᠢᠯᠠᠭᠰᠠᠨ
 -  ᠶᠡᠷᠦᠩᠬᠡᠶᠢᠯᠡᠭᠴᠢ ᠰᠢᠮᠣᠨ ᠫᠧᠷᠧᠰ
 -  ᠶᠡᠷᠦᠩᠬᠡᠢ ᠰᠠᠶᠢᠳ ᠡᠬᠤᠳ ᠣᠯᠮᠧᠷᠲᠤ
 -  ᠭᠠᠳᠠᠷᠭᠤ ᠶᠢᠨ ᠤᠰᠤ (%) ~2
ᠬᠦᠮᠦᠨ ᠠᠮᠠ
 -  ᠲᠣᠭᠠᠴᠠᠭ᠎ᠠ () 8,091,2002 
 -  ᠲᠣᠭᠠᠯᠠᠯᠭ᠎ᠠ () 5,548,523 
ᠬᠡᠦᠬᠡᠳ ᠦᠨ ᠬᠥᠭᠵᠢᠯ ᠦᠨ ᠢᠨᠳᠧᠺᠰ  0.932 (23)
ᠮᠥᠩᠭᠥᠨ ᠦ ᠨᠢᠭᠡᠴᠡ ᠢᠰᠷᠸᠯ ᠰᠢᠨ᠎ᠡ ᠱᠧᠺᠧᠯ (₪‎) )
ᠴᠠᠭ ᠤᠨ ᠪᠥᠰᠡ +2
ᠤᠲᠠᠰᠤᠨ ᠤ ᠲᠣᠮᠢᠶ᠎ᠠ 972
1ᠭᠣᠯᠣᠨ ᠤ ᠥᠨᠳᠥᠷᠯᠢᠭ᠂ ᠵᠡᠭᠦᠨ ᠢᠶᠡᠷᠤᠰᠠᠯᠢᠮ ᠢ ᠣᠷᠤᠯᠴᠠᠭᠤᠯᠤᠭ᠎ᠠ ᠦᠭᠡᠢ / ᠣᠷᠤᠯᠴᠠᠭᠤᠯᠤᠭᠰᠠᠨ</br>2ᠪᠠᠷᠠᠭᠤᠨ ᠵᠤᠷᠪᠤᠰ ᠳᠠᠬᠢ ᠢᠰᠷᠸᠯ ᠤᠨ ᠬᠦᠮᠦᠨ ᠠᠮᠠ ᠶᠢ ᠣᠷᠤᠯᠴᠠᠭᠤᠯᠤᠭᠰᠠᠨ

ᠢᠰᠷᠸᠯ ᠤᠯᠤᠰ ᠭᠠᠵᠠᠷ ᠤᠨ ᠳᠤᠮᠳᠠᠳᠤ ᠲᠡᠩᠭᠢᠰ ᠤᠨ ᠵᠡᠭᠦᠨ ᠡᠷᠭᠢ ᠳᠡᠭᠡᠷ᠎ᠡ ᠤᠷᠤᠰᠢᠬᠤ ᠪᠠᠷᠠᠭᠤᠨ ᠠᠽᠢᠶ᠎ᠠ ᠍ ᠶᠢᠨ ᠣᠷᠣᠨ ᠶᠤᠮ᠃ ᠬᠣᠶᠢᠳᠤ ᠲᠠᠯ᠎ᠠ ᠪᠠᠷ ᠢᠶᠠᠨ ᠯᠸᠪᠠᠨᠤᠨ᠂ ᠵᠡᠭᠦᠨ ᠬᠣᠶᠢᠳᠤ ᠲᠠᠯ᠎ᠠ ᠪᠠᠷ ᠢᠶᠠᠨ ᠰᠢᠷᠢᠢ ᠠ᠂ ᠵᠡᠭᠦᠨ ᠲᠠᠯ᠎ᠠ ᠪᠠᠷ ᠢᠶᠠᠨ ᠢᠣᠷᠳᠠᠨ᠂ ᠪᠠᠷᠠᠭᠤᠨ ᠡᠮᠦᠨᠡᠲᠦ ᠲᠠᠯ᠎ᠠ ᠪᠠᠷ ᠢᠶᠠᠨ ᠶᠸᠵᠠᠫᠲ ᠵᠡᠷᠭᠡ ᠣᠷᠣᠨ ᠨᠤᠭᠤᠳ ᠲᠠᠢ ᠬᠢᠯᠢᠯᠡᠳᠡᠭ ᠪᠥᠭᠡᠳ ᠨᠤᠲᠤᠭ ᠳᠡᠪᠢᠰᠭᠡᠷ ᠨᠢ ᠬᠠᠷᠢᠴᠠᠩᠭᠤᠢ ᠵᠢᠵᠢᠭ ᠪᠤᠯᠪᠠᠴᠤ ᠭᠠᠵᠠᠷ ᠵᠦᠢ ᠶᠢᠨ ᠬᠤᠪᠢ ᠳᠤ ᠥᠭᠡᠷ᠎ᠡ ᠥᠭᠡᠷ᠎ᠡ ᠥᠪᠡᠷᠮᠢᠴᠡ ᠣᠨᠴᠠᠯᠢᠭ ᠲᠠᠢ ᠪᠠᠶᠢᠳᠠᠭ᠃ ᠪᠠᠷᠠᠭᠤᠨ ᠡᠷᠭᠢ ᠪᠣᠯᠤᠨ ᠭᠠᠰ ᠤᠨ ᠵᠤᠷᠪᠤᠰ ᠴᠤ ᠮᠥᠨ ᠵᠡᠷᠭᠡᠯᠡᠳᠡᠭᠡ ᠣᠷᠣᠰᠢᠨ᠎ᠠ᠃ ᠢᠰᠷᠸᠯ ᠤᠨ ᠬᠦᠮᠦᠨ ᠠᠮᠠ ᠶᠢᠨ ᠶᠡᠬᠡᠩᠬᠢ ᠬᠤᠪᠢ ᠨᠢ ᠢᠪᠡᠷᠡᠢᠦᠨᠳᠦᠰᠦᠲᠡᠨ ᠪᠥᠭᠡᠳ ᠡᠭᠦᠪᠡᠷ ᠢᠶᠡᠨ ᠳᠡᠯᠡᠬᠡᠢ ᠶᠢᠨ ᠴᠣᠷ ᠤᠨ ᠭᠠᠭᠴᠠ ᠢᠪᠡᠷᠡᠢ ᠣᠷᠣᠨ ᠶᠤᠮ᠃ ᠢᠪᠡᠷᠡᠢᠴᠦᠳ ᠡᠴᠡ ᠭᠠᠳᠠᠨ᠎ᠠ ᠠᠷᠠᠪ ᠍ ᠤᠨ ᠮᠦᠰᠦᠯᠢᠨᠴᠤᠳᠾᠷᠢᠰᠤᠰ ᠤᠨ ᠱᠠᠰᠢᠨ ᠲᠠᠢ ᠬᠦᠮᠦᠰ ᠵᠢᠴᠢ ᠳᠷᠦᠽᠧ᠂ ᠰᠠᠮᠤᠷᠠᠢ ᠵᠡᠷᠭᠡ ᠦᠨᠳᠦᠰᠦᠲᠡᠨ᠂ ᠱᠠᠰᠢᠨᠲᠠᠨ ᠨᠤᠭᠤᠳ ᠣᠷᠣᠰᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠥ ᠶᠢᠨ ᠢᠰᠷᠸᠯ ᠤᠯᠤᠰ ᠨᠢ ᠭᠤᠷᠪᠠᠨ ᠮᠢᠩᠭ᠎ᠠ ᠭᠠᠷᠤᠢ ᠵᠢᠯ ᠦᠨ ᠲᠤᠷᠰᠢ ᠢᠭᠴᠧᠢᠰᠮ ᠍ ᠤᠨ ᠬᠠᠮᠤᠭ ᠤᠨ ᠴᠢᠬᠤᠯᠠ ᠤᠬᠠᠭᠳᠠᠬᠤᠨ ᠨᠤᠭᠤᠳ ᠤᠨ ᠨᠢᠭᠡ "ᠢᠰᠷᠸᠯ ᠤᠨ ᠨᠤᠲᠤᠭ" (Eretz Yisrael) ᠍ ᠠᠴᠠ ᠦᠨᠳᠦᠰᠦ ᠲᠡᠢ ᠶᠤᠮ᠃ ᠳᠡᠯᠡᠬᠡᠢ ᠶᠢᠨ ᠨᠢᠭᠡᠳᠦᠭᠡᠷ ᠳᠠᠶᠢᠨ ᠤ ᠳᠠᠷᠠᠭ᠎ᠠ ᠤᠯᠠᠨ ᠤᠯᠤᠰ ᠤᠨ ᠬᠤᠯᠪᠤᠭ᠎ ᠠ ᠨᠢ "ᠢᠪᠡᠷᠡᠢ ᠳᠦ ᠥᠪᠡᠷᠰᠡᠳ ᠦᠨ ᠭᠡᠰᠡᠨ ᠣᠷᠣᠨ" ᠪᠦᠲᠦᠭᠡᠬᠦ ᠵᠣᠷᠢᠯᠭ᠎ᠠ ᠪᠠᠷ ᠪᠷᠢᠲ᠋ᠠᠨ ᠤ ᠫᠠᠯᠧᠰᠲ᠋ᠠᠨ ᠳᠠᠬᠢ ᠮᠠᠨᠳᠠᠲ ᠢ ᠪᠠᠲᠤᠯᠠᠵᠠᠢ᠃ 1947 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠨᠢ ᠫᠠᠯᠧᠰᠲ᠋ᠠᠨ ᠤ ᠮᠠᠨᠳᠠᠲ ᠢ ᠢᠪᠡᠷᠡᠢ᠂ ᠠᠷᠠᠪ ᠬᠣᠶᠠᠷ ᠤᠯᠤᠰ ᠲᠤ ᠬᠤᠪᠢᠶᠠᠬᠤ ᠶᠢ ᠪᠠᠲᠤᠯᠠᠭᠰᠠᠨ ᠪᠠᠶᠢᠨ᠎ᠠ᠃ ᠠᠷᠠᠪ ᠤᠨ ᠪᠠᠷᠢᠯᠳᠤᠯᠭ᠎ᠠ ᠨᠢ ᠡᠨᠡ ᠲᠥᠯᠥᠪᠯᠡᠭᠡ ᠶᠢ ᠡᠰᠡᠷᠭᠦᠴᠡᠭᠰᠡᠨ ᠪᠣᠯᠪᠠᠴᠤ 1948 ᠣᠨ ᠤ 5 ᠰᠠᠷ᠎ᠠ ᠶᠢᠨ 14 ᠍ ᠳᠦ ᠢᠪᠡᠷᠡᠢ ᠶᠢᠨ ᠲᠦᠷ ᠵᠠᠭᠤᠷ᠎ᠠ ᠶᠢᠨ ᠵᠠᠰᠠᠭ ᠤᠨ ᠭᠠᠵᠠᠷ ᠢᠰᠷᠸᠯ ᠢ ᠲᠤᠰᠠᠭᠠᠷ ᠲᠣᠭᠲᠠᠨᠢᠭᠰᠠᠨ ᠢ ᠮᠡᠳᠡᠭᠳᠡᠵᠡᠢ᠃ ᠳᠠᠷᠠᠭ᠎ᠠ ᠨᠢ ᠪᠣᠯᠤᠭᠰᠠᠨ ᠠᠷᠠᠪ-ᠢᠰᠷᠸᠯ ᠤᠨ ᠳᠠᠶᠢᠨ ᠳᠤ ᠢᠰᠷᠸᠯ ᠢᠯᠠᠯᠲᠠ ᠪᠠᠶᠢᠭᠤᠯᠤᠭᠰᠠᠨ ᠢᠶᠠᠷ ᠡᠨᠡ ᠤᠯᠤᠰ ᠤᠨ ᠬᠢᠯᠢ ᠬᠢᠵᠠᠭᠠᠷ ᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠦᠨ ᠬᠤᠪᠢᠶᠠᠬᠤ ᠲᠥᠯᠦᠪᠯᠡᠭᠡᠨ ᠳᠦ ᠵᠢᠭᠠᠭᠰᠠᠨ ᠠᠴᠠ ᠴᠤ ᠢᠯᠡᠭᠦᠦ ᠪᠡᠷ ᠰᠤᠩᠭᠠᠵᠠᠢ᠃ ᠡᠨᠡ ᠶᠠᠪᠤᠳᠠᠯ ᠠᠴᠠ ᠬᠣᠶᠢᠰᠢ ᠵᠡᠷᠭᠡᠯᠡᠳᠡᠭᠡ ᠤᠷᠤᠰᠢᠬᠤ ᠣᠯᠠᠨ ᠠᠷᠠᠪ ᠣᠷᠣᠨ ᠲᠠᠢ ᠮᠥᠷᠭᠥᠯᠳᠦᠵᠦ᠂ ᠦᠷ᠎ᠡ ᠳ᠋ᠦᠩ ᠳᠦ ᠨᠢ ᠣᠯᠠᠨ ᠲᠣᠮᠣ ᠳᠠᠶᠢᠨ ᠪᠣᠯᠵᠤ ᠥᠨᠳᠥᠷᠯᠡᠵᠦ ᠪᠠᠶᠢᠭ᠎ᠠ ᠪᠥᠭᠡᠳ ᠡᠨᠡ ᠨᠢ ᠥᠨᠥ ᠬᠦᠷᠲᠡᠯ᠎ᠡ ᠦᠷᠭᠦᠯᠵᠢᠯᠡᠭᠰᠡᠭᠡᠷ ᠪᠠᠶᠢᠨ᠎ᠠ᠃ ᠢᠰᠷᠸᠯ ᠤᠯᠤᠰ ᠠᠩᠬ᠎ᠠ ᠪᠠᠶᠢᠭᠤᠯᠤᠭᠳᠠᠭᠰᠠᠨ ᠠᠴᠠ ᠬᠣᠶᠢᠰᠢ᠂ ᠢᠯᠠᠩᠭᠤᠶ᠎ᠠ ᠲᠡᠭᠦᠨ ᠦ ᠬᠢᠯᠢ ᠬᠢᠵᠠᠭᠠᠷ ᠪᠣᠯᠤᠨ ᠪᠦᠷ ᠣᠷᠣᠰᠢᠨ ᠲᠣᠭᠲᠠᠨᠢᠬᠤ ᠡᠷᠬᠡ ᠨᠢ ᠬᠦᠷᠲᠡᠯ᠎ᠡ ᠵᠡᠷᠭᠡᠯᠡᠳᠡᠭᠡ ᠤᠷᠤᠰᠢᠬᠤ ᠠᠷᠠᠪ ᠣᠷᠣᠨ ᠨᠤᠭᠤᠳ ᠲᠠᠢ ᠵᠥᠷᠢᠴᠡᠯᠳᠤᠵᠤ ᠪᠠᠶᠢᠨ᠎ ᠠ᠃ ᠬᠠᠷᠢᠨ ᠢᠰᠷᠸᠯ ᠨᠢ ᠶᠸᠵᠠᠫᠲᠢᠣᠷᠳᠠᠨ ᠣᠷᠣᠨ ᠨᠤᠭᠤᠳ ᠲᠠᠢ ᠡᠩᠬᠡ ᠲᠠᠶᠢᠪᠤᠩ ᠤᠨ ᠭᠡᠷ᠎ᠡ ᠪᠠᠶᠢᠭᠤᠯᠵᠤ᠂ ᠫᠠᠯᠧᠰᠲ᠋ᠠᠨᠴᠤᠳ ᠲᠠᠢ ᠪᠦᠷᠮᠥᠰᠦᠨ ᠵᠣᠬᠢᠴᠠᠯᠳᠤᠬᠤ ᠬᠡᠯᠡᠯᠴᠡᠭᠡᠷ ᠶᠠᠪᠤᠭᠤᠯᠤᠭᠰᠠᠭᠠᠷ ᠪᠠᠶᠢᠨ᠎ᠠ᠃

ᠢᠰᠷᠸᠯ ᠨᠢ ᠲᠥᠯᠥᠭᠡᠯᠡᠯ ᠦᠨ ᠠᠷᠠᠳᠴᠢᠯᠠᠯ ᠪᠥᠭᠡᠳ ᠫᠠᠷᠯᠠᠮᠧᠨᠲ ᠶᠢᠨ ᠰᠢᠰᠲ᠋ᠧᠮ ᠲᠡᠢ᠂ ᠰᠤᠩᠭᠤᠬᠤ ᠡᠷᠬᠡ ᠨᠢ ᠬᠦᠮᠦᠨ ᠪᠦᠷᠢ ᠳᠦ ᠣᠨᠣᠭᠳᠠᠨ᠎ᠠ᠃ ᠵᠠᠰᠠᠭ ᠤᠨ ᠭᠠᠵᠠᠷ ᠤᠨ ᠲᠡᠷᠢᠭᠦᠨ ᠨᠢ ᠶᠡᠷᠦᠩᠬᠡᠢ ᠰᠠᠶᠢᠳ ᠪᠥᠭᠡᠳ ᠢᠰᠷᠸᠯ ᠤᠨ ᠬᠠᠤᠯᠢ ᠲᠣᠭᠲᠠᠭᠠᠬᠤ ᠪᠠᠶᠢᠭᠤᠯᠤᠯᠭ᠎ᠠ ᠨᠢ ᠺᠨ᠋ᠧᠰᠰᠧᠲ᠃ ᠦᠨᠳᠦᠰᠦᠨ ᠦ ᠨᠡᠶᠢᠲᠡ ᠪᠦᠲᠦᠭᠡᠭᠳᠡᠬᠦᠨ ᠍ ᠪᠠᠷ ᠲᠣᠭᠠᠴᠠᠪᠠᠯ ᠢᠰᠷᠸᠯ ᠤᠨ ᠡᠳ᠋ ᠍ ᠦᠨ ᠵᠠᠰᠠᠭ ᠨᠢ ᠳᠡᠯᠡᠬᠡᠢ ᠳᠦ 44 ᠍ ᠳᠦ ᠣᠷᠣᠨ᠎ᠠ᠃ ᠬᠦᠮᠦᠨ ᠦ ᠬᠥᠭᠵᠢᠯᠬᠡᠪᠯᠡᠯ ᠮᠡᠳᠡᠭᠡᠯᠡᠯ ᠦᠨ ᠡᠷᠬᠡ ᠴᠢᠯᠦᠭᠡ᠂ ᠡᠳ᠋ ᠍ ᠦᠨ ᠵᠠᠰᠠᠭ ᠤᠨ ᠥᠷᠢᠰᠦᠯᠳᠥᠭᠡᠨ ᠢᠶᠡᠷ ᠢᠶᠡᠨ ᠣᠶᠢᠷᠠᠯᠴᠠᠭ᠎ ᠠ ᠪᠠᠶᠢᠭ᠎ ᠠ ᠳᠣᠷᠣᠨᠠᠲᠤ ᠶᠢᠨ ᠣᠷᠣᠨ ᠨᠤᠭᠤᠳ ᠲᠤ ᠳᠡᠭᠡᠭᠦᠷ ᠵᠢᠭ᠌ᠰᠠᠳᠠᠭ᠃ ᠤᠯᠤᠰ ᠤᠨ ᠨᠡᠶᠢᠰᠯᠡᠯ ᠪᠠ ᠵᠠᠰᠠᠭ ᠤᠨ ᠭᠠᠵᠠᠷ ᠤᠨ ᠪᠠᠶᠢᠷᠢᠯᠠᠬᠤ ᠭᠠᠵᠠᠷ ᠨᠢ ᠢᠶᠡᠷᠤᠰᠠᠯᠢᠮ᠂ ᠡᠳ᠋ ᠍ ᠦᠨ ᠵᠠᠰᠠᠭ ᠤᠨ ᠲᠥᠪ ᠨᠢ ᠲᠧᠯ-ᠠᠪᠢᠪ ᠶᠤᠮ᠃

ᠢᠰᠷᠸᠯ ᠦᠨᠳᠦᠰᠦᠲᠡᠨ ᠡᠭᠦᠰᠦᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠰᠷᠸᠯ ᠤᠨ ᠳᠠᠶᠢᠸᠢ ᠬᠠᠭᠠᠨ

ᠡᠨᠡ ᠤᠯᠤᠰ ᠨᠢ ᠳᠠᠬᠢᠨ ᠳᠠᠪᠲᠠᠭᠳᠠᠰᠢ ᠦᠭᠡᠢ ᠪᠡᠷ ᠡᠵᠡᠨ ᠦ ᠢᠷᠦᠭᠡᠯ ᠢ ᠬᠦᠷᠲᠡᠭᠰᠡᠨ ᠠᠷᠠᠳ ᠲᠦᠮᠡᠨ ᠶᠤᠮ᠃ ᠢᠰᠷᠸᠯ ᠤᠯᠤᠰ ᠨᠢ ᠬᠡᠳᠦᠨ ᠮᠢᠩᠭᠠᠨ ᠵᠢᠯ ᠦᠨ ᠲᠡᠦᠬᠡ ᠲᠡᠢ᠃ ᠢᠰᠷᠸᠯ ᠤᠨ ᠲᠡᠦᠬᠡ ᠶᠢ ᠪᠢᠪᠯᠢ ᠳᠤ ᠲᠡᠮᠳᠡᠭᠯᠡᠨ ᠦᠯᠡᠳᠡᠭᠡᠭᠰᠡᠨ ᠪᠠᠶᠢᠳᠠᠭ᠃ ᠪᠢᠪᠯᠢ ᠳᠤ ᠲᠡᠮᠳᠡᠭᠯᠡᠭᠰᠡᠨ ᠢᠶᠡᠷ ᠢᠰᠷᠸᠯ ᠤᠨ ᠡᠪᠦᠭᠡ ᠳᠡᠭᠡᠳᠦᠰ ᠨᠢ ᠠᠪᠷᠠᠬᠤᠮ ᠪᠥᠭᠡᠳ ᠲᠡᠷᠡ ᠪᠡᠷ ᠬᠣᠶᠠᠷ ᠬᠦᠦ ᠲᠡᠢ ᠪᠠᠶᠢᠭᠰᠠᠨ ᠤ ᠨᠢᠭᠡ ᠶᠢ ᠨᠢ ᠡᠰᠢᠮᠠᠧᠯ᠂ ᠨᠥᠭᠥᠭᠡ ᠶᠢ ᠨᠢ ᠢᠰᠠᠺ ᠭᠡᠳᠡᠭ ᠪᠠᠶᠢᠵᠠᠢ᠃ ᠥᠨᠥ ᠶᠢᠨ ᠠᠷᠠᠪ ᠦᠳ ᠡᠰᠢᠮᠠᠧᠯ ᠢ ᠥᠪᠡᠷᠰᠡᠳ ᠦᠨ ᠡᠪᠦᠭᠡ ᠡᠴᠢᠭᠡ ᠪᠡᠨ ᠭᠡᠵᠦ ᠦᠵᠡᠳᠡᠭ ᠪᠥᠭᠡᠳ ᠺᠦ᠋ᠷᠠᠨ ᠰᠤᠳᠤᠷ ᠲᠤ ᠴᠤ ᠲᠡᠶᠢᠨᠬᠦ ᠲᠡᠮᠳᠡᠭᠯᠡᠭᠰᠡᠨ ᠪᠠᠶᠢᠳᠠᠭ᠃ ᠢᠰᠠᠺ ᠬᠣᠶᠠᠷ ᠬᠦᠦ ᠲᠡᠢ ᠪᠣᠯᠣᠭᠰᠠᠨ ᠤ ᠨᠢᠭᠡ ᠶᠢ ᠨᠢ ᠶᠢᠰᠪᠠ᠂ ᠨᠥᠭᠥᠭᠡ ᠶᠢ ᠨᠢ ᠢᠶᠠᠺᠣᠸ ᠭᠡᠳᠡᠭ ᠪᠠᠶᠢᠪᠠ᠃ ᠶᠢᠰᠪᠠ ᠪᠣᠯ ᠡᠷᠲᠡᠨ ᠦ ᠶᠡᠳᠣᠮ ᠤᠨ ᠡᠪᠦᠭᠡ ᠡᠴᠢᠭᠡ ᠪᠣᠯᠤᠭᠰᠠᠨ ᠪᠠ ᠢᠶᠠᠺᠣᠸ ᠨᠢ ᠢᠽᠡᠷᠠᠶᠢᠯᠴᠤᠳ ᠤᠨ ᠡᠪᠦᠭᠡ ᠡᠴᠢᠭᠡ ᠪᠣᠯᠵᠠᠢ᠃ ᠪᠤᠷᠬᠠᠨ ᠢᠶᠠᠺᠣᠸ ᠍ ᠢ ᠢᠰᠷᠸᠯ ᠭᠡᠵᠦ ᠨᠡᠷᠡᠯᠡᠭᠰᠡᠨ ᠪᠥᠭᠡᠳ ᠡᠨᠡ ᠨᠢ ᠪᠤᠷᠬᠠᠨ ᠲᠠᠢ ᠲᠡᠮᠡᠴᠡᠯᠳᠦᠭᠴᠢ ᠭᠡᠰᠡᠨ ᠤᠳᠬ᠎ᠠ ᠪᠦᠬᠦᠢ ᠨᠡᠷ᠎ᠡ ᠠᠵᠡᠢ᠃ ᠶᠠᠭᠠᠬᠢᠭᠠᠳ ᠡᠶᠢᠮᠦ ᠤᠳᠬ᠎ᠠ ᠲᠠᠢ ᠨᠡᠷ᠎ᠡ ᠥᠭᠭᠦᠭᠰᠡᠨ ᠲᠠᠯ᠎ᠠ ᠪᠠᠷ ᠢᠶᠠᠺᠣᠸ ᠤᠨ ᠲᠡᠦᠬᠡ ᠡᠴᠡ ᠤᠩᠰᠢᠵᠤ ᠪᠣᠯᠤᠨ᠎ᠠ᠃ ᠡᠨᠡ ᠲᠡᠦᠬᠡ ᠪᠢᠪᠯᠢ ᠍ ᠶᠢᠨ ᠡᠬᠢᠯᠡᠯ ᠨᠣᠮ ᠳᠤ ᠪᠤᠢ᠃ ᠡᠭᠦᠨ ᠦ ᠳᠠᠷᠠᠭ᠎ᠠ ᠢᠶᠠᠺᠣᠸ (ᠢᠰᠷᠸᠯ) ᠠᠷᠪᠠᠨ ᠬᠣᠶᠠᠷ ᠬᠦᠦ ᠲᠡᠢ ᠪᠣᠯᠤᠭᠰᠠᠨ ᠪᠠ ᠲᠡᠷᠡ ᠠᠷᠪᠠᠨ ᠬᠣᠶᠠᠷ ᠬᠦᠦ ᠨᠢ ᠢᠰᠷᠸᠯ ᠤᠨ ᠠᠷᠪᠠᠨ ᠬᠣᠶᠠᠷ ᠣᠪᠤᠭ ᠤᠨ ᠡᠪᠦᠭᠡ ᠳᠡᠭᠡᠳᠦᠰ ᠪᠣᠯᠵᠠᠢ᠃ ᠢᠰᠷᠸᠯ ᠤᠨ ᠭᠡᠷ ᠪᠦᠯᠢ ᠺᠠᠨᠠᠨ ᠨᠤᠲᠤᠭ ᠲᠤ (ᠢᠰᠷᠸᠯ ᠤᠨ ᠡᠷᠲᠡᠨ ᠦ ᠭᠠᠵᠠᠷ ᠵᠦᠢ ᠶᠢᠨ ᠨᠡᠷ᠎ᠡ) ᠠᠮᠢᠳᠤᠷᠠᠵᠤ ᠪᠠᠶᠢᠭᠠᠳ ᠲᠡᠨᠳᠡ ᠮᠠᠰᠢ ᠶᠡᠬᠡ ᠭᠠᠢ ᠭᠠᠴᠢᠭ ᠪᠣᠯᠤᠭᠰᠠᠨ ᠲᠤᠯᠠ ᠶᠸᠵᠠᠫᠲ ᠲᠤ ᠨᠡᠭᠦᠨ ᠢᠷᠡᠵᠦ ᠡᠷᠲᠡᠨ ᠦ ᠶᠸᠵᠠᠫᠲ ᠤᠨ ᠭᠤᠱᠧᠨ ᠨᠤᠲᠤᠭ ᠲᠤ 430 ᠵᠢᠯ ᠠᠮᠢᠳᠤᠷᠠᠵᠠᠢ᠃ ᠢᠰᠷᠸᠯ ᠤᠨ ᠭᠡᠷ ᠪᠦᠯᠢ ᠠᠩᠬ᠎ᠠ ᠶᠸᠵᠠᠫᠲ ᠲᠤ ᠢᠷᠡᠬᠦ ᠳᠦ ᠪᠡᠨ ᠳᠠᠯᠠᠭᠤᠯᠠ ᠪᠠᠨ ᠪᠠᠶᠢᠭᠰᠠᠨ ᠪᠣᠯ ᠲᠡᠨᠳᠡ ᠡᠴᠡ ᠭᠠᠷᠬᠤ ᠳᠤ ᠪᠠᠨ ᠣᠶᠢᠷᠠᠯᠴᠠᠭ᠎ᠠ ᠪᠠᠷ 300 ᠲᠦᠮᠡ ᠣᠷᠴᠢᠮ ᠪᠣᠯᠵᠠᠢ᠃

http://wiki.uhaan.com/index.php?title=ᠢᠰᠷᠸᠯ&oldid=468945》 ᠍  ᠡᠴᠡ ᠠᠪᠤᠭᠰᠠᠨ

ᠪᠢᠴᠢᠭᠡᠰᠦ