ᠺᠧᠼᠠᠯᠺᠣᠲᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠧᠼᠠᠯᠺᠣᠲᠯ

ᠺᠦ᠋ᠡᠳᠬᠠᠯᠺᠣᠠᠳᠤᠯ, ᠺᠧᠼᠠᠯᠺᠣᠲᠯ (ᠠᠩᠭᠯᠢ ᠬᠡᠯᠡ:Quetzalcoatl) ᠪᠤᠶᠤ ᠲᠣᠫᠢᠯᠲᠤᠽᠢᠨ ᠴᠧ ᠠᠺᠠᠲᠤᠯ ᠨᠢ ᠲᠠᠪᠤᠳᠤᠭᠠᠷ ᠵᠠᠭᠤᠨ ᠤ ᠦᠶ᠎ᠡ ᠶᠢᠨ ᠲᠣᠯᠢᠲ᠋ᠧᠺ ᠭᠦᠷᠦᠨ ᠦ ᠤᠳᠤᠷᠢᠳᠤᠭᠴᠢ ᠪᠥᠭᠡᠳ ᠲᠡᠭᠦᠨ ᠢ ᠨᠠᠰᠤ ᠪᠠᠷᠠᠭᠰᠠᠨ ᠠᠴᠠ ᠬᠣᠶᠢᠰᠢ ᠪᠦᠬᠦᠯᠢ ᠮᠧᠽᠣᠮᠧᠷᠢᠺ ᠳᠠᠶᠠᠭᠠᠷ ᠪᠤᠷᠬᠠᠨᠴᠢᠯᠠᠨ ᠰᠢᠲᠦᠵᠦ᠂ ᠦᠯᠢᠭᠡᠷ ᠳᠣᠮᠣᠭ ᠠᠳᠠᠯᠢ ᠳᠤᠷᠠᠰᠬᠤ ᠪᠣᠯᠵᠠᠢ᠃ ᠣᠷᠴᠢᠨ ᠦᠶ᠎ᠡ ᠶᠢᠨ ᠰᠤᠳᠤᠯᠤᠭᠠᠴᠢᠳ ᠭᠷᠧᠭᠣᠷ ᠤᠨ ᠲᠣᠭᠠᠯᠠᠯ ᠪᠣᠯᠤᠨ ᠲᠣᠯᠢᠲ᠋ᠧᠺ ᠤᠨ ᠲᠡᠦᠬᠡ ᠶᠢᠨ ᠦᠶᠡᠴᠢᠯᠡᠯ ᠦᠨ ᠬᠣᠭᠣᠷᠣᠨᠳᠣ ᠶᠢᠨ ᠬᠠᠮᠢᠶᠠᠷᠤᠯ ᠳᠤ ᠲᠤᠯᠭᠠᠭᠤᠷᠢᠯᠠᠨ ᠺᠦ᠋ᠡᠳᠬᠠᠯᠺᠣᠠᠳᠤᠯ ᠨᠢ МЭ 923-947 ᠣᠨ ᠤ ᠬᠣᠭᠣᠷᠣᠨᠳᠣ ᠵᠠᠰᠠᠭᠯᠠᠵᠤ ᠪᠠᠶᠢᠵᠠᠢ ᠭᠡᠵᠦ ᠳ᠋ᠦᠩᠨᠡᠭᠰᠡᠨ ᠪᠠᠶᠢᠳᠠᠭ᠃

ᠺᠦ᠋ᠡᠳᠬᠠᠯᠺᠣᠠᠳᠤᠯ ᠨᠢ ᠲᠣᠯᠢᠲ᠋ᠧᠺ ᠤᠨ ᠭᠣᠣᠯ ᠬᠣᠲᠠ ᠪᠣᠯᠬᠤ ᠲᠣᠯᠯᠠᠨᠢ ᠵᠠᠬᠢᠷᠤᠭᠴᠢ ᠪᠠᠶᠢᠭᠰᠠᠨ ᠪᠥᠭᠡᠳ ᠥᠨᠥ ᠶᠢᠨ ᠲᠣᠫᠢᠯᠲᠤᠽᠢᠨ ᠭᠡᠵᠦ ᠨᠡᠷᠡᠯᠡᠭᠳᠡᠵᠦ ᠪᠠᠶᠢᠭ᠎ᠠ ᠬᠣᠳᠠ ᠳᠤ ᠲᠥᠷᠦᠵᠢᠭᠡ᠃ ᠠᠴᠲ᠋ᠧᠺ᠂ ᠲᠣᠯᠢᠲ᠋ᠧᠺ ᠠᠷᠠᠳ ᠲᠦᠮᠡᠨ ᠦ ᠳᠤᠮᠳᠠ ᠳᠡᠯᠭᠡᠷᠡᠭᠰᠡᠨ ᠳᠣᠮᠣᠭ ᠢᠶᠠᠷ ᠪᠣᠯ ᠲᠡᠷᠡ ᠪᠡᠷ ᠳᠠᠶᠢᠨᠭᠠᠯᠠᠨᠭᠡᠶᠢᠨ ᠪᠤᠷᠬᠠᠨ ᠡᠭᠦᠯᠡᠨ ᠲᠩᠷᠢ ᠮᠢᠺᠰᠺᠣᠲᠠᠯ ᠤᠨ ᠬᠦᠦ ᠭᠡᠬᠦ ᠪᠠ ᠲᠣᠯᠯᠠᠨ ᠬᠣᠲᠠ ᠶᠢᠨ ᠲᠡᠷᠢᠭᠦᠨ ᠬᠠᠩᠪᠤ ᠶᠤᠮ ᠤᠤ ᠡᠪᠰᠡᠯ ᠳᠠᠶᠢᠨᠴᠢ ᠤᠳᠤᠷᠢᠳᠤᠭᠴᠢ ᠪᠠᠶᠢᠭᠰᠠᠨ ᠭᠡᠬᠦ ᠮᠡᠳᠡᠭᠡᠯᠡᠯ ᠦᠳ ᠪᠠᠶᠢᠳᠠᠭ᠃ ᠲᠡᠭᠦᠨ ᠦ ᠨᠡᠷ᠎ᠡ ᠶᠢ ᠨᠬᠤ᠎ᠠ ᠳᠤᠯ ᠭᠡᠳᠡᠭ ᠪᠠᠶᠢᠭᠰᠠᠨ ᠴᠤ ᠲᠡᠭᠦᠨ ᠢ ᠳᠠᠭᠠᠯᠳᠤᠭᠴᠢᠳ ᠨᠢ ᠲᠣᠯᠢᠲ᠋ᠧᠺ᠂ ᠠᠴᠲ᠋ᠧᠺ ᠤᠨ ᠱᠠᠰᠢᠨ ᠤ ᠭᠣᠣᠯ ᠰᠢᠲᠦᠭᠡᠨ ᠦ ᠨᠢᠭᠡ ᠺᠦ᠋ᠡᠳᠬᠠᠯᠺᠣᠠᠳᠤᠯᠲᠠᠢ ᠵᠦᠢᠷᠯᠡᠨ ᠬᠦᠨᠳᠦᠳᠬᠡᠨ ᠳᠠᠭᠤᠳᠠᠳᠠᠭ ᠪᠠᠶᠢᠭᠰᠠᠨ ᠲᠤᠯᠠ ᠺᠦ᠋ᠡᠳᠬᠠᠯᠺᠣᠠᠳᠤᠯ ᠭᠡᠬᠦ ᠨᠡᠷ᠎ᠡ ᠪᠡᠷ ᠲᠡᠦᠬᠡᠨ ᠳᠦ ᠮᠥᠩᠬᠡᠷᠡᠴᠡᠢ᠃

ᠲᠡᠭᠦᠨ ᠦ ᠨᠣᠶᠠᠷᠬᠠᠯ ᠤᠨ ᠦᠶ᠎ᠡ ᠳᠦ ᠲᠣᠯᠢᠲ᠋ᠧᠺ ᠤᠳ ᠲᠣᠯᠯᠠᠨ᠋ᠳ᠋ ᠨᠡᠭᠦᠳᠡᠯᠯᠡᠨ ᠢᠷᠡᠭᠰᠡᠨ ᠪᠠᠶᠢᠵᠤ ᠮᠠᠭᠠᠳ ᠦᠭᠡᠢ ᠭᠡᠵᠦ ᠦᠵᠡᠳᠡᠭ᠃ ᠺᠦ᠋ᠡᠳᠬᠠᠯᠺᠣᠲᠠᠯ ᠤᠨ ᠵᠠᠰᠠᠭᠯᠠᠯ ᠤᠨ ᠦᠶ᠎ᠡ ᠳᠦ ᠲᠣᠯᠢᠲ᠋ᠧᠺ ᠤᠳ ᠲᠤ ᠨᠡᠶᠢᠲᠡᠯᠢᠭ ᠰᠤᠶᠤᠯ ᠢᠷᠭᠡᠨᠰᠢᠯᠡᠶᠢᠨ ᠦᠨᠳᠦᠰᠦᠨ ᠰᠠᠨᠠᠭ᠎ᠠ ᠨᠢ ᠲᠥᠯᠥᠪᠰᠢᠨ᠂ ᠨᠡᠶᠢᠲᠡ ᠮᠧᠽᠣᠮᠧᠷᠢᠺᠠ ᠪᠠᠷ ᠲᠦᠭᠡᠨ ᠲᠠᠷᠬᠠᠭᠰᠠᠨ ᠪᠠᠶᠢᠨ᠎ᠠ᠃ ᠲᠡᠭᠦᠨ ᠦ ᠵᠠᠰᠠᠭᠯᠠᠯ ᠤᠨ ᠦᠶ᠎ᠡ ᠳᠦ ᠤᠯᠠᠮᠵᠢᠯᠠᠯᠲᠤ ᠬᠦᠩ ᠢᠶᠡᠷ ᠲᠠᠬᠢᠯ ᠡᠷᠭᠦᠬᠦ ᠪᠦᠬᠦ ᠲᠥᠷᠥᠯ ᠦᠨ ᠬᠡᠯᠪᠡᠷᠢ ᠨᠦᠭᠦᠳ ᠢ ᠬᠣᠷᠢᠭᠯᠠᠭᠰᠠᠨ ᠪᠠᠶᠢᠨ᠎ᠠ᠃ ᠲᠡᠷᠡ ᠪᠡᠷ ᠡᠷᠲᠡᠨ ᠦ ᠤᠯᠠᠮᠵᠢᠯᠠᠯᠲᠤ ᠪᠤᠷᠬᠠᠳ ᠤᠳ ᠪᠣᠯᠬᠤ ᠰᠢᠪᠠᠭᠤᠮᠣᠭᠠᠢ ᠭᠡᠬᠦ ᠮᠡᠲᠦ ᠣᠯᠠᠨ ᠠᠮᠢᠲᠠᠳ ᠢ ᠰᠢᠲᠦᠨ ᠪᠢᠰᠢᠷᠡᠬᠦ ᠶᠢ ᠬᠦᠯᠢᠶᠡᠨ ᠵᠥᠪᠰᠢᠶᠡᠷᠡᠳᠡᠭ ᠪᠠᠶᠢᠭᠰᠠᠨ ᠴᠤ ᠬᠦᠩ ᠢᠶᠡᠷ ᠲᠠᠬᠢᠯ ᠡᠷᠭᠦᠬᠦ ᠶᠢ ᠡᠷᠡᠰ ᠬᠣᠷᠢᠭᠯᠠᠳᠠᠭ ᠪᠠᠶᠢᠪᠠ᠃ ᠮᠥᠨ ᠮᠣᠭᠠᠢ ᠶᠢ ᠰᠢᠲᠦᠭᠡᠨ ᠪᠣᠯᠭᠠᠵᠤ᠂ ᠱᠠᠰᠢᠨ ᠤ ᠬᠡᠷᠡᠭ ᠲᠦ ᠮᠠᠰᠢ ᠬᠦᠴᠦᠲᠡᠢ ᠣᠷᠣᠯᠴᠠᠵᠤ᠂ ᠱᠠᠰᠢᠨ ᠤ ᠮᠢᠨᠳᠠᠭᠲᠠᠨ ᠨᠤᠭᠤᠳ ᠤᠨ ᠰᠠᠬᠢᠯ ᠰᠠᠨᠸᠠᠷ ᠢᠶᠠᠨ ᠪᠠᠷᠢᠬᠤ ᠶᠠᠪᠤᠳᠠᠯ ᠢ ᠴᠢᠩᠭᠠᠳᠬᠠᠵᠤ ᠥᠭᠭᠦᠭᠰᠡᠨ ᠪᠠᠶᠢᠨ᠎ᠠ᠃ ᠲᠡᠭᠦᠨ ᠦ ᠦᠶᠡᠰ ᠡᠬᠢᠯᠡᠨ ᠬᠠᠭᠠᠨ ᠬᠦᠮᠦᠨ ᠱᠠᠰᠢᠨ ᠤ ᠤᠳᠤᠷᠢᠳᠤᠭᠴᠢ ᠪᠠᠶᠢᠬᠤ ᠪᠣᠯᠵᠠᠢ᠃ ᠲᠡᠷᠡ ᠪᠡᠷ ᠨᠢᠭᠡ ᠤᠳᠠᠭ᠎ᠠ ᠲᠣᠯᠯᠧᠨ ᠢ ᠣᠷᠬᠢᠨ ᠭᠠᠷᠴᠤ᠂ ᠥᠨᠥ ᠶᠢᠨ ᠮᠸᠺᠰᠢᠺᠣᠡᠶᠢᠨ ᠨᠤᠲᠤᠭ ᠳᠡᠪᠢᠰᠬᠡᠷ ᠳᠡᠭᠡᠷ᠎ᠡ ᠣᠷᠣᠰᠢᠨ ᠪᠠᠶᠢᠭᠰᠠᠨ ᠪᠦᠬᠦ ᠣᠪᠤᠭ ᠠᠶᠢᠮᠠᠭ ᠤᠳ ᠢ Tᠣᠯᠢᠲ᠋ᠧᠺ ᠤᠨ ᠮᠡᠳᠡᠯ ᠳᠦ ᠨᠢᠭᠡᠳᠬᠡᠵᠡᠢ᠃ ᠲᠡᠭᠦᠨ ᠦ ᠦᠢᠯᠡ ᠬᠡᠷᠡᠭ ᠨᠢ ᠨᠤᠲᠤᠭ ᠤᠨ ᠠᠭᠤᠭᠤᠯ ᠣᠪᠤᠭ ᠤᠳ ᠲᠤ ᠮᠠᠰᠢᠳᠠ ᠬᠦᠨᠳᠦᠯᠡᠯ ᠣᠯᠵᠤ ᠪᠠᠶᠢᠭᠰᠠᠨ ᠨᠢ ᠦᠶ᠎ᠡ ᠤᠯᠠᠷᠢᠨ ᠳᠠᠮᠵᠢᠵᠤ᠂ ᠪᠤᠷᠬᠠᠨᠴᠢᠯᠠᠨ ᠰᠢᠲᠤᠭᠳᠡᠵᠡᠢ᠃ ᠠᠴᠲ᠋ᠧᠺ ᠦᠳ ᠤᠨ ᠳᠤᠮᠳᠠ ᠲᠡᠭᠦᠨ ᠦ ᠨᠡᠷ᠎ᠡ ᠬᠦᠨᠳᠦ ᠮᠠᠰᠢ ᠥᠨᠳᠥᠷ ᠪᠠᠶᠢᠭᠰᠠᠨ ᠪᠥᠭᠡᠳ ᠡᠷᠨᠠᠨ ᠺᠣᠷᠲ᠋ᠧᠰᠢᠭᠢᠭ ᠠᠴᠲ᠋ᠧᠺ ᠲᠤ ᠢᠷᠡᠬᠦ ᠳᠦ ᠬᠠᠭᠠᠨ ᠮᠣᠨᠲ᠋ᠧᠽᠤᠮᠠ II ᠲᠡᠭᠦᠨ ᠢ ᠺᠦ᠋ᠡᠳᠬᠠᠯᠺᠣᠠᠳᠤᠯ ᠡᠷᠭᠢᠨ ᠢᠷᠡᠯ᠎ᠡ ᠬᠡᠮᠡᠨ ᠵᠠᠷᠯᠠᠵᠤ ᠬᠦᠨᠳᠦᠳᠬᠡᠨ ᠤᠭᠲᠤᠵᠤ ᠪᠠᠶᠢᠪᠠ᠃ ᠡᠨᠡ ᠨᠢ ᠠᠴᠲ᠋ᠧᠺ ᠭᠦᠷᠦᠨ ᠢ ᠮᠠᠰᠢ ᠬᠤᠷᠳᠤᠨ ᠮᠥᠬᠥᠬᠦ ᠳᠦ ᠬᠦᠴᠦᠲᠡᠢ ᠨᠥᠯᠦᠭᠡᠯᠡᠭᠰᠡᠨ ᠭᠡᠳᠡᠭ᠃tr:Tüylü yılan

ᠪᠢᠴᠢᠭᠡᠰᠦ