Uhaan:ᠣᠨᠴᠠᠯᠠᠬᠤ ᠥᠭᠦᠯᠡᠯ/2018 07 11 1

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠢᠣᠬᠢᠮᠢ

ᠦ᠋ᠪᠦᠷ ᠮᠣᠩᠭᠣᠯ ᠤᠨ ᠲᠠᠷᠢᠶᠠᠯᠠᠩ ᠤᠨ ᠶᠡᠬᠡ ᠰᠤᠷᠭᠠᠭᠤᠯᠢ ᠪᠤᠯ ᠮᠠᠨ  ᠤ ᠤᠷᠤᠨ  ᠤ ᠬᠠᠮᠤᠭ ᠠᠩᠬᠠᠨ  ᠤ ᠵᠢᠩᠬᠢᠨᠢ ᠠᠩᠬᠢ ᠶ᠋ᠢᠨ ᠳᠡᠭᠡᠳᠤ ᠰᠤᠷᠭᠠᠭᠤᠯᠢ ᠮᠦᠨ ‍᠃‍ 1952 ᠤᠨ ᠳ᠋ᠥ ‍᠂‍ ᠤᠤᠯ ‍ᠤᠨ ᠡᠾᠸᠪᠸᠢ ‍ᠤᠨ ᠲᠠᠷᠢᠶᠠᠯᠠᠩ ‍ᠤᠨ ᠳᠡᠭᠡᠳᠦ ᠰᠤᠷᠭᠠᠭᠤᠯᠢ ‍᠂‍ ᠫᠢᠩ ᠶᠤᠸᠠᠨ ᠲᠠᠷᠢᠶᠠᠯᠠᠩ ‍ᠤᠨ ᠳᠡᠭᠡᠳᠦ ᠰᠤᠷᠭᠠᠭᠤᠯᠢ ᠶ᠋ᠢᠨ ᠮᠠᠯ ᠠᠵᠦ ᠠᠬᠤᠢ ᠮᠠᠯ ᠡᠮᠨᠡᠯᠭᠡ ᠶ᠋ᠢᠨ ᠰᠠᠯᠪᠤᠷᠢ ᠪᠤᠯᠤᠨ ᠱᠠᠨ ᠰᠢ ᠶ᠋ᠢᠨ ᠲᠠᠷᠢᠶᠠᠯᠠᠩ ‍ᠤᠨ ᠳᠡᠭᠡᠳᠦ ᠰᠤᠷᠭᠠᠭᠤᠯᠢ ᠶ᠋ᠢᠨ ᠮᠠᠯ ᠡᠮᠨᠡᠯᠭᠡ ᠶ᠋ᠢᠨ ᠲᠤᠰᠬᠠᠢ ᠮᠡᠷᠭᠡᠵᠢᠯ  ᠨᠢ ᠬᠦᠬᠡᠬᠠᠥᠲᠡ ᠳ᠋ᠥ ᠨᠡᠬᠦᠨ ᠢᠷᠡᠵᠦ ‍᠂‍ ᠥᠪᠦᠷ ᠮᠣᠩᠭᠣᠯ ‍ᠤᠨ ᠠᠩᠬᠠᠳᠠᠭᠴᠢ ᠵᠢᠩᠬᠢᠨᠢ ᠠᠩᠬᠢ ᠶ᠋ᠢᠨ ᠳᠡᠭᠡᠳᠤ ᠰᠤᠷᠭᠠᠭᠤᠯᠢ ‍―‍ ᠥᠪᠦᠷ ᠮᠣᠩᠭᠣᠯ ‍ᠤᠨ ᠮᠠᠯ ᠡᠮᠨᠡᠯᠭᠡ ᠶ᠋ᠢᠨ ᠳᠡᠭᠡᠳᠦ ᠰᠤᠷᠭᠠᠭᠤᠯᠢ ᠶ᠋ᠢ ᠪᠠᠶᠢᠭᠤᠯᠵᠠᠢ ‍᠃‍ 1960 ᠤᠨ ᠳ᠋ᠥ ‍᠂‍ ᠥᠪᠦᠷ ᠮᠣᠩᠭᠣᠯ ‍ᠤᠨ ᠮᠠᠯ ᠡᠮᠨᠡᠯᠭᠡ ᠶ᠋ᠢᠨ ᠳᠡᠭᠡᠳᠦ ᠰᠤᠷᠭᠠᠭᠤᠯᠢ ᠨᠢ ᠦ᠋ᠪᠦᠷ ᠮᠣᠩᠭᠣᠯ ‍ᠤᠨ ᠲᠠᠷᠢᠶᠠᠯᠠᠩ ᠮᠠᠯ ᠠᠵᠦ ᠠᠬᠤᠢ ᠶ᠋ᠢᠨ ᠳᠡᠭᠡᠳᠦ ᠰᠤᠷᠭᠠᠭᠤᠯᠢ ᠭᠡᠵᠦ ᠨᠡᠷ᠎ᠡ ᠪᠡᠨ ᠦ᠋ᠭᠡᠷᠡᠴᠢᠯᠡᠵᠡᠢ ‍᠃‍ 1958 ᠤᠨ ᠳ᠋ᠥ ‍᠂‍ ᠦ᠋ᠪᠦᠷ ᠮᠣᠩᠭᠣᠯ ‍ᠤᠨ ᠤᠢ ᠰᠢᠭᠤᠢ ᠶ᠋ᠢᠨ ᠳᠡᠭᠡᠳᠦ ᠰᠤᠷᠭᠠᠭᠤᠯᠢ ᠪᠠᠶᠢᠭᠤᠯᠤᠭᠳᠠᠵᠦ ‍᠂‍ ᠲᠡᠷᠡ ᠨᠢ ᠰᠢᠨ᠎ᠡ ᠳᠤᠮᠳᠠᠳᠤ ᠤᠯᠤᠰ ‍ᠤᠨ ᠴᠦᠭᠡᠨ ᠲᠤᠭᠠᠲᠤ ᠦ᠋ᠨᠳᠦᠰᠦᠲᠡᠨ  ᠤ ᠭᠠᠵᠠᠷ ᠤᠷᠤᠨ ᠳ᠋ᠥ ᠪᠠᠶᠢᠭᠤᠯᠤᠭᠰᠠᠨ ᠨᠢᠭᠡᠳᠦᠭᠡᠷ ᠳᠡᠭᠡᠳᠦ ᠵᠡᠷᠭᠡ ᠶ᠋ᠢᠨ ᠤᠢ ᠰᠢᠭᠤᠢ ‍ᠤᠨ ᠰᠤᠷᠭᠠᠭᠤᠯᠢ ᠪᠤᠯᠤᠨ᠎ᠠ ‍᠃‍ ᠰᠤᠷᠭᠠᠭᠤᠯᠢ ᠨᠢ ᠲᠠᠷᠢᠶᠠᠯᠠᠩ ‍ᠢᠶ᠋ᠡᠷ ᠭᠤᠤᠯ ᠪᠣᠯᠭᠠᠵᠦ ‍᠂‍ ᠲᠠᠯ᠎ᠠ ᠨᠤᠲᠤᠭ ‍ᠤᠨ ᠮᠠᠯ ᠠᠵᠤ ᠠᠬᠤᠢ ᠶᠢᠨ ᠦ᠋ᠢᠯᠡᠰ ‍ᠢᠶ᠋ᠡᠷ ᠳᠠᠪᠠᠭᠤᠯᠢᠭ ᠪᠠ ᠤᠨᠴᠠᠯᠢᠭ ‍ᠢᠶ᠋ᠠᠨ ᠪᠤᠯᠭᠠᠭᠰᠠᠨ ᠲᠠᠷᠢᠶᠠᠯᠠᠩ ‍᠂‍ ᠠᠵᠦ ᠦ᠋ᠢᠯᠡᠳᠪᠦᠷᠢ ‍᠂‍ ᠪᠠᠶᠢᠭᠠᠯᠢ ᠶ᠋ᠢᠨ ᠰᠢᠨᠵᠢᠯᠡᠬᠦ ᠤᠬᠠᠭᠠᠨ ‍᠂‍ ᠠᠵᠦ ᠠᠬᠤᠢ ‍᠂‍ ᠬᠠᠮᠢᠶᠠᠷᠤᠯᠲᠠ ‍᠂‍ ᠨᠡᠶᠢᠬᠡᠮ ‍ ᠤᠨ ᠰᠢᠨᠵᠢᠯᠡᠬᠦ ᠤᠬᠠᠭᠠᠨ ‍᠂‍ ᠬᠠᠤᠯᠢ ‍᠂‍ ᠤᠷᠠᠯᠢᠭ ᠵᠡᠷᠭᠡ 8 ᠰᠢᠨᠵᠢᠯᠡᠭᠡᠨ  ᠤ ᠰᠠᠯᠠᠭ᠎᠎ᠠ ᠪᠠᠷ ᠪᠦᠷᠢᠯᠲᠦᠭᠰᠡᠨ ᠣᠯᠠᠨ ᠲᠦᠷᠦᠯ ‍ᠣᠨ ᠰᠢᠨᠵᠢᠯᠡᠭᠡᠨ   ᠤ ᠰᠠᠯᠠᠭ᠎᠎ᠠ ᠪᠦᠬᠦᠢ ᠶᠡᠬᠡ ᠰᠤᠷᠭᠠᠭᠤᠯᠢ ᠪᠤᠯᠤᠨ᠎ᠠ ‍᠃‍ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ