ᠼᠢᠷᠺᠣᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠼᠢᠷᠺᠣᠨ (Zr)
ᠠᠲ᠋ᠣᠮ ᠤᠨ ᠳ᠋ᠤᠭᠠᠷ 40
ᠠᠲ᠋ᠣᠮ ᠮᠠᠰ 91,224 /ᠮᠣᠯᠢ
ᠥᠩᠭᠡ ᠬᠠᠷ᠎ᠠ ᠰᠠᠷᠠᠯ
ᠡᠯᠧᠺᠲ᠋ᠷᠣᠨ ᠪᠠᠶᠢᠭᠤᠯᠤᠯᠲᠠ
ᠪᠦᠷᠬᠦᠭᠦᠯ ᠳ᠋ᠡᠬᠢ
ᠡᠯᠧᠺᠲ᠋ᠷᠣᠨ ᠤ ᠲᠣᠭ᠎ᠠ
ᠹᠢᠽᠢᠺ ᠰᠢᠨᠵᠢ ᠴᠢᠨᠠᠷ
ᠪᠣᠳᠠᠰ ᠤᠨ ᠲᠥᠯᠥᠪ ᠬᠠᠲᠠᠭᠤ
ᠨᠢᠭᠲᠠᠴᠠ 6.52 g·cm−3 /ᠰᠮ³
ᠬᠠᠶᠢᠯᠠᠬᠤ ᠲᠣᠯᠠᠭᠠᠨ ᠤ ᠬᠡᠮᠵᠢᠶ᠎ᠡ 2128 K, 1855 °C, 3371 °F K
ᠪᠤᠴᠠᠯᠬᠤ ᠲᠣᠯᠠᠭᠠᠨ ᠤ ᠬᠡᠮᠵᠢᠶ᠎ᠡ 4650 K K, 4377 °C, 7911 °F K
ᠬᠠᠶᠢᠯᠤᠯᠲᠠ ᠶᠢᠨ ᠬᠤᠪᠢ ᠤᠨ ᠳᠤᠯᠠᠭᠠᠨ 14 kJ·mol−1 ᠺᠵ/ᠮᠣᠯᠢ
ᠠᠭᠤᠷᠰᠢᠯᠲᠠ ᠶᠢᠨ ᠬᠤᠪᠢ ᠤᠨ ᠳᠤᠯᠠᠭᠠᠨ 591 kJ·mol−1 ᠺᠵ/ᠮᠣᠯᠢ
ᠳᠤᠯᠠᠭᠠᠨ ᠪᠠᠭᠲᠠᠭᠠᠮᠵᠢ 25.36 J·mol−1·K−1 ᠺᠵ/(ᠮᠣᠯᠢ·K)
ᠠᠲ᠋ᠣᠮ ᠤᠨ ᠰᠢᠨᠵᠢ ᠴᠢᠨᠠᠷ
ᠣᠷᠣᠨ ᠳᠤ ᠲᠣᠷᠤᠨ ᠤ ᠪᠦᠲᠦᠴᠡ
(ᠰᠢᠩ ᠢᠶᠣᠨᠢ)
ᠢᠰᠦᠯᠳᠦᠯᠲᠡ ᠶᠢᠨ ᠵᠡᠷᠭᠡ
ᠢᠣᠨᠵᠢᠬᠤ ᠡᠨᠧᠷᠭᠢ
(ᠡᠬᠢᠨ ᠦ ᠡᠯᠧᠺᠲ᠋ᠷᠣᠨ ᠢᠶᠠᠷ)
ᠺᠵ/ᠮᠣᠯᠢ
ᠠᠲ᠋ᠣᠮ ᠤᠨ ᠷᠠᠳᠢᠦ᠋ᠰ ᠫᠮ
ᠺᠣᠸᠠᠯᠧᠨᠲ ᠤᠨ ᠷᠠᠳᠢᠦ᠋ᠰ ᠫᠮ
ᠼᠢᠷᠺᠣᠨ ᠤ ᠲᠠᠯᠠᠰᠲᠤᠵᠢᠭ᠌ᠰᠠᠨ ᠬᠡᠯᠪᠡᠷᠢ

ᠼᠢᠷᠺᠣᠨ ᠨᠢ ᠬᠢᠮᠢ ᠶᠢᠨ ᠡᠯᠧᠮᠧᠨᠲ ᠲᠡᠮᠳᠡᠭᠯᠡᠭᠡ ᠨᠢ Zr, ᠠᠲ᠋ᠣᠮ ᠤᠨ ᠳ᠋ᠤᠭᠠᠷ 40, ᠠᠲ᠋ᠣᠮ ᠮᠠᠰ ᠨᠢ 91,224.

ᠼᠢᠷᠺᠣᠨᠢ ᠪᠠ ᠭᠠᠹᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠢᠲ᠋ᠠᠨ ᠲᠠᠢ ᠬᠠᠮᠲᠤ IV ᠪᠦᠯᠦᠭ ᠦᠨ ᠬᠠᠵᠠᠭᠤ ᠶᠢᠨ ᠳᠡᠳ᠋ ᠪᠦᠯᠦᠭ ᠲᠦ ᠼᠢᠷᠺᠣᠨᠢ ᠪᠠ ᠭᠠᠹᠨᠢ ᠪᠠᠶᠢᠷᠢᠯᠠᠳᠠᠭ᠃ 1879 ᠣᠨ ᠳᠤ ᠲᠢᠲ᠋ᠠᠨ ᠢ ᠨᠡᠭᠡᠭᠡᠬᠦ ᠡᠴᠡ ᠬᠡᠳᠦᠨ ᠵᠢᠯ ᠦᠨ ᠡᠮᠦᠨ᠎ᠡ ᠮ᠃ ᠺᠯᠠᠫᠷᠣᠲ ᠼᠢᠷᠺᠣᠨ ᠢ ᠨᠡᠭᠡᠭᠡᠭᠰᠡᠨ᠃ ᠡᠷᠦᠳᠡᠰᠦ ᠼᠢᠷᠺᠣᠨ ᠤ ᠨᠡᠷ᠎ᠡ ᠪᠡᠷ ᠲᠡᠭᠦᠨ ᠢ ᠨᠡᠷᠡᠯᠡᠵᠡᠢ᠃ ᠼᠢᠷᠺᠣᠨᠢ ᠨᠢ ᠬᠣᠪᠣᠷ ᠪᠤᠰᠤ ᠬᠠᠷᠢᠨ "ᠰᠠᠷᠨᠢᠮᠠᠯ" ᠡᠯᠧᠮᠧᠨᠲ ᠶᠤᠮ᠃ ᠳᠡᠯᠡᠬᠡᠢ ᠶᠢᠨ ᠴᠠᠷᠴᠠᠳᠠᠰᠤ ᠳᠤ ᠵᠡᠰ᠂ ᠬᠠᠷᠲᠤᠭᠤᠯᠭ᠎ᠠ᠂ ᠴᠠᠶᠢᠷ ᠠᠴᠠ ᠢᠯᠡᠭᠦᠦ ᠬᠡᠮᠵᠢᠶ᠎ᠡ ᠲᠡᠢ ᠠᠭᠤᠯᠤᠭᠳᠠᠬᠤ ᠪᠣᠯᠪᠠᠴᠤ ᠮᠠᠰᠢ ᠶᠡᠬᠡ ᠰᠠᠷᠨᠢᠮᠠᠯ ᠲᠠᠷᠬᠠᠯᠲᠠ ᠲᠠᠢ ᠤᠴᠢᠷ ᠠᠴᠠ ᠦᠢᠯᠡᠳᠪᠦᠷᠢᠯᠡᠬᠦ ᠳᠦ ᠮᠠᠰᠢ ᠦᠨᠡᠲᠡᠢ ᠶᠢᠨ ᠤᠯᠠᠮ ᠠᠴᠠ ᠤᠳᠠᠭᠠᠨ ᠬᠤᠭᠤᠴᠠᠭᠠᠨ ᠳᠤ ᠲᠡᠭᠦᠨ ᠦ ᠬᠡᠷᠡᠭᠴᠡᠭᠡ ᠶᠢ ᠬᠢᠵᠠᠭᠠᠷᠯᠠᠵᠤ ᠪᠠᠶᠢᠪᠠ᠃ ᠥᠭᠡᠷ᠎ᠡ ᠨᠢᠭᠡ ᠰᠠᠷᠨᠢᠮᠠᠯ ᠡᠯᠧᠮᠧᠨᠲ ᠪᠣᠯ ᠭᠠᠹᠨᠢ ᠶᠤᠮ᠃ ᠲᠡᠭᠦᠨ ᠢ ᠬᠣᠯᠠᠨᠳ᠋ ᠍ ᠤᠨ ᠳ᠋ᠢᠷᠺ ᠺᠣᠰᠲ᠋ᠧᠷ (1889-1950) ᠬᠠᠩᠭᠠᠷᠢ ᠶᠢᠨ ᠳᠢᠶᠠᠳᠢ ᠬᠸᠧᠱᠢ (1885-1966) ᠨᠠᠷ 1923 ᠣᠨ ᠳᠤ ᠼᠢᠷᠺᠣᠩ ᠤᠨ ᠬᠣᠯᠢᠴᠠ ᠪᠠᠶᠢᠳᠠᠯ ᠢᠶᠠᠷ ᠪᠠᠶᠢᠬᠤ ᠳᠤ ᠨᠢ ᠣᠯᠵᠤ ᠨ ᠡᠴᠡᠢ᠃ ᠾᠠᠹᠨᠢ ᠶᠢ ᠠᠩᠬ᠎ᠠ "ᠳ᠋ᠠᠨᠮᠠᠷᠺ" ᠭᠡᠵᠦ ᠨᠡᠷᠡᠯᠡᠵᠦ ᠪᠠᠶᠢᠭᠰᠠᠨ ᠪᠥᠭᠡᠳ ᠬᠣᠵᠢᠮ ᠨᠢ ᠺᠣᠫᠡᠨᠬᠠᠭᠧᠨ ᠤ ᠡᠷᠲᠡᠨ ᠦ ᠨᠡᠷ᠎ᠡ ᠪᠡᠷ ᠭᠠᠹᠨᠢ ᠭᠡᠵᠦ ᠨᠡᠷᠡᠯᠡᠵᠡᠢ᠃ ᠼᠢᠷᠺᠣᠨᠢ ᠪᠠ ᠾᠠᠹᠨᠢ ᠶᠢᠨ ᠬᠢᠮᠢ ᠶᠢᠨ ᠰᠢᠨᠵᠢ ᠶᠡᠷᠦᠩᠬᠡᠢ ᠳᠤ ᠪᠡᠨ ᠲᠢᠲ᠋ᠠᠨ ᠲᠠᠢ ᠲᠥᠰᠲᠡᠢ ᠪᠣᠯᠪᠠᠴᠤ 2 ᠦᠨᠳᠦᠰᠦᠨ ᠢᠯᠭᠠᠭ᠎ᠠ ᠪᠤᠢ᠃ 1. ᠡᠨᠡ ᠬᠣᠶᠠᠷ ᠮᠧᠲ᠋ᠠᠯ ᠤᠨ ᠬᠤᠪᠢ ᠳᠤ ᠵᠥᠪᠬᠡᠨ ᠭᠠᠭᠴᠠ ᠢᠰᠦᠯᠳᠦᠯ ᠦᠨ ᠵᠡᠷᠭᠡ ᠲᠡᠢ (+4) 2. ᠼᠢᠷᠺᠣᠨᠢ ᠪᠠ ᠭᠠᠹᠨᠢ ᠨᠢ ᠲᠢᠲ᠋ᠠᠨ ᠲᠠᠢ ᠬᠠᠷᠢᠴᠠᠭᠤᠯᠬᠤ ᠳᠤ ᠬᠢᠮᠢ ᠶᠢᠨ ᠢᠳᠡᠪᠬᠢ ᠰᠤᠯᠠ᠃ ᠲᠡᠳᠡᠨ ᠢ ᠵᠥᠪᠬᠡᠨ ᠺᠣᠨᠼᠧᠨᠲᠷᠠᠼᠢ ᠲᠠᠢ ᠠᠽᠣᠲ ᠤᠨ ᠬᠦᠴᠢᠯ ᠪᠠ ᠬᠠᠶᠢᠯᠤᠭᠤᠷ ᠤᠨ ᠬᠦᠴᠢᠯ ᠦᠨ ᠬᠣᠯᠢᠮᠠᠭ ᠲᠤ ᠠᠭᠤᠰᠬᠠᠳᠠᠭ᠃

Zr+4HNO3+7HF=H3ZrF7+4NO2+4H2O

ᠼᠢᠷᠺᠣᠨᠢ ᠪᠣᠯᠤᠨ ᠭᠠᠹᠨᠢ ᠨᠢ ᠮᠥᠩᠭᠥᠯᠢᠭ ᠴᠠᠭᠠᠨ ᠥᠩᠭᠡᠲᠡᠢ᠂ ᠬᠠᠲᠠᠭᠤ ᠮᠠᠭᠤ ᠬᠠᠶᠢᠯᠠᠳᠠᠭ (1855-2220 ᠭᠷᠠᠳᠦᠶᠢᠰ) ᠼᠢᠷᠺᠣᠨ ᠢ ᠢᠤᠳ᠋ ᠍ ᠲᠠᠢ ᠤᠷᠪᠠᠯ ᠳᠤ ᠣᠷᠣᠭᠤᠯᠬᠤ ᠳᠤ ᠼᠢᠷᠺᠣᠩ ᠤᠨ ᠢᠤᠳ᠋ ᠍ ᠲᠤ ZrI4 ᠭᠡᠳᠡᠭ ᠣᠶᠢᠷᠠᠯᠴᠠᠭ᠎ᠠ ᠪᠠᠷ 430 ᠭᠷᠠᠳᠦᠶᠢᠰ ᠲᠦ ᠬᠢᠯᠪᠠᠷ ᠨᠡᠷᠡᠭᠳᠡᠳᠡᠭ᠂ ᠰᠢᠷ᠎ᠠ ᠥᠩᠭᠡ ᠲᠡᠢ᠂ ᠲᠠᠯᠠᠰᠲᠤ ᠪᠣᠳᠠᠰ ᠡᠭᠦᠰᠳᠡᠭ᠃ ᠼᠢᠷᠺᠣᠩ ᠤᠨ ᠣᠺᠰᠢ ᠳᠤ ZrO2 ᠮᠠᠰᠢ ᠮᠠᠭᠤ ᠬᠠᠶᠢᠯᠠᠳᠠᠭ (2700 ᠭᠷᠠᠳᠦᠶᠢᠰ ᠲᠦ) ᠪᠠ ᠥᠨᠳᠥᠷ ᠲᠣᠯᠠᠭᠠᠨ ᠤ ᠬᠡᠮᠵᠢᠶ᠎ᠡ ᠲᠦ ᠢᠳᠡᠪᠬᠢ ᠦᠭᠡᠢ᠃ ᠢᠲᠡᠲᠦᠷ ᠦᠨ ᠣᠺᠰᠢ ᠳᠤ ᠪᠣᠯᠤᠨ ᠺᠠᠯᠼᠢ ᠶᠢ ᠬᠣᠯᠢᠵᠤ ᠲᠡᠭᠦᠨ ᠢ ᠭᠠᠯ ᠳᠤ ᠲᠡᠰᠪᠦᠷᠢᠲᠡᠢ ᠮᠠᠲ᠋ᠧᠷᠢᠶᠠᠯ ᠪᠣᠯᠭᠠᠨ ᠬᠡᠷᠡᠭᠯᠡᠬᠦ ᠪᠠ ᠬᠠᠮᠠᠭᠠᠯᠠᠯᠲᠠ ᠶᠢᠨ ᠨᠢᠮᠭᠡᠨ ᠪᠦᠷᠬᠦᠭᠦᠯ ᠬᠡᠯᠪᠡᠷᠢ ᠪᠡᠷ ᠦᠢᠯᠡᠳᠪᠦᠷᠢ ᠳᠦ᠂ ᠮᠥᠨ ᠮᠠᠭᠤ ᠬᠠᠶᠢᠯᠠᠳᠠᠭ᠂ ᠪᠠᠲᠤ ᠪᠥᠬᠡ ᠰᠢᠯ ᠦᠢᠯᠡᠳᠪᠦᠷᠢᠯᠡᠬᠦ ᠳᠦ ᠲᠤᠰ ᠲᠤᠰ ᠠᠰᠢᠭᠯᠠᠳᠠᠭ᠃ ᠮᠥᠨ ᠼᠢᠷᠺᠣᠨ ᠢ ᠴᠥᠮ᠎ᠡ ᠶᠢᠨ ᠲᠧᠭᠨᠢᠭ ᠲᠦ᠂ ᠬᠢᠮᠢ ᠶᠢᠨ ᠦᠢᠯᠡᠳᠪᠦᠷᠢ ᠳᠦ ᠲᠡᠭᠦᠨᠴᠢᠯᠡᠨ ᠮᠡᠰᠡ ᠵᠠᠰᠠᠯ ᠤᠨ ᠦᠶ᠎ᠡ ᠳᠦ ᠬᠡᠷᠡᠭᠯᠡᠳᠡᠭ ᠶᠠᠰᠤ ᠪᠡᠬᠢᠯᠡᠳᠡᠭ ᠢᠯᠲᠠᠰᠤ᠂ ᠪᠣᠭᠣᠯᠲᠠ ᠶᠢ ᠬᠦᠷᠲᠡᠯ᠎ᠡ ᠼᠢᠷᠺᠣᠨᠢᠭ ᠢᠶᠠᠷ ᠬᠢᠳᠡᠭ᠃

http://wiki.uhaan.com/index.php?title=ᠼᠢᠷᠺᠣᠨᠢ&oldid=398092》 ᠍  ᠡᠴᠡ ᠠᠪᠤᠭᠰᠠᠨ

ᠪᠢᠴᠢᠭᠡᠰᠦ