IP ᠬᠠᠶᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

IP ᠬᠠᠶᠠᠭ ᠨᠢ ᠺᠣᠮᠫᠢᠶᠦ᠋ᠲ᠋ᠧᠷ ᠦᠨ ᠰᠦᠯᠵᠢᠶᠡᠨ ᠳᠦ ᠬᠣᠯᠪᠣᠭ᠎ᠠ ᠲᠠᠢ᠂ IP ᠪᠤᠶᠤ Internet Protocol ᠍ ᠢ ᠠᠰᠢᠭᠯᠠᠨ ᠬᠣᠯᠪᠣᠭᠳᠠᠵᠤ ᠪᠠᠶᠢᠭ᠎ᠠ ᠪᠦᠬᠦ ᠲᠥᠬᠥᠭᠡᠷᠦᠮᠵᠢᠨ ᠳᠤ ᠪᠠᠶᠢᠳᠠᠭ ᠲᠣᠭᠠᠨ ᠬᠠᠶᠠᠭ ᠶᠠᠭᠤᠮ᠎ᠠ᠃ IP ᠪᠤᠶᠤ ᠢᠨᠲ᠋ᠧᠷᠨᠡᠲ ᠫᠷᠣᠲ᠋ᠣᠺᠣᠯ ᠨᠢ ᠰᠦᠯᠵᠢᠶᠡᠨ ᠳᠦ ᠪᠠᠶᠢᠭ᠎ᠠ ᠺᠣᠮᠫᠢᠶᠦ᠋ᠲ᠋ᠧᠷ ᠦᠳ ᠬᠡᠷᠬᠢᠨ ᠶᠠᠭᠠᠬᠢᠵᠤ ᠬᠣᠭᠣᠷᠣᠨᠳᠣ ᠪᠠᠨ ᠬᠣᠯᠪᠣᠭᠣᠳᠠᠬᠤ ᠶᠢ ᠦᠵᠡᠭᠦᠯᠳᠡᠭ ᠳᠦᠷᠢᠮ ᠶᠤᠮ᠃ ᠥᠭᠡᠷ᠎ᠡ ᠪᠡᠷ ᠬᠡᠯᠡᠪᠡᠯ ᠥᠪᠡᠷ ᠬᠣᠭᠣᠷᠣᠨᠳᠣ ᠪᠠᠨ ᠶᠠᠷᠢᠯᠴᠠᠳᠠᠭ ᠬᠡᠯᠡ ᠶᠤᠮ᠃ ᠢᠨᠲ᠋ᠧᠷᠨᠡᠲ ᠫᠷᠣᠲ᠋ᠣᠺᠣᠯ ᠤᠨ IPv4 ᠪᠠ IPv6 ᠭᠡᠰᠡᠨ ᠬᠣᠶᠠᠷ ᠬᠤᠪᠢᠯᠪᠤᠷᠢ ᠪᠠᠶᠢᠳᠠᠭ ᠪᠥᠭᠡᠳ ᠲᠤᠰ ᠪᠦᠷᠢ ᠶᠢᠨ ᠬᠠᠶᠠᠭᠯᠠᠯᠲᠠ ᠶᠢᠨ ᠰᠾᠧᠮ ᠥᠭᠡᠷ᠎ᠡ᠃

IP ᠬᠠᠶ᠋ᠢᠭ ᠤᠳ ᠨᠢ ᠬᠣᠶᠠᠷᠲᠤ ᠶᠢᠨ ᠲᠣᠭᠠᠯᠠᠯ ᠢᠶᠠᠷ ᠬᠠᠳᠠᠭᠠᠯᠠᠭᠳᠠᠳᠠᠭ ᠪᠣᠯᠪᠠᠴᠤ ᠳᠡᠯᠭᠡᠴᠡᠨ ᠳᠦ ᠬᠠᠷᠠᠭᠤᠯᠬᠤ ᠳᠤ ᠪᠠᠨ ᠬᠦᠨᠳᠦ ᠢᠯᠡᠭᠦᠦ ᠣᠶᠢᠯᠠᠭᠠᠮᠵᠢᠲᠠᠢ 192.168.0.1 (IPv4) ᠡᠰᠡᠪᠡᠯ 2001:db8:0:1234:0:567:1:1 (IPv6) ᠭᠡᠬᠦ ᠮᠡᠲᠦ ᠬᠡᠯᠪᠡᠷᠢ ᠪᠡᠷ ᠭᠠᠷᠭᠠᠳᠠᠭ᠃ IP ᠬᠠᠶ᠋ᠢᠭ ᠤᠨ ᠡᠭᠦᠷᠭᠡ ᠶᠢ ᠳᠠᠷᠠᠭᠠᠬᠢ ᠬᠡᠯᠪᠡᠷᠢ ᠪᠡᠷ ᠲᠣᠳᠣᠷᠬᠠᠶᠢᠯᠠᠵᠠᠢ: "ᠨᠡᠷ᠎ᠡ ᠨᠢ ᠪᠢᠳᠡᠨ ᠦ ᠬᠠᠶᠢᠵᠤ ᠪᠠᠶᠢᠭ᠎ᠠ ᠵᠦᠢᠯ ᠢ ᠲᠣᠳᠣᠷᠬᠠᠶᠢᠯᠠᠳᠠᠭ᠃ ᠬᠠᠶᠠᠭ (address) ᠨᠢ ᠬᠠᠮᠢᠭ᠎ᠠ ᠪᠠᠶᠢᠭ᠎ᠠ ᠶᠢ ᠨᠢ ᠬᠠᠷᠠᠭᠤᠯᠳᠠᠭ᠃ ᠵᠠᠮ (route) ᠨᠢ ᠶᠠᠭᠠᠬᠢᠵᠤ ᠲᠡᠨᠳᠡ ᠣᠴᠢᠬᠤ ᠶᠢ ᠬᠠᠷᠠᠭᠤᠯᠳᠠᠭ ᠶᠤᠮ᠃"

TCP/IP ᠍ ᠢ ᠠᠩᠬ᠎ᠠ ᠵᠣᠬᠢᠶᠠᠨ ᠪᠦᠲᠦᠭᠡᠬᠦ ᠳᠦ ᠪᠡᠨ IP ᠬᠠᠶ᠋ᠢᠭ ᠢ 32 ᠍ ᠪᠢ ᠳᠦ ᠲᠣᠭ᠎ᠠ ᠪᠠᠷ ᠲᠣᠳᠣᠷᠬᠠᠶᠢᠯᠠᠭᠰᠠᠨ ᠪᠥᠭᠡᠳ Internet Protocol Version 4 (IPv4) ᠪᠤᠶᠤ IPv4 ᠬᠤᠪᠢᠯᠪᠤᠷᠢ ᠨᠡᠷ᠎ᠡ ᠪᠡᠷ ᠣᠳᠣ ᠴᠤ ᠭᠡᠰᠡᠨ ᠬᠡᠷᠡᠭᠯᠡᠭᠳᠡᠭᠰᠡᠭᠡᠷ ᠪᠠᠶᠢᠭ᠎ᠠ ᠪᠣᠯᠤᠨ᠎ᠠ᠃ ᠭᠡᠰᠡᠨ ᠬᠡᠳᠦᠢ ᠴᠤ ᠢᠨᠲ᠋ᠧᠷᠨᠡᠲ ᠦᠨ ᠬᠤᠷᠳᠤᠴᠠ ᠲᠠᠢ ᠥᠰᠦᠯᠲᠡ ᠶᠢᠨ ᠤᠯᠠᠮ ᠠᠴᠠ IPv4 ᠬᠠᠶ᠋ᠢᠭ ᠤᠨ ᠨᠥᠭᠡᠴᠡ ᠬᠦᠷᠦᠯᠴᠡᠭᠡ ᠦᠭᠡᠢ ᠪᠣᠯᠵᠤ ᠪᠠᠶᠢᠭ᠎ᠠ ᠤᠴᠢᠷ ᠠᠴᠠ ᠰᠢᠨ᠎ᠡ ᠬᠠᠶ᠋ᠢᠭ ᠤᠨ ᠰᠢᠰᠲ᠋ᠧᠮ - IPv6 ᠍ ᠶᠢ 128 ᠪᠢ ᠳᠦ ᠬᠡᠷᠡᠭᠯᠡᠨ ᠪᠣᠯᠪᠠᠰᠤᠷᠠᠭᠤᠯᠵᠠᠢ᠃

ᠢᠨᠲ᠋ᠧᠷᠨᠡᠲ ᠫᠷᠣᠲ᠋ᠣᠺᠣᠯ ᠨᠢ ᠰᠦᠯᠵᠢᠶ᠎ᠡ ᠨᠦᠭᠦᠳ ᠦᠨ ᠬᠣᠭᠣᠷᠣᠨᠳᠣ ᠮᠡᠳᠡᠭᠡᠯᠡᠯ ᠦᠨ ᠪᠠᠭᠴᠠ ᠨᠤᠭᠤᠳ ᠢ ᠴᠢᠭᠯᠡᠭᠦᠯᠬᠦ ᠡᠭᠦᠷᠭᠡ ᠲᠡᠢ ᠪᠥᠭᠡᠳ IP ᠬᠠᠶ᠋ᠢᠭ ᠤᠳ ᠨᠢ ᠰᠦᠯᠵᠢᠶᠡᠨ ᠦ ᠪᠦᠲᠦᠴᠡ᠂ ᠵᠠᠮ ᠳᠡᠭᠡᠷ᠎ᠡ ᠮᠡᠳᠡᠭᠡᠯᠡᠯ ᠦᠨ ᠡᠬᠢ ᠡᠭᠦᠰᠪᠦᠷᠢ ᠪᠣᠯᠤᠨ ᠬᠦᠷᠬᠦ ᠲᠥᠬᠥᠭᠡᠷᠦᠮᠵᠢ ᠶᠢᠨ ᠪᠠᠶᠢᠷᠢᠯᠠᠯ ᠢ ᠲᠣᠳᠣᠷᠬᠠᠶᠢᠯᠠᠵᠤ ᠪᠠᠶᠢᠳᠠᠭ᠃ ᠡᠨᠡ ᠵᠣᠷᠢᠯᠭ᠎ᠠ ᠪᠠᠷ IP ᠬᠠᠶᠠᠭᠠᠨ ᠤ ᠵᠠᠷᠢᠮ ᠪᠢᠲᠡᠭᠦᠦ ᠳᠦ ᠨᠢ ᠰᠠᠪᠨ᠎ᠡ ᠳᠦ ᠪᠤᠶᠤ ᠳᠡᠳ᠋ ᠰᠦᠯᠵᠢᠶ᠎ᠡ ᠶᠢ ᠲᠣᠳᠣᠷᠬᠠᠶᠢᠯᠠᠬᠤ ᠳᠤ ᠬᠡᠷᠡᠭᠯᠡᠭᠳᠡᠳᠡᠭ᠃ CIDR (Classless Inter-Domain Routing) ᠪᠢᠴᠢᠯᠭᠡ ᠪᠡᠷ ᠪᠣᠯ ᠳᠡᠳ᠋ ᠰᠦᠯᠵᠢᠶ᠎ᠡ ᠶᠢ ᠲᠣᠳᠣᠷᠬᠠᠶᠢᠯᠠᠭᠴᠢ ᠪᠢᠲ ᠢ IP ᠬᠠᠶᠠᠭᠠᠨ ᠤ ᠠᠷᠠᠳ 192.168.100.1/16 ᠪᠠᠶᠢᠳᠠᠯ ᠢᠶᠠᠷ ᠲᠡᠮᠳᠡᠭᠯᠡᠳᠡᠭ᠃ IP ᠬᠠᠶᠠᠭ ᠨᠢ ᠳᠣᠲᠣᠭᠠᠳᠤ (ᠳᠣᠲᠣᠭᠠᠳᠤ ᠰᠦᠯᠵᠢᠶᠡᠨ ᠳᠦ ᠬᠡᠷᠡᠭᠯᠡᠬᠦ) ᠪᠣᠯᠤᠨ ᠭᠠᠳᠠᠭᠠᠳᠤ (ᠢᠨᠲ᠋ᠧᠷᠨᠡᠲ᠂ WAN ᠰᠦᠯᠵᠢᠶᠡᠨ ᠳᠦ) ᠪᠠᠶᠢᠵᠤ ᠪᠣᠯᠤᠨ᠎ᠠ᠃

IP ᠬᠠᠶᠠᠭᠠᠨ ᠤ ᠡᠬᠢᠨ ᠦᠶ᠎ᠡ ᠶᠢᠨ ᠰᠲ᠋ᠠᠨᠳᠠᠷᠲ ᠤᠳ ᠲᠤ IP ᠬᠠᠶ᠋ᠢᠭ ᠢ ᠡᠭᠦᠨ ᠢ ᠺᠣᠮᠫᠢᠶᠦ᠋ᠲ᠋ᠧᠷ ᠡᠰᠡᠪᠡᠯ ᠰᠦᠯᠵᠢᠶᠡᠨ ᠦ ᠲᠥᠬᠥᠭᠡᠷᠦᠮᠵᠢ ᠲᠤᠰ ᠪᠦᠷᠢ ᠳᠦ ᠣᠨᠴᠠᠭᠠᠢ ᠪᠠᠷ ᠵᠢᠭᠠᠵᠤ ᠥᠭᠭᠦᠭᠰᠡᠨ ᠪᠠᠶᠢᠬᠤ ᠪᠠᠷ ᠲᠥᠯᠥᠪᠯᠡᠵᠦ ᠪᠠᠶᠢᠴᠠᠢ᠃ ᠭᠡᠰᠡᠨ ᠬᠡᠳᠦᠢ ᠴᠤ ᠬᠤᠪᠢ ᠶᠢᠨ ᠪᠤᠶᠤ ᠳᠣᠲᠣᠭᠠᠳᠤ ᠰᠦᠯᠵᠢᠶ᠎ᠡ ᠨᠦᠭᠦᠳ ᠣᠯᠠᠨ ᠢᠶᠠᠷ ᠭᠠᠷᠴᠤ ᠢᠷᠡᠬᠦ ᠳᠦ ᠵᠠᠪᠠᠯ ᠲᠤᠰ ᠲᠤᠰ ᠲᠤ ᠪᠠᠨ IP ᠬᠠᠶ᠋ᠢᠭ ᠲᠠᠢ ᠪᠠᠶᠢᠬᠤ ᠨᠢ ᠬᠦᠷᠦᠯᠴᠡᠭᠡ ᠦᠭᠡᠢ ᠪᠣᠯᠬᠣᠷ ᠪᠠᠶᠢᠭᠰᠠᠨ ᠲᠤᠯᠠ RFC 1918 ᠰᠲ᠋ᠠᠨᠳᠠᠷᠲ ᠭᠠᠷᠭᠠᠭᠰᠠᠨ ᠪᠥᠭᠡᠳ ᠡᠨᠡ ᠰᠲ᠋ᠠᠨᠳᠠᠷᠲ ᠤᠨ ᠳᠠᠭᠠᠤ ᠬᠡᠨ ᠴᠤ᠂ ᠬᠠᠮᠢᠭ᠎ᠠ ᠴᠤ ᠳᠣᠲᠣᠭᠠᠳᠤ ᠰᠦᠯᠵᠢᠶᠡᠨ ᠳᠦ ᠪᠡᠨ ᠬᠡᠷᠡᠭᠯᠡᠵᠦ ᠪᠣᠯᠬᠣᠷ ᠳᠣᠲᠣᠭᠠᠳᠤ IP ᠬᠠᠶ᠋ᠢᠭ ᠤᠳ ᠢ ᠲᠣᠳᠣᠷᠬᠠᠶᠢᠯᠠᠵᠤ ᠥᠭᠭᠦᠭᠰᠡᠨ᠃ ᠬᠠᠷᠢᠨ ᠡᠳᠡᠭᠡᠷ ᠳᠣᠲᠣᠭᠠᠳᠤ ᠰᠦᠯᠵᠢᠶ᠎ᠡ ᠨᠦᠭᠦᠳ ᠨᠢ ᠢᠨᠲ᠋ᠧᠷᠨᠡᠲ ᠲᠦ ᠬᠠᠨᠳᠤᠬᠤ ᠳᠤ ᠪᠠᠨ NAT ᠪᠤᠶᠤ Network Address Translation ᠠᠰᠢᠭᠯᠠᠨ ᠨᠢᠭᠡᠳᠦᠭᠰᠡᠨ ᠨᠢᠭᠡ ᠭᠠᠳᠠᠭᠠᠳᠤ ᠬᠠᠶ᠋ᠢᠭ ᠢᠶᠠᠷ ᠬᠠᠨᠳᠤᠵᠤ ᠪᠣᠯᠳᠠᠭ ᠪᠠᠶᠢᠨ᠎ᠠ᠃

ᠳᠡᠯᠡᠬᠡᠢ ᠳᠡᠭᠡᠷᠡᠬᠢ IP ᠬᠠᠶᠠᠭᠠᠨ ᠤ ᠵᠣᠬᠢᠶᠠᠨ ᠪᠠᠶᠢᠭᠤᠯᠤᠯᠲᠠ᠂ ᠪᠦᠷᠢᠳᠬᠡᠯ ᠢ Internet Assigned Numbers Authority (IANA) ᠪᠠᠶᠢᠭᠤᠯᠤᠯᠭ᠎ᠠ ᠬᠠᠷᠢᠭᠤᠴᠠᠳᠠᠭ᠃ ᠡᠨᠡ ᠪᠠᠶᠢᠭᠤᠯᠤᠯᠭ᠎ᠠ ᠪᠥᠰᠡ ᠨᠤᠲᠤᠭ ᠤᠨ 5 ᠪᠦᠷᠢᠳᠬᠡᠯ ᠦᠨ ᠪᠠᠶᠢᠭᠤᠯᠤᠯᠭ᠎ᠠ ᠲᠠᠢ ᠬᠠᠮᠲᠤᠷᠠᠨ ᠤᠯᠤᠰ ᠤᠯᠤᠰ ᠤᠨ ᠢᠨᠲ᠋ᠧᠷᠨᠡᠲ ᠦᠨ ᠦᠢᠯᠡᠴᠢᠯᠡᠭᠡ ᠦᠵᠡᠭᠦᠯᠦᠭᠴᠢ (ISP) ᠪᠠᠶᠢᠭᠤᠯᠤᠯᠭ᠎ᠠ ᠨᠤᠭᠤᠳ ᠪᠣᠯᠤᠨ ᠪᠤᠰᠤᠳ ᠲᠠᠯ ᠤᠳ ᠲᠤ IP ᠬᠠᠶ᠋ᠢᠭ ᠤᠳ ᠢ ᠬᠤᠪᠢᠶᠠᠷᠢᠯᠠᠨ ᠥᠭᠳᠡᠭ᠃

ᠬᠤᠪᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

IPv4[ᠵᠠᠰᠠᠪᠤᠷᠢᠯᠠᠬᠤ | ᠺᠣᠳ᠋ ᠢᠶᠠᠷ ᠵᠠᠰᠠᠬᠣ]

IPv4 ᠬᠠᠶᠠᠭᠠᠨ ᠤ ᠪᠦᠲᠦᠴᠡ

IPv4 ᠨᠢ ᠢᠨᠲ᠋ᠧᠷᠨᠡᠲ ᠫᠷᠣᠲ᠋ᠣᠺᠣᠯ ᠤᠨ ᠠᠩᠬᠠᠨ ᠤ ᠬᠤᠪᠢᠯᠪᠤᠷᠢ ᠶᠤᠮ᠃ ᠥᠨᠥ ᠴᠠᠭ ᠲᠤ ᠬᠠᠮᠤᠭ ᠤᠨ ᠥᠷᠭᠡᠨ ᠬᠡᠷᠡᠭᠯᠡᠭᠳᠡᠵᠦ ᠪᠠᠶᠢᠭ᠎ᠠ ᠫᠷᠣᠲ᠋ᠣᠺᠣᠯ ᠶᠤᠮ᠃ IPv4 ᠬᠤᠪᠢᠯᠪᠤᠷᠢ ᠨᠢ ᠨᠡᠶᠢᠲᠡ ᠳᠦ ᠪᠡᠨ 4,294,967,296 ᠬᠠᠶᠠᠭᠠᠨ ᠤ ᠰᠠᠩ ᠲᠠᠢ᠃ ᠡᠨᠡ ᠲᠣᠭᠠᠨ ᠠᠴᠠ ᠴᠢᠨᠠᠭᠰᠢ ᠶᠠᠪᠤᠬᠤ ᠪᠣᠯᠤᠮᠵᠢ ᠦᠭᠡᠢ ᠶᠤᠮ᠃ ᠥᠨᠥᠳᠥᠷ ᠦᠨ ᠪᠠᠶᠢᠳᠠᠯ ᠢᠶᠠᠷ ᠳᠡᠯᠡᠬᠡᠢ ᠶᠢᠨ ᠢᠨᠲ᠋ᠧᠷᠨᠡᠲ ᠦᠨ ᠶᠡᠬᠡᠩᠬᠢ ᠤᠷᠤᠰᠬᠠᠯ ᠢ ᠡᠨᠡ ᠬᠤᠪᠢᠯᠪᠤᠷᠢ ᠶᠢᠨ ᠬᠠᠶᠠᠭᠲᠤ ᠲᠠᠢ ᠬᠡᠷᠡᠭᠯᠡᠭᠴᠢ ᠡᠵᠡᠯᠡᠵᠦ ᠪᠠᠶᠢᠨ᠎ᠠ᠃

IPv6[ᠵᠠᠰᠠᠪᠤᠷᠢᠯᠠᠬᠤ | ᠺᠣᠳ᠋ ᠢᠶᠠᠷ ᠵᠠᠰᠠᠬᠣ]

IPv6 ᠬᠠᠶᠠᠭᠠᠨ ᠤ ᠪᠦᠲᠦᠴᠡ

ᠡᠨᠡ ᠬᠤᠪᠢᠯᠪᠤᠷᠢ ᠨᠢ ᠥᠨᠥ ᠴᠠᠭ ᠤᠨ ᠥᠰᠦᠨ ᠨᠡᠮᠡᠭᠳᠡᠵᠦ ᠪᠠᠶᠢᠭ᠎ᠠ ᠢᠨᠲ᠋ᠧᠷᠨᠡᠲ ᠬᠣᠣᠰᠲ ᠤᠳ ᠢ ᠬᠠᠶ᠋ᠢᠭᠯᠠᠬᠤ ᠮᠠᠰᠢ ᠣᠯᠠᠨ ᠲᠣᠭᠠᠨ ᠤ ᠲᠣᠭ᠎ᠠ ᠲᠣᠶᠢᠮᠣᠰᠢ ᠦᠭᠡᠢ ᠬᠠᠶ᠋ᠢᠭ ᠤᠨ ᠰᠠᠩ ᠲᠠᠢ ᠶᠤᠮ᠃ ᠮᠥᠨ ᠪᠤᠰᠤᠳ ᠣᠯᠠᠨ ᠪᠣᠯᠤᠮᠵᠢ᠂ ᠪᠣᠯᠤᠯᠴᠠᠭ᠎ᠠ ᠲᠠᠢ᠃ ᠡᠨᠡ ᠬᠣᠶᠠᠷ ᠬᠤᠪᠢᠯᠪᠤᠷᠢ ᠶᠢᠨ ᠭᠣᠣᠯ ᠢᠯᠭᠠᠭ᠎ᠠ ᠨᠢ: ᠬᠠᠶᠠᠭᠯᠠᠯᠲᠠ ᠶᠢᠨ ᠲᠣᠭᠠᠨ ᠳᠤ ᠪᠠᠨ ᠯᠠ ᠪᠠᠶᠢᠭ᠎ᠠ ᠶᠤᠮ᠃ IPv4 ᠬᠤᠪᠢᠯᠪᠤᠷᠢ ᠨᠢ ᠶᠡᠷᠦ ᠳᠡᠭᠡᠨ ᠯᠠ 4,294,967,296 ᠬᠠᠶ᠋ᠢᠭ ᠤᠨ ᠰᠠᠩ ᠲᠠᠢ ᠪᠣᠯ IPv6 ᠬᠤᠪᠢᠯᠪᠤᠷᠢ ᠨᠢ 340,282,366,920,938,463,374,607,431,768,211,456 ᠬᠠᠶ᠋ᠢᠭ ᠤᠨ ᠰᠠᠩ ᠲᠠᠢ᠃ IPv4 ᠍ ᠡᠴᠡ IPv6 ᠷᠤ ᠰᠢᠯᠵᠢᠬᠦ ᠴᠢᠨᠠᠭᠰᠢᠳᠠ ᠢᠨᠲ᠋ᠧᠷᠨᠡᠲ ᠦᠨ ᠦᠢᠯᠡᠴᠢᠯᠡᠭᠡ ᠦᠵᠡᠭᠦᠯᠦᠭᠴᠢ ᠺᠣᠮᠫᠠᠨᠢ ᠨᠤᠭᠤᠳ IPv4 ᠬᠠᠶ᠋ᠢᠭ ᠤᠨ ᠳᠤᠲᠠᠭᠳᠠᠯ ᠠᠴᠠ ᠪᠣᠯᠵᠤ IPv6 ᠷᠤ ᠰᠢᠯᠵᠢᠬᠦ ᠡᠴᠡ ᠥᠭᠡᠷ᠎ᠡ ᠭᠠᠷᠴᠠ ᠦᠭᠡᠢ ᠪᠣᠯᠵᠤ ᠪᠠᠶᠢᠨ᠎ᠠ᠃ ᠳᠡᠯᠡᠬᠡᠢ ᠶᠢᠨ ᠣᠯᠠᠨ ᠢᠨᠲ᠋ᠧᠷᠨᠡᠲ ᠦᠢᠯᠡᠴᠢᠯᠡᠭᠡᠨ ᠦ ᠺᠣᠮᠫᠠᠨᠢ ᠨᠤᠭᠤᠳ IPv4 ᠍ ᠡᠴᠡ IPv6 ᠷᠤ ᠰᠢᠯᠵᠢᠬᠦ ᠥᠪᠡᠷ ᠥᠪᠡᠷ ᠦᠨ ᠲᠠᠺᠲ᠋ᠢᠺ ᠲᠥᠯᠥᠪᠯᠡᠭᠡ ᠪᠡᠨ ᠪᠣᠯᠪᠠᠰᠤᠷᠠᠭᠤᠯᠤᠨ ᠰᠢᠯᠵᠢᠵᠦ ᠪᠠᠶᠢᠨ᠎ᠠ

http://wiki.uhaan.com/index.php?title=IP_ᠬᠠᠶᠠᠭ&oldid=382669》 ᠍  ᠡᠴᠡ ᠠᠪᠤᠭᠰᠠᠨ

ᠪᠢᠴᠢᠭᠡᠰᠦ