ᠺᠦᠷᠦᠠᠴᠢᠶ ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠺᠦᠷᠦᠠᠴᠢᠶ ᠠ ᠤᠯᠤᠰ
ᠪᠦᠭᠦᠳᠡ ᠨᠠᠶᠢᠷᠠᠮᠳᠠᠬᠤ ᠾᠣᠷᠸᠠᠲ᠋ ᠤᠯᠤᠰ
Republika Hrvatska (ᠺᠦᠷᠦᠠᠴᠢᠶ ᠠ)
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠬᠣᠣᠷ᠃ "Lijepa naša domovino"
(ᠮᠠᠨ ᠤ ᠰᠠᠶᠢᠬᠠᠨ ᠣᠷᠣᠨ)
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠧᠦ᠋ᠷᠣᠫᠠ᠂ ᠧᠦ᠋ᠷᠣᠫᠠ ᠶᠢᠨ ᠬᠣᠯᠪᠣᠭᠠᠨ ᠤ ᠭᠠᠵᠠᠷ ᠤᠨ ᠵᠢᠷᠤᠭ ᠲᠤ ᠺᠦᠷᠦᠠᠴᠢᠶ ᠠ ᠤᠯᠠᠭᠠᠨ ᠢᠶᠠᠷ
ᠨᠡᠶᠢᠰᠯᠡᠯCoat of arms of Zagreb.svg ᠵᠠᠭᠷᠧᠪ
ᠲᠣᠮᠣ ᠬᠣᠲᠠ ᠵᠠᠭᠷᠧᠪ᠂ ᠰᠫᠠᠯ ᠳᠤ
ᠠᠯᠪᠠᠨ ᠬᠡᠯᠡ ᠺᠦᠷᠦᠠᠴᠢᠶ ᠠ ᠬᠡᠯᠡ
ᠠᠷᠠᠳ ᠲᠦᠮᠡᠨ 
(2011 ᠤᠨ)
ᠬᠣᠷᠸᠠᠲ ᠤᠨ ᠠᠷᠠᠳ ᠲᠦᠮᠡᠨ →
90.4% – ᠺᠦᠷᠦᠠᠴᠢᠶ ᠠ ᠦᠨᠳᠦᠰᠦᠲᠡᠨ
4.4% – ᠰᠧᠷᠪ ᠦᠨᠳᠦᠰᠦᠲᠡᠨ
5.2% – ᠪᠤᠰᠤᠳ/ᠮᠡᠳᠡᠭᠦᠯᠦᠭᠡ ᠦᠭᠡᠢ
 -  ᠨᠤᠲᠤᠭ ᠤᠨ ᠣᠯᠠᠨ ᠬᠣᠷᠸᠠᠲ ᠤᠨ ᠬᠢᠨ
(ᠺᠦᠷᠦᠠᠴᠢᠶ ᠠ ᠤᠯᠤᠰ ᠤᠨ ᠬᠢᠨ)
ᠲᠥᠷᠥ ᠵᠠᠰᠠᠭ ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠫᠠᠷᠯᠠᠮᠧᠨᠲ ᠤᠨ
ᠪᠦᠭᠦᠳᠡ ᠨᠠᠶᠢᠷᠠᠮᠳᠠᠬᠤ ᠵᠠᠰᠠᠭ ᠲᠠᠢ
 -  ᠶᠡᠷᠦᠩᠬᠡᠶᠢᠯᠡᠭᠴᠢ ᠢᠪᠠ ᠢᠣᠰᠢᠫᠣᠸᠢᠴ (2010)
 -  ᠶᠡᠷᠦᠩᠬᠡᠢ ᠰᠠᠶᠢᠳ ᠵᠣᠷᠠᠨ ᠮᠢᠯᠤᠨᠠᠪᠢᠴ (2011)
ᠤᠯᠤᠰ ᠤᠨ ᠬᠤᠷᠠᠯ ᠬᠣᠣᠷ᠃ "Sabor" («ᠬᠤᠷᠠᠯ»)
ᠲᠡᠦᠬᠡᠨ ᠦᠢᠯᠡ ᠶᠠᠪᠤᠳᠠᠯ
 -  VIII ᠵᠠᠭᠤᠨ ᠤᠯᠤᠰ ᠡᠭᠦᠰᠦᠨ ᠪᠠᠶᠢᠭᠤᠯᠤᠭᠳᠠᠭᠰᠠᠨ 
 -  1918-12-04 ᠰᠧᠷᠪᠰᠯᠣᠸᠧᠨᠲᠠᠢ ᠨᠢᠭᠡᠳᠦᠭᠰᠡᠨ 
 -  1991-10-08 ᠶᠣᠭᠣᠰᠯᠠᠪᠠ ᠠᠴᠠ ᠲᠤᠰᠠᠭᠠᠷᠯᠠᠭᠰᠠᠨ 
ᠨᠤᠲᠤᠭ ᠳᠡᠪᠢᠰᠬᠡᠷ
 -  ᠪᠦᠬᠦ ᠲᠠᠯᠠᠪᠠᠢ 56,594 km2 (126th)
 -  ᠭᠠᠳᠠᠷᠭᠤ ᠶᠢᠨ ᠤᠰᠤ (%) 1.09 ᠬᠤᠪᠢ
ᠬᠦᠮᠦᠨ ᠠᠮᠠ
 -  ᠲᠣᠭᠠᠯᠠᠯᠭ᠎ᠠ (2011) 4,284,889 [1] 
 -  ᠨᠢᠭᠲᠠᠴᠠ ᠰᠡᠶᠢᠷᠡᠭ 75.8 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $79.530 ᠲᠡᠷᠪᠤᠮ[2] 
 -  ᠨᠢᠭᠡ ᠬᠦᠨᠳᠦ $18,066[2] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ65 ᠳᠦ
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $60.109 ᠲᠡᠷᠪᠤᠮ[2] 
 -  ᠨᠢᠭᠡ ᠬᠦᠨᠳᠦ $13,654[2] 
Gini (2012) 30.5[2] (ᠳᠤᠮᠳᠠ
ᠬᠡᠦᠬᠡᠳ ᠦᠨ ᠬᠥᠭᠵᠢᠯ ᠦᠨ ᠢᠨᠳᠧᠺᠰ (2013) 0.805[3] (ᠮᠠᠰᠢ ᠰᠠᠶᠢᠨ) (47)
ᠮᠥᠩᠭᠥᠨ ᠦ ᠨᠢᠭᠡᠴᠡ ᠬᠣᠷᠸᠠᠲ ᠤᠨ ᠺᠦᠶᠢᠨᠤ (HRK)
ᠴᠠᠭ ᠤᠨ ᠪᠥᠰᠡ ТЕЦ (GMT+1)
 -  ᠵᠤᠨ ᠤ ᠴᠠᠭ ТЕЗЦ (GMT+2)
ᠤᠲᠠᠰᠤ᠂ ᠳᠣᠮᠡᠢ ᠶᠢᠨ +385 / .hr1
ᠨᠡᠷ᠎ᠡ ᠲᠣᠮᠢᠶ᠎ᠠ HR, HRV / БНХорУ
1ᠧᠦ᠋ᠷᠣᠫᠠ ᠶᠢᠨ ᠬᠣᠯᠪᠣᠭ᠎ᠠᠨ ᠤ ᠭᠡᠰᠢᠭᠦᠨ ᠲᠤᠯᠠ .eu ᠍ ᠢ ᠪᠠᠰᠠ ᠬᠡᠷᠡᠭᠯᠡᠨ᠎ᠡ᠃
ᠲᠡᠶᠢᠨ ᠢᠯᠭᠠᠯ
ᠨᠡᠷᠡᠯᠡᠬᠦ ᠺᠦᠷᠦᠠᠴᠢᠶ ᠠ
ᠬᠣᠷᠪᠠ́ᠲ
ᠾᠣᠷᠸᠠᠲ᠋ [4]
(ᠬ)ᠣᠷᠪᠠ ᠳᠤ
ᠬᠠᠷᠢᠶᠠᠯᠠᠬᠤ ᠬᠣᠷᠸᠠᠲ ᠤᠨ ᠾᠣᠷᠸᠠᠲ᠋ ᠍ ᠤᠨ
ᠥᠭᠬᠦ ᠤᠷᠤᠰᠢᠬᠤ ᠬᠣᠷᠸᠠᠲ ᠲᠤ ᠾᠣᠷᠸᠠᠲ᠋ ᠍ ᠲᠤ
ᠵᠢᠭᠠᠬᠤ ᠬᠣᠷᠸᠠᠲ ᠢ ᠾᠣᠷᠸᠠᠲ᠋ ᠍ ᠢ
ᠭᠠᠷᠬᠤ ᠬᠣᠷᠸᠠᠲ ᠠᠴᠠ ᠾᠣᠷᠸᠠᠲ᠋ ᠠᠴᠠ
ᠦᠢᠯᠡᠳᠬᠦ ᠬᠣᠷᠸᠠᠲ ᠢᠶᠠᠷ ᠾᠣᠷᠸᠠᠲ᠋ ᠍ ᠶᠢᠠᠷ
ᠬᠠᠮᠲᠤᠷᠠᠬᠤ ᠬᠣᠷᠸᠠᠲ ᠲᠠᠢ ᠾᠣᠷᠸᠠᠲ᠋ ᠍ ᠲᠠᠢ
ᠴᠢᠢᠭᠯᠡᠬᠦ ᠺᠦᠷᠦᠠᠴᠢᠶ ᠠ ᠤᠷᠤᠭᠤ ᠾᠣᠷᠸᠠᠲ᠋ ᠤᠷᠤᠭᠤ

ᠬᠣᠷᠸᠠᠲ ᠤᠨ ᠪᠦᠭᠦᠳᠡ ᠨᠠᠶᠢᠷᠠᠮᠳᠠᠬᠤ ᠤᠯᠤᠰ (ᠺᠦᠷᠦᠠᠴᠢᠶ ᠠ ᠪᠡᠷ Republika Hrvatska) ᠪᠤᠶᠤ ᠺᠦᠷᠦᠠᠴᠢᠶ ᠠ ᠨᠢ ᠵᠡᠭᠦᠨ ᠧᠦ᠋ᠷᠣᠫᠠ ᠍ ᠤᠨ ᠪᠠᠯᠺᠠᠨ ᠤ ᠬᠣᠶᠢᠭ ᠲᠤ ᠤᠷᠤᠰᠢᠬᠤ ᠪᠦᠭᠦᠳᠡ ᠨᠠᠶᠢᠷᠠᠮᠳᠠᠬᠤ ᠤᠯᠤᠰ ᠶᠤᠮ᠃ ᠪᠠᠷᠠᠭᠤᠨ ᠲᠠᠯ᠎ᠠ ᠪᠠᠷ ᠢᠶᠠᠨ ᠰᠯᠣᠸᠧᠨ᠂ ᠬᠣᠶᠢᠳᠤ ᠲᠠᠯ᠎ᠠ ᠪᠠᠷ ᠢᠶᠠᠨ ᠬᠠᠩᠭᠠᠷᠢ᠂ ᠵᠡᠭᠦᠨ ᠲᠠᠯ᠎ᠠ ᠪᠠᠷ ᠢᠶᠠᠨ ᠪᠣᠰᠣᠨᠢᠶ᠎ ᠠ ᠬᠧᠷᠦᠼᠧᠭᠣᠪᠢᠨᠠᠰᠧᠷᠪᠢ ᠤᠯᠤᠰ ᠤᠳ ᠲᠠᠢ ᠬᠢᠯᠢᠯᠡᠨ᠎ᠡ᠃ ᠡᠮᠦᠨ᠎ᠡ ᠲᠠᠯ᠎ᠠ ᠳᠤ ᠨᠢ ᠠᠳᠠᠷᠢᠶᠠᠲᠤ ᠶᠢᠨ ᠲᠡᠩᠭᠢᠰ ᠤᠷᠤᠰᠢᠬᠤ ᠪᠥᠭᠡᠳ ᠳᠤᠪᠷᠣᠸᠨᠢᠺ ᠨᠢ ᠵᠡᠭᠦᠨ ᠲᠠᠯ᠎ᠠ ᠪᠠᠷ ᠢᠶᠠᠨ ᠮᠣᠨᠲ᠋ᠧᠨᠧᠭᠷᠣ᠋ᠲᠣᠢ ᠬᠢᠯᠢᠯᠡᠳᠡᠭ᠃ ᠨᠡᠶᠢᠰᠯᠡᠯ ᠨᠢ ᠵᠠᠭᠷᠧᠪ.

1991 ᠣᠨ ᠳᠤ ᠶᠣᠭᠣᠰᠯᠠᠪ ᠤᠨ ᠪᠦᠷᠢᠯᠳᠦᠬᠦᠨ ᠡᠴᠡ ᠭᠠᠷᠴᠤ ᠲᠤᠰᠠᠭᠠᠷ ᠲᠣᠭᠲᠠᠨᠢᠯ ᠢᠶᠠᠨ ᠵᠠᠷᠯᠠᠭᠰᠠᠨ ᠤᠯᠤᠰ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠬᠣᠷᠸᠠᠲ ᠤᠨ ᠲᠡᠦᠬᠡ

7 ᠍ ᠳᠦᠭᠡᠷ ᠵᠠᠭᠤᠨ ᠳᠤ ᠬᠣᠷᠸᠠᠲ ᠤᠳ ᠣᠳᠣ ᠶᠢᠨ ᠨᠤᠲᠤᠭ ᠲᠤ ᠪᠠᠨ ᠰᠠᠭᠤᠷᠢᠰᠢᠵᠠᠢ᠃ ᠲᠡᠷᠡ ᠦᠶᠡᠰ 2 ᠭᠦᠨᠯᠢᠭ ᠣᠷᠣᠰᠢᠨ ᠲᠣᠭᠲᠠᠨᠢᠵᠤ ᠪᠠᠶᠢᠭᠰᠠᠨ ᠶᠤᠮ᠃ 9 ᠍ ᠳᠦᠭᠡᠷ ᠵᠠᠭᠤᠨ ᠳᠤ ᠬᠣᠶᠢᠳᠤ᠂ ᠪᠠᠷᠠᠭᠤᠨ ᠲᠠᠯ᠎ᠠ ᠠᠴᠠ ᠪᠠᠨ ᠹᠷᠠᠨᠺ᠂ ᠡᠮᠦᠨ᠎ᠡ᠂ ᠵᠡᠭᠦᠨ ᠲᠠᠯ᠎ᠠ ᠪᠠᠷ ᠢᠶᠠᠨ ᠸᠢᠽᠠᠨᠲ ᠍ ᠤᠨ ᠳᠣᠪᠲᠣᠯᠭᠠᠨ ᠳᠤ ᠥᠷᠢᠲᠥᠬᠦ ᠪᠣᠯᠤᠭᠰᠠᠨ ᠪᠥᠭᠡᠳ ᠶᠡᠬᠡ ᠺᠠᠷᠯ ᠍ ᠤᠨ ᠠᠶᠠᠨ ᠳᠠᠶᠢᠨ ᠢᠶᠠᠷ ᠨᠢᠭᠡ ᠬᠡᠰᠡᠭ ᠹᠷᠠᠨᠺ ᠤᠨ ᠡᠵᠡᠨ ᠳᠦ ᠭᠦᠷᠦᠨ ᠦ ᠪᠦᠷᠢᠯᠳᠦᠬᠦᠨ ᠳᠦ ᠣᠷᠣᠵᠤ᠂ ᠺᠠᠲ᠋ᠣᠯᠢᠭ ᠱᠠᠰᠢᠨ ᠢ ᠬᠦᠯᠢᠶᠡᠨ ᠠᠪᠤᠭᠰᠠᠨ ᠪᠠᠶᠢᠨ᠎ᠠ᠃ ᠲᠤᠰ ᠤᠯᠤᠰ ᠤᠨ ᠠᠩᠬᠠᠨ ᠤ ᠬᠠᠭᠠᠨ ᠲᠣᠮᠢᠰᠯᠠᠪ I ᠬᠣᠷᠸᠠᠲ ᠢ ᠨᠢᠭᠡᠳᠬᠡᠵᠦ᠂ ᠬᠠᠭᠠᠨᠲᠤ ᠤᠯᠤᠰ ᠪᠣᠯᠭᠠᠭᠰᠠᠨ ᠶᠤᠮ᠃ ᠬᠣᠷᠸᠠᠲ ᠤᠨ ᠬᠠᠭᠠᠨᠲᠤ ᠤᠯᠤᠰ ᠨᠢ 2 ᠵᠠᠭᠤᠨ ᠤ ᠲᠤᠷᠰᠢ ᠲᠤᠰᠠᠭᠠᠷ ᠲᠣᠭᠲᠠᠨᠢᠯ ᠢᠶᠠᠨ ᠬᠠᠳᠠᠭᠠᠯᠠᠨ ᠣᠷᠣᠰᠢᠨ ᠲᠣᠭᠲᠠᠨᠢᠵᠤ᠂ ᠫᠧᠲ᠋ᠠᠷ ᠺᠷᠧᠱᠢᠮᠢᠷ IV, ᠵᠡᠪᠤᠨᠢᠮᠢᠷ ᠬᠠᠭᠠᠳ ᠤᠨ ᠦᠶ᠎ᠡ ᠳᠦ ᠬᠥᠭᠵᠢᠯ ᠴᠡᠴᠡᠭᠯᠡᠯᠲᠡ ᠶᠢᠨ ᠣᠷᠭᠢᠯ ᠳᠤ ᠪᠠᠨ ᠬᠦᠷᠴᠦ ᠪᠠᠶᠢᠴᠠᠢ᠃

1102 ᠣᠨ ᠳᠤ ᠬᠣᠷᠪᠠ ᠳᠤ᠂ ᠳᠠᠯᠮᠠᠲ ᠤᠨ ᠬᠠᠭᠠᠨ ᠰᠢᠷᠡᠭᠡᠨ ᠳᠦ ᠬᠠᠩᠭᠠᠷᠢ ᠶᠢᠨ ᠬᠠᠭᠠᠨ ᠯᠠᠰᠯᠣ I ᠵᠠᠯᠠᠷᠠᠵᠤ᠂ ᠺᠦᠷᠦᠠᠴᠢᠶ ᠠ ᠨᠢ ᠬᠠᠩᠭᠠᠷᠢ ᠶᠢᠨ ᠬᠣᠯᠪᠣᠭᠠᠨ ᠳᠤ ᠨᠢᠭᠡᠳᠪᠡ᠃

1526 ᠣᠨ ᠳᠤ ᠬᠣᠷᠸᠠᠲ ᠤᠨ ᠫᠠᠷᠯᠠᠮᠧᠨᠲ ᠬᠠᠪᠰᠪᠦᠦᠭᠡᠶᠢᠨ ᠤᠳᠤᠮ ᠤᠨ ᠹᠧᠷᠳ᠋ᠨᠢᠨᠳᠠ ᠶᠢ ᠬᠠᠭᠠᠨ ᠰᠢᠷᠡᠭᠡᠨ ᠳᠦ ᠡᠷᠭᠦᠮᠵᠢᠯᠡᠭᠰᠡᠨ᠃ ᠬᠠᠷᠢᠨ ᠠᠳᠠᠷᠢᠶᠠᠲᠤ ᠶᠢᠨ ᠲᠡᠩᠭᠢᠰᠡᠶᠢᠨ ᠡᠷᠭᠢ ᠳᠦ ᠤᠷᠤᠰᠢᠬᠤ ᠳᠠᠯᠮᠠᠲ᠋ᠢ ᠨᠢ 10 ᠍ ᠳᠦᠭᠡᠷ ᠵᠠᠭᠤᠨᠢ ᠰᠡᠭᠦᠯ ᠡᠴᠡ ᠸᠧᠨᠧᠼ ᠤᠨ ᠪᠦᠭᠦᠳᠡ ᠨᠠᠶᠢᠷᠠᠮᠳᠠᠬᠤ ᠤᠯᠤᠰ ᠍ ᠤᠨ ᠬᠠᠷᠢᠶᠠᠨ ᠳᠤ ᠪᠠᠶᠢᠵᠤ᠂ 1815 ᠣᠨ ᠳᠤ ᠸᠸᠨ ᠤᠨ ᠬᠡᠯᠡᠯᠴᠡᠭᠡᠷᠡᠭᠡᠷᠡ ᠠᠦᠢᠰᠲᠷᠶ᠎ᠠ ᠶᠢᠨ ᠡᠵᠡᠨᠲᠦ ᠭᠦᠷᠦᠨ ᠳᠤ ᠨᠢᠭᠡᠳᠬᠡᠭᠳᠡᠭᠰᠡᠨ ᠪᠠᠶᠢᠨ᠎ᠠ᠃

1918 ᠣᠨ ᠳᠤ ᠳᠡᠯᠡᠬᠡᠢ ᠶᠢᠨ ᠨᠢᠭᠡᠳᠦᠭᠡᠷ ᠳᠠᠶᠢᠨ ᠳᠤ ᠢᠯᠠᠭᠳᠠᠭᠰᠠᠨ ᠠᠦᠢᠰᠲᠷᠶ᠎ᠠ-ᠬᠠᠩᠭᠠᠷᠢ ᠶᠢᠨ ᠡᠵᠡᠨᠲᠦ ᠭᠦᠷᠦᠨ ᠤᠨᠠᠬᠤ ᠳᠤ ᠪᠦᠷᠢᠯᠳᠦᠬᠦᠨ ᠡᠴᠡ ᠨᠢ ᠭᠠᠷᠤᠭᠰᠠᠨ ᠺᠦᠷᠦᠠᠴᠢᠶ ᠠ ᠡᠮᠦᠨᠡᠲᠦ ᠰᠯᠠᠪ ᠤᠨ ᠦᠨᠳᠦᠰᠦᠲᠡᠨ ᠨᠦᠭᠦᠳ ᠦᠨ ᠬᠣᠯᠪᠣᠭ᠎ᠠ ᠪᠠᠶᠢᠭᠤᠯᠬᠤ ᠭᠡᠰᠡᠨ ᠰᠧᠷᠪᠢ ᠶᠢᠨ ᠬᠠᠭᠠᠨᠲᠤ ᠤᠯᠤᠰ ᠍ ᠤᠨ ᠰᠠᠨᠠᠯ ᠢ ᠬᠦᠯᠢᠶᠡᠨ ᠠᠪᠴᠤ ᠰᠧᠷᠪᠢ-ᠺᠦᠷᠦᠠᠴᠢᠶ ᠠ-ᠰᠯᠣᠸᠸᠨ ᠦ ᠬᠠᠭᠠᠨᠲᠤ ᠤᠯᠤᠰ ᠪᠠᠶᠢᠭᠤᠯᠤᠭᠳᠠᠭᠰᠠᠨ ᠪᠥᠭᠡᠳ 1929 ᠣᠨ ᠳᠤ ᠤᠯᠤᠰ ᠤᠨ ᠢᠶᠠᠨ ᠨᠡᠷ᠎ᠡ ᠶᠢ ᠶᠣᠭᠣᠰᠯᠠᠪ ᠪᠣᠯᠭᠠᠨ ᠥᠭᠡᠷᠡᠴᠢᠯᠡᠵᠡᠢ᠃ ᠭᠡᠪᠡᠴᠦ ᠲᠥᠷᠥ ᠶᠢᠨ ᠡᠷᠬᠡ ᠶᠢ ᠰᠧᠷᠪ ᠦᠳ ᠠᠳᠬᠤᠵᠤ ᠪᠠᠶᠢᠭᠠᠳ ᠡᠭᠳᠡᠭᠦᠴᠡᠭᠰᠡᠨ ᠬᠣᠷᠸᠠᠲ ᠤᠳ ᠲᠡᠮᠡᠴᠡᠭᠰᠡᠭᠡᠷ 1939 ᠣᠨ ᠳᠤ ᠠᠦ᠋ᠲ᠋ᠣᠨᠣᠮᠢ ᠳᠤ ᠡᠷᠬᠡ ᠲᠡᠢ ᠪᠣᠯᠤᠭᠰᠠᠨ ᠪᠠᠶᠢᠨ᠎ᠠ᠃ ᠭᠡᠬᠦ ᠳᠦ ᠪᠡᠨ ᠡᠭᠦᠨ ᠳᠦ ᠬᠠᠨᠤᠯ ᠦᠭᠡᠢ᠂ ᠠᠩᠲ᠋ᠧ ᠫᠠᠸᠧᠯᠢᠴᠢ ᠢᠶᠠᠷ ᠤᠳᠤᠷᠢᠳᠤᠭᠤᠯᠤᠭᠰᠠᠨ ᠦᠨᠳᠦᠰᠦᠷᠬᠡᠭ ᠦᠵᠡᠯᠲᠡᠨ ᠨᠦᠭᠦᠳ ᠦᠨ ᠪᠠᠶᠢᠭᠤᠯᠤᠯᠭ᠎ᠠ ᠪᠣᠯᠬᠤ ᠤᠰᠠᠳᠤᠰᠢ ᠪᠠᠶᠢᠭᠤᠯᠤᠭᠳᠠᠵᠤ᠂ 1941 ᠣᠨ ᠳᠤ ᠨᠠᠼᠢᠰᠲ ᠭᠧᠷᠮᠠᠨ ᠲᠤᠰ ᠤᠯᠤᠰ ᠲᠤ ᠬᠠᠯᠠᠳᠠᠨ ᠣᠷᠣᠬᠤ ᠳᠤ ᠲᠡᠳᠡᠨ ᠦ ᠲᠠᠯ᠎ᠠ ᠳᠤ ᠣᠷᠣᠵᠤ᠂ ᠬᠣᠷᠪᠠ ᠳᠤ᠂ ᠳᠠᠯᠮᠠᠲ᠋ᠢ᠂ ᠰᠯᠠᠸᠣᠨᠢ᠂ ᠮᠥᠨ ᠸᠣᠶᠢᠪᠣᠳᠣᠨᠠᠪᠣᠰᠣᠨᠢ ᠭᠧᠷᠼᠣᠭᠣᠪᠢᠨᠢ ᠨᠢᠭᠡ ᠬᠡᠰᠡᠭ ᠢ ᠪᠠᠭᠲᠠᠭᠠᠭᠰᠠᠨ ᠬᠣᠷᠸᠠᠲ ᠤᠨ ᠲᠤᠰᠠᠭᠠᠷ ᠤᠯᠤᠰ ᠭᠡᠭᠴᠢ ᠶᠢ ᠪᠠᠶᠢᠭᠤᠯᠤᠭᠰᠠᠨ ᠪᠠᠶᠢᠨ᠎ᠠ᠃ ᠳᠡᠯᠡᠬᠡᠢ ᠶᠢᠨ ᠬᠣᠶᠠᠳᠤᠭᠠᠷ ᠳᠠᠶᠢᠨᠢ ᠳᠠᠷᠤᠭ᠎ᠠ ᠰᠣᠴᠢᠶᠠᠯᠢᠰᠲᠤ ᠳᠢᠭᠯᠢᠮ ᠲᠡᠢ ᠪᠣᠯᠤᠭᠰᠠᠨ ᠶᠣᠭᠣᠰᠯᠠᠪ ᠨᠢ ᠤᠳᠤᠷᠢᠳᠤᠭᠴᠢ ᠢᠣᠰᠢᠹ ᠪᠷᠣᠽ ᠲᠢᠲ᠋ᠣᠭᠡᠶᠢᠨ ᠲᠡᠩᠴᠡᠪᠦᠷᠢᠲᠡᠢ ᠤᠳᠤᠷᠢᠳᠤᠯᠭ᠎ᠠ ᠶᠢᠨ ᠦᠷ᠎ᠡ ᠪᠡᠷ ᠬᠡᠯᠪᠡᠷᠢ ᠪᠡᠨ ᠬᠠᠳᠠᠭᠠᠯᠠᠵᠤ ᠪᠠᠶᠢᠭᠰᠠᠨ ᠴᠤ ᠲᠡᠭᠦᠨ ᠢ ᠨᠠᠰᠤ ᠪᠠᠷᠠᠭᠰᠠᠨ ᠤ ᠳᠠᠷᠠᠭ᠎ᠠ 1980 ᠍ ᠊ᠭᠠᠳ ᠣᠨ ᠳᠤ ᠬᠣᠷᠸᠠᠲᠤ ᠨᠤᠭᠤᠳ ᠤᠨ ᠦᠨᠳᠦᠰᠦᠨ ᠦ ᠦᠵᠡᠯ ᠡᠷᠭᠢᠵᠦ ᠰᠡᠷᠭᠦᠪᠡ᠃

1990 ᠣᠨ ᠳᠤ ᠶᠣᠭᠣᠰᠯᠠᠪ ᠤᠯᠤᠰ ᠣᠯᠠᠨ ᠨᠠᠮ ᠤᠨ ᠰᠢᠰᠲ᠋ᠧᠮ ᠳᠦ ᠰᠢᠯᠵᠢᠵᠦ᠂ ᠠᠩᠬᠠᠨ ᠤ ᠴᠢᠯᠦᠭᠡᠲᠦ ᠠᠷᠳ᠋ᠯᠴᠢᠭᠰᠠᠨ ᠰᠣᠩᠭᠣᠭᠤᠯᠢ ᠶᠠᠪᠤᠭᠤᠯᠬᠤ ᠳᠤ ᠬᠣᠷᠸᠠᠲ ᠢ ᠶᠣᠭᠣᠰᠯᠠᠪ ᠠᠴᠠ ᠲᠤᠰᠠᠭᠠᠷᠯᠠᠬᠤ ᠪᠣᠳᠣᠯᠭ᠎ᠠ ᠪᠠᠷᠢᠮᠲᠠᠯᠠᠳᠠᠭ ᠰᠲ᠋ᠧᠫᠠᠨ ᠮᠧᠰᠢᠴᠡᠶᠢᠨ ᠤᠳᠤᠷᠢᠳᠤᠭᠰᠠᠨ ᠨᠠᠮ ᠬᠣᠷᠸᠠᠲ ᠤᠨ ᠲᠥᠷᠥ ᠶᠢᠨ ᠡᠷᠬᠡᠨ ᠳᠦ ᠭᠠᠷᠴᠤ᠂ ᠲᠤᠰᠠᠭᠠᠷ ᠲᠣᠭᠲᠠᠨᠢᠬᠤ ᠦᠢᠯᠡ ᠶᠠᠪᠤᠴᠠ ᠡᠬᠢᠯᠡᠪᠡ᠃

1991 ᠣᠨ ᠤ 6 ᠰᠠᠷ᠎ᠠ ᠶᠢᠨ 19 ᠍ ᠳᠦ ᠲᠤᠰᠠᠭᠠᠷ ᠲᠣᠭᠲᠠᠨᠢᠬᠤ ᠲᠠᠯ᠎ᠠ ᠪᠠᠷ ᠪᠦᠬᠦ ᠠᠷᠠᠳ ᠲᠦᠮᠡᠨ ᠦ ᠰᠠᠨᠠᠯ ᠬᠤᠷᠢᠶᠠᠯᠲᠠ ᠶᠠᠪᠤᠭᠤᠯᠵᠤ᠂ ᠠᠷᠠᠳ ᠲᠦᠮᠡᠨ ᠦ 78% ᠨᠢ ᠳᠡᠮᠵᠢᠭᠰᠡᠨ ᠲᠤᠯᠠ 6 ᠰᠠᠷ᠎ᠠ ᠶᠢᠨ 25 ᠍ ᠳᠦ ᠲᠤᠰᠠᠭᠠᠷ ᠲᠣᠭᠲᠠᠨᠢᠯ ᠢᠶᠠᠨ ᠵᠠᠷᠯᠠᠭᠰᠠᠨ ᠪᠠᠶᠢᠨ᠎ᠠ᠃

ᠬᠣᠷᠸᠠᠲ ᠲᠤ ᠰᠧᠷᠪ ᠦᠳ ᠣᠯᠠᠨ ᠢᠶᠠᠷ ᠣᠷᠣᠰᠢᠨ ᠰᠠᠭᠤᠳᠠᠭ ᠲᠤᠯᠠ ᠶᠣᠭᠣᠰᠯᠠᠪ ᠤᠨ ᠲᠠᠯ᠎ᠠ ᠰᠧᠷᠪᠢ ᠶᠢᠨ ᠺᠷᠠᠶᠢᠨ ᠤ ᠠᠦ᠋ᠲ᠋ᠣᠨᠣᠮᠢᠲᠤ ᠲᠣᠭᠣᠷᠢᠭ ᠳᠠᠬᠢ ᠰᠧᠷᠪ ᠦᠳ ᠢᠶᠡᠨ ᠬᠠᠮᠠᠭᠠᠯᠠᠬᠤ ᠨᠡᠷ᠎ᠡ ᠪᠡᠷ ᠬᠣᠷᠸᠠᠲ ᠤᠨ ᠨᠤᠲᠤᠭ ᠲᠤ ᠬᠠᠯᠠᠳᠠᠵᠤ᠂ ᠬᠣᠷᠸᠠᠲ ᠤᠨ ᠲᠤᠰᠠᠭᠠᠷ ᠲᠣᠭᠲᠠᠨᠢᠯ ᠤᠨ ᠳᠠᠶᠢᠨ ᠡᠬᠢᠯᠡᠭᠰᠡᠨ ᠪᠢᠯᠡ᠃ 1995 ᠣᠨ ᠳᠤ ᠳᠠᠶᠢᠨ ᠲᠤᠰ ᠤᠯᠤᠰ ᠤᠨ ᠢᠯᠠᠯᠲᠠ ᠪᠠᠷ ᠥᠨᠳᠥᠷᠯᠡᠭᠰᠡᠨ ᠪᠠᠶᠢᠨ᠎ᠠ᠃

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠺᠦᠷᠦᠠᠴᠢᠶ ᠠ ᠤᠯᠤᠰ»
  1. "Population by Age and Sex, by Settlements, 2011 Census".
  2. 2.0 2.1 2.2 2.3 2.4 "Croatia". International Monetary Fund.
  3. Human Development Report 2011. United Nations (2011).
  4. ᠠ) ᠰ ᠲᠤᠪᠢᠯᠢᠭ ᠤᠨ ᠨᠠᠶᠢᠷᠠᠭᠤᠯᠤᠭᠰᠠᠨ ᠮᠣᠩᠭᠣᠯ ᠠᠩᠭᠯᠢ ᠬᠢᠲᠠᠳ ᠲᠣᠯᠢ ᠠᠴᠠ ᠦᠵᠡᠪᠡᠯ ᠬᠢᠲᠠᠳ ᠲᠤ ᠮᠣᠩᠭᠣᠯ ᠢᠶᠠᠷ ᠬᠷᠣᠲᠶᠢ ᠠ᠌ (ᠾᠷᠣᠳᠢ ᠪᠠᠨ) ᠭᠡᠵᠦ ᠪᠢᠴᠢᠵᠦ ᠪᠠᠶᠢᠭ᠎ᠠ᠃
    ᠪ) "Chrome" ᠦᠢᠯᠡᠳᠦᠯ ᠦᠨ ᠰᠢᠰᠲ᠋ᠧᠮ ᠳᠦ ᠬᠤᠳᠤᠮ ᠮᠣᠩᠭᠣᠯ ᠪᠢᠴᠢᠭ ᠦᠨ MVS, FVS ᠺᠣᠮᠠᠨᠳ ᠠᠵᠢᠯᠯᠠᠭ᠎ᠠ ᠦᠭᠡᠢ ᠪᠣᠯᠴᠢᠬᠠᠭᠠᠳ ᠪᠤᠷᠤᠭᠤ ᠬᠠᠷᠠᠭᠳᠠᠵᠤ ᠪᠠᠶᠢᠭ᠎ᠠ ᠶᠢ ᠠᠩᠬᠠᠷᠤᠭᠠᠷᠠᠢ᠃

ᠪᠢᠴᠢᠭᠡᠰᠦ