ᠽᠠᠶᠢᠭᠤᠤ᠋ ᠰᠢᠷᠤᠤ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠽᠠᠶᠢᠭᠤᠤ᠋ ᠰᠢᠷᠤᠤ᠋ (1866 ᠣᠨ 3 ᠰᠠᠷ᠎ᠠ 20 - 1922 ᠣᠨ ᠤ 12 ᠰᠠᠷ᠎ᠠ 22) ᠨᠢ ᠮᠧᠢᠵᠢ ᠡᠷᠢᠩᠭᠡ ᠶᠢᠨ ᠺᠣᠣᠳᠣᠺᠠᠨ ᠵᠢᠦ᠋ᠳᠣ᠋ ᠍ ᠶᠢᠨ ᠮᠠᠰᠲ᠋ᠸᠷ ᠤᠳ ᠤᠨ ᠨᠢᠭᠡ ᠪᠥᠭᠡᠳ ᠺᠣᠣᠳᠣᠺᠠᠨ ᠤ 4 ᠡᠵᠡᠨᠭᠡᠶᠢᠨ ᠨᠢᠭᠡ᠃ ᠵᠣᠬᠢᠶᠠᠯᠴᠢ ᠲᠣᠮᠢᠲᠠ ᠴᠦᠨᠦᠭ᠎ᠠ ᠶᠢᠨ 《ᠰᠦᠭᠲᠠ ᠰᠠᠨᠰᠢᠷ ᠢᠶᠠᠨ》 ᠬᠡᠮᠡᠬᠦ ᠵᠣᠬᠣᠯ ᠤᠨ ᠭᠣᠣᠯ ᠳᠦᠷᠢ ᠶᠢᠨ ᠪᠠᠭᠠᠲᠤᠷ ᠶᠤᠮ᠃


ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠵᠦ ᠬᠠᠨ ᠠᠶᠢᠮᠠᠭ ᠤᠨ ᠰᠠᠮᠤᠷᠤᠢ ᠰᠢᠳᠠ ᠲᠡᠶᠢᠵᠢᠷ ᠢᠶᠠᠨᠭᠡᠶᠢᠨ 3 ᠳᠠᠬᠢ ᠬᠦᠦ ᠪᠣᠯᠤᠨ ᠸᠠᠺᠠᠮᠤᠴᠦᠳ ᠮᠡᠨᠳᠦᠯᠡᠭᠰᠡᠨ ᠪᠠᠶᠢᠨ᠎ᠠ᠃ 3 ᠨᠠᠰᠤᠲᠠᠢ ᠪᠠᠶᠢᠬᠤ ᠳᠤ ᠨᠢ ᠪᠣᠰᠢᠩ ᠦᠨ ᠳᠠᠶᠢᠨ ᠡᠬᠢᠯᠡᠵᠦ ᠴᠦᠭᠪᠠ (ᠣᠳᠣ ᠶᠢᠨ ᠨᠢᠢᠭᠲᠠ ᠮᠤᠵᠢ ᠶᠢᠨ ᠠᠭ᠎ᠠ ᠬᠣᠲᠠ) ᠷᠤ ᠰᠢᠯᠵᠢᠨ ᠰᠠᠭᠤᠷᠢᠰᠢᠭᠰᠠᠨ ᠪᠠᠶᠢᠨ᠎ᠠ᠃ 16 ᠨᠠᠰᠤ ᠲᠠᠢ ᠳᠠᠭᠠᠨ ᠠᠶᠢᠵᠦ ᠬᠠᠨ ᠠᠶᠢᠮᠠᠭ ᠤᠨ ᠡᠵᠡᠨ ᠰᠠᠢ ᠶᠢ ᠪᠠᠨ ᠲᠠᠨᠨᠣᠮᠣᠭᠡᠶᠢᠨ ᠡᠷᠭᠦᠮᠡᠯ ᠬᠦᠦ ᠪᠣᠯᠤᠭᠰᠠᠨ᠃

ᠰᠠᠢ ᠶᠢ ᠪᠠᠨ ᠲᠠᠨᠨᠣᠮᠣ ᠨᠢ ᠲᠠᠺᠧᠳᠠ ᠰᠣᠺᠠᠺᠦ ᠳᠤ ᠳᠠᠶᠢᠲᠠᠷᠶᠦ ᠠᠶᠢᠺᠢ (ᠠᠬᠢᠳᠣᠭᠡᠶᠢᠨ ᠦᠨᠳᠦᠰᠦ ᠪᠣᠯᠤᠭᠰᠠᠨ ᠬᠡᠮᠡᠭᠳᠡᠬᠦ) ᠬᠡᠮᠡᠬᠦ ᠵᠦᠵᠦᠴᠦ ᠶᠢᠨ ᠲᠤᠯᠤᠭᠠᠨ ᠤ ᠤᠷᠠᠯᠢᠭ ᠢ ᠵᠢᠭᠠᠵᠤ ᠪᠠᠶᠢᠭᠰᠠᠨ ᠭᠡᠭᠳᠡᠳᠡᠭ ᠪᠠ ᠲᠠᠨᠨᠠᠮᠠᠭ ᠤᠨ ᠡᠷᠭᠦᠮᠡᠯ ᠬᠦᠦ ᠪᠣᠯᠬᠤ ᠰᠠᠢ ᠶᠢ ᠪᠠᠨ ᠴᠤ ᠪᠠᠰᠠ ᠳᠠᠶᠢᠲᠠᠷᠶᠦᠳ ᠰᠤᠷᠤᠯᠴᠠᠵᠤ ᠪᠠᠶᠢᠭᠰᠠᠨ ᠭᠡᠬᠦ ᠪᠣᠯᠤᠮᠵᠢ ᠪᠤᠢ᠃

1882 ᠣᠨ ᠳᠤ ᠨᠡᠶᠢᠰᠯᠡᠯ ᠳᠦ ᠢᠷᠡᠵᠦ ᠲᠡᠷᠡ ᠦᠶ᠎ᠡ ᠳᠦ ᠬᠡᠭᠡᠷ᠎ᠡ ᠶᠢᠨ ᠴᠡᠷᠢᠭ ᠦᠨ ᠣᠹᠢᠼᠧᠷ ᠤᠨ ᠰᠤᠷᠭᠠᠭᠤᠯᠢ ᠶᠢᠨ ᠪᠡᠯᠡᠳᠬᠡᠯ ᠰᠤᠷᠭᠠᠭᠤᠯᠢ ᠪᠣᠯᠬᠤ ᠰᠧᠢᠵᠢᠭᠠᠭᠠᠳ ᠡᠯᠰᠡᠨ ᠣᠷᠣᠵᠤ ᠲᠡᠩᠵᠢᠨᠰᠢᠨᠶᠣ ᠤᠷᠤᠰᠬᠠᠯ ᠤᠨ ᠢᠨ᠎ᠠ ᠪᠡᠨ ᠺ ᠡᠴᠢᠯᠲᠤᠷᠣᠣ ᠶᠢᠨ ᠳᠡᠪᠵᠢᠭᠡᠨ ᠳᠦ ᠰᠤᠷᠤᠯᠴᠠᠵᠤ ᠪᠠᠶᠢᠬᠤ ᠳᠤ ᠪᠠᠨ ᠢᠵᠢᠯᠬᠡᠨ ᠲᠡᠩᠵᠢᠨᠰᠢᠨᠶᠣ ᠵᠦᠵᠦᠴᠦ ᠡᠴᠡ ᠭᠠᠷᠤᠯ ᠲᠠᠢ ᠺᠠᠨᠤᠤ᠋ ᠵᠢᠭᠤᠷᠤᠤ᠋ ᠳᠤ ᠤᠷᠤᠭᠤ ᠲᠠᠲᠠᠭᠳᠠᠨ ᠺᠣᠣᠳᠣᠺᠠᠨᠳ ᠡᠯᠰᠡᠭᠰᠡᠨ ᠪᠠᠶᠢᠨ᠎ᠠ᠃

1886 ᠣᠨ ᠳᠤ ᠶᠠᠫᠣᠨ ᠤ ᠴᠠᠭᠳᠠᠭ᠎ᠠ ᠶᠢᠨ ᠶᠡᠷᠦᠩᠬᠡᠢ ᠭᠠᠵᠠᠷ ᠤᠨ ᠲᠤᠯᠤᠭᠠᠨ ᠤ ᠤᠷᠠᠯᠢᠭ ᠤᠨ ᠲᠡᠮᠡᠴᠡᠭᠡᠨ ᠳᠦ ᠪᠦᠬᠦ ᠲᠤᠯᠤᠭᠠᠨ ᠤ ᠤᠷᠠᠯᠢᠭᠤ ᠶᠢ ᠢᠯᠠᠵᠤ ᠠᠪᠤᠷᠠᠭ᠎ᠠ ᠪᠣᠯᠤᠭᠰᠠᠨ ᠢᠶᠠᠷ ᠺᠣᠣᠳᠣᠺᠠᠨ ᠵᠢᠦ᠋ᠳᠣ᠋ ᠨᠢ ᠴᠠᠭᠳᠠᠭ᠎ᠠ ᠶᠢᠨ ᠠᠯᠪᠠᠨ ᠶᠣᠰᠣᠨ ᠤ ᠬᠢᠴᠢᠶᠡᠯ ᠦᠳ ᠦᠨ ᠨᠢᠭᠡ ᠪᠣᠯᠵᠤ᠂ ᠣᠳᠣ ᠶᠢᠨ ᠵᠢᠦ᠋ᠳᠣ᠋ ᠬᠥᠭᠵᠢᠬᠦ ᠳᠤ ᠡᠬᠢᠯᠡᠯ ᠴᠡᠭ ᠨᠢ ᠪᠣᠯᠤᠭᠰᠠᠨ᠃ ᠡᠨᠡ ᠲᠡᠮᠡᠴᠡᠭᠡᠨ ᠳᠦ ᠰᠠᠢ ᠶᠢ ᠪᠠᠨ ᠨᠢ ᠲᠠᠴᠺᠠ ᠶᠢᠨ ᠶᠣᠱᠣᠩᠷᠶᠦ ᠤᠷᠤᠰᠬᠠᠯ ᠤᠨ ᠶᠣᠰᠢᠮᠢᠴᠢ ᠡᠩᠲᠠᠷᠤᠭ ᠢᠯᠠᠨ ᠠᠪᠤᠷᠠᠭ᠎ᠠ ᠪᠣᠯᠤᠭᠰᠠᠨ ᠢᠶᠠᠷ ᠦᠨᠡᠲᠡᠢ ᠬᠤᠪᠢ ᠨᠡᠮᠡᠷᠢ ᠣᠷᠣᠭᠤᠯᠤᠭᠰᠠᠨ᠃

ᠰᠠᠢᠣᠭ᠎ᠠ ᠶᠢᠨ ᠬᠠᠮᠤᠭ ᠤᠨ ᠰᠠᠶᠢᠨ ᠬᠢᠳᠡᠭ ᠮᠡᠬᠡ ᠨᠢ 《ᠶᠠᠮ᠎ᠠ ᠠᠷᠠᠰᠢ - ᠠᠭᠤᠯᠠ ᠶᠢᠨ ᠰᠠᠯᠬᠢ》 ᠪᠠ ᠪᠠᠭ᠎ᠠ ᠠᠴᠠ ᠪᠠᠨ ᠬᠢᠵᠦ ᠢᠷᠡᠭᠰᠡᠨ ᠠᠵᠢᠯ ᠤᠨᠨ ᠨᠥᠯᠥᠭᠡ ᠪᠡᠷ ᠬᠥᠯ ᠨᠢ 《ᠨᠠᠶᠢᠮᠠᠶᠢᠯᠠᠵᠠᠨ ᠬᠥᠯ》 ᠰᠢᠭ ᠪᠣᠯᠤᠭᠰᠠᠨ ᠪᠠᠶᠢᠭᠰᠠᠨ ᠪᠠ ᠲᠡᠭᠦᠨ ᠢ ᠪᠡᠨ ᠠᠰᠢᠭᠯᠠᠭᠰᠠᠨ ᠮᠡᠬᠡ ᠶᠤᠮ᠃ ᠲᠡᠭᠦᠨ ᠡᠴᠡ ᠥᠭᠡᠷ᠎ᠡ ᠬᠢᠳᠡᠭ ᠬᠦᠮᠦᠨ ᠪᠠᠶᠢᠬᠤ ᠦᠭᠡᠢ ᠪᠠᠶᠢᠭᠰᠠᠨ ᠪᠠᠶᠢᠨ᠎ᠠ᠃ ᠭᠡᠪᠡᠴᠦ 1920 ᠣᠨ ᠳᠤ ᠡᠨᠡᠬᠦ ᠮᠡᠬᠡ ᠨᠢ ᠠᠶᠤᠯ ᠲᠠᠢ ᠮᠡᠬᠡ ᠬᠡᠮᠡᠭᠳᠡᠬᠦ ᠬᠡᠷᠡᠭᠯᠡᠬᠦ ᠶᠢ ᠬᠣᠷᠢᠭᠯᠠᠭᠰᠠᠨ ᠪᠠᠶᠢᠨ᠎ᠠ᠃

1889 ᠣᠨ ᠳᠤ ᠺᠠᠨᠤᠤ᠋ ᠵᠢᠭᠤᠷᠤᠤ᠋ ᠨᠢ ᠭᠠᠳᠠᠭᠠᠳᠤ ᠷᠤ ᠠᠵᠢᠭᠡᠯᠡᠯᠲᠠ ᠪᠠᠷ ᠶᠠᠪᠤᠬᠤ ᠦᠶᠡᠳᠡᠭᠡ ᠺᠣᠣᠳᠣᠺᠠᠩ ᠤᠨ ᠪᠠᠭᠰᠢ ᠪᠠᠷ ᠦᠯᠡᠳᠡᠭᠡᠭᠰᠡᠨ ᠴᠤ᠂ 1890 ᠣᠨ ᠳᠤ 『支那渡航意見書』 ᠦᠯᠡᠳᠡᠭᠡᠨ ᠺᠣᠣᠳᠣᠺᠠᠨ ᠠᠴᠠ ᠭᠠᠷᠤᠭᠰᠠᠨ ᠪᠠᠶᠢᠨ᠎ᠠ᠃ ᠡᠷᠲᠡᠨ ᠦ ᠲᠠᠨᠢᠯ ᠮᠢᠶᠠᠭᠢ ᠲᠣᠭᠣᠲᠡᠨᠲᠡᠢ ᠬᠠᠮᠲᠤ ᠡᠬᠡ ᠣᠷᠣᠨᠴᠢ ᠦᠵᠡᠯᠳᠦᠭᠡ ᠬᠥᠲᠦᠯᠦᠭᠳᠡᠨ ᠬᠤᠪᠢᠰᠬᠠᠯᠴᠢ ᠬᠥᠳᠡᠯᠭᠡᠭᠡᠨ ᠨᠦᠭᠦᠳ ᠲᠦ ᠤᠷᠤᠯᠴᠠᠬᠤ ᠪᠣᠯᠤᠭᠰᠠᠨ ᠪᠠᠶᠢᠨ᠎ᠠ᠃ 1902 ᠣᠨ ᠳᠤ ᠣᠷᠣᠰ-ᠶᠠᠫᠣᠨ ᠤ ᠳᠠᠶᠢᠨ ᠪᠣᠯᠤᠨ ᠴᠢᠩᠬᠠᠢ ᠶᠢᠨ ᠬᠤᠪᠢᠭᠠᠯ ᠍ ᠤᠨ ᠦᠶ᠎ᠡ ᠪᠡᠷ ᠰᠦᠵᠦᠺᠢ ᠲᠡᠩᠭᠠᠨ ᠲᠠᠢ ᠬᠠᠮᠲᠤᠷᠠᠨ 《ᠲᠣᠭᠣᠶᠣ ᠬᠣᠨᠢᠳᠡ ᠰᠢᠮᠪᠦᠩ》 (ᠳᠣᠷᠣᠨ᠎ᠠ ᠶᠢᠨ ᠮᠠᠨᠳᠤᠬᠤ ᠨᠠᠷ) ᠬᠡᠮᠡᠬᠦ ᠰᠣᠨᠢᠨ ᠤ ᠭᠠᠵᠠᠷ ᠪᠠᠶᠢᠭᠤᠯᠵᠤ ᠷᠧᠳᠠᠺᠲᠣᠷ ᠤᠨ ᠠᠵᠢᠯ ᠢ ᠬᠢᠵᠦ ᠪᠠᠶᠢᠭᠰᠠᠨ ᠪᠠᠶᠢᠨ᠎ᠠ᠃ ᠨᠠᠭᠠᠰᠠᠺ ᠲᠤ ᠰᠣᠨᠢᠨ ᠤ ᠭᠠᠵᠠᠷ ᠤᠨ ᠡᠷᠬᠢᠯᠡᠭᠴᠢ ᠶᠢᠨ ᠠᠵᠢᠯ ᠢ ᠬᠢᠬᠦ ᠶᠢᠨ ᠬᠠᠵᠠᠭᠤ ᠪᠠᠷ ᠵᠢᠦ᠋ᠳᠣ᠋ ᠍ ᠶᠢᠨ ᠬᠢᠴᠢᠶᠡᠯ ᠴᠤ ᠮᠥᠨ ᠵᠢᠭᠠᠵᠤ ᠪᠠᠶᠢᠴᠠᠢ᠃ ᠮᠥᠨ ᠰᠦᠵᠦᠺᠢ ᠲᠡᠩᠭᠠᠨ ᠲᠠᠢ ᠬᠠᠮᠲᠤᠷᠠᠨ ᠨᠠᠭᠠᠰᠠᠺᠢᠭ ᠤᠨ ᠤᠰᠤᠨ ᠳᠤ ᠰᠡᠯᠢᠯᠲᠡ ᠶᠢᠨ ᠬᠣᠯᠪᠣᠭ᠎ᠠ ᠶᠢ ᠪᠠᠶᠢᠭᠤᠯᠵᠤ᠂ ᠤᠭ ᠬᠣᠯᠪᠣᠭᠠᠨ ᠤ ᠳᠠᠰᠬᠠᠯᠵᠢᠭᠤᠯᠤᠭᠴᠢ ᠬᠡᠢ ᠶᠢᠨ 《ᠶᠠᠫᠣᠨ ᠤ ᠰᠡᠯᠢᠯᠲᠡ ᠶᠢᠨ ᠠᠷᠭ᠎ᠠ ᠪᠠᠷᠢᠯ》 ᠍ ᠢ ᠪᠣᠯᠪᠠᠰᠤᠷᠠᠭᠤᠯᠬᠤ ᠳᠤ ᠣᠷᠣᠯᠴᠠᠭᠰᠠᠨ ᠪᠠᠶᠢᠨ᠎ᠠ᠃

1922 ᠣᠨ ᠳᠤ ᠡᠪᠡᠳᠴᠢᠨ ᠢᠶᠡᠨ ᠡᠮᠡᠴᠢᠯᠡᠭᠦᠯᠬᠦ ᠪᠡᠷ ᠣᠷᠣᠰᠢᠨ ᠰᠠᠭᠤᠵᠤ ᠪᠠᠶᠢᠭᠰᠠᠨ ᠬᠢᠷᠣᠰᠢᠮᠠ ᠮᠤᠵᠢᠡᠶᠢᠨ ᠣᠨᠣᠮᠢᠴᠢ ᠬᠣᠳᠠ ᠳᠤ ᠶᠢᠷᠲᠢᠨᠴᠦ ᠶᠢᠨ ᠮᠥᠩᠬᠡ ᠪᠤᠰᠤ ᠶᠢ ᠦᠵᠡᠭᠦᠯᠦᠭᠰᠡᠨ ᠪᠠᠶᠢᠨ᠎ᠠ᠃ᠲᠡᠭᠦᠨ ᠢ ᠨᠠᠰᠤ ᠪᠠᠷᠠᠭᠰᠠᠨ ᠤ ᠬᠢ ᠨᠢ ᠳᠠᠷᠠᠭ᠎ᠠ ᠺᠣᠣᠳᠣᠺᠠᠨ ᠠᠴᠠ ᠵᠢᠦ᠋ᠳᠣ᠋ ᠍ ᠶᠢᠨ 6 ᠍ ᠳᠦᠭᠡᠷ ᠳᠠᠩ ᠢ ᠨᠡᠬᠡᠨ ᠣᠯᠭᠤᠭᠰᠠᠨ᠃

ᠣᠷᠴᠢᠨ ᠦᠶ᠎ᠡ ᠳᠦ ᠵᠢᠵᠢᠭ᠍ᠭᠡᠨ ᠪᠡᠶ᠎ᠡ ᠲᠡᠢ ᠰᠠᠶᠢᠨ ᠵᠢᠦ᠋ᠳᠣ᠋ᠴᠢᠨ ᠶᠢ 《... ᠍ ᠦᠨ ᠰᠠᠨᠰᠢᠷ ᠢᠶᠠᠨ》 ᠭᠡᠵᠦ ᠨᠡᠷᠡᠯᠡᠳᠡᠭ ᠨᠢ ᠰᠠᠢ ᠶᠢ ᠪᠠᠨ ᠰᠢᠷᠠᠭ᠎ᠠ ᠶᠢ ᠮᠣᠳᠧᠯ ᠪᠣᠯᠭᠠᠨ ᠪᠢᠴᠢᠭᠰᠡᠨ 《ᠰᠦᠭᠲᠠ ᠰᠠᠨᠰᠢᠷ ᠢᠶᠠᠨ》 ᠬᠡᠮᠡᠬᠦ ᠵᠣᠬᠢᠶᠠᠯ ᠤᠨ ᠨᠥᠯᠥᠭᠡ ᠶᠤᠮ᠃

1923 ᠣᠨ ᠳᠤ ᠺᠠᠨᠤᠤ᠋ ᠵᠢᠭᠤᠷᠤᠤ᠋ ᠰᠠᠢᠣᠭ᠎ᠠ ᠶᠢᠨ ᠬᠥᠰᠢᠭᠡᠨ ᠳᠡᠭᠡᠷ᠎ᠡ 《ᠺᠣᠣᠳᠣᠺᠠᠨ ᠵᠢᠦ᠋ᠳᠣ᠋ ᠍ ᠶᠢ ᠦᠨᠳᠦᠰᠦᠯᠡᠬᠦ ᠳᠦ ᠲᠤᠰᠯᠠᠨ᠂ ᠬᠠᠮᠲᠤ ᠰᠤᠳᠤᠯᠵᠤ ᠪᠠᠶᠢᠭᠰᠠᠨ ᠪᠥᠭᠡᠳ ᠦᠨᠳᠦᠰᠦᠨ ᠮᠡᠬᠡ ᠪᠣᠯᠬᠤ ᠱᠢ ᠳᠦ ᠬᠢ ᠮᠡᠬᠡ ᠶᠢ ᠲᠡᠭᠦᠨ ᠰᠢᠭ ᠰᠠᠶᠢᠨ ᠬᠢᠳᠡᠭ ᠬᠦᠮᠦᠨ ᠣᠳᠣ ᠪᠣᠯᠲᠠᠯ᠎ᠠ ᠣᠯᠠᠨ ᠮᠢᠩᠭᠠᠨ ᠳᠡᠪᠵᠢᠭᠡᠨ ᠦ ᠠᠯᠢᠨ ᠠᠴᠠ ᠨᠢ ᠴᠤ ᠲᠥᠷᠥᠭᠡ ᠭᠦᠢ᠃ ᠬᠦᠨᠳᠦ ᠡᠪᠡᠳᠴᠢᠨ ᠢᠶᠡᠷ ᠰᠢᠨᠠᠯᠤᠭᠰᠠᠨ ᠤ ᠡᠴᠦᠰ ᠲᠦ ᠨᠥᠭᠥᠭᠡ ᠶᠢᠷᠲᠢᠨᠴᠦᠳ ᠣᠳᠤᠭᠰᠠᠨ ᠢ ᠨᠢ ᠳᠠᠭᠤᠯᠠᠭᠠᠳ ᠬᠠᠷᠠᠮᠰᠠᠭᠠᠳ ᠴᠤ ᠪᠠᠷᠠᠰᠢ ᠦᠭᠡᠢ᠂ ᠲᠡᠭᠦᠨ ᠳᠦ 6 ᠍ ᠳᠦᠭᠡᠷ ᠳ᠋ᠠᠨ ᠢ ᠨᠥᠬᠥᠨ ᠣᠯᠭᠤᠵᠤ᠂ ᠤᠷ᠎ᠠ ᠴᠢᠳᠠᠪᠤᠷᠢ ᠶᠢ ᠨᠢ ᠦᠨᠡᠯᠡᠰᠦᠭᠡᠢ》 ᠬᠡᠮᠡᠨ ᠰᠡᠶᠢᠯᠦᠭᠰᠡᠨ ᠪᠠᠶᠢᠳᠠᠭ᠃

ᠪᠢᠴᠢᠭᠡᠰᠦ