ᠽᠠᠮᠪᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠽᠠᠮᠪᠢ ᠤᠯᠤᠰ
Republic of Zambia
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: ᠨᠢᠭᠡ ᠽᠠᠮᠪᠢ᠂ ᠨᠢᠭᠡ ᠦᠨᠳᠦᠰᠦᠲᠡᠨ</br>(One Zambia, One Nation)
ᠲᠥᠷᠥ ᠶᠢᠨ ᠳᠠᠭᠤᠯᠠᠯ ᠤᠨ ᠨᠡᠷ᠎ᠡ:
ᠪᠣᠰᠵᠠᠭᠠᠶ᠎ᠠ᠂ ᠪᠠᠬᠠᠷᠬᠠᠯ᠂ ᠡᠷᠬᠡ ᠴᠢᠯᠦᠭᠡ᠂ ᠽᠠᠮᠪᠢ ᠪᠠᠨ ᠳᠤᠭᠤᠯᠴᠠᠭᠠᠶ᠎ᠠ (Stand and Sing of Zambia, Proud and Free)
ᠨᠡᠶᠢᠰᠯᠡᠯ 
(ᠶᠡᠬᠡ ᠬᠣᠲᠠ)
ᠯᠤᠤᠰᠠᠺᠠ
ᠠᠯᠪᠠᠨ ᠬᠡᠯᠡ ᠠᠩᠭᠯᠢ
ᠵᠥᠪᠰᠢᠶᠡᠷᠡᠭᠳᠡᠭᠰᠡᠨ ᠣᠷᠣᠨ ᠨᠤᠲᠤᠭ ᠤᠨ ᠬᠡᠯᠡ ᠨᠢᠩᠵᠠᠪᠶᠤᠸᠠᠮᠪᠠᠯᠤᠩᠳᠠᠲᠣᠩᠭ᠋ ᠠᠨᠺ ᠢᠶ᠎ᠠᠯᠣᠽᠢᠯᠤᠪᠠᠯᠧᠺᠠᠣᠨᠳᠧ ᠵᠡᠷᠭᠡ 65 ᠬᠡᠯᠡ
ᠠᠷᠠᠳ ᠲᠦᠮᠡᠨ  ᠪᠠᠩᠲᠤ ᠬᠡᠯᠡᠲᠡᠨ 70 ᠭᠠᠷᠤᠢ ᠤᠭᠰᠠᠭᠠᠲᠠᠨ
ᠲᠥᠷᠥ ᠵᠠᠰᠠᠭ ᠪᠦᠭᠦᠳᠡ ᠨᠠᠶᠢᠷᠠᠮᠳᠠᠬᠤ
 -  ᠶᠡᠷᠦᠩᠬᠡᠶᠢᠯᠡᠭᠴᠢ ᠮᠠᠶᠢᠺᠯ ᠰᠲᠠ
 -  ᠳᠡᠳ᠋ ᠶᠡᠷᠦᠩᠬᠡᠶᠢᠯᠡᠭᠴᠢ ᠭᠠᠢ ᠰᠺᠣᠲ᠋ᠲ
ᠤᠯᠤᠰ ᠤᠨ ᠬᠤᠷᠠᠯ ᠦᠨᠳᠦᠰᠦᠨ ᠦ ᠴᠢᠭᠤᠯᠭᠠᠨ
ᠲᠤᠰᠠᠭᠠᠷ ᠲᠣᠭᠲᠠᠨᠢᠯ
 -  ᠶᠡᠬᠡ ᠪᠷᠢᠲ᠋ᠠᠨ(ᠠᠩᠭᠯᠢ)ᠠᠰ ᠲᠤᠰᠠᠭᠠᠷ ᠲᠣᠭᠲᠠᠨᠢᠭᠰᠠᠨ 1964 ᠣᠨ ᠤ 10 ᠰᠠᠷ᠎ᠠ ᠶᠢᠨ 24 
ᠨᠤᠲᠤᠭ ᠳᠡᠪᠢᠰᠬᠡᠷ
 -  ᠪᠦᠬᠦ ᠲᠠᠯᠠᠪᠠᠢ 752,618 km2 (39)
 -  ᠭᠠᠳᠠᠷᠭᠤ ᠶᠢᠨ ᠤᠰᠤ (%) 1
ᠬᠦᠮᠦᠨ ᠠᠮᠠ
 -  ᠲᠣᠭᠠᠴᠠᠭ᠎ᠠ (2009) 12,935,000[1] (71)
 -  ᠲᠣᠭᠠᠯᠠᠯᠭ᠎ᠠ (2000) 9,885,591[2] 
 -  ᠨᠢᠭᠲᠠᠴᠠ ᠰᠡᠶᠢᠷᠡᠭ 17.2 ᠬᠦᠮᠦᠨ/km2 
GDP (ХАЧТ) 2009 ᠣᠨ ᠤ ᠲᠣᠭᠠᠴᠠᠭ᠎ᠠ
 -  ᠨᠡᠶᠢᠲᠡ ᠳ᠋ᠦᠩ $18.454 ᠲᠡᠷᠪᠤᠮ[3] 
 -  ᠨᠢᠭᠡ ᠬᠦᠨᠳᠦ $1,541[3] 
GDP (ᠨᠡᠷᠡᠯᠡᠭᠰᠡᠨ) 2009 ᠣᠨ ᠤ ᠲᠣᠭᠠᠴᠠᠭ᠎ᠠ
 -  ᠨᠡᠶᠢᠲᠡ ᠳ᠋ᠦᠩ $13.000 billion[3] 
 -  ᠨᠢᠭᠡ ᠬᠦᠨᠳᠦ $1,086[3] 
Gini (2002) 42.1 (ᠳᠤᠮᠳᠠᠴᠢ) 
ᠬᠡᠦᠬᠡᠳ ᠦᠨ ᠬᠥᠭᠵᠢᠯ ᠦᠨ ᠢᠨᠳᠧᠺᠰ (2010) 0.395 (ᠳ᠋ᠣᠣ ᠳᠤ) (150)
ᠮᠥᠩᠭᠥᠨ ᠦ ᠨᠢᠭᠡᠴᠡ ᠽᠠᠮᠪᠢ ᠺᠸᠠᠴᠠ (ZMK)
ᠴᠠᠭ ᠤᠨ ᠪᠥᠰᠡ +2
ᠵᠠᠮ ᠤᠨ ᠬᠥᠳᠡᠯᠭᠡᠭᠡᠨ ᠵᠡᠭᠦᠨ
ᠳ᠋ᠦᠮᠠᠢᠨ ᠤ ᠨᠡᠷ᠎ᠡ .zm
ᠤᠲᠠᠰᠤᠨ ᠤ ᠲᠣᠮᠢᠶ᠎ᠠ 260

ᠪᠦᠭᠦᠳᠡ ᠨᠠᠶᠢᠷᠠᠮᠳᠠᠬᠤ ᠽᠠᠮᠪᠢ ᠤᠯᠤᠰ (ᠠᠩᠭᠯᠢ ᠪᠠᠷ Republic of Zambia) ᠨᠢ ᠡᠮᠦᠨ᠎ᠡ ᠠᠹᠷᠢᠺᠠ ᠲᠤ ᠤᠷᠤᠰᠢᠬᠤ ᠳᠠᠯᠠᠢ ᠳᠤ ᠭᠠᠷᠤᠴᠠ ᠦᠭᠡᠢ ᠤᠯᠤᠰ ᠶᠤᠮ᠃ ᠬᠣᠶᠢᠳᠤ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠺᠣᠩᠭᠣ ᠤᠯᠤᠰ᠂ ᠵᠡᠭᠦᠨ ᠬᠣᠶᠢᠳᠤ ᠲᠠᠯ᠎ᠠ ᠪᠠᠷ ᠢᠶᠠᠨ ᠲᠠᠨᠽᠠᠨᠢᠢ ᠠ᠂ ᠵᠡᠭᠦᠨ ᠲᠠᠯ᠎ᠠ ᠪᠠᠷ ᠢᠶᠠᠨ ᠮᠠᠯᠠᠸᠸᠢ᠂ ᠡᠮᠦᠨ᠎ᠡ ᠲᠠᠯ᠎ᠠ ᠪᠠᠷ ᠢᠶᠠᠨ ᠮᠣᠽᠠᠮᠪᠢᠺᠽᠢᠩᠪᠠᠪᠸᠧᠪᠣᠽᠡᠸᠠᠨ᠎ ᠠᠨᠠᠮᠢᠪᠢ᠂ ᠪᠠᠷᠠᠭᠤᠨ ᠲᠠᠯ᠎ᠠ ᠪᠠᠷ ᠢᠶᠠᠨ ᠠᠩᠭᠡᠯᠠ ᠤᠯᠤᠰ ᠤᠳ ᠲᠠᠢ ᠬᠢᠯᠢᠯᠡᠨ᠎ᠡ᠃ ᠨᠡᠶᠢᠰᠯᠡᠯ ᠨᠢ ᠲᠤᠰ ᠤᠯᠤᠰ ᠤᠨ ᠵᠡᠭᠦᠨ ᠡᠮᠦᠨᠡᠲᠦ ᠬᠡᠰᠡᠭ ᠲᠦ ᠪᠠᠶᠢᠬᠤ ᠯᠤᠤᠰᠠᠺᠠ ᠬᠣᠲᠠ᠃ ᠬᠦᠮᠦᠨ ᠠᠮᠠ ᠶᠢᠨ ᠶᠡᠬᠡᠩᠬᠢ ᠨᠢ ᠨᠡᠶᠢᠰᠯᠡᠯ ᠯᠤᠤᠰᠠᠺᠠ ᠪᠣᠯᠤᠨ ᠨᠤᠲᠤᠭ ᠤᠨ ᠪᠠᠷᠠᠭᠤᠨ ᠬᠣᠶᠢᠳᠤ ᠬᠡᠰᠡᠭ ᠲᠦ ᠤᠷᠤᠰᠢᠬᠤ ᠺᠣᠫᠫᠧᠷᠪᠧᠯ ᠳᠦ ᠬᠣᠲᠠ ᠶᠢᠨ ᠣᠷᠴᠢᠮ ᠳᠤ ᠲᠥᠪᠯᠡᠷᠡᠨ᠎ᠡ᠃

ᠸᠢᠺᠲ᠋ᠣᠷᠢ ᠪᠠᠨ ᠬᠦᠷᠬᠢᠷᠡᠭᠡᠨ ᠦ ᠽᠠᠮᠪᠢ ᠤᠯᠤᠰ ᠤᠨ ᠲᠠᠯ᠎ᠠ ᠳᠤ ᠤᠷᠤᠰᠢᠬᠤ ᠳᠡᠪ ᠲᠦ ᠯᠢᠪᠢᠩ ᠢᠰᠲᠠᠨᠢ ᠬᠥᠰᠢᠶ᠎ᠡ

ᠵᠠᠮᠪᠠ ᠶᠢᠨ ᠨᠤᠲᠤᠭ ᠲᠤ ᠬᠡᠳᠦᠨ ᠮᠢᠩᠭᠠᠨ ᠵᠢᠯ ᠦᠨ ᠡᠮᠦᠨ᠎ᠡ ᠡᠴᠡ ᠠᠨ ᠠᠩᠨᠠᠭᠤᠷ᠂ ᠲᠡᠭᠦᠪᠦᠷᠢ ᠶᠢᠨ ᠠᠵᠤ ᠠᠬᠤᠢ ᠡᠷᠬᠢᠯᠡᠳᠡᠭ ᠬᠦᠮᠦᠰ ᠪᠣᠯᠤᠨ ᠨᠡᠭᠦᠳᠡᠯᠴᠢᠨ ᠠᠶᠢᠮᠠᠭ ᠤᠳ ᠣᠷᠣᠰᠢᠨ ᠰᠠᠭᠤᠵᠤ ᠢᠷᠡᠵᠡᠢ᠃ ᠧᠦ᠋ᠷᠣᠫᠠ ᠍ ᠍ ᠤᠨ ᠠᠶᠠᠯᠠᠭᠴᠢᠳ 18 ᠍ ᠍ ᠳᠦᠭᠡᠷ ᠵᠠᠭᠤᠨ ᠤ ᠡᠬᠢ ᠪᠡᠷ ᠽᠠᠮᠪᠢᠳ ᠨᠡᠪᠲᠡᠷᠡᠨ᠂ 19 ᠍ ᠍ ᠳᠦᠭᠡᠷ ᠵᠠᠭᠤᠨ ᠤ ᠰᠡᠭᠦᠯ ᠭᠡᠬᠦ ᠳᠦ ᠬᠣᠶᠢᠳᠤ ᠷᠣᠳᠧᠽᠢ ᠭᠡᠳᠡᠭ ᠨᠡᠷ᠎ᠡ ᠪᠡᠷ ᠶᠡᠬᠡ ᠪᠷᠢᠲ᠋ᠠᠨ(ᠠᠩᠭᠯᠢ) ᠍ ᠍ ᠶᠢᠨ ᠺᠣᠯᠣᠨᠢᠴᠢᠯᠠᠯ ᠳᠤ ᠣᠷᠣᠭᠰᠠᠨ ᠪᠠᠶᠢᠨ᠎ᠠ᠃ 1964 ᠣᠨ ᠤ 10 ᠰᠠᠷ᠎ᠠ ᠶᠢᠨ 24 ᠍ ᠍ ᠳᠦ ᠲᠤᠰᠠᠭᠠᠷ ᠲᠣᠭᠲᠠᠨᠢᠯ ᠢᠶᠠᠨ ᠣᠯᠵᠤ ᠠᠪᠬᠤ ᠳᠤ ᠪᠠᠨ ᠵᠠᠮᠪᠧᠽᠢ ᠭᠣᠣᠯ ᠍ ᠍ ᠤᠨ ᠨᠡᠷᠡᠨ ᠡᠴᠡ ᠰᠠᠨᠠᠭ᠎ᠠ ᠠᠪᠴᠤ ᠽᠠᠮᠪᠢ ᠬᠡᠮᠡᠨ ᠤᠯᠤᠰ ᠢᠶᠠᠨ ᠨᠡᠷᠡᠯᠡᠵᠡᠢ᠃ ᠰᠢᠨ᠎ᠡ ᠲᠤᠯᠭᠤᠷ ᠪᠤᠢ ᠪᠣᠯᠤᠭᠰᠠᠨ ᠽᠠᠮᠪᠢ ᠤᠯᠤᠰ ᠺᠧᠨᠨᠡᠲ ᠺᠠᠤᠩᠳᠠ ᠶᠡᠷᠦᠩᠬᠡᠶᠢᠯᠡᠭᠴᠢ ᠲᠡᠢ᠂ ᠨᠢᠭᠡ ᠨᠠᠮ ᠢᠶᠠᠷ ᠤᠳᠤᠷᠢᠳᠤᠭᠤᠯᠤᠭᠰᠠᠨ ᠤᠯᠤᠰ ᠪᠣᠯᠪᠠ᠃ ᠺᠠᠤᠩᠳᠠ ᠵᠠᠮᠪᠠ ᠶᠢᠨ ᠤᠯᠤᠰ ᠲᠥᠷᠥ ᠶᠢ ᠣᠯᠠᠨ ᠨᠠᠮ ᠤᠨ ᠰᠣᠩᠭᠣᠭᠤᠯᠢ ᠶᠠᠪᠤᠭᠳᠠᠭᠰᠠᠨ 1991 ᠣᠨ ᠬᠦᠷᠲᠡᠯ᠎ᠡ ᠤᠳᠤᠷᠢᠳᠤᠨ ᠶᠠᠪᠤᠭᠤᠯᠤᠭᠰᠠᠨ ᠶᠤᠮ᠃

ᠵᠠᠮᠪᠠ ᠶᠢᠨ ᠮᠤᠵᠢᠭᠤᠳᠠ

ᠵᠠᠮᠪᠠ ᠶᠢᠨ ᠡᠳ᠋ ᠍ ᠍ ᠦᠨ ᠵᠠᠰᠠᠭ ᠵᠡᠰ ᠣᠯᠪᠤᠷᠢᠯᠠᠯᠲᠠ ᠠᠴᠠ ᠶᠡᠬᠡᠬᠡᠨ ᠬᠠᠮᠢᠶᠠᠷᠤᠯ ᠲᠠᠢ ᠪᠠᠶᠢᠵᠤ ᠢᠷᠡᠭᠰᠡᠨ ᠪᠥᠭᠡᠳ ᠰᠡᠭᠦᠯ ᠦᠨ ᠵᠢᠯ ᠤᠨᠳ ᠲᠤ ᠲᠤᠰ ᠤᠯᠤᠰ ᠤᠨ ᠵᠠᠰᠠᠭ ᠤᠨ ᠭᠠᠵᠠᠷ ᠡᠳ᠋ ᠍ ᠍ ᠦᠨ ᠵᠠᠰᠠᠭ ᠤᠨ ᠰᠢᠨᠡᠴᠢᠯᠡᠯ ᠦᠨ ᠬᠥᠲᠥᠯᠪᠦᠷᠢ ᠶᠢ ᠬᠡᠷᠡᠭᠡᠭᠦᠯᠵᠦ ᠪᠤᠢ᠃ 1970 ᠍ ᠍ ᠊ᠭᠠᠳ ᠣᠨ ᠳᠤ ᠽᠠᠮᠪᠢᠳ ᠶᠠᠳᠠᠭᠤᠷᠠᠯ ᠭᠠᠵᠠᠷ ᠠᠪᠴᠤ᠂ 2000 ᠣᠨ ᠭᠡᠬᠦ ᠳᠦ ᠲᠤᠰ ᠤᠯᠤᠰ ᠤᠨ ᠭᠠᠳᠠᠭᠠᠳᠤ ᠥᠷ $6 ᠲᠡᠷᠪᠤᠮ ᠳᠤ ᠬᠦᠷᠢᠶ᠎ᠡ ᠳᠦ ᠪᠠᠶᠢᠪᠠ᠃ ᠡᠳᠦᠭᠡ ᠨᠢᠭᠡ ᠬᠦᠨᠳᠦ ᠨᠣᠭᠳᠠᠬᠤ ᠳᠤᠮᠳᠠᠴᠢ ᠣᠷᠣᠯᠭ᠎ᠠ ᠨᠢ $800 ᠪᠥᠭᠡᠳ ᠬᠦᠮᠦᠨ ᠠᠮᠠ ᠶᠢᠨ 51% ᠨᠢ ᠡᠳᠦᠷ ᠲᠦ 1 ᠠᠮᠧᠷᠢᠺᠠ ᠳ᠋ᠣᠯᠯᠠᠷᠠ ᠠᠴᠠ ᠪᠠᠭ᠎ᠠ ᠣᠷᠣᠯᠭ᠎ᠠ ᠪᠠᠷ ᠠᠮᠢ ᠵᠢᠭᠤᠵᠤ ᠪᠠᠶᠢᠨ᠎ᠠ᠃

ᠡᠰᠢ ᠦᠨᠳᠦᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Department of Economic and Social Affairs Population Division (2009). "World Population Prospects, Table A.1" (PDF). Retrieved on 2009-03-12.
  2. Central Statistical Office, Government of Zambia. Population size, growth and composition (PDF). 2007-11-09 ᠍ ᠳᠦ ᠬᠠᠨᠳᠤᠭᠰᠠᠨ᠃
  3. 3.0 3.1 3.2 3.3 Zambia. International Monetary Fund. 2010-04-21 ᠍ ᠳᠦ ᠬᠠᠨᠳᠤᠭᠰᠠᠨ᠃
http://wiki.uhaan.com/index.php?title=ᠽᠠᠮᠪᠢ&oldid=443149》 ᠍  ᠡᠴᠡ ᠠᠪᠤᠭᠰᠠᠨ

ᠪᠢᠴᠢᠭᠡᠰᠦ