ᠸᠢᠺᠢ ᠤᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «Uhaan:ᠲᠤᠬᠠᠢ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

ᠸᠢᠺᠢ ᠤᠬᠠᠭᠠᠨ ᠨᠡᠪᠲᠡᠷᠬᠡᠢ ᠲᠤᠯᠢ ᠶᠢᠨ ᠲᠤᠬᠠᠢ (www.uhaan.com)[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠲ᠋ᠸᠷᠨ᠋ᠸᠲ ᠶᠢᠨ ᠴᠠᠭ ᠡᠷᠡᠨ ᠬᠦᠷᠴᠦ ᠢᠷᠡᠭᠰᠡᠨ ᠡᠴᠡ ᠢᠨᠠᠭᠰᠢ ᠣᠯᠠᠨ ᠬᠡᠷᠡᠭ ᠪᠤᠳᠠᠰ ᠰᠢᠨ᠎ᠡ ᠭᠡᠯᠪᠡᠷᠢ ᠪᠡᠷ ᠪᠡᠶᠡᠯᠡᠯ ᠢᠶᠠᠨ ᠣᠯᠬᠤ ᠪᠤᠯᠵᠠᠢ ᠃ ᠲᠡᠬᠦᠨ ᠦ ᠳᠣᠲᠣᠷᠠᠬᠢ ᠨᠢᠭᠡ ᠨᠢ ᠶᠠᠭᠠᠬᠢᠬᠤ ᠶᠢᠨ ᠠᠷᠭ᠎ᠠ ᠦᠭᠡᠢ ᠮᠡᠳᠡᠯᠭᠡ ᠰᠤᠷᠤᠯᠴᠠᠯᠭ᠎ᠠ ᠶᠤᠮ ᠃ ᠮᠡᠳᠡᠭᠡᠵᠢ ᠬᠦᠮᠦᠰ ᠣᠳᠤ ᠶᠠᠮᠠᠷ ᠨᠢᠭᠡᠨ ᠵᠦᠢᠯ ᠢ ᠣᠶᠢᠯᠠᠭᠠᠵᠤ ᠮᠡᠳᠡᠬᠦ ᠳᠦ ᠡᠩ ᠲᠡᠷᠢᠬᠦᠨ ᠳᠦ ᠰᠦᠯᠵᠢᠶᠡᠨ ᠡᠴᠡ ᠬᠠᠶᠢᠬᠤ ᠪᠤᠯᠵᠠᠢ ᠃ ᠲᠡᠬᠦᠨ ᠦ ᠲᠣᠮᠳᠠ ᠡᠴᠡ ᠭᠡᠨ ᠴᠦ ᠴᠢᠯᠦᠭᠡᠳᠡᠢ ᠨᠡᠮᠡᠷᠢᠯᠡᠵᠤ ᠨᠦᠬᠦᠪᠦᠷᠢᠯᠡᠵᠤ ᠪᠤᠯᠳᠠᠭ ᠴᠢᠳᠠᠮᠵᠢ ᠪᠠ ᠠᠭᠤᠯᠭ᠎ᠠ ᠶᠢᠨ ᠲᠡᠯᠭᠡᠷ ᠢᠷᠡᠯᠳᠡ ᠂ ᠴᠢᠩᠭ᠎ᠠ ᠬᠢᠨᠠᠨ ᠰᠢᠭᠦᠯᠳᠡ ᠪᠡᠷ ᠣᠨᠴᠠᠯᠠᠭᠰᠠᠨ 《 ᠸᠢᠺᠢ ᠰᠢᠰᠲᠸᠮ 》 ᠤᠳ ᠰᠢᠯᠭᠠᠷᠠᠨ ᠲᠣᠳᠣᠷᠠᠭᠰᠠᠨ ᠶᠣᠮ ᠃ ᠵᠢᠱᠢᠶᠡᠯᠡᠪᠡᠯ ᠂ ᠤᠯᠤᠰ ᠤᠨ ᠭᠠᠳᠠᠭᠠᠳᠤ ᠳᠦ ᠠᠩᠭᠯᠢ ᠪᠠ ᠪᠤᠰᠤᠳ ᠣᠯᠠᠨ ᠭᠡᠯᠡ ᠪᠡᠷ ᠠᠵᠢᠯᠯᠠᠳᠠᠭ ᠸᠢᠺᠢᠫᠢᠳᠢᠶᠠ (Wikipedia ) ᠂ ᠣᠯᠤᠰ ᠤᠨ ᠲᠤᠳᠤᠭᠠᠳᠤ ᠳᠦ ᠬᠢᠳᠠᠳ ᠬᠡᠯᠡᠨ ᠦ ᠪᠠᠶᠢᠳᠦ ᠪᠠᠶᠢᠺᠧ ( 百度百科 ) ᠮᠡᠳᠦ ᠮᠡᠳᠡᠯᠭᠡ ᠰᠤᠷᠤᠯᠴᠠᠯᠭ᠎ᠠ ᠶᠢᠨ ᠰᠢᠰᠲᠸᠮ ᠪᠠᠶᠢᠳᠠᠭ ᠃ ᠨᠢᠭᠡᠨ ᠣᠳᠬ᠎ᠠ ᠪᠡᠷ ᠶᠠᠷᠢᠬᠤ ᠳᠦ ᠦᠪᠡᠷ ᠤᠨ ᠡᠭᠡ ᠭᠡᠯᠡᠨ ᠦ ᠪᠤᠯᠪᠠᠰᠤᠷᠠᠩᠭᠤᠢ ᠸᠢᠺᠢ ᠲᠠᠪᠴᠠᠩ ᠪᠠᠶᠢᠬᠤ ᠡᠰᠡᠬᠦ ᠨᠢ ᠡᠨᠡ ᠦᠨᠳᠦᠰᠦᠳᠡᠨ ᠲᠡᠯᠡᠭᠡᠢ ᠶᠢᠨ ᠪᠤᠯᠪᠠᠰᠤᠨ ᠡᠴᠡ ᠠᠷᠠᠢ ᠲᠡᠩᠳᠡᠬᠦᠣ ᠬᠤᠴᠤᠷᠠᠭ᠎ᠠ ᠦᠭᠡᠢ ᠶᠠᠪᠣᠭ᠎ᠠ ᠶᠢᠨ ᠢᠯᠡᠷᠭᠡᠢ᠋ᠯᠡᠯ ᠭᠡᠬᠦ ᠳᠦ ᠢᠯᠡᠬᠦᠳᠡᠬᠦ ᠦᠭᠡᠢ ᠃ ᠶᠠᠭ ᠡᠢ᠋ᠮᠦᠷᠬᠦᠦ ᠴᠠᠭ ᠡᠷᠡᠨ ᠤ ᠬᠦᠭᠵᠢᠯᠲᠠ ᠱᠠᠭᠠᠷᠳᠠᠯᠭ᠎ᠠ ᠶᠢᠨ ᠳᠠᠭᠠᠤ ᠮᠠᠨ ᠤ 《 ᠤᠬᠠᠭᠠᠨ ᠪᠠᠭ 》 ᠨᠢ 《 ᠸᠢᠺᠢ ᠤᠬᠠᠭᠠᠨ 》 ᠮᠤᠩᠭᠤᠯ ᠰᠦᠯᠵᠢᠶ᠎ᠡ ᠶᠢ ᠡᠭᠦᠰᠬᠡᠨ ᠪᠠᠶᠢᠭᠤᠯᠤᠭᠰᠠᠨ ᠶᠤᠮ ᠃ ᠠᠩᠬᠠᠨ ᠦ ᠬᠡᠪ ᠢ ᠬᠡᠳᠦᠶᠢᠪᠡᠷ 2014 ᠤᠨ ᠦ 3 ᠰᠠᠷ᠎ᠠ ᠳᠤ ᠨᠡᠢ᠋ᠲᠡᠯᠡᠭᠰᠡᠨ ᠪᠤᠯᠪᠠᠴᠤ ᠂ ᠣᠯᠠᠨ ᠲᠠᠯ᠎ᠠ ᠡᠴᠡ ᠰᠢᠯᠲᠠᠭᠠᠯᠠᠨ ᠪᠤᠳᠠᠳᠠᠢ ᠬᠡᠷᠡᠭᠯᠡᠯᠲᠠ ᠳᠤ ᠬᠦᠷᠴᠦ ᠴᠢᠳᠠᠭ᠎ᠠ ᠦᠭᠡᠢ ᠃ ᠬᠡᠪᠡᠴᠦ ᠮᠠᠰᠢ ᠤᠯᠠᠨ ᠬᠦᠮᠦᠰ ᠡᠨᠡ ᠬᠦ ᠰᠦᠯᠵᠢᠶᠡᠨ ᠲᠤ ᠰᠤᠨᠢᠷᠬᠠᠯᠲᠠᠢ ᠪᠠᠶᠢᠭᠰᠠᠨ ᠪᠦᠭᠡᠳ ᠰᠠᠨᠠᠯ ᠵᠦᠪᠯᠡᠯᠭᠡ ᠦᠭᠴᠦ ᠵᠣᠷᠢᠭᠵᠢᠭᠤᠯᠵᠤ ᠪᠠᠶᠢᠭᠰᠠᠨ ᠡᠴᠡ 《ᠣᠬᠠᠭᠠᠨ》 ᠪᠠᠭ ᠤᠨ ᠬᠢᠨ ᠤᠳᠤ ᠬᠤᠶᠠᠷ ᠲᠦᠮᠡ ᠰᠢᠬᠠᠮ ᠦᠬᠦᠯᠡᠯ ᠂ ᠬᠤᠶᠠᠷ ᠲᠦᠮᠡ ᠲᠦᠷᠪᠡᠨ ᠮᠢᠩᠭ᠎ᠠ ᠭᠠᠷᠦᠢ ᠵᠢᠷᠤᠭ ᠢ ᠪᠠᠭᠳᠠᠭᠠᠭᠰᠠᠨ ᠰᠢᠨ᠎ᠡ ᠬᠡᠪ ᠢ ᠬᠡᠷᠡᠭᠯᠡᠭᠴᠢᠳ ᠲᠤ ᠳᠠᠬᠢᠨᠲᠠ ᠲᠤᠯᠢᠯᠠᠭᠤᠯᠬᠤ ᠪᠤᠯᠤᠯ᠎ᠠ ᠃

《 ᠸᠢᠺᠢ ᠤᠬᠠᠭᠠᠨ 》 ᠭᠡᠬᠦ ᠨᠡᠷᠡᠶᠢᠳᠦᠯ ᠤᠨ ᠲᠤᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

《 ᠸᠢᠺᠢ ᠤᠬᠠᠭᠠᠨ》 ᠰᠦᠯᠵᠢᠶ᠎ᠡ ᠪᠤᠯ ᠣᠯᠠᠨ ᠤᠯᠤᠰ ᠤᠨ ᠪᠠᠷᠢᠮᠵᠢᠶ᠎ᠠ ᠺᠣᠳ᠋ (unicode)  ᠲᠦ ᠰᠠᠭᠤᠷᠢᠯᠠᠭᠰᠠᠨ ᠮᠤᠩᠭᠤᠯ ᠪᠢᠴᠢᠭ ᠦᠨ ᠰᠦᠯᠵᠢᠶᠡᠨ ᠨᠡᠪᠲᠡᠷᠬᠡᠢ ᠲᠤᠯᠢ ᠶᠤᠮ᠃ 《 ᠣᠬᠠᠭᠠᠨ 》 ᠭᠡᠳᠡᠭ ᠨᠢ ᠮᠤᠩᠭᠤᠯᠴᠤᠳ ᠤᠨ 《 ᠰᠤᠣ ᠤᠬᠠᠭᠠᠨ》᠂ 《ᠬᠠᠳᠤᠨ ᠣᠬᠠᠭᠠᠨ 》 ᠂ 《ᠰᠢᠨᠵᠢᠯᠡᠬᠦ ᠣᠬᠠᠭᠠᠨ》 ᠭᠡᠬᠦ ᠮᠡᠳᠦ ᠪᠡᠷ ᠣᠢ ᠪᠢᠯᠢᠭ ᠂ ᠣᠣᠷ ᠴᠢᠳᠠᠪᠣᠷᠢ ᠂ ᠣᠶᠢᠯᠠᠭᠠᠨ ᠮᠡᠳᠡᠷᠡᠬᠦᠢ ᠶᠢᠨ ᠪᠡᠯᠭᠡᠳᠡᠯ ᠪᠤᠯᠭᠠᠵᠤ ᠬᠡᠷᠡᠭᠯᠡᠭᠰᠡᠨ ᠬᠦᠨ ᠣᠳᠬ᠎ᠠ ᠲᠠᠢ ᠦᠭᠡ ᠪᠢᠯᠡ ᠃ 《 ᠸᠢᠺᠢ》 ᠭᠡᠳᠡᠭ ᠨᠢ ᠪᠤᠰᠢᠭᠤ ᠂ ᠰᠢᠭᠤᠷᠬᠠᠢ ᠭᠡᠬᠦ ᠦᠨᠳᠦᠰᠦᠨ ᠣᠳᠬ᠎ᠠ ᠪᠦᠬᠦᠢ ᠬᠠᠸᠠᠶ᠌᠌ᠶ ᠭᠠᠷᠤᠯ ᠲᠠᠢ ᠦᠭᠡ ᠪᠠᠶᠢᠭᠰᠠᠨ ᠪᠤᠯ ᠤᠳᠤ ᠬᠦᠮᠦᠨ ᠪᠤᠯᠭᠠᠨ ᠢᠨᠲ᠋ᠸᠷᠨ᠋ᠸᠲ ᠲᠠᠪᠴᠠᠩ ᠶᠢᠡᠷ ᠳᠠᠮᠵᠢᠨ ᠣᠷᠣᠯᠴᠠᠵᠣ ᠪᠤᠯᠳᠠᠭ ᠴᠢᠯᠦᠭᠡᠲᠠᠢ ᠂ ᠨᠡᠭᠡᠭᠡᠯᠲᠡᠳᠡᠢ ᠭᠡᠬᠦ ᠤᠳᠬ᠎ᠠ ᠪᠡᠷ ᠢᠶᠠᠨ ᠣᠨᠴᠠᠯᠠᠭᠳᠠᠨ᠎ᠠ ᠃ 《 ᠸᠢᠺᠢ ᠤᠬᠠᠭᠠᠨ 》 ᠭᠡᠳᠡᠭ ᠨᠡᠷ᠎ᠡ ᠪᠡᠷ ᠦᠷᠭᠡᠨ ᠮᠡᠳᠡᠯᠭᠡ ᠶᠢᠨ ᠬᠡᠪᠴᠢᠶ᠎ᠡ ᠵᠢ ᠬᠠᠮᠤᠷᠠᠭᠰᠠᠨ ᠂ ᠴᠢᠯᠦᠭᠡᠲᠡᠢ ᠂ ᠬᠦᠮᠦᠨ ᠪᠦᠬᠦᠨ ᠣᠷᠤᠯᠴᠠᠵᠤ ᠪᠤᠯᠳᠠᠭ ᠲᠤᠰ ᠲᠠᠪᠴᠠᠩ ᠤᠨ ᠨᠡᠷᠡᠶᠢᠳᠦᠯ ᠪᠤᠯᠭᠠᠭᠰᠠᠨ ᠨᠢ ᠡᠶᠢᠮᠦ ᠣᠴᠢᠷ ᠲᠠᠢ ᠃

ᠸᠢᠺᠢ ᠤᠬᠠᠭᠠᠨ ᠤ ᠤᠨᠴᠠᠯᠢᠭ ᠵᠢᠴᠢ ᠠᠭᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠸᠢᠺᠢ ᠤᠬᠠᠭᠠᠨ》  ᠳᠤ ᠬᠦᠮᠦᠨ ᠪᠤᠯᠭᠠᠨ ᠺᠣᠮᠫᠢᠦᠲ᠋ᠸᠷ ᠪᠤᠶᠤ ᠭᠠᠷ ᠤᠲᠠᠰᠤ ᠪᠡᠷ ᠳᠠᠮᠵᠢᠨ ᠨᠡᠪᠲᠡᠷᠡᠵᠦ ᠂ ᠣᠩᠰᠢᠬᠣ ᠂ ᠬᠠᠶᠢᠬᠤ ᠂ ᠠᠰᠢᠭᠯᠠᠬᠤ ᠂ ᠵᠠᠰᠠᠪᠣᠷᠢᠯᠠᠬᠤ ᠂ ᠨᠦᠬᠦᠪᠦᠷᠢᠯᠡᠨ ᠪᠠᠶᠠᠯᠢᠭᠵᠢᠭᠤᠯᠵᠤ ᠪᠤᠯᠬᠤ ᠴᠢᠳᠠᠮᠵᠢ ᠲᠠᠢ ᠃ ᠸᠢᠺᠢ ᠣᠬᠠᠭᠠᠨ ᠦ ᠦᠬᠦᠯᠡᠯ ᠵᠤᠬᠢᠶᠠᠯ ᠨᠢ ᠣᠯᠠᠨ ᠬᠦᠮᠦᠰ ᠤᠨ ᠬᠠᠮᠳᠤ ᠶᠢᠨ ᠪᠦᠲᠦᠭᠡᠯ ᠪᠦᠭᠡᠳ ᠬᠠᠷᠢᠨ ᠠᠯᠢ ᠨᠢᠭᠡᠨ ᠭᠠᠭᠴᠠ ᠵᠤᠬᠢᠶᠠᠭᠴᠢ ᠳᠦ ᠦᠮᠴᠢᠯᠡᠭᠳᠡᠬᠦ ᠦᠭᠡᠢ ᠶᠤᠮ ᠃ ᠵᠢᠱᠢᠶ᠎ᠡ ᠨᠢ 《ᠰᠢᠯᠢ ᠶᠢᠨ ᠭᠤᠣᠯ 》 ᠭᠡᠳᠡᠭ ᠦᠬᠦᠯᠡᠯ ᠠᠭᠤᠯᠭ᠎ᠠ ᠶᠢᠨ ᠬᠤᠪᠢ ᠳᠦ ᠬᠠᠷᠠᠬᠠᠨ ᠲᠤᠳᠠᠮᠠᠭ ᠂ ᠮᠦᠨ ᠡᠳᠦᠢ ᠲᠡᠳᠦᠢ ᠪᠢᠴᠢᠯᠭᠡ ᠶᠢᠨ ᠠᠯᠳᠠᠭ᠎ᠠ ᠣᠷᠤᠰᠢᠵᠤ ᠪᠤᠢ ᠂ ᠡᠬᠦᠨ ᠳᠦ ᠣᠩᠰᠢᠭᠴᠢ ᠲᠠ ᠭᠡᠷᠪᠡ ᠰᠢᠯᠢ ᠶᠢᠨ ᠭᠤᠣᠯ ᠤᠨ ᠦᠦᠭᠡ ᠲᠡᠦᠭᠡ ᠵᠢ ᠰᠠᠶᠢᠨ ᠣᠶᠢᠯᠠᠭᠠᠳᠠᠭ ᠪᠤᠯ ᠰᠢᠭᠤᠳ 《 ᠵᠠᠰᠠᠪᠣᠷᠢᠯᠠᠬᠤ 》 ᠲᠠᠷᠤᠪᠴᠢ ᠵᠢ ᠲᠠᠷᠤᠵᠤ ᠲᠤᠰ ᠵᠤᠬᠢᠶᠠᠯ ᠢ ᠵᠠᠰᠠᠵᠤ ᠪᠠᠶᠠᠯᠢᠭᠵᠢᠭᠤᠯᠵᠤ ᠪᠤᠯᠳᠠᠭ ᠪᠦᠷᠢᠨ ᠡᠷᠭᠡ ᠲᠠᠢ ᠃ ᠡᠢ᠋ᠮᠦ ᠣᠨᠴᠠᠯᠢᠭ ᠢ᠋ᠡᠷ ᠢᠶᠠᠨ ᠸᠢᠺᠢ ᠣᠬᠠᠭᠠᠨ ᠨᠢ ᠪᠤᠰᠤᠳ ᠪᠦᠷᠭᠡ ᠰᠦᠯᠵᠢᠶ᠎ᠡ ᠨᠣᠭᠤᠳ ᠠᠴᠠ ᠢᠯᠭᠠᠭᠳᠠᠨ᠎ᠠ ᠃

Xilinguole.png

ᠪᠠᠰᠠ ᠨᠢᠭᠡ ᠣᠴᠢᠷ ᠣᠳᠬ᠎ᠠ ᠪᠡᠷ ᠶᠠᠷᠢᠬᠤ ᠳᠦ ᠣᠳᠤᠬᠠᠨ ᠳᠦ ᠮᠤᠩᠭᠤᠯ ᠪᠢᠴᠢᠭ ᠤᠨ ᠰᠦᠯᠵᠢᠶ᠎ᠡ ᠨᠣᠭᠤᠳ ᠵᠤᠬᠢᠬᠤ ᠬᠡᠮᠵᠢᠶᠠᠨ ᠦ ᠬᠦᠭᠵᠢᠯᠳᠡ ᠪᠠᠨ ᠣᠯᠵᠤ ᠪᠠᠶᠢᠭ᠎ᠠ ᠪᠤᠯᠪᠠᠴᠤ ᠰᠢᠨ᠎ᠡ ᠮᠡᠳᠡᠯᠭᠡ ᠰᠤᠷᠠᠭ ᠵᠠᠩᠬᠢ ᠂ ᠰᠢᠨ᠎ᠡ ᠨᠡᠷ᠎ᠡ ᠲᠤᠮᠢᠶ᠎ᠠ ᠵᠢ ᠲᠦᠭᠡᠮᠡᠯᠵᠢᠬᠦᠯᠬᠦ ᠳᠦ ᠵᠤᠷᠢᠭᠤᠯᠤᠭᠳᠠᠭᠰᠠᠨ ᠲᠠᠪᠴᠠᠩ ᠬᠠᠷᠠᠬᠠᠨ ᠲᠤᠳᠠᠭᠳᠠᠵᠤ ᠪᠤᠢ ᠃ ᠪᠢᠳᠡ ᠵᠠᠷᠢᠮ ᠨᠡᠷ᠎ᠡ ᠲᠣᠮᠢᠶ᠎ᠠ ᠵᠢ ᠬᠢᠳᠠᠳ ᠪᠤᠶᠤ ᠠᠩᠭᠯᠢ ᠪᠡᠷ ᠶᠠᠷᠢᠳᠠᠭ ᠪᠤᠯᠤᠭᠰᠠᠨ ᠃ ᠡᠬᠦᠨ ᠢ ᠬᠤᠪᠢ ᠬᠦᠮᠦᠨ ᠦ ᠣᠬᠠᠮᠰᠠᠷ ᠤᠨ ᠲᠠᠯ᠎ᠠ ᠡᠴᠡ ᠰᠢᠬᠦᠮᠵᠢᠯᠡᠬᠦ ᠶᠢᠨ ᠡᠮᠦᠨ᠎ᠡ ᠬᠠᠷᠢᠨ ᠠᠷᠭ᠎ᠠ ᠪᠠᠷᠢᠯ ᠤᠨ ᠬᠤᠪᠢ ᠳᠦ ᠰᠶᠢᠳᠪᠦᠷᠢᠯᠡᠬᠦ ᠵᠠᠮ ᠢ ᠡᠷᠢᠯᠬᠢᠯᠡᠬᠦ ᠨᠢ ᠨᠡᠩ ᠱᠠᠭᠠᠷᠳᠠᠯᠭ᠎ᠠ ᠲᠠᠢ ᠪᠤᠯᠵᠠᠢ ᠃ ᠡᠬᠦᠨ ᠡᠴᠡ ᠭᠠᠳᠠᠨ᠎ᠠ ᠸᠢᠺᠢ ᠣᠬᠠᠭᠠᠨ ᠨᠢ ᠮᠤᠩᠭᠤᠯ ᠰᠤᠶᠤᠯ ᠪᠤᠶᠤ ᠴᠢᠨᠠᠭᠰᠢ ᠦᠭᠡᠷ᠎ᠡ ᠣᠯᠤᠰ ᠲᠦᠷᠦ ᠂ ᠡᠳ᠋ ᠤᠨ ᠵᠠᠰᠠᠭ ᠂ ᠰᠤᠶᠤᠯ ᠰᠤᠷᠭᠠᠨ ᠬᠦᠮᠦᠵᠢᠯ ᠤᠨ ᠬᠦᠷᠢᠶ᠎ᠠ ᠴᠠᠷ᠎ᠠ ᠳᠡᠬᠢ ᠬᠠᠮᠤᠭ ᠰᠢᠨ᠎ᠡ ᠮᠡᠳᠡᠯᠭᠡ ᠰᠤᠷᠠᠭ ᠵᠠᠩᠬᠢ ᠵᠢ ᠮᠤᠩᠭᠤᠯ ᠪᠢᠴᠢᠭ ᠢ᠋ᠡᠷ ᠲᠡᠮᠳᠡᠬᠯᠡᠨ ᠂ ᠭᠡᠷᠡᠭᠯᠡᠬᠦ ᠵᠢ ᠬᠢᠴᠢᠶᠡᠨ ᠵᠤᠷᠢᠵᠤ ᠪᠠᠶᠢᠭ᠎ᠠ ᠪᠡᠷ ᠪᠠᠰᠠ ᠨᠢᠭᠡᠨ ᠦᠪᠡᠷ ᠤᠨ ᠣᠨᠴᠠᠯᠢᠭ ᠪᠤᠯᠭᠠᠵᠠᠢ ᠃ 《 ᠸᠢᠺᠢ ᠤᠬᠠᠭᠠᠨ 》  ᠍ ᠤ ᠠᠭᠤᠯᠭ᠎ᠠ ᠨᠢ ᠲᠤᠭᠠᠨ ᠤ ᠤᠬᠠᠭᠠᠨ ᠂ ᠬᠢᠮᠢ ᠂ ᠹᠢᠽᠢᠺ ᠂ ᠭᠠᠵᠠᠷ ᠵᠦᠢ ᠂ ᠠᠮᠢᠳᠤ ᠪᠤᠳᠠᠰ ᠂ ᠠᠨᠠᠭᠠᠬᠤ ᠤᠬᠠᠭᠠᠨ ᠂ ᠴᠠᠭ ᠠᠭᠤᠷ ᠂ ᠤᠳᠤᠨ ᠤᠷᠤᠨ ᠵᠡᠷᠭᠡ ᠪᠠᠶᠢᠭᠠᠯᠢ ᠶᠢᠨ ᠰᠢᠨᠵᠢᠯᠡᠬᠦ ᠤᠬᠠᠭᠠᠨ ᠤ ᠦᠢ ᠤᠯᠠᠨ ᠬᠦᠷᠢᠶ᠎ᠡ ᠴᠠᠷ᠎ᠠ ᠳᠡᠬᠢ ᠮᠡᠳᠡᠯᠭᠡ ᠰᠤᠷᠠᠭ ᠵᠠᠩᠬᠢ ᠶᠢ ᠪᠠᠭᠲᠠᠭᠠᠭᠰᠠᠨ ᠡᠴᠡ ᠭᠠᠳᠠᠨ᠎ᠠ ᠨᠡᠢ᠋ᠭᠡᠮ ᠰᠤᠳᠤᠯᠤᠯ ᠂ ᠬᠡᠯᠡ ᠰᠢᠨᠵᠢᠯᠡᠯ ᠂ ᠭᠦᠨ ᠤᠬᠠᠭᠠᠨ ᠂ ᠬᠠᠤᠯᠢ ᠂ ᠱᠠᠰᠢᠨ ᠂ ᠤᠯᠤᠰ ᠲᠦᠷᠦ ᠂ ᠠᠵᠤ ᠠᠬᠤᠢ ᠂ ᠲᠡᠦᠬᠡ ᠂ ᠰᠤᠷᠭᠠᠨ ᠬᠦᠮᠦᠵᠢᠯ ᠵᠡᠷᠭᠡ ᠦᠷᠭᠡᠨ ᠠᠭᠤᠯᠭ᠎ᠠ ᠶᠢ ᠬᠠᠮᠤᠷᠠᠭᠰᠠᠨ ᠨᠡᠶᠢᠭᠡᠮ ᠤᠨ ᠰᠢᠨᠵᠢᠯᠡᠬᠦ ᠤᠬᠠᠭᠠᠨ ᠤ ᠮᠡᠳᠡᠯᠭᠡ ᠰᠤᠷᠠᠭ ᠵᠠᠩᠬᠢ ᠶᠢ ᠴᠦ ᠠᠴᠢᠶᠠᠯᠠᠵᠠᠢ ᠃

ᠸᠢᠺᠢ ᠤᠬᠠᠭᠠᠨ ᠤ ᠣᠪᠣᠷ ᠵᠤᠭᠰᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

《 ᠸᠢᠺᠢ ᠤᠬᠠᠭᠠᠨ》 ᠪᠤᠯ ᠴᠢᠯᠦᠭᠡᠲᠡᠢ ᠂ ᠨᠡᠭᠡᠭᠡᠯᠲᠡᠲᠡᠢ ᠬᠦᠮᠦᠨ ᠪᠦᠬᠦᠨ ᠤᠷᠤᠯᠴᠠᠵᠤ ᠪᠤᠯᠳᠠᠭ ᠰᠢᠨᠵᠢᠯᠡᠬᠦ ᠤᠬᠠᠭᠠᠨ ᠰᠤᠷᠠᠭ ᠵᠠᠩᠬᠢ ᠶᠢᠨ ᠲᠠᠪᠴᠠᠩ ᠶᠤᠮ ᠃ ᠡᠨᠡ ᠬᠦ ᠲᠠᠪᠴᠠᠩ ᠨᠢ ᠳᠤᠮᠳᠠᠳᠤ ᠤᠯᠤᠰ ᠤᠨ ᠬᠠᠤᠯᠢ ᠳᠦᠷᠢᠮ ᠶᠤᠰᠤᠭᠠᠷ ᠠᠵᠢᠯᠯᠠᠬᠤ ᠶᠢ ᠵᠤᠷᠢᠵᠤ ᠂ ᠠᠯᠢᠪᠠ ᠬᠠᠤᠯᠢ ᠳᠦᠷᠢᠮ ᠠᠴᠠ ᠳᠦᠷᠢᠴᠡᠭᠰᠡᠨ ᠤᠯᠤᠰ ᠲᠦᠷᠦ ᠲᠠᠢ ᠬᠤᠯᠪᠤᠭᠳᠠᠭᠰᠠᠨ ᠠᠭᠤᠯᠭ᠎ᠠ ᠂ ᠭᠠᠵᠢᠭᠤ ᠱᠠᠰᠢᠨ ᠤ ᠨᠤᠮᠯᠠᠯ ᠠᠭᠤᠯᠭ᠎ᠠ ᠂ ᠬᠦᠳᠬᠡᠯ ᠳᠤᠷᠤᠮᠵᠢᠯᠠᠯ ᠤᠨ ᠰᠢᠨᠵᠢ ᠪᠦᠬᠦᠢ ᠠᠭᠤᠯᠭ᠎ᠠ ᠶᠢ ᠡᠷᠡᠰ ᠲᠡᠪᠴᠢᠨ᠎ᠡ ᠃

ᠸᠢᠺᠢ ᠤᠬᠠᠭᠠᠨ ᠢ ᠠᠰᠢᠭᠯᠠᠬᠤ ᠳᠦ ᠠᠩᠬᠠᠷᠬᠤ ᠵᠤᠢ᠋ᠯ[ᠵᠠᠰᠠᠪᠤᠷᠢᠯᠠᠬᠤ | ᠺᠣᠳ᠋ ᠢᠶᠠᠷ ᠵᠠᠰᠠᠬᠣ]

《 ᠸᠢᠺᠢ ᠤᠬᠠᠭᠠᠨ》  ᠢ ᠠᠰᠢᠭᠯᠠᠵᠤ ᠬᠡᠷᠡᠭᠯᠡᠬᠦ ᠳᠦ ᠳᠤᠤᠷᠠᠬᠢ ᠪᠠᠶᠢᠳᠠᠯ ᠢ ᠠᠩᠬᠠᠷᠬᠤ ᠬᠡᠷᠡᠭᠲᠡᠢ ᠃

  • 1.www.uhaan.com  ᠶᠢᠡᠷ ᠨᠡᠪᠲᠡᠷᠡᠵᠦ ᠂ ᠸᠢᠺᠢ ᠤᠬᠠᠭᠠᠨ ᠦ ᠪᠦᠬᠦᠢ ᠠᠭᠤᠯᠭ᠎ᠠ ᠵᠢ ᠴᠢᠯᠦᠭᠡᠳᠡᠢ ᠣᠩᠰᠢᠵᠤ ᠣᠢ᠋ᠯᠠᠭᠠᠵᠤ ᠪᠤᠯᠤᠨ᠎ᠠ ᠃ ᠬᠠᠷᠢᠨ ᠵᠠᠰᠠᠵᠤ ᠵᠠᠯᠠᠷᠠᠭᠤᠯᠬᠤ ᠪᠤᠶᠤ ᠰᠢᠨ᠎ᠡ ᠠᠭᠤᠯᠭ᠎ᠠ ᠨᠡᠮᠡᠷᠢᠯᠡᠬᠦ ᠦᠶᠡᠰ ᠰᠦᠯᠵᠢᠶᠡᠨ ᠳᠤ ᠪᠦᠷᠢᠳᠬᠡᠭᠦᠯᠦᠭᠰᠡᠨ ᠪᠠᠶᠢᠬᠤ ᠬᠡᠷᠡᠭᠲᠡᠢ ᠃
  • 2. ᠡᠨᠡ ᠰᠦᠯᠵᠢᠶ᠎ᠡ ᠵᠢ unicode ᠳᠦ ᠠᠰᠢᠭᠯᠠᠵᠤ ᠪᠦᠳᠦᠭᠡᠭᠰᠡᠨ ᠪᠤᠯᠪᠠᠴᠤ ᠦᠪᠦᠷ ᠮᠤᠩᠭᠤᠯ ᠤᠨ ᠣᠯᠠᠨ ᠬᠡᠷᠡᠭᠯᠡᠭᠴᠢᠳ ᠮᠦᠩᠭᠡ ᠭᠠᠯ ᠢ ᠬᠡᠷᠡᠭᠯᠡᠵᠦ ᠳᠠᠳᠤᠭᠰᠠᠨ ᠪᠤᠯᠬᠤᠷ ᠲᠤᠰᠬᠠᠢ᠋ᠯᠠᠨ ᠮᠦᠩᠭᠡ ᠭᠠᠯ ᠺᠣᠳ᠋ ᠢ ᠬᠠᠪᠰᠤᠷᠭᠠᠨ ᠲᠣᠬᠢᠷᠠᠭᠤᠯᠪᠠ ᠃ ᠬᠡᠷᠡᠭᠯᠡᠭᠴᠢᠳ unicode ᠳᠦ ᠰᠠᠭᠤᠷᠢᠯᠠᠭᠰᠠᠨ ᠦᠰᠦᠭ ᠣᠷᠤᠭᠤᠯᠬᠤ ᠠᠷᠭ᠎ᠠ ᠪᠤᠶᠤ ᠮᠦᠩᠭᠡ ᠭᠠᠯ ᠦᠰᠦᠭ ᠣᠷᠤᠭᠤᠯᠬᠤ ᠠᠷᠭ᠎ᠠ ᠵᠢ ᠴᠢᠯᠦᠭᠡᠳᠡᠢ ᠰᠤᠩᠭᠤᠨ ᠭᠡᠷᠡᠭᠯᠡᠵᠤ ᠪᠤᠯᠤᠨ᠎ᠠ ᠃ ᠡᠨᠳᠡ ᠪᠠᠷᠢᠮᠵᠢᠶ᠎ᠠ ᠺᠣᠳ᠋ ᠤᠨ ᠦᠰᠦᠭ ᠤᠷᠤᠭᠤᠯᠬᠤ ᠠᠷᠭ᠎ᠠ ᠵᠢ ᠠᠰᠢᠭᠯᠠᠬᠤ ᠵᠢ ᠬᠦᠰᠡᠵᠦ ᠪᠠᠶᠢᠨ᠎ᠠ ᠃
  • 3. ᠬᠡᠷᠪᠡ《 ᠸᠢᠺᠢ ᠤᠬᠠᠭᠠᠨ》 ᠴᠢᠯᠦᠭᠡᠲᠦ ᠲᠤᠯᠢ ᠳᠦ ᠠᠭᠤᠯᠭ᠎ᠠ ᠨᠡᠮᠡᠷᠢᠯᠡᠬᠦ ᠪᠤᠶᠤ ᠵᠠᠰᠠᠪᠤᠷᠢᠯᠠᠬᠤ ᠳᠦ ᠬᠦᠴᠢᠷ ᠲᠦᠪᠡᠭ ᠲᠠᠢ ᠰᠠᠨᠠᠭᠳᠠᠵᠤ ᠪᠠᠶᠢᠪᠠᠯ ᠂ ᠮᠦᠩᠬᠡ ᠭᠠᠯ ᠦᠰᠦᠭ ᠤᠷᠤᠭᠤᠯᠬᠤ ᠠᠷᠭ᠎ᠠ ᠪᠡᠷ ᠪᠢᠴᠢᠭᠰᠡᠨ ᠡᠬᠡ ᠨᠤᠤᠷᠠᠭ ᠢᠶᠠᠨ ᠮᠠᠨ ᠤ ᠤᠬᠠᠭᠠᠨ ᠪᠠᠭ ᠤᠨ ᠢᠮᠸᠯ ᠬᠠᠶᠢᠭ ᠂ ᠡᠰᠡᠬᠦᠯ᠎ᠡ ᠸᠸᠢ᠋ᠴᠠᠲ ᠴᠤᠭᠯᠠᠷᠠᠯ ᠂ QQ ᠴᠤᠭᠯᠠᠷᠠᠯ ᠳᠤᠲᠤᠷ᠎ᠠ ᠢᠯᠡᠭᠡᠪᠡᠯ ᠪᠢᠳᠡ ᠲᠠᠨ ᠢ ᠬᠠᠪᠰᠤᠷᠤᠨ ᠰᠦᠯᠵᠢᠶᠡᠨ ᠳᠦ ᠭᠠᠷᠭᠠᠵᠤ ᠪᠤᠯᠤᠨ᠎ᠠ ᠃

ᠸᠢᠺᠢ ᠤᠬᠠᠭᠠᠨ ᠲᠠᠢ ᠬᠠᠷᠢᠴᠠᠬᠤ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠴᠦᠰ ᠰᠡᠬᠦᠯ ᠳᠤ ᠪᠦᠬᠦ ᠬᠡᠷᠡᠭᠯᠡᠭᠴᠢᠳ ᠦᠨ ᠰᠠᠨᠠᠯ ᠵᠦᠪᠯᠡᠯᠭᠡ ᠂ ᠠᠩᠬᠠᠷᠤᠯ ᠳᠡᠮᠵᠢᠯᠭᠡ ᠵᠢ ᠪᠠᠶᠠᠷᠳᠠᠢ ᠤᠭᠲᠤᠨ ᠠᠪᠤᠨ᠎ᠠ ᠭᠡᠵᠦ ᠤᠬᠠᠭᠠᠨ ᠪᠠᠭ ᠦᠨ ᠬᠢᠨ ᠰᠠᠨᠠᠭ᠎ᠠ ᠪᠠᠨ ᠢᠯᠡᠷᠬᠡᠶᠢᠯᠡᠵᠦ ᠪᠠᠶᠢᠨ᠎ᠠ ᠃ ᠡᠬᠦᠨ ᠦ ᠲᠤᠯᠠᠳᠠ ᠲᠤᠰ ᠪᠠᠭ ᠦᠨ ᠬᠢᠨ ᠦᠪᠡᠷ ᠦᠨ ᠸᠸᠢ᠋ᠴᠠᠲ ᠲᠠᠪᠴᠠᠩ ᠤᠨ ᠳ᠋ᠤᠭᠠᠷ ᠄ uhaan9 ᠪᠤᠯᠤᠨ ᠸᠢᠴᠠᠲ ᠣᠬᠠᠭᠠᠨᠳᠠᠳ ᠤᠨ ᠴᠤᠭᠯᠠᠷᠠᠯ ᠢ ᠣᠯᠠᠨ ᠳᠤ ᠨᠡᠢ᠋ᠳᠡᠯᠡᠯ᠎ᠡ ᠃ ᠬᠡᠷᠡᠭᠯᠡᠭᠴᠢᠳ ᠡᠨᠡ ᠬᠤᠶᠠᠷ ᠳ᠋ᠤᠭᠠᠷ ᠢ ᠨᠡᠮᠡᠵᠦ ᠂ ᠸᠢᠺᠢ ᠤᠬᠠᠭᠠᠨ ᠦ ᠬᠠᠮᠤᠭ ᠰᠢᠨ᠎ᠠ ᠮᠡᠳᠡᠭᠡᠯᠡᠯ ᠪᠤᠯᠤᠨ ᠠᠭᠤᠯᠭ᠎ᠠ ᠲᠠᠢ ᠲᠠᠨᠢᠯᠴᠠᠵᠤ ᠂ ᠪᠠᠰᠠ ᠰᠠᠨᠠᠯ ᠵᠦᠪᠯᠡᠯᠭᠡ ᠬᠠᠩᠭᠠᠵᠤ ᠪᠤᠯᠤᠨ᠎ᠠ ᠃

  • 1. ᠸᠸᠢ᠋ᠴᠠᠲ ᠲᠠᠪᠴᠠᠩ (公众平台)

Gongzhonghao.png

  • 2. ᠸᠢᠴᠠᠲ ᠴᠤᠭᠯᠠᠷᠠᠯ (微信群)

ᠲᠠᠷᠠᠭᠠᠬᠢ ᠬᠣᠶᠠᠷ ᠬᠡᠮᠵᠢᠯᠳᠦ ᠺᠣᠳ᠋ ᠢᠶᠠᠷ ᠰᠢᠭᠤᠳ ᠣᠬᠠᠭᠠᠨ ᠪᠠᠭ ᠤᠨ ᠭᠡᠰᠢᠬᠦᠨ ᠲᠠᠢ ᠬᠣᠯᠪᠣᠭᠳᠠᠭᠠᠷᠠᠢ Zhihui.png Baiyin.png

ᠸᠢᠺᠢ ᠤᠬᠠᠭᠠᠨ ᠳᠤ ᠬᠠᠨᠳᠢᠪᠯᠠᠬᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠ ᠸᠢᠺᠢ ᠣᠬᠠᠭᠠᠨ ᠤ ᠠᠵᠢᠯ ᠳᠤ ᠬᠠᠨᠳᠢᠪᠯᠠᠬᠣ  ᠬᠦᠰᠡᠯ ᠲᠠᠢ ᠪᠣᠯ ᠬᠠᠨᠳᠢᠪᠯᠠᠬᠣ ᠲᠣᠰᠬᠠᠢ ᠬᠠᠭᠣᠳᠠᠰᠣ ᠳᠤ ᠬᠦᠷᠴᠦ ᠭᠦᠶᠴᠡᠳᠭᠡᠬᠦ ᠪᠣᠯᠪᠠᠣ᠃ ᠪᠢᠳᠡ ᠬᠠᠨᠳᠢᠪ ᠤᠨ ᠮᠦᠩᠭᠦ ᠶᠢ ᠦᠢᠯᠡᠴᠢᠯᠡᠭᠡ ᠶᠢᠨ ᠮᠠᠰᠢᠨ ᠢ ᠰᠠᠶᠢᠵᠢᠷᠠᠭᠤᠯᠬᠤ ᠂ ᠰᠦᠯᠵᠢᠶᠡᠨ ᠴᠢᠳᠠᠮᠵᠢ ᠵᠢ ᠲᠡᠬᠦᠯᠳᠡᠷᠵᠢᠬᠦᠯᠬᠦ ᠭᠡᠬᠦ ᠮᠡᠲᠦ ᠶᠢᠨ ᠠᠵᠢᠯ ᠳᠤ ᠬᠡᠷᠡᠭᠯᠡᠬᠦ ᠪᠦᠭᠡᠳ ᠸᠢᠺᠢ ᠣᠬᠠᠭᠠᠨ ᠤ ᠡᠩᠨᠡᠭᠡ ᠶᠢ ᠪᠣᠵᠠᠭᠠᠢᠷᠠᠭᠣᠯᠣᠨ ᠬᠦᠭᠵᠢᠬᠦᠯᠵᠥ ᠂ ᠴᠢᠨᠠᠭᠰᠢᠳᠠ ᠨᠡᠩ ᠣᠯᠠᠨ ᠮᠣᠩᠭᠣᠯᠴᠣᠳ ᠤᠨ ᠬᠡᠷᠡᠭᠯᠡᠭᠡᠨ ᠳᠦ ᠬᠦᠷᠭᠡᠬᠦ ᠪᠡᠷ ᠴᠢᠷᠮᠠᠶᠢᠬᠣ ᠪᠣᠯᠣᠨ᠎ᠠ᠃

ᠸᠢᠴᠠᠲ ᠴᠣᠭᠯᠠᠷᠠᠯ ᠤᠨ ᠠᠵᠢᠯᠯᠠᠬᠣ ᠲᠦᠷᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠰ ᠴᠣᠭᠯᠠᠷᠠᠯ ᠤᠨ ᠵᠣᠷᠢᠯᠭ᠎ᠠ᠄

1᠄ ᠸᠢᠺᠢ ᠣᠬᠠᠭᠠᠨ ᠨᠢ ᠶᠠᠮᠠᠷ ᠲᠠᠪᠴᠠᠩ ᠪᠣᠢ ᠂ ᠪᠣᠰᠣᠳ ᠰᠦᠯᠵᠢᠶ᠎ᠡ ᠨᠦᠭᠦᠳ ᠡᠴᠡ ᠶᠠᠮᠠᠷ ᠵᠦᠷᠢᠶᠡᠨ ᠲᠠᠢ ᠪᠣᠢ ᠭᠡᠳᠡᠭ ᠢ ᠬᠡᠷᠡᠭᠯᠡᠭᠴᠢᠳ ᠲᠦ ᠣᠢᠯᠠᠭᠠᠭᠣᠯᠵᠣ ᠂ ᠸᠢᠺᠢ ᠣᠬᠠᠭᠠᠨ ᠤ ᠲᠣᠬᠠᠢ ᠵᠦᠪ ᠣᠢᠯᠠᠭᠠᠯᠳᠠ ᠵᠢ ᠪᠣᠢ ᠪᠣᠯᠭᠠᠨ᠎ᠠ᠃  
2᠄ ᠸᠢᠺᠢ ᠣᠬᠠᠭᠠᠨ ᠢ ᠬᠡᠷᠡᠭᠯᠡᠬᠦ ᠶᠠᠪᠣᠴᠠ ᠳᠤ ᠲᠣᠬᠢᠶᠠᠯᠳᠣᠬᠣ ᠮᠡᠷᠭᠡᠵᠢᠯ ᠦᠨ ᠠᠰᠠᠭᠣᠳᠠᠯ ᠳᠤ ᠵᠦᠪᠯᠡᠮᠵᠢ ᠬᠠᠩᠭᠠᠨ᠎ᠠ᠃
3᠄ ᠸᠢᠺᠢ ᠣᠬᠠᠭᠠᠨ ᠤ ᠭᠡᠷᠡᠭᠯᠡᠭᠴᠢᠳ ᠦᠨ ᠱᠠᠭᠠᠷᠳᠠᠯᠭ᠎ᠠ ᠵᠢ ᠣᠢᠯᠠᠭᠠᠨ ᠸᠢᠺᠢ ᠲᠠᠪᠴᠠᠩ ᠢ ᠴᠢᠨᠠᠭᠰᠢᠳᠠ ᠬᠦᠭᠵᠢᠬᠦᠯᠬᠦ ᠳᠦ ᠰᠦᠪᠡᠭᠴᠢ ᠬᠠᠩᠭᠠᠨ᠎ᠠ᠃

ᠲᠣᠰ ᠴᠣᠭᠯᠠᠷᠠᠯ ᠤᠨ ᠠᠵᠢᠯᠯᠠᠭ᠎ᠠ ᠨᠣᠭᠣᠳ᠄

1᠄ ᠭᠡᠷᠡᠭᠯᠡᠭᠴᠢᠳ ᠦᠨ ᠲᠣᠮᠳᠠ ᠡᠴᠡ ᠰᠠᠢᠨ ᠲᠣᠷ᠎ᠠ ᠶᠢᠨ ᠨᠠᠢᠷᠠᠭᠣᠯᠣᠭᠴᠢ ᠵᠢ ᠰᠢᠯᠭᠠᠷᠠᠭᠣᠯᠵᠣ ᠂ ᠤᠬᠠᠭᠠᠨ ᠤ ᠬᠦᠭᠵᠢᠯᠳᠡ ᠳᠦ ᠨᠡᠮᠡᠷᠢᠯᠡᠨ᠎ᠡ᠃
2᠄ ᠰᠦᠯᠵᠢᠶᠡᠨ ᠡᠷᠬᠢᠯᠡᠭᠴᠢ ᠡᠴᠡ ᠡᠳᠦᠷ ᠪᠦᠷᠢ ᠲᠣᠰ ᠡᠳᠦᠷ ᠦᠨ ᠣᠨᠴᠠᠯᠠᠬᠣ ᠦᠬᠦᠯᠡᠯ ᠢᠶᠡᠨ ᠲᠣᠰ ᠴᠣᠭᠯᠠᠷᠠᠯ ᠳᠤ ᠬᠣᠪᠢᠶᠠᠯᠴᠠᠨ᠎ᠠ᠃
3᠄ ᠰᠦᠯᠵᠢᠶᠡᠨ ᠡᠷᠭᠢᠯᠡᠭᠴᠢ ᠡᠴᠡ ᠰᠠᠷ᠎ᠠ ᠪᠦᠷᠢ ᠰᠢᠯᠢᠳᠡᠭ ᠬᠡᠷᠡᠭᠯᠡᠭᠴᠢ ᠪᠠ ᠰᠢᠯᠢᠳᠡᠭ ᠨᠠᠢᠷᠢᠭᠣᠯᠣᠭᠴᠢ ᠰᠢᠯᠭᠠᠷᠠᠭᠣᠯᠣᠨ᠎ᠠ᠃
4: ᠬᠡᠷᠡᠭᠯᠡᠭᠴᠢᠳ ᠦᠨ ᠸᠢᠺᠢ ᠣᠬᠠᠭᠠᠨ ᠭᠡᠷᠡᠭᠯᠡᠭᠡᠨ ᠦ ᠠᠰᠠᠭᠣᠯᠳᠠ ᠳᠤ ᠰᠦᠯᠵᠢᠶᠡᠨ ᠡᠷᠬᠢᠯᠡᠭᠴᠢ ᠡᠴᠡ ᠴᠠᠭ ᠲᠣᠬᠠᠢ ᠳ᠋ᠣᠨᠢ ᠬᠠᠷᠢᠭᠣ ᠦᠢᠯᠡᠴᠢᠯᠡᠭᠡ ᠬᠠᠩᠭᠠᠨ᠎ᠠ᠃

ᠲᠣᠰ ᠴᠣᠭᠯᠠᠷᠠᠯ ᠳᠤ ᠡᠰᠡ ᠵᠦᠪᠰᠢᠶᠡᠷᠡᠬᠦ ᠠᠵᠢᠯᠯᠠᠭ᠎ᠠ ᠨᠣᠭᠣᠳ ᠄

1: ᠸᠢᠺᠢ ᠣᠬᠠᠭᠠᠨ ᠲᠠᠢ ᠬᠠᠮᠢᠶ᠎ᠠ ᠬᠠᠢᠳᠠᠭ ᠦᠭᠡᠢ ᠲᠠᠭᠣᠣ ᠬᠦᠭᠵᠢᠮ᠂ ᠵᠢᠷᠣᠭ᠂ ᠸᠢᠳᠢᠣ᠋᠂ ᠨᠡᠢᠭᠡᠮ ᠦᠨ ᠶᠠᠷᠢᠶ᠎ᠠ ᠬᠡᠯᠡᠯᠴᠡᠭᠡ ᠬᠡᠬᠦ ᠮᠡᠳᠦ ᠵᠤᠢᠯ ᠢ ᠬᠣᠪᠢᠶᠠᠯᠴᠠᠬᠣ᠃ 
2᠄ ᠸᠢᠺᠢ ᠣᠬᠠᠭᠠᠨ ᠲᠠᠢ ᠬᠣᠯᠪᠣᠭᠳᠠᠯ ᠦᠭᠡᠢ ᠬᠣᠪᠢ ᠬᠦᠮᠦᠨ ᠦ ᠌《ᠪᠢᠯᠸᠲ ᠢᠶᠡᠷ ᠲᠡᠮᠵᠢᠬᠦ》᠂ ᠶᠠᠮᠠᠷ ᠨᠢᠭᠡᠨ ᠬᠦᠮᠦᠨ ᠪᠣᠶᠣ ᠭᠡᠷᠡᠭ ᠣᠴᠢᠷ ᠤᠨ ᠤᠷᠢᠶᠠᠯᠠᠭ᠎ᠠ ᠭᠡᠬᠦ ᠮᠡᠳᠦ ᠬᠣᠯᠪᠣᠭᠠᠰᠣ ᠬᠣᠪᠢᠶᠠᠯᠴᠠᠬᠣ ᠃

ᠲᠠᠯᠠᠷᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

《 ᠸᠢᠺᠢ ᠤᠬᠠᠭᠠᠨ 》 ᠰᠦᠯᠵᠢᠶᠡᠨ ᠤ ᠨᠡᠪᠲᠡᠷᠬᠡᠢ ᠲᠤᠯᠢ ᠶᠢᠨ ᠰᠠᠭᠤᠷᠢ ᠮᠠᠲᠸᠷᠢᠶᠠᠯ ᠢ ᠬᠤᠷᠠᠮᠳᠤᠭᠤᠯᠬᠤ ᠦᠶᠡᠰ ᠂ ᠦᠪᠦᠷ ᠮᠤᠩᠭᠤᠯ ᠤᠨ ᠶᠡᠬᠡ ᠰᠤᠷᠭᠠᠭᠤᠯᠢ ᠶᠢᠨ ᠺᠢᠷᠢᠯ ᠪᠢᠴᠢᠭ ᠡᠴᠡ ᠤᠢ᠋ᠭᠤᠷᠵᠢᠨ ᠮᠤᠩᠭᠤᠯ ᠪᠢᠴᠢᠭ ᠤᠷᠤᠭᠤ ᠬᠦᠷᠪᠡᠬᠦᠯᠬᠦ ᠮᠡᠷᠭᠡᠵᠢᠯ ᠨᠢ ᠮᠠᠰᠢ ᠦᠢᠯᠡᠳᠦᠯ ᠭᠠᠷᠭᠠᠭᠰᠠᠨ ᠶᠤᠮ ᠃ ᠡᠬᠦᠨ ᠡᠴᠡ ᠭᠠᠳᠠᠨ᠎ᠠ ᠂ ᠺᠢᠷᠢᠯ ᠪᠢᠴᠢᠭ ᠤᠨ ᠸᠢᠺᠢᠫᠢᠳᠢᠶᠠ ᠶᠢᠨ ᠳᠠᠯᠠᠢ ᠠᠭᠤᠯᠭ᠎ᠠ ᠨᠡᠮᠡᠷᠢᠯᠡᠭᠰᠡᠨ ᠲᠡᠳᠡᠭᠡᠷ ᠤᠯᠠᠨ ᠮᠤᠩᠭᠤᠯ ᠤᠯᠤᠰ ᠤᠨ ᠬᠡᠷᠡᠭᠯᠡᠭᠴᠢᠳ ᠲᠤ ᠭᠦᠨ ᠲᠠᠯᠠᠷᠬᠠᠬᠤ ᠶᠤᠰᠤᠲᠠᠢ ᠃ ᠡᠢ᠋ᠮᠦᠷᠬᠦᠦ ᠬᠠᠷᠠᠮ ᠦᠭᠡᠢ ᠭᠤᠶᠠᠴᠢ ᠦᠭᠡᠢ ᠰᠡᠳᠬᠢᠯ ᠢᠶᠠᠷ ᠠᠭᠤᠯᠭ᠎ᠠ ᠵᠠᠰᠠᠵᠤ ᠨᠡᠮᠡᠷᠢᠯᠡᠭᠰᠡᠨ ᠤ ᠲᠤᠰᠠ ᠪᠡᠷ ᠮᠠᠨ ᠤ ᠤᠢ᠋ᠭᠤᠷᠵᠢᠨ ᠮᠤᠩᠭᠤᠯ ᠪᠢᠴᠢᠭ ᠤᠨ ᠸᠢᠺᠢ ᠤᠬᠠᠭᠠᠨ ᠨᠡᠪᠲᠡᠷᠬᠡᠢ ᠲᠤᠯᠢ ᠨᠢ ᠠᠮᠢᠯᠠᠨ ᠪᠤᠰᠴᠤ ᠪᠠᠶᠢᠨ᠎ᠠ ᠃ ᠪᠠᠰᠠ ᠪᠦᠷᠭᠦᠳ ᠰᠦᠯᠵᠢᠶ᠎ᠡ ᠶᠢ ᠡᠬᠦᠰᠬᠡᠨ ᠪᠠᠶᠢᠭᠤᠯᠤᠭᠴᠢ ᠪᠦᠬᠡᠡᠷᠳᠡᠨᠢ ᠭᠤᠸᠠᠢ ᠂ ᠲᠠᠯᠴᠢᠷ ᠰᠦᠯᠵᠢᠶ᠎ᠡ ᠶᠢᠨ ᠢᠲᠡᠭᠡᠯ ᠭᠤᠸᠠᠢ ᠨᠠᠷ ᠠᠴᠠ ᠮᠡᠷᠭᠡᠵᠢᠯ ᠤᠨ ᠲᠠᠯ᠎ᠠ ᠶᠢᠨ ᠰᠠᠨᠠᠯ ᠵᠦᠪᠯᠡᠯᠭᠡ ᠦᠭᠴᠦ ᠪᠠᠶᠢᠭᠰᠠᠨ ᠢ ᠡᠨᠳᠡ ᠤᠨᠴᠠᠭᠠᠢ᠋ᠯᠠᠨ ᠳᠤᠷᠠᠳᠤᠭᠤᠰᠢᠲᠠᠢ ᠶᠤᠮ ᠃

《 ᠸᠢᠺᠢ ᠤᠬᠠᠭᠠᠨ》  ᠍ ᠤ ᠤᠬᠠᠭᠤᠯᠭ᠎ᠠ ᠰᠤᠷᠲᠠᠯᠴᠢᠯᠠᠭ᠎ᠠ ᠶᠢᠨ ᠬᠤᠪᠢ ᠳᠦ 《 ᠪᠠᠶᠢᠨᠠᠦ 》 ᠂ 《 ᠦᠨᠦᠳᠦᠷ 》 ᠂ 《 ᠠᠷᠠᠳ ᠤᠨ ᠰᠦᠯᠵᠢᠶ᠎ᠡ 》 ᠵᠡᠷᠭᠡ ᠵᠠᠭᠤᠴᠢᠯᠠᠭᠤᠷ ᠲᠤ ᠲᠠᠯᠠᠷᠬᠠᠶ᠎ᠠ ᠃ 《 ᠲᠤᠰᠤᠯ ᠬᠤᠷᠢᠶᠠᠪᠠᠯ ᠳᠠᠯᠠᠢ ᠪᠤᠯᠤᠨ᠎ᠠ 》 ᠭᠡᠳᠡᠭ ᠮᠡᠷᠭᠡᠳ ᠦᠨ ᠦᠭᠡ  ᠪᠠᠶᠢᠳᠠᠭ ᠃ ᠲᠠ ᠣᠯᠠᠨ ᠭᠡᠷᠡᠭᠯᠡᠭᠴᠢᠳ ᠤᠨ ᠲᠤᠰᠤᠯ ᠤᠰᠤ ᠰᠢᠭ ᠲᠤᠰᠠ ᠨᠡᠮᠡᠷᠢ ᠨᠢ ᠸᠢᠺᠢ ᠤᠬᠠᠭᠠᠨ ᠨᠡᠪᠲᠡᠷᠬᠡᠢ ᠲᠤᠯᠢ ᠢ᠋ᠨ ᠳᠠᠯᠠᠢ ᠶᠡᠭᠡ ᠰᠤᠶᠤᠯ ᠰᠢᠨᠵᠢᠯᠡᠬᠦ ᠤᠬᠠᠭᠠᠨ ᠦ ᠮᠡᠳᠡᠯᠭᠡ ᠂ ᠵᠠᠨᠭᠬᠢ ᠬᠤᠷᠠᠮᠳᠤᠭᠤᠯᠬᠤ ᠪᠤᠯᠤᠨ᠎ᠠ᠃ ᠲᠡᠭᠡᠬᠦ ᠳᠤ ᠡᠨᠡ《 ᠸᠢᠺᠢ ᠤᠬᠠᠭᠠᠨ 》 ᠨᠢ ᠰᠠᠶᠶ ᠵᠢᠩᠬᠢᠨᠢ《ᠠᠷᠠᠳ ᠲᠦᠮᠡᠨ ᠦ ᠸᠢᠺᠢ ᠣᠬᠠᠭᠠᠨ 》 ᠪᠣᠯᠬᠤ ᠪᠢᠵᠠ ᠃

ᠪᠢᠴᠢᠭᠡᠰᠦ