Uhaan:ᠸᠢᠺᠢ ᠤᠬᠠᠭᠠᠨ ᠨᠢ ... ᠪᠢᠰᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠡᠨᠡᠬᠦ ᠬᠠᠭᠤᠳᠠᠰᠤ ᠨᠢ ᠮᠣᠩᠭᠣᠯ ᠸᠢᠺᠢ ᠤᠬᠠᠭᠠᠨ ᠤᠨ ᠳᠦᠷᠢᠮ᠂ ᠪᠣᠳᠣᠯᠭ᠎ᠠ ᠵᠣᠬᠢᠴᠠᠭᠤᠯᠤᠯᠲᠠ ᠶᠢᠨ ᠬᠠᠭᠤᠳᠠᠰᠤ ᠪᠣᠯᠤᠨ᠎ᠠ᠃ ᠡᠨᠡᠬᠦ ᠬᠠᠭᠤᠳᠠᠰᠤ ᠶᠢ ᠮᠣᠩᠭᠣᠯ ᠸᠢᠺᠢ ᠤᠬᠠᠭᠠᠨ ᠤᠨ ᠪᠦᠬᠦ ᠬᠥᠭᠵᠢᠭᠦᠯᠦᠭᠴᠢᠳ ᠦᠨ ᠳᠠᠭᠠᠵᠤ ᠮᠥᠷᠳᠡᠪᠡᠯ ᠵᠣᠬᠢᠬᠤ ᠰᠲ᠋ᠠᠨᠳᠠᠷᠲ ᠪᠣᠯᠭᠠᠬᠤ ᠪᠠᠷ ᠵᠣᠷᠢᠵᠤ ᠪᠤᠢ ᠲᠤᠯᠠ᠂ ᠲᠠ ᠰᠠᠨᠠᠯ ᠢᠶᠠᠨ ᠬᠡᠯᠡᠯᠴᠡᠭᠦᠯᠭᠡ ᠬᠠᠭᠤᠳᠠᠰᠤ ᠳᠡᠭᠡᠷ᠎ᠡ ᠦᠯᠡᠳᠡᠭᠡᠨ᠎ᠡ ᠦᠦ᠃


ᠸᠢᠺᠢ ᠤᠬᠠᠭᠠᠨ ᠨᠢ ᠬᠦᠮᠦᠰ ᠦᠨ ᠰᠠᠶᠢᠨ ᠳᠤᠷ᠎ᠠ ᠶᠢᠨ ᠣᠷᠣᠯᠴᠠᠭ᠎ᠠ ᠲᠠᠢ ᠪᠠᠷ ᠠᠭᠤᠯᠭ᠎ᠠ ᠨᠢ ᠪᠠᠶᠠᠵᠢᠵᠤ ᠪᠠᠶᠢᠳᠠᠭ᠂ ᠴᠠᠬᠢᠮ ᠨᠡᠪᠲᠡᠷᠬᠡᠢ ᠲᠣᠯᠢ ᠤᠴᠢᠷ ᠲᠠ ᠨᠡᠪᠲᠡᠷᠬᠡᠢ ᠲᠣᠯᠢᠨ ᠳᠤ ᠪᠠᠶᠢᠪᠠᠯ ᠵᠣᠬᠢᠬᠤ ᠵᠦᠢᠯᠡᠰ ᠢ ᠯᠠ ᠪᠢᠴᠢᠬᠦ ᠬᠡᠷᠡᠭᠲᠡᠢ᠃ ᠡᠷᠬᠢᠮ ᠲᠠᠨ ᠢ ᠸᠢᠺᠢ ᠤᠬᠠᠭᠠᠨ ᠳᠦ ᠬᠤᠪᠢ ᠨᠡᠮᠡᠷᠢ ᠤᠷᠤᠭᠤᠯᠬᠤ ᠦᠶ᠎ᠡ ᠋ᠳ᠋ᠡᠭᠡᠨ ᠳᠣᠣᠷᠠᠬᠢ ᠵᠦᠢᠯᠡᠰ ᠢ ᠠᠩᠬᠠᠷᠤᠯ ᠳᠤ ᠪᠠᠨ ᠠᠪᠤᠨ᠎ᠠ ᠤᠤ ᠭᠡᠵᠦ ᠬᠦᠰᠡᠵᠦ ᠪᠠᠶᠢᠨ᠎ᠠ᠃

 • ᠬᠡᠨ ᠨᠢᠭᠡᠨ ᠢ ᠥᠭᠡᠷ᠎ᠡ ᠨᠢᠭᠡᠨ ᠲᠡᠢ ᠲᠠᠨᠢᠯᠴᠠᠭᠤᠯᠬᠤ᠂ ᠡᠰᠡᠪᠡᠯ ᠬᠡᠨ ᠨᠢᠭᠡᠨ ᠢ ᠰᠤᠷᠲᠠᠯᠴᠢᠯᠠᠬᠤ᠂ ᠰᠢᠲᠦᠨ ᠪᠢᠰᠢᠷᠡᠬᠦ᠂ ᠡᠰᠡᠪᠡᠯ ᠬᠡᠨ ᠨᠢᠭᠡᠨ ᠢ ᠭᠤᠲᠤᠭᠠᠬᠤ᠂ ᠠᠯᠢ ᠨᠢᠭᠡ ᠶᠠᠭᠤᠮᠠᠨ ᠤ ᠨᠢᠭᠡ ᠲᠠᠯ᠎ᠠ ᠶᠢ ᠪᠠᠷᠢᠵᠤ ᠪᠢᠴᠢᠬᠦ ᠭᠡᠰᠡᠨ ᠵᠣᠷᠢᠯᠭ᠎ᠠ ᠦᠭᠡᠢ ᠰᠠᠶᠢᠲᠤ᠃ ᠪᠠᠰᠠ ᠬᠡᠯᠡᠯᠴᠡᠭᠦᠯᠭᠡ᠂ ᠴᠠᠲ ᠪᠢᠰᠢ ᠤᠴᠢᠷ ᠠᠴᠠ ᠶᠤᠮ ᠪᠢᠴᠢᠬᠦ ᠭᠡᠵᠦ ᠪᠠᠶᠢᠭ᠎ᠠ ᠬᠦᠮᠦᠰ ᠠᠩᠬᠠᠷᠤᠯ ᠳᠤ ᠪᠠᠨ ᠠᠪᠤᠨ᠎ᠠ ᠤᠤ᠃
 • ᠶᠠᠭᠤᠮ᠎ᠠ ᠶᠢ ᠣᠷᠴᠢᠭᠤᠯᠵᠤ ᠪᠣᠯᠤᠨ᠎ᠠ᠂ ᠪᠠᠰᠠ ᠥᠪᠡᠷ ᠢᠶᠡᠨ ᠪᠢᠴᠢᠵᠦ ᠪᠣᠯᠤᠨ᠎ᠠ᠃ ᠭᠡᠬᠦ ᠳᠦ ᠪᠡᠨ ᠡᠨᠡ ᠲᠣᠯᠢ ᠳᠤ ᠪᠢᠴᠢᠭᠰᠡᠨ ᠵᠦᠢᠯ ᠥᠭᠡᠷ᠎ᠡ ᠬᠣᠶᠠᠲᠠᠭᠴᠢ ᠪᠣᠯᠤᠨ ᠭᠤᠷᠪᠠᠳᠠᠭᠴᠢ ᠡᠲᠡᠭᠡᠳ ᠦᠨ᠎ᠡ ᠲᠥᠯᠦᠪᠦᠷᠢ ᠦᠭᠡᠢ ᠪᠡᠷ ᠰᠢᠭᠤᠳ ᠪᠣᠯᠤᠨ ᠰᠢᠭᠤᠳ ᠪᠤᠰᠤ᠂ ᠨᠡᠷ᠎ᠡ ᠳᠤᠷᠠᠳᠬᠤ ᠦᠭᠡᠢ ᠪᠡᠷ ᠠᠰᠢᠭᠯᠠᠬᠤ ᠶᠢ ᠪᠦᠷᠢᠨ ᠬᠦᠯᠢᠶᠡᠨ ᠵᠥᠪᠰᠢᠶᠡᠷᠡᠭᠰᠡᠨ ᠪᠠᠶᠢᠭ᠎ᠠ ᠲᠤᠯᠠ ᠥᠪᠡᠷ ᠦᠨ ᠢᠶᠡᠨ ᠪᠢᠴᠢᠭᠰᠡᠨ ᠵᠦᠢᠯ ᠢ ᠬᠠᠮᠠᠭᠠᠯᠠᠬᠤ᠂ ᠡᠰᠡᠪᠡᠯ ᠲᠡᠭᠦᠨ ᠳᠦ ᠨᠢ ᠥᠭᠡᠷᠡᠴᠢᠯᠡᠯᠲᠡ ᠣᠷᠣᠭᠤᠯᠤᠭᠰᠠᠨ ᠦᠶ᠎ᠡ ᠳᠦ ᠠᠭᠤᠷᠯᠠᠵᠤ ᠤᠴᠠᠭᠠᠷᠯᠠᠬᠤ ᠵᠡᠷᠭᠡ ᠨᠢ ᠪᠠᠶᠢᠵᠤ ᠪᠣᠯᠤᠮ᠎ᠠ ᠦᠭᠡᠢ᠃ ᠬᠠᠮᠤᠭ ᠤᠨ ᠲᠣᠪᠴᠢᠬᠠᠨ ᠢᠶᠠᠷ ᠲᠠ ᠡᠨᠳᠡ ᠪᠢᠴᠢᠨ᠎ᠡ᠂ ᠲᠡᠷᠡ ᠴᠠᠭ ᠠᠴᠠ ᠡᠬᠢᠯᠡᠭᠡᠳ ᠲᠠᠨ ᠤ ᠪᠢᠴᠢᠭᠰᠡᠨ ᠵᠦᠢᠯ ᠨᠡᠶᠢᠲᠡ ᠶᠢᠨ ᠥᠮᠴᠢ ᠪᠣᠯᠤᠨ᠎ᠠ᠃ ᠮᠡᠳᠡᠭᠡᠯᠡᠯ ᠦᠨ ᠠᠭᠤᠯᠭ᠎ᠠ ᠶᠢᠨ ᠴᠢᠨᠠᠷ ᠲᠤ ᠠᠩᠬᠠᠷᠬᠤ ᠨᠢ ᠴᠢᠬᠤᠯᠠ᠃ ᠠᠮᠵᠢᠯᠲᠠ ᠬᠦᠰᠡᠶ᠎ᠡ!

ᠸᠢᠺᠢ ᠤᠬᠠᠭᠠᠨ ᠨᠢ ᠳᠣᠣᠷ᠎ᠠ ᠳᠣᠷᠠᠳᠣᠭᠰᠠᠨ ᠵᠦᠢᠯᠡᠰ ᠪᠢᠰᠢ[ᠺᠣᠳ᠋ ᠢᠶᠠᠷ ᠵᠠᠰᠠᠬᠣ]

 1. ᠸᠢᠺᠢ ᠤᠬᠠᠭᠠᠨ ᠨᠢ ᠴᠠᠭᠠᠰᠤᠨ ᠳᠡᠭᠡᠷ᠎ᠡ ᠬᠡᠪᠯᠡᠭᠳᠡᠳᠡᠭ ᠨᠡᠪᠲᠡᠷᠬᠡᠢ ᠲᠣᠯᠢ ᠪᠢᠰᠢ᠃ ᠥᠭᠡᠷ᠎ᠡ ᠪᠡᠷ ᠬᠡᠯᠡᠪᠡᠯ ᠸᠢᠺᠢ ᠤᠬᠠᠭᠠᠨ ᠳᠠᠬᠢ ᠥᠭᠦᠯᠡᠯ ᠦᠨ ᠲᠣᠭᠠᠨ ᠳᠤ ᠬᠢᠵᠠᠭᠠᠷᠯᠠᠯ ᠳᠤ ᠪᠠᠶᠢᠬᠤ ᠦᠭᠡᠢ᠃
 2. ᠸᠢᠺᠢ ᠤᠬᠠᠭᠠᠨ ᠨᠢ ᠬᠡᠯᠡᠨ ᠦ ᠲᠣᠯᠢ ᠪᠢᠰᠢ᠃ ᠡᠨᠳᠡ ᠦᠭᠡ ᠶᠢᠨ ᠤᠳᠬ᠎ᠠ᠂ ᠶᠠᠭᠠᠬᠢᠵᠤ ᠬᠡᠷᠡᠭᠯᠡᠬᠦ ᠵᠡᠷᠭᠡ ᠶᠢ ᠣᠷᠣᠭᠤᠯᠬᠤ ᠦᠭᠡᠢ᠃ #2-5, #17 ᠶᠢ ᠬᠠᠷᠠᠨ᠎ᠠ ᠤᠤ᠃
 3. ᠸᠢᠺᠢ ᠤᠬᠠᠭᠠᠨ ᠨᠢ ᠲᠠᠨ ᠤ ᠦᠵᠡᠯ ᠪᠣᠳᠣᠯ ᠢ ᠢᠯᠡᠷᠬᠡᠶᠢᠯᠡᠬᠦ᠂ ᠡᠰᠡᠪᠡᠯ ᠪᠤᠰᠤᠳ ᠲᠠᠢ ᠰᠠᠨᠠᠯ ᠰᠤᠯᠢᠯᠴᠠᠬᠤ ᠭᠠᠵᠠᠷ ᠪᠢᠰᠢ᠃ ᠥᠭᠡᠷ᠎ᠡ ᠪᠡᠷ ᠬᠡᠯᠡᠪᠡᠯ ᠲᠠ ᠡᠨᠳᠡ ᠵᠥᠪᠬᠡᠨ ᠪᠠᠷᠢᠮᠲᠠ ᠨᠤᠭᠤᠳ ᠢ ᠤᠷᠤᠭᠤᠯᠬᠤ ᠶᠣᠰᠣᠲᠠᠢ ᠪᠥᠭᠡᠳ᠂ ᠥᠭᠦᠯᠡᠯ ᠳᠦ ᠥᠪᠡᠷ ᠦᠨ ᠦᠵᠡᠯ ᠪᠣᠳᠣᠯ ᠢᠶᠠᠨ ᠪᠢᠴᠢᠵᠦ ᠪᠣᠯᠬᠤ ᠦᠭᠡᠢ᠃ #1, #6, #8, #9, #18  ᠶᠢ ᠦᠵᠡᠨ᠎ᠡ ᠦᠦ᠃ .
 4. ᠸᠢᠺᠢ ᠤᠬᠠᠭᠠᠨ ᠨᠢ ᠪᠤᠰᠤᠳ ᠰᠦᠯᠵᠢᠶ᠎ᠡ ᠨᠤᠭᠤᠳ ᠤᠨ ᠬᠣᠯᠪᠣᠭᠠᠰᠤ ᠪᠢᠰᠢ᠃ ᠲᠠ ᠳᠠᠩ ᠪᠤᠰᠤᠳ ᠰᠠᠶᠢᠲᠤ ᠨᠤᠭᠤᠳ ᠤᠨ ᠬᠣᠯᠪᠣᠭᠠᠰᠤ ᠶᠢ ᠠᠭᠤᠯᠠᠭᠰᠠᠨ ᠬᠠᠭᠤᠳᠠᠰᠤ ᠨᠡᠭᠡᠭᠡᠵᠦ ᠪᠣᠯᠬᠤ ᠦᠭᠡᠢ᠃ #11, 12, 13 ᠍ ᠶᠢ ᠦᠵᠡᠨ᠎ᠡ ᠦᠦ᠃
 5. ᠸᠢᠺᠢ ᠤᠬᠠᠭᠠᠨ ᠨᠢ 《ᠲᠣᠯᠢᠨ ᠰᠠᠶᠢᠲᠤ》 ᠪᠯᠣᠭ ᠪᠢᠰᠢ᠃ ᠸᠢᠺᠢ ᠤᠬᠠᠭᠠᠨ ᠨᠢ ᠨᠡᠪᠲᠡᠷᠬᠡᠢ ᠲᠣᠯᠢ ᠤᠴᠢᠷ ᠡᠨᠳᠡ ᠵᠥᠪᠬᠡᠨ ᠲᠣᠭ᠎ᠠ᠂ ᠪᠠᠷᠢᠮᠲᠠ ᠯᠠ ᠣᠷᠣᠭᠤᠯᠤᠨ᠎ᠠ᠃
 6. ᠸᠢᠺᠢ ᠤᠬᠠᠭᠠᠨ ᠨᠢ ᠠᠯᠢᠪ ᠮᠡᠳᠡᠭᠡᠯᠡᠯ᠂ ᠲᠡᠭᠦᠨ ᠲᠡᠢ ᠬᠣᠯᠪᠣᠭᠠᠲᠠᠢ ᠲᠣᠭ᠎ᠠ ᠪᠠᠷᠢᠮᠲᠠ ᠶᠢ ᠰᠢᠭᠦᠨ ᠬᠡᠯᠡᠯᠴᠡᠬᠦ ᠦᠭᠡᠢ᠃ ᠥᠭᠡᠷ᠎ᠡ ᠪᠡᠷ ᠬᠡᠯᠡᠪᠡᠯ᠂ ᠨᠡᠶᠢᠲᠡ ᠪᠡᠷ ᠬᠦᠯᠢᠶᠡᠨ ᠵᠥᠪᠰᠢᠶᠡᠷᠡᠭᠳᠡᠭᠰᠡᠨ ᠮᠡᠳᠡᠭᠡᠯᠡᠯ ᠢ ᠸᠢᠺᠢ ᠤᠬᠠᠭᠠᠨ ᠳᠦ ᠤᠷᠤᠭᠤᠯᠬᠤ ᠪᠥᠭᠡᠳ᠂ ᠤᠭ ᠮᠡᠳᠡᠭᠡᠯᠡᠯ ᠦᠨ ᠵᠥᠪ᠂ ᠪᠤᠷᠤᠭᠤ ᠶᠢ ᠰᠢᠭᠦᠨ ᠬᠡᠯᠡᠯᠴᠡᠬᠦ ᠦᠭᠡᠢ᠃

ᠸᠢᠺᠢ ᠤᠬᠠᠭᠠᠨ ᠳᠠᠬᠢ ᠣᠯᠠᠨ ᠨᠡᠶᠢᠲᠡ ᠶᠢᠨ ᠣᠷᠣᠯᠴᠠᠭ᠎ᠠ ᠲᠠᠢ ᠬᠣᠯᠪᠣᠭ᠎ᠠ ᠲᠠᠢ[ᠺᠣᠳ᠋ ᠢᠶᠠᠷ ᠵᠠᠰᠠᠬᠣ]

ᠸᠢᠺᠢ ᠤᠬᠠᠭᠠᠨ ᠤᠨ ᠠᠯᠢᠪᠠ ᠥᠭᠦᠯᠡᠯ ᠦᠨ ᠠᠭᠤᠯᠭ᠎ᠠ ᠶᠢᠨ ᠲᠠᠯᠠᠷᠠᠬᠢ ᠰᠠᠨᠠᠯ ᠪᠣᠳᠣᠯ ᠤᠨ ᠵᠥᠷᠢᠭᠦᠦ ᠶᠢ ᠰᠢᠢᠳᠪᠦᠷᠢᠯᠡᠬᠦ ᠳᠦ ᠪᠡᠨ ᠵᠥᠪᠬᠡᠨ ᠬᠡᠯᠡᠯᠴᠡᠭᠦᠯᠭᠡ ᠶᠢ ᠠᠰᠢᠭᠯᠠᠨ᠎ᠠ᠃ ᠰᠠᠨᠠᠯ ᠬᠤᠷᠢᠶᠠᠯᠲᠠ ᠪᠠᠷ ᠠᠯᠢᠪᠠ ᠠᠰᠠᠭᠤᠳᠠᠯ ᠢ ᠰᠢᠢᠳᠪᠦᠷᠢᠯᠡᠬᠦ ᠦᠭᠡᠢ᠃

ᠸᠢᠺᠢ ᠤᠬᠠᠭᠠᠨ ᠤᠨ ᠥᠭᠦᠯᠡᠯ ᠦᠳ ᠨᠢ ᠳᠣᠣᠷᠠᠬᠢ ᠵᠦᠢᠯᠡᠰ ᠢ ᠠᠭᠤᠯᠬᠤ ᠦᠭᠡᠢ[ᠺᠣᠳ᠋ ᠢᠶᠠᠷ ᠵᠠᠰᠠᠬᠣ]

 1. ᠹᠣᠷᠣᠮ. ᠸᠢᠺᠢ ᠤᠬᠠᠭᠠᠨ ᠤᠨ ᠬᠡᠯᠡᠯᠴᠡᠭᠦᠯᠭᠡ ᠬᠠᠭᠤᠳᠠᠰᠤ ᠨᠢ ᠹᠣᠷᠣᠮ ᠪᠢᠰᠢ᠃ ᠤᠭ ᠬᠠᠭᠤᠳᠠᠰᠤᠨ ᠳᠤ ᠵᠥᠪᠬᠡᠨ ᠲᠤᠬᠠᠢ ᠶᠢᠨ ᠥᠭᠦᠯᠡᠯ ᠦᠨ ᠠᠭᠤᠯᠭ᠎ᠠ ᠶᠢ ᠶᠠᠭᠠᠬᠢᠵᠤ ᠰᠠᠶᠢᠵᠢᠷᠭᠠᠭᠤᠯᠬᠤ ᠲᠠᠯ᠎ᠠ ᠪᠠᠷ ᠰᠠᠨᠠᠯ ᠢᠶᠠᠨ ᠰᠣᠯᠢᠯᠴᠠᠨ᠎ᠠ᠃ ᠵᠢᠱᠢᠶᠡᠯᠡᠪᠡᠯ᠂ ᠨᠢᠨᠲ᠋ᠧᠨᠳᠣ ᠥᠭᠦᠯᠡᠯ ᠦᠨ ᠬᠡᠯᠡᠯᠴᠡᠭᠦᠯᠭᠡ ᠬᠠᠭᠤᠳᠠᠰᠤ ᠳᠤ᠂ ᠲᠠ ᠵᠥᠪᠬᠡᠨ ᠪᠤᠰᠤᠳ ᠬᠦᠮᠦᠰ ᠶᠠᠮᠠᠷ ᠮᠡᠳᠡᠭᠡᠯᠡᠯ ᠢ ᠳᠤᠲᠠᠭᠤ ᠣᠷᠣᠭᠤᠯᠤᠭᠰᠠᠨ᠂ ᠡᠰᠡᠪᠡᠯ ᠱᠠᠭᠠᠷᠳᠠᠯᠭ᠎ᠠ ᠦᠭᠡᠢ ᠮᠡᠳᠡᠭᠡᠯᠡᠯ ᠢᠯᠡᠭᠦᠦ ᠣᠷᠣᠭᠤᠯᠤᠭᠰᠠᠨ ᠲᠠᠯ᠎ᠠ ᠪᠠᠷ ᠰᠠᠨᠠᠯ ᠢᠶᠠᠨ ᠪᠢᠴᠢᠨ᠎ᠡ᠃ ᠬᠠᠷᠢᠨ ᠨᠢᠨᠲ᠋ᠧᠨᠳᠣ ᠨᠢ ᠶᠠᠭᠠᠬᠢᠭᠠᠳ ᠪᠤᠰᠤᠳ ᠲᠤ ᠢᠵᠢᠯ ᠲᠥᠰᠲᠡᠢ ᠲᠣᠭᠯᠠᠭᠠᠮ ᠤᠳ ᠠᠴᠠ ᠢᠯᠡᠭᠦᠦ ᠪᠣᠯᠬᠤ ᠲᠠᠯ᠎ᠠ ᠪᠠᠷ ᠪᠢᠴᠢᠵᠦ ᠪᠣᠯᠬᠤ ᠦᠭᠡᠢ᠃
 2. ᠬᠡᠯᠡᠨ ᠦ ᠲᠣᠯᠢ ᠪᠢᠴᠢᠭ ᠦᠨ ᠲᠣᠳᠣᠷᠬᠠᠶᠢᠯᠠᠯᠲᠠ. ᠲᠤᠬᠠᠢ ᠶᠢᠨ ᠦᠭᠡ ᠶᠢᠨ ᠤᠳᠬ᠎ᠠ ᠶᠢ ᠬᠡᠯᠡᠨ ᠦ ᠲᠠᠶᠢᠯᠪᠤᠷᠢ ᠲᠣᠯᠢ ᠪᠠᠶᠢᠳᠠᠯ ᠢᠶᠠᠷ ᠲᠠᠶᠢᠯᠪᠤᠷᠢᠯᠠᠬᠤ ᠦᠭᠡᠢ᠃ ᠬᠠᠷᠢᠨ ᠥᠭᠦᠯᠡᠯ ᠦᠨ ᠡᠬᠢᠨ ᠳᠦ ᠲᠤᠬᠠᠢ ᠶᠢᠨ ᠥᠭᠦᠯᠡᠯ ᠶᠠᠮᠠᠷ ᠰᠡᠳᠦᠪ ᠲᠡᠢ ᠪᠣᠯᠬᠤ ᠶᠢ ᠲᠠᠶᠢᠯᠪᠤᠷᠢᠯᠠᠬᠤ ᠬᠡᠷᠡᠭᠲᠡᠢ᠃ ᠲᠠ ᠬᠡᠯᠡᠨ ᠦ ᠲᠣᠯᠢ ᠲᠠᠢ ᠠᠵᠢᠯᠯᠠᠬᠤ ᠬᠦᠰᠡᠯ ᠲᠡᠢ ᠪᠣᠯ ᠸᠢᠺᠢᠲ᠋ᠣᠯᠢ ᠳᠤ ᠵᠣᠴᠢᠯᠠᠨ᠎ᠠ ᠤᠤ᠃
 3. ᠬᠡᠷᠡᠭᠯᠡᠭᠡᠨ ᠦ ᠵᠢᠭᠠᠪᠤᠷᠢᠴᠢᠯᠠᠬᠤ᠎ᠠ. ᠠᠯᠢᠪᠠ ᠦᠭᠡ ᠶᠢᠨ ᠬᠡᠷᠡᠭᠯᠡᠭᠡ ᠶᠢ ᠣᠷᠣᠭᠤᠯᠬᠤ ᠦᠭᠡᠢ᠃ ᠵᠠᠷᠢᠮ ᠣᠨᠴᠠᠭᠠᠢ ᠲᠣᠬᠢᠶᠠᠯᠳᠤᠯ ᠳᠤ (ᠲᠤᠬᠠᠢ ᠶᠢᠨ ᠦᠭᠡ ᠶᠢᠨ ᠬᠡᠷᠡᠭᠯᠡᠭᠡ ᠶᠢ ᠶᠡᠬᠡᠩᠬᠢ ᠬᠦᠮᠦᠰ ᠮᠡᠳᠡᠬᠦ ᠦᠭᠡᠢ ᠭᠡᠵᠦ ᠦᠵᠡᠬᠦ ᠲᠣᠬᠢᠶᠠᠯᠳᠤᠯ ᠳᠤ) ᠲᠠᠶᠢᠯᠪᠤᠷᠢ ᠪᠠᠶᠢᠵᠤ ᠪᠣᠯᠬᠤ ᠶᠢ ᠦᠭᠡᠶᠢᠰᠬᠡᠬᠦ ᠦᠭᠡᠢ᠃ ᠭᠡᠬᠦ ᠳᠦ ᠪᠡᠨ ᠸᠢᠺᠢ ᠤᠬᠠᠭᠠᠨ ᠳᠦ ᠲᠤᠬᠠᠢ ᠶᠢᠨ ᠦᠭᠡ ᠶᠢ ᠶᠠᠭᠠᠬᠢᠭᠠᠳ ᠬᠡᠷᠡᠭᠯᠡᠳᠡᠭ᠂ ᠶᠠᠭᠠᠬᠢᠭᠠᠳ ᠡᠶᠢᠮᠦ ᠤᠳᠬ᠎ᠠ ᠢᠯᠡᠷᠬᠡᠶᠢᠯᠡᠳᠡᠭ ᠭᠡᠳᠡᠭ ᠢ ᠯᠠ ᠣᠨᠴᠠᠭᠠᠶᠢᠯᠠᠨ ᠲᠠᠶᠢᠯᠪᠤᠷᠢᠯᠠᠬᠤ ᠬᠡᠷᠡᠭ ᠲᠡᠢ ᠶᠠᠭᠤᠮ᠎ᠠ᠃
 4. ᠡᠲᠡᠭᠡᠳ ᠬᠡᠯᠡᠯᠭᠡ᠂ ᠬᠡᠯᠡᠴᠡ ᠦᠭᠡ ᠶᠢᠨ ᠬᠡᠷᠡᠭᠯᠡᠭᠡᠨ ᠦ ᠵᠢᠭᠠᠪᠤᠷᠢᠴᠢᠯᠠᠬᠤ᠎ᠠ. ᠸᠢᠺᠢ ᠤᠬᠠᠭᠠᠨ ᠨᠢ ᠬᠦᠮᠦᠰ ᠲᠦ ᠶᠠᠭᠠᠬᠢᠵᠤ ᠶᠠᠷᠢᠬᠤ᠂ ᠶᠠᠮᠠᠷ ᠡᠲᠡᠭᠡᠳ ᠪᠣᠯᠤᠨ ᠬᠡᠯᠡᠴᠡ ᠦᠭᠡ ᠶᠢ ᠶᠠᠭᠠᠬᠢᠵᠤ ᠬᠡᠷᠡᠭᠯᠡᠬᠦ ᠲᠠᠯ᠎ᠠ ᠪᠠᠷ ᠲᠠᠶᠢᠯᠪᠤᠷᠢᠯᠠᠬᠤ ᠦᠭᠡᠢ᠃ ᠥᠭᠦᠯᠡᠯ ᠳᠦ ᠲᠠ ᠲᠤᠬᠠᠢ ᠶᠢᠨ ᠬᠡᠯᠡᠯᠭᠡ ᠬᠡᠳᠦᠶᠢᠨ ᠡᠴᠡ᠂ ᠬᠠᠮᠢᠭ᠎ᠠ ᠠᠴᠠ ᠡᠭᠦᠰᠦᠯ ᠲᠡᠢ ᠶᠢ ᠯᠠ ᠲᠠᠶᠢᠯᠪᠤᠷᠢᠯᠠᠬᠤ ᠨᠢ ᠵᠦᠢᠲᠡᠢ᠃
 5. ᠰᠤᠷᠲᠠᠯ ᠨᠡᠪᠲᠡᠷᠡᠭᠦᠯᠭᠡ᠂ ᠰᠤᠷᠲᠠᠯᠴᠢᠯᠠᠭ᠎ᠠ. ᠲᠠ ᠵᠠᠷᠢᠮ ᠦᠵᠡᠯ ᠪᠣᠳᠣᠯ᠂ ᠺᠣᠨᠼᠧᠫᠼᠢ ᠳᠤ ᠢᠲᠡᠭᠡᠳᠡᠭ ᠪᠠᠶᠢᠵᠤ ᠪᠣᠯᠤᠨ᠎ᠠ᠃ ᠭᠡᠬᠦ ᠳᠦ ᠪᠡᠨ ᠲᠠ ᠡᠭᠦᠨ ᠦ ᠪᠡᠨ ᠥᠭᠦᠯᠡᠯ ᠳᠦ ᠲᠤᠰᠬᠠᠬᠤ ᠬᠡᠷᠡᠭ ᠦᠭᠡᠢ᠃ ᠲᠠ ᠲᠤᠬᠠᠢ ᠶᠢᠨ ᠵᠦᠢᠯ ᠢ ᠠᠯᠢ ᠪᠣᠯᠬᠤ ᠣᠯᠠᠨ ᠲᠠᠯ᠎ᠠ ᠠᠴᠠ ᠨᠢ ᠪᠢᠴᠢᠬᠦ ᠬᠡᠷᠡᠭᠲᠡᠢ᠃
 6. ᠠᠨᠠᠷᠬᠢᠽᠮ. ᠠᠨᠠᠷᠬᠢᠰᠮ ᠨᠢ ᠠᠯᠢᠪᠠ ᠬᠢᠨᠠᠯᠲᠠ᠂ ᠵᠠᠰᠠᠭ ᠵᠠᠬᠢᠷᠭᠠᠭ᠎ᠠ ᠦᠭᠡᠢ᠂ ᠳᠤᠷ᠎ᠠ ᠵᠣᠷᠭ᠎ᠠ ᠪᠠᠷ ᠢᠶᠠᠨ ᠪᠠᠶᠢᠳᠠᠯ ᠢ ᠢᠯᠡᠷᠬᠡᠶᠢᠯᠡᠬᠦ ᠪᠠ ᠲᠠ ᠠᠯᠢᠪᠠ ᠥᠭᠦᠯᠡᠯ ᠳᠦ ᠶᠠᠮᠠᠷ ᠨᠢᠭᠡᠨ 《ᠲᠡᠨᠡᠭᠯᠡᠯ ᠢ》 ᠰᠠᠨᠠᠭ᠎ᠠ ᠲᠠᠢ ᠪᠠᠷ ᠣᠷᠣᠭᠤᠯᠤᠭᠠᠳ ᠪᠤᠰᠤᠳ ᠬᠦᠮᠦᠰ ᠶᠠᠭᠠᠬᠢᠵᠤ ᠬᠠᠷᠢᠭᠤ ᠦᠢᠯᠡᠳᠦᠯ ᠦᠵᠡᠭᠦᠯᠬᠦ ᠶᠢ ᠲᠤᠷᠰᠢᠬᠤ ᠶᠢ ᠬᠣᠷᠢᠭᠯᠠᠨ᠎ᠠ᠃
 7. ᠹᠡᠨ ᠡᠰᠡᠪᠡᠯ ᠰᠢᠭᠦᠮᠵᠢᠯᠡᠯ ᠦᠨ ᠰᠠᠶᠢᠲᠤ. ᠬᠦᠮᠦᠰ ᠦᠨ ᠠᠮᠢᠳᠤᠷᠠᠯ᠂ ᠨᠠᠮᠲᠠᠷ᠂ ᠤᠷᠠᠯᠢᠭ ᠤᠨ ᠠᠯᠢᠪᠠ ᠪᠦᠲᠦᠭᠡᠯ ᠦᠨ ᠲᠠᠯ᠎ᠠ ᠪᠠᠷ ᠪᠢᠴᠢᠬᠦ ᠳᠦ ᠪᠡᠨ᠂ ᠲᠠ ᠵᠥᠪᠬᠡᠨ ᠨᠡᠶᠢᠲᠡ ᠪᠡᠷ ᠬᠦᠯᠢᠶᠡᠨ ᠵᠥᠪᠰᠢᠶᠡᠷᠡᠭᠳᠡᠭᠰᠡᠨ ᠵᠦᠢᠯᠡᠰ ᠢ ᠤᠷᠤᠭᠤᠯᠬᠤ ᠬᠡᠷᠡᠭᠲᠡᠢ᠃ ᠲᠠ ᠥᠪᠡᠷ ᠦᠨ ᠦᠵᠡᠯ ᠪᠣᠳᠣᠯ ᠢ᠂ ᠥᠭᠡᠷ᠎ᠡ ᠪᠡᠷ ᠬᠡᠯᠡᠪᠡᠯ ᠶᠠᠭᠠᠬᠢᠭᠠᠳ ᠰᠠᠶᠢᠨ᠂ ᠶᠠᠭᠠᠬᠢᠭᠠᠳ ᠮᠠᠭᠤ ᠭᠡᠰᠡᠨ ᠥᠪᠡᠷ ᠦᠨ ᠦᠵᠡᠯ ᠪᠣᠳᠣᠯ ᠢᠶᠠᠨ ᠪᠢᠴᠢᠵᠦ ᠪᠣᠯᠬᠤ ᠦᠭᠡᠢ᠃
 8. ᠬᠤᠪᠢ ᠤᠨ ᠡᠰᠡ. ᠶᠠᠮᠠᠷ ᠨᠢᠭᠡᠨ ᠵᠦᠢᠯ ᠦᠨ ᠲᠠᠯᠠᠷᠠᠬᠢ ᠬᠤᠪᠢ ᠤᠨ ᠦᠵᠡᠯ ᠪᠣᠳᠣᠯ ᠢᠶᠠᠨ ᠪᠢᠴᠢᠵᠦ ᠪᠣᠯᠬᠤ ᠦᠭᠡᠢ᠃ ᠸᠢᠺᠢ ᠤᠬᠠᠭᠠᠨ ᠨᠢ ᠵᠥᠪᠬᠡᠨ ᠨᠡᠶᠢᠲᠡ ᠪᠡᠷ 《ᠦᠨᠡᠨ》 ᠭᠡᠵᠦ ᠬᠦᠯᠢᠶᠡᠨ ᠵᠥᠪᠰᠢᠶᠡᠷᠡᠭᠳᠡᠭᠰᠡᠨ ᠵᠦᠢᠯᠡᠰ ᠢ ᠯᠠ ᠠᠭᠤᠯᠠᠨ᠎ᠠ᠃ ᠲᠠᠨ ᠤ ᠰᠠᠨᠠᠯ ᠦᠷᠭᠦᠯᠵᠢ ᠵᠥᠪ ᠪᠠᠶᠢᠬᠤ ᠠᠯᠪᠠ ᠦᠭᠡᠢ ᠶᠢ ᠰᠠᠨᠠᠭᠠᠷᠠᠢ (ᠲᠠ ᠥᠪᠡᠷ ᠦᠨ ᠡᠰᠡᠰᠡᠭ meta-Wikipedia ᠍ ᠳᠦ ᠪᠢᠴᠢᠵᠦ ᠪᠣᠯᠤᠨ᠎ᠠ).
 9. ᠨᠡᠭᠡᠭᠡᠯᠲᠡ. ᠬᠡᠷᠪᠡ ᠲᠠ ᠶᠠᠮᠠᠷ ᠨᠢᠭᠡᠨ ᠵᠦᠢᠯ ᠢ ᠰᠢᠨ᠎ᠡ ᠪᠡᠷ ᠨᠡᠭᠡᠭᠡᠭᠰᠡᠨ᠂ ᠲᠠᠨ ᠤ ᠨᠡᠭᠡᠭᠡᠯᠲᠡ ᠨᠡᠶᠢᠲᠡ ᠪᠡᠷ ᠬᠦᠯᠢᠶᠡᠨ ᠵᠥᠪᠰᠢᠶᠡᠷᠡᠭᠳᠡᠭᠡ ᠦᠭᠡᠢ ᠪᠠᠶᠢᠭ᠎ᠠ ᠲᠣᠬᠢᠶᠠᠯᠳᠤᠯ ᠳᠤ᠂ ᠲᠡᠭᠦᠨ ᠢ ᠪᠡᠨ ᠸᠢᠺᠢ ᠤᠬᠠᠭᠠᠨ ᠳᠦ ᠪᠢᠴᠢᠵᠦ ᠪᠣᠯᠬᠤ ᠦᠭᠡᠢ᠃ ᠤᠴᠢᠷ ᠨᠢ ᠸᠢᠺᠢ ᠤᠬᠠᠭᠠᠨ ᠳᠦ ᠵᠥᠪᠬᠡᠨ ᠣᠯᠠᠨ ᠨᠡᠶᠢᠲᠡ ᠬᠦᠯᠢᠶᠡᠨ ᠵᠥᠪᠰᠢᠶᠡᠷᠡᠭᠰᠡᠨ ᠵᠦᠢᠯᠡᠰ ᠢ ᠯᠠ ᠪᠢᠴᠢᠨ᠎ᠡ᠃
 10. ᠬᠦᠮᠦᠰ ᠦᠨ ᠬᠡᠯᠡᠭᠰᠡᠨ ᠦᠭᠡ ᠶᠢᠨ ᠵᠢᠭ᠌ᠰᠠᠭᠠᠯᠳᠠ ᠍ ᠢ ᠣᠷᠣᠭᠤᠯᠵᠤ ᠪᠣᠯᠬᠤ ᠦᠭᠡᠢ᠃ ᠬᠡᠷᠪᠡ ᠣᠷᠣᠭᠤᠯᠤᠮᠠᠷ ᠪᠣᠯ ᠸᠢᠭᠢᠰᠢᠯᠡᠯ ᠳᠦ ᠪᠠᠶᠢᠷᠢᠯᠠᠭᠤᠯᠤᠨ᠎ᠠ ᠤᠤ᠃
 11. ᠭᠠᠳᠠᠭᠠᠳᠤ ᠬᠣᠯᠪᠣᠭᠠᠰᠤ ᠨᠤᠭᠤᠳ ᠤᠨ ᠴᠤᠭᠯᠠᠭᠤᠯᠭ᠎ᠠ. ᠲᠠ ᠥᠭᠦᠯᠡᠯ ᠦᠨ ᠲᠡᠭᠦᠰᠬᠡᠯ ᠳᠦ ᠭᠠᠳᠠᠭᠠᠳᠤ ᠬᠣᠯᠪᠣᠭᠠᠰᠤ ᠨᠤᠭᠤᠳ ᠤᠨ ᠵᠢᠭ᠌ᠰᠠᠭᠠᠯᠳᠠ ᠶᠢ ᠪᠠᠶᠢᠷᠢᠯᠠᠭᠤᠯᠬᠤ ᠨᠢ ᠮᠡᠳᠡᠭᠡᠵᠢ ᠪᠣᠯᠪᠠᠴᠤ᠂ ᠲᠤᠬᠠᠢ ᠶᠢᠨ ᠬᠠᠭᠤᠳᠠᠰᠤ ᠵᠥᠪᠬᠡᠨ ᠭᠠᠳᠠᠭᠠᠳᠤ ᠬᠣᠯᠪᠣᠭᠠᠰᠤ ᠨᠤᠭᠤᠳ ᠤᠨ ᠵᠢᠭ᠌ᠰᠠᠭᠠᠯᠳᠠ  ᠨᠤᠭᠤᠳ ᠡᠴᠡ ᠪᠦᠲᠦᠵᠦ ᠪᠣᠯᠬᠤ ᠦᠭᠡᠢ᠃
 12. ᠳᠣᠲᠣᠭᠠᠳᠤ ᠬᠣᠯᠪᠣᠭᠠᠰᠤ ᠨᠤᠭᠤᠳ ᠤᠨ ᠴᠤᠭᠯᠠᠭᠤᠯᠭ᠎ᠠ. ᠬᠡᠷᠪᠡ ᠲᠤᠬᠠᠢ ᠶᠢᠨ ᠦᠭᠡ ᠨᠢ ᠬᠡᠳᠦ ᠬᠡᠳᠦᠨ ᠰᠠᠯᠠᠭ᠎ᠠ ᠤᠳᠬ᠎ᠠ ᠲᠠᠢ ᠪᠣᠯ ᠲᠠ ᠡᠳᠡᠭᠡᠷ ᠰᠠᠯᠠᠭ᠎ᠠ ᠤᠳᠬ᠎ᠠ ᠨᠤᠭᠤᠳ ᠢ ᠲᠠᠶᠢᠯᠪᠤᠷᠢᠯᠠᠭᠰᠠᠨ ᠬᠣᠯᠪᠣᠭᠠᠰᠤ ᠪᠦᠬᠦᠢ ᠬᠠᠭᠤᠳᠠᠰᠤ ᠨᠡᠭᠡᠭᠡᠵᠦ ᠪᠣᠯᠤᠨ᠎ᠠ᠃ ᠪᠤᠰᠤᠳ ᠲᠣᠬᠢᠶᠠᠯᠳᠤᠯ ᠳᠤ ᠵᠥᠪᠬᠡᠨ ᠯᠢᠩᠬᠢ ᠨᠦᠭᠦᠳ ᠡᠴᠡ (ᠪᠤᠰᠤᠳ ᠥᠭᠦᠯᠡᠯ ᠦᠳ ᠲᠡᠢ ᠬᠣᠯᠪᠣᠭᠳᠠᠭᠰᠠᠨ ᠬᠣᠯᠪᠣᠭᠠᠰᠤ ᠨᠤᠭᠤᠳ ᠠᠴᠠ) ᠪᠦᠷᠢᠳᠦᠭᠰᠡᠨ ᠬᠠᠭᠤᠳᠠᠰᠤ ᠨᠡᠭᠡᠭᠡᠵᠦ ᠪᠣᠯᠬᠤ ᠦᠭᠡᠢ᠃
 13. ᠡᠬᠡ ᠰᠤᠷᠪᠤᠯᠵᠢ ᠶᠢᠨ ᠴᠤᠭᠯᠠᠭᠤᠯᠭ᠎ᠠ. ᠠᠯᠢᠪᠠ ᠨᠣᠮ᠂ ᠪᠢᠴᠢᠯᠭᠡ᠂ ᠵᠠᠬᠢᠳᠠᠯ᠂ ᠳᠦᠷᠢᠮ ᠵᠡᠷᠭᠡ ᠶᠢ ᠪᠦᠲᠦᠨ ᠢᠶᠡᠷ ᠨᠢ ᠸᠢᠺᠢ ᠤᠬᠠᠭᠠᠨ ᠳᠦ ᠣᠷᠣᠭᠤᠯᠵᠤ ᠪᠣᠯᠬᠤ ᠦᠭᠡᠢ᠃ ᠱᠠᠭᠠᠷᠳᠠᠯᠭ᠎ᠠ ᠲᠠᠢ ᠲᠣᠬᠢᠶᠠᠯᠳᠤᠯ ᠳᠤ ᠡᠬᠢ ᠰᠤᠷᠪᠤᠯᠵᠢ ᠶᠢ ᠪᠦᠷᠢᠨ ᠡᠬᠡ ᠪᠡᠷ ᠨᠢ ᠸᠢᠭᠤᠭᠰᠠᠨ ᠳᠤ ᠣᠷᠣᠭᠤᠯᠵᠤ ᠪᠣᠯᠤᠨ᠎ᠠ᠃
 14. ᠬᠤᠪᠢ ᠶᠢᠨ ᠸᠪ ᠬᠠᠭᠤᠳᠠᠰᠤ᠂ ᠹᠠᠢᠢᠯ ᠬᠠᠳᠠᠭᠠᠯᠠᠬᠤ ᠲᠠᠯᠠᠪᠤᠷ. ᠲᠠ ᠥᠪᠡᠷ ᠦᠨ ᠬᠡᠷᠡᠭᠯᠡᠭᠴᠢ ᠶᠢᠨ ᠬᠠᠭᠤᠳᠠᠰᠤ ᠪᠠᠨ ᠥᠪᠡᠷ ᠦᠨ ᠬᠤᠪᠢ ᠤᠨ ᠸᠪ ᠬᠠᠭᠤᠳᠠᠰᠤ ᠪᠠᠶᠢᠳᠠᠯ ᠢᠶᠠᠷ ᠠᠰᠢᠭᠯᠠᠵᠤ ᠪᠣᠯᠬᠤ ᠦᠭᠡᠢ᠃ ᠲᠠ ᠠᠯᠢᠪᠠ ᠹᠠᠢᠢᠯ ᠠᠫᠯᠣ ᠤᠳ ᠬᠢᠭᠰᠡᠨ ᠪᠣᠯ ᠲᠤᠬᠠᠢ ᠶᠢᠨ ᠹᠠᠢᠢᠯ ᠢ ᠵᠥᠪᠬᠡᠨ ᠸᠢᠺᠢ ᠤᠬᠠᠭᠠᠨ ᠤᠨ ᠥᠭᠦᠯᠡᠯ ᠳᠦ ᠠᠰᠢᠭᠯᠠᠬᠤ ᠬᠡᠷᠡᠭᠲᠡᠢ᠃
 15. ᠮᠡᠳᠡᠭᠡ. ᠸᠢᠺᠢ ᠤᠬᠠᠭᠠᠨ ᠨᠢ ᠰᠢᠨ᠎ᠡ ᠮᠡᠳᠡᠭᠡᠨ ᠦ ᠰᠠᠶᠢᠲᠤ ᠪᠢᠰᠢ᠃ ᠭᠡᠬᠦ ᠳᠦ ᠪᠡᠨ ᠲᠤᠬᠠᠢ ᠶᠢᠨ ᠵᠢᠯ ᠳᠤ ᠪᠣᠯᠤᠭᠰᠠᠨ ᠣᠨᠴᠠᠯᠢᠭ ᠦᠢᠯᠡ ᠶᠠᠪᠤᠳᠠᠯ ᠤᠳ ᠢ ᠠᠭᠤᠯᠠᠭᠰᠠᠨ ᠬᠠᠭᠤᠳᠠᠰᠤ ᠨᠤᠭᠤᠳ ᠪᠠᠶᠢᠵᠤ ᠪᠣᠯᠬᠤ ᠶᠢ ᠦᠭᠡᠶᠢᠰᠬᠡᠬᠦ ᠦᠭᠡᠢ᠃ ᠲᠤᠬᠠᠢ ᠶᠢᠨ ᠣᠨᠴᠠᠯᠢᠭ ᠦᠢᠯᠡ ᠶᠠᠪᠤᠳᠠᠯ ᠤᠳ ᠢ ᠦᠷᠭᠦᠯᠵᠢ ᠥᠩᠭᠡᠷᠡᠭᠰᠡᠨ ᠴᠠᠭ ᠳᠡᠭᠡᠷ᠎ᠡ ᠪᠢᠴᠢᠬᠦ ᠶᠣᠰᠣᠲᠠᠢ ᠶᠢ ᠰᠠᠨᠠᠭᠠᠷᠠᠢ᠃ ᠰᠢᠨ᠎ᠡ ᠮᠡᠳᠡᠭᠡ ᠶᠢ ᠸᠢᠭᠡᠮᠢᠳᠡᠭᠡᠳ ᠪᠢᠴᠢᠵᠦ ᠪᠣᠯᠤᠨ᠎ᠠ᠃
 16. ᠤᠷᠤᠭ ᠤᠨ ᠪᠢᠴᠢᠭ. ᠸᠢᠺᠢ ᠤᠬᠠᠭᠠᠨ ᠳᠦ ᠵᠥᠪᠬᠡᠨ ᠣᠨᠴᠠᠭᠠᠢ ᠠᠮᠵᠢᠯᠲᠠ ᠭᠠᠷᠭᠠᠭᠰᠠᠨ᠂ ᠠᠯᠳᠠᠷᠲᠠᠢ ᠬᠦᠮᠦᠰ ᠦᠨ ᠲᠠᠯᠠᠷᠠᠬᠢ ᠥᠭᠦᠯᠡᠯ ᠢ ᠣᠷᠣᠭᠤᠯᠤᠨ᠎ᠠ᠃ ᠪᠤᠰᠤᠳ ᠲᠣᠬᠢᠶᠠᠯᠳᠤᠯ ᠳᠤ ᠬᠦᠮᠦᠰ᠂ ᠣᠪᠤᠭ ᠲᠠᠢ ᠬᠣᠯᠪᠣᠭᠠᠲᠠᠢ ᠠᠯᠢᠪᠠ ᠬᠤᠪᠢ ᠤᠨ ᠮᠡᠳᠡᠭᠡᠯᠡᠯ ᠢ ᠣᠷᠣᠭᠤᠯᠵᠤ ᠪᠣᠯᠬᠤ ᠦᠭᠡᠢ᠃
 17. ᠵᠠᠷ ᠰᠤᠷᠲᠠᠯᠴᠢᠯᠠᠭ᠎ᠠ. ᠶᠠᠮᠠᠷ ᠨᠢᠭᠡᠨ ᠺᠣᠮᠫᠠᠨᠢ᠂ ᠠᠵᠢᠯ ᠬᠡᠷᠡᠭ᠂ ᠪᠠᠷᠠᠭ᠎ᠠ ᠪᠦᠲᠦᠭᠡᠭᠳᠡᠬᠦᠨ᠂ ᠦᠢᠯᠡᠴᠢᠯᠡᠭᠡ ᠶᠢ ᠰᠤᠷᠲᠠᠯᠴᠢᠯᠠᠭᠰᠠᠨ ᠬᠠᠭᠤᠳᠠᠰᠤ ᠨᠡᠭᠡᠭᠡᠵᠦ ᠪᠣᠯᠬᠤ ᠦᠭᠡᠢ᠃
 18. ᠵᠢᠷᠤᠭ ᠤᠨ ᠴᠣᠮᠣᠭ. ᠶᠠᠮᠠᠷ ᠨᠢᠭᠡᠨ ᠲᠧᠺᠰᠲᠡ ᠦᠭᠡᠢ ᠪᠡᠷ ᠲᠥᠷᠥᠯ ᠪᠦᠷᠢ ᠶᠢᠨ ᠵᠢᠷᠤᠭ᠂ ᠳᠦᠷᠰᠦ ᠡᠴᠡ ᠪᠦᠷᠢᠳᠦᠭᠰᠡᠨ ᠬᠠᠭᠤᠳᠠᠰᠤ ᠡᠭᠦᠰᠬᠡᠵᠦ ᠪᠣᠯᠬᠤ ᠦᠭᠡᠢ᠃

ᠪᠢᠴᠢᠭᠡᠰᠦ