ᠾᠷᠢᠰᠲ᠋ᠣᠰ ᠤᠨ ᠱᠠᠰᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠠᠬᠢᠨ ᠠᠮᠢᠯᠠᠭᠰᠠᠨ ᠨᠢ

ᠾᠷᠢᠰᠲ᠋ᠣᠰ ᠤᠨ ᠱᠠᠰᠢᠨ ᠡᠰᠡᠪᠡᠯ ᠾᠷᠢᠰᠲ᠋ ᠢᠳᠡᠬᠡᠯ (ХристИтгэл) ᠨᠢ ᠢᠰᠦ᠋ᠰ ᠾᠷᠢᠰᠲ᠋ ᠭᠡᠬᠦ ᠪᠤᠷᠬᠠᠨ ᠤ ᠬᠦᠦ᠂ ᠬᠦᠮᠦᠨ ᠲᠥᠷᠥᠯᠬᠢᠲᠡᠨ ᠢ ᠠᠪᠤᠷᠠᠬᠤ ᠪᠠᠷ ᠮᠧᠰᠰᠢᠶᠠ (ᠢᠪᠡᠷᠡᠢ ᠪᠡᠷ ᠠᠪᠤᠷᠠᠭᠴᠢ) ᠢᠷᠡᠵᠦ ᠠᠪᠤᠷᠠᠨ᠎ᠠ ᠭᠡᠰᠡᠨ ᠣᠨᠣᠯ ᠢ ᠵᠢᠭᠠᠭᠠᠳᠠᠭ ᠱᠠᠰᠢᠨ/ᠢᠲᠡᠭᠡᠯ᠃ ᠲᠣᠭᠠᠴᠠᠭ᠎ᠠ ᠪᠠᠷ ᠨᠡᠶᠢᠲᠡ ᠳᠡᠯᠡᠬᠡᠢ ᠶᠢᠨ ᠬᠦᠮᠦᠨ ᠠᠮᠠ ᠶᠢᠨ 1.5 ᠲᠡᠷᠪᠤᠮ ᠠᠴᠠ 2.1 ᠲᠡᠷᠪᠤᠮ ᠬᠦᠮᠦᠨ ᠨᠢ ᠾᠷᠢᠰᠲ᠋ᠢᠳᠬᠡᠯ ᠳᠦ ᠢᠲᠡᠭᠡᠳᠡᠭ ᠪᠠ ᠡᠨᠡ ᠨᠢ ᠳᠡᠯᠡᠬᠡᠢ ᠶᠢᠨ ᠨᠡᠶᠢᠲᠡ ᠬᠦᠮᠦᠨ ᠠᠮᠠ ᠶᠢᠨ 33.32% ᠶᠤᠮ᠃ ᠠᠩᠬᠠᠨ ᠤ ᠾᠷᠢᠰᠲ᠋ᠢᠳᠬᠡᠯ ᠴᠢᠭᠤᠯᠭᠠᠨ ᠨᠢ ᠭᠠᠭᠴᠠ ᠰᠤᠷᠭᠠᠯ᠂ ᠭᠠᠭᠴᠠ ᠤᠷᠤᠰᠬᠠᠯ ᠲᠠᠢ ᠪᠠᠶᠢᠭᠰᠠᠨ ᠪᠣᠯᠪᠠᠴᠤ ᠾᠷᠢᠰᠲ᠋ᠢᠳᠬᠡᠯ ᠦᠨ ᠲᠡᠦᠬᠡᠨ ᠳᠦ ᠪᠢᠪᠯᠢ ᠶᠢᠨ ᠲᠠᠶᠢᠯᠪᠤᠷᠢ᠂ ᠣᠨᠣᠯ ᠰᠤᠷᠭᠠᠯ ᠠᠴᠠ ᠣᠯᠠᠨ ᠤᠷᠤᠰᠬᠠᠯ ᠳᠤ ᠬᠤᠪᠢᠶᠠᠭᠳᠠᠭᠰᠠᠨ᠃ ᠬᠠᠮᠤᠭ ᠤᠨ ᠲᠣᠮᠣ 3 ᠤᠷᠤᠰᠬᠠᠯ ᠨᠢ ᠺᠠᠲ᠋ᠣᠯᠢᠭ(天主教)᠂ ᠣᠲᠣᠳᠣᠺᠰ(東正教)᠂ ᠫᠷᠣᠲ᠋ᠧᠰᠲ᠋ᠠᠨᠲ ( 新教) ᠪᠣᠯᠤᠨ᠎ᠠ᠃ ᠮᠣᠩᠭᠣᠯ ᠬᠡᠯᠡᠨ ᠳᠦ ᠨᠡᠷᠡᠰᠢᠯ ᠢ ᠾᠷᠢᠰᠲ᠋ᠢᠳᠬᠡᠯ᠂ ᠾᠷᠢᠰᠲ ᠤᠨ ᠱᠠᠰᠢᠨ᠂ ᠾᠷᠢᠰᠲ᠋ᠦ᠋ᠰ ᠭᠡᠬᠦ ᠮᠡᠲᠦ ᠪᠡᠷ ᠨᠡᠷᠡᠯᠡᠭᠰᠡᠨ ᠪᠠᠶᠢᠳᠠᠭ ᠪᠥᠭᠡᠳ ᠡᠳᠡᠭᠡᠷ ᠡᠴᠡ ᠾᠷᠢᠰᠲ᠋ᠢᠳᠬᠡᠯ ᠨᠢ ᠵᠥᠪ ᠭᠡᠵᠦ ᠦᠵᠡᠳᠡᠭ᠃ ᠤᠴᠢᠷ ᠨᠢ ᠾᠷᠢᠰᠲ ᠲᠦ ᠢᠲᠡᠭᠡᠳᠡᠭ ᠤᠴᠢᠷ ᠠᠴᠠ ᠪᠤᠶᠤ ᠢᠲᠡᠭᠡᠯ ᠨᠢ ᠾᠷᠢᠰᠲ ᠲᠦ ᠪᠠᠶᠢᠭᠰᠠᠨ ᠲᠤᠯᠠ ᠾᠷᠢᠰᠲ᠋ᠢᠳᠬᠡᠯ ᠭᠡᠳᠡᠭ ᠨᠡᠷ᠎ᠡ ᠲᠣᠮᠢᠶ᠎ᠠ ᠢᠯᠡᠭᠦᠦ ᠣᠶᠢᠷ᠎ᠠ ᠪᠠᠭᠤᠳᠠᠭ᠃

ᠰᠤᠳᠤᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠷᠢᠰᠲ᠋ᠢᠳᠬᠡᠯ ᠨᠢ ᠪᠢᠪᠯᠢ ᠭᠡᠬᠦ ᠰᠤᠳᠤᠷ ᠢ ᠬᠡᠷᠡᠭᠯᠡᠳᠡᠭ ᠪᠥᠭᠡᠳ ᠡᠨᠡ ᠨᠢ ᠬᠠᠭᠤᠴᠢᠨ ᠭᠡᠷ᠎ᠡ ᠪᠠ ᠰᠢᠨ᠎ᠡ ᠭᠡᠷ᠎ᠡᠭᠡᠰᠡᠨ 2 ᠪᠣᠲᠢ ᠳᠤ ᠬᠤᠪᠢᠶᠠᠭᠳᠠᠳᠠᠭ᠃ 1600 ᠵᠢᠯ ᠦᠨ ᠲᠤᠷᠰᠢᠳᠠ ᠨᠡᠶᠢᠲᠡ 40 ᠭᠠᠷᠤᠢ ᠪᠢᠴᠢᠭᠴᠢ ᠪᠡᠷ ᠪᠢᠴᠢᠭᠳᠡᠭᠰᠡᠨ ᠶᠤᠮ᠃

ᠬᠠᠭᠤᠴᠢᠨ ᠭᠡᠷ᠎ᠡ ᠨᠢ ᠶᠡᠰᠦᠰ ᠾᠷᠢᠰᠲ᠋ ᠍ ᠡᠴᠡ ᠡᠮᠦᠨᠡᠬᠢ ᠦᠶ᠎ᠡ ᠶᠢᠨ ᠢᠰᠤᠶᠢᠯᠴᠤᠳ ᠤᠨ ᠲᠡᠦᠬᠡ ᠶᠢ ᠦᠭᠦᠯᠡᠭᠰᠡᠨ ᠪᠠᠶᠢᠳᠠᠭ ᠪᠥᠭᠡᠳ ᠢᠭᠴᠢᠶᠢᠰᠮ ᠤᠨ ᠬᠡᠯᠪᠡᠷᠢ ᠪᠡᠷ ᠪᠢᠴᠢᠭᠳᠡᠭᠰᠡᠨ ᠢᠪᠡᠷᠡᠢ ᠪᠢᠪᠯᠢ ᠶᠤᠮ᠃ ᠤᠭ ᠨᠣᠮ ᠳᠤ ᠪᠤᠷᠬᠠᠨ ᠳᠡᠯᠡᠬᠡᠢ ᠶᠢ ᠪᠦᠲᠦᠭᠡᠭᠰᠡᠨ ᠪᠣᠯᠤᠨ ᠬᠦᠮᠦᠨ ᠢ ᠪᠦᠲᠦᠭᠡᠭᠰᠡᠨ᠂ ᠬᠦᠮᠦᠨ ᠲᠥᠷᠥᠯᠬᠢᠲᠡᠨ ᠭᠡᠮ ᠳᠦ ᠤᠨᠠᠭᠰᠠᠨ ᠤ ᠮᠥᠨ ᠴᠢᠨᠠᠷ᠂ ᠲᠡᠳᠡᠭᠡᠷ ᠡᠴᠡ ᠡᠭᠦᠳᠬᠦ ᠬᠣᠣᠷ ᠤᠷᠰᠢᠭ ᠵᠡᠷᠭᠡ ᠶᠢ ᠥᠭᠥᠯᠡᠬᠦ ᠡᠴᠡ ᠭᠠᠳᠠᠨ᠎ᠠ ᠢᠰᠤᠶᠢᠯᠴᠤᠳ ᠤᠨ ᠲᠡᠦᠬᠡ᠂ ᠠᠮᠢᠳᠤᠷᠠᠯ᠂ ᠶᠣᠬᠠᠪᠠ ᠪᠤᠷᠬᠠᠨ ᠤ ᠰᠤᠷᠭᠠᠯ ᠵᠡᠷᠭᠡ ᠶᠢ ᠦᠭᠦᠯᠡᠳᠡᠭ᠃ ᠺᠠᠲ᠋ᠣᠯᠢᠭ ᠬᠠᠭᠤᠴᠢᠨ ᠭᠡᠷ᠎ᠡ ᠨᠢ 46 ᠨᠣᠮ᠂ ᠣᠲᠣᠳᠣᠺᠰ ᠬᠠᠭᠤᠴᠢᠨ ᠭᠡᠷ᠎ᠡ 50᠂ ᠫᠷᠣᠲ᠋ᠧᠰᠲ᠋ᠠᠨᠲ ᠬᠠᠭᠤᠴᠢᠨ ᠭᠡᠷ᠎ᠡ ᠨᠢ 39 ᠨᠣᠮ ᠲᠠᠢ᠃

ᠰᠢᠨ᠎ᠡ ᠭᠡᠷ᠎ᠡ ᠨᠢ ᠾᠷᠢᠰᠲ᠋ᠢ ᠶᠢ ᠡᠨᠡ ᠳᠡᠯᠡᠬᠡᠢ ᠳᠦ ᠮᠡᠨᠳᠦᠯᠡᠭᠰᠡᠨ ᠡᠴᠡ ᠬᠣᠶᠢᠰᠢᠬᠢ ᠲᠡᠦᠬᠡ ᠶᠢ ᠦᠭᠦᠯᠡᠳᠡᠭ ᠪᠥᠭᠡᠳ ᠰᠠᠶᠢᠨ ᠮᠡᠳᠡᠭᠡᠨ ᠦ 4 ᠨᠣᠮ᠂ ᠳᠠᠭᠠᠯᠳᠤᠭᠴᠢᠳ ᠤᠨ ᠦᠢᠯᠡᠰ᠂ ᠫᠠᠰᠲ᠋ᠣᠷ ᠤᠨ ᠵᠠᠬᠢᠳᠠᠯ ᠤᠳ᠂ ᠡᠰᠢ ᠦᠵᠡᠭᠦᠯᠭᠡ ᠶᠢᠨ ᠰᠡᠳᠦᠪ ᠲᠡᠢ ᠨᠣᠮ ᠤᠳ ᠠᠴᠠ ᠪᠦᠷᠢᠳᠳᠡᠭ᠃ ᠨᠡᠶᠢᠲᠡ 27 ᠨᠣᠮ ᠲᠠᠢ ᠪᠠ ᠡᠬᠢᠨ ᠦᠶ᠎ᠡ ᠶᠢᠨ ᠰᠢᠨ᠎ᠡ ᠭᠡᠷ᠎ᠡ ᠨᠢ ᠢᠪᠡᠷᠡᠢ ᠬᠡᠯᠡ ᠪᠡᠷ ᠪᠢᠴᠢᠭᠳᠡᠭᠰᠡᠨ ᠪᠥᠭᠡᠳ 2 ᠍ ᠳᠦᠭᠡᠷ ᠵᠠᠭᠤᠨ ᠠᠴᠠ ᠯᠠᠲ᠋ᠢᠨ ᠬᠡᠯᠡ ᠤᠷᠤᠭᠤ ᠬᠥᠷᠪᠡᠭᠦᠯᠡᠭᠳᠡᠭᠰᠡᠨ᠃

ᠢᠲᠡᠭᠡᠯ ᠦᠨ ᠲᠤᠯᠭᠠᠭᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠷᠢᠰᠲ᠋ᠢᠳᠬᠡᠯ ᠦᠨ ᠤᠷᠤᠰᠬᠠᠯ ᠪᠦᠷ ᠥᠭᠡᠷ᠎ᠡ ᠥᠭᠡᠷ᠎ᠡ ᠰᠤᠷᠭᠠᠯ ᠣᠨᠣᠯ ᠲᠠᠢ ᠪᠣᠯᠪᠠᠴᠤ ᠳᠠᠷᠠᠭᠠᠬᠢ ᠦᠨᠳᠦᠰᠦᠨ ᠰᠤᠷᠭᠠᠯ ᠤᠳ ᠢ ᠢᠲᠡᠭᠡᠳᠡᠭ᠃ ᠡᠨᠡ ᠨᠢ:

ᠲᠧᠣᠯᠣᠭ ᠤᠨ ᠰᠤᠷᠭᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠭᠠᠭᠴᠠ ᠪᠤᠷᠬᠠᠨᠳᠤ ᠦᠵᠡᠯ ᠪᠤᠶᠤ ᠮᠣᠨᠣᠲ᠋ᠧᠢᠰᠮ: ᠰᠠᠨᠰᠠᠷ ᠣᠭᠲᠠᠷᠭᠤᠢ᠂ ᠣᠷᠴᠢᠯᠠᠩ ᠶᠢᠷᠲᠢᠨᠴᠦ ᠳᠡᠭᠡᠷ᠎ᠡ ᠬᠠᠮᠤᠭ ᠠᠴᠠ ᠳᠡᠭᠡᠷ᠎ᠡ ᠣᠷᠣᠰᠢᠭᠴᠢ ᠭᠠᠭᠴᠠ ᠪᠤᠷᠬᠠᠨ ᠪᠠᠶᠢᠳᠠᠭ ᠭᠡᠵᠦ ᠦᠵᠡᠳᠡᠭ᠃ ᠲᠡᠷᠡ ᠥᠩᠭᠡᠷᠡᠭᠰᠡᠨ ᠳᠦ ᠴᠤ᠂ ᠣᠳᠣ ᠴᠤ᠂ ᠢᠷᠡᠭᠡᠳᠦᠢ ᠳᠦ ᠴᠤ ᠡᠭᠦᠷᠢᠳᠡ ᠮᠥᠩᠬᠡ ᠪᠠᠶᠢᠨ᠎ᠠ ᠭᠡᠬᠦ ᠪᠠ ᠶᠣᠬᠠᠪᠠ᠂ ᠶᠠᠭᠠᠬᠢᠪᠡ ᠵᠡᠷᠭᠡ ᠪᠡᠷ ᠨᠡᠷᠡᠯᠡᠳᠡᠭ᠃ ᠮᠣᠩᠭᠣᠯ ᠤᠨ ᠾᠷᠢᠰᠲ ᠲᠦ ᠢᠲᠡᠭᠡᠭᠴᠢᠳ "ᠮᠥᠩᠬᠡ ᠶᠢᠨ ᠡᠵᠡᠨ"᠂ "ᠶᠢᠷᠲᠢᠨᠴᠦ ᠶᠢᠨ ᠡᠵᠡᠨ"᠂ "ᠡᠵᠡᠨ ᠪᠤᠷᠬᠠᠨ"᠂ "ᠬᠦᠴᠦᠲᠦ ᠨᠢᠭᠡᠨ"᠂ "ᠲᠦᠮᠡᠨ ᠴᠡᠷᠢᠭ ᠦᠨ ᠡᠵᠡᠨ"᠂ "ᠲᠡᠭᠷᠢ ᠪᠤᠷᠬᠠᠨ (ᠺᠠᠲ᠋ᠣᠯᠢᠭ ᠰᠦᠮ᠎ᠡ ᠶᠢᠨ ᠬᠡᠯᠡᠯᠭᠡ)" ᠭᠡᠬᠦ ᠮᠡᠲᠦ ᠪᠡᠷ ᠮᠣᠩᠭᠣᠯ ᠬᠡᠯᠡᠨ ᠳᠦ ᠣᠷᠴᠢᠭᠤᠯᠤᠨ ᠨᠡᠷᠡᠯᠡᠭᠰᠡᠭᠡᠷ ᠪᠠᠶᠢᠨ᠎ᠠ᠃
  • ᠠᠷᠢᠭᠤᠨ ᠭᠤᠷᠪᠠᠯ: ᠨᠢᠭᠡ ᠪᠤᠷᠬᠠᠨ ᠪᠣᠯᠪᠠᠴᠤ 3 ᠪᠣᠳᠢᠭᠠᠯᠢ ᠠᠴᠠ ᠪᠥᠷᠢᠳᠬᠦ ᠪᠥᠭᠡᠳ ᠡᠨᠡ ᠨᠢ ᠡᠴᠢᠭᠡ᠂ ᠬᠡᠦ᠂ ᠠᠷᠢᠭᠤᠨ ᠰᠦᠨᠡᠰᠦ ᠪᠣᠯᠤᠨ᠎ᠠ᠃ ᠡᠴᠢᠭᠡ ᠪᠤᠷᠬᠠᠨ ᠪᠣᠯ ᠳᠡᠭᠡᠷ᠎ᠡ ᠳᠤᠷᠠᠳᠤᠭᠰᠠᠨ ᠶᠢᠷᠲᠢᠨᠴᠦ ᠶᠢᠨ ᠡᠵᠡᠨ᠂ ᠬᠦᠦ ᠨᠢ ᠶᠡᠰᠦᠰ ᠾᠷᠢᠰᠲ᠋, ᠠᠷᠢᠭᠤᠨ ᠰᠦᠨᠡᠰᠦ ᠨᠢ ᠪᠤᠷᠬᠠᠨ ᠤ ᠲᠤᠶᠢᠯ ᠤᠨ ᠠᠷᠢᠭᠤᠨ ᠰᠦᠨᠡᠰᠦᠯᠢᠭ ᠪᠡᠶ᠎ᠡ ᠳᠦ (Spirit). 3 ᠪᠣᠳᠢᠭᠠᠯ ᠨᠢ ᠦᠷᠭᠦᠯᠵᠢ ᠴᠤᠭ ᠲᠤ ᠪᠠᠨ᠂ ᠪᠡᠶ᠎ᠡ ᠪᠡᠶᠡᠩ ᠡᠴᠡ ᠪᠡᠨ ᠲᠤᠰᠠ ᠳᠤ ᠣᠷᠣᠰᠢᠵᠤ ᠴᠢᠳᠠᠬᠤ ᠦᠭᠡᠢ᠃ ᠪᠡᠶ᠎ᠡ ᠪᠡᠶᠡᠲᠡᠢ ᠪᠡᠨ ᠨᠢᠭᠡ ᠪᠠᠶᠢᠭᠰᠠᠨ ᠢᠶᠠᠷ ᠴᠣᠷ ᠤᠨ ᠭᠠᠭᠴᠠ ᠪᠤᠷᠬᠠᠨ ᠢ ᠪᠤᠢ ᠪᠣᠯᠭᠠᠳᠠᠭ᠃ ᠡᠴᠢᠭᠡ ᠨᠢ ᠪᠤᠷᠬᠠᠨ᠂ ᠬᠦᠦ ᠨᠢ ᠪᠤᠷᠬᠠᠨ᠂ ᠠᠷᠢᠭᠤᠨ ᠰᠦᠨᠡᠰᠦ ᠨᠢ ᠪᠤᠷᠬᠠᠨ ᠭᠡᠬᠦ ᠪᠣᠯᠪᠠᠴᠤ ᠡᠳᠡᠭᠡᠷ ᠨᠢ ᠴᠤᠭ ᠲᠤ ᠪᠠᠨ ᠪᠠᠶᠢᠭᠰᠠᠨ ᠢᠶᠠᠷ ᠭᠠᠭᠴᠠ ᠯᠠ ᠪᠤᠷᠬᠠᠨ ᠢ ᠪᠤᠢ ᠪᠣᠯᠭᠠᠳᠠᠭ᠃ ᠠᠯᠢ ᠠᠯᠢᠨ ᠦᠭᠡᠢ ᠪᠡᠷ ᠣᠷᠣᠰᠢᠬᠤ ᠦᠭᠡᠢ᠃ ᠬᠡᠳᠦᠢ 3 ᠪᠤᠷᠬᠠᠨ ᠮᠡᠲᠦ ᠣᠶᠢᠯᠠᠭᠠᠭᠳᠠᠬᠤ ᠪᠣᠯᠪᠠᠴᠤ ᠨᠢᠭᠡᠳᠦᠯ ᠢᠶᠡᠷ ᠣᠷᠣᠰᠢᠭᠴᠢ ᠭᠠᠭᠴᠠ ᠪᠤᠷᠬᠠᠨ ᠭᠡᠵᠦ ᠦᠵᠡᠳᠡᠭ᠃
  • ᠪᠦᠲᠦᠭᠡᠯ: ᠪᠤᠷᠬᠠᠨ ᠣᠷᠴᠢᠯᠠᠩ ᠶᠢᠷᠲᠢᠨᠴᠦ᠂ ᠲᠦᠮᠡᠨ ᠠᠮᠢᠳᠤᠪᠡᠶᠡᠰ ᠪᠣᠯᠤᠨ ᠥᠪᠡᠷ ᠦᠨ ᠳᠦᠷᠢ ᠲᠥᠷᠬᠥ ᠶᠢᠨ ᠳᠠᠭᠠᠤ ᠡᠷᠡᠭᠲᠡᠢ᠂ ᠡᠮᠡᠭᠲᠡᠢ ᠬᠦᠮᠦᠨ ᠢ ᠪᠦᠲᠦᠭᠡᠭᠰᠡᠨ ᠪᠠ ᠲᠡᠳᠡᠨ ᠢ ᠠᠳᠠᠮᠶᠡᠸᠠ ᠭᠡᠳᠡᠭ ᠪᠠᠶᠢᠭᠰᠠᠨ᠃
  • ᠰᠢᠳᠬᠡᠯ ᠪᠠ ᠦᠬᠦᠯ: ᠾᠷᠢᠰᠲ᠋ᠢᠳᠬᠡᠯ ᠳᠦ "ᠰᠢᠳᠬᠡᠯ" ᠭᠡᠬᠦ ᠦᠭᠡ ᠨᠢ ᠤᠭᠲᠤᠭ᠎ᠠ ᠪᠣᠯ "ᠭᠡᠮ ᠨᠢᠭᠦᠯ ᠳᠦ ᠠᠪᠲᠠᠭᠰᠠᠨ ᠵᠢᠷᠦᠬᠡ" ᠭᠡᠬᠦ ᠪᠠ ᠠᠩᠬᠠᠨ ᠤ ᠬᠦᠮᠦᠰ ᠪᠣᠯᠬᠤ ᠠᠳᠠᠮ᠂ ᠶᠡᠸᠠ 2 ᠭᠡᠮ ᠦᠢᠯᠡᠳᠦᠭᠰᠡᠨ ᠢᠶᠡᠷ ᠦᠬᠦᠯ ᠬᠦᠮᠦᠨ ᠲᠥᠷᠥᠯᠬᠢᠲᠡᠨ ᠳᠦ ᠢᠷᠡᠭᠰᠡᠨ᠃ ᠡᠭᠦᠨ ᠡᠴᠡ ᠬᠣᠶᠢᠰᠢ ᠲᠦᠷᠦᠭᠰᠡᠨ ᠪᠦᠬᠦ ᠬᠦᠮᠦᠨ ᠭᠡᠮᠲᠦ ᠮᠥᠨ ᠴᠢᠨᠠᠷ ᠲᠠᠢ ᠲᠥᠷᠦᠳᠡᠭ ᠪᠣᠯᠤᠭᠰᠠᠨ ᠪᠥᠭᠡᠳ ᠵᠠᠶᠢᠯᠠᠰᠢ ᠦᠭᠡᠢ ᠭᠡᠮ ᠦᠢᠯᠡᠳᠳᠡᠭ ᠪᠣᠯᠤᠭᠰᠠᠨ᠃ ᠪᠤᠷᠬᠠᠨ ᠬᠦᠮᠦᠨ ᠲᠥᠷᠥᠯᠬᠢᠲᠡᠨ ᠢ ᠠᠪᠤᠷᠠᠬᠤ ᠱᠠᠭᠠᠷᠳᠠᠯᠭ᠎ᠠ ᠭᠠᠷᠤᠭᠰᠠᠨ ᠪᠥᠭᠡᠳ ᠢᠩᠭᠦᠬᠦ ᠦᠭᠡᠢ ᠪᠣᠯ ᠬᠦᠮᠦᠨ ᠡᠭᠦᠷᠢᠳᠡ ᠶᠢᠨ ᠰᠢᠳᠬᠡᠯ ᠪᠣᠯᠬᠤ ᠦᠬᠦᠯ ᠳᠦ ᠤᠨᠠᠬᠤ ᠪᠠᠶᠢᠭᠰᠠᠨ᠃
  • ᠾᠷᠢᠰᠲ ᠤᠨ ᠠᠪᠤᠷᠠᠯ: ᠶᠡᠰᠦᠰ ᠾᠷᠢᠰᠲ᠋ ᠪᠣᠯ ᠪᠤᠷᠬᠠᠨ ᠤ ᠬᠦ᠂ ᠲᠡᠷᠡ ᠪᠣᠯ ᠪᠤᠷᠬᠠᠨ᠃ ᠶᠡᠰᠦᠰ ᠡᠨᠡ ᠳᠡᠯᠡᠬᠡᠢ ᠶᠢ ᠠᠪᠤᠷᠠᠬᠤ ᠪᠠᠷ᠂ ᠪᠤᠷᠬᠠᠨ ᠤ ᠡᠨᠡᠷᠢᠯ᠂ ᠨᠢᠭᠦᠯᠡᠰᠦᠯ ᠢ ᠥᠭᠬᠡ ᠪᠡᠷ ᠢᠷᠡᠭᠰᠡᠨ᠃ 30 ᠨᠠᠰᠤᠨ ᠳᠤ ᠪᠠᠨ ᠦᠢᠯᠡᠴᠢᠯᠡᠯ᠎ᠡ ᠡᠬᠢᠯᠡᠵᠦ᠂ ᠵᠠᠭᠠᠯᠮᠠᠢ ᠳᠤ ᠴᠣᠪᠳᠣᠯᠠᠭᠳᠠᠵᠤ ᠨᠠᠰᠤ ᠪᠠᠷᠠᠭᠰᠠᠨ ᠪᠥᠭᠡᠳ ᠢᠩᠭᠢᠭᠰᠡᠨ ᠢᠶᠡᠷ ᠪᠤᠷᠬᠠᠨ ᠬᠦᠮᠦᠨ ᠲᠥᠷᠥᠯᠬᠢᠲᠡᠨ ᠢ ᠵᠣᠯᠢᠵᠤ ᠠᠪᠤᠷᠠᠭᠰᠠᠨ᠃ ᠥᠭᠡᠷ᠎ᠡ ᠪᠡᠷ ᠬᠡᠯᠡᠪᠡᠯ ᠾᠷᠢᠰᠲ᠋ ᠬᠦᠮᠦᠰ ᠦᠨ ᠡᠮᠦᠨ᠎ᠡ ᠡᠴᠡ ᠭᠡᠮ ᠨᠢᠭᠦᠯ ᠢ ᠨᠢ ᠡᠭᠦᠷ ᠦᠨ ᠦᠬᠦᠯ ᠢ ᠵᠠᠶᠢᠯᠠᠭᠤᠯᠤᠭᠰᠠᠨ᠃ ᠲᠡᠷᠡ 3 ᠡᠳᠦᠷ ᠦᠨ ᠳᠠᠷᠠᠭ᠎ᠠ ᠳᠠᠬᠢᠨ ᠠᠮᠢ ᠣᠷᠣᠭᠰᠠᠨ᠃ ᠡᠭᠦᠨ ᠦ ᠳᠠᠷᠠᠭ᠎ᠠ ᠳᠠᠭᠠᠯᠳᠤᠭᠴᠢ ᠨᠠᠷ ᠲᠠᠢ ᠪᠠᠨ ᠠᠭᠤᠯᠵᠠᠭᠠᠳ ᠲᠩᠷᠢ ᠯᠦᠦ ᠣᠳᠤᠭᠰᠠᠨ ᠶᠤᠮ᠃ ᠾᠷᠢᠰᠲ᠋ ᠬᠦᠮᠦᠰ ᠦᠨ ᠲᠥᠯᠥᠭᠡ ᠢᠷᠡᠵᠦ᠂ ᠵᠠᠭᠠᠯᠮᠠᠶᠢᠳᠠ ᠬᠦᠮᠦᠰ ᠦᠨ ᠭᠡᠮ ᠨᠢᠭᠦᠯ ᠢ ᠲᠥᠯᠥᠭᠡ ᠴᠣᠪᠳᠣᠯᠠᠭᠳᠠᠨ ᠨᠠᠰᠤ ᠪᠠᠷ᠎ᠠ ᠳᠤ 3 ᠡᠳᠦᠷ ᠦᠨ ᠳᠠᠷᠠᠭ᠎ᠠ ᠠᠮᠢ ᠣᠷᠣᠵᠤ᠂ ᠲᠩᠷᠢ ᠯᠦᠦ ᠣᠳᠤᠭᠰᠠᠨ ᠪᠠ ᠲᠡᠷᠡ ᠪᠡᠷ ᠣᠳᠣ ᠴᠤ ᠠᠮᠢᠳᠤ ᠭᠡᠳᠡᠭ ᠲᠦ ᠢᠲᠡᠭᠡᠳᠡᠭ ᠬᠦᠮᠦᠨ ᠨᠢ ᠠᠪᠤᠷᠠᠭᠳᠠᠵᠤ ᠮᠥᠩᠬᠡ ᠠᠮᠢ ᠲᠠᠢ ᠪᠣᠯᠤᠭᠰᠠᠨ ᠭᠡᠵᠦ ᠪᠢᠪᠯᠢ ᠵᠢᠭᠠᠭᠠᠳᠠᠭ᠃ ᠲᠡᠷᠡ ᠣᠳᠣ ᠴᠤ ᠠᠵᠢᠯᠯᠠᠵᠤ ᠪᠠᠶᠢᠭ᠎ᠠ ᠪᠥᠭᠡᠳ ᠳᠠᠬᠢᠨ ᠢᠷᠡᠵᠦ᠂ ᠳᠡᠯᠡᠬᠡᠢ ᠶᠢ ᠶᠠᠯᠠᠯᠠᠨ (ᠾᠷᠢᠰᠲ ᠲᠦ ᠢᠲᠡᠭᠡᠳᠡᠭ ᠦᠭᠡᠢ ᠬᠦᠮᠦᠰ ᠢ), ᠥᠪᠡᠷ ᠲᠦ ᠨᠢ ᠢᠲᠡᠭᠡᠳᠡᠭ ᠬᠦᠮᠦᠰ ᠲᠡᠢ ᠰᠢᠨ᠎ᠡ ᠲᠩᠷᠢ᠂ ᠰᠢᠨ᠎ᠡ ᠭᠠᠵᠠᠷ ᠲᠤ ᠡᠭᠦᠷᠢᠳᠡ ᠮᠥᠩᠬᠡ ᠠᠮᠢᠳᠤᠷᠠᠨ᠎ᠠ ᠭᠡᠳᠡᠭ ᠪᠠᠶᠢᠨ᠎ᠠ᠃
  • ᠰᠢᠨ᠎ᠡ ᠪᠡᠶ᠎ᠡ ᠪᠠ ᠮᠥᠩᠬᠡ ᠶᠢᠨ ᠠᠮᠢ: ᠾᠷᠢᠰᠲ᠋ ᠳᠠᠬᠢᠨ ᠢᠷᠡᠭᠡᠳ᠂ ᠪᠦᠬᠦ ᠬᠦᠮᠦᠰ ᠢ ᠦᠢᠯᠡᠰ ᠢᠶᠡᠷ ᠨᠢ ᠰᠢᠭᠦᠨ᠂ ᠢᠲᠡᠭᠡᠳᠡᠭ ᠵᠥᠪ ᠲᠦ ᠬᠦᠮᠦᠰ ᠨᠢ ᠰᠢᠳᠬᠡᠯ ᠭᠦᠢ ᠥᠩᠭᠡᠷᠡᠴᠢ ᠮᠥᠩᠬᠡ ᠠᠮᠢ ᠲᠠᠢ ᠪᠣᠯᠬᠤ ᠪᠥᠭᠡᠳ ᠪᠤᠷᠬᠠᠨ ᠲᠠᠢ ᠬᠠᠮᠲᠤ ᠡᠭᠦᠷᠢᠳᠡ ᠮᠥᠩᠬᠡ ᠬᠠᠮᠲᠤ ᠣᠷᠣᠰᠢᠨ᠎ᠠ᠃ ᠬᠠᠷᠢᠨ ᠢᠲᠡᠭᠡᠳᠡᠭ ᠦᠭᠡᠢ ᠬᠦᠮᠦᠰ ᠨᠢ ᠮᠥᠨ ᠦᠢᠯᠡᠳᠴᠦ ᠪᠠᠶᠢᠭᠰᠠᠨ ᠦᠢᠯᠡᠰ ᠢᠶᠡᠷ ᠢᠶᠡᠨ ᠱᠦᠭᠦᠭᠳᠡᠵᠦ ᠵᠣᠬᠢᠬᠤ ᠰᠢᠳᠬᠡᠯ ᠢᠶᠡᠨ ᠠᠪᠤᠨ᠎ᠠ᠃ ᠡᠭᠦᠨ ᠢ ᠪᠢᠪᠯᠢ ᠳᠦ ᠮᠥᠩᠬᠡ ᠶᠢᠨ ᠭᠠᠯ᠂ ᠬᠦᠬᠦᠷᠲᠦ ᠨᠠᠭᠤᠷ ᠭᠡᠳᠡᠭ᠃
ᠾᠷᠢᠰᠲ᠋ᠢᠳᠬᠡᠯ ᠦᠨ ᠭᠣᠣᠯ ᠪᠡᠯᠭᠡ ᠲᠡᠮᠳᠡᠭ ᠪᠣᠯᠬᠤ ᠵᠠᠭᠠᠯᠮᠠᠢ

ᠾᠷᠢᠰᠲ᠋ᠢᠳᠬᠡᠯ-ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠷᠢᠰᠲ᠋ᠢᠳᠬᠡᠯ ᠨᠢ 1 ᠍ ᠳᠦᠭᠡᠷ ᠵᠠᠭᠤᠨ ᠳᠤ ᠡᠭᠦᠰᠦᠭᠰᠡᠨ ᠪᠥᠭᠡᠳ ᠷᠤᠮᠠᠨᠢᠶ ᠠ ᠡᠵᠡᠨᠲᠦ ᠭᠦᠷᠦᠨ ᠦ ᠢ ᠨᠤᠭᠤᠳᠠ ᠮᠤᠵᠢ ᠳᠤ ᠢᠭᠴᠧᠢ ᠬᠦᠮᠦᠰ ᠦᠨ ᠳᠤᠮᠳᠠ ᠪᠤᠢ ᠪᠣᠯᠤᠭᠰᠠᠨ᠃ ᠡᠭᠦᠨ ᠦ ᠳᠠᠷᠠᠭ᠎ᠠ ᠪᠠᠷ ᠪᠠᠭ᠎ᠠ ᠠᠽᠢᠶ᠎ᠠ ᠪᠣᠯᠤᠨ ᠶᠥᠭᠢᠫᠧᠲ ᠢᠶᠡᠷ ᠳᠠᠮᠵᠢᠨ ᠭᠷᠧᠺᠢᠲ᠋ᠠᠯᠢ ᠳᠤ ᠲᠠᠷᠬᠠᠭᠰᠠᠨ᠃ 392 ᠤᠨ ᠳᠤ ᠷᠤᠮᠠᠨᠢᠶ ᠠ ᠡᠵᠡᠨ ᠭᠦᠷᠦᠨ ᠦ ᠬᠠᠭᠠᠨ I ᠲᠧᠣᠳᠣᠰᠢᠰ ᠬᠠᠭᠠᠨ 2 ᠰᠠᠷ᠎ᠠ ᠶᠢᠨ 27 ᠍ ᠦ ᠡᠳᠦᠷ ᠵᠠᠷᠯᠢᠭ ᠪᠠᠭᠤᠯᠭᠠᠨ ᠷᠤᠮᠠᠨᠢᠶ ᠠ ᠡᠵᠡᠨᠲᠦ ᠭᠦᠷᠦᠨ ᠦ ᠲᠥᠷᠥ ᠶᠢᠨ ᠱᠠᠰᠢᠨ ᠪᠣᠯᠭᠠᠭᠰᠠᠨ᠃ 1054 ᠤᠨ ᠳᠤ ᠾᠷᠢᠰᠲ᠋ᠢᠳᠬᠡᠯ ᠳᠦ ᠬᠠᠭᠠᠷᠠᠯ ᠭᠠᠷᠤᠨ ᠵᠡᠭᠦᠨ (ᠣᠲᠣᠳᠣᠺᠰ), ᠪᠠᠷᠠᠭᠤᠨ (ᠺᠠᠲ᠋ᠣᠯᠢᠭ) ᠪᠣᠯᠤᠨ ᠰᠠᠯᠢᠰᠤᠨ᠃ ᠡᠨᠡ ᠬᠠᠭᠠᠷᠠᠯ ᠣᠳᠣ ᠴᠤ ᠭᠡᠰᠡᠨ ᠦᠷᠭᠦᠯᠵᠢᠯᠡᠭᠰᠡᠭᠡᠷ ᠪᠠᠶᠢᠭ᠎ᠠ᠃ 16 ᠵᠠᠭᠤᠨ ᠤ ᠦᠶᠡᠰ ᠡᠬᠢᠯᠡᠨ ᠺᠠᠲ᠋ᠣᠯᠢᠭ ᠤᠷᠤᠰᠬᠠᠯ ᠠᠴᠠ ᠫᠷᠣᠲ᠋ᠧᠰᠲ᠋ᠠᠨᠲ ᠤᠷᠤᠰᠬᠠᠯ ᠰᠠᠯᠢᠰᠤᠨ ᠪᠥᠭᠡᠳ ᠡᠨᠡ ᠦᠶ᠎ᠡ ᠪᠡᠨ ᠡᠴᠡ ᠡᠬᠢᠯᠡᠨ ᠮᠠᠰᠢ ᠣᠯᠠᠨ ᠵᠢᠵᠢᠭ ᠤᠷᠤᠰᠬᠠᠯ ᠤᠳ ᠪᠤᠢ ᠪᠣᠯᠤᠭᠰᠠᠨ᠃

ᠡᠬᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨ᠎ᠡ ᠭᠡᠷ᠎ᠡ ᠶᠢᠨ ᠬᠡᠯᠡᠯᠭᠡ ᠪᠡᠷ᠂ ᠢᠭᠴᠧᠢ ᠬᠦᠮᠦᠨ ᠶᠡᠰᠦᠰ 30 ᠭᠠᠷᠤᠢ ᠨᠠᠰᠤᠲᠠᠢ ᠪᠠᠶᠢᠬᠤ ᠳᠤ ᠪᠠᠨ (МЭ 1 ᠍ ᠳᠦᠭᠡᠷ ᠵᠠᠭᠤᠨ ᠤ 30 ᠍ ᠊ᠭᠠᠳ ᠤᠨ ᠤ ᠦᠶ᠎ᠡ) ᠡᠬᠢᠯᠡᠨ ᠦᠢᠯᠡᠴᠢᠯᠡᠯ᠎ᠡ ᠡᠬᠢᠯᠡᠨ᠂ ᠰᠤᠷᠭᠠᠯ ᠢᠶᠠᠨ ᠨᠣᠮᠯᠠᠵᠤ ᠡᠬᠢᠯᠡᠭᠰᠡᠨ᠃ ᠲᠡᠷᠡ ᠪᠡᠷ ᠮᠥᠩᠬᠡ ᠠᠮᠢ᠂ ᠪᠤᠷᠬᠠᠨ ᠳᠤ ᠢᠲᠡᠭᠡᠬᠦ ᠢᠲᠡᠭᠡᠯ ᠪᠣᠯᠤᠨ ᠵᠥᠪ ᠲᠦ᠂ ᠭᠡᠮ ᠵᠡᠮ ᠦᠭᠡᠢ ᠠᠮᠢᠳᠤᠷᠠᠯ ᠤᠨ ᠲᠠᠯ᠎ᠠ ᠪᠠᠷ ᠵᠢᠭᠠᠭᠠᠳᠠᠭ ᠪᠠᠶᠢᠭᠰᠠᠨ᠃ ᠶᠡᠰᠦᠰ ᠡᠪᠡᠳᠴᠢᠲᠡᠢ ᠬᠦᠮᠦᠰ ᠢ ᠡᠳᠡᠭᠡᠭᠡᠨ᠂ ᠬᠦᠮᠦᠰ ᠲᠦ ᠤᠰᠤᠨ ᠪᠠᠲᠤᠯᠠᠭ᠎ᠠ ᠬᠢᠵᠦ ᠥᠭᠳᠡᠭ ᠪᠠᠶᠢᠭᠰᠠᠨ ᠪᠥᠭᠡᠳ ᠬᠦᠮᠦᠰ ᠦᠨ ᠭᠡᠮ ᠨᠢᠭᠦᠯ ᠦᠨ ᠲᠥᠯᠥᠭᠡ ᠵᠠᠭᠠᠯᠮᠠᠶᠢᠳᠠ ᠴᠣᠪᠳᠣᠯᠠᠭᠳᠠᠨ ᠨᠠᠰᠤ ᠪᠠᠷᠠᠭᠰᠠᠨ᠃ ᠭᠡᠮ ᠨᠢᠭᠦᠯ ᠦᠨ ᠲᠥᠯᠥᠭᠡᠰᠦ ᠨᠢ ᠴᠢᠰᠤ ᠪᠥᠭᠡᠳ ᠶᠡᠸᠷᠧᠢᠴᠦᠳ ᠭᠡᠮ ᠨᠢᠭᠦᠯ ᠢᠶᠡᠨ ᠳᠠᠯᠳᠠᠯᠠᠬᠤ ᠶᠢᠨ ᠲᠤᠯᠠᠳᠠ ᠬᠤᠷᠠᠭ᠎ᠠ ᠪᠠᠷ ᠪᠤᠷᠬᠠᠨ ᠳᠤ ᠡᠷᠭᠦᠯ ᠡᠷᠭᠦᠳᠡᠭ ᠪᠠᠶᠢᠭᠰᠠᠨ᠃ ᠢᠩᠭᠢᠭᠰᠡᠭᠡᠷ ᠠᠭᠤᠴᠢᠯᠠᠯ ᠢᠷᠡᠳᠡᠭ ᠪᠠᠶᠢᠯ᠎ᠠ᠃ ᠾᠷᠢᠰᠲ᠋ ᠶᠠᠭ ᠲᠡᠷᠡ ᠬᠤᠷᠠᠭ᠎ᠠ ᠲᠠᠢ ᠠᠳᠠᠯᠢ ᠥᠪᠡᠷ ᠢ ᠪᠡᠨ ᠬᠦᠮᠦᠰ ᠦᠨ ᠭᠡᠮ ᠨᠢᠭᠦᠯ ᠦᠨ ᠲᠥᠯᠥᠭᠡ ᠥᠭᠭᠦᠭᠰᠡᠨ ᠪᠥᠭᠡᠳ ᠢᠩᠭᠢᠭᠰᠡᠨ ᠢᠶᠡᠷ ᠲᠡᠭᠦᠨ ᠳᠦ ᠢᠲᠡᠭᠡᠭᠰᠡᠨ ᠬᠦᠮᠦᠨ ᠪᠦᠷᠢ ᠭᠡᠮ ᠨᠢᠭᠦᠯ ᠦᠭᠡᠢ ᠪᠣᠯᠤᠨ᠎ᠠ ᠬᠡᠮᠡᠨ ᠵᠢᠭᠠᠭᠠᠳᠠᠭ᠃

ᠡᠬᠢᠨ ᠦᠶ᠎ᠡ ᠶᠢᠨ ᠾᠷᠢᠰᠲ᠋ᠢᠳᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠷᠢᠰᠲ ᠤᠨ ᠨᠠᠰᠤ ᠪᠠᠷᠠᠭᠰᠠᠨ ᠤ ᠳᠠᠷᠠᠭ᠎ᠠ ᠲᠡᠭᠦᠨ ᠦ ᠳᠠᠭᠠᠯᠳᠤᠭᠴᠢ ᠨᠠᠷ ᠬᠦᠮᠦᠰ ᠲᠦ ᠲᠡᠭᠦᠨ ᠦ ᠰᠤᠷᠭᠠᠯ ᠢ ᠦᠷᠭᠦᠯᠵᠢᠯᠡᠭᠦᠯᠦᠨ ᠨᠣᠮᠯᠠᠵᠤ᠂ ᠬᠦᠮᠦᠰ ᠲᠦ ᠤᠰᠤᠨ ᠪᠠᠫᠲ᠋ᠢᠰᠦᠮ ᠬᠦᠷᠲᠡᠭᠡᠵᠦ᠂ ᠢᠲᠡᠭᠡᠬᠦ ᠶᠢ ᠤᠷᠢᠶᠠᠯᠠᠵᠤ ᠪᠠᠶᠢᠯ᠎ᠠ᠃ ᠵᠠᠷᠢᠮ ᠢᠭᠴᠧᠢ ᠬᠦᠮᠦᠰ ᠲᠡᠳᠡᠨ ᠢ ᠪᠤᠷᠤᠭᠤ ᠨᠣᠮᠲᠠᠨ᠂ ᠭᠠᠵᠢ ᠤᠷᠤᠰᠬᠠᠯ ᠬᠡᠮᠡᠨ ᠷᠤᠮᠠᠨᠢᠶ ᠠ ᠰᠢᠭᠦᠬᠦ ᠳᠦ ᠭᠣᠮᠣᠳᠠᠯ ᠭᠠᠷᠭᠠᠭᠰᠠᠨ ᠪᠣᠯᠪᠠᠴᠤ ᠷᠤᠮᠠᠨᠢᠶ ᠠ ᠰᠢᠭᠦᠬᠦ ᠾᠷᠢᠰᠲ ᠲᠦ ᠢᠲᠡᠭᠡᠭᠴᠢᠳ ᠢ ᠢᠭᠴᠧᠢ ᠱᠠᠰᠢᠨ ᠤ ᠨᠢᠭᠡ ᠤᠷᠤᠰᠬᠠᠯ ᠭᠡᠵᠦ ᠦᠵᠡᠭᠰᠡᠨ ᠪᠠᠶᠢᠨ᠎ᠠ᠃ ᠷᠤᠮᠠᠨᠢᠶ ᠠ ᠡᠵᠡᠨ ᠬᠠᠭᠠᠨ ᠨᠧᠷᠣ (МЭ 54-68 ᠤᠨ) ᠾᠷᠢᠰᠲ ᠲᠦ ᠢᠲᠡᠭᠡᠭᠴᠢ ᠬᠦᠮᠦᠰ ᠢ ᠬᠣᠮᠣᠷᠭᠠᠯᠠᠨ ᠤᠰᠠᠳᠬᠠᠵᠤ ᠪᠠᠶᠢᠭᠰᠠᠨ ᠪᠠ МЭ 60 ᠤᠨ ᠠᠴᠠ ᠡᠬᠢᠯᠡᠨ ᠡᠨᠡ ᠶᠠᠪᠤᠳᠠᠯ ᠤᠯᠠᠮ ᠡᠷᠴᠢᠮᠵᠢᠭᠰᠡᠨ᠃

313 ᠤᠨ ᠠᠴᠠ ᠡᠬᠢᠯᠡᠨ ᠷᠤᠮᠠᠨᠢᠶ ᠠ ᠡᠵᠡᠨᠲᠦ ᠭᠦᠷᠦᠨ ᠾᠷᠢᠰᠲ᠋ᠢᠳᠬᠡᠯ ᠢ ᠬᠠᠤᠯᠢ ᠶᠣᠰᠣᠨ ᠤ ᠪᠠᠶᠢᠷᠢ ᠰᠤᠤᠷ ᠲᠠᠢ ᠭᠡᠵᠦ ᠬᠦᠯᠢᠶᠡᠨ ᠵᠥᠪᠰᠢᠶᠡᠷᠡᠭᠰᠡᠨ᠃ ᠢᠩᠭᠢᠭᠰᠡᠨ ᠢᠶᠡᠷ ᠾᠷᠢᠰᠲ᠋ᠢᠳᠬᠡᠯ ᠬᠥᠭᠵᠢᠵᠦ ᠡᠬᠢᠯᠡᠭᠰᠡᠨ ᠪᠠ ᠶᠡᠰᠦᠰᠦ ᠶᠢᠨ ᠠᠮᠢᠯᠠᠭᠰᠠᠨ ᠡᠳᠦᠷ ᠦᠨ ᠲᠡᠮᠳᠡᠭᠯᠡᠬᠦ ᠪᠤᠶᠤ ᠠᠮᠢᠯᠠᠭᠰᠠᠨ ᠪᠠᠶᠠᠷ ᠢ ᠲᠡᠮᠳᠡᠭᠯᠡᠵᠦ ᠡᠬᠢᠯᠡᠭᠰᠡᠨ᠃ ᠮᠥᠨ ᠲᠡᠭᠦᠨᠴᠢᠯᠡᠨ 12 ᠰᠠᠷ᠎ᠠ ᠶᠢᠨ 25 ᠍ ᠳᠦ ᠾᠷᠢᠰᠲ ᠤᠨ ᠲᠦᠷᠦᠭᠰᠡᠨ ᠡᠳᠦᠷ ᠪᠤᠶᠤ "ᠾᠷᠢᠰᠲ᠋ᠮᠤᠰ", ᠮᠣᠩᠭᠣᠯᠴᠢᠯᠠᠪᠠᠯ "ᠵᠤᠯᠠ ᠰᠠᠷ᠎ᠠ ᠶᠢᠨ ᠪᠠᠶᠠᠷ" ᠍ ᠢ (ᠭᠡᠪᠡᠴᠦ ᠵᠤᠯᠠ ᠰᠠᠷ᠎ᠠ ᠭᠡᠳᠡᠭ ᠨᠢ ᠪᠤᠳ᠋ᠳ᠋ᠾᠠ ᠶᠢᠨ ᠱᠠᠰᠢᠨ ᠤ ᠵᠤᠯᠠ ᠶᠢᠨ ᠬᠣᠷᠢᠨ ᠲᠠᠪᠤᠨ ᠤ ᠡᠳᠦᠷ ᠦᠨ ᠨᠡᠷᠡ ᠪᠥᠭᠡᠳ ᠡᠨᠳᠡ ᠳᠤᠷᠠᠳᠤᠭᠳᠠᠵᠤ ᠪᠤᠢ ᠾᠷᠢᠰᠲ᠋ᠮᠤᠰ ᠭᠡᠰᠡᠨ ᠨᠡᠷ᠎ᠡ ᠲᠣᠮᠢᠶᠠᠨ ᠳᠤ ᠲᠣᠬᠢᠷᠠᠭᠰᠠᠨ ᠲᠡᠳᠦᠶᠢᠯᠡᠨ ᠰᠠᠶᠢᠨ ᠣᠷᠴᠢᠭᠤᠯᠭ᠎ᠠ ᠪᠢᠰᠢ ᠪᠣᠯᠤᠨ᠎ᠠ᠃) ᠲᠡᠮᠳᠡᠭᠯᠡᠵᠦ ᠡᠬᠢᠯᠡᠪᠡ᠃ 1054 ᠤᠨ ᠳᠤ ᠾᠷᠢᠰᠲ᠋ᠢᠳᠬᠡᠯ ᠳᠦ ᠬᠠᠭᠠᠷᠠᠯ ᠭᠠᠷᠤᠨ ᠺᠠᠲ᠋ᠣᠯᠢᠭ ᠪᠠ ᠣᠲᠣᠳᠣᠺᠰ ᠪᠤᠶᠤ ᠦᠨᠡᠨ ᠠᠯᠳᠠᠷᠲᠠᠨ ᠬᠡᠮᠡᠨ ᠰᠠᠯᠪᠠ᠃ ᠺᠠᠲ᠋ᠣᠯᠢᠭ ᠢ ᠮᠥᠨ ᠷᠤᠮᠠᠨᠢᠶ ᠠ ᠺᠠᠲ᠋ᠣᠯᠢᠭ ᠭᠡᠳᠡᠭ᠃ МЭ 16 ᠍ ᠳᠦᠭᠡᠷ ᠵᠠᠭᠤᠨ ᠠᠴᠠ ᠧᠦ᠋ᠷᠣᠫᠠ ᠳᠤ ᠡᠬᠢᠯᠡᠭᠰᠡᠨ ᠱᠠᠰᠢᠨ᠂ ᠤᠯᠤᠰ ᠲᠥᠷᠥ ᠶᠢᠨ ᠰᠢᠨᠡᠳᠬᠡᠯ ᠦᠨ ᠦᠶ᠎ᠡ ᠪᠡᠨ ᠢᠶᠡᠷ ᠫᠷᠣᠲ᠋ᠧᠰᠰᠲ᠋ᠠᠨᠲ ᠤᠷᠤᠰᠬᠠᠯ ᠺᠠᠲ᠋ᠣᠯᠢᠭ ᠤᠷᠤᠰᠬᠠᠯ ᠠᠴᠠ ᠭᠠᠷᠤᠭᠰᠠᠨ ᠪᠥᠭᠡᠳ ᠡᠮᠦᠨᠡᠬᠢ ᠡᠴᠡ ᠪᠡᠨ ᠢᠯᠡᠭᠦᠦ ᠶᠡᠬᠡ ᠲᠠᠷᠬᠠᠭᠰᠠᠨ᠃

ᠣᠷᠴᠢᠨ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠷᠢᠰᠲ᠋ᠢᠳᠬᠡᠯ ᠨᠢ ᠣᠳᠣ ᠺᠠᠲ᠋ᠣᠯᠢᠭ᠂ ᠣᠲᠣᠳᠣᠺᠰ᠂ ᠫᠷᠣᠲ᠋ᠧᠰᠲ᠋ᠠᠨᠲ ᠭᠡᠰᠡᠨ 3 ᠲᠣᠮᠣ ᠤᠷᠤᠰᠬᠠᠯ ᠳᠤ ᠲᠡᠦᠬᠡ ᠶᠢᠨ ᠶᠠᠩᠵᠤ ᠪᠦᠷᠢ ᠶᠢᠨ ᠶᠠᠪᠤᠴᠠ ᠳᠤ ᠬᠤᠪᠢᠶᠠᠭᠳᠠᠭᠰᠠᠨ᠃ 2004 ᠤᠨ ᠳᠤ 2 ᠲᠡᠷᠪᠤᠮ ᠭᠠᠷᠤᠢ ᠢᠲᠡᠭᠡᠭᠴᠢ ᠲᠡᠢ ᠪᠣᠯᠤᠭᠰᠠᠨ ᠪᠠᠶᠢᠨ᠎ᠠ᠃ ᠡᠭᠦᠨ ᠡᠴᠡ ᠺᠠᠲ᠋ᠣᠯᠢᠭ 1,1 ᠲᠡᠷᠪᠤᠮ᠂ ᠣᠲᠣᠳᠣᠺᠰ 300 ᠰᠠᠶ᠎ᠠ᠂ ᠫᠷᠣᠲ᠋ᠧᠰᠲ᠋ᠠᠨᠲ 31,7 ᠰᠠᠶ᠎ᠠ ᠢᠲᠡᠭᠡᠭᠴᠢ ᠲᠡᠢ ᠪᠠᠶᠢᠨ᠎ᠠ᠃ ᠵᠢᠯ ᠳᠤᠮᠳᠠᠴᠢ ᠪᠠᠷ 1,25 ᠬᠤᠪᠢ ᠤᠨ ᠥᠰᠦᠯᠲᠡᠲᠡᠢ ᠪᠠᠶᠢᠳᠠᠭ᠃

ᠾᠷᠢᠰᠲ᠋ᠢᠳᠬᠡᠯ ᠳᠦ ᠠᠷᠢᠭᠤᠨ ᠬᠣᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪᠧᠲ᠋ᠯᠧᠾᠧᠮ - ᠾᠷᠢᠰᠲ ᠤᠨ ᠲᠦᠷᠦᠭᠰᠡᠨ ᠭᠠᠵᠠᠷ᠃ ᠣᠳᠣᠭ ᠤᠨ ᠢᠰᠷᠸᠯ ᠤᠯᠤᠰ ᠲᠤ ᠪᠠᠶᠢᠳᠠᠭ᠃
  • ᠢᠶᠡᠷᠤᠰᠠᠯᠢᠮ - ᠢᠰᠷᠸᠯ ᠤᠨ ᠨᠡᠶᠢᠰᠯᠡᠯ᠃ ᠡᠨᠡ ᠭᠠᠵᠠᠷ ᠲᠤ ᠶᠡᠰᠦᠰ ᠴᠣᠪᠳᠣᠯᠠᠭᠳᠠᠨ ᠨᠠᠰᠤ ᠪᠠᠷᠠᠭᠰᠠᠨ ᠪᠥᠭᠡᠳ ᠪᠦᠬᠦᠢ ᠯᠠ ᠦᠢᠯᠡᠴᠢᠯᠡᠯ ᠨᠢ ᠡᠨᠡ ᠭᠠᠵᠠᠷ ᠲᠠᠢ ᠬᠣᠯᠪᠣᠭᠠᠲᠠᠢ᠃
  • ᠨᠠᠵᠠᠷ - ᠶᠡᠰᠦᠰ ᠾᠷᠢᠰᠲ ᠤᠨ ᠥᠰᠴᠦ ᠲᠣᠮᠣ ᠪᠣᠯᠤᠭᠰᠠᠨ ᠭᠠᠵᠠᠷ᠃ ᠲᠡᠶᠢᠮᠦ ᠡᠴᠡ ᠾᠷᠢᠰᠲ᠋ᠢ ᠶᠢ "ᠨᠠᠵᠠᠷ ᠤᠨ ᠶᠡᠰᠦᠰ" ᠭᠡᠵᠦ ᠨᠡᠷᠡᠯᠡᠳᠡᠭ᠃
  • ᠠᠨᠲ᠋ᠢᠬᠤ - ᠾᠷᠢᠰᠲ ᠤᠨ ᠳᠠᠭᠠᠯᠳᠤᠭᠴᠢᠳ ᠦᠢᠯᠡᠴᠢᠯᠡᠯ᠎ᠡ ᠠᠩᠬ᠎ᠠ ᠡᠬᠢᠯᠡᠭᠰᠡᠨ ᠬᠣᠲᠠ
  • ᠸᠠᠲ᠋ᠢᠺᠠᠨ - ᠺᠠᠲ᠋ᠣᠯᠢᠭ ᠢᠲᠡᠭᠡᠯᠲᠦᠨᠡᠭᠦᠳᠡ ᠶᠢᠨ ᠲᠥᠪ᠃
  • ᠺᠣᠨᠰᠲ᠋ᠠᠨᠲ᠋ᠢᠨᠣᠫᠣᠯᠢ - 1453 ᠤᠨ ᠳᠤ ᠰᠦᠢᠷᠡᠭᠰᠡᠨ ᠬᠣᠲᠠ᠃ ᠵᠡᠭᠦᠨ ᠣᠲᠣᠳᠣᠺᠰ ᠤᠨ ᠲᠥᠪ ᠪᠠᠶᠢᠭᠰᠠᠨ᠃

ᠬᠦᠮᠦᠨ ᠠᠮᠠ ᠶᠢᠨ ᠪᠦᠷᠢᠳᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠷᠢᠰᠲ᠋ᠣᠰ  ᠤᠨ ᠢᠲᠡᠭᠡᠯᠲᠡᠨ ᠬᠠᠮᠤᠭ ᠣᠯᠠᠨ 20 ᠣᠷᠣᠨ
ᠤᠯᠤᠰ ᠾᠷᠢᠰᠲ᠋ᠣᠰ  ᠤᠨ ᠢᠲᠡᠭᠡᠯᠲᠡᠨ ᠵᠠᠭᠤᠨ ᠤ ᠬᠤᠪᠢ %
Flag of the United States.svg ᠠᠮᠧᠷᠢᠺᠠ 176,400,000 78.4%
Flag of Brazil.svg ᠪᠷᠠᠽᠢᠯ 174,700,000 90.4%
Flag of Mexico.svg ᠮᠸᠺᠰᠢᠺᠣ 105,095,000 94.5%
Flag of Russia.svg ᠣᠷᠣᠰ 99,775,000 70.3%
Flag of the Philippines.svg ᠹᠢᠯᠢᠫᠫᠢᠨ 90,530,000 92.4%
Flag of Nigeria.svg ᠨᠢᠭᠧᠷᠢᠢ ᠠ 76,281,000 48.2%
ᠵᠠᠭᠪᠤᠷ:Country data ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠺᠣᠩᠭᠣ ᠤᠯᠤᠰ 68,558,000 95.6%
ᠵᠠᠭᠪᠤᠷ:Country data ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ 66,959,000 5.0%
Flag of Italy.svg ᠢᠲ᠋ᠠᠯᠢ 55,070,000 91.1%
Flag of Ethiopia.svg ᠡᠲ᠋ᠢᠣᠫ (ᠪᠤᠶᠤ ᠧᠽᠢᠦᠫᠢᠶ ᠠ) 54,978,000 64.5%
Flag of Germany.svg ᠭᠧᠷᠮᠠᠨ 49,400,000 59.9%
Flag of England.svg ᠠᠩᠭᠯᠢ 44,522,000 71.8%
Flag of Colombia.svg ᠺᠣᠯᠤᠮᠪᠢᠶ ᠠ 44,502,000 97.6%
Flag of Ukraine.svg ᠦᠺᠷᠠᠶᠢᠨ 41,973,000 91.5%
Flag of South Africa.svg ᠡᠮᠦᠨᠡᠲᠦ ᠠᠹᠷᠢᠺᠠ 39,843,000 79.7%
Flag of Argentina.svg ᠠᠷᠭᠸᠨ᠋ᠲ᠋ᠢᠨ 37,561,000 92.7%
Flag of Poland.svg ᠫᠣᠯᠢᠰᠢ (ᠫᠣᠯᠠᠨᠳ᠋) 36,526,000 95.7%
Flag of Spain.svg ᠢᠰᠫᠠᠨᠢ 35,568,000 77.2%
Flag of France.svg ᠹᠷᠠᠨᠼᠢ 35,014,000 53.5%
Flag of Kenya.svg ᠺᠧᠨᠢᠶ ᠠ 34,774,000 85.1%

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Christianity

ᠪᠢᠴᠢᠭᠡᠰᠦ