ᠽᠸᠨᠠᠮᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠽᠸᠨᠠᠮᠢ ᠡᠭᠦᠰᠬᠦ ᠮᠧᠬᠠᠨᠢᠰᠮ
ᠭᠦᠶᠦᠬᠡᠨ ᠤᠰᠤ ᠲᠠᠢ᠂ ᠨᠠᠯᠠᠤ ᠡᠷᠭᠢ ᠳᠦ ᠴᠤᠨᠠᠮᠤᠭ ᠤᠨ ᠬᠦᠴᠦ ᠪᠠᠭ᠎ᠠ ᠪᠠᠶᠢᠨ᠎ᠠ᠃
ᠭᠦᠨ᠂ ᠣᠭᠴᠣᠮ ᠡᠷᠭᠢ ᠨᠢ ᠴᠤᠨᠠᠮᠤᠭ ᠤᠨ ᠳᠠᠪaᠯᠭᠠᠨ ᠤ ᠬᠦᠴᠦ ᠶᠢ ᠨᠡᠮᠡᠭᠳᠡᠭᠦᠯᠦᠨ᠎ᠡ᠃
ᠳᠠᠯᠠᠢ ᠶᠢᠨ ᠢᠷᠤᠭᠠᠷ ᠤᠨ ᠭᠠᠯᠲᠤ ᠠᠭᠤᠯᠠ ᠶᠢᠨ ᠳᠡᠯᠪᠡᠷᠡᠯᠲᠡ ᠡᠴᠡ ᠡᠭᠦᠰᠬᠦ ᠦᠯᠡᠮᠵᠢ ᠬᠡᠮᠵᠢᠶᠡᠨ ᠦ ᠮᠠᠲ᠋ᠧᠷᠢᠶᠠᠯ ᠽᠸᠨᠠᠮᠢ ᠡᠭᠦᠰᠬᠡᠵᠦ ᠪᠣᠯᠤᠨ᠎ᠠ᠃
ᠳᠠᠯᠠᠢ ᠳᠣᠣᠷᠠᠬᠢ ᠭᠠᠵᠠᠷ ᠬᠥᠳᠡᠯᠦᠯᠲᠡ ᠨᠢ ᠳᠠᠯᠠᠢ ᠶᠢᠨ ᠴᠠᠷᠴᠠᠳᠠᠰᠤ ᠶᠢ ᠰᠢᠯᠵᠢᠭᠦᠯᠬᠦ (ᠡᠪᠳᠡᠬᠦ) ᠪᠠ ᠳᠠᠯᠠᠢ ᠶᠢᠨ ᠤᠰᠤ ᠲᠦᠯᠬᠢᠭᠳᠡᠨ ᠽᠸᠨᠠᠮᠢ ᠡᠭᠦᠰᠦᠨ᠎ᠡ᠃

ᠭᠠᠵᠠᠷ ᠬᠥᠳᠡᠯᠦᠯᠲᠡᠭᠠᠯᠲᠤ ᠠᠭᠤᠯᠠ ᠶᠢᠨ ᠢᠳᠡᠪᠬᠢᠵᠢᠯᠲᠠᠬᠥᠷᠦᠰᠦᠨ ᠦ ᠭᠤᠯᠠᠰᠤᠯᠲᠠ᠂ ᠲᠣᠮᠣᠬᠠᠨ ᠬᠡᠮᠵᠢᠶᠡᠨ ᠦ ᠰᠣᠯᠢᠷ ᠤᠨᠠᠬᠤ᠂ ᠴᠥᠮ᠎ᠡ ᠶᠢᠨ ᠪᠥᠮᠪᠥᠭᠡ ᠶᠢᠨ ᠲᠤᠷᠰᠢᠯᠲᠠ ᠪᠠᠷ ᠡᠭᠦᠰᠬᠦ ᠡᠨᠧᠷᠭᠢ ᠶᠢᠨ ᠨᠥᠯᠥᠭᠡ ᠪᠡᠷ ᠳᠠᠯᠠᠢᠲᠡᠩᠭᠢᠰ ᠦᠨ ᠤᠰᠤᠨ ᠤ ᠠᠰᠤᠷᠤ ᠲᠣᠮᠣ ᠳᠠᠪᠠᠯᠭ᠎ᠠ ᠡᠭᠦᠰᠬᠦ ᠶᠢ ᠽᠸᠨᠠᠮᠢ ᠭᠡᠵᠦ ᠨᠡᠷᠡᠯᠡᠨ᠎ᠡ᠃ ᠽᠸᠨᠠᠮᠢ ᠨᠢ ᠶᠠᠫᠣᠨ ᠭᠠᠷᠤᠯᠲᠠᠢ ᠦᠭᠡ ᠶᠤᠮ᠃

ᠶᠡᠬᠡᠬᠡᠨ ᠬᠣᠬᠢᠷᠠᠯ ᠤᠴᠠᠷᠠᠭᠤᠯᠤᠭᠰᠠᠨ ᠴᠤᠨᠠᠮᠤᠭ ᠤᠨ ᠵᠢᠱᠢᠶ᠎ᠡ ᠪᠣᠯ 2004 ᠣᠨ ᠤ ᠡᠨᠡᠳᠬᠡᠭ ᠦᠨ ᠳᠠᠯᠠᠢ ᠶᠢᠨ ᠭᠠᠵᠠᠷ ᠬᠥᠳᠡᠯᠦᠯᠲᠡ ᠪᠡᠷ ᠡᠭᠦᠰᠦᠭᠰᠡᠨ ᠽᠸᠨᠠᠮᠢ ᠶᠤᠮ᠃ ᠣᠶᠢᠷᠠᠯᠴᠠᠭ᠎ᠠ ᠪᠠᠷ 300,000 ᠬᠦᠮᠦᠨ ᠨᠠᠰᠤ ᠪᠠᠷᠠᠭᠰᠠᠨ ᠤ 168,000 ᠨᠢ ᠢᠨᠳᠥᠶᠢᠨᠧᠽᠢ ᠶᠢᠨ ᠢᠷᠭᠡᠳ ᠪᠠᠶᠢᠭᠰᠠᠨ᠃ ᠳᠠᠯᠠᠢ ᠶᠢᠨ ᠳᠠᠪᠠᠯᠭᠠᠨ ᠤ ᠥᠨᠳᠥᠷ 33 ᠮᠧᠲ᠋ᠷ ᠲᠦ ᠬᠦᠷᠴᠦ᠂ ᠢᠨᠳᠦ᠋ᠨᠢᠱᠢᠶ ᠠᠲᠠᠶᠢᠯᠠᠨᠳ᠋ , ᠮᠠᠯᠠᠢ᠋ᠰᠢᠶ᠎ᠠᠪᠧᠩᠭᠠᠯᠡᠨᠡᠳᠬᠡᠭᠱᠷᠢ ᠯᠠᠨᠺᠮᠠᠯᠳᠢᠪ ᠵᠡᠷᠭᠡ ᠬᠣᠭᠣᠷᠣᠨᠳᠣ ᠪᠠᠨ ᠬᠡᠳᠦᠨ ᠮᠢᠩᠭᠠᠨ km ᠠᠯᠤᠰᠯᠠᠭᠳᠠᠭᠰᠠᠨ ᠣᠷᠣᠨ ᠨᠤᠭᠤᠳ ᠨᠡᠷᠪᠡᠭᠳᠡᠭᠰᠡᠨ ᠪᠠᠶᠢᠨ᠎ᠠ᠃ ᠤᠭ ᠽᠸᠨᠠᠮᠢ ᠨᠢ ᠠᠹᠷᠢᠺᠠ ᠶᠢᠨ ᠵᠡᠭᠦᠨ ᠡᠷᠭᠢ ᠶᠢᠨ ᠰᠣᠮᠠᠯᠢᠢ ᠠᠺᠧᠨᠢᠶ ᠠᠲᠠᠨᠽᠠᠨᠢᠢ ᠠ ᠲᠡᠳᠦᠢ ᠦᠭᠡᠢ᠂ ᠭᠠᠵᠠᠷ ᠬᠥᠳᠡᠯᠦᠯᠲᠡ ᠶᠢᠨ ᠡᠫᠢᠼᠧᠨᠲᠡᠷ ᠡᠴᠡ 13,000 ᠺᠢᠯᠣᠮᠧᠲ᠋ᠷ ᠬᠣᠯᠠ ᠤᠷᠤᠰᠢᠬᠤ ᠮᠸᠺᠰᠢᠺᠣ ᠤᠨ ᠡᠷᠭᠢ ᠳᠦ (ᠳᠠᠪᠠᠯᠭᠠᠨ ᠤ ᠥᠨᠳᠥᠷ 2.6 ᠮᠧᠲ᠋ᠷ ᠭᠡᠵᠦ ᠲᠡᠮᠳᠡᠭᠯᠡᠭᠳᠡᠭᠰᠡᠨ) ᠬᠦᠷᠦᠭᠰᠡᠨ ᠪᠠᠶᠢᠨ᠎ᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]


ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠽᠸᠨᠠᠮᠢ&oldid=442459》 ᠍  ᠡᠴᠡ ᠠᠪᠤᠭᠰᠠᠨ

ᠪᠢᠴᠢᠭᠡᠰᠦ