ᠺᠦᠶᠢᠯᠢᠺᠣᠸ ᠤᠨ ᠲᠤᠯᠤᠯᠳᠤᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠦᠶᠢᠯᠢᠺᠣᠸ ᠤᠨ ᠲᠤᠯᠤᠯᠳᠤᠭᠠᠨ
Kulikovo05.jpg
17 ᠍ ᠳᠦᠭᠡᠷ ᠵᠠᠭᠤᠨ ᠤ ᠪᠦᠲᠦᠭᠡᠯ
ᠣᠩᠨᠠᠭ᠎ᠠ 1380 ᠣᠨ ᠤ ᠶᠢᠰᠦᠳᠦᠭᠡᠷ ᠰᠠᠷ᠎ᠠ ᠶᠢᠨ 8
ᠪᠠᠶᠢᠷᠢᠯᠠᠯ ᠺᠦᠶᠢᠯᠢᠺᠣᠸ ᠤᠨ ᠲᠠᠯ᠎ᠠᠳᠣᠩ ᠮᠥᠷᠡᠨ
ᠦᠷ᠎ᠡ ᠳᠠᠭᠠᠪᠤᠷᠢ ᠮᠣᠰᠺᠸᠠ ᠶᠢᠨ ᠸᠠᠩᠯᠢᠭ ᠤᠨ ᠢᠯᠠᠯᠲᠠ᠂[1]
ᠪᠠᠶᠢᠯᠳᠤᠭᠴᠢ ᠲᠠᠯ᠎ᠠ ᠨᠤᠭᠤᠳ
ᠣᠷᠣᠰ ᠍ ᠤᠨ ᠬᠠᠨᠯᠢᠭ ᠤᠳ:

ᠮᠣᠰᠺᠸᠠ ᠶᠢᠨ ᠸᠠᠩᠲᠤ ᠤᠯᠤᠰ
ᠲᠤᠧᠷ ᠤᠨ ᠬᠠᠨᠯᠢᠭ
ᠰᠤᠵᠠᠳᠠᠯ-ᠨᠣᠪᠣᠭᠣᠷᠣᠳ᠋ ᠍ ᠤᠨ ᠬᠠᠨᠯᠢᠭ
ᠰᠮᠠᠯᠧᠨᠰᠺ ᠤᠨ ᠬᠠᠨᠯᠢᠭ
ᠷᠣᠰᠣᠲᠤᠪ
ᠢᠷᠣᠰᠯᠪᠠ ᠶᠢᠨ ᠬᠠᠨᠯᠢᠭl
ᠮᠤᠷᠣᠮ ᠤᠨ ᠬᠠᠨᠯᠢᠭ
Iziaslav of Polock Seal avers.png ᠫᠣᠯᠣᠴᠺ ᠤᠨ ᠬᠠᠨᠯᠢᠭ
ᠪᠧᠯᠣᠽᠢᠷ ᠦᠨ ᠬᠠᠨᠯᠢᠭ

Golden Horde flag 1339.svg ᠮᠣᠩᠭᠣᠯ ᠤᠨ ᠡᠵᠡᠨᠲᠦ ᠭᠦᠷᠦᠨ
Flag of Genoa.svg ᠭᠧᠨᠤᠶᠠᠭᠡᠶᠢᠨ ᠶᠠᠪᠠᠭᠠᠨ ᠴᠡᠷᠢᠭ
ᠤᠳᠤᠷᠢᠳᠤᠭᠴᠢᠳ
ᠳᠣᠨᠣ ᠶᠢᠨ ᠳᠮᠢᠲ᠋ᠷᠢ Golden Horde flag 1339.svg ᠮᠠᠮᠤᠢ
ᠴᠡᠷᠢᠭ ᠦᠨ ᠬᠦᠴᠦ
50,000-60,000 [2]
ᠣᠶᠢᠷᠠᠯᠴᠠᠭ᠎ᠠ ᠪᠠᠷ 30,000[3]
100,000[4] – 150,000[5]
ᠣᠶᠢᠷᠠᠯᠴᠠᠭ᠎ᠠ ᠪᠠᠷ 30,000[3]
ᠬᠣᠬᠢᠷᠠᠯ
20,000 ᠣᠷᠴᠢᠮ ᠶᠡᠬᠡᠬᠡᠨ ᠬᠣᠬᠢᠷᠠᠯ ᠠᠮᠰᠠᠭᠰᠠᠨ

ᠺᠦᠶᠢᠯᠢᠺᠣᠸ ᠤᠨ ᠲᠤᠯᠤᠯᠳᠤᠭᠠᠨ (1380 ᠣᠨ ᠤ 9 ᠰᠧᠺᠦᠶᠢᠨᠳ᠋ᠷ ᠤᠨ 8) ᠨᠢ ᠳᠣᠩ ᠮᠥᠷᠡᠨᠨᠧᠫᠣᠷ ᠲᠤᠸᠠ ᠭᠣᠣᠯ ᠬᠣᠶᠠᠷ ᠤᠨ ᠪᠡᠯᠴᠢᠷ ᠣᠷᠴᠢᠮ ᠺᠦᠶᠢᠯᠢᠺᠣᠸ ᠤᠨ ᠲᠠᠯ᠎ᠠ(ᠪ᠃ᠷᠢᠨᠴᠢᠨᠭᠡᠶᠢᠨ ᠣᠷᠴᠢᠭᠤᠯᠭ᠎ᠠ ᠪᠠᠷ "ᠲᠤᠲᠤᠭᠠᠯᠵᠢᠨ" ᠰᠢᠪᠠᠭᠤᠨ ᠤ ᠲᠠᠯ᠎ᠠ) ᠭᠡᠳᠡᠭ ᠠᠭᠤᠳᠠᠮ ᠭᠠᠵᠠᠷ ᠠᠯᠲᠠᠨ ᠣᠷᠳᠣ ᠍ ᠤᠨ ᠡᠵᠡᠨ ᠮᠠᠮᠤᠢᠮᠣᠰᠺᠸᠠ ᠶᠢᠨ ᠸᠠᠩᠲᠤ ᠤᠯᠤᠰ ᠍ ᠤᠨ ᠳᠣᠨᠣ ᠶᠢᠨ ᠳᠮᠢᠲ᠋ᠷᠢ ᠨᠠᠷ ᠤᠨ ᠬᠣᠭᠣᠷᠣᠨᠳᠣ ᠪᠣᠯᠵᠠᠢ᠃ ᠡᠨᠡ ᠲᠤᠯᠤᠯᠳᠤᠭᠠᠨ ᠪᠣᠯᠤᠭᠰᠠᠨ ᠲᠡᠦᠬᠡᠨ ᠨᠥᠬᠥᠴᠡᠯ ᠨᠢ ᠠᠯᠲᠠᠨ ᠣᠷᠳᠣᠨ ᠤ ᠬᠠᠭᠠᠨ ᠰᠢᠷᠡᠭᠡ ᠶᠢ ᠡᠵᠡᠯᠡᠨ ᠪᠠᠶᠢᠭᠰᠠᠨ ᠮᠠᠮᠤᠢ ᠨᠢ ᠥᠪᠡᠷ ᠦᠨ ᠥᠷᠢᠰᠦᠯᠳᠦᠭᠴᠢ ᠲᠣᠭᠲᠠ ᠤᠰ ᠬᠠᠭᠠᠨ ᠤ ᠡᠰᠡᠷᠬᠦ ᠯᠢᠲ᠋ᠣᠸ ᠤᠨ ᠸᠠᠩᠭ᠎ᠠ ᠨᠤᠭᠤᠳ ᠲᠠᠢ ᠬᠣᠯᠪᠣᠭ᠎ᠠ ᠲᠣᠭᠲᠠᠭᠠᠴᠠᠢ᠃ ᠮᠠᠮᠤᠢ ᠨᠢ ᠲᠣᠭᠲᠠ ᠤᠰ ᠬᠠᠭᠠᠨ ᠤ ᠬᠣᠯᠪᠣᠭᠠᠲᠠᠨ ᠪᠣᠯᠬᠤ ᠮᠣᠰᠺᠸᠠ ᠶᠢᠨ ᠸᠠᠩ ᠳᠮᠢᠲ᠋ᠷ ᠢ ᠴᠤᠬᠢᠬᠤ ᠵᠣᠷᠢᠯᠭ᠎ᠠ ᠪᠠᠷ ᠮᠣᠰᠺᠸᠠ ᠷᠤ ᠬᠥᠳᠡᠯᠦᠭᠰᠡᠨ ᠪᠥᠭᠡᠳᠡᠨᠡ ᠳᠠᠶᠢᠨ ᠳᠤ ᠯᠢᠲ᠋ᠣᠸ ᠤᠨ ᠸᠠᠩ ᠲᠠᠢ ᠬᠠᠮᠲᠤᠷᠠᠨ ᠲᠤᠯᠤᠯᠳᠤᠬᠤ ᠪᠣᠳᠣᠯ ᠲᠠᠢ ᠪᠠᠶᠢᠴᠠᠢ᠃ ᠭᠡᠲᠡᠯ᠎ᠡ ᠲᠣᠭᠲᠠ ᠤᠰᠢ ᠶᠢᠨ ᠬᠣᠯᠪᠣᠭᠠᠲᠠᠨ ᠳᠮᠢᠲ᠋ᠷᠢ ᠥᠷᠢᠰᠦᠨ ᠬᠥᠳᠡᠯᠵᠦ ᠮᠠᠮ᠎ᠠ ᠲᠠᠢ ᠲᠤᠯᠤᠯᠳᠤᠭᠰᠠᠨ ᠪᠠᠶᠢᠨ᠎ᠠ᠃

ᠲᠤᠯᠤᠯᠳᠤᠭᠠᠨ ᠲᠤᠶᠢᠯ ᠤᠨ ᠰᠢᠷᠦᠭᠦᠨ ᠪᠣᠯᠵᠤ᠂ ᠬᠣᠶᠠᠷ ᠲᠠᠯ᠎ᠠ ᠠᠴᠠ ᠶᠡᠬᠡ ᠴᠢᠰᠤ ᠤᠷᠤᠰᠴᠤ᠂ ᠮᠠᠰᠢ ᠣᠯᠠᠨ ᠬᠦᠮᠦᠨ ᠦ ᠠᠮᠢ ᠦᠷᠡᠭᠳᠡᠭᠰᠡᠨ ᠪᠠᠶᠢᠨ᠎ᠠ᠃ ᠠᠯᠢ ᠠᠯᠢ ᠲᠠᠯ᠎ᠠ ᠨᠢ ᠶᠡᠬᠡ ᠬᠣᠬᠢᠷᠠᠯ ᠦᠵᠡᠵᠦ᠂ ᠲᠤᠯᠤᠯᠳᠤᠭᠠᠨ ᠤ ᠲᠠᠯᠠᠪᠤᠷ ᠠᠴᠠ ᠬᠣᠶᠠᠭᠤᠯᠠ ᠪᠠᠨ ᠤᠬᠤᠷᠢᠨ ᠵᠠᠶᠢᠯᠠᠵᠠᠭᠠᠭᠰᠠᠨ ᠭᠡᠳᠡᠭ᠃ ᠳᠮᠢᠲ᠋ᠷᠢ ᠸᠠᠩ ᠳᠣᠩ ᠮᠥᠷᠡᠨ ᠦ ᠳᠡᠷᠭᠡᠳᠡ ᠠᠯᠲᠠᠨ ᠣᠷᠳᠣ ᠍ ᠤᠨ ᠴᠡᠷᠢᠭ ᠲᠡᠢ ᠡᠷᠡᠯᠬᠡᠭ ᠵᠣᠷᠢᠭᠲᠠᠢ ᠪᠠᠶᠢᠯᠳᠤᠭᠰᠠᠨ ᠤᠴᠢᠷ ᠳᠣᠨᠣ ᠶᠢᠨ ᠳᠮᠢᠲ᠋ᠷᠢ ᠭᠡᠵᠦ ᠠᠯᠳᠠᠷᠰᠢᠵᠠᠢ᠃

ᠡᠨᠡᠬᠦ ᠲᠤᠯᠤᠯᠳᠤᠭᠠᠨ ᠠᠯᠲᠠᠨ ᠣᠷᠳᠣ ᠍ ᠤᠨ ᠵᠠᠬᠢᠷᠭᠠᠨ ᠠᠴᠠ ᠣᠷᠣᠰ ᠣᠷᠣᠨ ᠢ ᠴᠢᠯᠦᠭᠡᠯᠡᠵᠦ ᠴᠢᠳᠠᠭ᠎ᠠ ᠦᠭᠡᠢ ᠶᠤᠮ᠃ ᠭᠡᠬᠦ ᠳᠦ ᠪᠡᠨ ᠲᠡᠦᠬᠡᠨ ᠳᠦ ᠠᠯᠳᠠᠷᠰᠢᠭᠰᠠᠨ ᠡᠨᠡ ᠲᠤᠯᠤᠯᠳᠤᠭᠠᠨ ᠮᠣᠩᠭᠣᠯ ᠤᠨ ᠨᠣᠶᠠᠷᠬᠠᠯ ᠠᠴᠠ ᠡᠬᠡ ᠣᠷᠣᠨ ᠢᠶᠠᠨ ᠴᠢᠯᠦᠭᠡᠯᠡᠵᠦ᠂ ᠣᠷᠣᠰ ᠤᠨ ᠸᠠᠩ ᠳᠤ ᠤᠯᠤᠰ ᠤᠳ ᠨᠢᠭᠡᠳᠴᠦ᠂ ᠲᠥᠪᠯᠡᠷᠡᠭᠰᠡᠨ ᠤᠯᠤᠰ ᠪᠠᠶᠢᠭᠤᠯᠬᠤ ᠤᠭᠲᠤᠪᠤᠷᠢ ᠪᠣᠯᠵᠤ ᠥᠭᠴᠡᠢ᠃ ᠮᠠᠮᠤᠢ ᠨᠢ ᠠᠯᠪᠠᠨ ᠶᠣᠰᠣᠨ ᠤ ᠠᠯᠲᠠᠨ ᠣᠷᠳᠣ ᠶᠢᠨ ᠬᠠᠨ ᠤ ᠤᠳᠤᠮ ᠪᠠᠶᠢᠭ᠎ᠠ ᠦᠭᠡᠢ ᠪᠥᠭᠡᠳ ᠴᠢᠩᠭᠢᠰ ᠦᠨ ᠤᠳᠤᠮ ᠤᠨ ᠨᠣᠭᠠᠢ ᠬᠠᠨ ᠤ ᠠᠴᠢ ᠭᠡᠳᠡᠭ ᠢᠶᠡᠷ ᠢᠶᠡᠨ ᠴᠢᠩᠭᠢᠰ ᠦᠨ ᠤᠳᠤᠮ ᠳᠤ ᠲᠣᠭᠠᠴᠠᠭᠳᠠᠳᠠᠭ᠃ ᠲᠡᠷᠡ ᠪᠡᠷ ᠣᠷᠣᠰ ᠤᠨ ᠸᠠᠩᠯᠢᠭ ᠤᠳ ᠢ ᠠᠯᠲᠠᠨ ᠣᠷᠣᠳ ᠲᠤ ᠪᠢᠰᠢ ᠥᠪᠡᠷ ᠲᠦ ᠨᠢ ᠲᠠᠲᠠᠪᠤᠷᠢ ᠲᠥᠯᠦᠵᠦ ᠪᠠᠶᠢᠬᠤ ᠶᠢ ᠱᠠᠭᠠᠷᠳᠠᠵᠤ ᠪᠠᠶᠢᠭᠰᠠᠨ᠃ ᠡᠶᠢᠮᠦ ᠡᠴᠡ ᠴᠤ ᠺᠦᠶᠢᠯᠢᠺᠣᠸ ᠤᠨ ᠲᠠᠯ᠎ᠠ ᠳᠤ ᠳᠣᠨᠣ ᠶᠢᠨ ᠳᠮᠢᠲᠷᠡᠢ ᠲᠡᠢ ᠬᠢᠭᠰᠡᠨ ᠲᠤᠯᠤᠭᠠᠨ ᠳᠤ ᠠᠯᠲᠠᠨ ᠣᠷᠳᠣ ᠶᠢᠨ ᠴᠡᠷᠢᠭ ᠣᠷᠣᠰ ᠤᠨ ᠭᠣᠣᠯᠯᠠᠬᠤ ᠴᠣᠬᠢᠯᠲᠠ ᠶᠢᠨ ᠬᠦᠴᠦ ᠪᠣᠯᠤᠭᠰᠠᠨ ᠪᠠᠶᠢᠳᠠᠭ ᠶᠤᠮ᠃

ᠲᠤᠯᠤᠯᠳᠤᠭᠠᠨ ᠤ ᠡᠮᠦᠨ᠎ᠡ ᠡᠭᠦᠰᠦᠭᠰᠡᠨ ᠨᠥᠬᠥᠴᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠮᠢᠲ᠋ᠷᠢ ᠪᠠ ᠠᠯᠲᠠᠨ ᠣᠷᠳᠣ ᠍ ᠤᠨ ᠣᠯᠵᠠᠯᠠᠭᠳᠠᠭᠰᠠᠨ ᠳᠠᠶᠢᠴᠢᠨ᠃

ᠣᠷᠣᠰ ᠤᠨ ᠸᠠᠩᠯᠢᠭ ᠤᠳ ᠤᠨ ᠡᠵᠡᠨ ᠪᠣᠯᠬᠤ ᠠᠯᠲᠠᠨ ᠣᠷᠳᠣᠨ ᠤ ᠤᠯᠤᠰ ᠨᠢ ᠲᠤᠬᠠᠢ ᠶᠢᠨ ᠦᠶ᠎ᠡ ᠳᠦ ᠬᠥᠬᠡ ᠪᠠ ᠴᠠᠭᠠᠨ ᠭᠡᠰᠡᠨ ᠬᠣᠶᠠᠷ ᠣᠷᠣᠳ ᠲᠤ ᠬᠤᠪᠢᠶᠠᠭᠳᠠᠭᠠᠳ ᠪᠠᠶᠢᠭᠰᠠᠨ ᠪᠠ ᠲᠤᠬᠤᠲᠠ ᠤᠰ ᠨᠢ ᠬᠥᠬᠡ ᠣᠷᠳᠣ ᠶᠢᠨ ᠬᠠᠭᠠᠨ ᠤ ᠰᠠᠭᠤᠳᠠᠯ ᠢ ᠥᠪᠯᠡᠵᠦ ᠠᠪᠰᠠᠨ ᠤ ᠦᠷ᠎ᠡ ᠳ᠋ᠦᠩ ᠳᠦ 1376 ᠣᠨ ᠳᠤ ᠳᠣᠭᠣᠯᠠᠩ ᠲᠡᠮᠦᠷ ᠦᠨ ᠲᠤᠰᠠᠯᠠᠯᠴᠠᠭ᠎ᠠ ᠲᠠᠢ ᠪᠠᠷ ᠴᠠᠭᠠᠨ ᠣᠷᠳᠣ ᠶᠢ ᠥᠪᠡᠷᠲᠡᠭᠡᠨ ᠨᠢᠭᠡᠳᠬᠡᠵᠡᠢ᠃ ᠲᠤᠬᠤᠲᠠ ᠤᠰ ᠨᠢ ᠴᠢᠩᠭᠢᠰ ᠬᠠᠭᠠᠨ ᠤ ᠠᠴᠢ ᠣᠷᠳᠣ ᠬᠠᠨ ᠤ ᠤᠳᠤᠮ ᠶᠤᠮ᠃ ᠲᠤᠬᠤᠲᠠ ᠤᠰ ᠬᠠᠭᠠᠨ ᠰᠢᠷᠡᠭᠡᠨ ᠳᠦ ᠵᠠᠯᠠᠷᠠᠬᠤ ᠶᠢᠨ ᠡᠮᠦᠨᠡᠬᠢ ᠬᠣᠷᠢᠨ ᠵᠢᠯ ᠳᠤ ᠬᠣᠷᠢ ᠭᠠᠷᠤᠢ ᠬᠦᠮᠦᠨ ᠬᠠᠭᠠᠨ ᠰᠢᠷᠡᠭᠡᠨ ᠳᠦ ᠵᠠᠯᠠᠭᠳᠠᠭᠰᠠᠨ ᠪᠣᠯᠪᠠᠴᠤ ᠲᠤᠬᠠᠢ ᠪᠦᠷ ᠣᠷᠳᠣᠨ ᠤ ᠡᠷᠭᠢᠯᠲᠡ ᠪᠡᠷ ᠠᠮᠢ ᠦᠷᠡᠭᠳᠡᠵᠡᠢ᠃ ᠡᠭᠦᠨ ᠦ ᠨᠡᠯᠢᠶᠡᠳ ᠢ ᠨᠢ ᠮᠠᠮᠤᠢ ᠵᠣᠬᠢᠶᠠᠨ ᠪᠠᠶᠢᠭᠤᠯᠤᠭᠰᠠᠨ ᠭᠡᠵᠦ ᠦᠵᠡᠳᠡᠭ ᠪᠠᠶᠢᠨ᠎ᠠ᠃ ᠰᠠᠷᠠᠢ ᠳᠤ ᠲᠥᠷᠥ ᠶᠢᠨ ᠡᠷᠭᠢᠯᠲᠡ ᠭᠠᠷᠬᠤ ᠪᠦᠷ ᠣᠷᠣᠰ ᠤᠨ ᠸᠠᠩᠭ᠎ᠠ ᠨᠤᠭᠤᠳ ᠣᠴᠢᠵᠤ ᠲᠠᠩᠭᠠᠷᠢᠭ ᠡᠷᠭᠦᠵᠦ ᠣᠷᠣᠳ ᠲᠤ ᠦᠨᠡᠨᠴᠢ ᠪᠠᠶᠢᠬᠤ ᠪᠠᠨ ᠠᠨᠳᠠᠭᠠᠶᠢᠯᠠᠵᠤ ᠠᠯᠢᠪᠠ ᠵᠠᠷᠭᠤ ᠮᠠᠷᠭᠤᠭᠠᠨ ᠢᠶᠠᠨ ᠰᠢᠢᠳᠦᠭᠦᠯᠳᠡᠭ ᠪᠠᠶᠢᠴᠠᠢ᠃ XIV ᠳᠦᠭᠡᠷ ᠵᠠᠭᠤᠨ ᠤ ᠵᠢᠷᠭᠠᠭᠠᠳ ᠣᠨ ᠳᠤ ᠣᠷᠣᠰ ᠳᠠᠬᠢ ᠮᠣᠰᠺᠸᠠ ᠶᠢᠨ ᠸᠠᠩᠯᠢᠭ ᠪᠣᠯᠤᠨ ᠠᠯᠲᠠᠨ ᠣᠷᠳᠣᠨ ᠤ ᠤᠯᠤᠰ ᠳᠠᠬᠢ ᠶᠣᠰᠣ ᠪᠤᠰᠤ ᠪᠠᠷ ᠬᠠᠭᠠᠨ ᠰᠢᠷᠡᠭᠡ ᠶᠢ ᠪᠤᠯᠢᠶᠠᠨ ᠠᠪᠤᠭᠰᠠᠨ ᠮᠠᠮᠤᠶᠢᠨ ᠬᠦᠴᠦᠷᠬᠡᠭᠵᠢᠯ ᠳᠤ ᠪᠠᠷᠤᠭ ᠨᠢᠭᠡᠨ ᠴᠠᠭ ᠦᠶ᠎ᠡ ᠳᠦ ᠪᠣᠯᠤᠭᠰᠠᠨ ᠪᠥᠭᠡᠳ ᠠᠯᠲᠠᠨ ᠣᠷᠳᠣᠨ ᠤ ᠤᠯᠤᠰ ᠲᠤ ᠮᠠᠮᠠᠢ ᠬᠦᠴᠦᠷᠬᠡᠭᠵᠢᠨ ᠥᠨᠳᠡᠶᠢᠬᠦ ᠳᠦ ᠣᠷᠣᠰ ᠤᠨ ᠸᠠᠩᠭ᠎ᠠ ᠨᠤᠭᠤᠳ ᠠᠪᠯᠢᠭ᠎ᠠ ᠱᠠᠩ ᠬᠠᠷᠠᠮᠵᠢ ᠥᠭᠴᠦ ᠶᠡᠬᠡᠬᠡᠨ ᠲᠤᠰᠠ ᠪᠣᠯᠵᠠᠢ᠃ ᠲᠡᠳᠡ ᠮᠠᠮᠤᠶᠢᠨ ᠥᠷᠢᠰᠦᠯᠳᠦᠭᠴᠢ ᠲᠠᠭᠠᠢ ᠶᠢ 1365 ᠣᠨ ᠳᠤ᠂ ᠬᠠᠷᠢᠨ 1367 ᠣᠨ ᠳᠤ ᠪᠣᠯᠣᠳ ᠲᠡᠮᠦᠷ ᠢ ᠢᠯᠠᠭᠰᠠᠨ ᠢᠶᠠᠷ ᠲᠡᠭᠦᠨ ᠦ ᠵᠠᠮ ᠢ ᠨᠢ ᠵᠠᠰᠠᠴᠢ ᠥᠭᠭᠦᠭᠰᠡᠨ᠃ 1376 ᠣᠨ ᠳᠤ ᠢᠵᠢᠯ ᠮᠥᠷᠡᠨ ᠦ ᠵᠡᠭᠦᠨ ᠡᠷᠭᠢ ᠡᠴᠡ ᠮᠠᠮᠠᠢ ᠳᠤ ᠬᠦᠴᠦᠨ ᠵᠢᠳᠬᠦᠬᠦ ᠪᠡᠷ ᠢᠷᠡᠭᠰᠡᠨ ᠬᠥᠬᠡ ᠣᠷᠳᠣ ᠶᠢᠨ ᠬᠠᠭᠠᠨ ᠠᠷᠠᠫᠱᠠ ᠨᠢ ᠨᠣᠪᠣᠰᠢᠯ ᠦᠨ ᠸᠠᠩᠯᠢᠭ ᠢ ᠬᠣᠭᠣᠰᠣᠯᠠᠨ ᠴᠥᠯᠮᠥᠭᠡᠳ ᠣᠺᠠ ᠮᠥᠷᠡᠨ ᠢ ᠭᠠᠲᠤᠯᠤᠨ ᠢᠷᠡᠭᠰᠡᠨ ᠮᠣᠰᠺᠸᠠ ᠶᠢᠨ ᠸᠠᠩᠯᠢᠭ ᠤᠨ ᠴᠡᠷᠢᠭ ᠲᠡᠢ ᠲᠤᠯᠭᠠᠷᠠᠬᠤ ᠠᠴᠠ ᠵᠠᠶᠢᠯᠠᠰᠬᠢᠭᠰᠡᠨ ᠦ ᠡᠴᠦᠰ ᠲᠦ 1377 ᠣᠨ ᠳᠤ ᠮᠣᠰᠺᠸᠠ-ᠰᠤᠵᠠᠳᠠᠯ ᠤᠨ ᠸᠠᠩᠯᠢᠭ ᠤᠨ ᠬᠠᠮᠲᠤᠷᠠᠭᠰᠠᠨ ᠴᠡᠷᠢᠭ ᠢ ᠫᠢᠶᠠᠨ᠎ᠠ ᠭᠣᠣᠯ ᠳᠡᠭᠡᠷ᠎ᠡ ᠪᠤᠲᠠ ᠴᠣᠬᠢᠨ ᠨᠢᠵᠧ ᠪᠷᠣ᠋ ᠍ ᠳᠤ ᠪᠣᠯᠤᠨ ᠷᠢᠵᠠᠩ ᠤᠨ ᠸᠠᠩᠯᠢᠭ ᠢ ᠬᠣᠭᠣᠰᠣᠷᠠᠭᠤᠯᠵᠠᠢ᠃ ᠬᠠᠷᠢᠨ ᠳᠠᠷᠠᠭ᠎ᠠ ᠵᠢᠯ ᠨᠢ 1378 ᠣᠨ ᠳᠤ ᠮᠠᠮᠤᠢ ᠮᠣᠰᠺᠸᠠ ᠶᠢᠨ ᠸᠠᠩᠯᠢᠭ ᠤᠨ ᠸᠠᠩ ᠳᠮᠢᠲᠷᠡᠢ ᠲᠡᠢ ᠰᠢᠭᠤᠳ ᠲᠤᠯᠭᠠᠷᠠᠨ ᠡᠷᠡᠭᠴᠢᠨ ᠡᠮᠡᠭᠴᠢᠨ ᠢᠶᠡᠨ ᠦᠵᠡᠬᠦ ᠪᠡᠷ ᠰᠢᠢᠳᠡᠭᠰᠡᠨ ᠠᠪᠴᠤ ᠲᠡᠭᠦᠨ ᠦ ᠨᠣᠶᠠᠨ ᠪᠧᠭᠢᠴᠢ ᠶᠢᠨ ᠴᠡᠷᠢᠭ ᠸᠣᠵᠠ ᠭᠣᠣᠯ ᠳᠡᠭᠡᠷ᠎ᠡ ᠰᠠᠯᠤᠮ ᠢᠯᠠᠭᠳᠠᠵᠠᠢ᠃ ᠮᠠᠮᠤᠢ ᠷᠢᠵᠠᠩ ᠤᠨ ᠸᠠᠩᠯᠢᠭ ᠢ ᠳᠠᠷᠠᠭ᠎ᠠ ᠨᠢ ᠬᠣᠭᠣᠰᠣᠯᠠᠨ ᠴᠥᠯᠮᠥᠭᠰᠡᠨ ᠪᠣᠯᠪᠠᠴᠤ 1378-1380 ᠣᠨ ᠳᠤ ᠢᠵᠢᠯ ᠮᠥᠷᠡᠨ ᠦ ᠳ᠋ᠣᠣ ᠳᠤ ᠤᠷᠤᠰᠬᠠᠯ ᠬᠠᠪ ᠤᠨ ᠭᠠᠵᠠᠷ ᠨᠤᠲᠤᠭ ᠢ ᠲᠤᠬᠤᠲᠠ ᠤᠰᠳ ᠠᠯᠠᠳᠠᠭᠰᠠᠨ ᠪᠠᠶᠢᠨ᠎ᠠ᠃ 1380 ᠣᠨ ᠤ 8 ᠳ᠋ᠤᠭᠠᠷ ᠰᠠᠷ᠎ᠠ ᠶᠢᠨ 15 ᠍ ᠳᠦ ᠺᠣᠯᠣᠮᠨᠣ ᠬᠣᠳᠠ ᠳᠤ ᠲᠤᠬᠤᠲᠠ ᠤᠰ ᠬᠠᠭᠠᠨ ᠤ ᠣᠷᠣᠯᠴᠠᠭ᠎ᠠ ᠲᠠᠢ ᠪᠠᠷ ᠣᠷᠣᠰ ᠤᠨ ᠸᠠᠩᠯᠢᠭ ᠤᠳ ᠤᠨ ᠴᠡᠷᠢᠭ ᠦᠨ ᠴᠤᠭᠯᠠᠷᠠᠯ ᠳᠤ ᠵᠠᠷᠯᠠᠭᠳᠠᠭᠰᠠᠨ ᠪᠠᠶᠢᠴᠠᠢ᠃ ᠵᠡᠭᠦᠨ ᠬᠣᠶᠢᠳᠤ ᠣᠷᠣᠰ ᠤᠨ ᠪᠦᠬᠦ ᠭᠠᠵᠠᠷ ᠨᠤᠲᠤᠭ ᠠᠴᠠ ᠴᠡᠷᠢᠭ ᠠᠩᠭᠢ ᠨᠤᠭᠤᠳ ᠡᠨᠡ ᠭᠠᠵᠠᠷ ᠢ ᠵᠣᠷᠢᠨ ᠴᠤᠪᠤᠵᠤ ᠪᠠᠶᠢᠪᠠ᠃ ᠰᠤᠵᠠᠳᠠᠯ᠂ ᠲᠤᠧᠷ᠂ ᠰᠮᠠᠯᠧᠨᠰᠺ ᠤᠨ ᠶᠡᠬᠡ ᠸᠠᠩᠯᠢᠭ ᠤᠳ ᠤᠨ ᠴᠡᠷᠢᠭ ᠴᠤ ᠢᠷᠡᠵᠡᠢ᠃

ᠲᠤᠯᠤᠯᠳᠤᠭᠠᠨ ᠤ ᠰᠢᠯᠲᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠦᠶᠢᠯᠢᠺᠣᠸ ᠤᠨ ᠲᠠᠯ᠎ᠠ ᠳᠤ ᠪᠣᠰᠬᠠᠭᠰᠠᠨ ᠳᠤᠷᠠᠰᠬᠠᠯ ᠤᠨ ᠲᠡᠮᠳᠡᠭ᠃ ᠵᠣᠬᠢᠶᠠᠭᠴᠢ ᠠᠯᠧᠺᠰᠠᠨᠳᠠᠷ ᠪᠡᠷᠯᠤᠪ 1848 ᠣᠨ
ᠠᠯᠧᠰᠠᠨ᠋ᠳ᠋ᠷ ᠫᠧᠷᠧᠰᠡᠪ ᠲᠦ ᠪᠠ ᠮᠠᠮᠤᠶᠢᠨ ᠳᠠᠶᠢᠴᠢᠨ ᠤ ᠬᠠᠯᠵᠠ ᠲᠤᠯᠤᠭᠠᠨ᠃ ᠵᠢᠷᠤᠭᠠᠴᠢ ᠸᠢᠺᠲ᠋ᠣᠷ ᠸᠠᠰᠨᠧᠼᠣᠸ

ᠣᠷᠣᠰ ᠮᠣᠩᠭᠣᠯ ᠤᠨ ᠵᠡᠪᠰᠡᠭᠲᠦ ᠮᠥᠷᠭᠥᠯᠳᠦᠭᠡᠨ ᠪᠣᠯᠤᠭᠰᠠᠨ ᠰᠢᠯᠲᠠᠭ ᠨᠢ ᠮᠠᠮᠤᠶᠢᠨ ᠵᠦᠭ ᠡᠴᠡ ᠤᠷᠢᠳ ᠨᠢ ᠵᠠᠨᠢᠪᠧᠺ ᠦᠨ ᠦᠶ᠎ᠡ ᠳᠦ ᠲᠥᠯᠦᠵᠦ ᠪᠠᠶᠢᠭᠰᠠᠨ ᠬᠡᠮᠵᠢᠶᠡᠨ ᠳᠦ ᠬᠦᠷᠭᠡᠨ ᠲᠠᠲᠠᠪᠤᠷᠢ ᠪᠠᠨ ᠨᠡᠮᠡᠨ ᠲᠥᠯᠥᠬᠦ ᠶᠢ ᠱᠠᠭᠠᠷᠳᠠᠬᠤ ᠳᠤ ᠨᠢ ᠳᠮᠢᠲ᠋ᠷᠢ ᠣᠷᠳᠣ ᠶᠢᠨ ᠬᠠᠤᠯᠢ ᠶᠣᠰᠣᠨ ᠤ ᠬᠠᠭᠠᠨ ᠲᠣᠭᠲᠠᠮ ᠤᠰ ᠳᠦᠳ ᠲᠠᠲᠠᠪᠤᠷᠢ ᠲᠥᠯᠦᠵᠦ ᠪᠠᠶᠢᠭᠰᠠᠨ ᠲᠤᠯᠠ ᠲᠡᠭᠦᠨ ᠳᠦ ᠲᠠᠲᠠᠭᠠᠯᠵᠠᠭᠰᠠᠨ ᠬᠠᠷᠢᠭᠤ ᠥᠭᠭᠦᠭᠰᠡᠨ ᠶᠠᠪᠤᠳᠠᠯ ᠪᠠᠶᠢᠴᠠᠢ᠃ ᠡᠭᠦᠨ ᠳᠦ ᠣᠷᠳᠣ ᠶᠢᠨ ᠬᠠᠭᠠᠨ ᠰᠢᠷᠡᠭᠡᠨ ᠦ ᠲᠥᠯᠦᠭᠡᠬᠢ ᠲᠡᠮᠡᠴᠡᠯ ᠳᠦ ᠬᠦᠴᠦᠲᠡᠢ ᠡᠰᠡᠷᠭᠦᠴᠡᠯ ᠨᠥᠯᠥᠭᠡ ᠦᠵᠡᠭᠦᠯᠵᠦ ᠪᠤᠢ ᠮᠠᠮᠠᠢ ᠵᠠᠶᠢᠯᠠᠭᠤᠯᠬᠤ ᠭᠡᠰᠡᠨ ᠲᠤᠬᠤᠲᠠ ᠤᠰ ᠬᠠᠭᠠᠨ ᠤ ᠨᠥᠯᠥᠭᠡ ᠮᠠᠰᠢ ᠶᠡᠬᠡ ᠪᠠᠶᠢᠭᠰᠠᠨ᠃ ᠣᠷᠣᠰ ᠤᠳ ᠤᠨ ᠣᠷᠣᠳ ᠲᠤ ᠲᠥᠯᠦᠵᠦ ᠪᠠᠶᠢᠭᠰᠠᠨ ᠠᠯᠪᠠᠨ ᠲᠠᠲᠠᠪᠤᠷᠢ ᠶᠢᠨ ᠨᠢᠭᠡ ᠬᠡᠯᠪᠡᠷᠢ ᠨᠢ ᠴᠡᠷᠢᠭ ᠦᠨ ᠠᠯᠪᠠ ᠪᠠᠶᠢᠭᠰᠠᠨ ᠪᠠ ᠲᠡᠷᠡ ᠯᠠ ᠡᠭᠦᠷᠭᠡ ᠪᠡᠨ ᠪᠡᠶᠡᠯᠡᠭᠦᠯᠬᠦ ᠭᠡᠵᠦ ᠣᠷᠣᠰ ᠤᠳ ᠬᠤᠷᠠᠯᠳᠤᠭᠰᠠᠨ ᠶᠤᠮ᠃ ᠨᠥᠭᠥᠭᠡ ᠲᠠᠯ᠎ᠠ ᠠᠴᠠ ᠮᠠᠮᠤᠢ ᠴᠣᠷ ᠭᠠᠭᠴᠠ ᠡᠵᠡᠨ ᠬᠠᠭᠠᠨ ᠪᠠᠶᠢᠬᠤ ᠶᠢ ᠶᠡᠬᠡᠳᠡ ᠬᠦᠰᠡᠵᠦ ᠪᠠᠶᠢᠭᠰᠠᠨ ᠤᠴᠢᠷ ᠲᠡᠭᠦᠨ ᠦ ᠵᠠᠮ ᠳᠤ ᠰᠠᠭᠠᠳ ᠪᠣᠯᠵᠤ ᠪᠠᠶᠢᠭᠰᠠᠨ ᠭᠠᠭᠴᠠ ᠬᠦᠮᠦᠨ ᠨᠢ ᠲᠤᠬᠤᠲᠠ ᠤᠰ ᠪᠠᠶᠢᠭᠰᠠᠨ ᠪᠠ ᠲᠡᠭᠦᠨ ᠢ ᠠᠯᠲᠠᠨ ᠤᠷᠤᠭ ᠲᠤ ᠦᠯᠦ ᠲᠣᠭᠠᠴᠠᠨ ᠭᠠᠳᠠᠭᠤᠷᠬᠠᠵᠤ ᠳᠣᠷᠣᠮᠵᠢᠯᠠᠵᠤ ᠪᠠᠶᠢᠭᠰᠠᠨ ᠤ ᠬᠠᠷᠢᠭᠤᠭ ᠬᠠᠲᠠᠭᠤᠬᠠᠨ ᠥᠭᠬᠦ ᠪᠣᠳᠣᠯ ᠲᠠᠢ ᠪᠠᠶᠢᠭᠰᠠᠨ᠃ ᠲᠡᠷᠡ ᠪᠡᠷ ᠣᠷᠣᠰ ᠤᠳ ᠤᠨ ᠬᠦᠴᠦ ᠶᠢ ᠠᠰᠢᠭᠯᠠᠵᠤ ᠡᠨᠡ ᠦᠢᠯᠡ ᠠᠵᠢᠯᠯᠠᠭ᠎ᠠ ᠶᠢ ᠪᠠᠨᠶᠠᠪᠤᠭᠤᠯᠬᠤ ᠪᠣᠳᠣᠯ ᠲᠠᠢ ᠪᠠᠶᠢᠴᠠᠢ᠃ ᠮᠠᠮᠤᠢ ᠨᠢ ᠯᠢᠲ᠋ᠣᠸ ᠤᠨ ᠶᠡᠬᠡ ᠸᠠᠩ ᠶᠠᠭᠠᠶᠢᠯ᠎ᠠ ᠲᠠᠢ ᠬᠦᠴᠦ ᠪᠡᠨ ᠨᠡᠶᠢᠯᠡᠭᠦᠯᠦᠨ ᠮᠣᠰᠺᠸᠠ ᠲᠠᠢ ᠲᠡᠮᠡᠴᠡᠬᠦ ᠶᠢᠨ ᠲᠤᠯᠠᠳᠠ ᠶᠠᠭᠠᠶᠢᠯ᠎ᠠ ᠲᠠᠢ ᠣᠺᠠ ᠭᠣᠣᠯ ᠤᠨ ᠵᠡᠭᠦᠨ ᠡᠷᠭᠢ ᠳᠦ 9 ᠳᠦᠭᠡᠷ ᠰᠠᠷ᠎ᠠ ᠶᠢᠨ 14 ᠍ ᠳᠦ ᠨᠡᠶᠢᠯᠡᠬᠦ ᠪᠡᠷ ᠲᠣᠭᠠᠴᠠᠭᠠᠯᠠᠭᠰᠠᠨ ᠪᠠᠶᠢᠨ᠎ᠠ᠃ ᠡᠨᠡ ᠨᠢ ᠳᠮᠢᠲ᠋ᠷᠢ ᠡᠮᠦᠨ᠎ᠡ ᠨᠢ 1373 ᠪᠣᠯᠤᠨ 1379 ᠣᠨ ᠨᠤᠭᠤᠳ ᠲᠤ ᠣᠺᠠ ᠭᠣᠣᠯ ᠤᠨ ᠬᠣᠶᠢᠳᠤ ᠡᠷᠭᠢ ᠳᠦ ᠬᠠᠮᠠᠭᠠᠯᠠᠯᠲᠠ ᠶᠢᠨ ᠪᠠᠶᠢᠷᠢ ᠡᠵᠡᠯᠡᠨ ᠲᠤᠰ ᠭᠣᠣᠯ ᠢ ᠭᠠᠲᠤᠯᠬᠤ ᠠᠴᠠ ᠪᠠᠨ ᠪᠣᠯᠭᠣᠮᠵᠢᠯᠠᠨ᠎ᠠ ᠬᠡᠮᠡᠨ ᠦᠵᠡᠭᠰᠡᠨ ᠲᠡᠢ ᠬᠣᠯᠪᠣᠭ᠎ᠠ ᠲᠠᠢ ᠠᠵᠢ᠃ ᠮᠠᠮᠤᠢ ᠲᠤᠬᠤᠲᠠ ᠤᠰᠢ ᠶᠢᠨ ᠡᠰᠡᠷᠬᠦ ᠲᠡᠮᠡᠴᠡᠬᠦ ᠶᠢᠨ ᠲᠤᠯᠠᠳᠠ ᠢᠲ᠋ᠠᠯᠢ ᠶᠢᠨ ᠭᠧᠨᠣᠭᠡ ᠶᠢᠨ ᠬᠤᠳᠠᠯᠳᠤᠭᠠᠴᠢᠳ ᠤᠨ ᠳᠡᠮᠵᠢᠯᠭᠡ ᠶᠢ ᠠᠪᠴᠤ ᠲᠡᠳᠡ ᠬᠠᠷᠢᠭᠤ ᠳᠤ ᠨᠢ ᠣᠷᠣᠰ ᠲᠤ ᠴᠢᠯᠦᠭᠡᠲᠡᠢ ᠬᠤᠳᠠᠯᠳᠤᠭ᠎ᠠ ᠬᠢᠬᠦ ᠡᠷᠬᠡ᠂ ᠮᠥᠨ ᠺᠷ ᠤᠮ ᠣᠷᠴᠢᠮ ᠤᠨ ᠭᠠᠵᠠᠷ ᠨᠤᠲᠤᠭ ᠢ ᠨᠡᠬᠡᠵᠡᠢ᠃ ᠡᠭᠦᠨ ᠢ ᠪᠡᠶᠡᠯᠡᠭᠦᠯᠬᠦ ᠶᠢᠨ ᠲᠤᠯᠠᠳᠠ ᠮᠣᠰᠺᠸᠠ ᠶᠢᠨ ᠳᠮᠢᠲ᠋ᠷᠢ ᠸᠠᠩ ᠳᠤ ᠣᠷᠣᠰ ᠤᠨ ᠶᠡᠬᠡ ᠸᠠᠩ ᠤᠨ ᠰᠠᠭᠤᠳᠠᠯ ᠢ ᠠᠮᠠᠯᠠᠵᠤ ᠬᠠᠮᠲᠤᠷᠠᠨ ᠲᠡᠮᠡᠴᠡᠬᠦ ᠰᠠᠨᠠᠯ ᠲᠠᠯᠪᠢᠵᠠᠢ᠃ ᠴᠠᠭ ᠲᠤ ᠪᠠᠨ ᠳᠮᠢᠲ᠋ᠷᠢ ᠸᠠᠩ ᠮᠠᠮᠤᠢ ᠬᠣᠶᠠᠷ ᠬᠠᠮᠲᠤᠷᠠᠨ ᠷᠢᠵᠠᠩ ᠤᠨ ᠸᠠᠩ ᠣᠯᠧ ᠶᠢᠨ ᠡᠰᠡᠷᠬᠦ ᠪᠠᠶᠢᠯᠳᠤᠵᠤ ᠶᠠᠪᠤᠭᠰᠠᠨ ᠠᠵᠡᠢ᠃ ᠭᠡᠪᠡᠴᠦ ᠳᠮᠢᠲ᠋ᠷᠢ ᠸᠠᠩ ᠣᠷᠳᠣ ᠠᠴᠠ ᠢᠷᠡᠬᠦ ᠬᠣᠵᠢᠮ ᠤᠨ ᠠᠶᠤᠯ ᠠᠴᠠ ᠪᠣᠯᠭᠣᠮᠵᠢᠯᠠᠨ ᠮᠠᠮᠠᠢ ᠳᠡᠮᠵᠢᠬᠦ ᠡᠴᠡ ᠲᠠᠲᠠᠭᠠᠯᠵᠠᠵᠤ᠂ ᠠᠯᠲᠠᠨ ᠣᠷᠳᠣ ᠶᠢᠨ ᠬᠠᠤᠯᠢ ᠶᠣᠰᠣᠨ ᠤ ᠡᠵᠡᠨ ᠬᠠᠭᠠᠨ ᠲᠤᠬᠤᠲᠠ ᠤᠰᠲ ᠦᠨᠡᠨᠴᠢ ᠪᠡᠨ ᠨᠣᠲᠠᠯᠠᠵᠤ ᠡᠨᠡ ᠰᠠᠨᠠᠯ ᠠᠴᠠ ᠨᠢ ᠲᠠᠲᠠᠭᠠᠯᠵᠠᠵᠠᠢ᠃ ᠮᠠᠮᠤᠶᠢᠨ ᠡᠨᠡ ᠰᠠᠨᠠᠯ ᠢ ᠲᠤᠬᠤᠲᠠ ᠤᠰ ᠬᠠᠭᠠᠨ ᠳᠤ ᠳᠠᠭᠤᠯᠭᠠᠭᠰᠠᠨ ᠪᠥᠭᠡᠳ ᠬᠠᠷᠢᠨ ᠴᠤ ᠡᠰᠡᠷᠭᠡ ᠪᠡᠷ ᠨᠢ ᠮᠠᠮᠠᠢ ᠢᠯᠠᠭᠰᠠᠨ ᠢ ᠲᠣᠬᠢᠶᠠᠯᠳᠤᠯ ᠳᠤ ᠡᠷᠭᠢᠭᠦᠯᠦᠭᠡᠳ ᠳᠮᠢᠲ᠋ᠷ ᠢ ᠣᠷᠣᠰ ᠤᠨ ᠶᠡᠬᠡ ᠸᠠᠩ ᠪᠣᠯᠭᠠᠵᠤ ᠪᠣᠯᠬᠤ ᠶᠤᠮ ᠭᠡᠰᠡᠨ ᠲᠣᠬᠢᠷᠠᠯᠴᠠᠭ᠎ᠠ ᠬᠢᠭᠰᠡᠨ᠃ ᠳᠮᠢᠲ᠋ᠷᠤᠢ ᠳᠤ ᠬᠣᠶᠠᠷ ᠯᠠ ᠭᠠᠷᠴᠠ ᠪᠠᠶᠢᠯ᠎ᠠ᠃ ᠨᠢᠭᠡᠳᠦᠭᠡᠷ ᠲᠦ ᠮᠠᠮᠠᠢ ᠲᠠᠢ ᠡᠷᠡᠭᠴᠢᠨ ᠡᠮᠡᠭᠴᠢᠨ ᠢᠶᠡᠨ ᠦᠵᠡᠵᠦ ᠢᠯᠠᠨ ᠪᠦᠬᠦ ᠣᠷᠣᠰ ᠤᠨ ᠸᠠᠩ ᠪᠣᠯᠬᠤ᠂ ᠬᠣᠶᠠᠳᠤᠭᠠᠷ ᠲᠤ ᠢᠯᠠᠭᠳᠠᠭᠰᠠᠨ ᠲᠣᠬᠢᠶᠠᠯᠳᠤᠯ ᠳᠤ ᠲᠣᠯᠣᠭᠠᠢ ᠶᠢ ᠪᠠᠨ ᠱᠣᠩ ᠳᠤ ᠡᠯᠭᠦᠭᠦᠯᠬᠦ᠃ ᠲᠡᠶᠢᠮᠦ ᠡᠴᠡ ᠲᠡᠷᠡ ᠪᠡᠷ ᠳᠠᠶᠢᠲᠤᠬᠤ ᠠᠴᠠ ᠴᠤ ᠥᠭᠡᠷ᠎ᠡ ᠠᠷᠭ᠎ᠠ ᠦᠭᠡᠢ ᠪᠣᠯᠤᠭᠰᠠᠨ ᠶᠤᠮ᠃ ᠣᠷᠣᠰ ᠤᠳ ᠮᠠᠮᠠᠢ ᠲᠠᠢ ᠬᠡᠷᠬᠢᠨ ᠬᠠᠷᠢᠴᠠᠬᠤ ᠲᠠᠯ᠎ᠠ ᠪᠠᠷ ᠦᠨᠡᠨ ᠳᠦ ᠪᠡᠨ ᠨᠢᠭᠡᠳᠦᠭᠰᠡᠨ ᠦᠵᠡᠯ ᠪᠣᠳᠣᠯ ᠪᠠᠶᠢᠭᠰᠠᠨ ᠦᠭᠡᠢ᠂ ᠬᠠᠷᠢᠨ ᠮᠠᠮᠤᠢ ᠦᠨᠡᠨ ᠠᠯᠳᠠᠷᠲᠠᠨ ᠤ ᠱᠠᠰᠢᠨᠲᠠᠨ ᠤ ᠳᠠᠶᠢᠰᠤᠨ ᠪᠣᠯᠬᠤ ᠺᠠᠲ᠋ᠣᠯᠢᠭ ᠤᠳ ᠲᠠᠢ ᠬᠠᠮᠲᠤᠷᠠᠨ ᠠᠵᠢᠯᠯᠠᠳᠠᠭ ᠲᠤᠯᠠ ᠦᠨᠡᠨ ᠠᠯᠳᠠᠷᠲᠠᠨ ᠤ ᠱᠠᠰᠢᠨ ᠳᠤ ᠣᠷᠣᠰ ᠤᠳ ᠲᠡᠭᠦᠨ ᠳᠦ ᠳᠤᠷ᠎ᠠ ᠦᠭᠡᠢ ᠪᠠᠶᠢᠴᠠᠢ᠃ ᠢᠩᠭᠢᠭᠡᠳ ᠮᠥᠷᠭᠥᠯᠳᠦᠭᠡᠨ ᠭᠠᠷᠬᠤ ᠨᠢ ᠭᠠᠷᠴᠠᠭ᠎ᠠ ᠦᠭᠡᠢ ᠪᠣᠯᠪᠠ᠃ ᠣᠷᠣᠰ ᠤᠳ ᠤᠨ ᠡᠷᠬᠡ ᠴᠢᠯᠦᠭᠡᠨ ᠦ ᠪᠢᠯᠢᠭ ᠳᠡᠮᠳᠡᠭ ᠪᠣᠯᠤᠭᠰᠠᠨ ᠡᠨᠡ ᠲᠤᠯᠤᠯᠳᠤᠭᠠᠨ ᠨᠢ ᠲᠡᠷᠡ ᠦᠶ᠎ᠡ ᠶᠢᠨ ᠬᠠᠭᠠᠨ ᠰᠢᠷᠡᠭᠡᠨ ᠦ ᠲᠥᠯᠦᠭᠡᠬᠢ ᠮᠥᠷᠭᠥᠯᠳᠦᠭᠡᠨ ᠦ ᠨᠢᠭᠡᠨ ᠠᠳᠠᠯᠢ ᠪᠠᠶᠢᠭᠰᠠᠨ ᠪᠥᠭᠡᠳ "ᠳᠣᠨ ᠤ" ᠳᠮᠢᠲ᠋ᠷᠤᠢ ᠳᠤ ᠮᠠᠮᠠᠢ ᠴᠤᠬᠢᠬᠤ ᠡᠭᠦᠷᠭᠡ ᠶᠢ ᠲᠤᠬᠤᠲᠠ ᠤᠰ ᠬᠠᠭᠠᠨ ᠥᠭᠭᠦᠭᠰᠡᠨ ᠶᠤᠮ᠃ ᠲᠡᠭᠦᠨ ᠡᠴᠡ ᠪᠤᠰᠤ ᠣᠷᠣᠰ ᠤᠳ ᠥᠪᠡᠷᠰᠡᠳ ᠢᠶᠡᠨ ᠰᠠᠨᠠᠭᠠᠴᠢᠯᠠᠨ ᠪᠣᠰᠤᠭᠰᠠᠨ ᠵᠦᠢᠯ ᠴᠤ ᠪᠠᠶᠢᠬᠤ ᠦᠭᠡᠢ ᠲᠡᠭᠡᠭᠡᠳ ᠡᠶᠢᠮᠦ ᠶᠡᠬᠡ ᠬᠦᠴᠦ ᠭᠠᠷᠭᠠᠬᠤ ᠲᠡᠩᠬᠡᠯ ᠣᠷᠣᠳ ᠲᠤ ᠪᠠᠶᠢᠭᠰᠠᠨ ᠤᠤ ᠭᠡᠬᠦ ᠡᠴᠡ ᠣᠷᠣᠰ ᠤᠳ ᠲᠤ ᠪᠠᠶᠢᠭ᠎ᠠ ᠦᠭᠡᠢ ᠶᠤᠮ᠃ ᠣᠷᠳᠣ ᠶᠢᠨ ᠠᠯᠪᠠᠲᠤ ᠣᠷᠣᠰ ᠤᠳ ᠥᠪᠡᠷᠰᠡᠳ ᠦᠨ ᠬᠠᠤᠯᠢ ᠶᠣᠰᠣᠨ ᠤ ᠡᠵᠡᠨ ᠬᠠᠭᠠᠨ ᠤ ᠪᠠᠨ ᠲᠥᠯᠥᠭᠡ ᠪᠤᠶᠤ ᠴᠢᠩᠭᠢᠰ ᠦᠨ ᠤᠳᠤᠮ ᠤᠨ ᠬᠠᠭᠠᠨ ᠰᠢᠷᠡᠭᠡ ᠵᠠᠯᠭᠠᠮᠵᠢᠯᠠᠭᠴᠢ ᠲᠤᠬᠤᠲᠠ ᠤᠰᠢ ᠶᠢᠨ ᠯᠠ ᠲᠥᠯᠥᠭᠡ ᠲᠤᠯᠤᠯᠳᠤᠭᠰᠠᠨ ᠪᠢᠯᠡ᠃ ᠣᠷᠳᠣ ᠶᠢᠨ ᠠᠯᠪᠠᠨ ᠲᠠᠲᠠᠪᠤᠷᠢ ᠶᠢᠨ ᠨᠢᠭᠡ ᠨᠢ ᠴᠡᠷᠢᠭ ᠦᠨ ᠪᠡᠶ᠎ᠡ ᠪᠡᠨ ᠢᠶᠡᠷ ᠬᠠᠭᠠᠬᠤ ᠠᠯᠪᠠ ᠪᠠᠶᠢᠭᠰᠠᠨ ᠭᠡᠵᠦ ᠳᠡᠭᠡᠷ᠎ᠡ ᠳᠤᠷᠢᠳᠠᠭᠰᠠᠨ ᠲᠡᠷᠡ ᠯᠠ ᠡᠭᠦᠷᠭᠡ ᠪᠡᠨ ᠪᠡᠶᠡᠯᠡᠭᠦᠯᠵᠡᠢ᠃ ᠮᠠᠮᠤᠶᠢᠨ ᠬᠣᠯᠪᠣᠭᠠᠲᠠᠨ ᠶᠠᠭᠠᠶᠢᠯᠠ ᠴᠤ 1380 ᠣᠨ ᠤ 12 ᠍ ᠳᠦᠭᠡᠷ ᠰᠠᠷ᠎ᠠ ᠶᠢᠨ 8 ᠍ ᠳᠦ ᠪᠣᠯᠤᠭᠰᠠᠨ ᠲᠤᠯᠤᠯᠳᠤᠭᠠᠨ ᠤ ᠲᠠᠯᠠᠪᠤᠷ ᠯᠤᠤ ᠬᠤᠴᠤᠷᠠᠵᠤ ᠪᠠᠶᠢᠯ᠎ᠠ᠃ ᠲᠡᠷᠡ ᠪᠡᠷ ᠬᠦᠴᠦᠨ ᠦ ᠬᠠᠷᠢᠴᠠᠭ᠎ᠠ ᠬᠠᠮᠢᠭᠠᠰᠢ ᠪᠠᠨ ᠡᠷᠭᠢᠵᠦ ᠬᠡᠨ ᠨᠢ ᠣᠷᠳᠣ ᠶᠢᠨ ᠬᠠᠭᠠᠨ ᠬᠡᠪ ᠢᠶᠡᠷ ᠦᠯᠡᠳᠡᠬᠦ ᠶᠢ ᠠᠵᠢᠭᠯᠠᠵᠣ ᠪᠠᠶᠢᠯ᠎ᠠ᠃

ᠲᠤᠯᠤᠯᠳᠤᠭᠠᠨ ᠤ ᠲᠠᠯᠠᠪᠠᠢ ᠪᠠ ᠲᠠᠯ ᠤᠳ ᠤᠨ ᠴᠡᠷᠢᠭ ᠦᠨ ᠲᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠮᠢᠲ᠋ᠷᠢ ᠲᠤᠯᠤᠭᠠᠨ ᠤ ᠲᠠᠯᠠᠪᠤᠷ ᠲᠤ᠃
ᠹᠠᠢᠢᠯ:ᠳᠮᠢᠲ᠋ᠷᠢ ᠳᠣᠩᠰᠺᠣᠢ ᠨᠠ ᠺᠦᠶᠢᠯᠢᠺᠣᠸᠣᠮ ᠫᠣᠯᠧ᠃jpg
ᠳᠮᠢᠲ᠋ᠷᠢ ᠺᠦᠶᠢᠯᠢᠺᠣᠸ ᠤᠨ ᠲᠠᠯᠠᠪᠠᠢ ᠳᠤ᠃ ᠵᠢᠷᠤᠭᠠᠴᠢ ᠸᠠᠰᠢᠯᠢᠢ ᠰᠠᠽᠣᠨᠣᠪ

ᠲᠤᠯᠤᠯᠳᠤᠭᠠᠨ ᠪᠣᠯᠤᠭᠰᠠᠨ ᠺᠦᠶᠢᠯᠢᠺᠣᠸ ᠤᠨ ᠲᠠᠯ᠎ᠠ ᠨᠢ ᠣᠷᠣᠰ ᠬᠣᠯᠪᠣᠭᠠᠨ ᠤ ᠤᠯᠤᠰ ᠤᠨ ᠲᠤᠯ ᠬᠣᠲᠠ ᠠᠴᠠ ᠵᠡᠭᠦᠨ ᠡᠮᠦᠨ᠎ᠡ 140 ᠺᠢᠯᠣᠮᠧᠲ᠋ᠷ ᠵᠠᠶᠢᠲᠠᠢ ᠳᠣᠩ᠂ ᠨᠧᠫᠣᠷ ᠲᠤᠸᠠ᠂ ᠺᠷᠠᠰᠢᠸᠠᠶ᠎ᠠ ᠮᠧᠴᠠ ᠭᠣᠣᠯ ᠤᠳ ᠤᠨ ᠬᠣᠭᠣᠷᠣᠨᠳᠣ 10 ᠣᠷᠴᠢᠮ ᠠᠮᠠ᠃km ᠲᠠᠯᠠᠪᠠᠢ ᠡᠵᠡᠯᠡᠬᠦ ᠣᠷᠣᠰᠢᠳᠠᠭ᠃ ᠭᠡᠰᠡᠨ ᠬᠡᠳᠦᠢ ᠴᠤ ᠥᠨᠥᠬᠢ ᠬᠡᠷ ᠨᠢ ᠲᠡᠨᠳᠡ ᠲᠣᠮᠣᠬᠠᠨ ᠲᠤᠯᠤᠯᠳᠤᠭᠠᠨ ᠪᠣᠯᠤᠭᠰᠠᠨ ᠰᠢᠨᠵᠢ ᠲᠡᠮᠳᠡᠭ ᠣᠯᠠᠳᠬᠤ ᠦᠭᠡᠢ ᠪᠠᠶᠢᠭ᠎ᠠ ᠶᠤᠮ᠃ ᠨᠡᠶᠢᠲᠡ 200.000 ᠣᠷᠴᠢᠮ ᠣᠷᠣᠰ ᠴᠡᠷᠢᠭ ᠣᠷᠣᠯᠴᠠᠭᠰᠠᠨ ᠬᠡᠮᠡᠨ ᠣᠷᠣᠰ ᠤᠳ ᠦᠵᠡᠳᠡᠭ᠃ ᠮᠠᠶᠢᠮᠠᠢ ᠬᠠᠭᠠᠨ ᠤ ᠲᠠᠯ᠎ᠠ ᠠᠴᠠ ᠮᠥᠨ ᠲᠣᠭᠠᠨ ᠤ ᠴᠡᠷᠢᠭ ᠪᠠᠰᠠ ᠭᠧᠨᠤᠶᠠᠭ ᠤᠨ ᠬᠥᠯᠦᠰᠦᠨ ᠦ 10.000 ᠣᠷᠴᠢᠮ ᠶᠠᠪᠠᠭᠠᠨ ᠴᠡᠷᠢᠭ ᠢ ᠲᠣᠭᠠᠴᠠᠬᠤ ᠶᠤᠮ ᠪᠣᠯ 400.000 ᠣᠷᠴᠢᠮ ᠴᠡᠷᠢᠭ ᠬᠣᠶᠠᠷ ᠲᠠᠯ᠎ᠠ ᠠᠴᠠ ᠣᠷᠣᠯᠴᠠᠵᠠᠢ ᠭᠡᠵᠦ ᠳ᠋ᠦᠩᠨᠡᠵᠦ ᠪᠣᠯᠬᠣᠷ ᠪᠠᠶᠢᠨ᠎ᠠ᠃ ᠲᠣᠮᠣᠬᠠᠨ ᠬᠡᠮᠵᠢᠶᠡᠨ ᠦ ᠪᠤᠯᠠᠰᠢ ᠪᠤᠩᠬᠤᠨ ᠲᠡᠮᠦᠷᠯᠢᠭ ᠦᠨ ᠦᠯᠡᠳᠡᠭᠳᠡᠯ ᠣᠯᠠᠳᠬᠤ ᠦᠭᠡᠢ ᠪᠠᠶᠢᠭ᠎ᠠ ᠨᠢ ᠲᠤᠯᠤᠯᠳᠤᠭᠠᠨ ᠡᠨᠳᠡ ᠪᠣᠯᠤᠭᠰᠠᠨ ᠭᠡᠬᠦ ᠳᠦ ᠡᠷᠡᠭᠡᠯᠵᠡᠭᠡ ᠲᠥᠷᠦᠭᠦᠯᠵᠦ ᠪᠠᠶᠢᠭ᠎ᠠ ᠶᠤᠮ᠃ ᠣᠷᠣᠰ ᠤᠨ ᠣᠨ ᠳᠠᠷᠠᠭᠠᠯᠠᠯ ᠤᠨ ᠭᠠᠷ ᠪᠢᠴᠢᠮᠡᠯ ᠳᠦ ᠵᠢᠭᠠᠭᠰᠠᠨ ᠢᠶᠠᠷ ᠮᠤᠨᠡᠰᠲ᠋ ᠍ ᠤᠷᠱᠢᠨᠠ ᠲᠣᠰᠬᠣᠨ ᠤ ᠳᠡᠷᠭᠡᠳᠡ ᠡᠴᠡ ᠴᠤ᠂ ᠺᠦᠶᠢᠯᠢᠺᠣᠸ ᠤᠨ ᠲᠠᠯ᠎ᠠ ᠶᠢᠨ ᠥᠭᠡᠷ᠎ᠡ ᠨᠤᠲᠤᠭ ᠠᠴᠠ ᠴᠤ ᠴᠡᠷᠢᠭ ᠦᠨ ᠪᠤᠯᠠᠰᠢ ᠣᠯᠠᠳᠬᠤ ᠦᠭᠡᠢ ᠪᠠᠶᠢᠭ᠎ᠠ ᠶᠤᠮ᠃ ᠲᠡᠷᠡ ᠺᠦᠶᠢᠯᠢᠺᠣᠸ ᠤᠨ ᠲᠠᠯ᠎ᠠ ᠳᠤ ᠡᠶᠢᠮᠦ ᠶᠡᠬᠡ ᠲᠣᠭᠠᠨ ᠤ ᠴᠡᠷᠢᠭ ᠪᠠᠭᠠᠳᠬᠤ ᠪᠣᠯᠤᠮᠵᠢ ᠦᠭᠡᠢ ᠨᠥᠭᠥᠭᠡ ᠲᠠᠯ᠎ᠠ ᠠᠴᠠ ᠲᠤᠯᠤᠯᠳᠤᠭᠠᠨ ᠳᠤ ᠰᠢᠢᠳᠪᠦᠷᠢᠯᠡᠬᠦ ᠨᠥᠯᠥᠭᠡ ᠦᠵᠡᠭᠦᠯᠦᠭᠰᠡᠨ ᠣᠲᠣᠭᠠᠨ ᠳᠤ ᠪᠠᠶᠢᠭᠰᠠᠨ ᠮᠣᠩᠭᠣᠯ ᠵᠠᠩᠵᠤᠨ ᠢᠶᠠᠷ ᠤᠳᠤᠷᠢᠳᠤᠭᠤᠯᠤᠭᠰᠠᠨ ᠳᠮᠢᠲ᠋ᠷᠢ ᠪᠣᠪᠷᠣᠺ ᠤᠨ ᠬᠣᠷᠢᠶ᠎ᠠ ᠬᠠᠮᠢᠭ᠎ᠠ ᠪᠠᠶᠢᠷᠢᠯᠠᠵᠤ ᠪᠠᠭᠳᠠᠵᠣ ᠪᠠᠶᠢᠭᠰᠠᠨ ᠨᠢ ᠲᠣᠳᠣᠷᠬᠠᠢ ᠦᠭᠡᠢ ᠪᠠᠶᠢᠭ᠎ᠠ ᠶᠤᠮ᠃ ᠣᠷᠣᠰ ᠤᠨ ᠴᠡᠷᠢᠭ ᠦᠨ ᠲᠣᠭᠠᠨ ᠤ ᠲᠠᠯ᠎ᠠ ᠪᠠᠷ ᠣᠷᠣᠰ ᠤᠨ ᠲᠡᠦᠬᠡ ᠶᠢᠨ ᠰᠤᠷᠪᠤᠯᠵᠢ ᠨᠤᠭᠤᠳ ᠲᠤ ᠪᠢᠴᠢᠬᠦ ᠳᠦ ᠪᠡᠨ ᠮᠣᠰᠺᠸᠠ ᠶᠢᠨ ᠸᠠᠩᠯᠢᠭ ᠤᠨ 100 ᠮᠢᠩᠭᠠᠨ ᠴᠡᠷᠢᠭ᠂ ᠲᠡᠭᠦᠨ ᠦ ᠬᠣᠯᠪᠣᠭᠠᠲᠠᠨ ᠨᠤᠭᠤᠳ ᠤᠨ 50-100 ᠮᠢᠩᠭᠠᠨ ᠴᠡᠷᠢᠭ ᠴᠤᠭᠯᠠᠷᠠᠭᠰᠠᠨ ᠬᠡᠮᠡᠵᠡᠢ᠃ ᠬᠠᠷᠢᠨ "ᠮᠠᠮᠠᠶᠢᠭ᠎ᠠ ᠶᠢᠨ ᠲᠤᠯᠤᠭᠠᠨ ᠤ ᠲᠡᠮᠳᠡᠭᠯᠡᠯ" ᠍ ᠳᠦ 260 ᠮᠢᠩᠭ᠎ᠠ ᠡᠰᠡᠪᠡᠯ 303 ᠮᠢᠩᠭ᠎ᠠ ᠴᠤ ᠬᠡᠮᠡᠨ ᠳᠤᠷᠠᠳᠤᠭᠰᠠᠨ ᠪᠠᠶᠢᠳᠠᠭ ᠪᠣᠯ "ᠨᠢᠺᠣᠨᠣᠸ ᠤᠨ ᠣᠨ ᠳᠠᠷᠠᠭᠠᠯᠠᠯ ᠤᠨ ᠪᠢᠴᠢᠭ" ᠍ ᠳᠦ 400 ᠮᠢᠩᠭ᠎ᠠ ᠴᠤ ᠭᠡᠵᠦ ᠳᠤᠷᠠᠳᠤᠭᠰᠠᠨ ᠨᠢ ᠪᠤᠢ᠃ ᠭᠡᠲᠡᠯ᠎ᠡ ᠨᠡᠯᠢᠶᠡᠳ ᠬᠣᠵᠢᠭᠤ ᠦᠶ᠎ᠡ ᠶᠢᠨ ᠰᠤᠳᠤᠯᠤᠭᠠᠴᠢᠳ ᠳᠮᠢᠲ᠋ᠷ ᠦᠨ ᠲᠤᠭ ᠤᠨ ᠳᠣᠣᠷ᠎ᠠ 50-620 ᠮᠢᠩᠭᠠᠨ ᠴᠡᠷᠢᠭ ᠯᠠ ᠴᠤᠭᠯᠠᠷᠠᠭᠰᠠᠨ ᠪᠠᠶᠢᠬᠤ ᠪᠣᠯᠤᠮᠵᠢ ᠲᠠᠢ ᠠᠴᠠ ᠰᠢᠭᠤᠳ ᠮᠣᠰᠺᠸᠠ ᠶᠢᠨ ᠴᠡᠷᠢᠭ ᠨᠢ ᠵᠥᠪᠬᠡᠨ 20-25 ᠮᠢᠩᠭ᠎ᠠ ᠪᠠᠶᠢᠭᠰᠠᠨ ᠴᠤ ᠭᠡᠵᠦ ᠦᠵᠡᠳᠡᠭ ᠠᠵᠢ᠃ ᠬᠠᠷᠢᠨ ᠮᠠᠮᠤᠢ ᠬᠡᠳᠦᠨ ᠴᠡᠷᠢᠭ ᠲᠡᠢ ᠪᠠᠶᠢᠭᠰᠠᠨ ᠪᠤᠢ? ᠮᠠᠮᠠᠶᠢᠭ᠎ᠠ ᠶᠢᠨ ᠵᠥᠪᠯᠡᠬᠦ ᠰᠢᠳᠠᠷ ᠤᠳ ᠨᠢ ᠲᠡᠭᠦᠨ ᠳᠦ ᠡᠶᠢᠨᠬᠦᠦ ᠵᠥᠪᠯᠡᠭᠰᠡᠨ ᠭᠡᠰᠡᠨ ᠦᠭᠡ ᠪᠠᠶᠢᠳᠠᠭ᠃ "ᠴᠢᠨᠤ ᠣᠷᠳᠣ ᠤᠯᠤᠰ ᠬᠣᠭᠣᠰᠣᠷᠠᠵᠤ᠂ ᠬᠦᠴᠦ ᠴᠢᠳᠠᠯ ᠴᠢᠨᠢ ᠰᠤᠯᠠᠷᠠᠯ᠎ᠠ᠃ ᠭᠡᠪᠡᠴᠦ ᠴᠢᠮ᠎ᠠ ᠳᠤ ᠠᠷᠪᠢᠨ ᠶᠡᠬᠡ ᠪᠠᠶᠠᠯᠢᠭ ᠪᠠᠶᠢᠭ᠎ᠠ ᠲᠤᠯᠠ ᠭᠧᠨᠤᠢ ᠬᠣᠲᠠ ᠶᠢᠨ ᠬᠢᠨ /ᠢᠲᠠᠯᠢᠴᠢ ᠨᠤᠭᠤᠳ/, ᠴᠧᠷᠺᠧᠰ᠂ ᠶᠠᠰᠤ ᠨᠤᠭᠤᠳ ᠪᠣᠯᠤᠨ ᠪᠤᠰᠤᠳ ᠠᠷᠠᠳ ᠲᠦᠮᠡᠨ ᠨᠦᠭᠦᠳ ᠢ ᠬᠥᠯᠥᠰᠥᠯᠡᠶ᠎ᠡ" ᠬᠡᠮᠡᠵᠦ ᠭᠡᠨ᠎ᠡ᠃ ᠮᠥᠨ ᠬᠥᠯᠦᠰᠦᠨ ᠦ ᠴᠡᠷᠢᠭ ᠦᠨ ᠲᠣᠭᠠᠨ ᠳᠤ ᠯᠠᠯᠤ ᠨᠤᠭᠤᠳ᠂ ᠪᠤᠷᠲᠤᠰ ᠤᠳ ᠢ ᠴᠤ ᠨᠡᠷᠡᠯᠡᠭᠰᠡᠨᠪᠠᠶᠢᠳᠠᠭ ᠠᠵᠢ᠃ ᠥᠭᠡᠷ᠎ᠡ ᠨᠢᠭᠡᠨ ᠮᠡᠳᠡᠭᠡ ᠪᠡᠷ ᠪᠣᠯ ᠺᠦᠶᠢᠯᠢᠺᠣᠸ ᠤᠨ ᠲᠠᠯ᠎ᠠ ᠳᠠᠬᠢ ᠮᠠᠮᠤᠶᠢᠨ ᠴᠡᠷᠢᠭ ᠦᠨ ᠴᠥᠮ ᠢ ᠭᠧᠨᠤᠢ ᠬᠣᠲᠠ ᠶᠢᠨ ᠬᠥᠯᠦᠰᠦᠯᠡᠭᠳᠡᠭᠰᠡᠨ ᠶᠠᠪᠠᠭᠠᠨ ᠴᠡᠷᠢᠭ ᠪᠦᠷᠢᠳᠦᠭᠦᠯᠵᠦ᠂ ᠬᠠᠷᠢᠨ ᠮᠣᠷᠢᠨ ᠴᠡᠷᠢᠭ ᠨᠢ ᠵᠢᠭᠦᠷ ᠦᠳ ᠲᠦ ᠵᠢᠭ᠌ᠰᠠᠭᠰᠠᠨ ᠭᠡᠵᠡᠢ᠃ ᠪᠠᠰᠠ ᠭᠧᠨᠤᠢ ᠬᠣᠲᠠ ᠠᠴᠠ ᠬᠥᠯᠦᠰᠦᠯᠡᠭᠳᠡᠭᠰᠡᠨ ᠴᠡᠷᠢᠭ ᠦᠨ ᠲᠣᠭ᠎ᠠ 4000 ᠮᠢᠩᠭ᠎ᠠ ᠪᠠᠶᠢᠭᠰᠠᠨ ᠪᠥᠭᠡᠳ ᠲᠡᠳᠡ ᠬᠥᠯᠦᠰᠦᠨ ᠳᠦ ᠪᠡᠨ ᠰᠤᠳᠠᠺ ᠠᠴᠠ ᠪᠠᠯᠠᠺᠯᠠᠪᠠ ᠬᠦᠷᠲᠡᠯᠡᠬᠢ ᠺᠷ ᠤᠮ ᠤᠨ ᠡᠷᠭᠢ ᠨᠤᠲᠤᠭ ᠢ ᠠᠪᠤᠭᠰᠠᠨ ᠭᠡᠳᠡᠭ ᠠᠵᠢ᠃ ᠲᠡᠷᠡ ᠴᠠᠭ ᠦᠶ᠎ᠡ ᠶᠢᠨ ᠠᠯᠲᠠᠨ ᠣᠷᠳᠣᠨ ᠤ ᠤᠯᠤᠰ ᠤᠨ ᠴᠡᠷᠢᠭ ᠦᠨ ᠲᠣᠭ᠎ᠠ ᠲᠣᠯᠣᠭᠠᠢ ᠶᠢᠨ ᠲᠠᠯ᠎ᠠ ᠪᠠᠷ 3 ᠲᠦᠮᠡᠨ ᠴᠡᠷᠢᠭ ᠲᠡᠢ ᠪᠠᠶᠢᠭᠰᠠᠨ / 1362 ᠣᠨ ᠳᠤ ᠬᠥᠬᠡ ᠤᠰᠤᠨ ᠳᠤ ᠪᠣᠯᠤᠭᠰᠠᠨ ᠲᠤᠯᠤᠭᠠᠨ ᠪᠣᠯᠤᠨ ᠺᠦᠶᠢᠯᠢᠺᠣᠸ ᠤᠨ ᠲᠤᠯᠤᠭᠠᠨ ᠢ ᠮᠠᠮᠤᠢ ᠨᠢ ᠲᠣᠯᠣᠭᠠᠳ ᠳᠡᠭᠡᠷ᠎ᠡ ᠡᠴᠡ 3 ᠲᠦᠮᠡᠲᠦ ᠶᠢᠨ ᠨᠣᠶᠠᠨ ᠲᠠᠢ ᠪᠠᠨ ᠠᠵᠢᠭᠡᠯᠡᠨ ᠬᠠᠷᠠᠵᠤ ᠪᠠᠶᠢᠭᠰᠠᠨ ᠭᠡᠰᠡᠨ ᠮᠡᠳᠡᠭᠡ/, ᠡᠰᠡᠪᠡᠯ 4 ᠲᠦᠮᠡ / 1340 ᠣᠨ ᠳᠤ ᠭᠠᠯᠢᠼ ᠷᠤ ᠬᠢᠭᠰᠡᠨ ᠦᠽᠡᠪᠸᠺᠢᠰᠲᠠᠨ ᠦᠨ ᠳᠣᠪᠲᠣᠯᠭᠠᠨ/, 5 ᠲᠦᠮᠡᠨ / 1328 ᠣᠨ ᠳᠤ ᠲᠤᠧᠷ ᠢ ᠡᠵᠡᠯᠡᠨ ᠰᠥᠨᠥᠭᠡᠭᠰᠡᠨ ᠪᠣᠯᠤᠨ 1378 ᠣᠨ ᠤ ᠸᠠᠵᠤ ᠭᠣᠣᠯ ᠳᠠᠬᠢ ᠲᠤᠯᠤᠭᠠᠨ/ ᠴᠡᠷᠢᠭ ᠲᠡᠢ ᠪᠠᠶᠢᠭᠰᠠᠨ ᠭᠡᠰᠡᠨ 14 ᠳᠦᠭᠡᠷ ᠵᠠᠭᠤᠨ ᠤ ᠦᠶ᠎ᠡ ᠶᠢᠨ ᠮᠡᠳᠡᠭᠡ ᠪᠠᠶᠢᠳᠠᠭ᠃ ᠭᠡᠲᠡᠯ᠎ᠡ ᠮᠠᠮᠤᠢ ᠨᠢ ᠤᠯᠤᠰ ᠤᠨ ᠢᠶᠠᠨ ᠵᠥᠪᠬᠡᠨ ᠪᠠᠷᠠᠭᠤᠨ ᠬᠠᠭᠠᠰ ᠲᠤ ᠯᠠ ᠨᠣᠶᠠᠷᠬᠠᠵᠤ ᠪᠠᠶᠢᠭᠰᠠᠨ ᠪᠥᠭᠡᠳ ᠸᠠᠵᠤ ᠭᠣᠣᠯ ᠪᠣᠯᠤᠨ ᠺᠦᠶᠢᠯᠢᠺᠣᠸ ᠤᠨ ᠲᠤᠯᠤᠯᠳᠤᠭᠠᠨ ᠳᠤ ᠪᠠᠷᠤᠭ ᠪᠦᠬᠦ ᠴᠡᠷᠢᠭ ᠢᠶᠡᠨ ᠠᠯᠠᠳᠠᠭᠰᠠᠨ ᠭᠡᠳᠡᠭ᠃ ᠬᠠᠷᠢᠨ 1385 ᠣᠨ ᠳᠤ ᠲᠤᠬᠤᠲᠠ ᠤᠰ ᠨᠢ ᠲᠠᠪᠠᠷᠢᠽ ᠷᠤ ᠳᠣᠪᠲᠣᠯᠬᠤ ᠶᠢᠨ ᠲᠤᠯᠠᠳᠠ ᠠᠯᠲᠠᠨ ᠣᠷᠳᠣᠨ ᠤ ᠤᠯᠤᠰ ᠤᠨ ᠪᠦᠬᠦ ᠨᠤᠲᠤᠭ ᠠᠴᠠ ᠶᠡᠷᠦ ᠳᠡᠭᠡᠨ ᠯᠠ 90 ᠮᠢᠩᠭᠠᠨ ᠴᠡᠷᠢᠭ ᠬᠤᠷᠠᠯᠳᠤᠭᠤᠯᠵᠤ ᠴᠢᠳᠠᠵᠤ ᠪᠠᠶᠢᠭᠰᠠᠨ ᠭᠡᠬᠦ᠃ ᠭᠡᠲᠡᠯ᠎ᠡ ᠳᠡᠭᠡᠷ᠎ᠡ ᠳᠤᠷᠠᠳᠤᠭᠰᠠᠨ "ᠮᠠᠮᠤᠶᠢᠨ ᠲᠤᠯᠤᠭᠠᠨ ᠤ ᠲᠡᠮᠳᠡᠭᠯᠡᠯ" ᠍ ᠳᠦ ᠲᠡᠷᠡᠪᠡᠷ 800 ᠮᠢᠩᠭᠠᠨ ᠴᠡᠷᠢᠭ ᠲᠡᠢ ᠪᠠᠶᠢᠭᠰᠠᠨ ᠭᠡᠰᠡᠨ ᠨᠢ ᠠᠰᠠᠷ ᠬᠡᠲᠦᠷᠡᠭᠦᠯᠦᠭᠰᠡᠨ ᠲᠣᠭ᠎ᠠ ᠭᠡᠳᠡᠭ ᠨᠢ ᠣᠶᠢᠯᠠᠭᠠᠮᠵᠢᠲᠠᠢ ᠶᠤᠮ᠃ ᠣᠷᠣᠰ ᠤᠨ ᠲᠡᠦᠬᠡᠴᠢᠳ ᠣᠷᠣᠰ ᠤᠨ ᠴᠡᠷᠢᠭ 40-70.000[1] ᠣᠷᠴᠢᠮ ᠮᠠᠮᠤᠶᠢᠨ ᠴᠡᠷᠢᠭ 90-150[2] ᠮᠢᠩᠭ᠎ᠠ ᠣᠷᠴᠢᠮ ᠪᠠᠶᠢᠭᠰᠠᠨ ᠬᠡᠮᠡᠨ ᠦᠵᠡᠳᠡᠭ᠃ ᠲᠡᠦᠬᠡᠴᠢ ᠰ᠃ᠺᠠᠷᠠᠮᠠᠽᠢᠨ ᠣᠷᠣᠰ ᠤᠨ ᠠᠷᠮᠢ ᠶᠢᠨ ᠲᠣᠭ᠎ᠠ ᠶᠢ 130-150 ᠮᠢᠩᠭ᠎ᠠ ᠬᠦᠷᠦᠭᠰᠡᠨ ᠭᠡᠵᠦ ᠦᠵᠡᠳᠡᠭ᠃ ᠬᠠᠷᠢᠨ ᠸ᠃ᠲᠠᠲ᠋ᠢᠱᠧᠪ 60 ᠮᠢᠩᠭ᠎ᠠ ᠭᠡᠰᠡᠨ ᠲᠣᠭ᠎ᠠ ᠶᠢ ᠵᠢᠭᠠᠭᠠᠳᠠᠭ ᠪᠣᠯ ᠣᠷᠣᠰ ᠤᠨ ᠣᠨ ᠳᠠᠷᠠᠭᠠᠯᠠᠯ ᠤᠨ ᠵᠠᠷᠢᠮ ᠪᠢᠴᠢᠭ ᠦᠳ ᠲᠦ ᠴᠡᠷᠢᠭ ᠦᠨ ᠲᠣᠭ᠎ᠠ ᠶᠢ ᠨᠡᠯᠢᠶᠡᠳ ᠬᠡᠲᠦᠷᠡᠭᠦᠯᠭᠡᠲᠡᠢ ᠭᠡᠵᠦ ᠪᠣᠯᠬᠣᠷ ᠳᠤᠷᠢᠳᠠᠵᠠᠢ᠃ ᠲᠤᠬᠠᠶᠢᠯᠠᠪᠠᠯ᠂ ᠨᠢᠺᠣᠨᠣᠸ ᠤᠨ ᠣᠨ ᠳᠠᠷᠠᠭᠠᠯᠠᠯ ᠤᠨ ᠪᠢᠴᠢᠭ ᠲᠦ ᠣᠷᠣᠰ ᠤᠨ ᠴᠡᠷᠢᠭ ᠦᠨ ᠲᠣᠭ᠎ᠠ ᠶᠢ 400 ᠮᠢᠩᠭ᠎ᠠ᠂ "ᠮᠠᠮᠠᠢ ᠲᠠᠢ ᠲᠤᠯᠤᠯᠳᠤᠭᠰᠠᠨ ᠲᠤᠬᠠᠢ ᠥᠭᠦᠯᠡᠯᠭᠡ ᠨᠦᠭᠦᠳ" ᠬᠡᠮᠡᠬᠦ ᠲᠡᠦᠬᠡ ᠶᠢᠨ ᠡᠬᠢ ᠰᠤᠷᠪᠤᠯᠵᠢ ᠳᠤ 253 ᠮᠢᠩᠭ᠎ᠠ ᠭᠡᠵᠦ ᠲᠡᠮᠳᠡᠭᠯᠡᠵᠡᠢ᠃ ᠭᠡᠬᠦ ᠳᠦ ᠪᠡᠨ ᠣᠷᠣᠰ ᠤᠨ ᠴᠡᠷᠢᠭ ᠦᠨ ᠲᠣᠭᠠᠨ ᠤ ᠲᠠᠯᠠᠷᠠᠬᠢ ᠬᠠᠮᠤᠭ ᠤᠨ ᠦᠨᠡᠨ ᠮᠠᠭᠠᠳ ᠲᠠᠢ ᠲᠣᠭ᠎ᠠ ᠶᠢ 70-100 ᠮᠢᠩᠭ᠎ᠠ ᠭᠡᠵᠦ ᠰᠤᠳᠤᠯᠤᠭᠠᠴᠢᠳ ᠦᠵᠡᠳᠡᠭ ᠪᠠᠶᠢᠨ᠎ᠠ᠃ ᠰᠡᠭᠦᠯ ᠦᠨ ᠡᠬᠡ ᠰᠤᠷᠪᠤᠯᠵᠢ ᠠᠴᠠ ᠦᠵᠡᠪᠡᠯ ᠣᠷᠣᠰ ᠤᠳ ᠴᠡᠷᠢᠭ ᠢᠶᠡᠨ ᠲᠣᠯᠣᠭᠠᠢ ᠶᠢᠨ ᠠᠩᠭᠢ᠂ ᠭᠣᠣᠯ ᠬᠦᠴᠦ᠂ ᠵᠡᠭᠦᠨ᠂ ᠪᠠᠷᠠᠭᠤᠨ ᠵᠢᠭᠦᠷ᠂ ᠨᠥᠭᠡᠴᠡ ᠪᠤᠶᠤ ᠣᠲᠣᠬᠤ ᠭᠡᠰᠡᠨ ᠲᠠᠪᠤᠨ ᠬᠡᠰᠡᠭ ᠲᠦ ᠬᠤᠪᠢᠶᠠᠴᠠᠢ᠃ ᠬᠣᠶᠠᠷ ᠲᠠᠯ᠎ᠠ ᠠᠴᠠ ᠨᠡᠶᠢᠲᠡ ᠳᠦ ᠪᠡᠨ 100.000 ᠣᠷᠴᠢᠮ ᠴᠡᠷᠢᠭ ᠲᠤᠯᠤᠯᠳᠤᠭᠰᠠᠨ ᠪᠠᠶᠢᠬᠤ ᠮᠠᠭᠠᠳᠯᠠᠯ ᠲᠠᠢ᠃ ᠡᠭᠦᠨ ᠡᠴᠡ ᠣᠯᠠᠨ ᠲᠣᠭᠠᠨ ᠤ ᠴᠡᠷᠢᠭ ᠭᠠᠷᠭᠠᠬᠤ ᠪᠣᠯᠤᠮᠵᠢ ᠠᠯᠢ ᠠᠯᠢᠨ ᠳᠤ ᠨᠢ ᠪᠠᠶᠢᠭ᠎ᠠ ᠦᠭᠡᠢ ᠶᠤᠮ᠃ ᠲᠤᠬᠠᠢ ᠶᠢᠨ ᠦᠶ᠎ᠡ ᠶᠢᠨ ᠣᠷᠳᠣ ᠶᠢᠨ ᠴᠡᠷᠢᠭ 60-80 ᠮᠢᠩᠭ᠎ᠠ ᠶᠢᠨ ᠬᠣᠭᠣᠷᠣᠨᠳᠣ ᠬᠡᠯᠪᠡᠯᠵᠡᠵᠦ ᠪᠠᠶᠢᠭᠰᠠᠨ ᠭᠡᠵᠦ ᠪᠣᠳᠣᠬᠤ ᠪᠠᠷ ᠦᠨᠡᠨ ᠳᠦ ᠣᠶᠢᠷ᠎ᠠ ᠪᠢᠯᠡ᠃ ᠮᠠᠮᠤᠶᠢᠨ ᠴᠡᠷᠢᠭ 30.000 ᠣᠷᠴᠢᠮ ᠲᠡᠭᠦᠨ ᠳᠡᠭᠡᠷ᠎ᠡ ᠭᠧᠨᠤᠶᠠᠭ ᠤᠨ ᠬᠥᠯᠦᠰᠦᠨ ᠦ 4000 ᠶᠠᠪᠠᠭᠠᠨ ᠴᠡᠷᠢᠭ᠂ ᠴᠧᠷᠺᠧᠰ᠂ ᠬᠠᠰᠠᠭ᠂ ᠠᠷᠮᠧᠨ ᠵᠡᠷᠭᠡ ᠪᠤᠰᠤᠳ ᠦᠨᠳᠦᠰᠦᠲᠡᠨ ᠦ ᠴᠡᠷᠢᠭ ᠦᠳ ᠪᠠᠶᠢᠭᠰᠠᠨ ᠪᠠᠶᠢᠬᠤ ᠪᠣᠯᠤᠮᠵᠢ ᠲᠠᠢ᠃ ᠮᠠᠮᠤᠢ ᠪᠣᠯ ᠣᠷᠳᠣ ᠶᠢᠨ ᠬᠠᠤᠯᠢ ᠶᠣᠰᠣᠨ ᠤ ᠡᠵᠡᠨ ᠪᠢᠰᠢ ᠲᠡᠷᠡ ᠲᠥᠷᠥ ᠦᠢᠮᠡᠭᠦᠯᠦᠭᠰᠡᠨ ᠡᠲᠡᠭᠡᠳ ᠪᠠᠶᠢᠭᠰᠠᠨ᠃ ᠲᠡᠶᠢᠮᠦ ᠳᠦ ᠪᠡᠨ ᠴᠤ ᠲᠡᠭᠦᠨ ᠳᠦ ᠲᠡᠶᠢᠮᠦ ᠴᠤ ᠶᠡᠬᠡ ᠴᠡᠷᠢᠭ ᠪᠠᠶᠢᠭ᠎ᠠ ᠦᠭᠡᠢ ᠬᠠᠮᠤᠭ ᠤᠨ ᠶᠡᠬᠡ ᠳᠤ ᠪᠡᠨ ᠲᠡᠭᠦᠨ ᠳᠦ 40.000 ᠣᠷᠴᠢᠮ ᠯᠠ ᠴᠡᠷᠢᠭ ᠪᠠᠶᠢᠭᠰᠠᠨ ᠪᠠᠶᠢᠬᠤ ᠪᠣᠯᠤᠮᠵᠢ ᠲᠠᠢ᠃ ᠣᠷᠣᠰ ᠤᠳ ᠤᠨ ᠴᠡᠷᠢᠭ ᠨᠢ ᠲᠦᠷᠦᠭ ᠲᠠᠲ᠋ᠠᠷ ᠭᠠᠷᠤᠯ ᠲᠠᠢ ᠴᠡᠷᠢᠭ ᠳᠡᠭᠡᠷ᠎ᠡ ᠨᠢ ᠣᠷᠳᠣ ᠶᠢᠨ ᠬᠠᠤᠯᠢ ᠶᠣᠰᠣᠨ ᠤ ᠡᠵᠡᠨ ᠲᠤᠬᠤᠲᠠ ᠤᠰ ᠬᠠᠭᠠᠨ ᠤ ᠢᠯᠡᠭᠡᠭᠰᠡᠨ ᠮᠣᠩᠭᠣᠯ ᠴᠡᠷᠢᠭ ᠦᠨ ᠮᠢᠩᠭᠠᠲᠤ ᠨᠤᠭᠤᠳ ᠪᠠᠶᠢᠭᠰᠠᠨ ᠶᠤᠮ᠃ ᠲᠡᠭᠡᠭᠡᠳ ᠨᠡᠶᠢᠲᠡ ᠳᠦ ᠪᠡᠨ 45000 ᠣᠷᠴᠢᠮ ᠪᠠᠶᠢᠭᠰᠠᠨ ᠪᠠᠶᠢᠬᠤ ᠪᠣᠯᠤᠮᠵᠢ ᠲᠠᠢ᠃ ᠲᠤᠬᠤᠲᠠ ᠤᠰ ᠬᠠᠭᠠᠨ ᠲᠤᠯᠤᠯᠳᠤᠭᠠᠨ ᠳᠤ ᠥᠪᠡᠷ ᠦᠨ ᠪᠦᠬᠦ ᠴᠡᠷᠢᠭ ᠦᠨ ᠬᠦᠴᠦ ᠶᠢ ᠶᠠᠪᠤᠭᠤᠯᠤᠭ᠎ᠠ ᠦᠭᠡᠢ᠂ ᠤᠴᠢᠷ ᠨᠢ ᠠᠷᠤ ᠬᠤᠳᠠᠷᠠᠭ᠎ᠠ ᠪᠠᠷ ᠨᠢ ᠳᠠᠭᠠᠷᠢᠨ ᠳᠣᠪᠲᠣᠯᠳᠠᠭ ᠨᠡᠭᠦᠳᠡᠯᠴᠢᠳ ᠦᠨ ᠠᠷᠭ᠎ᠠ ᠵᠠᠯᠢ ᠶᠢ ᠮᠡᠳᠡᠳᠡᠭ ᠪᠣᠯᠬᠣᠷ ᠥᠪᠡᠷ ᠦᠨ ᠭᠠᠷ ᠳᠣᠣᠷ᠎ᠠ ᠯᠠᠪᠲᠠᠢ 50-60.000 ᠴᠡᠷᠢᠭ ᠪᠡᠯᠡᠨ ᠪᠠᠶᠢᠯᠭᠠᠵᠤ ᠬᠠᠷᠢᠨ ᠳ᠋ᠢᠮᠲᠡᠷᠡᠢ ᠳᠦ ᠲᠤᠰᠠᠯᠠᠮᠵᠢ ᠪᠣᠯᠭᠠᠨ 15000 ᠣᠷᠴᠢᠮ ᠴᠡᠷᠢᠭ ᠶᠠᠪᠤᠭᠤᠯᠤᠭᠰᠠᠨ ᠨᠢ ᠲᠡᠳᠡᠭᠡᠷ ᠨᠢ ᠣᠲᠣᠯᠲᠠᠨ ᠳᠤ ᠳᠮᠢᠲ᠋ᠷᠢ ᠪᠣᠪᠷᠣᠺᠢ ᠪᠣᠯᠤᠨ ᠲᠤᠬᠤᠲᠠ ᠤᠰ ᠬᠠᠭᠠᠨ ᠤ ᠵᠠᠩᠵᠤᠨ ᠤ ᠬᠠᠮᠲᠤ ᠶᠢᠨ ᠤᠳᠤᠷᠢᠳᠤᠯᠭ᠎ᠠ ᠳᠣᠣᠷ᠎ᠠ ᠪᠠᠶᠢᠵᠤ ᠲᠤᠯᠤᠯᠳᠤᠭᠠᠨ ᠳᠤ ᠰᠢᠢᠳᠪᠦᠷᠢᠯᠡᠬᠦ ᠨᠥᠯᠥᠭᠡ ᠦᠵᠡᠭᠦᠯᠦᠭᠰᠡᠨ ᠨᠢ ᠯᠠᠪᠲᠠᠢ᠃ ᠨᠡᠭᠦᠳᠡᠯᠴᠢᠳ ᠬᠡᠵᠢᠶᠡᠨ᠎ᠡ ᠡᠴᠡ ᠨᠠᠰᠢ ᠣᠲᠣᠯᠲᠠ ᠶᠢ ᠴᠢᠳᠠᠪᠤᠷᠢᠯᠢᠭ ᠭᠦᠢᠴᠡᠳᠭᠡᠵᠦ ᠰᠤᠷᠠᠭᠰᠠᠨ ᠥᠭᠡᠷ᠎ᠡ ᠬᠡᠨ ᠴᠤ ᠪᠢᠰᠢ᠃

ᠲᠤᠯᠤᠯᠳᠤᠭᠠᠨ ᠤ ᠡᠬᠢᠯᠡᠯ ᠪᠠ ᠶᠠᠪᠤᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠦᠶᠢᠯᠢᠺᠣᠸ ᠤᠨ ᠲᠤᠯᠤᠯᠳᠤᠭᠠᠨ ᠤ ᠡᠬᠢᠯᠡᠯ: 9 ᠳᠦᠭᠡᠷ ᠰᠠᠷ᠎ᠠ ᠶᠢᠨ 7 ᠍ ᠤ ᠣᠷᠣᠢ ᠣᠷᠣᠰ ᠤᠳ ᠴᠡᠷᠢᠭ ᠢᠶᠡᠨ ᠪᠠᠶᠢᠯᠳᠤᠭᠠᠨ ᠤ ᠵᠢᠷᠤᠮ ᠳᠤ ᠨᠢ ᠣᠷᠣᠭᠤᠯᠵᠤ ᠡᠮᠬᠢᠯᠡᠭᠰᠡᠨ ᠪᠠᠶᠢᠨ᠎ᠠ᠃ ᠮᠣᠰᠺᠸᠠ ᠶᠢᠨ ᠸᠠᠩᠭ᠎ᠠ ᠨᠤᠭᠤᠳ ᠤᠨ ᠴᠡᠷᠢᠭ ᠡᠴᠡ ᠵᠣᠩᠬᠢᠯᠠᠨ ᠪᠦᠷᠢᠳᠦᠭᠰᠡᠨ ᠭᠣᠣᠯ ᠬᠦᠴᠦ ᠨᠢ ᠮᠣᠰᠺᠸᠠ ᠶᠢᠨ ᠪᠢᠷ ᠲᠢᠮᠣᠹᠧᠢ ᠸᠧᠯᠢᠮᠢᠨᠣᠸ ᠤᠨ ᠤᠳᠤᠷᠢᠳᠤᠯᠭ᠎ᠠ ᠳᠣᠣᠷ᠎ᠠ ᠲᠥᠪᠡᠳ ᠨᠢ ᠵᠢᠭ᠌ᠰᠠᠵᠠᠢ᠃ ᠪᠠᠷᠠᠭᠤᠨ ᠵᠢᠭᠦᠷ ᠢ ᠯᠢᠲ᠋ᠸ ᠤᠨ ᠸᠠᠩ ᠣᠯᠢᠭᠧᠷ ᠲᠦ᠂ ᠵᠡᠭᠦᠨ ᠵᠢᠭᠦᠷ ᠢ ᠸᠠᠩ ᠸᠠᠰᠢᠯᠢᠢ ᠢᠷᠣᠰᠯᠠᠸᠢᠴ ᠪᠣᠯᠤᠨ ᠹᠧᠣᠳᠣᠷ ᠮᠣᠯᠣᠵᠢᠰᠺ ᠦ ᠨᠠᠷ ᠤᠳᠤᠷᠢᠳᠤᠭᠰᠠᠨ ᠪᠣᠯ ᠲᠣᠯᠣᠭᠠᠢ ᠶᠢᠨ ᠰᠡᠷᠭᠡᠶᠢᠯᠡᠬᠦ ᠠᠩᠭᠢ ᠶᠢ ᠸᠠᠩ ᠰᠢᠮᠧᠣᠨ ᠣᠪᠣᠯᠧᠨᠰᠺ ᠦ᠂ ᠢᠣᠠᠨ ᠲᠠᠷᠤᠰᠰᠺ ᠦ ᠨᠠᠷ ᠮᠠᠩᠯᠠᠶᠢᠯᠠᠨ ᠲᠤᠯᠤᠯᠳᠤᠭᠠᠨ ᠳᠤ ᠣᠷᠣᠵᠠᠢ᠃ ᠬᠠᠷᠢᠨ ᠵᠡᠭᠦᠨ ᠵᠢᠭᠦᠷ ᠦᠨ ᠴᠡᠷᠢᠭ ᠡᠴᠡ ᠬᠣᠯᠠ ᠦᠭᠡᠢ᠂ ᠳᠣᠩ ᠮᠥᠷᠡᠨ ᠦ ᠳᠡᠭᠡᠬᠡᠨ᠎ᠡ ᠲᠠᠯ᠎ᠠ ᠶᠢᠨ ᠴᠠᠷᠠᠰᠤᠨ ᠣᠢ ᠳᠤ ᠥᠨᠥᠬᠢ ᠨᠥᠭᠡᠴᠡ ᠴᠡᠷᠢᠭ ᠦᠨ ᠬᠦᠴᠦᠨ ᠪᠠᠶᠢᠷᠢᠯᠠᠭᠰᠠᠨ ᠪᠠᠶᠢᠪᠠ᠃ ᠣᠷᠣᠰ ᠤᠨ ᠴᠡᠷᠢᠭ ᠮᠣᠩᠭᠣᠯ ᠤᠨ ᠵᠡᠭᠦᠨ ᠵᠢᠭᠦᠷ ᠢ ᠳᠣᠪᠲᠣᠯᠬᠤ ᠪᠠᠷ ᠡᠷᠲᠡᠨ ᠡᠴᠡ ᠵᠡᠬᠢᠭᠰᠡᠨ ᠪᠥᠭᠡᠳ ᠲᠡᠶᠢᠮᠦ ᠴᠤ ᠤᠴᠢᠷ ᠠᠴᠠ ᠬᠡᠷᠡᠭ ᠲᠡᠢ ᠦᠶ᠎ᠡ ᠳᠦ ᠭᠠᠷᠴᠤ ᠢᠷᠡᠬᠦ ᠣᠲᠣᠨ ᠤ ᠴᠡᠷᠢᠭ ᠢ ᠦᠯᠡᠳᠡᠭᠡᠭᠰᠡᠨ ᠨᠢ ᠲᠡᠷᠡ ᠠᠵᠢ᠃ 9 ᠳᠦᠭᠡᠷ ᠰᠠᠷ᠎ᠠ ᠶᠢᠨ 6 ᠍ ᠠᠴᠠ 7 ᠍ ᠳᠦ ᠰᠢᠯᠵᠢᠬᠦ ᠰᠥᠨᠢ ᠳᠮᠢᠲ᠋ᠷᠢ ᠸᠠᠩ ᠪᠦᠬᠦ ᠴᠡᠷᠢᠭ ᠢᠶᠡᠨ ᠲᠣᠭᠣᠷᠢᠨ ᠦᠵᠡᠯᠭᠡ ᠬᠢᠭᠰᠡᠨ ᠪᠥᠭᠡᠳ ᠳᠠᠷᠤᠭ᠎ᠠ ᠶᠢᠨ ᠰᠥᠨᠢ ᠨᠢ ᠨᠥᠭᠡᠴᠡ ᠴᠡᠷᠢᠭ ᠦᠨ ᠵᠠᠬᠢᠷᠤᠭᠴᠢ ᠪᠣᠪᠷᠣᠺ ᠸᠣᠯ ᠤᠨᠰᠺᠢ ᠲᠡᠢ ᠴᠤᠭ ᠲᠤᠷᠰᠢᠭᠤᠯ ᠳᠤ ᠶᠠᠪᠤᠵᠤ ᠲᠠᠲ᠋ᠠᠷ ᠮᠣᠩᠭᠣᠯ ᠤᠨ ᠪᠣᠯᠤᠨ ᠥᠪᠡᠷ ᠦᠨ ᠢᠶᠡᠨ ᠠᠷᠮᠢ ᠶᠢᠨ ᠪᠠᠶᠢᠷᠢᠰᠢᠯ ᠢ ᠲᠣᠳᠣᠷᠬᠠᠶᠢᠯᠠᠨ ᠲᠡᠮᠳᠡᠭᠯᠡᠵᠦ ᠠᠪᠤᠭᠰᠠᠨ ᠪᠠᠶᠢᠨ᠎ᠠ᠃ ᠶᠡᠷᠦᠩᠬᠡᠢ ᠤᠳᠤᠷᠢᠳᠤᠯᠭ᠎ᠠ ᠶᠢ ᠲᠤᠬᠤᠲᠠ ᠤᠰ ᠬᠠᠭᠠᠨ ᠤ ᠵᠢᠭᠠᠪᠤᠷᠢ ᠪᠠᠷ ᠢᠷᠡᠭᠰᠡᠨ ᠬᠠᠭᠠᠨ ᠤ ᠲᠦᠰᠢᠮᠡᠯ ᠵᠢᠭᠠᠪᠤᠷᠢᠯᠠᠵᠤ ᠪᠠᠶᠢᠭᠰᠠᠨ ᠶᠤᠮ᠃ ᠲᠤᠯᠤᠯᠳᠤᠭᠠᠨ ᠡᠬᠢᠯᠡᠬᠦ ᠶᠢᠨ ᠡᠮᠦᠨ᠎ᠡ ᠲᠠᠲ᠋ᠠᠷ ᠤᠨ ᠮᠠᠮᠤᠶᠢᠨ ᠲᠠᠯ᠎ᠠ ᠠᠴᠠ ᠺᠣᠽᠢᠪᠧᠢ ᠭᠡᠬᠦ ᠲᠠᠲ᠋ᠠᠷ ᠮᠣᠩᠭᠣᠯ ᠪᠠᠭᠠᠲᠤᠷ᠂ ᠣᠷᠣᠰ ᠤᠨ ᠲᠠᠯ᠎ᠠ ᠠᠴᠠ ᠫᠧᠷᠧᠰᠡᠪ ᠲᠦ (ᠫᠧᠷᠧᠸᠧᠲ᠋ᠠ ᠰ ᠴᠧᠯᠢᠪᠧᠧᠮ) ᠭᠡᠬᠦ ᠬᠠᠷ᠎ᠠ ᠯᠠᠮᠠ ᠪᠠᠭᠠᠲᠤᠷ ᠢᠷᠡᠭᠦᠯ ᠳᠦ ᠭᠠᠷᠴᠤ ᠲᠤᠯᠤᠯᠳᠤᠭᠠᠨ ᠤ ᠡᠮᠦᠨ᠎ᠡ ᠪᠠᠶᠢᠯᠳᠤᠵᠤ ᠬᠣᠶᠠᠭᠤᠯᠠ ᠪᠠᠨ ᠪᠡᠶ᠎ᠡ ᠪᠡᠶᠡᠩ ᠢᠶᠡᠨ ᠮᠣᠷᠢᠨ ᠤ ᠬᠤᠷᠳᠤ ᠪᠠᠷ ᠪᠠᠮᠪᠠᠢ ᠶᠢ ᠪᠠᠨ ᠨᠡᠪᠲᠡ ᠵᠢᠳᠠᠯᠠᠯᠴᠠᠵᠤ ᠦᠬᠦᠭᠰᠡᠨ ᠪᠠᠶᠢᠨ᠎ᠠ᠃ ᠤᠭ ᠬᠠᠯᠵᠠᠲᠤᠯᠤᠭᠠᠨ ᠤ ᠲᠠᠯ᠎ᠠ ᠪᠠᠷ "ᠮᠠᠮᠠᠢ ᠲᠠᠢ ᠲᠤᠯᠤᠯᠳᠤᠭᠰᠠᠨ ᠲᠤᠬᠠᠢ ᠥᠭᠦᠯᠡᠯᠭᠡ ᠨᠦᠭᠦᠳ"-᠎ᠡ ᠡᠴᠡ ᠥᠭᠡᠷ᠎ᠡ ᠶᠠᠮᠠᠷ ᠴᠤ ᠲᠡᠦᠬᠡ ᠶᠢᠨ ᠡᠬᠢ ᠰᠤᠷᠪᠤᠯᠵᠢ ᠳᠤ ᠳᠤᠷᠢᠳᠠᠭ᠎ᠠ ᠦᠭᠡᠢ ᠪᠠᠶᠢᠳᠠᠭ ᠪᠥᠭᠡᠳ ᠬᠣᠶᠠᠷ ᠪᠠᠭᠠᠲᠤᠷ ᠬᠠᠯᠵᠠ ᠲᠤᠯᠤᠯᠳᠤᠭᠠᠳ ᠬᠣᠶᠠᠭᠤᠯᠠ ᠪᠠᠨ ᠦᠬᠦᠭᠰᠡᠨ ᠭᠡᠰᠡᠨ ᠳᠣᠮᠣᠭ ᠪᠠᠶᠢᠳᠠᠭ᠃ ᠲᠤᠯᠤᠯᠳᠤᠭᠠᠨ ᠶᠠᠪᠤᠭᠳᠠᠭᠰᠠᠨ 9 ᠳᠦᠭᠡᠷ ᠰᠠᠷᠢᠭ 8 ᠍ ᠤ ᠥᠷᠯᠥᠭᠡ ᠪᠢᠲᠡᠭᠦᠦ ᠮᠠᠨᠠᠨ ᠲᠠᠢ ᠪᠠᠶᠢᠭᠰᠠᠨ ᠪᠥᠭᠡᠳ 11 ᠴᠠᠭ ᠤᠨ ᠦᠶ᠎ᠡ ᠳᠦ ᠮᠠᠨᠠᠨ ᠠᠷᠢᠯᠵᠤ᠂ ᠲᠩᠷᠢ ᠴᠡᠯᠮᠡᠵᠦ ᠡᠬᠢᠯᠡᠮᠡᠭᠴᠡ ᠣᠷᠣᠰ ᠤᠨ ᠴᠡᠷᠢᠭ ᠬᠥᠨᠳᠡᠢ ᠶᠢᠨ ᠲᠡᠭ ᠳᠤᠮᠳᠠ ᠪᠠᠶᠢᠷᠢᠯᠠᠬᠤ ᠲᠣᠯᠣᠭᠠᠳ ᠠᠴᠠ ᠳᠠᠪᠰᠢᠵᠤ ᠡᠬᠢᠯᠡᠭᠰᠡᠨ ᠪᠥᠭᠡᠳ ᠮᠥᠨ ᠡᠨᠡ ᠦᠶ᠎ᠡ ᠳᠦ ᠳᠤᠮᠳᠠ ᠪᠠᠨ ᠶᠠᠪᠠᠭᠠᠨ ᠴᠡᠷᠢᠭ ᠲᠡᠢ᠂ ᠬᠣᠶᠠᠷ ᠵᠢᠭᠦᠷ ᠲᠦ ᠪᠡᠨ ᠮᠣᠷᠢᠨ ᠴᠡᠷᠢᠭ ᠪᠦᠬᠦᠢ ᠮᠠᠮᠤᠶᠢᠨ ᠴᠡᠷᠢᠭ ᠰᠢᠭᠤᠷᠬᠠᠶᠢᠯᠠᠨ ᠳᠠᠪᠰᠢᠵᠤ ᠡᠬᠢᠯᠡᠵᠡᠢ᠃ ᠲᠡᠳᠡᠨ ᠦ ᠴᠡᠷᠢᠭ ᠦᠨ ᠪᠠᠶᠢᠯᠳᠤᠭᠠᠨ ᠤ ᠵᠢᠷᠤᠮ ᠨᠢ ᠡᠮᠬᠢ ᠴᠡᠭᠴᠡᠲᠡᠢ᠂ ᠨᠢᠭᠲᠠᠴᠠ ᠪᠥᠭᠡᠳ ᠬᠥᠳᠡᠯᠭᠡᠭᠡᠨᠲᠡᠢ᠂ ᠮᠠᠨᠧᠸᠷᠯᠠᠬᠤ ᠴᠢᠳᠠᠪᠤᠷᠢ ᠪᠠᠷ ᠢᠶᠠᠨ ᠣᠷᠣᠰ ᠤᠨ ᠠᠷᠮᠢ ᠳᠤ ᠪᠠᠭ᠎ᠠ ᠦᠭᠡᠢ ᠲᠥᠪᠡᠭ ᠤᠳᠤᠭᠰᠠᠨ ᠪᠠᠶᠢᠨ᠎ᠠ᠃ ᠮᠠᠮᠤᠶᠢᠨ ᠴᠡᠷᠢᠭ ᠢ ᠣᠶᠢᠷᠠᠳᠤᠨ ᠢᠷᠡᠭᠰᠡᠨ ᠦ ᠳᠠᠷᠠᠭ᠎ᠠ ᠡᠨᠡ ᠦᠶ᠎ᠡ ᠬᠦᠷᠲᠡᠯ᠎ᠡ ᠲᠣᠯᠣᠭᠠᠢ ᠶᠢᠨ ᠰᠡᠷᠭᠡᠶᠢᠯᠡᠬᠦ ᠶᠢᠨ ᠡᠩᠨᠡᠭᠡᠨ ᠳᠦ ᠶᠠᠪᠤᠭᠰᠠᠨ ᠳᠮᠢᠲ᠋ᠷᠢ ᠸᠠᠩ ᠤᠭ ᠠᠩᠭᠢ ᠪᠠᠨ ᠣᠷᠬᠢᠨ᠂ ᠶᠡᠬᠡ ᠸᠠᠩ ᠤᠨ ᠲᠤᠭ ᠤᠨ ᠳᠣᠣᠷ᠎ᠠ ᠦᠯᠡᠳᠡᠵᠦ ᠪᠠᠶᠢᠯᠳᠤᠬᠤ ᠪᠠᠷ ᠪᠣᠯᠤᠭᠰᠠᠨ ᠮᠬᠤᠢᠯ ᠠᠨᠳᠠᠷᠸᠢᠴ ᠪᠷᠧᠨ᠋ᠺ ᠲᠡᠢ ᠮᠣᠷᠢ᠂ ᠬᠤᠪᠴᠠᠰᠤ ᠪᠠᠨ ᠰᠣᠯᠢᠶ᠎ᠠ ᠳᠤ ᠭᠣᠣᠯ ᠬᠦᠴᠦ ᠷᠦᠦ ᠪᠡᠨ ᠪᠤᠴᠠᠭᠰᠠᠨ ᠪᠠᠶᠢᠨ᠎ᠠ᠃ ᠲᠡᠷᠡ ᠪᠡᠷ ᠴᠡᠷᠢᠭ ᠢᠶᠡᠨ ᠭᠠᠷᠳᠠᠨ ᠵᠣᠬᠢᠶᠠᠨ ᠪᠠᠶᠢᠭᠤᠯᠵᠤ᠂ ᠵᠢᠭ᠌ᠰᠠᠭᠠᠯ ᠤᠨ ᠴᠡᠷᠢᠭ ᠦᠨ ᠬᠤᠪᠢᠶᠠᠷᠢ ᠲᠤᠯᠤᠯᠳᠤᠭᠠᠨ ᠳᠤ ᠣᠷᠣᠯᠴᠠᠭᠰᠠᠨ ᠪᠥᠭᠡᠳ ᠨᠡᠷ᠎ᠡ ᠨᠢ ᠦᠯᠦ ᠮᠡᠳᠡᠭᠳᠡᠬᠦ ᠨᠢᠭᠡᠨ ᠵᠠᠩᠵᠤᠨ ᠳᠤ ᠤᠳᠤᠷᠢᠳᠤᠯᠭ᠎ᠠ ᠪᠠᠨ ᠬᠡᠯᠪᠡᠷᠢ ᠶᠢᠨ ᠲᠡᠳᠦᠢ ᠰᠢᠯᠵᠢᠭᠦᠯᠪᠡ᠃ ᠶᠡᠬᠡ ᠸᠠᠩ ᠳᠮᠢᠲ᠋ᠷᠢ ᠡᠶᠢᠨᠬᠦᠦ ᠵᠢᠭ᠌ᠰᠠᠭᠠᠯ ᠤᠨ ᠴᠡᠷᠢᠭ ᠦᠨ ᠬᠤᠪᠢᠶᠠᠷᠢ ᠲᠤᠯᠤᠯᠳᠤᠭᠠᠨ ᠳᠤ ᠣᠷᠣᠯᠴᠠᠭᠰᠠᠨ ᠢ ᠲᠠᠶᠢᠯᠪᠤᠷᠢᠯᠠᠬᠤ ᠨᠢᠭᠡ ᠰᠢᠯᠲᠠᠭᠠᠨ ᠪᠠᠶᠢᠳᠠᠭ ᠨᠢ ᠲᠤᠯᠤᠯᠳᠤᠭᠠᠨ ᠤ ᠶᠠᠪᠤᠴᠠ ᠳᠤ ᠲᠤᠰᠢᠶᠠᠯ ᠦᠭᠡᠢ ᠪᠡᠷ ᠤᠬᠤᠷᠠᠭᠰᠠᠳ ᠢ ᠰᠢᠭᠤᠳ ᠴᠠᠭᠠᠵᠠᠯᠠᠵᠤ᠂ ᠳᠢᠭ ᠵᠢᠷᠤᠮ ᠢ ᠰᠠᠬᠢᠭᠤᠯᠬᠤ ᠶᠠᠪᠤᠳᠠᠯ ᠪᠠᠶᠢᠭᠰᠠᠨ ᠭᠡᠵᠦ ᠦᠵᠡᠳᠡᠭ᠃ ᠲᠡᠭᠦᠨᠴᠢᠯᠡᠨ ᠶᠡᠬᠡ ᠸᠠᠩ ᠴᠡᠷᠢᠭ ᠦᠳ ᠦᠨ ᠢᠶᠡᠨ ᠥᠮᠨᠣ ᠵᠢᠭ᠌ᠰᠠᠭᠠᠯ ᠤᠨ ᠴᠡᠷᠢᠭ ᠦᠨ ᠬᠤᠪᠢᠶᠠᠷᠢ ᠲᠤᠯᠤᠯᠳᠤᠭᠠᠨ ᠳᠤ ᠣᠷᠣᠯᠴᠠᠵᠤ᠂ ᠲᠡᠳᠡᠨ ᠦ ᠳᠠᠶᠢᠰᠤᠨ ᠢᠶᠠᠨ ᠳᠠᠷᠤᠬᠤ ᠢᠲᠡᠭᠡᠯ ᠢ ᠨᠡᠮᠡᠭᠳᠡᠭᠦᠯᠬᠦ ᠨᠢ ᠨᠡᠩ ᠴᠢᠬᠤᠯᠠ ᠪᠠᠶᠢᠴᠠᠢ᠃ ᠲᠡᠭᠦᠨ ᠦ ᠴᠢᠨᠠᠭᠰᠢᠳᠠ ᠠᠮᠢᠳᠤ ᠶᠠᠪᠤᠬᠤ ᠡᠰᠡᠬᠦ ᠨᠢ ᠡᠨᠡ ᠲᠤᠯᠤᠯᠳᠤᠭᠠᠨ ᠠᠴᠠ ᠬᠠᠷᠠᠭᠳᠠᠬᠤ ᠪᠠᠶᠢᠭᠰᠠᠨ ᠶᠠᠭᠤᠮ᠎ᠠ᠃ ᠳᠮᠢᠲ᠋ᠷᠢ ᠸᠠᠩ ᠤᠨ ᠴᠡᠷᠢᠭ ᠲᠤᠯᠤᠯᠳᠤᠭᠠᠨ ᠢ ᠡᠬᠢᠯᠡᠭᠦᠯᠵᠡᠢ᠃ ᠮᠠᠮᠤᠶᠢᠨ ᠬᠥᠩᠭᠡᠨ ᠮᠣᠷᠢᠨ ᠴᠡᠷᠢᠭ ᠣᠷᠣᠰ ᠤᠨ ᠴᠡᠷᠢᠭ ᠷᠦᠦ ᠤᠤᠯᠭᠠᠯᠠᠨ ᠳᠠᠭᠠᠷᠢᠵᠤ ᠬᠠᠷᠢᠭᠤ ᠳᠤ ᠨᠢ ᠣᠷᠣᠰ ᠤᠨ ᠶᠠᠪᠠᠭᠠᠨ ᠴᠡᠷᠢᠭ ᠰᠥᠷᠭᠦ ᠳᠠᠭᠠᠷᠢᠯᠲᠠ ᠳᠤ ᠣᠷᠣᠬᠤ ᠳᠤ ᠲᠠᠲ᠋ᠠᠷ ᠮᠣᠩᠭᠣᠯ ᠤᠨ ᠨᠤᠮᠤ ᠰᠤᠮᠤᠴᠢᠳ ᠰᠤᠮᠤᠨ ᠮᠥᠨᠳᠥᠷ ᠢᠶᠡᠷ ᠤᠭᠲᠤᠪᠠ᠃ ᠮᠠᠮᠤᠶᠢᠨ ᠴᠡᠷᠢᠭ ᠺᠦᠶᠢᠯᠢᠺᠣᠸ ᠤᠨ ᠲᠠᠯ᠎ᠠ ᠶᠢᠨ ᠳᠠᠭᠠᠤ ᠳᠠᠪᠰᠢᠯᠲᠠ ᠳᠤ ᠣᠷᠣᠵᠤ ᠣᠷᠣᠰ ᠤᠨ ᠴᠡᠷᠢᠭ ᠦᠨ ᠬᠠᠷᠠᠭᠤᠯ ᠤᠨ ᠬᠣᠷᠢᠶ᠎ᠠ ᠶᠢ ᠲᠡᠷᠢᠭᠦᠨ ᠦ ᠬᠣᠷᠢᠶ᠎ᠠ ᠳᠤ ᠬᠦᠷᠲᠡᠯ᠎ᠡ ᠨᠢ ᠤᠬᠤᠷᠢᠭᠠᠵᠤ ᠡᠨᠡ ᠦᠶ᠎ᠡ ᠳᠦ ᠮᠠᠮᠤᠢ ᠨᠥᠭᠡᠴᠡ ᠶᠢᠨ ᠮᠣᠷᠢᠨ ᠴᠡᠷᠢᠭ ᠢᠶᠡᠨ ᠲᠤᠯᠤᠯᠳᠤᠭᠠᠨ ᠳᠤ ᠣᠷᠣᠭᠤᠯᠤᠭᠰᠠᠨ ᠨᠢ ᠣᠷᠣᠰ ᠤᠨ ᠴᠡᠷᠢᠭ ᠦᠨ ᠵᠡᠭᠦᠨ ᠵᠢᠭᠦᠷ ᠢ ᠰᠡᠲᠡᠯᠵᠦ᠂ ᠳᠣᠩ ᠮᠥᠷᠡᠨ ᠪᠣᠯᠤᠨ ᠪᠠᠶᠢᠯᠳᠤᠵᠤ ᠪᠠᠶᠢᠭ᠎ᠠ ᠣᠷᠣᠰ ᠤᠨ ᠴᠡᠷᠢᠭ ᠦᠨ ᠠᠷᠤ ᠲᠠᠯ᠎ᠠ ᠳᠤ ᠭᠠᠷᠤᠭᠰᠠᠨ ᠢᠶᠠᠷ ᠲᠡᠳᠡᠨ ᠦ ᠪᠠᠷᠠᠭᠤᠨ ᠵᠢᠭᠦᠷ ᠡᠴᠡ ᠪᠤᠰᠤᠳ ᠬᠡᠰᠡᠭ ᠨᠢ ᠤᠬᠤᠷᠢᠯ᠎ᠠ᠃ ᠶᠡᠬᠡᠬᠡᠨ ᠬᠦᠴᠦ ᠭᠠᠷᠭᠠᠭᠰᠠᠨ ᠤ ᠡᠴᠦᠰ ᠲᠦ ᠣᠷᠣᠰ ᠤᠳ ᠲᠠᠲ᠋ᠠᠷ ᠮᠣᠩᠭᠣᠯᠴᠤᠳ ᠤᠨ ᠳᠣᠪᠲᠣᠯᠭ᠎ᠠ ᠶᠢ ᠲᠣᠭᠲᠠᠭᠠᠵᠤ᠂ ᠹᠷᠣᠨᠲ ᠪᠣᠯᠤᠨ ᠵᠢᠭᠦᠷ ᠡᠴᠡ ᠬᠣᠷᠢᠭᠯᠠᠨ ᠪᠠᠶᠢᠯᠳᠤᠵᠤ ᠡᠬᠢᠯᠡᠪᠡ᠃ ᠮᠠᠮᠤᠶᠢᠨ ᠴᠡᠷᠢᠭ ᠲᠤᠯᠤᠯᠳᠤᠭᠠᠨ ᠢᠶᠠᠨ ᠦᠷᠭᠦᠯᠵᠢᠯᠡᠭᠦᠯᠵᠦ᠂ ᠲᠣᠯᠣᠭᠠᠢ ᠶᠢᠨ ᠰᠡᠷᠭᠡᠶᠢᠯᠡᠬᠦ ᠠᠩᠭᠢ ᠶᠢ ᠨᠡᠶᠢᠲᠡ ᠳᠦ ᠨᠢ ᠰᠢᠬᠠᠭᠰᠠᠭᠠᠷ ᠭᠣᠣᠯ ᠬᠦᠴᠦ ᠷᠦᠦ ᠴᠥᠮᠥᠷᠡᠨ ᠤᠷᠤᠪᠠ᠃ ᠡᠨᠳᠡ ᠨᠡᠯᠢᠶᠡᠨ ᠤᠳᠠᠭᠠᠨ᠂ ᠰᠤᠨᠵᠢᠷᠠᠭᠰᠠᠨ ᠲᠤᠯᠤᠯᠳᠤᠭᠠᠨ ᠪᠣᠯᠵᠠᠢ᠃ ᠨᠢᠳᠦ ᠪᠡᠷ ᠦᠵᠡᠭᠰᠡᠨ ᠭᠡᠷᠡᠴᠢ ᠨᠦᠭᠦᠳ ᠪᠣᠯᠤᠨ ᠣᠨ ᠳᠠᠷᠠᠭᠠᠯᠠᠯ ᠤᠨ ᠪᠢᠴᠢᠭᠡᠴᠢᠳ ᠦᠨ ᠲᠡᠮᠳᠡᠭᠯᠡᠭᠰᠡᠨ ᠢᠶᠡᠷ ᠮᠠᠮᠤᠶᠢᠨ ᠮᠣᠷᠢᠨ ᠴᠡᠷᠢᠭ ᠦᠳ ᠲᠡᠢ ᠣᠷᠣᠰ ᠣᠷᠳ᠋ ᠍ ᠤᠨ ᠮᠠᠩᠯᠠᠢ ᠠᠩᠭᠢ ᠶᠢᠨ ᠬᠢᠨ ᠳᠠᠪᠴᠢᠭᠤᠬᠠᠨ ᠵᠠᠢ ᠳᠤ ᠠᠶᠤᠮᠰᠢᠭ ᠦᠭᠡᠭᠢ ᠪᠡᠷ ᠵᠢᠭᠤᠷᠠᠯᠳᠤᠨ ᠲᠤᠯᠤᠯᠳᠤᠭᠰᠠᠨ ᠪᠣᠭᠡᠳ ᠮᠣᠷᠢᠳ ᠬᠦᠮᠦᠨ ᠦ ᠬᠡᠦᠷᠡᠨ ᠳᠡᠭᠡᠭᠦᠷ ᠶᠠᠪᠤᠵᠤ ᠴᠢᠳᠠᠬᠤ ᠦᠭᠡᠢ ᠪᠣᠯᠵᠤ᠂ ᠴᠡᠪᠡᠷᠬᠡᠨ᠂ ᠰᠤᠯᠠ ᠭᠠᠵᠠᠷ ᠭᠡᠵᠦ ᠦᠭᠡᠢ ᠪᠣᠯᠵᠠᠢ᠃ ᠣᠷᠣᠰ ᠤᠳ ᠬᠡᠳᠦ ᠬᠡᠳᠦᠨ ᠤᠳᠠᠭ᠎ᠠ ᠪᠠᠶᠢᠯᠳᠤᠭᠠᠨ ᠤ ᠡᠮᠬᠢ ᠴᠡᠭᠴᠡ ᠪᠡᠨ ᠠᠯᠠᠳᠠᠬᠤ ᠶᠢᠨ ᠳᠠᠪᠠᠭᠠᠨ ᠳᠡᠭᠡᠷ᠎ᠡ ᠸᠯᠠᠳᠢᠮᠢᠷ ᠤᠨ ᠪᠣᠯᠤᠨ ᠰᠤᠵᠠᠳᠠᠯ ᠤᠨ ᠴᠡᠷᠢᠭ ᠦᠳ ᠦᠨ ᠰᠠᠬᠢᠯᠭ᠎ᠠ ᠪᠠᠲᠤ᠂ ᠬᠠᠲᠠᠭᠤᠵᠢᠯ ᠤᠨᠨ ᠠᠴᠢ ᠪᠠᠷ ᠳᠠᠶᠢᠰᠤᠨ ᠤ ᠪᠠᠨ ᠳᠣᠪᠲᠣᠯᠭ᠎ᠠ ᠶᠢ ᠨᠢᠴᠤᠭᠠᠵᠤ ᠪᠠᠶᠢᠪᠠ᠃

ᠲᠤᠯᠤᠯᠳᠤᠭᠠᠨ ᠤ ᠲᠡᠭᠦᠰᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ ᠤᠨ ᠵᠡᠭᠦᠨ ᠵᠢᠭᠦᠷ ᠦᠨ ᠴᠡᠷᠢᠭ ᠨᠡᠯᠢᠶᠡᠳ ᠴᠣᠬᠢᠭᠳᠠᠵᠤ᠂ ᠨᠧᠫᠣᠷ ᠲᠤᠸᠠ ᠭᠣᠣᠯ ᠬᠦᠷᠲᠡᠯ᠎ᠡ ᠲᠠᠲ᠋ᠠᠷ ᠮᠣᠩᠭᠣᠯᠴᠤᠳ ᠲᠤ ᠰᠢᠬᠠᠭᠳᠠᠵᠤ ᠡᠬᠢᠯᠡᠬᠦ ᠳᠦ ᠪᠣᠯᠤᠮᠵᠢ ᠲᠠᠢ ᠴᠠᠭ ᠢ ᠬᠦᠯᠢᠶᠡᠨ ᠪᠠᠶᠢᠭᠰᠠᠨ ᠵᠠᠩᠵᠤᠨ ᠪᠣᠪᠷᠣᠺ ᠸᠣᠯ ᠤᠨᠰᠺ ᠦ ᠪᠣᠯᠤᠨ ᠮᠣᠩᠭᠣᠯ ᠵᠠᠩᠵᠤᠳ ᠤᠨ ᠣᠲᠣᠨ ᠤ ᠴᠡᠷᠢᠭ ᠢᠶᠡᠨ ᠲᠤᠯᠤᠯᠳᠤᠭᠠᠨ ᠳᠤ ᠤᠷᠤᠭᠤᠯᠬᠤ ᠲᠤᠰᠢᠶᠠᠯ ᠥᠭᠴᠡᠢ᠃ ᠨᠥᠭᠡᠴᠡ ᠬᠦᠴᠦᠨ ᠦ ᠡᠨᠡᠬᠦ ᠮᠣᠷᠢᠨ ᠴᠡᠷᠢᠭ ᠦᠳ ᠮᠠᠮᠤᠶᠢᠨ ᠴᠡᠷᠢᠭ ᠦᠨ ᠭᠣᠣᠯ ᠬᠦᠴᠦᠩᠳᠡ ᠠᠷᠤ ᠲᠠᠯ᠎ᠠ ᠠᠴᠠ ᠨᠢ ᠭᠡᠨᠡᠳᠲᠡ ᠶᠢᠨ᠂ ᠬᠦᠴᠦᠲᠡᠢ ᠴᠣᠬᠢᠯᠲᠠ ᠥᠭᠭᠦᠭᠰᠡᠨ ᠢᠶᠡᠷ ᠣᠷᠣᠰ ᠤᠨ ᠠᠷᠮᠢ ᠶᠢᠨ ᠪᠠᠷᠠᠭᠤᠨ ᠵᠢᠭᠦᠷ ᠪᠣᠯᠤᠨ ᠭᠣᠣᠯ ᠬᠦᠴᠦ ᠳᠠᠪᠰᠢᠯᠲᠠ ᠳᠤ ᠣᠷᠣᠵᠤ᠂ ᠰᠢᠷᠦᠭᠦᠨ ᠲᠤᠯᠤᠯᠳᠤᠭᠠᠨ ᠪᠣᠯᠵᠠᠢ᠃ ᠮᠠᠮᠤᠶᠢᠨ ᠴᠡᠷᠢᠭ ᠦᠳ ᠡᠮᠬᠢ ᠴᠡᠭᠴᠡ ᠪᠡᠨ ᠠᠯᠳᠠᠵᠤ᠂ ᠤᠬᠤᠷᠢᠭᠰᠠᠨ ᠢᠶᠠᠷ ᠲᠤᠯᠤᠯᠳᠤᠭᠠᠨ ᠤ ᠶᠠᠪᠤᠴᠠ ᠳᠤ ᠦᠨᠳᠦᠰᠦᠨ ᠡᠷᠭᠢᠯᠲᠡ ᠭᠠᠷᠪᠠ᠃ ᠲᠤᠯᠤᠯᠳᠤᠭᠠᠨ ᠤ ᠶᠠᠪᠤᠴᠠ ᠶᠢ ᠠᠵᠢᠭᠯᠠᠵᠣ ᠪᠠᠶᠢᠭᠰᠠᠨ ᠮᠠᠮᠤᠢ ᠪᠠᠭᠠᠬᠠᠨ ᠬᠦᠴᠦ ᠪᠡᠨ ᠠᠪᠤᠨ ᠤᠬᠤᠷᠢᠭᠰᠠᠨ ᠪᠥᠭᠡᠳ ᠬᠦᠴᠦ ᠪᠡᠨ ᠳᠠᠬᠢᠨ ᠡᠮᠬᠢᠯᠡᠵᠦ᠂ ᠲᠤᠯᠤᠯᠳᠤᠭᠠᠨ ᠢ ᠦᠷᠭᠦᠯᠵᠢᠯᠡᠭᠦᠯᠬᠦ ᠭᠡᠰᠡᠨ ᠪᠣᠯᠪᠠᠴᠤ ᠨᠢᠭᠡᠨᠲᠡ ᠣᠷᠣᠶᠢᠳᠤᠭᠰᠠᠨ ᠪᠠᠶᠢᠴᠠᠢ᠃ ᠣᠷᠳᠣ-ᠣᠷᠣᠰ ᠤᠨ ᠨᠥᠭᠡᠴᠡ ᠬᠦᠴᠦᠨ ᠦ ᠴᠡᠷᠢᠭ ᠲᠠᠲ᠋ᠠᠷ ᠤᠳ ᠢ ᠺᠷᠠᠰᠢᠸᠠᠶ᠎ᠠ ᠮᠧᠴᠠ ᠭᠣᠣᠯ ᠬᠦᠷᠲᠡᠯ᠎ᠡ 50 ᠮᠣᠳᠣ ᠭᠠᠵᠠᠷ ᠨᠡᠬᠡᠨ ᠲᠤᠯᠤᠯᠳᠤᠵᠤ᠂ ᠣᠷᠣᠰ ᠤᠨ ᠲᠡᠦᠬᠡᠴᠢᠳ ᠦᠨ ᠪᠠᠬᠠᠷᠬᠠᠨ ᠪᠢᠴᠢᠭᠰᠡᠨ ᠢᠶᠡᠷ ᠲᠡᠳᠡᠨ ᠡᠴᠡ "ᠲᠣᠶᠢᠮᠣ ᠦᠭᠡᠢ ᠣᠯᠠᠨ ᠢ" ᠬᠢᠳᠤᠨ ᠤᠰᠠᠳᠬᠠᠵᠠᠢ᠃ ᠲᠤᠯᠤᠯᠳᠤᠭᠠᠨ ᠥᠨᠳᠥᠷᠯᠡᠬᠦ ᠳᠦ ᠮᠠᠮᠤᠢ ᠪᠠᠷᠤᠭ ᠪᠦᠬᠦ ᠴᠡᠷᠢᠭ ᠢᠶᠡᠨ ᠠᠯᠳᠠᠵᠤ᠂ ᠣᠷᠣᠰ ᠤᠨ ᠠᠷᠮᠢ ᠠᠴᠠ ᠳᠥᠩᠭᠡᠵᠢ 4 ᠮᠢᠩᠭ᠎ᠠ ᠬᠦᠷᠡᠬᠦ ᠲᠡᠢ ᠦᠭᠡᠶᠢᠲᠡᠢ ᠬᠦᠮᠦᠨ ᠦᠯᠡᠳᠡᠭᠰᠡᠨ ᠪᠠᠶᠢᠨ᠎ᠠ᠃ ᠮᠠᠰᠢ ᠣᠯᠠᠨ ᠬᠦᠮᠦᠨ ᠰᠢᠷᠬᠠᠲᠤᠭᠰᠠᠨ ᠤ ᠳᠣᠲᠣᠷ᠎ᠠ᠂ ᠶᠡᠬᠡ ᠸᠠᠩ ᠳᠮᠢᠲ᠋ᠷᠢ ᠥᠪᠡᠷ ᠢᠶᠡᠨ ᠬᠦᠨᠳᠦ ᠰᠢᠷᠬᠠᠲᠤᠵᠤ᠂ ᠲᠤᠯᠤᠯᠳᠤᠭᠠᠨ ᠤ ᠲᠠᠯᠠᠪᠤᠷ ᠠᠴᠠ ᠤᠬᠠᠭᠠᠨ ᠦᠭᠡᠢ ᠪᠠᠶᠢᠳᠠᠯ ᠲᠠᠢ ᠣᠯᠳᠠᠭᠰᠠᠨ ᠭᠡᠳᠡᠭ᠃ ᠯᠢᠲ᠋ᠣᠸ ᠤᠨ ᠸᠠᠩ ᠶᠠᠭᠠᠶᠢᠯᠠ ᠺᠦᠶᠢᠯᠢᠺᠣᠸ ᠤᠨ ᠲᠠᠯ᠎ᠠ ᠳᠤ 30-40 ᠺᠢᠯᠣᠮᠧᠲ᠋ᠷ ᠣᠶᠢᠷᠠᠳᠴᠤ ᠢᠷᠡᠭᠰᠡᠨ ᠴᠤ ᠮᠠᠮᠤᠶᠢᠨ ᠴᠡᠷᠢᠭ ᠢᠯᠠᠭᠳᠠᠭᠰᠠᠨ ᠢ ᠳᠠᠭᠤᠯᠠᠭᠠᠳ ᠡᠷᠭᠢᠨ ᠨᠤᠲᠤᠭ ᠪᠤᠴᠠᠵᠠᠢ᠃

ᠲᠤᠯᠤᠯᠳᠤᠭᠠᠨ ᠤ ᠦᠷ᠎ᠡ ᠳ᠋ᠦᠩ ᠪᠠ ᠬᠣᠶᠢᠰᠢ ᠪᠣᠯᠤᠭᠰᠠᠨ ᠦᠢᠯᠡ ᠶᠠᠪᠤᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡᠬᠦ ᠲᠤᠯᠤᠯᠳᠤᠭᠠᠨ ᠤ ᠳᠠᠷᠠᠭ᠎ᠠ ᠳᠠᠬᠢᠨ ᠬᠦᠴᠦ ᠪᠡᠨ ᠵᠤᠵᠠᠭᠠᠳᠬᠠᠵᠤ ᠡᠷᠭᠢᠨ ᠲᠤᠯᠤᠯᠳᠤᠬᠤ ᠪᠠᠷ ᠰᠢᠢᠳᠡᠭᠰᠡᠨ ᠮᠠᠮᠠᠢ ᠨᠤᠲᠤᠭ ᠪᠤᠴᠠᠵᠤ ᠣᠴᠢᠭᠰᠠᠨ ᠬᠣᠶᠢᠨ᠎ᠠ ᠨᠢ ᠬᠠᠭᠠᠨ ᠲᠤᠬᠤᠲᠠ ᠤᠰ ᠲᠡᠭᠦᠨ ᠷᠦᠦ ᠴᠡᠷᠢᠭᠯᠡᠨ ᠳᠣᠪᠲᠣᠯᠵᠠᠢ᠃ ᠲᠤᠯᠤᠯᠳᠤᠭᠠᠨ ᠡᠬᠢᠯᠡᠬᠦ ᠶᠢᠨ ᠡᠮᠦᠨ᠎ᠡ ᠮᠠᠮᠤᠶᠢᠨ ᠴᠡᠷᠢᠭ ᠦᠳ ᠲᠤᠬᠤᠲᠠ ᠤᠰᠳ ᠪᠠᠭᠤᠵᠤ ᠥᠭᠭᠦᠭᠰᠡᠨ ᠪᠠ ᠭᠡᠬᠦ ᠳᠦ ᠪᠡᠨ ᠥᠪᠡᠷᠰᠡᠳ ᠦᠨ ᠤᠳᠤᠷᠢᠳᠤᠭᠴᠢ ᠮᠠᠮᠠᠢ ᠠᠴᠠ ᠤᠷᠪᠠᠨ ᠳᠠᠶᠢᠰᠤᠨ ᠳᠤ ᠨᠢ ᠪᠠᠷᠢᠵᠤ ᠥᠭᠭᠦᠯ ᠦᠭᠡᠢ (ᠮᠣᠩᠭᠣᠯ ᠤᠨ ᠨᠢᠭᠤᠴᠠ ᠲᠣᠪᠴᠢᠶᠠᠨ ᠳᠤ ᠴᠤ ᠡᠶᠢᠮᠦ ᠲᠡᠦᠬᠡ ᠭᠠᠷᠳᠠᠭ᠃ ᠮᠣᠩᠭᠣᠯ ᠴᠡᠷᠢᠭ ᠦᠳ ᠤᠳᠤᠷᠢᠳᠤᠭᠴᠢ ᠪᠠᠨ ᠳᠠᠶᠢᠰᠤᠨ ᠳᠤ ᠨᠢ ᠪᠠᠷᠢᠵᠤ ᠥᠭᠳᠡᠭ ᠦᠭᠡᠢ ᠤᠯᠠᠮᠵᠢᠯᠠᠯ ᠲᠠᠢ) ᠲᠡᠭᠦᠨ ᠢ ᠵᠢᠭᠤᠲᠠᠭᠠᠯᠭᠠᠭᠰᠠᠨ ᠪᠠᠶᠢᠨ᠎ᠠ᠃ ᠺᠷ ᠤᠮ ᠷᠤ ᠵᠢᠭᠤᠲᠠᠭᠰᠠᠨ ᠮᠠᠮᠤᠢ ᠲᠡᠨᠳᠡ ᠥᠪᠡᠷ ᠦᠨ ᠬᠣᠯᠪᠣᠭᠠᠲᠠᠨ ᠭᠧᠨᠢᠡᠴᠦᠳ ᠲᠦ ᠠᠯᠠᠭᠳᠠᠵᠠᠢ᠃ ᠮᠠᠮᠤᠶᠢᠨ ᠬᠦᠦ ᠮᠠᠩᠰᠢᠷ ᠯᠢᠲ᠋ᠣᠪ ᠷᠤ ᠵᠢᠭᠤᠲᠠᠭᠰᠠᠨ ᠪᠠ ᠲᠡᠭᠦᠨ ᠦ ᠤᠳᠤᠮ ᠤᠨ ᠬᠢᠨᠨᠡᠷ᠎ᠡ ᠲᠡᠢ ᠢᠵᠠᠭᠤᠷᠲᠠᠨ ᠨᠤᠭᠤᠳ ᠪᠣᠯᠤᠭᠰᠠᠨ ᠪᠥᠭᠡᠳ ᠸᠠᠩ ᠬᠡᠷᠭᠡᠮ ᠢᠶᠡᠷ ᠱᠠᠩᠨᠠᠭᠳᠠᠭᠰᠠᠨ ᠭᠯᠢᠨᠰᠺ ᠦ ᠸᠠᠩ ᠤᠨ ᠭᠦᠨᠵᠡ ᠶᠡᠯᠠᠨ᠎ᠠ ᠮᠣᠰᠺᠸᠠ ᠶᠢᠨ ᠶᠡᠬᠡ ᠸᠠᠩ ᠸᠠᠰᠢᠯᠢᠢ III ᠍ ᠲᠠᠢ ᠭᠡᠷᠯᠡᠵᠦ ᠨᠢᠭᠡᠨ ᠬᠦᠦ ᠲᠥᠷᠦᠭᠦᠯᠦᠭᠰᠡᠨ ᠨᠢ ᠣᠷᠣᠰ ᠤᠨ ᠠᠩᠬᠠᠨ ᠤ ᠬᠠᠭᠠᠨ ᠪᠥᠭᠡᠳ ᠲᠡᠦᠬᠡᠨ ᠳᠦ ᠳᠣᠭᠰᠢᠨ ᠢᠸᠠᠩ ᠭᠡᠵᠦ ᠨᠡᠷᠡᠯᠡᠭᠳᠡᠭᠰᠡᠨ ᠬᠠᠭᠠᠨ ᠪᠢᠯᠡ᠃ ᠮᠣᠰᠺᠸᠠ ᠶᠢᠨ ᠸᠠᠩ ᠺᠧᠪ ᠦᠨ ᠦᠨᠡᠨ ᠠᠯᠳᠠᠷᠲᠠᠨ ᠤ ᠱᠠᠰᠢᠨ ᠤ ᠲᠡᠷᠢᠭᠦᠨ ᠢ ᠤᠷᠢᠭᠰᠠᠨ ᠢ ᠰᠤᠵᠠᠳᠠᠯ ᠤᠨ ᠬᠢᠨ ᠮᠣᠰᠺᠸᠠ ᠯᠢᠲ᠋ᠣᠪᠴᠢ ᠨᠤᠭᠤᠳ ᠤᠨ ᠬᠤᠤᠪᠢᠯᠳᠤᠭᠠᠨ ᠪᠣᠯᠵᠤ ᠪᠤᠢ ᠮᠡᠲᠦ ᠪᠡᠷ ᠮᠡᠳᠡᠭᠡᠯᠡᠵᠡᠢ᠃ ᠦᠨᠡᠨ ᠳᠦ ᠪᠡᠨ ᠪᠣᠯ ᠣᠷᠣᠰ ᠤᠨ ᠸᠠᠩᠭ᠎ᠠ ᠨᠤᠭᠤᠳ ᠤᠨ ᠵᠥᠷᠢᠴᠡᠯᠳᠦᠭᠡᠨ ᠭᠦᠨᠵᠡᠭᠡᠶᠢᠷᠡᠵᠦ ᠠᠯᠲᠠᠨ ᠣᠷᠳᠣ ᠶᠢᠨ ᠬᠠᠭᠠᠨ ᠳᠤ ᠠᠶ᠎ᠠ ᠲᠠᠯ᠎ᠠ ᠵᠠᠰᠠᠨ ᠨᠡᠷ᠎ᠡ ᠬᠦᠨᠳᠦ ᠣᠯᠵᠤ ᠠᠪᠬᠤ ᠭᠡᠵᠦ ᠨᠢᠭᠡ ᠶᠢ ᠪᠡᠨ ᠮᠠᠲᠠᠭᠰᠠᠨ ᠬᠡᠷᠡᠭ ᠪᠠᠶᠢᠴᠠᠢ᠃ ᠲᠡᠷᠡ ᠦᠶ᠎ᠡ ᠶᠢᠨ ᠠᠯᠲᠠᠨ ᠣᠷᠳᠣ ᠶᠢᠨ ᠬᠠᠭᠠᠨ ᠤ ᠵᠥᠪᠰᠢᠶᠡᠷᠡᠭᠰᠡᠨ ᠸᠠᠩ ᠯᠠ ᠣᠷᠣᠰ ᠤᠨ ᠶᠡᠬᠡ ᠸᠠᠩ ᠢᠶᠠᠷ ᠲᠣᠮᠢᠯᠠᠭᠳᠠᠳᠠᠭ ᠪᠠᠶᠢᠴᠠᠢ᠃ ᠡᠭᠦᠨ ᠳᠦ ᠳᠤᠷᠠᠭᠦᠶᠢᠴᠡᠭᠰᠡᠨ ᠲᠤᠬᠤᠲᠠ ᠤᠰ ᠮᠣᠰᠺᠸᠠᠭ ᠰᠤᠷᠭᠠᠵᠤ ᠥᠭᠬᠦ ᠪᠡᠷ ᠬᠥᠳᠡᠯᠦᠯ᠎ᠡ᠃ 1382 ᠣᠨ ᠤ 8 ᠍ ᠳᠦᠭᠡᠷ ᠰᠠᠷ᠎ᠠ ᠶᠢᠨ 12 ᠍ ᠳᠦ ᠲᠠᠲ᠋ᠠᠷ ᠤᠨ ᠴᠡᠷᠢᠭ ᠦᠳ ᠮᠣᠰᠺᠸᠠ ᠳᠤ ᠣᠶᠢᠷᠠᠳᠤᠨ ᠢᠷᠡᠬᠦ ᠳᠦ ᠲᠤᠬᠤᠲᠠ ᠤᠰᠢ ᠶᠢᠨ ᠰᠤᠷᠠᠭ ᠢᠶᠠᠷ ᠮᠣᠰᠺᠸᠠ ᠶᠢᠨ ᠸᠠᠩ ᠶᠠᠭᠠᠷᠠᠯᠲᠠᠢ ᠬᠣᠲᠠ ᠪᠠᠨ ᠣᠷᠬᠢᠨ ᠶᠠᠪᠤᠪᠠ᠃ ᠤᠭ ᠨᠢ ᠮᠣᠰᠺᠸᠠ ᠶᠢᠨ ᠸᠠᠩ ᠣᠷᠣᠰ ᠤᠨ ᠪᠤᠰᠤᠳ ᠸᠠᠩᠭ᠎ᠠ ᠨᠤᠭᠤᠳ ᠠᠴᠠ ᠲᠤᠰᠠᠯᠠᠮᠵᠢ ᠬᠦᠰᠡᠭᠰᠡᠨ ᠪᠣᠯᠪᠠᠴᠤ ᠲᠡᠭᠦᠨ ᠦ ᠲᠥᠯᠥᠭᠡ ᠮᠣᠩᠭᠣᠯᠴᠤᠳ ᠲᠠᠢ ᠪᠠᠶᠢᠯᠳᠤᠬᠤ ᠵᠣᠷᠢᠭᠲᠠᠨ ᠣᠯᠳᠠᠭᠰᠠᠨ ᠦᠭᠡᠢ᠃ ᠡᠨᠡ ᠨᠢ ᠴᠤ ᠦᠨᠡᠨ ᠳᠦ ᠪᠡᠨ ᠳᠮᠢᠲ᠋ᠷᠢ ᠲᠤᠬᠤᠲᠠ ᠤᠰ ᠬᠣᠶᠠᠷ ᠤᠨ ᠵᠡᠷᠭᠡ ᠴᠢᠨᠰᠠᠭ᠎ᠠ ᠶᠢ ᠬᠠᠷᠠᠭᠤᠯᠵᠤ ᠪᠤᠢ ᠪᠠᠷᠢᠮᠲᠠ ᠪᠥᠭᠡᠳ ᠡᠵᠡᠨ ᠬᠠᠭᠠᠨ ᠳᠤ ᠪᠠᠨ ᠲᠡᠷᠰᠯᠡᠭᠴᠢ ᠶᠢ ᠳᠡᠮᠵᠢᠬᠦ ᠣᠷᠣᠰ ᠸᠠᠩ ᠪᠠᠶᠢᠭᠰᠠᠨ ᠦᠭᠡᠢ᠃ ᠲᠤᠬᠤᠲᠠ ᠤᠰ ᠨᠢᠭᠡᠨᠲᠡ ᠡᠵᠡᠨ ᠨᠢ ᠣᠷᠬᠢᠨ ᠶᠠᠪᠤᠭᠰᠠᠨ ᠬᠣᠲᠠ ᠶᠢ ᠪᠥᠰᠡᠯᠡᠨ ᠬᠠᠭᠠᠭᠠᠳ ᠬᠠᠷᠢᠨ ᠭᠠᠳᠠᠭᠰᠢ ᠪᠠᠨ ᠭᠠᠷᠴᠤ ᠶᠠᠪᠤᠭᠰᠠᠳ ᠲᠤ ᠰᠠᠭᠠᠳ ᠬᠢᠭᠰᠡᠨ ᠦᠭᠡᠢ᠃ ᠮᠣᠰᠺᠸᠠ ᠶᠢᠨ ᠸᠠᠩ ᠠᠴᠠ ᠶᠠᠯ᠎ᠠ ᠠᠰᠠᠭᠤᠬᠤ ᠪᠠᠷ ᠢᠷᠡᠭᠰᠡᠨ ᠪᠣᠯᠬᠤ ᠠᠴᠠ ᠠᠷᠠᠳ ᠢᠷᠭᠡᠳ ᠨᠢ ᠪᠣᠯ ᠭᠡᠮ ᠦᠭᠡᠢ᠂ ᠤᠭ ᠠᠴᠠ ᠪᠠᠨ ᠥᠪᠡᠷᠰᠡᠳ ᠦᠨ ᠨᠢ ᠬᠠᠷᠢᠶᠠᠨ ᠤ ᠠᠯᠪᠠᠲᠤ ᠢᠷᠭᠡᠳ ᠪᠣᠯᠬᠣᠷ ᠠᠯᠠᠵᠤ ᠬᠢᠳᠤᠭᠠᠳ ᠪᠠᠶᠢᠬᠤ ᠱᠠᠭᠠᠷᠳᠠᠯᠭ᠎ᠠ ᠦᠭᠡᠢ ᠭᠡᠵᠦ ᠨᠡᠶᠢᠭᠦᠯᠦᠭᠰᠡᠨ ᠦᠭᠡᠢ ᠪᠡᠷ ᠦᠵᠡᠳᠡᠭ ᠪᠠᠶᠢᠭᠰᠠᠨ ᠶᠤᠮ᠃ ᠬᠣᠳᠠ ᠳᠤ ᠠᠷᠢᠬᠢᠳᠠᠨ ᠵᠤᠭᠠᠯᠠᠵᠤ ᠪᠠᠶᠢᠭᠰᠠᠨ ᠮᠣᠰᠺᠸᠠᠴᠤᠳ ᠲᠠᠲ᠋ᠠᠷ ᠲᠠᠢ ᠨᠠᠶᠢᠷᠠᠮᠳᠠᠬᠤ ᠪᠠᠷ ᠰᠢᠢᠳᠴᠦ ᠬᠣᠲᠠ ᠶᠢᠨ ᠬᠡᠷᠡᠮᠦᠨ ᠦ ᠬᠠᠭᠠᠯᠭ᠎ᠠ ᠪᠠᠨ ᠣᠩᠭᠣᠶᠢᠯ­ᠭᠣᠬᠠᠳᠠᠭ᠎ᠠ ᠨᠠᠶᠢᠳᠠᠪᠤᠷᠢᠲᠠᠢ ᠬᠠᠮᠠᠭᠠᠯᠠᠯᠲᠠ ᠲᠠᠯᠪᠢᠬᠤ ᠪᠠᠨ ᠮᠠᠷᠲᠠᠵᠠᠢ᠃ ᠢᠩᠭᠢᠭᠡᠳ ᠲᠡᠳᠡ ᠬᠣᠳᠠ ᠳᠤ ᠨᠡᠪᠲᠡᠷᠡᠨ ᠣᠷᠣᠵᠤ ᠮᠣᠰᠺᠸᠠᠭ ᠡᠵᠡᠯᠡᠨ ᠠᠪᠴᠤ ᠲᠣᠨᠣᠵᠠᠢ᠃ ᠳᠮᠢᠲ᠋ᠷᠢᠭᠢᠭ ᠦᠨ ᠣᠷᠣ ᠶᠢ ᠵᠠᠯᠭᠠᠮᠵᠢᠯᠠᠬᠤ ᠪᠠᠷ ᠲᠤᠧᠷ ᠤᠨ ᠸᠠᠩ ᠮᠠᠬᠠᠶᠢᠯ ᠠᠯᠧᠺᠰᠠᠨᠳᠠᠷᠪᠢᠴ ᠰᠠᠨᠠᠭᠠᠷᠬᠠᠭᠰᠠᠨ ᠪᠣᠯᠪᠠᠴᠤ ᠲᠤᠬᠤᠲᠠ ᠤᠰ ᠬᠦᠯᠢᠶᠡᠨ ᠵᠥᠪᠰᠢᠶᠡᠷᠡᠭᠰᠡᠨ ᠦᠭᠡᠢ᠃ ᠢᠩᠭᠢᠭᠡᠳ ᠳᠮᠢᠲ᠋ᠷᠢ ᠢᠴᠢᠭᠦᠷᠢᠲᠡᠢ ᠪᠡᠷ ᠥᠪᠡᠷ ᠦᠨ ᠬᠦᠦ ᠸᠠᠰᠢᠯ ᠢ ᠲᠤᠬᠤᠲᠠ ᠤᠰᠲ ᠶᠠᠪᠤᠭᠤᠯᠤᠭᠰᠠᠨ ᠢᠶᠠᠷ ᠲᠡᠭᠦᠨ ᠦ ᠶᠡᠬᠡ ᠸᠠᠩ ᠤᠨ ᠡᠷᠬᠡ ᠶᠢ ᠰᠡᠷᠭᠦᠭᠡᠨ᠂ ᠸᠠᠰᠢᠯᠢᠢ ᠨᠢ ᠲᠤᠬᠤᠲᠠ ᠤᠰᠢ ᠶᠢᠨ ᠳᠡᠷᠭᠡᠳᠡ ᠪᠠᠷᠢᠴᠠᠭᠠᠨ ᠳᠤ ᠪᠠᠶᠢᠬᠤ ᠪᠣᠯᠵᠠᠢ᠃ ᠦᠨᠡᠨ ᠳᠦ ᠪᠡᠨ ᠪᠣᠯ ᠮᠣᠰᠺᠸᠠ ᠶᠢᠨ ᠸᠠᠩ ᠳᠮᠢᠲ᠋ᠷᠢ ᠢᠸᠠᠨᠨᠣᠸᠢᠴᠢ ᠶᠢᠨ ᠰᠤᠤ ᠠᠯᠳᠠᠷ᠂ ᠲᠡᠭᠦᠨ ᠦ ᠳᠣᠩᠰᠺ ᠦ ᠭᠡᠳᠡᠭ ᠴᠣᠯᠠ ᠨᠢ ᠡᠨᠡᠬᠦ ᠲᠤᠯᠤᠯᠳᠤᠭᠠᠨ ᠠᠴᠠ ᠪᠦᠷ ᠬᠣᠵᠢᠮ 16-17 ᠍ ᠳᠦᠭᠡᠷ ᠵᠠᠭᠤᠨ ᠳᠤ ᠯᠠ ᠭᠠᠷᠴᠤ ᠢᠷᠡᠵᠡᠢ᠃ ᠲᠤᠬᠠᠢ ᠶᠢᠨ ᠦᠶ᠎ᠡ ᠶᠢᠨ ᠲᠡᠦᠬᠡᠨ ᠪᠢᠴᠢᠭ ᠲᠦ ᠡᠨᠡ ᠲᠤᠯᠤᠭᠠᠨ ᠤ ᠲᠤᠬᠠᠢ ᠨᠢᠭᠡ ᠶᠡᠬᠡ ᠪᠢᠴᠢᠳᠡᠭ ᠦᠭᠡᠢ ᠪᠠᠶᠢᠴᠠᠢ᠃ ᠪᠦᠬᠦ ᠣᠷᠣᠰ ᠤᠨ ᠠᠩᠬᠠᠨ ᠤ ᠬᠠᠭᠠᠨ ᠢᠸᠠᠩ III ᠍ ᠳᠦ ᠤᠯᠤᠰ ᠢ ᠨᠢᠭᠡᠳᠬᠡᠨ ᠵᠠᠩᠭᠢᠳᠬᠤ ᠨᠡᠷ᠎ᠡ ᠬᠦᠨᠳᠦ ᠬᠡᠷᠡᠭᠲᠡᠢ ᠪᠣᠯᠵᠠᠢ᠃ ᠡᠭᠦᠨ ᠢ ᠪᠡᠨ ᠴᠤ ᠣᠯᠤᠯ᠎ᠠ᠃ 1480 ᠣᠨ ᠳᠤ ᠶᠡᠬᠡ ᠸᠠᠩ ᠲᠠᠲ᠋ᠠᠷ ᠤᠳ ᠲᠠᠢ ᠡᠴᠦᠰ ᠦᠨ ᠲᠣᠭᠠᠴᠠᠭ᠎ᠠ ᠪᠣᠳᠣᠬᠤ ᠪᠠᠷ ᠬᠥᠳᠡᠯᠬᠦ ᠶᠢᠨ ᠡᠮᠦᠨ᠎ᠡ ᠷᠣᠰᠲ᠋ᠣᠸ ᠤᠨ ᠶᠡᠬᠡ ᠯᠠᠮᠠᠲᠠᠨ ᠸᠠᠰᠰᠢᠨ „ᠡᠪᠦᠭᠡ ᠡᠴᠢᠭᠡ ᠳᠮᠢᠲ᠋ᠷᠢᠭᠢᠭ ᠦᠨ ᠠᠯᠳᠠᠷ ᠤᠨ ᠵᠠᠮ ᠢᠶᠠᠷ ... ᠭᠠᠢ ᠲᠠᠢ „ᠴᠢᠨᠤᠨ ᠮᠠᠮᠤᠶᠢᠨ" ᠡᠰᠡᠷᠬᠦ ᠬᠡᠮᠡᠨ ᠪᠢᠴᠢᠵᠡᠢ᠃ ᠴᠤᠬᠤᠮ ᠡᠨᠡ ᠦᠶᠡᠰ ᠮᠠᠮᠤᠶᠢᠨ ᠲᠤᠯᠤᠯᠳᠤᠭᠠᠨ ᠤ ᠲᠤᠬᠠᠢ ᠳᠣᠮᠣᠭ ᠡᠭᠦᠰᠴᠡᠢ᠃ ᠲᠡᠷᠡ ᠦᠶ᠎ᠡ ᠶᠢᠨ ᠣᠷᠣᠰ ᠤᠨ ᠣᠷᠣᠰᠢᠨ ᠰᠠᠭᠤᠭᠴᠢᠳ ᠤᠨ ᠲᠣᠭ᠎ᠠ᠂ ᠲᠤᠯᠤᠯᠳᠤᠭᠠᠨ ᠪᠣᠯᠤᠭᠰᠠᠨ ᠭᠠᠵᠠᠷ ᠨᠤᠲᠤᠭ ᠢ ᠬᠠᠷᠢᠴᠠᠭᠤᠯᠵᠤ ᠦᠵᠡᠬᠦ ᠳᠦ ᠬᠡᠳᠦᠨ ᠵᠠᠭᠤᠨ ᠮᠢᠩᠭᠠᠨ ᠴᠡᠷᠢᠭ ᠭᠠᠷᠭᠠᠬᠤ ᠴᠤ ᠪᠣᠯᠤᠮᠵᠢ ᠦᠭᠡᠢ᠂ ᠭᠠᠷᠭᠠᠯ᠎ᠠ ᠭᠡᠬᠦ ᠳᠦ ᠲᠡᠨᠳᠡ ᠪᠠᠶᠢᠯᠳᠤᠬᠤ ᠲᠠᠯᠠᠪᠠᠢ ᠴᠤ ᠪᠠᠶᠢᠬᠤ ᠦᠭᠡᠢ ᠠᠵᠢ᠃ ᠶᠡᠷᠦ ᠨᠢ ᠲᠡᠨᠳᠡ ᠭᠤᠴᠢᠭᠠᠳ ᠮᠢᠩᠭᠠᠨ ᠴᠡᠷᠢᠭ ᠯᠠ ᠬᠣᠶᠠᠷ ᠲᠠᠯ᠎ᠠ ᠠᠴᠠ ᠪᠠᠶᠢᠯᠳᠤᠭᠰᠠᠨ ᠭᠡᠵᠦ ᠲᠠᠭᠠᠮᠠᠭᠯᠠᠳᠠᠭ᠃ ᠶᠠᠭ ᠦᠨᠡᠨ ᠳᠦ ᠪᠡᠨ ᠨᠥᠭᠥᠭᠡ ᠠᠯᠳᠠᠷᠲᠤ ᠣᠲᠣᠭᠠᠨ ᠳᠤ ᠪᠠᠶᠢᠭᠰᠠᠨ ᠬᠣᠷᠤᠭ᠎ᠠ ᠬᠠᠮᠢᠭ᠎ᠠ ᠪᠠᠶᠢᠷᠢᠯᠠᠵᠤ ᠪᠠᠶᠢᠭᠰᠠᠨ ᠢ ᠣᠳᠣ ᠴᠤ ᠲᠣᠭᠲᠠᠭᠠᠵᠤ ᠴᠢᠳᠠᠭ᠎ᠠ ᠦᠭᠡᠢ ᠯᠠ ᠪᠠᠶᠢᠭ᠎ᠠ ᠭᠡᠨ᠎ᠡ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠦᠶᠢᠯᠢᠺᠣᠸ ᠤᠨ ᠲᠠᠯ᠎ᠠ (1890 ᠣᠨ). ᠢ᠃ᠰ᠃ ᠪᠯᠢᠨᠠᠪ᠃

ᠲᠡᠦᠬᠡᠨ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠢᠶᠠᠷᠤᠯ ᠪᠦᠬᠦᠢ ᠲᠤᠯᠤᠭᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Janet Martin, Medieval Russia 980-1584, (Cambridge University Press, 1996), 214.
  2. ᠷᠠᠽᠢᠨ ᠶᠡ᠃᠎ᠠ᠃ ᠢᠰᠲ᠋ᠣᠷᠢᠶ᠎ᠠ ᠸᠣᠧᠨᠠᠭ ᠢᠰᠺᠦ᠋ᠰᠳᠪᠠ VI — XVI ᠸᠪ᠃ ᠰ᠃-ᠫᠪ᠃: ООО «ᠢᠰᠲᠠᠲ᠋ᠧᠯᠰᠳᠪᠠ ᠫᠣᠯᠢᠭᠠᠨ»᠂ 1999. — 656 ᠰᠧᠺᠦᠶᠢᠨᠳ᠋. ᠲᠢᠷᠴᠤ 7000 ᠡᠺᠽ᠃ ISBN 5-89173-040-5 (VI — XVI ᠸᠪ᠃). ISBN 5-89173-038-3. (ᠸᠣᠧᠨᠨᠣ ᠢᠰᠲ᠋ᠣᠷᠢᠴᠧᠰᠺᠠᠶ᠎ᠠ ᠪᠢᠪᠯᠢᠣᠲ᠋ᠧᠺᠠ)[1]
  3. 3.0 3.1 L. Podhorodecki, Kulikowe Pole 1380, Warszawa 2008, s. 106
  4. ᠺᠠᠷᠨᠠᠼᠧᠸᠢᠴ ᠸ᠃ ᠯᠠ᠃ 100 ᠽᠨᠮᠧᠨᠢᠲ ᠤ ᠬᠢ ᠰᠷᠠᠵᠧᠨ ᠦ᠃ — ᠬᠠᠷᠢᠺᠣᠸ᠃, 2004. - ᠰᠲ᠋ᠷ᠃ 139
  5. ᠮᠧᠷᠨᠢᠺᠣᠸ᠎ᠠ᠃ ᠭ᠃, ᠰᠫᠧᠺᠲ᠋ᠣᠷ᠎ᠠ᠃᠎ᠠ᠃ ᠸᠰᠧᠮᠢᠷᠨᠠᠶ᠎ᠠ ᠢᠰᠲ᠋ᠣᠷᠢᠶ᠎ᠠ ᠸᠣᠢ ᠶᠢᠨ᠃ — ᠮᠢᠨᠰᠺ᠃, 2005.
ᠸᠢᠭᠮᠧᠳᠢᠶᠠ ᠵᠢᠷᠤᠭ ᠤᠨ ᠰᠠᠩ:
«ᠺᠦᠶᠢᠯᠢᠺᠣᠸ ᠤᠨ ᠲᠤᠯᠤᠯᠳᠤᠭᠠᠨ»

53°39.15′N 38°39.21′E / 表达式错误:未预料的<操作符 表达式错误:未预料的<操作符 / 表达式错误:未预料的<操作符; 表达式错误:未预料的<操作符

ᠪᠢᠴᠢᠭᠡᠰᠦ